ᠴᠠᠭᠠᠨ ᠰᠠᠷ᠎ᠠ ᠮᠢᠨᠢ ᠭᠡᠷᠡᠯᠳᠤᠨ ᠠᠢ᠌ᠰᠤᠢ

ᠣᠳᠤᠳ ᠤᠨ ᠴᠠᠭᠠᠨ ᠴᠡᠮᠴᠡᠭᠡᠨᠡᠭᠡᠨ ᠢ

ᠵᠡᠭᠦᠳᠤ ᠶᠢ ᠣᠶᠠᠩᠭ᠋ᠠᠷᠳᠠᠯ᠎ᠠ ᠰᠢᠷᠳᠠᠵᠤ

ᠣᠷᠴᠢᠯᠠᠩ ᠤᠨ ᠪᠠᠶᠠᠷ ᠭᠤᠨᠢᠭ ᠢ

ᠵᠢᠷᠦᠭᠡ ᠶᠢ ᠴᠡᠩᠭᠡᠷᠯᠡᠳᠡᠯ᠎ᠡ ᠰᠠᠨᠠᠵᠤ

ᠦᠵᠦᠭᠦᠷ ᠦᠭᠡᠶ ᠬᠤᠯᠠ ᠶᠢᠨ ᠠᠶᠠᠨ ᠤ ᠨᠡᠭᠦᠳᠡᠯ ᠰᠠᠨᠠᠨ

ᠥᠭᠡᠷ ᠳᠡᠷᠭᠡ ᠭᠡᠮᠡᠷ ᠴᠠᠭᠠᠨ ᠰᠠᠷ᠎ᠠ ᠮᠢᠨᠢ ᠦᠨᠳᠠᠯᠵᠠᠨ ᠰᠠᠭᠠᠳᠠᠨ᠎ᠠ᠃


ᠭᠡᠯᠡᠨ ᠤ ᠮᠢᠨᠢ ᠠᠪᠢᠶᠠᠨ ᠢ

ᠴᠠᠰᠤ ᠣᠶᠠᠷᠠᠳᠠᠯ᠎ᠠ ᠰᠠᠨᠠᠵᠤ

ᠠᠭᠤᠯᠠᠨ ᠤ ᠮᠢᠨᠢ ᠪᠠᠷ᠎ᠠ ᠶᠢ

ᠮᠠᠨᠠᠨ ᠢ ᠨᠢ ᠡᠪᠭᠡᠷᠳᠡᠯ᠎ᠡ ᠪᠣᠰᠬᠠᠵᠤ

ᠦᠷᠤ ᠵᠢᠷᠦᠭᠡᠨ ᠤ ᠪᠠᠨ ᠭᠡᠷᠡᠯ ᠶᠢᠡᠨ ᠠᠰᠠᠭᠠᠨ

ᠦᠨᠡᠨ ᠮᠦᠨ ᠶᠢᠡᠷ ᠴᠠᠭᠠᠨ ᠰᠠᠷ᠎ᠠ ᠮᠢᠨᠢ ᠨᠠᠷᠠ ᠰᠢᠭ ᠰᠠᠭᠠᠳᠠᠨ᠎ᠠ᠃


ᠰᠠᠷᠠᠨ ᠤ ᠨᠢᠭᠤᠴᠠ ᠭᠡᠷᠡᠯ ᠢ

ᠰᠠᠯᠭᠢᠨ ᠤ ᠠᠶ᠎ᠠ ᠪᠠᠷ ᠳᠠᠭᠤᠯᠠᠵᠤ

ᠰᠠᠳᠤᠨ ᠳᠦᠷᠤᠯ ᠤᠨ ᠣᠬᠠᠭᠠᠨ ᠢ

ᠰᠤᠶᠤᠯ ᠤᠨ ᠨᠠᠷ᠎ᠠ ᠪᠠᠷ ᠦᠨᠦᠰᠴᠤ

ᠠᠮᠢᠳᠤᠷᠠᠯ ᠤᠨ ᠣᠷ᠎ᠠ ᠣᠭᠭᠠᠨ ᠢ ᠳᠠᠭᠤᠳᠠᠨ

ᠠᠶᠠᠯᠭᠤ ᠨᠢ ᠳᠤᠯᠠᠭᠠᠨ ᠵᠠᠮ ᠤᠨ ᠨᠤᠭᠤᠯᠤᠭᠠᠰᠤ ᠳᠡᠨᠢ᠌ᠯᠭᠡᠨ ᠰᠭᠠᠳᠠᠨ᠎ᠠ



ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠳᠤᠮᠳᠠᠳᠤ ᠬᠤᠰᠢᠭᠤᠨ ᠤ ᠵᠡᠭᠦᠨ ᠳᠠᠪᠢᠨ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠡᠷᠳᠡᠨᠢᠪᠠᠭᠠᠨ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1530
ᠴᠠᠭ᠄ 2014 ᠤᠨ ᠤ 01 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁