ᠮᠦᠷᠦᠭᠡᠳᠦᠯ ᠤᠨ ᠨᠠᠮᠤᠷ

ᠨᠠᠮᠤᠷ ᠶᠠᠭᠤᠨ ᠳᠤ ᠪᠣᠯᠪᠠ ᠭᠡᠵᠤ

ᠭᠡᠨ ᠨᠠᠳᠠ ᠡᠴᠡ ᠠᠰᠠᠭᠤᠬᠤ ᠪᠣᠢ

ᠨᠤᠳᠤᠭ ᠶᠢᠡᠨ ᠶᠠᠭᠠᠭᠢᠭᠠᠤᠨ ᠰᠠᠨᠠᠯ᠎ᠠ ᠭᠡᠵᠤ

ᠪᠢ ᠭᠡᠨ ᠳᠤ ᠬᠠᠷᠢᠭᠤᠯᠬᠤ ᠪᠣᠢ

ᠰᠡᠮᠡᠷᠡᠭᠦ ᠠᠯᠤᠰ ᠢ ᠰᠢᠷᠳᠡᠭᠡᠳ

ᠰᠠᠪ ᠰᠡᠮᠭᠡᠨ ᠳᠤᠷᠠᠰᠤᠯᠳᠠᠢ

ᠰᠡᠳᠭᠢᠯ ᠣᠶᠠᠷᠠᠯ ᠶᠢᠡᠷ ᠳᠦᠭᠦᠷᠡᠭᠡᠳ

ᠭᠠᠩᠰᠠᠷᠠᠯ ᠵᠥᠭ᠌ ᠳᠠᠮᠠᠤᠯᠠᠯᠳᠠᠢ᠂

ᠰᠥ᠋ ᠦᠣᠡᠭᠡᠷᠡᠭᠦ ᠨᠠᠮᠤᠷ

ᠰᠥᠰᠦᠭ᠌ ᠪᠣᠰᠬᠤ ᠨᠢ ᠶᠠᠭᠤ ᠶᠤᠮ ᠪᠣᠢ

ᠰᠦᠵᠢ ᠶᠢᠨ ᠣᠰᠤ ᠪᠠᠨ ᠰᠠᠨᠠᠬᠤ ᠨᠢ

ᠰᠡᠳᠭᠢᠯ ᠤᠨ ᠴᠠᠩᠭ᠋ᠠᠭ᠎ᠠ ᠳᠠᠷᠠ ᠪᠢᠯᠢᠤ

ᠨᠤᠳᠤᠭ ᠪᠣᠴᠠᠬᠤ ᠰᠠᠨᠠᠭ᠎ᠠ

ᠨᠢᠭᠡᠨ ᠦᠶ᠎ᠡ ᠭᠦᠪᠦᠷᠡᠨ᠎ᠡ

ᠨᠤᠭᠤᠨ ᠵᠠᠶᠠᠭᠠᠳᠤ ᠮᠢᠨᠤ

ᠵᠢᠷᠦᠭᠡᠨ ᠤ ᠬᠤᠯᠪᠣᠭ᠎ᠠ ᠳᠠᠷᠠ ᠪᠢᠯᠢᠤ

ᠰᠢᠵᠢᠷ ᠠᠯᠳᠠᠨ ᠨᠠᠮᠤᠷ ᠢ ᠪᠢ

ᠰᠢᠳᠤᠨ ᠳᠠᠭᠠᠳᠬᠠᠨ ᠳᠤᠭᠤᠯᠤᠶ᠎ᠠ

ᠰᠡᠭᠦᠷᠡᠰᠤ ᠰᠢᠭ ᠴᠠᠭ ᠢ ᠪᠢ

ᠰᠢᠮᠠᠨ ᠠᠮᠳᠠᠯᠠᠨ ᠮᠠᠳᠠᠷᠠᠶ᠎ᠠ

ᠰᠡᠷᠢᠭᠦᠤ ᠳᠠᠳᠠᠬᠤ ᠨᠠᠮᠤᠷ ᠡ

ᠰᠡᠯᠡᠭᠦᠨ ᠮᠦᠷᠦᠭᠡᠳᠦᠯ ᠤᠨ ᠨᠠᠮᠤᠷ ᠡ


     ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠶᠢᠨ ᠳᠸᠯᠸᠢᠰ ᠬᠤᠷᠢᠶᠠᠨ ᠤ ᠮᠤᠩᠭ᠋ᠤᠯ ᠨᠠᠢ᠌ᠷᠠᠭᠤᠯᠬᠤ ᠭᠡᠯᠳᠡᠰ

ᠵᠤᠬᠢᠶᠠᠭᠴᠢ᠄ ᠷᠤᠯᠮᠠᠵᠠᠪ
ᠢᠷᠡᠯᠲᠡ᠄ ᠷᠤᠯᠮᠠᠵᠠᠪ ᠢᠮᠸᠯ ᠶᠢᠡᠷ ᠢᠷᠡᠭᠦᠯᠪᠡ
ᠬᠠᠷᠢᠶ᠎ᠠ᠄ ᠰᠢᠯᠦᠭ
ᠳᠠᠷᠤᠮ᠄ 1500
ᠴᠠᠭ᠄ 2010 ᠤᠨ ᠤ 11 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁