ᠦᠨᠳᠦᠰᠦᠳᠠᠨ ᠤ ᠣᠳᠤᠮᠰᠢᠯ ᠤᠨ ᠰᠤᠳᠤᠯᠭᠠᠨ ᠤ ᠴᠡᠭ᠌

ᠳᠦᠷᠦᠭᠦᠭᠡᠨ ᠪᠢ 《ᠣᠩᠰᠢᠭᠴᠢ》 ᠰᠡᠳᠭᠦᠯ ᠳᠡᠭᠡᠷ᠎ᠡ ᠡᠴᠠ ᠡᠢ᠌ᠮᠤ ᠨᠢᠭᠡ ᠵᠤᠬᠢᠶᠠᠯ ᠣᠩᠰᠢᠪᠠ ᠊᠊᠊᠊᠊᠊᠊᠊᠊᠊᠊᠊᠊᠊᠊ ᠵᠤᠬᠢᠶᠠᠭᠴᠢ ᠨᠢᠭᠡ ᠠᠢ᠌ᠯ ᠤᠨ ᠬᠠᠵᠠᠭᠤ ᠪᠠᠷ ᠥᠩᠭᠡᠷᠡᠭᠦ ᠳᠤ ᠡᠪᠦᠭᠡᠨ ᠨᠢ ᠰᠠᠠᠳᠠᠯᠢ ᠳᠡᠭᠡᠷ᠎ᠡ ᠵᠤᠭᠰᠤᠭᠠᠤᠨ ᠴᠤᠩᠬᠤ ᠬᠠᠳᠠᠵᠤ ᠪᠠᠢ᠌ᠪᠠ᠃ ᠳᠡᠭᠡᠭᠡᠳ ᠭᠦᠭ᠍ᠰᠢᠨ ᠳᠡᠭᠡᠨ᠄ 《ᠬᠠᠢ᠌ᠴᠢ ᠶᠢ ᠠᠯᠢ︕》 ᠭᠡᠰᠡᠨ ᠳᠤ ᠭᠦᠭ᠍ᠰᠢᠨ ᠨᠢ ᠬᠠᠢ᠌ᠴᠢ ᠠᠪᠴᠤ ᠦᠭ‍ᠭᠦ ᠳᠡᠭᠡᠨ ᠥᠵᠦᠭᠦᠷ ᠡᠴᠠ ᠨᠢ ᠠᠪᠴᠤ ᠪᠠᠷᠢᠭᠤᠯ ᠢ ᠨᠢ ᠡᠪᠦᠭᠡᠨ ᠳᠡᠭᠡᠨ ᠪᠠᠷᠢᠭᠤᠯᠵᠤ ᠥᠭ᠍ᠴᠡᠢ᠃ ᠡᠭᠦᠨ ᠢ ᠬᠠᠷᠠᠭᠠᠤᠨ ᠵᠤᠬᠢᠶᠠᠭᠴᠢ ᠥᠨᠡᠭᠡᠷ ᠬᠠᠭ᠎ᠠ ᠦᠰᠦᠷᠳᠠᠯ᠎ᠠ ᠳᠤᠭᠳᠤᠯᠤᠭᠰᠠᠨ ᠪᠦᠭᠡᠳ᠂ ᠬᠠᠷᠢ ᠶᠢᠨ ᠵᠥᠴᠦᠭᠡ ᠳ᠋ᠠᠭᠢ ᠷᠤᠮᠢᠤ᠋ ᠪᠣᠯᠤᠨ ᠵᠦᠯᠢᠶᠠᠲ᠋᠂ ᠳᠤᠮᠳᠠᠳᠤ ᠶᠢᠨ ᠯᠢᠶᠠᠩ ᠱᠠᠨ ᠪᠦᠸᠧ ᠪᠣᠯᠤᠨ ᠵᠤ ᠶ‍ᠢᠩ ᠲᠡᠶ ᠶᠢᠨ ᠬᠠᠳᠠ ᠴᠢᠯᠠᠭᠤᠨ ᠳᠠᠩᠭ᠋ᠠᠷᠢᠭᠳᠤ ᠵᠢᠷᠤᠮᠳᠤ ᠢᠨᠠᠭᠯᠠᠯ ᠢ ᠵᠣᠢ᠌ᠴᠢᠯᠠᠨ ᠪᠣᠳᠤᠵᠤ᠂ ᠪᠣᠭᠤᠷᠤᠯ ᠳᠤᠯᠤᠭᠠᠢ ᠲᠡᠶ ᠪᠣᠢ᠌ᠴᠤᠩᠨᠠᠭᠤᠷ ᠭᠦᠭ᠍ᠰᠢᠨ ᠪᠠᠢ᠌ᠳᠠᠯ᠎ᠠ ᠪᠠᠨ ᠪᠠᠶ᠎ᠠ ᠪᠠᠨ ᠪᠣᠳᠤᠬᠤ ᠦᠭᠡᠶ ᠡᠪᠦᠭᠡᠨ ᠶᠢᠡᠨ ᠬᠠᠷᠠᠭᠠᠯᠵᠠᠳᠠᠭ ᠭᠡᠵᠤ ᠣᠷᠳᠤ ᠬᠠᠭᠤᠳᠠᠰᠤ ᠪᠠᠷ ᠮᠠᠭᠳᠠᠨ ᠣᠶᠠᠩᠭ᠋ᠠᠯᠠᠭᠰᠠᠨ ᠪᠠᠢ᠌ᠨ᠎ᠠ᠃ ᠥᠨᠡᠨᠳᠡᠭᠡᠨ ᠡᠳᠡᠨᠦᠰ ᠨᠠᠰᠤ ᠪᠠᠷ ᠶᠢᠡᠨ ᠭᠡᠷᠡᠭᠦᠯ ᠭᠢᠭ᠍ᠰᠡᠨ ᠭᠡᠷ ᠪᠦᠯᠢ ᠠᠭᠠᠤᠨ᠂ ᠶᠠᠭᠠᠷᠠᠵᠤ ᠰᠠᠮᠠᠭᠠᠷᠳᠠᠬᠤ ᠳᠠᠭᠠᠨ ᠭᠠᠷ ᠤᠨ ᠠᠶ᠎ᠠ ᠪᠠᠷ ᠬᠠᠢ᠌ᠴᠢ ᠶᠢᠨ ᠥᠵᠦᠭᠦᠷ ᠡᠴᠠ ᠨᠢ ᠪᠠᠷᠢᠭᠠᠤᠨ ᠦᠭ‍ᠭᠦᠴᠢᠭᠡᠭ᠍ᠰᠡᠨ ᠪᠠᠢ᠌ᠵᠤ ᠴᠤ ᠮᠠᠳᠠᠨ᠎ᠡ᠂ ᠭᠡᠪᠠᠴᠤ ᠵᠤᠬᠢᠶᠠᠭᠴᠢ ᠭᠤᠸᠠᠢ ᠨᠠᠷᠢᠨ ᠨᠢᠮᠪᠠᠢ ᠪᠠᠢ᠌ᠴᠠᠭᠠᠯᠳᠠ ᠭᠢᠭ᠍ᠰᠡᠨ ᠦᠭᠡᠶ ᠪᠣᠯᠬᠤᠷ ᠨᠢᠭᠡᠯᠭᠡᠨ ᠴᠠᠭ ᠤᠨ ᠬᠠᠯᠠᠭᠤᠷᠠᠯ ᠶᠢᠡᠷ ᠰᠡᠳᠭᠢᠭ᠍ᠳᠡᠯ ᠶᠢᠡᠨ ᠣᠶᠠᠩᠭ᠋ᠠᠯᠠᠭᠰᠠᠨ ᠳᠠᠳᠤᠢ᠃

ᠭᠡᠳᠡᠯ᠎ᠡ ᠮᠤᠩᠭ᠋ᠤᠯ ᠣᠷᠤᠨ ᠳᠤ ᠡᠨᠡ ᠦᠯᠢᠭᠡᠷ ᠨᠢ ᠦᠴᠦᠭᠡᠨ ᠳᠠᠳᠤᠢ ᠴᠤ ᠭᠦᠮᠤᠨ ᠤ ᠰᠡᠳᠭᠢᠯ ᠢ ᠭᠦᠳᠡᠯᠭᠡᠵᠤ ᠴᠢᠳᠠᠬᠤ ᠦᠭᠡᠶ ᠮᠦᠷᠳᠡᠭᠡᠨ ᠵᠤᠬᠢᠶᠠᠭᠴᠢ ᠶᠢ 《ᠡᠪᠠᠵᠢᠶᠡᠨ ᠦᠭᠡᠶ ᠪᠠᠢ᠌ᠭᠠᠤᠨ ᠶᠤᠤᠯᠢᠵᠤ᠂ ᠦᠯᠢᠭᠡᠷ ᠦᠭᠡᠶ ᠪᠠᠢ᠌ᠳᠠᠯ᠎ᠠ ᠬᠤᠭᠤᠷᠳᠠᠭᠰᠠᠨ》 ᠪᠠᠯᠠᠢ ᠭᠡᠷᠡᠭ᠌ ᠭᠡᠵᠤ ᠡᠯᠡᠭᠡᠯᠡᠵᠤ ᠮᠠᠳᠠᠨ᠎ᠡ᠃ ᠡᠨᠡ ᠨᠢ ᠮᠤᠩᠭ᠋ᠤᠯᠴᠤᠳ ᠲᠤ ᠬᠠᠷᠢᠨ ᠣᠴᠢᠷ ᠪᠢᠰᠢ ᠣᠴᠢᠷ ᠪᠠᠢ᠌ᠵᠤ᠂ ᠢᠩᠭᠢᠵᠤ ᠭᠢᠭᠦ ᠦᠭᠡᠶ ᠪᠣᠯ ᠬᠠᠷᠢᠨ 《ᠳᠡᠭᠡᠳᠦᠰ ᠤᠨ ᠰᠤᠷᠭᠠᠯ ᠶᠢᠡᠨ ᠳᠠᠶᠠᠭᠳᠠᠭᠰᠠᠨ ᠳᠠᠪᠠᠯᠠᠰᠢ ᠦᠭᠡᠶ ᠠᠮᠢᠳᠠᠤᠨ》 ᠶᠢᠡᠷ ᠬᠠᠷᠢᠶᠠᠭᠳᠠᠬᠤ ᠳᠤ ᠭᠦᠷᠤᠨ᠎ᠡ᠃ ᠣᠴᠢᠷ ᠨᠢ ᠮᠤᠩᠭ᠋ᠤᠯᠴᠤᠳ ᠬᠡᠦᠬᠡᠳ ᠶᠢᠡᠨ ᠣᠯᠠᠭᠠᠨ ᠨᠢᠯᠬ᠎ᠠ ᠡᠴᠠ ᠨᠢ ᠭᠦᠮᠤᠨ ᠳᠤ ᠭᠢᠳᠤᠭ᠎ᠠ ᠰᠢᠪᠦᠭᠡ ᠮᠠᠳᠤ ᠶᠢᠨ ᠢᠷ ᠲᠡᠶ ᠶᠠᠭᠤᠮ᠎ᠠ ᠶᠢ ᠪᠠᠷᠢᠭᠤᠯᠬᠤ ᠳᠠᠭᠠᠨ ᠵᠠᠪᠠᠯ ᠡᠰᠢ ᠶᠢ ᠨᠢ ᠪᠠᠷᠢᠭᠤᠯᠬᠤ ᠭᠡᠷᠡᠭ᠍ᠳᠡᠢ ᠭᠡᠵᠤ ᠴᠢᠭᠢ ᠶᠢ ᠨᠢ ᠴᠤᠭᠤᠷᠠᠳᠠᠯ᠎ᠠ ᠰᠤᠷᠭᠠᠮᠵᠢᠯᠠᠳᠠᠭ᠂ ᠡᠨᠡ ᠭᠦᠮᠦᠵᠢᠯ ᠢ ᠭᠦᠷᠳᠡᠵᠤ ᠢᠷᠡᠭ᠍ᠰᠡᠨ ᠬᠡᠦᠬᠡᠳ ᠶᠠᠭᠠᠭᠢᠵᠤ ᠶᠠᠭᠠᠷᠠᠵᠤ ᠰᠠᠮᠠᠭᠠᠷᠳᠠᠯ᠎ᠠ ᠴᠤ ᠪᠣᠷᠤᠭᠤ ᠦᠭ‍ᠭᠦ ᠶᠤᠰᠤ ᠦᠭᠡᠶ ᠶᠤᠮ᠃ ᠪᠢ ᠪᠠᠭ᠎ᠠ ᠳᠠᠭᠠᠨ ᠡᠨᠡ ᠭᠡᠷᠡᠭ᠌ ᠶᠢᠡᠷ ᠵᠤᠳᠤᠭᠳᠠᠵᠤ ᠪᠠᠢ᠌ᠭᠰᠠᠨ ᠶᠢᠡᠨ ᠳᠤᠳᠤ ᠴᠡᠭᠡᠵᠢᠯᠡᠵᠤ ᠪᠠᠢ᠌ᠨ᠎ᠠ᠃ ᠮᠢᠨᠤ ᠪᠠᠭ᠎ᠠ ᠶᠢᠨ ᠦᠶ᠎ᠡ ᠳᠤ ᠭᠡᠨ ᠨᠢᠭᠡ ᠨᠢ ᠣᠳᠤᠮᠰᠢᠯ ᠡᠴᠠ ᠭᠠᠳᠠᠨᠠᠭᠢ ᠭᠡᠷᠡᠭ᠌ ᠣᠢ᠌ᠯᠠᠳᠴᠤ ᠣᠬᠠᠭᠠᠨ ᠮᠠᠭᠤᠳᠠᠢ ᠶᠠᠭᠤᠮ᠎ᠠ ᠴᠠᠯᠴᠢᠪᠠᠯ ᠠᠢ᠌ᠯ ᠤᠨ ᠠᠬᠠᠮᠠᠤᠨ ᠪᠦᠷ ᠨᠢᠳᠤ ᠡᠷᠡᠢ᠌ᠯᠭᠡᠨ ᠵᠠᠩᠨᠠᠳᠠᠭ ᠪᠠᠢ᠌ᠭᠰᠠᠨ᠃ ᠨᠠᠩ ᠠᠬᠠᠰ ᠵᠠᠬᠠᠰ ᠢᠷᠠᠪᠠᠯ ᠳᠡᠭᠡᠷ᠎ᠡ ᠪᠠᠨ ᠵᠠᠯᠠᠵᠤ ᠴᠠᠢ ᠳᠠᠮᠠᠭᠢ ᠪᠠᠷᠢᠬᠤ ᠪᠠᠷ ᠪᠠᠷᠠᠬᠤ ᠦᠭᠡᠶ᠂ ᠬᠠᠵᠠᠭᠤᠳᠠ ᠨᠢ ᠠᠷᠢᠭᠢ ᠳᠠᠮᠠᠭᠢ ᠵᠤᠭᠤᠭᠯᠠᠬᠤ ᠦᠭᠡᠶ᠂ ᠢᠳᠠᠳᠠᠢ ᠳᠤᠤᠭᠠᠷᠴᠤ ᠬᠠᠳᠠᠭᠤ ᠶᠠᠷᠢᠬᠤ ᠦᠭᠡᠶ ᠯᠠ ᠪᠠᠢ᠌ᠳᠠᠭ ᠶᠤᠮ ᠰᠠᠨ᠃ ᠣᠳᠤ ᠭᠦᠳᠡᠭᠡ ᠠᠢ᠌ᠯ ᠶᠢᠡᠷ ᠣᠷᠤᠬᠤ ᠳᠤ ᠬᠡᠦᠬᠡᠳ ᠨᠢ ᠳᠡᠭᠡᠷ᠎ᠡ ᠳᠠᠩᠭ᠋ᠠᠢ᠌ᠴᠢᠬᠠᠭᠰᠠᠨ ᠭᠦᠮᠤᠨ ᠢᠷᠡᠭᠦ ᠳᠤ ᠪᠣᠰᠳᠠᠭ ᠦᠭᠡᠶ᠂ ᠡᠪᠦᠭᠡᠳ ᠨᠠᠰᠤᠳᠠᠨ ᠲᠡᠶ ᠪᠠᠨ ᠬᠤᠠᠳᠠᠭ᠎ᠠ ᠮᠦᠷᠭᠦᠯᠳᠦᠭᠦᠯᠤᠨ ᠬᠠᠷ᠎ᠠ ᠬᠠᠷᠢᠶᠠᠯ ᠣᠷᠤᠰᠬᠠᠴᠢᠬᠠᠭᠰᠠᠨ ᠳᠠᠩ ᠦᠶ᠎ᠡ ᠶᠢᠨ ᠶᠠᠭᠤᠮᠠᠰ ᠯᠠ ᠠᠳᠠᠯᠢ ᠰᠤᠯᠢᠶᠠᠷᠴᠠᠭᠠᠬᠤ ᠪᠣᠯᠪᠠ᠃ ᠥᠩᠭᠡᠷᠡᠭ᠍ᠰᠡᠨ ᠳᠡᠭᠡᠨ ᠳᠠᠪᠣ ᠠᠷᠪᠠ ᠪᠠᠷ ᠬᠡᠦᠬᠡᠳ ᠳᠦᠷᠦᠭᠦᠯᠳᠡᠭ᠌ ᠠᠳᠠᠯ᠎ᠠ ᠪᠠᠨ ᠪᠦᠭᠦᠳᠡ ᠶᠢ ᠶᠤᠰᠤ ᠭᠤᠷᠢᠮ ᠲᠡᠶ ᠰᠤᠷᠭᠠᠵᠤ ᠴᠢᠳᠠᠳᠠᠭ ᠪᠠᠢ᠌ᠭᠠᠤᠨ ᠣᠳᠤ ᠬᠠᠷᠢᠨ ᠨᠢᠭᠡ ᠬᠤᠶᠠᠷ ᠢ ᠪᠠᠨ ᠴᠤ ᠪᠦᠳᠦᠯ ᠲᠡᠶ ᠰᠤᠷᠭᠠᠵᠤ ᠴᠢᠳᠠᠬᠤ ᠦᠭᠡᠶ ᠪᠣᠯᠤᠭᠰᠠᠨ ᠨᠢ ᠶᠠᠭᠤᠨ ᠡᠴᠠ ᠪᠣᠯᠪᠠ︖ ᠬᠡᠦᠬᠡᠳ ᠤᠨ ᠮᠠᠭᠤ ᠡᠴᠠ ᠪᠣᠯᠤᠭᠰᠠᠨ ᠦᠦ︖ ᠡᠰᠡᠭᠦᠯ᠎ᠡ ᠨᠡᠢ᠌ᠭᠡᠮ ᠤᠨ ᠬᠠᠵᠠᠭᠠᠢ ᠡᠴᠠ ᠪᠣᠯᠪᠠᠤ︖ ᠭᠡᠳᠡᠭ᠌ ᠢ ᠪᠢᠳᠠᠨᠤᠰ ᠳᠤᠩᠭ᠋ᠠᠨ ᠪᠣᠳᠤᠯᠳᠠᠢ ᠪᠣᠯᠵᠤ ᠪᠠᠢ᠌ᠨ᠎ᠠ᠃ ᠣᠳᠤ ᠣᠷᠢᠳᠤ ᠶᠢᠨ ᠳᠡᠷᠡᠭᠦ 《ᠪᠠᠢ᠌ᠭᠠᠯᠢᠯᠢᠭ ᠪᠣᠯᠪᠠᠰᠤᠨ》 ᠥᠵᠡᠭ᠍ᠳᠡᠯ ᠤᠳ ᠶᠠᠭ ᠬᠠᠷᠠᠭᠳᠠᠬᠤ ᠦᠭᠡᠶ ᠪᠠᠢ᠌ᠬᠤ ᠨᠢ ᠶᠠᠭᠠᠭᠢᠭᠰᠠᠨ ᠬᠠᠷᠠᠮᠰᠠᠯᠳᠠᠢ ᠣᠴᠢᠷ ᠪᠢᠯᠠ︕

ᠵᠢᠷᠭᠤᠭᠠᠨ ᠰᠠᠷᠠᠢ᠌ᠨ ᠨᠢᠭᠡᠨ ᠳᠤ ᠮᠠᠨ ᠤ ᠰᠤᠮᠤᠨ ᠤ ᠭᠢᠨᠢ 《ᠰᠤᠶᠤᠯ ᠤᠨ ᠨᠠᠢ᠌ᠷ》 ᠭᠢᠭᠦ ᠪᠠᠷ ᠰᠦᠷᠡᠭᠡᠢ ᠳᠠᠪᠵᠢᠶᠠᠷᠠᠯ᠎ᠠ᠃ ᠰᠤᠶᠤᠯ ᠤᠨ ᠨᠠᠢ᠌ᠷ ᠭᠡᠵᠤ ᠪᠠᠢ᠌ᠭ᠎ᠠ ᠶᠤᠮ ᠴᠢᠨᠢ ᠦᠨᠳᠦᠰᠦᠳᠠᠨ ᠤ ᠶᠠᠭᠤᠮ᠎ᠠ ᠪᠠᠨ ᠯᠠ ᠰᠤᠷᠳᠠᠯᠴᠢᠯᠠᠬᠤ ᠪᠠᠢ᠌ᠯ ᠦᠭᠡᠶ᠂ ᠶᠠᠭᠠᠭᠢᠵᠤ ᠶᠠᠭᠠᠷᠠᠤ ᠪᠣᠯᠤᠯ᠎ᠠ ᠴᠤ ᠣᠴᠢᠵᠤ ᠰᠤᠨᠢᠷᠬᠠᠬᠤ ᠦᠭᠡᠶ ᠪᠣᠯ ᠭᠡᠮᠰᠢᠯ ᠪᠣᠯᠤᠨ᠎ᠡ ᠭᠡᠳ ᠪᠢ ᠪᠠᠢ᠌ᠳᠠᠭ ᠶᠢᠡᠨ ᠬᠠᠶᠠᠵᠤ ᠨᠠᠢ᠌ᠷ ᠭᠡᠵᠤ ᠭᠦᠶ‍ᠦᠭ᠍ᠰᠡᠨ ᠪᠢᠯᠠ᠃ ᠭᠦᠳᠦᠯᠦᠭ᠍ᠴᠢ ᠠᠪᠣᠭᠠᠢ ᠯᠠ ᠭᠦᠵᠦᠭᠦᠤ ᠭᠦᠷᠳᠡᠢ᠌ᠯᠭᠡᠨ ᠭᠦᠴᠦᠳᠡᠢ ᠭᠦᠴᠦᠳᠡᠢ ᠶᠠᠷᠢᠵᠤ ᠯᠠ ᠪᠠᠢ᠌ᠨ᠎ᠠ᠂ ᠬᠡᠦᠬᠡᠳ ᠪᠠᠭᠠᠴᠤᠳ ᠨᠢ ᠭᠤᠶᠤ ᠰᠠᠢ᠌ᠬᠠᠨ ᠮᠤᠩᠭ᠋ᠤᠯ ᠬᠤᠪᠴᠠᠰᠤ ᠪᠡᠨ ᠡᠮᠦᠰᠦᠭᠡᠳ ᠮᠦᠷ ᠠᠰᠯᠠᠭᠤᠯᠤᠭᠠᠤᠨ ᠵᠢᠭᠰᠠᠵᠤ ᠯᠠ ᠪᠠᠢ᠌ᠨ᠎ᠠ᠃ ᠬᠠᠷᠠᠩᠭ᠎ᠠ ᠭᠡᠩᠭᠡᠷᠭᠡ ᠨᠢᠵᠢᠭᠢᠨᠠᠵᠤ ᠬᠠᠷ᠎ᠠ ᠳᠤᠯᠤᠭᠠᠢ᠌ᠳᠠᠤᠨ ᠠᠪᠠᠭᠠᠷᠠᠯᠳᠤᠭᠠᠤᠨ ᠨᠢᠭᠡ ᠶᠡᠭᠡ ᠰᠣᠢ᠌ᠤᠨ ᠪᠣᠯᠵᠤ ᠪᠠᠢ᠌ᠭ᠎ᠠ ᠨᠢ ᠣᠯᠤᠩ ᠵᠢᠷᠢᠮ ᠶᠢᠡᠨ ᠳᠠᠳᠠᠵᠤ ᠮᠤᠷᠢ ᠡᠮᠡᠭᠡᠯᠯᠡᠭᠦ ᠣᠷᠤᠯᠳᠤᠭᠠᠨ ᠪᠣᠯᠵᠤ ᠪᠠᠢ᠌ᠭ᠎ᠠ ᠠᠵᠢ᠃ ᠡᠨᠡ ᠴᠤ ᠶᠠᠭᠠᠮᠠᠢ᠂ ᠮᠤᠷᠢ ᠭᠡᠳᠡᠭ᠌ ᠭᠡᠷ ᠤᠨ ᠣᠨᠤᠭ᠎ᠠ ᠮᠦᠽᠧᠢ ᠳᠤ ᠣᠷᠤᠮᠠᠷ ᠪᠣᠯᠤᠭᠰᠠᠨ ᠭᠠᠵᠢᠭ ᠴᠠᠭ᠂ ᠪᠦᠭᠦᠳᠡᠭᠡᠷ ᠴᠢᠭᠢᠯᠳᠦᠭᠡᠳ ᠰᠠᠢ᠌ᠨ ᠬᠠᠷᠠᠬᠤ ᠦᠭᠡᠶ ᠪᠣᠯ ᠬᠤᠵᠢᠮ ᠣᠯᠵᠤ ᠥᠵᠡᠭᠦ ᠳᠤ ᠪᠠᠷᠭᠡᠳᠡᠢ ᠪᠣᠯᠬᠤ ᠨᠢ ᠡ᠃ ᠳᠤᠭᠠᠳᠠᠢ ᠳᠠᠪᠣ ᠭᠤᠷᠪᠠᠨ ᠮᠤᠷᠢ ᠪᠠᠨ ᠳᠠᠢ᠌ᠰᠠᠨ ᠤ ᠡᠮᠦᠨᠡᠭᠦᠷ ᠨᠠᠰᠢ ᠴᠠᠰᠢ ᠭᠦᠳᠦᠯᠤᠨ ᠬᠤᠰᠢᠭᠤᠨ ᠡᠴᠠ ᠢᠷᠡᠭ᠍ᠰᠡᠨ ᠭᠦᠡᠳᠦᠳᠤ ᠵᠤᠴᠢᠨ ᠤ ᠪᠠᠨ ᠨᠢᠳᠤᠨ ᠬᠤᠷᠤᠬᠠᠢ ᠶᠢ ᠭᠠᠷᠭᠠᠭᠰᠠᠨ ᠤ ᠪᠠᠨ ᠳᠠᠷᠠᠭ᠎ᠠ᠂ ᠦᠨᠦ 《ᠰᠤᠶᠤᠯ ᠤᠨ ᠨᠠᠢ᠌ᠷ》 ᠊ᠤᠨ ᠶᠢᠡᠨ ᠭᠤᠤᠯ ᠠᠭᠤᠯᠭ᠎ᠠ ᠲᠤ ᠣᠷᠤᠬᠤ ᠶᠤᠮ ᠪᠠᠢ᠌ᠨ᠎ᠠ᠃

ᠡᠭᠡᠨᠡᠷ ᠶᠢᠡᠨ ᠡᠭᠦᠷᠴᠤ ᠭᠦᠶ‍ᠦᠭᠦ ᠣᠷᠤᠯᠳᠤᠭᠠᠨ ᠡᠭᠢᠯᠡᠯ᠎ᠡ᠃ ᠭᠦᠳᠦᠯᠡᠭ᠍ᠴᠢ ᠠᠪᠣᠭᠠᠢ ᠡᠴᠠ ᠦᠪᠡᠷ ᠤᠨ ᠭᠢ ᠪᠠᠨ ᠡᠭᠦᠷᠴᠤ ᠪᠣᠯᠬᠤ ᠡᠴᠠ ᠪᠢᠰᠢ ᠪᠣᠰᠤᠳ ᠤᠨ ᠭᠢ ᠶᠢ ᠡᠭᠦᠷᠴᠤ ᠪᠣᠯᠬᠤ ᠦᠭᠡᠶ ᠶᠢ ᠴᠢᠬᠤᠯᠠᠴᠢᠯᠠᠵᠤ ᠯᠠ ᠪᠠᠢ᠌ᠨ᠎ᠠ᠂ ᠭᠦᠭ᠍ᠰᠢᠨ ᠵᠠᠯᠠᠭᠤ ᠬᠡᠦᠬᠡᠳ ᠦᠬᠢᠳ ᠨᠢᠳᠤ ᠪᠠᠨ ᠪᠦᠯᠳᠡᠢ᠌ᠯᠭᠡᠨ ᠰᠢᠮᠡᠳᠡᠢ᠌ᠭᠡᠨ ᠥᠵᠡᠵᠡᠭᠡᠵᠤ᠂ ᠠᠮᠠ ᠪᠠᠨ ᠠᠩᠰᠠᠢ᠌ᠯᠭᠠᠨ ᠭᠦᠭᠡ ᠢᠨᠢᠶᠠᠳᠤ ᠪᠠᠷ ᠬᠠᠬᠠᠯᠠᠵᠤ ᠪᠠᠢ᠌ᠨ᠎ᠠ᠃ ᠡᠭᠡᠨᠡᠷ ᠭᠦᠮᠤᠨ ᠢ ᠳᠡᠭᠡᠭᠦᠷ ᠶᠢᠡᠨ ᠭᠠᠷᠭᠠᠬᠤ ᠦᠭᠡᠶ ᠭᠡᠰᠡᠨ ᠰᠢᠷ᠎ᠠ ᠶᠢᠨ ᠭᠦᠯᠢᠶᠡᠰᠤ ᠡᠴᠠ ᠪᠠᠨ ᠮᠤᠯᠳᠠᠷᠠᠭᠰᠠᠨ ᠭᠦᠳᠡᠷᠯᠢᠭ᠌ ᠮᠤᠩᠭ᠋ᠤᠯ ᠡᠷᠡᠰ ᠴᠢᠨᠢ ᠦᠨᠦ ᠭᠠᠩᠭ᠋ᠠᠩ ᠴᠡᠮᠴᠡᠭᠡᠷ ᠪᠠᠷᠢᠶᠠᠤᠨ ᠢ ᠱᠠᠪ ᠭᠢᠳᠠᠯ᠎ᠠ ᠳᠡᠪᠠᠷᠢᠭᠡᠳ ᠮᠦᠷᠤᠨ ᠳᠡᠭᠡᠭᠦᠷ ᠶᠢᠡᠨ ᠠᠴᠢᠵᠤ ᠳᠡᠷᠢᠭᠦᠨ ᠱᠠᠩ ᠢ ᠠᠪᠬᠤ ᠪᠠᠷ ᠳᠠᠪᠠᠷᠠᠨ ᠭᠦᠶ‍ᠦᠯ᠎ᠡ ᠁

ᠳᠠᠷᠠᠭᠠᠭᠢ ᠫᠷᠦᠭ᠍ᠷᠡᠮ ᠊᠊᠊᠊᠊᠊᠊᠊᠊᠊᠊᠊᠊᠊᠊ ᠭᠦᠯ ᠬᠤᠯᠪᠤᠨ ᠭᠦᠶ‍ᠦᠭᠦ ᠣᠷᠤᠯᠳᠤᠭᠠᠨ ᠡᠭᠢᠯᠡᠯ᠎ᠡ᠃ ᠬᠤᠶᠠᠷ ᠭᠦᠮᠤᠨ ᠢ ᠵᠡᠷᠭᠡᠴᠡᠭᠦᠯᠤᠨ ᠵᠤᠭᠰᠤᠭᠠᠵᠤ᠂ ᠨᠠᠭᠠᠯᠳᠤᠭᠰᠠᠨ ᠬᠤᠶᠠᠷ ᠭᠦᠯ ᠢ ᠨᠢ ᠳᠤᠷᠭᠠᠨ ᠥᠭᠡᠳᠡᠰᠤ ᠪᠠᠷ ᠣᠶᠠᠭᠠᠤᠨ ᠬᠤᠶᠠᠷ ᠭᠦᠮᠤᠨ ᠢ ᠭᠤᠷᠪᠠ ᠭᠦᠯᠯᠡᠭᠦᠯᠤᠨ ᠭᠦᠶ‍ᠦᠯᠭᠡᠵᠤ ᠡᠭᠢᠯᠡᠵᠡᠢ᠃ ᠮᠠᠯᠵᠢᠬᠤ ᠣᠷᠤᠨ ᠳᠤ ᠬᠠᠰᠢᠶᠠᠯᠠᠬᠤ ᠳᠦᠷᠢᠮ ᠢ ᠭᠡᠷᠡᠭ᠍ᠵᠢᠭᠦᠯᠦᠭ᠍ᠰᠡᠨ ᠡᠴᠠ ᠬᠣᠢ᠌ᠰᠢ᠂ ᠦᠨᠦ ᠠᠳᠠ ᠥᠵᠡᠳᠡᠭ᠌ ᠢᠮᠠᠭ᠎ᠠ ᠴᠤ ᠦᠨᠡᠨ ᠨᠢᠭᠡ ᠠᠤᠨ ᠤᠨ ᠠᠮᠢᠳᠠᠨ ᠪᠠᠢ᠌ᠵᠤ ᠭᠡᠷᠡᠮ ᠬᠠᠰᠢᠶ᠎ᠠ ᠳᠡᠰᠭᠦ ᠦᠭᠡᠶ ᠥᠰᠦᠷᠦᠭᠡᠳ᠂ ᠮᠠᠭᠤ ᠡᠵᠡᠨ ᠶᠢᠡᠨ ᠳᠤᠷᠭᠤᠭᠠᠯᠢ ᠶᠢᠨ ᠮᠦᠩᠭᠦ ᠪᠠᠷ ᠭᠠᠷᠤᠵᠠᠭᠤᠯᠳᠠᠭ ᠪᠣᠯᠬᠤᠷ ᠨᠢᠯᠤᠩ ᠳᠡᠭᠡᠰᠤ ᠪᠠᠷ ᠳᠤᠱᠢᠶ᠎ᠠ ᠵᠤᠬᠢᠶᠠᠵᠤ ᠳᠤᠱᠠᠪᠠᠯ ᠢᠩᠭᠢᠵᠤ ᠭᠤᠷᠪᠠᠨ ᠭᠦᠯᠯᠡᠵᠤ ᠰᠤᠨᠢᠨ ᠠᠯᠬᠤᠳᠠᠯ ᠶᠢᠡᠷ ᠭᠦᠶ‍ᠦᠭᠦ ᠪᠣᠯᠳᠠᠭ᠃ ᠵᠠ᠂ ᠡᠭᠦᠨ ᠢ ᠪᠠᠰᠠ 《ᠬᠠᠰᠢᠶᠠᠯᠠᠬᠤ ᠰᠤᠶᠤᠯ》 ᠳᠤ ᠪᠠᠭᠳᠠᠭᠠᠭᠠᠤᠨ ᠪᠣᠳᠤᠴᠢᠬᠠᠶ᠎ᠠ᠃

ᠡᠴᠦᠰ ᠲᠡᠭᠡᠨ ᠪᠦᠭᠡ ᠳᠠᠯᠪᠢᠬᠤ ᠳᠡᠭᠡᠷ᠎ᠡ ᠳᠤᠯᠤᠭᠠᠤᠨ ᠢᠷᠠᠯ᠎ᠠ᠃ ᠵᠢᠷᠭᠤᠭᠠᠨ ᠭᠠᠴᠠᠭ᠎ᠠ ᠡᠴᠠ ᠠᠷᠪᠠᠨ ᠨᠢ᠋ᠮᠠᠨ ᠪᠦᠭᠡ ᠰᠢᠯᠢᠵᠤ ᠣᠷᠤᠯᠳᠤᠭᠠᠯᠠᠬᠤ ᠪᠠᠷ ᠪᠣᠯᠤᠯ᠎ᠠ᠃ ᠪᠦᠭᠡ ᠮᠡᠳᠡᠳᠡᠭ᠌ ᠨᠢᠭᠡ ᠨᠢ ᠨᠠᠢ᠌ᠷ ᠡᠷᠭᠢᠯᠡᠭ᠍ᠴᠢ ᠶᠢ ᠡᠷᠢᠵᠤ᠂ ᠡᠨᠡ ᠳᠤᠭ᠎ᠠ ᠪᠠᠷ ᠪᠦᠭᠡ ᠨᠤᠭᠤᠯᠪᠠᠯ ᠳᠠᠩ ᠳᠤᠭ᠎ᠠ ᠭᠠᠷᠤᠨ᠎ᠠ ᠭᠡᠰᠡᠨ ᠳᠤ᠂

《ᠴᠢᠮᠡᠭᠡ ᠦᠭᠡᠶ ᠪᠠᠢ ︕ ᠮᠠᠨ ᠤ ᠨᠤᠶᠠᠤᠨ ᠢᠩᠭᠢᠵᠤ ᠭᠢᠨ᠎ᠡ ᠭᠡᠰᠡᠨ ᠶᠤᠮ ᠴᠢᠨᠢ ᠯᠠᠪ ᠪᠣᠯᠬᠤ ᠪᠠᠢ᠌ᠯ ᠦᠭᠡᠶ︕》 ᠭᠡᠵᠤ ᠴᠠᠭᠠᠨ ᠨᠢᠳᠤ ᠪᠠᠷ ᠴᠠᠢ᠌ᠪᠠᠢ᠌ᠭᠳᠠᠵᠠᠢ᠃ ᠳᠡᠭᠡᠭᠦ ᠳᠤ ᠳᠠᠳᠠ ᠮᠦᠨ ᠠᠷᠭ᠎ᠠ ᠲᠡᠶ᠂ 《ᠮᠤᠷᠤᠢ ᠮᠤᠳᠤᠨ ᠳᠤ ᠭᠤᠭᠢᠷ ᠰᠥᠭᠡ ᠵᠠᠷᠤᠵᠤ》᠂ ᠭᠠᠴᠠᠭ᠎ᠠ ᠬᠤᠭᠤᠷᠤᠠᠳᠤ ᠨᠢ ᠭᠤᠷᠪᠠ ᠭᠤᠷᠪᠠᠨ ᠪᠦᠭᠡ ᠪᠠᠷ ᠨᠤᠴᠤᠯᠳᠤᠭᠤᠯᠵᠤ᠂ ᠬᠠᠮᠤᠭ ᠰᠡᠭᠦᠯ ᠳ᠋ᠤᠨᠢ ᠬᠠᠰᠢᠯᠠ ᠪᠦᠭᠡ ᠰᠢᠯᠭᠠᠷᠠᠭᠤᠯᠤᠭᠠᠤᠨ ᠳᠡᠢ᠌ᠯᠦᠴᠢᠭ᠍ᠰᠡᠨ ᠪᠠᠢ᠌ᠯ᠎ᠠ᠃ ᠡᠢ᠌ᠮᠦᠷᠭᠦ ᠮᠤᠩᠭ᠋ᠤᠯ ᠤᠨ ᠳᠡᠦᠭᠡᠨ ᠳᠤ ᠭᠠᠷᠴᠤ ᠥᠩᠭᠡᠷᠡᠭᠡ ᠦᠭᠡᠶ᠂ ᠴᠠᠭ ᠦᠶ᠎ᠡ ᠶᠢ 《ᠵᠠᠭᠠᠭᠯᠠᠭᠰᠠᠨ》 ᠳᠡᠦᠭᠡᠳᠤ ᠮᠦᠴᠡ ᠶᠢ ᠮᠠᠨ ᠤ ᠰᠤᠷᠪᠣᠯᠵᠢᠯᠠᠭᠴᠢ ᠴᠢᠮᠡᠭᠡᠯᠡᠭ᠍ᠴᠢ ᠨᠡᠷ ᠪᠢᠴᠢᠨ ᠵᠢᠷᠤᠭᠯᠠᠵᠤ ᠠᠪᠣᠭᠠᠤᠨ ᠮᠠᠨ ᠤ ᠦᠷ᠎ᠡ ᠬᠣᠢ᠌ᠴᠢᠰ ᠲᠤ 《ᠰᠤᠶᠤᠯ ᠤᠨ ᠭᠦᠷᠦᠩᠭᠡ》 ᠪᠣᠯᠭᠠᠵᠤ ᠬᠤᠷᠢᠶᠠᠨ ᠬᠠᠳᠠᠭᠠᠯᠠᠬᠤ ᠳᠤ ᠭᠦᠷᠪᠡ᠃ ᠰᠤᠶᠤᠯ ᠮᠢᠨᠢ ᠢᠩᠭᠢᠵᠤ ᠬᠠᠢ᠌ᠯᠵᠤ ᠪᠠᠢ᠌ᠬᠤ ᠨᠢ ᠡ᠃ ᠳᠡᠭᠡᠭᠦ ᠳᠤ᠂ ᠳᠡᠭᠡᠳᠦᠰ ᠤᠨ ᠵᠠᠮ ᠶᠢᠡᠷ ᠶᠠᠪᠣᠵᠤ ᠡᠪᠦᠭᠡᠳ ᠤᠨ ᠰᠤᠷᠠᠭᠠᠯ ᠢ ᠰᠤᠨᠤᠰᠬᠤ ᠦᠭᠡᠶ ᠪᠣᠯ ᠠᠮᠢᠳᠤᠷᠠᠯ ᠤᠨ ᠵᠠᠮ ᠮᠤᠬᠤᠷᠳᠠᠨ᠎ᠠ ᠭᠡᠵᠤ ᠭᠡᠨ ᠭᠡᠯᠡᠭ᠍ᠰᠡᠨ ᠠᠵᠢ︕

ᠠᠮᠢᠳᠤᠷᠠᠯ ᠳᠤ ᠰᠢᠨᠠᠴᠢᠯᠠᠯᠳᠠ ᠭᠢᠭᠦ ᠪᠣᠯ ᠨᠡᠢ᠌ᠭᠡᠮ ᠳᠠᠪᠰᠢᠬᠤ ᠶᠢᠨ ᠣᠷᠢᠳᠠᠯ ᠮᠦᠨ᠃ ᠭᠡᠪᠠᠴᠤ ᠰᠢᠨᠠᠴᠢᠯᠠᠯᠳᠠ ᠭᠢᠨ᠎ᠡ ᠭᠡᠭ᠍ᠴᠢ ᠶᠠᠭᠠᠭᠢᠭᠰᠠᠨ ᠴᠤ ᠣᠤᠯ ᠰᠤᠶᠤᠯ ᠢ ᠣᠰᠠᠳᠬᠠᠵᠤ ᠪᠠᠢ᠌ᠭᠠᠤᠨ ᠰᠢᠨ᠎ᠡ ᠰᠤᠶᠤᠯ ᠪᠦᠳᠦᠭᠡᠭᠦ ᠶᠠᠪᠣᠳᠠᠯ ᠯᠠᠪᠳᠠᠢ ᠪᠢᠰᠢ ᠡ᠃ ᠳᠡᠭᠡᠷ᠎ᠡ ᠵᠠᠭᠤᠨ ᠤ ᠡᠭᠢᠨ ᠳᠤ ᠪᠠᠭᠠᠷᠢᠨ ᠬᠤᠰᠢᠭᠤᠨ ᠤ ᠵᠡᠭᠦᠨ ᠭᠤᠤᠯ ᠤᠨ ᠬᠤᠶᠠᠷ ᠰᠤᠮᠤ ᠶᠢ ᠣᠰᠤᠨ ᠭᠠᠮᠰᠢᠭ ᠳᠠᠭᠠᠷᠢᠭᠰᠠᠨ ᠳᠤ᠂ ᠪᠠᠭᠠᠷᠢᠨ ᠸᠠᠩ ᠡᠴᠠ ᠰᠠᠢ᠌ᠬᠠᠨ ᠬᠠᠨ ᠠᠭᠤᠯᠠᠨ ᠤ ᠳᠠᠭᠢᠯᠭ᠎ᠠ ᠶᠢᠨ ᠣᠪᠣᠭ᠎ᠠ ᠳᠤ ᠠᠮᠢᠳᠤ ᠭᠦᠮᠤᠨ ᠱᠦᠩᠯᠠᠵᠤ ᠳᠠᠭᠢᠭᠰᠠᠨ ᠪᠠᠢ᠌ᠳᠠᠭ᠃ ᠡᠭᠦᠨ ᠢ ᠪᠢᠳᠠ ᠪᠠᠰᠠ 《ᠡᠷᠭᠢᠮ ᠳᠡᠭᠡᠳᠤ ᠣᠳᠤᠮᠰᠢᠯ》 ᠭᠡᠵᠤ ᠵᠠᠯᠭᠠᠮᠵᠢᠯᠠᠵᠤ ᠪᠣᠯᠬᠤ ᠦᠭᠡᠶ ᠪᠣᠯᠪᠠᠴᠤ᠂ ᠶᠠᠭᠤᠮ᠎ᠠ ᠪᠦᠭᠦᠨ ᠳᠤ 《ᠬᠠᠭᠤᠴᠢᠨ ᠢ ᠡᠪᠳᠡᠨ᠎ᠡ》 ᠭᠡᠳ ᠠᠯᠢ ᠣᠯᠠᠨ ᠰᠢᠯᠢᠳᠡᠭ᠌ ᠣᠯᠠᠮᠵᠢᠯᠠᠯ ᠶᠢᠡᠨ ᠪᠦᠭᠦᠨ ᠢ ᠳᠠᠶᠠᠭᠳᠠᠴᠢᠬᠠᠭᠠᠤᠨ ᠪᠣᠯᠬᠤ ᠦᠭᠡᠶ ᠪᠠᠢ᠌ᠮᠠᠷ ᠪᠣᠳᠤᠭᠳᠠᠨ᠎ᠠ᠃ 《ᠭᠡᠳᠤ ᠦᠨᠳᠦᠰᠦᠳᠠᠨ ᠤ ᠭᠢ ᠪᠠᠢ᠌ᠬᠤ ᠳᠤᠳᠤᠮ ᠭᠡᠳᠤ ᠳᠡᠯᠡᠭᠡᠢ ᠶᠢᠨ ᠭᠢ》 ᠭᠡᠵᠤ ᠪᠢᠳᠠ ᠡᠷᠡᠤ ᠰᠤᠯᠠᠷᠠᠳᠠᠯ᠎ᠠ ᠪᠠᠨ ᠶᠠᠷᠢᠯ᠎ᠠ᠂ 《ᠦᠨᠳᠦᠰᠦᠳᠠᠨ ᠤ ᠭᠢ》 ᠭᠡᠳᠡᠭ᠌ ᠶᠠᠭᠤᠮ᠎ᠠ ᠪᠦᠭᠦᠨ ᠴᠢᠨᠢ ᠵᠠᠬ᠎ᠠ ᠡᠴᠠ ᠪᠠᠨ ᠰᠡᠮᠡᠷᠡᠭ᠍ᠰᠡᠭᠡᠷ ᠪᠠᠢ᠌ᠭᠠᠤᠨ ᠳᠡᠭᠡᠷ᠎ᠡ ᠨᠢ ᠪᠠᠰᠠ ᠢᠩᠭᠢᠵᠤ 《ᠳᠤᠮᠤ ᠥᠭᠡᠷᠡᠴᠢᠯᠡᠯᠳᠡ》 ᠭᠢᠭᠦ ᠶᠤᠮ ᠪᠣᠯ ᠴᠤᠬᠤᠮ ᠦᠯᠡᠳᠡᠭᠦ ᠶᠠᠭᠤᠮ᠎ᠠ ᠦᠭᠡᠶ ᠪᠣᠯᠤᠨ᠎ᠡ᠃ ᠶᠠᠭᠤ ᠴᠤ ᠦᠭᠡᠶ ᠪᠣᠯᠤᠭᠰᠠᠨ ᠤ ᠬᠣᠢ᠌ᠨ᠎ᠡ᠂ 《ᠦᠨᠳᠦᠰᠦᠳᠠᠨ ᠤ ᠭᠢ》 ᠭᠡᠵᠤ ᠶᠠᠭᠤ ᠪᠠᠨ ᠭᠡᠯᠡᠨ᠎ᠡ ᠪᠣᠢ︖ ᠭᠠᠭᠴᠠᠬᠦ ᠮᠤᠩᠭ᠋ᠤᠯ ᠥᠭᠡ ᠶᠠᠷᠢᠵᠤ ᠣᠷᠳᠤ ᠬᠤᠪᠴᠠᠰᠤ ᠡᠮᠦᠰᠭᠦ ᠶᠢ 《ᠮᠤᠩᠭ᠋ᠤᠯ ᠰᠤᠶᠤᠯ》 ᠭᠡᠵᠤ ᠨᠡᠷᠡᠯᠡᠭᠡᠳ ᠪᠠᠢ᠌ᠵᠤ ᠪᠣᠯᠬᠤ ᠦᠭᠡᠶ ᠪᠢᠵᠠ᠃

ᠦᠨᠳᠦᠰᠦᠳᠠᠨ ᠤ ᠣᠳᠤᠮᠰᠢᠯ ᠶᠢᠡᠨ ᠭᠡᠷᠭᠢᠨ ᠪᠠᠳᠠᠷᠠᠭᠤᠯᠬᠤ ᠪᠣᠯ ᠮᠠᠨ ᠤ ᠬᠣᠢ᠌ᠰᠢᠳᠠ ᠶᠢᠨ ᠰᠤᠳᠤᠯᠬᠤ ᠲᠦᠪᠯᠡᠷᠠᠯ ᠴᠡᠭ᠌ ᠪᠠᠢ᠌ᠭ᠎ᠠ᠃


2010 ᠣᠨ ᠤ 5 ᠰᠠᠷᠠᠢ᠌ᠨ 6 ᠊ᠤ ᠡᠳᠦᠷ ᠪᠠᠶᠠᠠᠠᠭᠤᠯᠠ ᠳᠤ ᠳᠠᠳᠠᠯᠠᠪᠠᠢ᠃


ᠵᠤᠬᠢᠶᠠᠭᠴᠢ ᠶᠢᠨ ᠬᠠᠶ‍ᠢᠭ᠄ ᠣᠯᠠᠭᠠᠠᠬᠠᠳᠠ ᠬᠤᠳᠠ ᠶᠢᠨ ᠵᠡᠭᠦᠨ ᠪᠠᠭᠠᠷᠢᠨ ᠤ ᠪᠠᠶᠠᠠᠠᠭᠤᠯᠠ ᠰᠤᠮᠤ

ᠵᠤᠬᠢᠶᠠᠭᠴᠢ᠄ ᠨᠣ᠊·ᠪᠠᠭᠠᠳᠤᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠥᠭᠥᠯᠡᠯ ᠰᠢᠭᠦᠮᠵᠢ
ᠳᠠᠷᠤᠮ᠄ 2965
ᠴᠠᠭ᠄ 2010 ᠤᠨ ᠤ 06 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁