ᠮᠤᠩᠭ᠋ᠤᠯᠴᠤᠳ ᠤᠨ ᠳᠡᠭᠡᠰᠤ ᠳᠠᠮᠤᠬᠤ ᠰᠤᠶᠤᠯ

ᠡᠪᠠᠰᠤᠨ ᠳᠡᠭᠡᠰᠤ

ᠭᠦᠮᠤᠨ ᠳᠦᠷᠤᠯᠭᠢᠳᠠᠨ ᠤ ᠳᠡᠭᠡᠰᠤ ᠳᠠᠮᠤᠬᠤ ᠶᠢᠨ ᠡᠭᠢ ᠡᠭᠦᠰᠦᠯ ᠨᠢ ᠴᠠᠭᠢᠯᠳᠠᠭ ᠵᠠᠩᠭᠢᠤᠠᠬᠤ ᠭᠦᠷᠦᠮᠡᠯ ᠡᠴᠡ ᠡᠭᠢᠯᠡᠭ᠍ᠰᠡᠨ ᠪᠣᠯᠤᠯᠳᠠᠢ᠃ ᠳᠠᠷᠠ ᠦᠶ᠎ᠡ ᠬᠠᠭᠤᠴᠢᠨ ᠴᠢᠯᠠᠭᠤᠨ ᠵᠡᠪᠰᠡᠭ᠌ ᠤᠨ ᠦᠶ᠎ᠡ ᠳᠤ ᠪᠠᠢ᠌ᠭᠠᠯᠢ ᠶᠢᠨ ᠡᠪᠠᠰᠤ ᠣᠷᠭᠤᠮᠠᠯ ᠢ ᠨᠣᠢ᠌ᠳᠠᠨ ᠪᠠᠢ᠌ᠬᠤ ᠳᠤ ᠨᠢ ᠳᠡᠭᠦᠵᠤ᠂ ᠳᠠᠪᠬᠤᠷ ᠡᠷᠴᠢᠮ ᠤᠨ ᠳᠡᠭᠡᠰᠤ ᠳᠠᠮᠤᠵᠤ᠂ ᠴᠢᠯᠠᠭᠤᠨ ᠪᠠᠭᠠᠵᠢ ᠪᠠᠨ ᠪᠠᠭᠢᠯᠡᠭᠦ᠂ ᠮᠤᠳᠤ ᠶᠠᠭᠤᠮ᠎ᠠ ᠳᠡᠭᠦᠭᠡᠳ ᠣᠭᠤᠰᠤᠷᠯᠠᠨ ᠪᠣᠭᠤᠵᠤ ᠡᠭᠦᠷᠭᠦ᠂ ᠳᠤᠤᠷ ᠭᠢᠭᠦ᠂ ᠣᠪᠣᠬᠠᠢ ᠭᠡᠷ ᠰᠠᠭᠤᠴᠠ ᠪᠠᠨ ᠣᠶᠠᠵᠤ ᠪᠠᠭᠢᠯᠡᠭᠦ ᠵᠡᠷᠭᠡ ᠦᠨᠳᠦᠰᠦᠨ ᠭᠡᠷᠡᠭ᠍ᠴᠡᠭᠡ ᠪᠠᠨ ᠬᠠᠩᠭ᠋ᠠᠵᠤ ᠪᠠᠢ᠌ᠪᠠ᠃ ᠡᠪᠠᠰᠤᠨ ᠳᠡᠭᠡᠰᠤ ᠳᠠᠮᠤᠵᠤ ᠰᠦᠯᠵᠢᠵᠤ ᠭᠡᠷᠡᠭᠯᠡᠭ᠍ᠰᠡᠨ ᠴᠠᠭ ᠬᠤᠭᠤᠴᠠᠭ᠎ᠠ ᠨᠠᠯᠢᠶᠠᠤᠨ ᠣᠷᠳᠤ ᠣᠳᠠᠭᠠᠨ ᠪᠠᠢ᠌ᠵᠠᠢ᠃

ᠰᠤᠷ ᠳᠡᠭᠡᠰᠤ

ᠴᠢᠯᠠᠭᠤᠨ ᠵᠡᠪᠰᠡᠭ᠌ ᠤᠨ ᠦᠶ᠎ᠡ ᠳᠤ ᠡᠪᠠᠰᠤᠨ ᠳᠡᠭᠡᠰᠤ ᠭᠡᠷᠡᠭᠯᠡᠵᠤ ᠪᠠᠢ᠌ᠭᠰᠠᠨ ᠡᠴᠡ ᠪᠠᠨ ᠠᠪᠠᠯᠠᠵᠤ ᠣᠯᠤᠭᠰᠠᠨ ᠠᠮᠢᠳᠠᠨ ᠠᠷᠢᠶᠠᠳᠠᠨ ᠤ ᠠᠷᠠᠰᠤ ᠰᠢᠷᠢ᠂ ᠰᠢᠷᠪᠣᠰᠤ ᠶᠢ ᠬᠤᠷᠴᠠ ᠴᠢᠯᠠᠭᠤ ᠢᠷᠳᠤ ᠮᠠᠰᠠ ᠪᠠᠷ ᠵᠦᠰᠤᠵᠤ᠂ ᠳᠠᠮᠤᠵᠤ᠂ ᠵᠠᠯᠭᠠᠵᠤ ᠡᠳ᠋ᠯᠡᠭᠦ ᠪᠣᠯᠪᠠ᠃ ᠰᠤᠷ ᠨᠢ ᠡᠪᠠᠰᠤᠨ ᠳᠡᠭᠡᠰᠤ ᠶᠢ ᠪᠣᠳᠤᠪᠠᠯ ᠪᠦᠭᠡ᠂ ᠡᠳ᠋ᠯᠡᠯᠭᠡ ᠳᠤ ᠳᠠᠭᠠᠭᠠᠴᠠ ᠰᠠᠢ᠌ᠳᠠᠢ ᠪᠠᠢ᠌ᠳᠠᠭ᠃

ᠰᠡᠭᠦᠯᠳᠡᠵᠤ ᠢᠷᠡᠭᠡᠳ᠂ ᠰᠤᠷ ᠳᠡᠭᠡᠰᠤ ᠶᠡᠭᠡ ᠭᠦᠭ᠍ᠵᠢᠯ ᠶᠢᠡᠨ ᠣᠯᠵᠤ᠂ ᠨᠡᠭᠦᠳᠡᠯᠴᠢᠨ ᠮᠠᠯᠴᠢᠳ ᠤᠨ ᠠᠵᠤ ᠠᠮᠢᠳᠤᠷᠠᠯ ᠳᠤ ᠳᠤᠳᠠᠭᠳᠠᠵᠤ ᠪᠣᠯᠤᠰᠢ ᠦᠭᠡᠶ ᠦᠷᠭᠡᠨ ᠭᠡᠷᠡᠭ᠍ᠴᠡᠭᠡ ᠶᠢ ᠬᠠᠩᠭ᠋ᠠᠬᠤ ᠪᠣᠯᠪᠠ᠃ ᠰᠤᠷ ᠳᠡᠭᠡᠰᠤ ᠪᠣᠯ ᠴᠢᠨᠠᠷ ᠴᠢᠠᠰᠠᠭ᠎ᠠ ᠰᠠᠢ᠌ᠨ᠂ ᠪᠦᠭᠡ ᠡᠳ᠋ᠯᠡᠯ ᠳᠤᠯᠠ ᠬᠠᠳᠠᠭᠤ ᠰᠢᠷᠦᠭᠦᠨ ᠡᠳ᠋ᠯᠡᠯᠭᠡᠨ ᠳᠤ ᠵᠤᠷᠢᠭᠤᠯᠵᠤ᠂ ᠳᠦᠷᠤᠯ ᠪᠦᠷᠢ ᠶᠢᠨ ᠡᠳ᠋ᠯᠡᠯ ᠭᠢᠭᠦ ᠪᠣᠯᠵᠤ᠂ ᠬᠤᠶᠠᠷ᠂ ᠭᠤᠷᠪᠠᠨ ᠡᠷᠴᠢᠮ ᠶᠢᠡᠷ ᠳᠠᠮᠤᠬᠤ᠂ ᠰᠥᠯᠵᠢᠭᠦ ᠵᠡᠷᠭᠡ ᠣᠷ᠎ᠠ ᠮᠡᠷᠭᠡᠵᠢᠯ ᠶᠢᠡᠷ ᠪᠣᠯᠪᠠᠰᠤᠷᠠᠭᠤᠯᠵᠤ ᠡᠳ᠋ᠯᠡᠵᠤ ᠢᠷᠡᠭ᠍ᠰᠡᠨ ᠡᠴᠡ ᠴᠢᠳᠦᠷ᠂ ᠳᠤᠱᠠ᠂ ᠡᠮᠡᠭᠡᠯ᠂ ᠬᠠᠵᠠᠭᠠᠷ᠂ ᠢᠰᠡᠭᠡᠢ ᠶᠢᠨ ᠳᠠᠳᠠᠯᠭ᠎ᠠ ᠵᠡᠷᠭᠡ ᠳᠤ ᠳᠦᠭᠡᠮᠡᠯ ᠭᠡᠷᠡᠭᠯᠡᠭᠦ ᠪᠣᠯᠵᠤ ᠡᠳᠦᠭᠡ ᠭᠦᠷᠳᠡᠯ᠎ᠡ ᠣᠯᠠᠮᠵᠢᠯᠠᠭᠳᠠᠨ ᠭᠦᠭ᠍ᠵᠢᠵᠤ ᠢᠷᠠᠪᠠ᠃

ᠥᠭᠡᠷ ᠤᠨ ᠠᠷᠠᠰᠤ ᠰᠢᠷᠢ ᠪᠠᠷ ᠭᠤᠤᠯᠳᠠᠭᠤ ᠰᠤᠷ ᠡᠳ᠋ᠯᠡᠯ᠂ ᠳᠡᠮᠡᠭᠡᠨ ᠰᠢᠷᠢ᠂ ᠠᠳᠤᠭᠤᠨ ᠤ ᠰᠢᠷᠢ ᠪᠠᠷ ᠬᠠᠨ᠎ᠠ ᠶᠢᠨ ᠥᠳᠡᠭᠡᠷᠢ ᠢᠰᠡᠭᠡᠢ ᠶᠢᠨ ᠳᠠᠳᠠᠯᠭ᠎ᠠ ᠶᠢᠨ ᠳᠡᠭᠡᠰᠤ᠂ ᠰᠤᠷ ᠳᠡᠭᠡᠰᠤ ᠭᠢᠳᠡᠭ᠌᠃

ᠲ᠋ᠡᠮᠡᠭᠡᠨ ᠤ ᠣᠩᠭ᠋ᠠᠰᠤᠨ ᠳᠡᠭᠡᠰᠤ

ᠲ᠋ᠡᠮᠡᠭᠡᠨ ᠤ ᠣᠩᠭ᠋ᠠᠰᠤ ᠳᠤ ᠡᠪᠦᠳᠦᠭ᠌᠂ ᠵᠤᠭᠳᠤᠷ᠂ ᠰᠢᠯᠢ ᠶᠢᠨ ᠣᠩᠭ᠋ᠠᠰᠤ ᠶᠢ ᠡᠷ᠎ᠡ ᠣᠩᠭ᠋ᠠᠰᠤ ᠭᠡᠵᠤ ᠪᠣᠰᠤᠳ ᠣᠩᠭ᠋ᠠᠰᠤ ᠶᠢ ᠡᠮᠡᠭᠡᠨ ᠣᠩᠭ᠋ᠠᠰᠤ ᠭᠡᠵᠤ ᠢᠯᠭᠠᠨ ᠨᠠᠷᠠᠯᠠᠵᠤ᠂ ᠠᠰᠢᠭᠯᠠᠵᠤ ᠢᠷᠠᠵᠠᠢ᠃ ᠡᠪᠦᠳᠦᠭ᠌᠂ ᠵᠤᠭᠳᠤᠷ᠂ ᠰᠢᠯᠢ ᠶᠢᠨ ᠣᠩᠭ᠋ᠠᠰᠤ ᠪᠠᠷ ᠡᠳ᠋ᠯᠡᠯᠭᠡᠨ ᠤ ᠳᠡᠭᠡᠰᠤ ᠭᠢᠭᠦ ᠨᠢ ᠣᠯᠠᠨ᠃ ᠣᠴᠢᠷ ᠨᠢ ᠳᠡᠮᠡᠭᠡᠨ ᠤ ᠵᠤᠭᠳᠤᠷ᠂ ᠡᠪᠦᠳᠦᠭ᠌᠂ ᠰᠢᠯᠢ ᠶᠢᠨ ᠣᠩᠭ᠋ᠠᠰᠤ ᠪᠣᠯ ᠴᠢᠨᠠᠷ ᠴᠢᠠᠰᠠᠭ᠎ᠠ ᠲᠡᠶ᠂ ᠡᠳ᠋ᠯᠡᠯᠭᠡ ᠳᠤ ᠳᠠᠭᠠᠭᠠᠴᠠ ᠰᠠᠢ᠌ᠨ ᠳᠡᠭᠡᠰᠤ ᠳᠠᠮᠤᠬᠤ ᠡᠭᠢ ᠮᠠᠲ᠋ᠸᠷᠢᠶᠠᠯ ᠶᠤᠮ᠃ ᠳᠡᠮᠡᠭᠡᠨ ᠤ ᠡᠪᠦᠳᠦᠭ᠌᠂ ᠵᠤᠭᠳᠤᠷ᠂ ᠰᠢᠯᠢ ᠶᠢᠨ ᠰᠤᠷ ᠰᠠᠢ᠌ᠳᠠᠢ ᠣᠩᠭ᠋ᠠᠰᠤ ᠪᠠᠷ ᠳᠠᠮᠤᠭᠰᠠᠨ ᠳᠡᠭᠡᠰᠤ ᠪᠣᠯ ᠰᠤᠨᠤᠯᠳᠠ ᠪᠠᠭ᠎ᠠ᠂ ᠪᠦᠭᠡᠯᠢᠭ᠌ ᠪᠠᠢ᠌ᠳᠠᠭ᠃ ᠡᠮᠡᠭᠡᠨ ᠣᠩᠭ᠋ᠠᠰᠤ ᠪᠠᠷ ᠳᠠᠮᠤᠭᠰᠠᠨ ᠳᠡᠭᠡᠰᠤ ᠪᠣᠯ ᠰᠤᠨᠤᠯᠳᠠ ᠶᠡᠭᠡ᠂ ᠭᠡᠪᠠᠷᠡᠭ᠌ ᠳᠠᠯ᠎ᠠ ᠲᠡᠶ᠂ ᠡᠢ᠌ᠮᠤ ᠣᠩᠭ᠋ᠠᠰᠤ ᠪᠠᠷ ᠳᠠᠮᠤᠭᠰᠠᠨ ᠳᠡᠭᠡᠰᠤ ᠶᠢ ᠵᠡᠭᠡᠭ᠌᠂ ᠳᠡᠮᠡᠭᠡᠨ ᠤ ᠪᠣᠷᠠᠠᠳᠠᠭ᠂ ᠴᠠᠪᠣᠭ ᠤᠨ ᠣᠭᠤᠰᠤᠷ᠂ ᠳᠤᠭᠤᠷᠭᠠᠨ ᠤ ᠭᠤᠳᠤᠷᠤᠤᠯ ᠁ ᠵᠡᠷᠭᠡ ᠳᠤ ᠭᠡᠷᠡᠭᠯᠡᠭᠦ ᠨᠢ ᠣᠯᠠᠨ᠃

ᠲ᠋ᠡᠮᠡᠭᠡᠨ ᠤ ᠡᠪᠦᠳᠦᠭ᠌᠂ ᠵᠤᠭᠳᠤᠷ ᠤᠨ ᠣᠩᠭ᠋ᠠᠰᠤ ᠶᠢ ᠡᠭᠢ ᠳᠡᠭᠡᠰᠤ᠂ ᠭᠡᠷ ᠤᠨ ᠬᠤᠰᠢᠯᠠᠩ᠁ ᠵᠡᠷᠭᠡ ᠳᠤ ᠢᠯᠡᠭᠦᠤ ᠭᠡᠷᠡᠭᠯᠡᠨ᠎ᠡ᠃ ᠪᠠᠰᠠ ᠣᠳᠠᠰᠤ ᠡᠭᠡᠷᠡᠭᠦ ᠳᠤ ᠭᠡᠷᠡᠭᠯᠡᠭᠦ ᠪᠦᠭᠡᠳ ᠰᠢᠷᠢᠭᠡᠰᠤ ᠰᠢᠷᠢᠭᠦ ᠳᠤ ᠡᠳ᠋ᠯᠡᠨ᠎ᠡ᠃

ᠲ᠋ᠡᠮᠡᠭᠡᠨ ᠤ ᠣᠩᠭ᠋ᠠᠰᠤ ᠶᠢ ᠠᠳᠤᠭᠤᠨ ᠤ ᠳᠠᠯ ᠰᠡᠭᠦᠯ᠂ ᠢᠮᠠᠭᠠᠨ ᠤ ᠭᠢᠯᠭᠠᠰᠤ ᠲᠡᠶ ᠠᠳᠠᠯᠢ ᠳᠡᠭ᠍ᠰᠢ ᠬᠤᠯᠢᠵᠤ ᠳᠠᠮᠤᠪᠠᠯ᠂ ᠪᠦᠭᠡ᠂ ᠰᠤᠨᠤᠯᠳᠠ ᠦᠭᠡᠶ ᠪᠠᠢ᠌ᠳᠠᠭ ᠪᠣᠯᠬᠤᠷ᠂ ᠬᠤᠯᠢᠮᠠᠯ ᠳᠡᠭᠡᠰᠤ ᠴᠤ ᠨᠠᠯᠢᠶᠠᠤᠨ ᠳᠦᠭᠡᠮᠡᠯ ᠭᠡᠷᠡᠭᠯᠡᠭ᠍ᠳᠡᠵᠤ ᠢᠷᠠᠵᠠᠢ᠃

ᠭᠢᠯᠭᠠᠰᠤᠨ ᠳᠡᠭᠡᠰᠤ

ᠠᠳᠤᠭᠤᠨ ᠤ ᠳᠠᠯ᠂ ᠰᠡᠭᠦᠯ᠂ ᠢᠮᠠᠭᠠᠨ ᠤ ᠭᠢᠯᠭᠠᠰᠤ ᠪᠠᠷ ᠳᠠᠮᠤᠭᠰᠠᠨ ᠳᠡᠭᠡᠰᠤ ᠶᠢ ᠮᠤᠩᠭ᠋ᠤᠯᠴᠤᠳ ᠭᠢᠯᠭᠠᠰᠤᠨ ᠳᠡᠭᠡᠰᠤ ᠭᠡᠳᠡᠭ᠌᠃

ᠠᠳᠤᠭᠤᠨ ᠤ ᠳᠠᠯ᠂ ᠰᠡᠭᠦᠯ᠂ ᠢᠮᠠᠭᠠᠨ ᠤ ᠭᠢᠯᠭᠠᠰᠤ ᠶᠢ ᠰᠠᠢ᠌ᠬᠠᠨ ᠰᠢᠷᠭᠡᠭ᠌ ᠰᠢᠷᠭᠡᠭ᠌ ᠶᠢᠡᠷ ᠰᠠᠮᠨᠠᠨ ᠣᠷᠠᠵᠤ᠂ ᠳᠦᠭᠦᠳᠡᠭᠯᠡᠨ ᠳᠡᠭᠡᠰᠤ ᠳᠠᠮᠤᠨ᠎ᠠ᠃ ᠭᠢᠯᠭᠠᠰᠤᠨ ᠳᠡᠭᠡᠰᠤ ᠪᠣᠯ ᠪᠢᠷᠠᠯᠢᠭ᠂ ᠪᠦᠭᠡ᠂ ᠡᠷᠴᠢ ᠰᠠᠢ᠌ᠨ ᠣᠷᠤᠵᠤ ᠡᠳ᠋ᠯᠡᠯᠭᠡᠨ ᠳᠤ ᠣᠳᠠᠭᠠᠨ ᠳᠠᠭᠠᠭᠠᠴᠠ ᠲᠡᠶ᠂ ᠴᠢᠭᠢᠭ᠌ ᠪᠣᠷᠤᠭᠠᠨ ᠳᠤ ᠰᠠᠢ᠌ᠨ ᠵᠡᠷᠭᠡ ᠳᠠᠪᠠᠭᠤ ᠳᠠᠯ᠎ᠠ ᠲᠡᠶ ᠣᠴᠢᠷ ᠡᠴᠡ ᠠᠳᠤᠭᠤᠨ ᠤ ᠳᠠᠯ᠂ ᠰᠡᠭᠦᠯ᠂ ᠢᠮᠠᠭᠠᠨ ᠤ ᠭᠢᠯᠭᠠᠰᠤ ᠪᠠᠷ ᠣᠷᠠᠬ᠎ᠠ ᠪᠣᠭᠣᠢ᠌ᠯᠢ᠂ ᠡᠭᠢ ᠳᠡᠭᠡᠰᠤ᠂ ᠭᠡᠷ ᠤᠨ ᠣᠭᠤᠰᠤᠷ ᠪᠦᠴᠡ ᠁ ᠵᠡᠷᠭᠡ ᠣᠯᠠᠨ ᠭᠡᠷᠡᠭᠯᠡᠭᠡᠨ ᠤ ᠳᠡᠭᠡᠰᠤ ᠳᠠᠮᠤᠳᠠᠭ᠃

ᠨᠠᠩ ᠴᠤ ᠣᠳᠠᠭᠠᠨ ᠡᠳ᠋ᠯᠡᠯᠭᠡᠨ ᠤ ᠪᠣᠶᠤ ᠬᠠᠳᠠᠭᠤ ᠭᠦᠳᠡᠭᠦᠤ ᠠᠵᠢᠯ ᠳᠦᠷᠤᠯ ᠳᠤ ᠡᠳ᠋ᠯᠡᠭᠦ ᠳᠡᠭᠡᠰᠤ ᠶᠢ ᠪᠦᠷ ᠭᠢᠯᠭᠠᠰᠤ ᠵᠢᠴᠢ ᠣᠩᠭ᠋ᠠᠰᠤ ᠭᠢᠯᠭᠠᠰᠤ ᠬᠤᠯᠢᠵᠤ ᠳᠠᠮᠤᠵᠤ ᠭᠢᠳᠡᠭ᠌ ᠶᠤᠮ᠃

ᠬᠤᠨᠢᠨ ᠤ ᠣᠩᠭ᠋ᠠᠰᠤᠨ ᠳᠡᠭᠡᠰᠤ

ᠡᠭᠦᠨ ᠢ ᠬᠤᠨᠢᠨ ᠤ ᠣᠷᠳᠤ ᠶᠢᠨ ᠣᠩᠭ᠋ᠠᠰᠤ ᠪᠠᠷ ᠳᠠᠮᠤᠨ᠎ᠠ᠃ ᠬᠤᠨᠢᠨ ᠤ ᠣᠩᠭ᠋ᠠᠰᠤᠨ ᠳᠡᠭᠡᠰᠤ ᠶᠢ ᠭᠤᠤᠯᠳᠠᠭᠤ ᠬᠤᠷᠠᠭᠠᠨ ᠤ ᠭᠦᠭᠡᠨ᠎ᠡ᠂ ᠬᠤᠨᠢᠨ ᠤ ᠬᠤᠯᠪᠣᠭ᠎ᠠ ᠁ ᠵᠡᠷᠭᠡ ᠳᠤ ᠭᠡᠷᠡᠭᠯᠡᠨ᠎ᠡ᠃ ᠬᠤᠨᠢᠨ ᠤ ᠣᠩᠭ᠋ᠠᠰᠤᠨ ᠳᠡᠭᠡᠰᠤ ᠨᠢ ᠳᠡᠮᠡᠭᠡᠨ ᠤ ᠣᠩᠭ᠋ᠠᠰᠤᠨ ᠳᠡᠭᠡᠰᠤ᠂ ᠭᠢᠯᠭᠠᠰᠤᠨ ᠳᠡᠭᠡᠰᠤ ᠶᠢ ᠪᠣᠳᠤᠪᠠᠯ ᠭᠡᠪᠠᠷᠡᠭ᠌ ᠪᠠᠭᠤᠷᠠᠢ ᠳᠤᠯᠠ ᠭᠦᠴᠤ ᠪᠠᠭ᠎ᠠ ᠣᠷᠤᠬᠤ ᠡᠳ᠋ᠯᠡᠯᠭᠡᠨ ᠳᠤ ᠳᠤᠭᠢᠷᠠᠭᠤᠯᠵᠤ ᠭᠡᠷᠡᠭᠯᠡᠭᠦ ᠨᠢ ᠣᠯᠠᠨ ᠪᠠᠢ᠌ᠳᠠᠭ᠃

ᠥᠭᠡᠷ ᠤᠨ ᠨᠤᠤᠰᠤᠨ ᠳᠡᠭᠡᠰᠤ

ᠥᠭᠡᠷ ᠤᠨ ᠭᠦᠭᠡᠪᠦᠷ ᠨᠤᠤᠰᠤ ᠪᠠᠷ ᠳᠠᠮᠤᠨ᠎ᠠ᠃ ᠥᠭᠡᠷ ᠤᠨ ᠨᠤᠤᠰᠤᠨ ᠳᠡᠭᠡᠰᠤ ᠪᠣᠯ ᠴᠢᠭᠢᠭ᠌ ᠲᠤ ᠰᠠᠢ᠌ᠨ᠂ ᠪᠦᠭᠡᠯᠢᠭ᠌ ᠵᠡᠷᠭᠡ ᠳᠠᠯ᠎ᠠ ᠲᠡᠶ᠂ ᠰᠠᠷᠯᠤᠭ ᠥᠭᠡᠷ ᠡᠳ᠋ᠯᠡᠳᠡᠭ᠌ ᠭᠠᠵᠠᠷ ᠰᠠᠷᠯᠤᠭ ᠤᠨ ᠭᠢᠯᠭᠠᠰᠤ᠂ ᠭᠦᠭᠡᠪᠦᠷ ᠪᠠᠷ ᠳᠡᠭᠡᠰᠤ ᠳᠠᠮᠤᠵᠤ ᠡᠳ᠋ᠯᠡᠭᠦ ᠨᠢ ᠢᠯᠡᠭᠦᠤ᠃ ᠥᠭᠡᠷ ᠤᠨ ᠨᠤᠤᠰᠤᠨ ᠳᠡᠭᠡᠰᠤ ᠪᠠᠷ ᠴᠢᠳᠤᠷ᠂ ᠳᠤᠱᠠ᠂ ᠵᠢᠯᠤᠭᠤ᠂ ᠴᠤᠯᠪᠣᠭᠤᠷ ᠁ ᠵᠡᠷᠭᠡ ᠶᠢ ᠭᠢᠳᠡᠭ᠌᠃ ᠮᠤᠩᠭ᠋ᠤᠯ ᠣᠷᠤᠨ ᠳᠤ ᠥᠭᠡᠷ ᠤᠨ ᠨᠤᠤᠰᠤᠨ ᠳᠡᠭᠡᠰᠤ ᠳᠠᠢ᠌ᠮᠤ ᠳᠦᠭᠡᠮᠡᠯ ᠭᠡᠷᠡᠭᠯᠡᠭ᠍ᠳᠡᠳᠡᠭ᠌ ᠦᠭᠡᠶ᠃

ᠣᠯᠤᠰᠤᠨ ᠳᠡᠭᠡᠰᠤ

ᠲ᠋ᠠᠷᠢᠮᠠᠯ ᠣᠯᠤᠰᠤ ᠪᠠᠷ ᠳᠠᠮᠤᠨ᠎ᠠ᠃ ᠣᠯᠤᠰᠤᠨ ᠳᠡᠭᠡᠰᠤ ᠴᠢᠨᠠᠷ ᠰᠠᠢ᠌ᠨ ᠴᠢᠭᠢᠭ᠌ ᠨᠣᠢ᠌ᠳᠠᠨ ᠳᠤ ᠳᠠᠭᠠᠭᠠᠴᠠ ᠲᠡᠶ᠃

ᠲ᠋ᠠᠷᠢᠮᠠᠯ ᠣᠯᠤᠰᠤ ᠪᠠᠷ ᠳᠠᠩ᠂ ᠳᠠᠪᠬᠤᠷ᠂ ᠭᠤᠷᠮᠤᠰᠤᠨ ᠳᠡᠭᠡᠰᠤ ᠳᠠᠮᠤᠳᠠᠭ᠃ ᠭᠦᠡᠳᠤ ᠠᠴᠢᠶ᠎ᠠ ᠬᠤᠯᠠ ᠶᠢᠨ ᠠᠶᠠᠨ ᠳᠤ ᠭᠡᠷᠡᠭᠯᠡᠭᠦ ᠳᠤ ᠳᠤᠩ ᠰᠠᠢ᠌ᠨ ᠪᠠᠢ᠌ᠳᠠᠭ ᠣᠠᠴᠠᠯᠢᠭ ᠲᠡᠶ᠃ ᠳᠠᠷᠢᠮᠠᠯ ᠣᠯᠤᠰᠤ ᠪᠠᠷ ᠣᠳᠠᠰᠤ ᠡᠭᠡᠷᠡᠵᠤ ᠭᠤᠳᠤᠯ ᠰᠢᠷᠢᠭᠦ ᠁ ᠵᠡᠷᠭᠡ ᠳᠤ ᠡᠳ᠋ᠯᠡᠨ᠎ᠡ᠃

ᠲ᠋ᠠᠩ ᠳᠡᠭᠡᠰᠤ

ᠲ᠋ᠡᠮᠡᠭᠡᠨ ᠤ ᠣᠩᠭ᠋ᠠᠰᠤ᠂ ᠠᠳᠤᠭᠤᠨ ᠤ ᠭᠢᠯᠭᠠᠰᠤ᠂ ᠬᠤᠨᠢᠨ ᠤ ᠣᠩᠭ᠋ᠠᠰᠤ᠂ ᠢᠮᠠᠭᠠᠨ ᠤ ᠭᠢᠯᠭᠠᠰᠤ᠂ ᠥᠭᠡᠷ ᠤᠨ ᠨᠤᠤᠰᠤ᠂ ᠣᠯᠤᠰᠤ ᠁ ᠵᠡᠷᠭᠡ ᠪᠠᠷ ᠳᠡᠭᠡᠰᠤ ᠳᠠᠮᠤᠬᠤ ᠳᠤ ᠵᠦᠪ᠂ ᠰᠤᠯᠤᠭᠠᠢ ᠬᠤᠶᠠᠷ ᠶᠠᠩᠵᠤ ᠪᠠᠷ ᠳᠠᠮᠤᠨ᠎ᠠ᠃ ᠡᠩ ᠤᠨ ᠡᠳ᠋ᠯᠡᠯ ᠳᠤ ᠵᠤᠷᠢᠭᠤᠯᠤᠭᠰᠠᠨ ᠳᠡᠭᠡᠰᠤ ᠶᠢ ᠳᠠᠩ ᠳᠠᠮᠤᠵᠤ᠂ ᠵᠡᠭᠡᠭ᠌᠂ ᠭᠤᠳᠤᠷᠤᠤᠯ᠂ ᠪᠣᠷᠠᠠᠳᠠᠭ᠂ ᠶᠠᠭᠤᠮᠠᠨ ᠤ ᠪᠣᠭᠤᠯᠳᠠ᠂ ᠭᠡᠴᠡᠨ ᠤ ᠣᠶᠠᠭ᠎ᠠ ᠁ ᠵᠡᠷᠭᠡ ᠶᠢᠨ ᠵᠣᠢ᠌ᠯ ᠳᠤ ᠭᠡᠷᠡᠭᠯᠡᠨ᠎ᠡ᠃ ᠰᠤᠯᠤᠭᠠᠢ ᠳᠠᠮᠤᠭᠰᠠᠨ ᠳᠡᠭᠡᠰᠤ ᠶᠢ ᠡᠩ ᠤᠨ ᠶᠠᠮᠠᠷ ᠨᠢᠭᠡᠨ ᠡᠳ᠋ᠯᠡᠯᠭᠡᠨ ᠳᠤ ᠭᠡᠷᠡᠭᠯᠡᠭᠦ ᠦᠭᠡᠶ᠂ ᠵᠥᠪᠭᠡᠨ ᠳᠠᠪᠬᠤᠷᠯᠠᠵᠤ ᠳᠠᠮᠤᠬᠤ ᠳᠡᠭᠡᠰᠤᠨ ᠳᠤ ᠭᠡᠷᠡᠭᠯᠡᠨ᠎ᠡ᠃

ᠲ᠋ᠠᠪᠬᠤᠷ ᠳᠡᠭᠡᠰᠤ

ᠣᠩᠭ᠋ᠠᠰᠤ᠂ ᠭᠢᠯᠭᠠᠰᠤ᠂ ᠣᠯᠤᠰᠤ ᠁ ᠵᠡᠷᠭᠡ ᠪᠠᠷ ᠵᠦᠪ ᠰᠤᠯᠤᠭᠠᠢ ᠳᠠᠮᠤᠭᠠᠤᠨ ᠡᠭᠦᠨ ᠢ ᠪᠠᠨ ᠳᠠᠪᠬᠤᠷᠯᠠᠨ ᠳᠠᠮᠤᠭᠰᠠᠨ ᠢ ᠳᠠᠪᠬᠤᠷ ᠳᠠᠮᠤᠭᠰᠠᠨ ᠳᠡᠭᠡᠰᠤ ᠭᠡᠳᠡᠭ᠌᠃ ᠭᠡᠷ ᠤᠨ ᠣᠭᠤᠰᠤᠷ᠂ ᠪᠦᠴᠡ᠂ ᠨᠤᠭᠳᠤ ᠶᠢᠨ ᠭᠠᠩᠰᠢᠩ᠂ ᠳᠠᠪᠴᠠᠭ᠎ᠠ᠂ ᠥᠭᠡᠷ ᠤᠨ ᠡᠪᠠᠷᠳᠡᠢ ᠳᠦᠷᠤ᠂ ᠳᠠᠷᠤᠯᠭ᠎ᠠ ᠬᠠᠠᠳᠠᠷᠭᠠᠨ ᠤ ᠣᠭᠤᠰᠤᠷ᠂ ᠣᠭᠤᠳᠠ ᠰᠠᠪᠠᠨ ᠤ ᠣᠭᠤᠰᠤᠷ ᠵᠡᠷᠭᠡ ᠳᠤ ᠭᠡᠷᠡᠭᠯᠡᠨ᠎ᠡ᠃

ᠭᠤᠷᠮᠤᠰᠤᠨ ᠳᠡᠭᠡᠰᠤ

ᠲ᠋ᠡᠮᠡᠭᠡᠨ ᠤ ᠣᠩᠭ᠋ᠠᠰᠤ᠂ ᠠᠳᠤᠭᠤᠨ ᠤ ᠳᠠᠯ᠂ ᠰᠡᠭᠦᠯ ᠵᠡᠷᠭᠡ ᠪᠠᠷ ᠡᠷᠴᠢ ᠰᠠᠢ᠌ᠨ ᠳᠠᠮᠤᠭᠰᠠᠨ ᠳᠡᠭᠡᠰᠤ ᠪᠠᠨ ᠭᠤᠷᠮᠤᠰᠤᠨ ᠪᠣᠯᠭᠠᠨ ᠡᠷᠴᠢᠯᠡᠨ ᠳᠠᠮᠤᠳᠠᠭ᠃ ᠡᠢ᠌ᠮᠤ ᠭᠤᠷᠮᠤᠰᠤᠨ ᠳᠡᠭᠡᠰᠤ ᠶᠢ ᠬᠤᠰᠢᠯᠠᠩ᠂ ᠴᠢᠭᠳᠠᠭ᠎ᠠ ᠵᠢᠴᠢ ᠬᠤᠮ ᠳᠡᠭᠡᠰᠤ᠂ ᠡᠭᠢ ᠳᠡᠭᠡᠰᠤ᠂ ᠣᠷᠠᠬ᠎ᠠ᠂ ᠪᠣᠭᠣᠢ᠌ᠯᠢ᠂ ᠵᠠᠯ᠎ᠠ᠂ ᠣᠶᠠᠭ᠎ᠠ ᠵᠡᠷᠭᠡ ᠳᠤ ᠭᠡᠷᠡᠭᠯᠡᠨ᠎ᠡ᠃

ᠭᠤᠷᠮᠤᠰᠤᠨ ᠳᠠᠮᠤᠭᠰᠠᠨ ᠳᠡᠭᠡᠰᠤ ᠨᠢ ᠡᠷᠴᠢᠮ ᠴᠢᠩᠭ᠋᠎ᠠ᠂ ᠵᠢᠭ᠍ᠳᠡ᠂ ᠣᠨᠤᠯᠳᠠᠭ᠎ᠠ ᠦᠭᠡᠶ ᠰᠠᠢ᠌ᠬᠠᠨ ᠪᠠᠢ᠌ᠬᠤ ᠦᠨᠳᠦᠰᠦᠨ ᠱᠠᠭᠠᠷᠳᠠᠯᠭ᠎ᠠ ᠲᠡᠶ᠃

ᠲ᠋ᠦᠷᠮᠤᠰᠤᠨ ᠳᠡᠭᠡᠰᠤ

ᠲ᠋ᠦᠷᠮᠤᠰᠤᠨ ᠳᠡᠭᠡᠰᠤ ᠪᠣᠯ ᠵᠥᠪᠭᠡᠨ ᠵᠦᠪ ᠰᠤᠯᠤᠭᠠᠢ ᠳᠠᠮᠤᠭᠰᠠᠨ ᠨᠠᠷᠢᠬᠠᠨ ᠳᠡᠭᠡᠰᠤ ᠪᠠᠨ ᠳᠠᠪᠬᠤᠷᠯᠠᠨ ᠳᠠᠮᠤᠭᠰᠠᠨ ᠪᠠᠢ᠌ᠳᠠᠭ᠃ ᠪᠦᠭᠡ ᠡᠳᠡᠯᠡᠯᠭᠡ ᠳᠤ ᠵᠤᠷᠢᠭᠤᠯᠵᠤ ᠭᠢᠭ᠍ᠰᠡᠨ ᠪᠣᠯᠬᠤᠷ ᠠᠴᠢᠶ᠎ᠠ᠂ ᠠᠶᠠᠨ ᠵᠢᠩ ᠤᠨ ᠡᠳ᠋ᠯᠡᠯ ᠪᠣᠶᠤ ᠳᠠᠳᠠᠯᠭ᠎ᠠ ᠵᠡᠷᠭᠡ ᠳᠤ ᠭᠡᠷᠡᠭᠯᠡᠭᠦ ᠨᠢ ᠣᠯᠠᠨ᠃ ᠳᠦᠷᠮᠤᠰᠤᠨ ᠳᠡᠭᠡᠰᠤ ᠶᠢ ᠳᠠᠮᠤᠬᠤ ᠳᠤ ᠨᠠᠯᠢᠶᠠᠤᠨ ᠦᠨᠳᠦᠷ ᠣᠷ᠎ᠠ ᠮᠡᠷᠭᠡᠵᠢᠯ ᠱᠠᠭᠠᠷᠳᠠᠭᠳᠠᠨ᠎ᠠ᠃ ᠡᠷᠴᠢ ᠨᠢ ᠴᠢᠩᠭ᠋᠎ᠠ ᠵᠢᠭ᠍ᠳᠡ ᠪᠠᠢ᠌ᠬᠤ ᠭᠡᠷᠡᠭ᠍ᠳᠡᠢ ᠪᠦᠭᠡᠳ ᠡᠷᠴᠢᠮ ᠨᠢ ᠶᠠᠭ ᠰᠥᠯᠵᠢᠭ᠍ᠰᠡᠨ ᠶᠠᠭᠤᠮ᠎ᠠ ᠰᠢᠭ ᠥᠵᠡᠭ᠍ᠳᠡᠨ᠎ᠡ᠃

ᠣᠶᠤᠮᠠᠯ ᠳᠡᠭᠡᠰᠤ

ᠵᠦᠪ᠂ ᠰᠤᠯᠤᠭᠠᠢ ᠳᠠᠮᠤᠭᠰᠠᠨ ᠨᠠᠷᠢᠬᠠᠨ ᠳᠡᠭᠡᠰᠤ ᠪᠠᠨ ᠵᠡᠷᠭᠡᠴᠡᠭᠦᠯᠤᠨ ᠪᠠᠢ᠌ᠵᠤ ᠣᠶᠤᠵᠤ ᠭᠢᠨ᠎ᠠ᠃ ᠬᠤᠶᠠᠷ ᠶᠢᠡᠷ᠂ ᠭᠤᠷᠪᠠ ᠪᠠᠷ᠂ ᠳᠦᠷᠪᠠ ᠪᠣᠶᠤ ᠵᠢᠷᠭᠤᠭ᠎ᠠ ᠪᠠᠷ ᠵᠡᠷᠭᠡᠴᠡᠭᠦᠯᠤᠨ ᠨᠡᠢ᠌ᠯᠡᠭᠦᠯᠵᠤ ᠡᠷᠴᠢ ᠶᠢ ᠨᠢ ᠳᠠᠭᠠᠷᠠᠭᠤᠯᠤᠨ ᠣᠶᠤᠳᠠᠭ᠃ ᠪᠠᠰᠠ ᠵᠠᠪᠰᠠᠷ ᠨᠢ ᠢᠰᠡᠭᠡᠢ ᠪᠠᠷᠢᠵᠤ ᠶᠠᠩᠵᠤ ᠣᠷᠤᠭᠤᠯᠤᠨ ᠣᠶᠤᠬᠤ ᠴᠤ ᠪᠣᠢ᠃ ᠭᠡᠷ ᠤᠨ ᠬᠤᠰᠢᠯᠠᠩ᠂ ᠬᠠᠨ᠎ᠠ ᠶᠢᠨ ᠪᠣᠭᠤᠯᠳᠠ᠂ ᠳᠠᠪᠬᠤᠷ ᠵᠡᠭᠡᠭ᠌᠂ ᠣᠯᠤᠩ᠂ ᠠᠷᠤᠭ ᠤᠨ ᠣᠭᠤᠰᠤᠷ ᠵᠡᠷᠭᠡ ᠳᠤ ᠵᠤᠷᠢᠭᠤᠯᠵᠤ ᠭᠢᠭ᠍ᠰᠡᠨ ᠪᠣᠯ ᠬᠠᠪᠳᠠᠭᠠᠢ ᠣᠶᠤᠮᠠᠯ ᠭᠢᠳᠡᠭ᠌᠃ ᠭᠡᠷ ᠤᠨ ᠴᠢᠭᠳᠠᠭ᠎ᠠ ᠪᠣᠶᠤ ᠪᠣᠰᠤᠳ ᠭᠦᠡᠳᠤ ᠡᠳ᠋ᠯᠡᠯᠭᠡᠨ ᠤ ᠳᠡᠭᠡᠰᠤ ᠶᠢ ᠳᠦᠷᠪᠠᠯᠵᠢᠨ ᠮᠠᠶ‍ᠢᠭ ᠶᠢᠡᠷ ᠣᠶᠤᠵᠤ ᠭᠢᠳᠡᠭ᠌ ᠶᠤᠮ᠃ ᠣᠶᠤᠮᠠᠯ ᠳᠡᠭᠡᠰᠤ ᠶᠢ ᠭᠢᠭᠦ ᠳᠤ ᠥᠩᠭᠡ ᠳᠡᠭᠡᠷᠡᠭᠦᠯᠤᠭᠡ ᠭᠠᠷᠭᠠᠵᠤ᠂ ᠶᠡᠭᠡ ᠭᠤᠶᠤ ᠭᠢᠳᠡᠭ᠌᠃

ᠪᠦᠷᠢᠮᠡᠯ ᠳᠡᠭᠡᠰᠤ

ᠪᠦᠭᠡᠷᠡᠩᠭᠡᠢ ᠪᠣᠶᠤ ᠬᠠᠪᠳᠠᠭᠠᠢ ᠣᠶᠤᠭᠰᠠᠨ ᠳᠡᠭᠡᠰᠤ ᠪᠠᠨ ᠭᠠᠳᠠᠭᠤᠷ ᠨᠢ ᠪᠦᠰ ᠶᠢᠡᠷ ᠪᠦᠷᠢᠵᠤ ᠣᠶᠤᠵᠤ ᠭᠢᠨ᠎ᠠ᠃ ᠭᠡᠷ ᠤᠨ ᠳᠤᠯᠤᠭᠠᠢ᠂ ᠬᠤᠰᠢᠯᠠᠩ᠂ ᠣᠯᠤᠩ᠂ ᠨᠤᠭᠳᠤ᠂ ᠴᠢᠭᠳᠠᠭ᠎ᠠ᠂ ᠣᠭᠤᠳᠠ ᠳᠠᠭᠠᠷᠴᠤᠭ ᠤᠨ ᠣᠭᠤᠰᠤᠷ᠂ ᠬᠠᠨ᠎ᠠ ᠶᠢᠨ ᠪᠣᠭᠤᠯᠳᠠ ᠵᠡᠷᠭᠡ ᠶᠢᠨ ᠡᠳ᠋ᠯᠡᠯ ᠤᠨ ᠳᠡᠭᠡᠰᠤ ᠶᠢ ᠭᠤᠶᠤᠯᠠᠯ ᠴᠢᠮᠡᠭᠯᠡᠯ ᠤᠨ ᠵᠤᠷᠢᠭᠤᠯᠤᠯᠳᠠ ᠲᠡᠶ ᠪᠠᠷ ᠪᠦᠷᠢᠵᠤ ᠣᠶᠤᠳᠠᠭ ᠶᠤᠮ᠃ ᠮᠠᠯᠵᠢᠯ ᠤᠨ ᠡᠳ᠋ᠯᠡᠯᠭᠡᠨ ᠤ ᠳᠡᠭᠡᠰᠤ ᠶᠢ ᠶᠡᠷᠦᠩᠭᠡᠢ ᠳᠡᠭᠡᠨ ᠪᠦᠷᠢᠮᠡᠯ ᠳᠡᠭᠡᠰᠤ ᠪᠠᠷ ᠭᠢᠳᠡᠭ᠌ ᠦᠭᠡᠶ᠃ ᠸᠠᠩ ᠨᠤᠶᠠᠤᠨ ᠤᠨ ᠦᠷᠭᠦᠭᠡ᠂ ᠭᠡᠭᠡᠨ ᠶᠡᠭᠡᠰ ᠯᠠᠮᠠ ᠶᠢᠨ ᠰᠠᠭᠤᠴᠠ ᠶᠢᠨ ᠡᠳ᠋ᠯᠡᠯ ᠢ ᠪᠦᠷᠢᠮᠡᠯ ᠣᠭᠤᠰᠤᠷ ᠲᠡᠶ ᠭᠢᠳᠡᠭ᠌ ᠪᠠᠢ᠌ᠵᠠᠢ᠃

ᠶᠠᠩᠵᠤᠯᠠᠵᠤ ᠭᠢᠭ᠍ᠰᠡᠨ ᠳᠡᠭᠡᠰᠤ

ᠲ᠋ᠡᠭᠡᠰᠤ ᠶᠢ ᠠᠯᠠᠭᠯᠠᠭᠤᠯᠵᠤ ᠴᠤᠬᠤᠷᠯᠠᠵᠤ᠂ ᠭᠤᠶᠤ ᠦᠵᠡᠮᠵᠢ ᠲᠡᠶ ᠭᠢᠭᠦ᠂ ᠥᠩᠭᠡ ᠥᠩᠭᠡ ᠶᠢᠨ ᠪᠦᠰ᠂ ᠳᠤᠷᠭ᠎ᠠ ᠳᠤᠷᠳᠤᠩ ᠤᠨ ᠥᠭᠡᠳᠡᠰᠤ ᠪᠠᠷ ᠪᠦᠷᠢᠵᠤ ᠭᠡᠭᠡᠷᠡᠭᠦᠯᠵᠤ ᠰᠢᠷᠢᠭᠦ᠂ ᠬᠠᠷ᠎ᠠ ᠴᠠᠭᠠᠨ ᠥᠩᠭᠡ ᠢᠯᠭᠠᠷᠠᠭᠤᠯᠤᠨ ᠴᠠᠴᠤᠭ ᠭᠠᠷᠭᠠᠨ ᠰᠥᠯᠵᠢᠭᠦ᠂ ᠳᠠᠮᠤᠬᠤ᠂ ᠣᠶᠤᠬᠤ ᠵᠡᠷᠭᠡ ᠪᠠᠷ ᠣᠷᠠᠯᠠᠨ᠎ᠠ᠃ ᠡᠳᠡᠭᠡᠷ ᠨᠢ ᠭᠤᠶᠤᠯᠠᠯ ᠴᠢᠮᠡᠭᠯᠡᠯ ᠤᠨ ᠡᠳ᠋ᠯᠡᠯ ᠪᠣᠯᠬᠤᠷ ᠥᠩᠭᠡ ᠦᠵᠡᠮᠵᠢ᠂ ᠭᠢᠴᠠ᠂ ᠭᠡᠮᠵᠢᠶ᠎ᠡ ᠳᠤᠮᠵᠢᠶ᠎ᠠ ᠶᠢ ᠶᠡᠭᠡ ᠠᠩᠬᠠᠷᠳᠠᠭ᠃

ᠲ᠋ᠡᠭᠡᠰᠤᠨ ᠰᠦᠯᠵᠢᠮᠠᠯ

ᠮᠠᠯ ᠤᠨ ᠨᠤᠤᠰᠤ᠂ ᠣᠩᠭ᠋ᠠᠰᠤ᠂ ᠳᠠᠯ ᠭᠢᠯᠭᠠᠰᠤ ᠶᠢ ᠳᠠᠮᠤᠵᠤ ᠳᠡᠭᠡᠰᠤᠨ ᠰᠦᠯᠵᠢᠮᠠᠯ ᠭᠢᠳᠡᠭ᠌ ᠨᠢ ᠣᠳᠤ ᠴᠤ ᠭᠡᠷᠡᠭᠯᠡᠭ᠍ᠳᠡᠵᠤ ᠪᠠᠢ᠌ᠨ᠎ᠠ᠃

ᠰᠦᠯᠵᠢᠮᠠᠯ ᠢ ᠳᠠᠪᠠᠯ ᠤᠨ ᠰᠢᠯᠪᠢ᠂ ᠭᠡᠳᠡ ᠭᠢᠳᠤᠭᠠᠨ ᠤ ᠣᠭᠤᠰᠤᠷ᠂ ᠪᠠᠭᠡᠯᠡᠢ ᠶᠢᠨ ᠴᠢᠮᠡᠭᠯᠡᠯ᠂ ᠳᠦᠷᠤᠯ ᠪᠦᠷᠢ ᠶᠢᠨ ᠭᠡ ᠣᠭᠠᠯᠵᠠ ᠳᠤ ᠭᠡᠷᠡᠭᠯᠡᠨ᠎ᠡ᠃ ᠪᠦᠭᠡᠷᠡᠩᠭᠡᠢ᠂ ᠬᠠᠪᠳᠠᠭᠠᠢ᠂ ᠶᠠᠩᠵᠤ ᠪᠦᠷᠢ ᠶᠢᠨ ᠰᠦᠯᠵᠢᠶ᠎ᠠ ᠶᠢ ᠡᠮᠡᠭᠡᠯ ᠤᠨ ᠳᠤᠨᠤᠭ᠂ ᠳᠠᠰᠢᠭᠤᠷ᠂ ᠭᠡᠷ ᠤᠨ ᠴᠢᠭᠳᠠᠭ᠎ᠠ ᠳᠤ ᠪᠠᠢ᠌ᠩᠭ᠋ᠤ ᠭᠡᠷᠡᠭᠯᠡᠭᠦ ᠪᠦᠭᠡᠳ ᠬᠠᠪᠳᠠᠭᠠᠢ ᠰᠦᠯᠵᠢᠶ᠎ᠠ ᠪᠠᠷ ᠭᠠᠷᠬ᠎ᠠ᠂ ᠪᠦᠰᠡ᠂ ᠭᠦᠵᠦᠭᠦᠤ ᠶᠢᠨ ᠣᠷᠢᠶᠠᠯᠳᠠ ᠰᠦᠯᠵᠢᠨ᠎ᠠ᠃ ᠰᠥᠯᠵᠢᠭᠦ ᠳᠤ ᠣᠷᠤᠭᠰᠠᠨ ᠡᠳ᠋ᠯᠡᠯ ᠤᠨ ᠳᠤᠭ᠎ᠠ ᠪᠠᠷ ᠭᠤᠷᠪᠠ᠂ ᠳᠦᠷᠪᠠ᠂ ᠳᠠᠪᠣ ᠪᠠᠷ ᠰᠥᠯᠵᠢᠭ᠍ᠰᠡᠨ ᠭᠡᠭᠦ ᠮᠠᠳᠤ ᠪᠠᠷ ᠢᠯᠭᠠᠪᠣᠷᠢᠯᠠᠵᠤ᠂ ᠬᠠᠪᠳᠠᠭᠠᠢ ᠰᠦᠯᠵᠢᠶᠠᠰᠤ ᠶᠢ ᠳᠡᠭᠦᠯᠭᠡ ᠪᠣᠶᠤ ᠭᠠᠷᠬ᠎ᠠ᠂ ᠳᠠᠩ᠂ ᠳᠠᠪᠬᠤᠷ ᠰᠦᠯᠵᠢᠶ᠎ᠠ ᠭᠡᠵᠤ ᠢᠯᠭᠠᠳᠠᠭ᠃

ᠲ᠋ᠡᠭᠦᠯᠭᠡ ᠪᠣᠶᠤ ᠭᠠᠷᠬ᠎ᠠ ᠰᠦᠯᠵᠢᠶᠠᠰᠤ ᠳᠤ ᠳᠤᠮᠤ ᠵᠢᠵᠢᠭ᠌ ᠤᠨ ᠢᠯᠭᠠᠭ᠎ᠠ ᠲᠡᠶ᠃ ᠦᠷᠭᠡᠨ ᠨᠠᠷᠢᠨ ᠷᠠᠮ ᠵᠠᠩᠭᠢᠤᠠᠳᠠᠭ᠃ ᠳᠠᠷᠠ ᠷᠠᠮ ᠳᠠᠭᠠᠨ ᠵᠠᠩᠭᠢᠤᠠᠬᠤ ᠣᠳᠠᠰᠤ ᠪᠠᠨ ᠥᠩᠭᠡ ᠠᠯᠠᠭᠯᠠᠭᠤᠯᠬᠤ ᠪᠣᠶᠤ ᠡᠰᠡᠭᠦᠯ᠎ᠡ ᠨᠢᠭᠡ ᠳᠠᠩ ᠥᠩᠭᠡ ᠪᠠᠷ ᠪᠠᠢ᠌ᠷᠢᠯᠠᠭᠤᠯᠵᠤ ᠰᠦᠯᠵᠢᠶ᠎ᠠ ᠶᠢ ᠵᠠᠭᠠᠭᠯᠠᠬᠤ ᠨᠢᠭᠡ ᠣᠷᠳᠤ ᠣᠳᠠᠰᠤ ᠳᠤ ᠰᠦᠯᠵᠢᠶ᠎ᠠ ᠪᠠᠨ ᠡᠭᠢᠨ ᠤ ᠭᠤᠭᠴᠤᠭᠠᠨ ᠡᠴᠡ ᠪᠠᠭᠢᠯᠡᠭᠦ ᠵᠢᠱᠢᠶ᠎ᠠ ᠲᠡᠶ᠃ ᠬᠤᠶᠠᠳᠠᠭᠢ ᠰᠦᠯᠵᠢᠶ᠎ᠠ ᠶᠢ ᠭᠡ ᠮᠠᠶ‍ᠢᠭ ᠶᠢᠡᠷ ᠳᠠᠪᠳᠠᠨ ᠰᠦᠯᠵᠢᠨ᠎ᠠ᠃ ᠬᠠᠪᠳᠠᠭᠠᠢ ᠰᠦᠯᠵᠢᠶ᠎ᠠ ᠭᠡᠳᠡᠭ᠌ ᠨᠢ 3.5.10.12 ᠶᠢᠡᠷ ᠳᠠᠯ᠎ᠠ ᠡᠴᠡ ᠨᠢ ᠳᠠᠷᠤᠵᠤ ᠰᠦᠯᠵᠢᠨ᠎ᠠ᠂ ᠡᠭᠦᠨ ᠶᠢᠡᠷ ᠣᠯᠤᠩ ᠵᠢᠷᠢᠮ ᠢ ᠰᠥᠯᠵᠢᠭᠦ ᠪᠠ ᠪᠦᠭᠡᠷᠡᠩᠭᠡᠢ ᠰᠦᠯᠵᠢᠶ᠎ᠠ ᠭᠡᠳᠡᠭ᠌ ᠨᠢ ᠳᠤᠳᠤᠷ᠎ᠠ ᠪᠠᠨ ᠭᠡᠳᠤ ᠭᠡᠳᠤᠨ ᠶᠠᠩᠵᠤ ᠪᠠᠢ᠌ᠳᠠᠭ᠃ ᠡᠭᠦᠨ ᠢ 3.4 ᠪᠣᠶᠤ 6. ᠳᠡᠭᠦᠨ ᠡᠴᠡ ᠣᠯᠠᠨ ᠶᠢᠡᠷ ᠪᠦᠭᠡᠷᠡᠩᠭᠡᠢ᠌ᠯᠡᠨ ᠰᠦᠯᠵᠢᠵᠤ᠂ ᠮᠤᠩᠭ᠋ᠤᠯ ᠭᠡᠷ ᠤᠨ ᠴᠢᠭᠳᠠᠭ᠎ᠠ ᠪᠣᠶᠤ ᠪᠣᠰᠤᠳ ᠭᠡᠷᠡᠭᠯᠡᠭᠡᠨ ᠳᠤ ᠡᠳ᠋ᠯᠡᠨ᠎ᠡ᠃

ᠭᠤᠷᠪᠠ ᠪᠠᠷ ᠪᠦᠭᠡᠷᠡᠩᠭᠡᠢ ᠰᠥᠯᠵᠢᠭᠦ ᠳᠤ ᠰᠦᠯᠵᠢᠶ᠎ᠠ ᠶᠢ ᠪᠣᠰᠤᠭ᠎ᠠ ᠭᠡᠯᠪᠠᠷᠢ ᠪᠠᠷ ᠪᠠᠢ᠌ᠷᠢᠯᠠᠭᠤᠯᠵᠤ ᠰᠦᠯᠵᠢᠵᠤ ᠰᠢᠬᠠᠵᠤ ᠴᠢᠩᠭ᠋ᠠᠯᠠᠨ᠎ᠠ᠃ ᠡᠨᠡᠭᠦ ᠰᠦᠯᠵᠢᠮᠠᠯ ᠢ ᠳᠠᠮᠠᠭᠢᠨ ᠬᠠᠪᠳᠠᠭ᠎ᠠ᠂ ᠬᠤᠪᠴᠠᠰᠤᠨ ᠤ ᠳᠤᠪᠴᠢ ᠰᠢᠯᠪᠢ᠂ ᠮᠠᠯᠠᠭᠠᠢ ᠶᠢᠨ ᠪᠦᠴᠡ ᠭᠢᠭᠦ ᠳᠤ ᠭᠤᠤᠯᠳᠠᠭᠤ ᠭᠡᠷᠡᠭᠯᠡᠨ᠎ᠡ᠃ ᠳᠦᠷᠪᠠ ᠪᠠᠷ ᠪᠦᠭᠡᠷᠡᠩᠭᠡᠢ ᠰᠥᠯᠵᠢᠭᠦ ᠳᠤ ᠰᠥᠯᠵᠢᠭᠦ ᠣᠳᠠᠰᠤ ᠡᠮᠭᠢᠷᠳᠦᠭ᠍ᠰᠡᠨ ᠳᠠᠪᠣᠤ᠂ ᠨᠠᠷᠢᠨ ᠰᠤᠷ᠂ ᠢᠯᠭᠢ ᠵᠡᠷᠭᠡ ᠶᠢ ᠳᠦᠷᠪᠠ ᠪᠠᠷ ᠪᠠᠢ᠌ᠷᠢᠯᠠᠭᠤᠯᠤᠨ᠂ ᠳᠡᠭᠦᠨ ᠶᠢᠡᠨ ᠬᠤᠶᠠᠷ ᠬᠤᠶᠠᠷ ᠶᠢᠡᠷ ᠨᠢ ᠰᠠᠯᠠᠭᠠᠪᠴᠢᠯᠠᠨ 2.4 ᠳ᠋ᠤᠭᠡᠷ ᠢ ᠬᠣᠢ᠌ᠰᠢ ᠣᠷᠤᠭᠰᠢ᠂ 1.3 ᠳ᠋ᠤᠭᠠᠷ ᠢ ᠪᠠᠷᠠᠭᠤᠠᠰᠢ ᠵᠡᠭᠦᠡᠰᠢ ᠳᠠᠷᠤᠵᠤ ᠰᠥᠯᠵᠢᠭᠦ ᠵᠢᠷᠤᠮ ᠲᠡᠶ᠃ ᠪᠦᠭᠡᠷᠡᠩᠭᠡᠢ ᠰᠦᠯᠵᠢᠮᠠᠯ ᠢ ᠭᠤᠤᠯᠳᠠᠭᠤ ᠳᠠᠰᠢᠭᠤᠷ᠂ ᠭᠡᠷ ᠤᠨ ᠴᠢᠭᠳᠠᠭ᠎ᠠ᠂ ᠡᠷᠦᠭᠡᠨ ᠤ ᠣᠭᠤᠰᠤᠷ ᠲᠤ ᠭᠡᠷᠡᠭᠯᠡᠭᠦ ᠶᠤᠮ᠃

ᠰᠦᠯᠵᠢᠮᠠᠯ ᠳᠤ᠂ ᠠᠳᠤᠭᠤᠨ ᠤ ᠳᠠᠯ ᠰᠡᠭᠦᠯ ᠢ ᠣᠷᠠᠵᠤ ᠳᠦᠭᠦᠳᠡᠭᠯᠡᠵᠤ᠂ ᠳᠠᠩ ᠰᠥᠯᠵᠢᠭᠦ᠂ ᠭᠢᠯᠭᠠᠰᠤ ᠣᠩᠭ᠋ᠠᠰᠤ ᠬᠤᠯᠢᠵᠤ ᠨᠠᠷᠢᠬᠠᠨ ᠳᠠᠮᠤᠵᠤ᠂ ᠳᠠᠪᠬᠤᠷ ᠰᠥᠯᠵᠢᠭᠦ᠂ ᠭᠤᠷᠮᠤᠰᠤᠨ᠂ ᠳᠦᠷᠮᠤᠰᠤᠨ᠂ ᠳᠠᠪᠣ᠂ ᠵᠢᠷᠭᠤᠭ᠎ᠠ᠂ ᠨᠢ᠋ᠮᠠ ᠪᠠᠷ ᠠᠳᠠᠯᠢ ᠦᠭᠡᠶ ᠰᠥᠯᠵᠢᠭᠦ ᠬᠠᠮᠤᠭ ᠤᠨ ᠣᠯᠠᠨ ᠳᠠᠭᠠᠨ 12 ᠊᠊᠊᠊᠊᠊᠊᠊᠊᠊᠊᠊᠊᠊᠊ 16 ᠪᠠᠷ ᠰᠥᠯᠵᠢᠳᠡᠭ᠌᠃


᠊᠊᠊᠊᠊᠊᠊᠊᠊᠊᠊᠊᠊᠊᠊ ᠮᠤᠩᠭ᠋ᠤᠯ ᠰᠤᠶᠤᠯ ᠤᠨ ᠴᠤᠪᠣᠷᠠᠯ ᠪᠢᠴᠢᠭ᠌ ᠡᠴᠡ ᠪᠠᠭᠤᠯᠭᠠᠪᠠ


《ᠳᠠᠯ᠎ᠠ ᠶᠢᠨ ᠳᠤᠶᠠᠭ᠎ᠠ》 ᠪᠦᠷᠭᠡ ᠡᠴᠡ ᠰᠢᠯᠵᠢᠭᠦᠯᠪᠡ

ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 6321
ᠴᠠᠭ᠄ 2010 ᠤᠨ ᠤ 05 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ