ᠳᠠᠯ᠎ᠠ ᠶᠢᠨ ᠪᠦᠷᠭᠦᠤᠨ
᠊᠊᠊᠊᠊᠊᠊᠊᠊᠊᠊᠊᠊᠊᠊ 《ᠳᠠᠯ᠎ᠠ ᠶᠢᠨ ᠪᠦᠷᠭᠦᠤᠨ ᠰᠦᠯᠵᠢᠶ᠎ᠠ》 ᠳ᠋ᠡᠭᠡᠨ

(ᠲ᠋ᠠᠭᠠᠯᠳᠠ ᠨᠢᠭᠡ)


ᠵᠥᠭ᠌ ᠵᠥᠭ᠌ ᠤᠨ ᠳᠡᠭ᠍ᠷᠢ ᠳ᠋ᠡᠭᠡᠨ

ᠵᠢᠭᠦᠷ ᠶᠢᠡᠨ ᠳᠡᠯᠭᠡᠭ᠍ᠰᠡᠨ 《ᠪᠦᠷᠭᠦᠤᠨ》

ᠵᠦᠩ ᠵᠦᠩ ᠤᠨ ᠪᠠᠭᠤᠴᠠᠨ ᠳ᠋ᠠᠭᠠᠨ

ᠵᠢᠰᠤ ᠪᠠᠨ ᠳᠤᠯᠢᠳᠠᠭᠰᠠᠨ 《ᠪᠦᠷᠭᠦᠤᠨ》


ᠴᠠᠭ ᠴᠠᠭ ᠤᠨ ᠵᠠᠢ ᠳ᠋ᠠᠭᠠᠨ

ᠴᠠᠭᠠᠨ ᠮᠦᠷ ᠲᠡᠶ 《ᠪᠦᠷᠭᠦᠤᠨ》

ᠴᠠᠳᠢᠭ ᠴᠠᠳᠢᠭ ᠤᠨ ᠬᠠᠭᠤᠳᠠᠰᠤᠨ ᠳ᠋ᠠᠭᠠᠨ

ᠴᠠᠭᠯᠠᠰᠢ ᠦᠭᠡᠶ ᠳᠤᠷᠠᠳᠬᠠᠯᠳᠠᠢ 《ᠪᠦᠷᠭᠦᠤᠨ》


《ᠣᠳᠤᠮ》 ᠭᠡᠮᠡᠭᠦ ᠰᠤᠯᠠ ᠰᠢᠯᠦᠭᠯᠡᠯ


ᠬᠠᠷᠴᠠᠭᠠᠢ ᠪᠦᠷᠭᠦᠤᠨ ᠰᠢᠪᠠᠭᠤᠨ ᠤ ᠣᠳᠤᠮ

ᠬᠠᠭᠠᠨ ᠡᠵᠡᠨ ᠭᠦᠮᠤᠨ ᠤ ᠣᠳᠤᠮ


ᠰᠠᠢ᠌ᠨ ᠮᠠᠭᠤ ᠴᠢᠨᠠᠷ ᠤᠨ ᠣᠳᠤᠮ

ᠰᠠᠷᠠᠭᠤᠯ ᠭᠡᠭᠡᠨ ᠭᠡᠷᠡᠯ ᠤᠨ ᠣᠳᠤᠮ


ᠬᠠᠷ᠎ᠠ ᠴᠠᠭᠠᠨ ᠥᠩᠭᠡ ᠶᠢᠨ ᠣᠳᠤᠮ

ᠬᠠᠢ᠌ᠷ᠎ᠠ ᠬᠤᠷᠤᠰᠤᠯ ᠰᠡᠳᠬᠢᠯᠭᠡ ᠶᠢᠨ ᠣᠳᠤᠮ


ᠰᠠᠠᠰᠠᠷ ᠬᠤᠷᠸ᠎ᠠ ᠶᠠᠷᠳᠢᠠᠴᠦᠰ ᠤᠨ ᠣᠳᠤᠮ

ᠰᠠᠭᠠᠯᠢ ᠰᠥ᠋ ᠢᠳᠡᠭᠡᠨ ᠤ ᠣᠳᠤᠮ


2009.12.11 ᠳᠤ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭᠯᠡᠯ ᠤᠳ


ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1717
ᠴᠠᠭ᠄ 2010 ᠤᠨ ᠤ 08 ᠰᠠᠷ᠎ᠠ ᠶᠢᠨ 09
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ