ᠡᠵᠢ ᠳᠤ ᠮᠢᠨᠢ ᠪᠢᠳᠡᠭᠡᠢ ᠭᠡᠯᠡᠭᠡᠷᠡᠢ

ᠡᠵᠢ ᠮᠢᠨᠢ ᠨᠠᠮᠢ᠋ᠢ ᠦᠷᠦᠪᠳᠤᠵᠤ ᠠᠷᠭᠠᠳᠠᠭᠰᠠᠨ ᠴᠤ

ᠡᠭᠡ ᠰᠤᠶᠤᠯ ᠳᠠᠭᠠᠨ ᠪᠢ ᠳᠡᠩᠳᠡᠭᠦᠤ ᠬᠠᠢ᠌ᠷᠠᠳᠠᠢ ᠪᠣᠯᠬᠤᠷ

ᠠᠷᠭ᠎ᠠ ᠦᠭᠡᠶ ᠬᠠᠶᠠ ᠰᠠᠨᠠᠭ᠎ᠠ ᠠᠯᠳᠠᠴᠢᠬᠠᠳᠠᠭ

ᠬᠠᠷᠢᠨ ᠪᠢ ᠬᠠᠷ᠎ᠠ ᠳᠠᠷᠤᠵᠤ ᠵᠡᠭᠦᠳᠤᠨ ᠳᠡᠭᠡᠨ ᠣᠭᠢᠯᠠᠳᠠᠭ ᠢ

ᠡᠵᠢ ᠳᠤ ᠮᠢᠨᠢ ᠪᠢᠳᠡᠭᠡᠢ ᠭᠡᠯᠡᠭᠡᠷᠡᠢ

ᠰᠤᠳᠤᠷ ᠥᠵᠡᠭ᠍ᠰᠡᠨ ᠦᠭᠡᠶ ᠴᠤ ᠰᠤᠶᠤᠯ ᠶᠢᠡᠨ ᠭᠡᠭᠦ ᠳᠤ

ᠰᠤᠷ ᠳᠡᠭᠡᠰᠤ ᠡᠯᠳᠡᠭᠦ ᠡᠴᠡ ᠡᠭᠢᠯᠡᠨ ᠵᠢᠭᠠᠵᠤ ᠵᠠᠭᠢᠭᠰᠠᠨ ᠡᠵᠢ ᠮᠢᠨᠢ

ᠰᠥᠷᠡᠭᠡᠢ ᠭᠤᠮᠤᠳᠠᠭᠠᠤᠨ ᠰᠢᠨᠠᠯᠴᠢᠬᠠᠵᠤ ᠮᠠᠳᠠᠨ᠎ᠠ

ᠡᠵᠢ ᠳᠤ ᠮᠢᠨᠢ ᠪᠢᠳᠡᠭᠡᠢ ᠭᠡᠯᠡᠭᠡᠷᠡᠢ

ᠣᠯᠠᠷᠢᠬᠤ ᠳᠡᠯᠡᠭᠡᠢ ᠳᠤ ᠨᠠᠷᠠ ᠳᠤᠳᠠᠭᠰᠠᠨ ᠰᠢᠭ ᠶᠢᠡᠨ

ᠣᠷᠴᠢᠬᠤ ᠬᠤᠷᠸ᠎ᠠ ᠳᠤ ᠦᠨᠡᠨ ᠳᠤᠳᠠᠯ᠎ᠠ ᠭᠡᠵᠤ

ᠥᠭᠦᠯ ᠤᠨ ᠫᠣᠤ ᠳᠤ ᠨᠢᠳᠤ ᠳᠤᠳᠠᠭᠰᠠᠨ ᠰᠢᠭ ᠶᠢᠡᠨ

ᠦᠨᠢᠷ ᠠᠮᠢᠳᠤᠷᠠᠯ ᠳᠤ ᠡᠨᠡᠷᠢᠯ ᠳᠤᠳᠠᠯ᠎ᠠ ᠭᠡᠵᠤ

ᠡᠭᠡ ᠣᠷᠤᠨ ᠤ ᠡᠩᠭᠡᠷ ᠲᠤ ᠣᠷᠤᠩᠭ᠋ᠤ ᠳᠤᠳᠠᠭᠰᠠᠨ ᠰᠢᠭ ᠶᠢᠡᠨ

ᠡᠭᠡ ᠰᠤᠷᠭᠠᠭᠤᠯᠢ ᠶᠢᠨ ᠭᠦᠷᠢᠶᠡᠨ ᠳᠤ ᠭᠡᠦᠭᠡᠤᠨ ᠳᠤᠳᠠᠯ᠎ᠠ ᠭᠡᠵᠤ

ᠡᠵᠢ ᠳᠤ ᠮᠢᠨᠢ ᠪᠢᠳᠡᠭᠡᠢ ᠭᠡᠯᠡᠭᠡᠷᠡᠢ

ᠳᠠᠩᠳᠠ ᠯᠠ ᠪᠢᠳᠠᠨ ᠤ ᠳᠦᠯᠦᠭᠡ ᠰᠠᠨᠠᠭ᠎ᠠ ᠠᠯᠭᠠᠰᠴᠤ ᠶᠠᠪᠣᠳᠠᠭ ᠡᠵᠢ ᠮᠢᠨᠢ

ᠳᠠᠷᠤᠵᠤ ᠢᠷᠡᠭ᠍ᠰᠡᠨ ᠭᠤᠮᠤᠳᠠᠯ ᠶᠢᠡᠨ ᠳᠠᠭᠠᠭᠠᠵᠤ ᠳᠠᠢ᠌ᠯᠤᠯ ᠦᠭᠡᠶ

ᠳᠠᠩᠴᠤ ᠡᠷᠳᠡ ᠥᠭᠡᠳᠡ ᠪᠣᠯᠴᠢᠬᠠᠵᠤ ᠮᠠᠳᠠᠨ᠎ᠠ

ᠡᠵᠢ ᠳᠤ ᠮᠢᠨᠢ ᠪᠢᠳᠡᠭᠡᠢ ᠭᠡᠯᠡᠭᠡᠷᠡᠢ

ᠬᠤᠳᠠ ᠶᠢᠨ ᠮᠤᠩᠭ᠋ᠤᠯ ᠰᠡᠭᠡᠭᠡᠳᠡᠨ

ᠬᠤᠯᠢᠮᠠᠭ ᠭᠡᠯᠡ ᠪᠠᠷ ᠶᠠᠷᠢᠯᠴᠠᠳᠠᠭ ᠭᠡᠵᠤ

ᠰᠤᠶᠤᠯ ᠤᠨ ᠪᠣᠭᠤᠷᠤᠯ ᠥᠯᠦᠭᠡᠢ

ᠰᠤᠮᠤᠨ ᠤ ᠪᠠᠭ᠎ᠠ ᠰᠤᠷᠭᠠᠭᠤᠯᠢ ᠪᠠᠨ ᠵᠤᠭᠰᠤᠭᠠᠯ᠎ᠠ ᠭᠡᠵᠤ

ᠣᠳᠤᠮᠳᠤ ᠮᠤᠩᠭ᠋ᠤᠯ ᠤᠨ ᠶᠤᠰᠤ ᠵᠠᠩᠰᠢᠯ

ᠣᠳᠤ ᠬᠠᠷᠢᠨ ᠰᠤᠳᠤᠷ ᠳᠡᠭᠡᠷ᠎ᠡ ᠯᠠ ᠪᠠᠢ᠌ᠳᠠᠭ ᠭᠡᠵᠤ

ᠡᠵᠢ ᠳᠤ ᠮᠢᠨᠢ ᠪᠢᠳᠡᠭᠡᠢ ᠭᠡᠯᠡᠭᠡᠷᠡᠢ︕

ᠦᠶ᠎ᠡ ᠶᠢᠨ ᠦᠶ᠎ᠡ ᠳᠤ ᠣᠳᠤᠮ ᠵᠠᠯᠭᠠᠭᠰᠠᠨ ᠳᠡᠭᠡᠳᠦᠰ ᠤᠨ ᠶᠢᠡᠨ ᠦᠪ ᠰᠤᠶᠤᠯ ᠢ

ᠥᠴᠦᠭᠡᠨ ᠴᠤ ᠭᠠᠳᠠᠷᠯᠠᠳᠠᠭ ᠦᠭᠡᠶ ᠡᠵᠢ ᠮᠢᠨᠢ

ᠰᠤᠴᠢᠵᠤ ᠭᠠᠢ᠌ᠬᠠᠬᠤ ᠳᠠᠭᠠᠨ ᠰᠠᠤᠠᠭᠢᠯ ᠥᠭᠦᠵᠤ ᠮᠠᠳᠠᠨ᠎ᠠ

ᠡᠵᠢ ᠳᠤ ᠮᠢᠨᠢ ᠪᠢᠳᠡᠭᠡᠢ ᠭᠡᠯᠡᠭᠡᠷᠡᠢ

ᠬᠤᠷᠢᠨ ᠨᠢᠭᠡᠳᠦᠭᠡᠷ ᠵᠠᠭᠤᠨ ᠤ ᠳᠠᠪᠠᠭᠠᠨ ᠳᠡᠭᠡᠷ᠎ᠡ ᠪᠢᠳᠠ

ᠬᠤᠷᠢᠭᠤᠯ ᠳᠤ ᠬᠤᠷᠢᠭᠰᠠᠨ ᠪᠦᠭᠦᠨ ᠶᠢᠡᠨ

ᠠᠪᠣ ᠳᠡᠭᠡᠳᠤ ᠡᠴᠡ ᠪᠠᠨ ᠨᠠᠭᠠᠰᠢ ᠪᠢᠳᠠ

ᠠᠯᠳᠠᠵᠤ ᠭᠡᠭᠡᠭ᠍ᠰᠡᠨ ᠪᠦᠭᠦᠨ ᠶᠢᠡᠨ

ᠡᠵᠢ ᠳᠤ ᠮᠢᠨᠢ ᠪᠢᠳᠡᠭᠡᠢ ᠭᠡᠯᠡᠭᠡᠷᠡᠢ

ᠨᠡᠭᠦᠭᠡᠤᠨ ᠪᠠᠯᠠᠷᠠᠭᠰᠠᠨ ᠢᠰᠡᠭᠡᠢ ᠭᠡᠷ ᠤᠨ ᠶᠢᠡᠨ ᠬᠣᠢ᠌ᠨ᠎ᠠ ᠡᠴᠡ

ᠨᠢᠯᠪᠣᠰᠤ ᠲᠡᠶ ᠬᠤᠴᠤᠷᠤᠭᠰᠠᠨ ᠡᠵᠢ ᠶᠢᠨ ᠮᠢᠨᠢ ᠡᠮᠵᠢᠭ᠌ ᠰᠠᠤᠠᠭᠢᠯ ᠢ

ᠳᠡᠭᠢᠵᠤ ᠪᠢᠳᠡᠭᠡᠢ ᠥᠭᠦᠭᠦᠯᠦᠭᠡᠷᠡᠢ︕

ᠡᠵᠢ ᠳᠤ ᠮᠢᠨᠢ ᠪᠢᠳᠡᠭᠡᠢ ᠭᠡᠯᠡᠭᠡᠷᠡᠢ

ᠡᠵᠢ ᠳᠡᠭᠡᠨ ᠬᠠᠢ᠌ᠷᠠᠳᠠᠢ ᠰᠢᠭ ᠶᠢᠡᠨ ᠡᠭᠡ ᠭᠡᠯᠡᠨ ᠳᠡᠭᠡᠨ ᠬᠠᠢ᠌ᠷᠠᠳᠠᠢ

ᠡᠭᠡᠯ ᠤᠨ ᠡᠭᠡᠯ ᠡᠨᠡ ᠭᠦᠮᠤᠨ ᠡ᠊ᠨᠳᠡ

ᠡᠮᠭᠡᠨᠢᠯ ᠰᠠᠤᠠᠭᠢᠯ ᠶᠢᠡᠷ ᠰᠢᠯᠦᠭ᠌ ᠪᠢᠴᠢᠵᠤ ᠪᠠᠢ᠌ᠨ᠎ᠠ ᠭᠡᠵᠤ

ᠡᠵᠢ ᠳᠤ ᠮᠢᠨᠢ ᠪᠢᠳᠡᠭᠡᠢ ᠭᠡᠯᠡᠭᠡᠷᠡᠢ︕

ᠰᠤᠳᠤᠷ ᠥᠵᠡᠭ᠍ᠰᠡᠨ ᠦᠭᠡᠶ ᠴᠤ ᠰᠤᠶᠤᠯ ᠶᠢᠡᠨ ᠭᠡᠭᠦ ᠳᠤ

ᠰᠤᠷ ᠳᠡᠭᠡᠰᠤ ᠡᠯᠳᠡᠭᠦ ᠡᠴᠡ ᠡᠭᠢᠯᠡᠨ ᠵᠢᠭᠠᠵᠤ ᠵᠠᠭᠢᠭᠰᠠᠨ ᠡᠵᠢ ᠮᠢᠨᠢ

ᠰᠥᠷᠡᠭᠡᠢ ᠭᠤᠮᠤᠳᠠᠭᠠᠤᠨ ᠰᠢᠨᠠᠯᠴᠢᠬᠠᠵᠤ ᠮᠠᠳᠠᠨ᠎ᠠ

ᠡᠵᠢ ᠳᠤ ᠮᠢᠨᠢ ᠪᠢᠳᠡᠭᠡᠢ ᠭᠡᠯᠡᠭᠡᠷᠡᠢ︕

ᠵᠤᠬᠢᠶᠠᠭᠴᠢ᠄ ᠯᠧ᠊·ᠮᠥᠩᠭᠡ
ᠢᠷᠡᠯᠲᠡ᠄ ᠨᠡᠷᠡᠡᠴᠡᠴᠡᠭ᠌
ᠬᠠᠷᠢᠶ᠎ᠠ᠄ ᠰᠢᠯᠦᠭ
ᠳᠠᠷᠤᠮ᠄ 3172
ᠴᠠᠭ᠄ 2006 ᠤᠨ ᠤ 10 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁