ᠴᠢᠪᠠᠭᠠᠳᠤ ᠠᠭᠤᠯᠠ ᠶᠢᠨ ᠳᠤᠮᠤᠭ

ᠡᠷᠳᠡ ᠣᠷᠢᠳᠤ ᠴᠠᠭ ᠲᠤ ᠭᠡᠨ᠎ᠡ ᠂ ᠰᠠᠷᠠᠨ ᠣᠷᠳᠤᠨ ᠤ ᠴᠠᠭᠠᠨ ᠳᠠᠤᠯᠠᠢ ᠭᠡᠨᠤᠨᠳᠡ ᠨᠢᠭᠡᠨ ᠡᠳᠦᠷ ᠣᠷᠴᠢᠯᠠᠩ ᠳᠡᠯᠡᠭᠡᠢ ᠳᠤ ᠪᠠᠭᠤᠵᠤ ᠨᠤᠭᠤᠭ᠎ᠠ ᠢᠳᠡᠭᠦ ᠶᠢ ᠰᠠᠨᠠᠵᠤ ᠭᠡᠨ᠎ᠡ ᠃ ᠢᠩᠭᠡᠭᠡᠤᠨ ᠳᠠᠷᠠ ᠦᠳᠡᠰᠢ ᠶᠢᠨ ᠭᠦᠨ᠎ᠡ ᠴᠠᠩ ᠧ ᠳᠠᠭᠢᠨᠢ ᠶᠢᠨ ᠥᠷᠭᠡᠯᠡᠭᠦ ᠵᠠᠪ ᠲᠤ ᠠᠮᠠᠨ ᠳᠠᠭᠠᠨ ᠨᠢᠭᠡᠨ ᠦᠷᠢᠯ ᠡᠷᠳᠡᠨᠢ ᠶᠢᠨ ᠣᠯᠠᠭᠠᠨ ᠴᠢᠪᠠᠭ᠎ᠠ ᠭᠡᠮᠡᠯᠢᠭ᠍ᠰᠡᠭᠡᠷ ᠡᠭᠦᠯᠡ ᠭᠦᠯᠦᠭᠯᠡᠨ ᠰᠠᠯᠭᠢ ᠭᠢᠰᠭᠢᠯᠡᠭᠡᠤᠨ ᠡᠭᠡ ᠭᠠᠵᠠᠷ ᠲᠤ ᠪᠠᠭᠤᠯ᠎ᠠ ᠃ ᠭᠦᠭᠡᠷᠦᠭᠦᠨ ᠴᠠᠭᠠᠨ ᠳᠠᠤᠯᠠᠢ ᠪᠦᠩ ᠪᠦᠩ ᠭᠦᠶ‍ᠦᠭ᠍ᠰᠡᠭᠡᠷ ᠭᠡᠨᠤᠨᠳᠡ ᠨᠢᠭᠡ ᠠᠰᠬ᠎ᠠ ᠬᠠᠳᠠᠨ ᠳᠤᠤᠷ᠎ᠠ ᠢᠷᠡᠭ᠍ᠰᠡᠨ ᠶᠢᠡᠨ ᠵᠠᠮ ᠮᠤᠬᠤᠷᠳᠠᠪᠠ ᠃ ᠠᠷᠭ᠎ᠠ ᠪᠠᠨ ᠪᠠᠷᠠᠭᠰᠠᠨ ᠴᠠᠭᠠᠨ ᠳᠠᠤᠯᠠᠢ ᠡᠰᠢ ᠳᠠᠰᠢ ᠴᠢᠭᠢ ᠬᠠᠢ᠌ᠴᠢᠯᠠᠨ ᠠᠵᠢᠭᠯᠠᠪᠠ ᠃ ᠦᠵᠡᠰᠠ ︕ ᠡᠭ᠍ᠴᠡ ᠬᠠᠳᠠᠨ ᠤ ᠭᠢᠷ᠎ᠠ ᠳ᠋ᠠᠭᠢ ᠬᠠᠷ᠎ᠠ ᠠᠭᠤᠢ ᠡᠴᠡ ᠷᠠᠰᠢᠶᠠᠨ ᠪᠣᠯᠠᠭ ᠣᠠᠳᠤᠷᠴᠤ ᠂ ᠪᠣᠯᠠᠭ ᠤᠨ ᠣᠰᠤᠨ ᠤ ᠭᠦᠪᠠᠭᠡ ᠪᠠᠷ ᠡᠷᠢᠭᠡᠤᠨ ᠣᠳᠠᠭᠰᠠᠨ ᠢᠳᠠᠷ᠎ᠠ ᠨᠤᠭᠤᠭ᠎ᠠ ᠨᠢ ᠭᠦᠭᠡᠷᠡᠨ᠎ᠡ ᠃ ᠠᠯᠠᠰᠭᠢᠨ ᠪᠠᠶᠠᠷᠯᠠᠭᠰᠠᠨ ᠴᠠᠭᠠᠨ ᠳᠠᠤᠯᠠᠢ ᠨᠤᠭᠤᠭ᠎ᠠ ᠢᠳᠡᠭᠦ ᠭᠡᠵᠤ ᠠᠮᠠ ᠪᠠᠨ ᠠᠩᠭ᠋ᠠᠢ᠌ᠳᠠᠯ᠎ᠠ ᠬᠠᠷᠢᠨ ᠵᠠᠭᠤᠭᠰᠠᠨ ᠡᠷᠳᠡᠨᠢ ᠶᠢᠨ ᠴᠢᠪᠠᠭ᠎ᠠ ᠨᠢ ᠭᠠᠵᠠᠷ ᠣᠨᠠᠵᠠᠢ ᠃

ᠭᠦᠭᠡᠷᠦᠭᠦᠨ ᠴᠠᠭᠠᠨ ᠳᠠᠤᠯᠠᠢ ᠴᠤ ᠨᠤᠭᠤᠭᠠᠨ ᠳᠤ ᠠᠮᠳᠠᠷᠬᠠᠭᠠᠤᠨ ᠣᠪᠠᠢ᠌ᠯᠠᠭᠰᠠᠨ ᠴᠤ ᠦᠭᠡᠶ᠃ ᠴᠠᠩ ᠧ ᠳᠠᠭᠢᠨᠢ ᠨᠣᠢ᠌ᠷᠮᠤᠭᠯᠠᠭᠰᠠᠨ ᠡᠴᠡ ᠰᠡᠷᠢᠭᠡᠤᠨ ᠂ ᠪᠢᠴᠢᠬᠠᠨ ᠴᠠᠭᠠᠨ ᠳᠠᠤᠯᠠᠢ ᠪᠠᠨ ᠮᠦᠷᠳᠠᠨ ᠡᠷᠢᠭᠦ ᠵᠠᠭᠤᠷ᠎ᠠ ᠭᠦᠮᠤᠨ ᠤ ᠣᠷᠴᠢᠯᠠᠩ ᠤᠨ ᠭᠤᠶᠤ ᠰᠠᠢ᠌ᠬᠠᠨ ᠢ ᠠᠩᠬᠠᠷᠤᠨ ᠷᠠᠰᠢᠶᠠᠨ ᠪᠣᠯᠠᠭ ᠲᠤ ᠢᠷᠠᠵᠤ ᠂ ᠷᠠᠰᠢᠶᠠᠨ ᠪᠣᠯᠠᠭ ᠤᠨ ᠳᠡᠷᠡᠭᠦ ᠳᠠᠭᠢᠷᠯᠠᠨ ᠮᠤᠷᠤᠯᠵᠠᠵᠤ ᠭᠡᠳᠤᠨ ᠬᠠᠳᠠ ᠶᠢ ᠳᠠᠮᠵᠢᠨ ᠂ ᠬᠠᠯᠢᠯ ᠬᠠᠳᠠᠨ ᠳᠡᠭᠡᠷ᠎ᠡ ᠡᠴᠡ ᠭᠦᠷᠭᠢᠷ᠎ᠡ ᠪᠣᠯᠤᠨ ᠴᠠᠢ᠌ᠯᠵᠠᠨ ᠪᠠᠭᠤᠬᠤ ᠶᠢ ᠪᠠᠬᠠᠷᠬᠠᠨ ᠱᠠᠭᠰᠢᠵᠤ ᠷᠠᠰᠢᠶᠠᠨ ᠶᠢᠡᠷ ᠪᠢᠯᠬᠠᠭᠰᠠᠨ 《ᠳᠤᠭᠤᠭ᠎ᠠ》 ᠬᠠᠳᠠᠨ ᠳ᠋ᠤᠨᠢ ᠪᠠᠶ᠎ᠠ ᠪᠠᠨ ᠷᠠᠰᠢᠶᠠᠯᠠᠵᠤ ᠨᠢᠭᠡ ᠵᠡᠷᠭᠡ ᠪᠠᠶ᠎ᠠ ᠠᠮᠠᠷᠠᠭᠠᠤᠨ ᠂ ᠪᠢᠴᠢᠬᠠᠨ ᠳᠠᠤᠯᠠᠢ ᠪᠠᠨ ᠳᠠᠭᠠᠭᠤᠯᠤᠨ ᠰᠠᠷᠠᠨ ᠣᠷᠳᠤᠨ ᠳᠠᠭᠠᠨ ᠪᠣᠴᠠᠪᠠ ᠭᠡᠨ᠎ᠡ ᠃ ᠷᠠᠰᠢᠶᠠᠨ ᠬᠤᠷ᠎ᠠ ᠶᠢᠨ ᠣᠮᠳᠠᠯᠠᠭ᠎ᠠ ᠂ ᠡᠩᠭᠡ ᠶᠢᠨ ᠳᠤᠶᠠᠭᠠᠨ ᠤ ᠰᠠᠴᠤᠷᠠᠭ ᠶᠢᠡᠷ ᠡᠷᠳᠡᠨᠢ ᠶᠢᠨ ᠦᠷ᠎ᠡ ᠨᠢ ᠡᠨᠡ ᠠᠭᠤᠯᠠ ᠶᠢᠨ ᠦᠩ ᠰᠢᠮᠡᠯᠢᠭ᠌ ᠭᠦᠷᠦᠰᠤᠨ ᠳᠤ ᠦᠨᠳᠦᠰᠦ ᠬᠠᠤᠠᠬᠤᠵᠤ ᠂ ᠡᠷᠭᠢᠭᠦ ᠬᠠᠪᠣᠷ ᠨᠢ ᠣᠯᠠᠭᠠᠨ ᠴᠢᠪᠠᠭ᠎ᠠ ᠶᠢᠨ ᠮᠤᠳᠤ ᠣᠷᠭᠤᠯ᠎ᠠ ᠃ ᠣᠨ ᠵᠢᠯ ᠥᠩᠭᠡᠷᠡᠭ᠍ᠰᠡᠭᠡᠷ ᠂ ᠣᠷᠭᠤᠭᠰᠠᠨ ᠮᠤᠳᠤ ᠴᠤ ᠥᠷᠡᠵᠢᠭ᠍ᠰᠡᠭᠡᠷ ᠷᠠᠰᠢᠶᠠᠨ ᠠᠭᠤᠯᠠ ᠶᠢᠨ ᠡᠩᠭᠡᠷ ᠬᠠᠵᠠᠭᠤ ᠴᠢᠪᠠᠭ᠎ᠠ ᠶᠢᠨ ᠣᠢ ᠰᠢᠭᠣᠢ᠌ᠷᠠᠯ᠎ᠠ ᠃ ᠡᠢ᠌ᠡᠭᠦ ᠡ᠊ᠡᠳᠡᠭᠢ ᠮᠠᠯᠴᠢᠤᠨ ᠣᠨ ᠣᠨ ᠤ ᠨᠠᠮᠤᠷ ᠤᠨ ᠣᠯᠠᠷᠢᠯ ᠳᠤ ᠡ᠊ᠡᠳᠡ ᠪᠠᠨ ᠢᠷᠡᠭᠡᠤᠨ ᠂ ᠣᠷᠭᠢᠯ ᠪᠣᠯᠠᠭ ᠤᠨ ᠷᠠᠰᠢᠶᠠᠨ ᠣᠰᠤ ᠶᠢ ᠬᠠᠠᠳᠠᠯ᠎ᠠ ᠣᠤᠭᠤᠵᠤ ᠂ ᠠᠭᠤᠯᠠᠨ ᠬᠤᠷᠮᠤᠢ ᠶᠢᠨ ᠡᠷᠳᠡᠨᠢ ᠶᠢᠨ ᠴᠢᠪᠠᠭ᠎ᠠ ᠶᠢ ᠴᠠᠤᠠᠳᠠᠯ᠎ᠠ ᠢᠳᠠᠵᠤ ᠂ ᠣᠷᠳᠤ ᠨᠠᠰᠤᠯᠠᠵᠤ ᠣᠳᠠᠭᠠᠨ ᠵᠢᠷᠭᠠᠬᠤ ᠪᠠᠨ ᠵᠥᠩᠨᠡᠳᠡᠭ᠌ ᠭᠡᠨ᠎ᠡ ᠃

ᠢᠩᠭᠢᠭᠡᠤᠨ ᠭᠦᠮᠦᠰ ᠡᠨᠡ ᠠᠭᠤᠯᠠ ᠪᠠᠨ ᠴᠢᠪᠠᠭᠠᠳᠤ ᠠᠭᠤᠯᠠ ᠭᠡᠵᠤ ᠂ ᠡ᠊ᠡᠳᠡ ᠰᠤᠮᠤ ᠪᠠᠢ᠌ᠭᠤᠯᠤᠭᠰᠠᠨ ᠶᠢᠡᠷ ᠶᠢᠡᠨ ᠴᠢᠪᠠᠭᠠᠳᠤ ᠰᠤᠮᠤ ᠭᠡᠵᠤ ᠨᠡᠷᠡᠯᠡᠭ᠍ᠰᠡᠨ ᠭᠡᠨ᠎ᠡ ᠰᠢᠤ ᠃


ᠵᠤᠬᠢᠶᠠᠭᠴᠢ᠄ ᠲ·ᠲᠦᠷᠭᠡᠨᠪᠠᠶᠠᠷ
ᠬᠠᠷᠢᠶ᠎ᠠ᠄ ᠥᠭᠥᠯᠡᠯᠭᠡ
ᠳᠠᠷᠤᠮ᠄ 8663
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ