ᠺᠤᠮᠫᠠᠨᠢ

ᠡᠳ᠋ ᠤᠨ ᠵᠠᠰᠠᠭ ᠤᠨ ᠡᠷᠭᠡ ᠶᠢᠨ ᠪᠢᠴᠢᠭ᠌

ᠡᠳ᠋ᠯᠡᠵᠤ ᠳᠠᠭᠤᠰᠤᠰᠢ ᠦᠭᠡᠶ ᠬᠠᠤᠯᠢ ᠳᠦᠷᠢᠮ

ᠡᠷᠢᠯᠭᠢᠯᠡᠵᠤ ᠡᠳ᠋ ᠠᠰᠢᠭ ᠲᠤ ᠭᠦᠷᠳᠡᠭ᠌

ᠡᠯᠢᠭᠡ ᠨᠢᠭᠡᠳᠡᠢ ᠬᠠᠮᠳᠤ ᠴᠤᠭᠴᠠ ᠡ᠂


ᠡᠷᠭᠢᠮ ᠳᠠ ᠡᠨᠡ ᠳᠡᠭᠡᠷ᠎ᠡ ᠭᠠᠷ ᠤᠨ ᠥᠰᠦᠭ᠌ ᠶᠢᠡᠨ ᠵᠢᠷᠤ

ᠡᠷᠭᠢᠯᠳᠡᠨ ᠳᠤ ᠭᠦᠷᠦᠩᠭᠡ ᠮᠦᠩᠭᠦᠨ ᠤ ᠠᠮᠢ ᠪᠣᠢ

ᠡᠷᠭᠡ ᠡᠭᠦᠷᠭᠡ ᠶᠢᠨ ᠳᠠᠭᠠᠤ ᠡᠨᠡ ᠳᠡᠭᠡᠷ᠎ᠡ ᠭᠠᠷ ᠤᠨ ᠶᠢᠡᠨ ᠥᠰᠦᠭ᠌ ᠢ ᠵᠢᠷᠤ

ᠡᠰᠭᠡᠵᠤ ᠳᠦᠷᠢ ᠥᠵᠡᠭᠦᠯᠭᠦ ᠳᠤᠳᠤᠭᠠᠳᠤ ᠵᠢᠷᠤᠮ ᠪᠣᠢ᠂


ᠰᠠᠩ ᠭᠦᠤ ᠶᠢ ᠰᠠᠭᠢᠵᠤ ᠵᠢᠷᠤ

ᠱᠠᠵᠢᠭᠢᠨᠠᠭᠤᠯᠤᠨ ᠲᠦᠯᠭᠢᠭᠦᠷ ᠪᠠᠷᠢᠭᠰᠠᠨ ᠨᠢᠷᠪᠠ ᠳᠠᠠᠳᠠ ᠪᠣᠢ

ᠰᠠᠷ᠎ᠠ ᠶᠢᠨ ᠡᠴᠦᠰ ᠴᠠᠯᠢᠩ ᠪᠠᠭᠤᠬᠤ ᠳᠤ ᠵᠢᠷᠤ

《ᠰᠠᠢ᠌ᠬᠠᠨ ᠰᠠᠨᠠᠭ᠎ᠠ》 ᠲᠡᠶ ᠨᠢᠭᠳᠠᠯᠠᠨ ᠡ᠊ᠨᠳᠡ ᠪᠣᠢ᠂


ᠰᠠᠨᠠᠭ᠎ᠠ ᠪᠠᠨ ᠵᠦᠪ ᠭᠡᠯᠡᠵᠤ ᠵᠢᠷᠤ

ᠰᠡᠭᠦᠳᠡᠷ ᠨᠢ ᠮᠠᠷᠳᠠᠭᠳᠠᠬᠤ ᠦᠭᠡᠶ ᠮᠸᠨᠧᠵᠸᠷ ᠬᠠᠵᠠᠭᠤ ᠳᠤ ᠪᠣᠢ

ᠰᠠᠯᠵᠤ ᠶᠠᠳᠠᠭᠰᠠᠨ ᠳᠦᠷᠢ ᠥᠵᠡᠭᠦᠯᠤᠨ ᠪᠦᠭᠦᠯᠵᠡ

ᠰᠠᠢ᠌ᠬᠠᠨ ᠴᠢᠷᠠᠢ᠌ᠯᠢᠭ ᠨᠠᠷᠢᠨ ᠪᠢᠴᠢᠭ᠌ ᠡᠮᠤᠨ᠎ᠡ ᠴᠢᠨᠢ ᠪᠣᠢ᠂


ᠣᠷᠤᠨ ᠭᠠᠷᠤᠨ ᠬᠠᠭᠠᠯᠭ᠎ᠠ ᠪᠠᠨ ᠳᠠᠷᠤᠭᠠᠷᠠᠢ

ᠣᠪᠰᠠᠭ᠎ᠠ ᠰᠢᠩᠭᠡᠭ᠍ᠰᠡᠨ ᠣᠹᠢᠽ ᠭᠡᠳᠡᠭ᠌ ᠨᠢᠭᠤᠴᠠ ᠰᠢᠤ

ᠣᠯᠵᠠ ᠠᠰᠢᠭ ᠤᠨ ᠦᠨᠡᠨ ᠳᠠᠩᠰᠠ ᠪᠠᠨ ᠳᠡᠯᠭᠡᠭᠡᠷᠡᠢ

ᠣᠯᠠᠭᠤᠯᠠ ᠪᠠᠨ ᠵᠥᠪᠰᠢᠭᠦ ᠣᠹᠢᠽ ᠭᠡᠭ᠍ᠴᠢ ᠨᠡᠭᠡᠭᠡᠯᠳᠡᠳᠡᠢ ᠰᠢᠤ᠂


ᠣᠯᠠᠨ ᠭᠦᠮᠤᠨ ᠤ ᠰᠡᠳᠭᠢᠯ ᠨᠡᠢ᠌ᠯᠡᠭ᠍ᠰᠡᠨ ᠺᠤᠮᠫᠠᠨᠢ ᠭᠡᠭ᠍ᠴᠢ

ᠣᠴᠢᠵᠤ ᠢᠷᠡᠭᠦ ᠠᠶᠠᠨ ᠵᠠᠮ ᠤᠨ ᠳᠠᠮᠵᠢᠶ᠎ᠠ ᠪᠢᠰᠢ

ᠣᠮᠤᠭ ᠰᠡᠷᠭᠦᠭᠡᠭᠦ ᠭᠤᠶᠤ ᠮᠠᠰᠢᠨ ᠤ ᠴᠢᠮᠡᠭ᠌ ᠪᠢᠰᠢ

ᠣᠷᠤᠯᠭ᠎ᠠ ᠪᠠᠨ ᠪᠠᠰᠠ ᠳᠠᠳᠠᠪᠣᠷᠢ ᠪᠠᠨ ᠨᠢᠭᠳᠠᠯᠠᠵᠤ ᠨᠠᠷᠢᠨ ᠣᠷᠤᠰᠢᠬᠤ

ᠣᠷᠴᠢᠯᠠᠩ ᠢ ᠳᠡᠯᠡᠭ᠍ᠰᠡᠨ ᠨᠢᠭᠡ ᠵᠣᠢ᠌ᠯ ᠤᠨ ᠣᠬᠠᠭᠠᠨ ᠶᠤᠮ ᠡ


ᠵᠤᠬᠢᠶᠠᠭᠴᠢ ᠶᠢᠨ ᠬᠠ‍‌ᠶᠢᠭ ᠄ ᠭᠦᠯᠤᠨ ᠪᠣᠢ᠌ᠷ

ᠵᠤᠬᠢᠶᠠᠭᠴᠢ᠄ ᠬᠠᠷᠠᠨᠤᠳ ᠳᠦᠷᠤ ᠵᠠᠶᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1357
ᠴᠠᠭ᠄ 2011 ᠤᠨ ᠤ 04 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁