ᠪᠠᠭ᠎ᠠ ᠰᠤᠷᠭᠠᠭᠤᠯᠢ ᠶᠢᠨ ᠭᠡᠯᠡ ᠪᠢᠴᠢᠭ᠌ ᠤᠨ ᠵᠢᠭᠠᠨ ᠰᠤᠷᠭᠠᠯᠳᠠ ᠳᠤ ᠴᠢᠳᠠᠪᠣᠷᠢ ᠶᠢᠨ ᠭᠦᠮᠦᠵᠢᠯ ᠢ ᠴᠢᠬᠤᠯᠠᠴᠢᠯᠠᠬᠤ ᠭᠡᠷᠡᠭ᠍ᠳᠡᠢ

ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠠᠪᠴᠤ ᠭᠡᠯᠡᠪᠠᠯ 《ᠰᠤᠨᠤᠰᠬᠤ᠂ ᠣᠩᠰᠢᠬᠤ᠂ ᠶᠠᠷᠢᠬᠤ᠂ ᠪᠢᠴᠢᠭᠦ》 ᠳᠦᠷᠪᠠᠨ ᠴᠢᠳᠠᠪᠣᠷᠢ ᠶᠢᠨ ᠭᠦᠮᠦᠵᠢᠯ ᠢ ᠭᠦᠡᠳᠦᠳᠭᠡᠨ ᠴᠢᠬᠤᠯᠠᠴᠢᠯᠠᠬᠤ ᠨᠢ ᠲᠤᠩ ᠴᠢᠬᠤᠯᠠ ᠪᠠᠢ᠌ᠳᠠᠭ᠃ ᠳᠡᠭᠡᠪᠠᠯ᠂ ᠣᠳᠤᠬᠠᠨ ᠳᠤ ᠮᠠᠨ ᠤ ᠣᠯᠤᠰ ᠶᠠᠭ ᠰᠠᠶ‍ᠢᠬᠠᠨ ᠭᠡᠪ ᠴᠢᠨᠠᠷ ᠤᠨ ᠰᠤᠷᠭᠠᠨ ᠭᠦᠮᠦᠵᠢᠯ ᠢ ᠦᠷᠨᠢᠭᠦᠯᠵᠤ ᠪᠣᠢ᠃ ᠳᠠᠷᠠ ᠨᠢ ᠳᠠᠷᠤᠢ ᠦᠨᠳᠦᠰᠦᠳᠠᠨ ᠣᠭᠰᠠᠭᠠᠳᠠᠨ ᠤ ᠰᠤᠶᠤᠯ ᠤᠨ ᠴᠢᠨᠠᠷ ᠴᠢᠠᠰᠠᠭ᠎ᠠ ᠶᠢ ᠳᠡᠭᠡᠭ᠍ᠰᠢᠯᠡᠭᠦᠯᠵᠤ᠂ ᠨᠡᠢ᠌ᠭᠡᠮ ᠤᠨ ᠭᠦᠭ᠍ᠵᠢᠯᠳᠡ ᠳᠤ ᠳᠤᠭᠢᠷᠠᠭᠰᠠᠨ᠂ ᠰᠤᠶᠤᠯ ᠮᠡᠳᠡᠯᠭᠡ ᠲᠡᠶ᠂ ᠪᠣᠯᠪᠠᠰᠤᠨ ᠰᠤᠷᠳᠠᠯ ᠲᠡᠶ ᠭᠦᠮᠤᠨ ᠢ ᠭᠦᠮᠦᠵᠢᠭᠦᠯᠭᠦ ᠶᠠᠪᠣᠳᠠᠯ ᠪᠣᠯᠤᠨ᠎ᠠ᠃ ᠭᠦᠮᠤᠨ ᠨᠢᠭᠡᠪᠦᠷᠢ ᠶᠢᠨ ᠭᠡᠪ ᠴᠢᠨᠠᠷ ᠢ ᠳᠡᠭᠡᠭ᠍ᠰᠢᠯᠡᠭᠦᠯᠦᠶ᠎ᠡ ᠭᠡᠪᠠᠯ ᠡᠷᠭᠡᠪᠰᠢ ᠰᠠᠭᠤᠷᠢ ᠰᠤᠷᠭᠠᠨ ᠭᠦᠮᠦᠵᠢᠯ ᠢ ᠰᠠᠢ᠌ᠳᠤᠷ ᠭᠢᠭᠦ ᠭᠡᠷᠡᠭ᠍ᠳᠡᠢ᠃ ᠮᠤᠩᠭ᠋ᠤᠯ ᠠᠷᠠᠤᠨ ᠤᠨ ᠰᠠᠴᠠᠨ ᠥᠭᠡᠨ ᠳᠤ 《ᠭᠦᠮᠤᠨ ᠪᠣᠯᠬᠤ ᠪᠠᠭ᠎ᠠ ᠡᠴᠡ ᠪᠠᠨ᠂ ᠭᠦᠯᠦᠭ᠌ ᠪᠣᠯᠬᠤ ᠣᠠᠨᠠᠭᠠᠨ ᠡᠴᠡ ᠪᠠᠨ》 ᠭᠡᠳᠡᠭ᠌ ᠶᠢᠡᠷ ᠪᠢᠳᠠ ᠦᠨᠳᠦᠰᠦᠳᠠᠨ ᠤ ᠪᠠᠨ ᠦᠷ᠎ᠡ ᠬᠡᠦᠬᠡᠳ ᠤᠨ ᠭᠡᠪ ᠴᠢᠨᠠᠷ ᠢ ᠳᠡᠭᠡᠭ᠍ᠰᠢᠯᠡᠭᠦᠯᠵᠤ᠂ ᠢᠷᠡᠭᠡᠳᠦᠢ ᠶᠢᠨ ᠴᠢᠳᠠᠪᠣᠷᠢᠳᠠᠨ ᠪᠣᠯᠭᠠᠶ᠎ᠠ ᠭᠡᠪᠠᠯ ᠡᠷᠭᠡᠪᠰᠢ ᠪᠠᠭ᠎ᠠ ᠰᠤᠷᠭᠠᠭᠤᠯᠢ ᠡᠴᠡ ᠡᠭᠢᠯᠡᠨ ᠭᠠᠷ ᠣᠷᠤᠵᠤ᠂ ᠪᠠᠳᠤ ᠪᠠᠭᠢ ᠰᠠᠭᠤᠷᠢ ᠶᠢ ᠳᠠᠯᠪᠢᠬᠤ ᠭᠡᠷᠡᠭ᠍ᠳᠡᠢ᠃ ᠭᠡᠯᠡ ᠪᠢᠴᠢᠭ᠌ ᠤᠨ ᠭᠢᠴᠢᠶᠠᠯ ᠪᠣᠯ ᠪᠠᠭᠠᠵᠢ ᠶᠢᠨ ᠴᠢᠨᠠᠷ ᠲᠡᠶ ᠭᠢᠴᠢᠶᠠᠯ ᠪᠣᠯᠬᠤ ᠣᠴᠢᠷ ᠭᠡᠯᠡ ᠪᠢᠴᠢᠭ᠌ ᠤᠨ ᠭᠢᠴᠢᠶᠠᠯ ᠤᠨ ᠦᠨᠳᠦᠰᠦᠨ ᠳᠦᠷᠪᠠᠨ ᠴᠢᠳᠠᠪᠣᠷᠢ ᠶᠢ ᠡᠷᠭᠡᠪᠰᠢ ᠭᠦᠡᠳᠦᠳᠭᠡᠨ ᠥᠵᠡᠭᠦ ᠭᠡᠷᠡᠭ᠍ᠳᠡᠢ ᠶᠤᠮ᠃ ᠳᠤᠤᠷ᠎ᠠ ᠪᠢ ᠭᠡᠯᠡ ᠪᠢᠴᠢᠭ᠌ ᠤᠨ ᠭᠢᠴᠢᠶᠠᠯ ᠳ᠋ᠠᠭᠢ ᠰᠤᠨᠤᠰᠬᠤ᠂ ᠣᠩᠰᠢᠬᠤ᠂ ᠶᠠᠷᠢᠬᠤ᠂ ᠪᠢᠴᠢᠭᠦ ᠴᠢᠳᠠᠪᠣᠷᠢ ᠶᠢ ᠭᠦᠮᠦᠵᠢᠭᠦᠯᠭᠦ ᠳᠤᠬᠠᠢ ᠳᠦᠭᠦᠮ ᠶᠠᠷᠢᠶ᠎ᠠ᠃

ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠠᠪᠴᠤ ᠭᠡᠯᠡᠪᠠᠯ᠂ ᠵᠦᠪ ᠰᠤᠨᠤᠰᠴᠤ ᠴᠢᠳᠠᠬᠤ ᠨᠢ ᠵᠦᠪ ᠠᠪᠢᠶᠠᠯᠠᠨ ᠣᠩᠰᠢᠬᠤ ᠪᠠ ᠶᠠᠷᠢᠬᠤ ᠶᠢᠨ ᠰᠠᠭᠤᠷᠢ ᠪᠣᠯᠤᠨ᠎ᠠ᠃ ᠭᠡᠳᠡᠯ᠎ᠡ ᠣᠯᠠᠩᠭᠢ ᠪᠠᠭᠰᠢ ᠨᠡᠷ ᠡᠨᠡᠭᠦ 《ᠰᠤᠨᠤᠰᠬᠤ ᠴᠢᠳᠠᠪᠣᠷᠢ》 ᠶ᠋ᠢ ᠶᠡᠭᠡ ᠭᠦᠩᠭᠡᠪᠴᠢᠯᠡᠨ ᠥᠵᠡᠳᠡᠭ᠌᠃ ᠰᠤᠨᠤᠰᠴᠤ ᠣᠢ᠌ᠯᠠᠭᠠᠬᠤ ᠦᠭᠡᠶ ᠪᠣᠯ ᠴᠢᠨᠠᠭᠰᠢᠳᠠ ᠰᠠᠳᠭᠢᠨ ᠪᠣᠳᠤᠯᠭᠢᠯᠠᠬᠤ ᠶᠠᠪᠣᠴᠠ ᠶᠠᠪᠣᠭᠳᠠᠵᠤ ᠴᠢᠳᠠᠬᠤ ᠦᠭᠡᠶ ᠶᠤᠮ᠃ ᠰᠤᠷᠤᠭᠴᠢᠳ ᠤᠨ ᠳᠠᠷᠢᠭᠢ ᠳᠤᠯᠤᠭᠠᠢ ᠵᠦᠪ ᠰᠤᠨᠤᠰᠬᠤ ᠰᠠᠷᠠᠯ ᠤᠨ ᠣᠢ᠌ᠯᠠᠳᠤᠯ ᠳᠤᠤᠷ᠎ᠠ ᠰᠠ‍‌ᠶᠢ ᠵᠦᠪ ᠰᠠᠳᠭᠢᠨ ᠪᠣᠳᠤᠬᠤ ᠶᠠᠪᠣᠴᠠ ᠡᠭᠢᠯᠡᠨ ᠶᠠᠪᠣᠭᠳᠠᠳᠠᠭ᠃ ᠰᠤᠷᠬᠤ ᠨᠠᠰᠤᠨ ᠡᠴᠡ ᠡᠮᠦᠨᠡᠭᠢ ᠬᠡᠦᠬᠡᠳ ᠤᠨ ᠠᠩᠭᠢ᠂ ᠨᠢᠭᠡᠳᠦᠭᠡᠷ᠂ ᠬᠤᠶᠠᠳᠤᠭᠠᠷ ᠣᠨ ᠤ ᠬᠡᠦᠬᠡᠳ ᠲᠤ ᠠᠪᠴᠤ ᠭᠡᠯᠡᠪᠠᠯ᠂ ᠣᠷᠢᠳᠠᠪᠠᠷ ᠵᠦᠪ ᠰᠤᠨᠤᠰᠴᠤ ᠣᠢ᠌ᠯᠠᠭᠠᠮᠵᠢᠨ ᠰᠠ‍‌ᠶᠢ ᠵᠦᠪ ᠣᠩᠰᠢᠬᠤ ᠪᠠ ᠶᠠᠷᠢᠵᠤ ᠴᠢᠳᠠᠬᠤ ᠪᠣᠯᠤᠨ᠎ᠠ᠃ ᠮᠠᠨ ᠤ ᠮᠤᠩᠭ᠋ᠤᠯ ᠭᠡᠯᠡᠨ ᠤ ᠠᠪᠢᠶ᠎ᠠ ᠨᠢ ᠣᠩᠰᠢᠬᠤ ᠳᠤ ᠢᠷᠠᠭᠤ ᠰᠠᠢ᠌ᠬᠠᠨ᠂ ᠡᠵᠡᠮᠰᠢᠭᠦ ᠳᠤ ᠭᠢᠯᠪᠠᠷ ᠣᠴᠢᠷ ᠪᠠᠭᠰᠢ ᠡᠴᠡ ᠵᠦᠪ ᠳᠤᠳᠤ ᠠᠪᠢᠶᠠᠯᠠᠨ ᠣᠩᠰᠢᠬᠤ ᠵᠢᠯᠤᠭᠤᠳᠤᠯᠭ᠎ᠠ ᠶᠢᠨ ᠳᠤᠤᠷ᠎ᠠ ᠰᠤᠷᠤᠭᠴᠢᠳ ᠡᠨᠡᠭᠦ ᠪᠣᠭᠤᠮᠳᠠ ᠶᠢ ᠠᠮᠠᠷᠬᠠᠨ ᠳᠠᠪᠠᠵᠤ ᠪᠣᠯᠬᠤ ᠶᠤᠮ᠃ ᠠᠪᠢᠶ᠎ᠠ ᠶᠢ ᠪᠦᠷᠢᠨ ᠡᠵᠡᠮᠰᠢᠨ ᠴᠢᠳᠠᠭᠰᠠᠨ ᠤ ᠰᠠᠭᠤᠷᠢᠨ ᠳᠡᠭᠡᠷ᠎ᠡ ᠠᠯᠬᠤᠮ ᠠᠯᠬᠤᠮ ᠶᠢᠡᠷ ᠭᠦᠭ᠍ᠵᠢᠭᠦᠯᠵᠤ᠂ 《ᠨᠢᠭᠡ ᠰᠤᠨᠤᠰᠪᠠᠯ ᠨᠢᠭᠡ ᠶᠢ ᠡᠵᠡᠮᠰᠢᠵᠤ᠂ ᠠᠷᠪᠠ ᠰᠤᠨᠤᠰᠪᠠᠯ ᠠᠷᠪᠠ ᠶᠢ ᠳᠤᠭᠳᠠᠭᠠᠬᠤ》 ᠴᠢᠳᠠᠪᠣᠷᠢ ᠶᠢ ᠭᠦᠮᠦᠵᠢᠭᠦᠯᠵᠤ ᠪᠣᠯᠤᠨ᠎ᠠ᠃ ᠳᠡᠭᠡᠭᠦ ᠳᠡᠭᠡᠨ ᠭᠤᠤᠯᠳᠠᠭᠤ ᠪᠠᠭᠰᠢ ᠡᠴᠡ ᠰᠤᠷᠤᠭᠴᠢᠳ ᠲᠤ ᠥᠯᠢᠭᠡᠷ ᠶᠠᠷᠢᠵᠤ ᠦᠭ‍ᠭᠦᠭᠡᠳ᠂ ᠳᠠᠭᠢᠨ ᠳᠠᠳᠠᠨ ᠶᠢᠡᠷ ᠥᠯᠢᠭᠡᠷ ᠤᠨ ᠣᠢ᠌ᠯᠠ ᠶᠠᠪᠣᠳᠠᠯ ᠢ ᠥᠯᠢᠭᠡᠷᠴᠢᠯᠡᠨ ᠶᠠᠷᠢᠭᠤᠯᠬᠤ᠂ ᠪᠠᠭᠰᠢ ᠡᠴᠡ ᠳᠦᠷᠢᠮᠴᠢᠯᠠᠨ ᠣᠩᠰᠢᠵᠤ᠂ ᠳᠠᠭᠢᠨ ᠰᠤᠷᠤᠭᠴᠢᠳ ᠶᠢᠡᠷ ᠣᠷᠠᠨ ᠳᠤᠳᠤ ᠣᠩᠰᠢᠯᠭ᠎ᠠ ᠭᠢᠯᠭᠡᠭᠦ ᠨᠢ ᠪᠦᠷ ᠰᠤᠨᠤᠰᠬᠤ ᠴᠢᠳᠠᠪᠣᠷᠢ ᠶᠢ ᠭᠦᠮᠦᠵᠢᠭᠦᠯᠵᠤ ᠪᠠᠢ᠌ᠭ᠎ᠠ ᠶᠠᠪᠣᠴᠠ ᠪᠣᠯᠤᠨ᠎ᠠ᠃

ᠣᠩᠰᠢᠬᠤ ᠴᠢᠳᠠᠪᠣᠷᠢ ᠶᠢ ᠭᠦᠮᠦᠵᠢᠭᠦᠯᠭᠦ ᠳᠤ ᠵᠦᠪ ᠠᠪᠢᠶᠠᠯᠠᠬᠤ ᠶᠢ ᠴᠢᠩᠭ᠋᠎ᠠ ᠵᠢᠷᠤᠮᠯᠠᠬᠤ ᠭᠡᠷᠡᠭ᠍ᠳᠡᠢ᠃ ᠶᠠᠭᠤᠨ ᠤ ᠣᠷᠢᠳ ᠪᠠᠭᠰᠢ ᠪᠣᠯᠤᠭᠰᠠᠤᠨ ᠳᠦᠷᠢᠮᠴᠢᠯᠠᠨ ᠣᠩᠰᠢᠬᠤ ᠳᠠᠭᠠᠨ ᠪᠣᠯᠪᠠᠰᠤᠷᠠᠯ ᠰᠠᠢ᠌ᠳᠠᠢ ᠪᠠᠢ᠌ᠬᠤ ᠶᠢ ᠱᠠᠭᠠᠷᠳᠠᠨ᠎ᠠ᠃ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠣᠩᠰᠢᠯᠭ᠎ᠠ ᠨᠢ ᠪᠦᠷ ᠪᠠᠭᠰᠢ ᠶᠢᠨ ᠳᠦᠷᠢᠮᠴᠢᠯᠠᠨ ᠣᠩᠰᠢᠬᠤ ᠶᠢ ᠴᠢᠩᠭ᠋᠎ᠠ ᠨᠢᠮᠪᠠᠢ ᠮᠦᠷᠳᠠᠨ ᠳᠠᠭᠠᠭᠰᠠᠨ ᠪᠠᠢ᠌ᠳᠠᠭ᠃ ᠪᠠᠭᠰᠢ ᠡᠴᠡ ᠭᠡᠷᠭᠢᠨ ᠠᠪᠢᠶᠠᠯᠠᠪᠠᠯ ᠰᠤᠷᠤᠭᠴᠢᠳ ᠴᠤ ᠳᠡᠭᠡᠵᠤ ᠠᠪᠢᠶᠠᠯᠠᠬᠤ ᠶᠢ ᠣᠷᠤᠯᠳᠤᠳᠠᠭ ᠪᠦᠭᠡᠳ ᠭᠡᠯᠡ ᠨᠢ ᠴᠤ ᠪᠢᠴᠢᠭ᠌ ᠤᠨ ᠭᠡᠯᠡᠨ ᠳᠤ ᠰᠠ‍‌ᠶᠢ ᠤᠢ᠌ᠷᠠᠳᠤᠨ᠂ ᠵᠠᠮ ᠮᠦᠷ ᠶᠢᠡᠨ ᠣᠯᠵᠤ ᠪᠠᠢ᠌ᠭ᠎ᠠ ᠳᠤᠯᠠ ᠪᠣᠷᠤᠭᠤ ᠠᠪᠢᠶᠠᠯᠠᠨ ᠣᠩᠰᠢᠬᠤ ᠶᠢ ᠪᠠᠭᠰᠢ ᠡᠴᠡ ᠡᠷᠭᠡᠪᠰᠢ ᠵᠠᠰᠠᠵᠤ ᠵᠠᠯᠠᠷᠠᠭᠤᠯᠵᠤ ᠦᠭ‍ᠭᠦ ᠭᠡᠷᠡᠭ᠍ᠳᠡᠢ᠃ ᠨᠥᠭᠦᠭᠡ ᠳᠠᠯ᠎ᠠ ᠪᠠᠷ ᠮᠤᠩᠭ᠋ᠤᠯ ᠭᠡᠯᠡᠨ ᠤ ᠪᠠᠭᠰᠢ ᠪᠣᠯᠤᠭᠰᠠᠤᠨ ᠨᠤᠳᠤᠭ ᠤᠨ ᠠᠶᠠᠯᠭᠤ ᠶᠢ ᠴᠢᠳᠠᠬᠤᠢ᠌ᠴᠠ ᠳᠠᠪᠴᠢᠵᠤ᠂ ᠪᠠᠷᠢᠮᠵᠢᠶ᠎ᠠ ᠠᠪᠢᠶ᠎ᠠ ᠪᠠᠷ ᠣᠩᠰᠢᠬᠤ ᠭᠡᠷᠡᠭ᠍ᠳᠡᠢ᠃

ᠶᠠᠷᠢᠬᠤ ᠴᠢᠳᠠᠪᠣᠷᠢ ᠭᠡᠳᠡᠭ᠌ ᠨᠢ ᠰᠤᠷᠤᠭᠴᠢᠳ ᠤᠨ ᠶᠠᠷᠢᠵᠤ ᠢᠯᠡᠳᠭᠡᠭᠦ ᠴᠢᠳᠠᠪᠣᠷᠢ ᠶᠢ ᠵᠢᠭᠠᠵᠤ ᠪᠠᠢ᠌ᠨ᠎ᠠ᠃ ᠭᠢᠴᠢᠶᠠᠯ ᠤᠨ ᠠᠭᠤᠯᠭ᠎ᠠ ᠶᠢ ᠴᠡᠭᠡᠵᠢ ᠪᠠᠷ ᠶᠠᠷᠢᠭᠤᠯᠬᠤ᠂ ᠥᠯᠢᠭᠡᠷ ᠶᠠᠷᠢᠭᠤᠯᠬᠤ᠂ ᠳᠤᠭᠳᠠᠭᠰᠠᠨ ᠭᠠᠷᠴᠠᠭ ᠤᠨ ᠱᠠᠭᠠᠷᠳᠠᠯᠭ᠎ᠠ ᠪᠠᠷ ᠶᠠᠷᠢᠭᠤᠯᠬᠤ᠂ ᠰᠤᠷᠤᠭᠴᠢᠳ ᠲᠡᠶ ᠶᠠᠷᠢᠯᠴᠠᠭᠠᠨ ᠤ ᠭᠢᠴᠢᠶᠠᠯ ᠦᠷᠨᠢᠭᠦᠯᠭᠦ ᠵᠡᠷᠭᠡ ᠨᠢ ᠪᠦᠷ ᠶᠠᠷᠢᠵᠤ ᠢᠯᠡᠳᠭᠡᠭᠦ ᠴᠢᠳᠠᠪᠣᠷᠢ ᠪᠣᠯᠤᠨ᠎ᠠ᠃

ᠶᠠᠷᠢᠬᠤ ᠨᠢ ᠰᠡᠳᠭᠢᠭᠦᠢ ᠯᠦᠭᠡ ᠲᠤᠩ ᠨᠢᠭᠳᠠ ᠬᠤᠯᠪᠣᠭ᠎ᠠ ᠲᠡᠶ ᠪᠠᠢ᠌ᠵᠤ᠂ ᠰᠡᠳᠭᠢᠭᠦᠢ ᠨᠢ ᠶᠠᠷᠢᠬᠤ ᠶᠢᠨ ᠣᠷᠢᠳᠠᠯ ᠪᠠ ᠰᠠᠭᠤᠷᠢ ᠪᠣᠯᠤᠨ᠎ᠠ᠃ ᠳᠠᠷᠢᠭᠢ ᠳᠤᠯᠤᠭᠠᠢ ᠪᠠᠨ ᠬᠤᠷᠴᠠ ᠰᠡᠷᠭᠡᠭ᠌ ᠭᠦᠳᠡᠯᠭᠡᠵᠤ᠂ ᠵᠦᠪ ᠣᠨᠤᠪᠴᠢᠳᠠᠢ᠂ ᠳᠤᠳᠤᠷᠬᠠᠢ ᠮᠦᠷᠳᠡᠭᠡᠨ ᠳᠦᠷᠰᠦᠯᠢᠭ᠌ ᠶᠠᠷᠢᠵᠤ ᠪᠣᠯᠪᠠᠰᠤᠷᠠᠬᠤ ᠶᠢ ᠴᠢᠩᠭ᠋᠎ᠠ ᠱᠠᠭᠠᠷᠳᠠᠬᠤ ᠭᠡᠷᠡᠭ᠍ᠳᠡᠢ᠃

ᠪᠢᠴᠢᠭᠦ ᠴᠢᠳᠠᠪᠣᠷᠢ ᠭᠡᠳᠡᠭ᠌ ᠨᠢ ᠰᠤᠷᠤᠭᠴᠢᠳ ᠤᠨ ᠵᠦᠪ ᠪᠢᠴᠢᠯᠭᠡ᠂ ᠵᠤᠬᠢᠶᠠᠨ ᠨᠠᠢ᠌ᠷᠠᠭᠤᠯᠵᠤ ᠪᠢᠴᠢᠭᠦ ᠴᠢᠳᠠᠪᠣᠷᠢ ᠶᠢ ᠵᠢᠭᠠᠵᠤ ᠪᠣᠢ᠃ ᠰᠤᠨᠤᠰᠬᠤ᠂ ᠣᠩᠰᠢᠬᠤ᠂ ᠶᠠᠷᠢᠬᠤ ᠴᠢᠳᠠᠪᠣᠷᠢ ᠶᠢᠨ ᠰᠠᠭᠤᠷᠢᠨ ᠳᠡᠭᠡᠷ᠎ᠡ ᠪᠢᠴᠢᠭᠦ ᠴᠢᠳᠠᠪᠣᠷᠢ ᠶᠢ ᠪᠣᠯᠪᠠᠰᠤᠷᠠᠭᠤᠯᠬᠤ ᠭᠡᠷᠡᠭ᠍ᠳᠡᠢ᠃ ᠵᠦᠪ ᠪᠢᠴᠢᠯᠭᠡ ᠨᠢ ᠭᠡᠯᠡ ᠪᠢᠴᠢᠭ᠌ ᠤᠨ ᠪᠢᠴᠢᠵᠤ ᠢᠯᠡᠳᠭᠡᠭᠦ ᠴᠢᠳᠠᠪᠣᠷᠢ ᠶᠢᠨ ᠰᠠᠭᠤᠷᠢ ᠮᠦᠨ᠃ ᠵᠤᠬᠢᠶᠠᠨ ᠪᠢᠴᠢᠯᠭᠡ ᠪᠣᠯ ᠴᠢᠩᠭ᠋᠎ᠠ ᠯᠤᠭᠢᠭ ᠰᠡᠳᠭᠢᠭᠦᠢ ᠶᠢᠨ ᠠᠵᠢᠯᠯᠠᠭ᠎ᠠ ᠪᠣᠯᠤᠨ᠎ᠠ᠃ ᠳᠠᠢ᠌ᠮᠤ ᠡᠴᠡ ᠣᠷᠢᠳᠠᠪᠠᠷ ᠵᠢᠭᠠᠨ ᠵᠢᠯᠤᠭᠤᠳᠴᠤ ᠰᠠᠢ᠌ᠳᠤᠷ ᠰᠡᠳᠭᠢᠭᠦᠯᠦᠭ᠍ᠰᠡᠨ ᠰᠠᠭᠤᠷᠢᠨ ᠳᠡᠭᠡᠷ᠎ᠡ ᠪᠢᠴᠢᠭᠦᠯᠪᠠᠯ ᠰᠠ‍‌ᠶᠢ ᠦᠷ᠎ᠡ ᠳ᠋ᠦ᠋ᠩ ᠶᠢᠡᠷ ᠰᠠᠢ᠌ᠨ ᠪᠠᠢ᠌ᠳᠠᠭ᠃ ᠰᠠ‍‌ᠶᠢ ᠡᠭᠢᠯᠡᠨ ᠵᠤᠬᠢᠶᠠᠨ ᠪᠢᠴᠢᠭᠦ ᠳᠤ ᠣᠷᠢᠳᠠᠪᠠᠷ ᠵᠢᠷᠤᠭ ᠦᠵᠡᠵᠤ ᠪᠢᠴᠢᠭᠦᠯᠭᠦ᠂ ᠭᠠᠷᠴᠠᠭ ᠥᠭ᠍ᠴᠤ ᠪᠢᠴᠢᠭᠦᠯᠭᠦ ᠠᠷᠭ᠎ᠠ ᠶᠢ ᠠᠪᠴᠤ ᠪᠣᠯᠤᠨ᠎ᠠ᠃ ᠵᠢᠷᠤᠭ ᠦᠵᠡᠵᠤ ᠵᠤᠬᠢᠶᠠᠯ ᠪᠢᠴᠢᠭᠦᠯᠭᠦ ᠪᠣᠯᠪᠠᠰᠤᠷᠠᠯ ᠭᠢᠭᠦ ᠳᠤ ᠣᠷᠢᠳᠠᠪᠠᠷ ᠵᠢᠷᠤᠭ ᠤᠨ ᠳᠤᠬᠠᠢ ᠳᠠᠳᠠᠨ ᠶᠢᠡᠷ ᠶᠠᠷᠢᠭᠤᠯᠵᠤ᠂ ᠵᠦᠪ ᠶᠢᠡᠷ ᠵᠢᠭᠠᠨ ᠵᠢᠯᠤᠭᠤᠳᠬᠤ ᠵᠡᠷᠭᠡ ᠨᠢ ᠪᠦᠷ ᠰᠤᠷᠤᠭᠴᠢᠳ ᠤᠨ ᠵᠤᠬᠢᠶᠠᠨ ᠪᠢᠴᠢᠭᠦ ᠴᠢᠳᠠᠪᠣᠷᠢ ᠶᠢ ᠶᠡᠭᠡᠪᠠᠷ ᠳᠡᠭᠡᠭ᠍ᠰᠢᠯᠡᠭᠦᠯᠭᠦ ᠪᠣᠯᠤᠮᠵᠢ ᠲᠡᠶ ᠶᠤᠮ᠃ ᠵᠤᠬᠢᠶᠠᠨ ᠪᠢᠴᠢᠯᠭᠡ ᠶᠢᠨ ᠳᠠᠰᠬᠠᠯ ᠢ ᠵᠢᠭᠠᠬᠤ ᠳᠠᠭᠠᠨ ᠪᠠᠭᠰᠢ ᠪᠣᠯᠤᠭᠰᠠᠤᠨ ᠥᠭᠡ ᠦᠰᠦᠭ᠌ ᠥᠭᠦᠯᠡᠪᠦᠷᠢ ᠳᠠᠷᠠᠭᠠᠯᠠᠨ ᠵᠢᠭᠠᠵᠤ᠂ ᠡᠮᠵᠡᠭ᠌ ᠲᠡᠶ ᠵᠣᠢ᠌ᠯ ᠢ ᠨᠢ ᠵᠠᠰᠠᠨ ᠵᠠᠯᠠᠷᠠᠭᠤᠯᠵᠤ ᠦᠭ‍ᠭᠦ ᠪᠠᠷ ᠪᠠᠷᠠᠬᠤ ᠦᠭᠡᠶ᠂ ᠳᠤᠰᠬᠠᠢ᠌ᠯᠠᠨ ᠴᠠᠭ ᠵᠠᠷᠤᠴᠠᠭᠤᠯᠵᠤ ᠰᠢᠯᠢᠳᠡᠭ᠌ ᠰᠠᠢ᠌ᠨ ᠵᠤᠬᠢᠶᠠᠯ ᠢ ᠣᠯᠠᠨ ᠳᠤ ᠣᠩᠰᠢᠵᠤ ᠦᠭ‍ᠭᠦ ᠭᠡᠷᠡᠭ᠍ᠳᠡᠢ᠃ ᠳᠠᠳᠠᠨ ᠤ ᠠᠮᠵᠢᠯᠳᠠ ᠲᠡᠶ ᠳᠠᠯ᠎ᠠ ᠶᠢ ᠢᠯᠡᠭᠦᠤ ᠮᠠᠭᠳᠠᠵᠤ᠂ ᠰᠤᠷᠤᠭᠴᠢᠳ ᠤᠨ ᠢᠳᠠᠪᠭᠢ ᠴᠢᠨᠠᠷ ᠢ ᠳᠠᠢ᠌ᠴᠢᠯᠠᠨ᠂ ᠳᠠᠳᠠᠨ ᠤ ᠵᠤᠬᠢᠶᠠᠨ ᠪᠢᠴᠢᠭᠦ ᠣᠷᠮᠠᠰ ᠢ ᠭᠦᠭ᠍ᠵᠢᠭᠦᠯᠭᠦ ᠭᠡᠷᠡᠭ᠍ᠳᠡᠢ᠃ ᠰᠠ‍‌ᠶᠢ ᠡᠭᠢᠯᠡᠨ ᠵᠤᠬᠢᠶᠠᠨ ᠪᠢᠴᠢᠵᠤ ᠪᠠᠢ᠌ᠭ᠎ᠠ ᠰᠤᠷᠤᠭᠴᠢᠳ ᠲᠤ ᠳᠠᠢ᠌ᠮᠤ ᠦᠨᠳᠦᠷ ᠱᠠᠭᠠᠷᠳᠠᠯᠭ᠎ᠠ ᠳᠠᠯᠪᠢᠭᠰᠠᠨ ᠤ ᠭᠡᠷᠡᠭ᠌ ᠦᠭᠡᠶ᠃ ᠳᠠᠳᠠᠨ ᠤ ᠠᠮᠵᠢᠯᠳᠠ ᠲᠡᠶ ᠳᠠᠯ᠎ᠠ ᠶᠢ ᠢᠯᠡᠭᠦᠤ ᠨᠤᠳᠠᠯᠠᠨ᠂ ᠠᠯᠳᠠᠭ᠎ᠠ ᠶᠢ ᠨᠢ ᠵᠠᠰᠠᠵᠤ ᠵᠠᠯᠠᠷᠠᠭᠤᠯᠤᠭᠠᠤᠨ᠂ ᠵᠤᠬᠢᠶᠠᠯ ᠳ᠋ᠤᠨᠢ ᠨᠢᠭᠡᠯᠭᠡᠨ ᠪᠠᠳᠠᠭ ᠭᠤᠶᠤ ᠰᠠᠢ᠌ᠬᠠᠨ ᠳᠦᠷᠰᠤᠯᠠᠯ᠂ ᠵᠦᠪ ᠣᠨᠤᠪᠴᠢᠳᠠᠢ ᠭᠦᠦᠷᠨᠢᠯ ᠳᠤᠭᠠᠴᠢᠯᠳᠠ ᠪᠠᠢ᠌ᠭᠰᠠᠭᠠᠷ ᠳᠠᠳᠠᠨ ᠢ ᠶᠡᠭᠡᠪᠠᠷ ᠵᠤᠷᠢᠭᠵᠢᠭᠤᠯᠤᠨ ᠰᠠᠢ᠌ᠰᠢᠶᠠᠬᠤ ᠭᠡᠷᠡᠭ᠍ᠳᠡᠢ᠃

ᠪᠠᠭ᠎ᠠ ᠰᠤᠷᠭᠠᠭᠤᠯᠢ ᠶᠢᠨ ᠭᠡᠯᠡ ᠪᠢᠴᠢᠭ᠌ ᠤᠨ ᠭᠢᠴᠢᠶᠠᠯ ᠳᠤ ᠰᠤᠨᠤᠰᠬᠤ᠂ ᠣᠩᠰᠢᠬᠤ᠂ ᠶᠠᠷᠢᠬᠤ᠂ ᠪᠢᠴᠢᠭᠦ ᠵᠡᠷᠭᠡ ᠳᠦᠷᠪᠠᠨ ᠴᠢᠳᠠᠪᠣᠷᠢ ᠶᠢ ᠭᠦᠭ᠍ᠵᠢᠭᠦᠯᠭᠦ ᠨᠢ ᠭᠡᠯᠡ ᠪᠢᠴᠢᠭ᠌ ᠤᠨ ᠭᠢᠴᠢᠶᠠᠯ ᠤᠨ ᠳᠠᠷᠬᠠᠨ ᠡᠭᠦᠷᠭᠡ ᠪᠣᠯᠤᠨ᠎ᠠ᠃ ᠡᠨᠡᠭᠦ ᠳᠦᠷᠪᠠᠨ ᠴᠢᠳᠠᠪᠣᠷᠢ ᠶᠢ ᠰᠠᠢ᠌ᠳᠤᠷ ᠭᠦᠭ᠍ᠵᠢᠭᠦᠯᠪᠠᠯ ᠰᠠ‍‌ᠶᠢ ᠰᠤᠷᠤᠭᠴᠢᠳ ᠤᠨ ᠭᠡᠪ ᠴᠢᠨᠠᠷ ᠢ ᠳᠡᠭᠡᠭ᠍ᠰᠢᠯᠡᠭᠦᠯᠭᠦ ᠶᠢᠨ ᠬᠠᠮᠳᠤ ᠬᠣᠢ᠌ᠰᠢᠳᠠ ᠶᠢᠨ ᠰᠤᠶᠤᠯ ᠮᠡᠳᠡᠯᠭᠡ ᠶᠢ ᠡᠵᠡᠮᠰᠢᠭᠦ ᠳ᠋ᠤᠨᠢ ᠪᠠᠳᠤ ᠰᠠᠢ᠌ᠨ ᠰᠠᠭᠤᠷᠢ ᠶᠢ ᠳᠠᠯᠪᠢᠵᠤ ᠥᠭ᠍ᠴᠤ ᠴᠢᠳᠠᠨ᠎ᠠ᠃


ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠭᠠᠠᠵᠤᠭ᠎ᠠ ᠪᠠᠯᠭᠠᠰᠤ ᠶᠢᠨ ᠬᠠᠷᠠᠠᠤᠰᠤ ᠪᠠᠭ᠎ᠠ ᠰᠤᠷᠭᠠᠭᠤᠯᠢ

ᠵᠤᠬᠢᠶᠠᠭᠴᠢ᠄ ᠪᠣᠤ ᠢᠤᠢ ᠹᠧᠩ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2510
ᠴᠠᠭ᠄ 2012 ᠤᠨ ᠤ 05 ᠰᠠᠷ᠎ᠠ ᠶᠢᠨ 03