ᠬᠠᠢ᠌ᠷᠠᠳᠤ ᠮᠢᠨᠢ

ᠬᠠᠩᠭ᠋ᠠᠢ ᠶᠢᠨ ᠰᠤᠭᠤ ᠰᠢᠭ ᠰᠠᠢ᠌ᠬᠠᠨ ᠴᠢᠮ᠎ᠠ ᠪᠠᠨ

ᠬᠠᠯᠠᠭᠤᠬᠠᠨ ᠰᠡᠳᠬᠢᠯ ᠳᠡᠭᠡᠨ ᠬᠠᠳᠠᠭᠠᠯᠠᠭᠰᠠᠭᠠᠷ ᠶᠠᠪᠣᠨᠠᠮ

ᠬᠠᠨ ᠬᠤᠷᠸ᠎ᠠ ᠳᠤ ᠬᠠᠮᠰᠠᠬᠤ ᠶᠢᠨ ᠳᠠᠪᠢᠯᠠᠩ ᠶᠢᠡᠨ

ᠬᠠᠷᠬᠠᠨ ᠴᠢᠮ᠎ᠠ ᠲᠡᠶ ᠪᠠᠨ ᠬᠠᠳᠠᠭᠤᠵᠢᠭᠤᠯᠤᠭᠰᠠᠭᠠᠷ ᠶᠠᠪᠣᠨᠠᠮ

ᠬᠠᠨᠢᠯᠬᠤ ᠶᠢᠨ ᠳᠠᠪᠢᠯᠠᠩ ᠲᠡᠶ ᠳᠦᠷᠦᠭ᠍ᠰᠡᠨ ᠬᠠᠢ᠌ᠷᠠᠳᠤ ᠮᠢᠨᠢ

ᠬᠠᠨ ᠬᠤᠷᠸ᠎ᠠ ᠳ᠋ᠤ ᠬᠤᠶᠠᠭᠤᠯᠠ ᠪᠠᠨ ᠨᠠᠷᠭᠢᠶ᠎ᠠ ᠳ᠋ᠠ


ᠠᠭᠤᠯᠠᠨ ᠶᠢᠨ ᠰᠤᠭᠤ ᠰᠢᠭ ᠣᠶᠠᠬᠠᠨ ᠴᠢᠮ᠎ᠠ ᠪᠠᠨ

ᠣᠯᠠᠭᠠᠨ ᠵᠢᠷᠦᠭᠡᠨ ᠳᠡᠭᠡᠨ ᠣᠭᠰᠢᠭᠤᠯᠠᠭᠰᠠᠭᠠᠷ ᠶᠠᠪᠣᠨᠠᠮ

ᠣᠯᠠᠷᠢᠬᠤ ᠬᠤᠷᠸ᠎ᠠ ᠳ᠋ᠤ ᠣᠴᠠᠷᠠᠬᠤ ᠳᠠᠪᠢᠯᠠᠩ ᠶᠢᠡᠨ

ᠣᠶᠠᠬᠠᠨ ᠴᠢᠮ᠎ᠠ ᠲᠡᠶ ᠪᠠᠨ ᠣᠶᠠᠷᠠᠭᠤᠯᠠᠭᠰᠠᠭᠠᠷ ᠶᠠᠪᠣᠨᠠᠮ

ᠣᠴᠠᠷᠠᠬᠤ ᠶᠢᠨ ᠳᠠᠪᠢᠯᠠᠩ ᠲᠡᠶ ᠳᠦᠷᠦᠭ᠍ᠰᠡᠨ ᠬᠠᠢ᠌ᠷᠠᠳᠤ ᠮᠢᠨᠢ

ᠣᠯᠠᠷᠢᠬᠤ ᠬᠤᠷᠸ᠎ᠠ ᠳᠤ ᠬᠤᠶᠠᠭᠤᠯᠠ ᠪᠠᠨ ᠴᠡᠩᠭᠡᠶ᠎ᠡ ᠳ᠋ᠠ


ᠭᠦᠪᠴᠢ ᠶᠢᠨ ᠰᠤᠭᠤ ᠰᠢᠭ ᠰᠠᠢ᠌ᠬᠠᠨ ᠴᠢᠮ᠎ᠠ ᠪᠠᠨ

ᠭᠦᠷᠡᠩ ᠵᠢᠷᠦᠭᠡᠨ ᠳᠡᠭᠡᠨ ᠭᠦᠡᠳᠦᠯᠡᠭ᠍ᠰᠡᠭᠡᠷ ᠶᠠᠪᠣᠨᠠᠮ

ᠭᠦᠷᠦᠰᠳᠤ ᠬᠤᠷᠸ᠎ᠠ ᠳᠤ ᠭᠦᠮᠦᠵᠢᠭᠦ ᠶᠢᠨ ᠳᠠᠪᠢᠯᠠᠩ ᠶᠢᠡᠨ

ᠭᠦᠭᠡᠷᠦᠭᠦᠨ ᠴᠢᠮ᠎ᠠ ᠲᠡᠶ ᠪᠠᠨ ᠭᠦᠪᠴᠢᠯᠡᠭ᠍ᠰᠡᠭᠡᠷ ᠶᠠᠪᠣᠨᠠᠮ

ᠭᠦᠡᠳᠦᠯᠡᠭ᠍ᠳᠡᠭᠦ ᠶᠢᠨ ᠳᠠᠪᠢᠯᠠᠩ ᠲᠡᠶ ᠳᠦᠷᠦᠭ᠍ᠰᠡᠨ ᠬᠠᠢ᠌ᠷᠠᠳᠤ ᠮᠢᠨᠢ

ᠭᠦᠷᠦᠰᠳᠤ ᠬᠤᠷᠸ᠎ᠠ ᠳᠤ ᠬᠤᠶᠠᠭᠤᠯᠠ ᠪᠠᠨ ᠳᠠᠭᠤᠯᠠᠶ᠎ᠠ ᠳ᠋ᠠ


ᠰᠠᠯᠠᠭ᠎ᠠ ᠶᠢᠨ ᠰᠤᠭᠤ ᠰᠢᠭ ᠰᠠᠢ᠌ᠬᠠᠨ ᠴᠢᠮ᠎ᠠ ᠪᠠᠨ

ᠰᠠᠨᠠᠭ᠎ᠠ ᠰᠡᠳᠬᠢᠯ ᠳᠡᠭᠡᠨ ᠰᠠᠨᠠᠭᠰᠠᠭᠠᠷ ᠶᠠᠪᠣᠨᠠᠮ

ᠰᠠᠷᠠᠭᠤᠯ ᠬᠤᠷᠸ᠎ᠠ ᠳᠤ ᠣᠴᠠᠷᠠᠬᠤ ᠶᠢᠨ ᠳᠠᠪᠢᠯᠠᠩ ᠶᠢᠡᠨ

ᠰᠠᠢ᠌ᠬᠠᠨ ᠴᠢᠮ᠎ᠠ ᠲᠡᠶ ᠪᠠᠨ ᠰᠠᠷᠠᠭᠤᠯᠵᠢᠭᠤᠯᠠᠭᠰᠠᠭᠠᠷ ᠶᠠᠪᠣᠨᠠᠮ

ᠰᠠᠨᠠᠬᠤ ᠶᠢᠨ ᠳᠠᠪᠢᠯᠠᠩ ᠲᠡᠶ ᠳᠦᠷᠦᠭ᠍ᠰᠡᠨ ᠬᠠᠢ᠌ᠷᠠᠳᠤ ᠮᠢᠨᠢ

ᠰᠠᠷᠠᠭᠤᠯ ᠬᠤᠷᠸ᠎ᠠ ᠳᠤ ᠬᠤᠶᠠᠭᠤᠯᠠ ᠪᠠᠨ ᠵᠢᠷᠭᠠᠶ᠎ᠠ ᠳ᠋ᠠ


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠪᠠᠶᠠᠪᠣᠯᠠᠭ ᠪᠠᠯᠭᠠᠰᠤᠨ

ᠵᠤᠬᠢᠶᠠᠭᠴᠢ᠄ ᠫᠣᠠᠴᠤᠭ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1416
ᠴᠠᠭ᠄ 2010 ᠤᠨ ᠤ 05 ᠰᠠᠷ᠎ᠠ ᠶᠢᠨ 22
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁