ᠶ‍ᠢᠰᠦᠭᠡᠢ ᠪᠠᠭᠠᠳᠤᠷ ᠳᠠᠮᠤᠵᠢᠨ ᠡᠴᠢᠭᠡ ᠭᠦᠤ ᠬᠤᠶᠠᠷ ᠤᠨ ᠳᠤᠬᠠᠢ

ᠶᠠᠷᠤᠳᠠ ᠶᠢᠨ ᠶᠡᠷᠦᠩᠭᠡᠢ ᠪᠠᠢ᠌ᠳᠠᠯ ᠳᠤ ᠣᠯᠠᠩᠭᠢ ᠭᠦᠮᠤᠨ ᠤ ᠬᠤᠭᠤᠷᠤᠠᠳᠤᠭᠢ ᠬᠠᠷᠢᠴᠠᠭ᠎ᠠ ᠬᠤᠯᠪᠣᠭ᠎ᠠ ᠪᠠ ᠬᠠᠢ᠌ᠷ᠎ᠠ ᠰᠡᠳᠭᠢᠯ ᠨᠢ ᠬᠠᠷᠢᠯᠴᠠᠨ ᠶᠠᠪᠣᠯᠴᠠᠬᠤ ᠶᠠᠪᠣᠴᠠ ᠶᠢᠨ ᠳᠤᠮᠳᠠ ᠪᠣᠢ ᠪᠣᠯᠳᠠᠭ᠃ ᠭᠡᠪᠠᠴᠤ ᠡᠴᠢᠭᠡ ᠭᠦᠤ᠂ ᠡᠭᠡ ᠬᠡᠦᠬᠡᠳ ᠤᠨ ᠬᠤᠭᠤᠷᠤᠠᠳᠤᠭᠢ ᠬᠠᠢ᠌ᠷ᠎ᠠ ᠰᠡᠳᠭᠢᠯ ᠨᠢ ᠪᠣᠳᠠᠰᠴᠢ ᠣᠷᠤᠰᠢᠭᠴᠢ ᠶᠢᠨ ᠣᠷᠭᠠᠨᠢᠭ ᠴᠤᠭᠴᠠ᠂ ᠠᠯᠤᠰ ᠭᠡᠳᠤ ᠶᠢᠨ ᠭᠦᠰᠡᠯ ᠠᠬᠤᠢ ᠳᠤ ᠰᠠᠭᠤᠷᠢᠯᠠᠭᠳᠠᠵᠤ ᠪᠠᠢ᠌ᠳᠠᠭ᠃ ᠡᠢ᠌ᠡᠭᠦ ᠬᠠᠢ᠌ᠷ᠎ᠠ ᠰᠡᠳᠭᠢᠯ ᠨᠢ ᠳᠡᠭᠡᠭᠡᠳ ᠢᠮᠠᠭᠳᠠ ᠠᠮᠢ ᠣᠷᠤᠰᠢᠬᠤᠢ ᠶᠢᠨ ᠡᠰ ᠴᠤᠭᠴᠠ ᠳᠤ ᠠᠭᠤᠰᠤᠨ ᠦᠶ᠎ᠡ ᠵᠢᠨ ᠦᠶ᠎ᠡ ᠳᠤ ᠳᠠᠮᠵᠢᠨ ᠣᠯᠠᠷᠢᠳᠠᠭ᠃ 《ᠪᠣᠳᠤᠭ ᠠᠷᠢᠯᠬᠤ ᠡᠴᠡ ᠪᠢᠰᠢ ᠣᠳᠤᠮ ᠠᠷᠢᠯᠬᠤ ᠦᠭᠡᠶ》 ᠭᠡᠳᠡᠭ᠌ ᠬᠠᠭᠤᠴᠢ ᠥᠭᠡᠨ ᠤ ᠣᠯᠪᠠᠭ᠎ᠠ ᠡᠭᠦᠪᠠᠷ ᠭᠡᠷᠡᠴᠢᠯᠡᠭ᠍ᠳᠡᠨ᠎ᠡ᠃ ᠨᠢᠭᠡ ᠦᠨᠳᠦᠰᠦᠳᠠᠨ ᠤ ᠬᠤᠪᠢ ᠳᠤ ᠠᠪᠴᠤ ᠭᠡᠯᠡᠪᠠᠯ ᠦᠨᠳᠦᠰᠦᠳᠠᠨ ᠤ ᠵᠤᠷᠢᠭ ᠰᠠᠨᠠᠭ᠎ᠠ ᠨᠢ ᠳᠠᠷᠤᠢ ᠡᠢ᠌ᠮᠤ ᠨᠢᠭᠡᠨ ᠪᠦᠯᠦᠭ᠌ ᠴᠤᠭᠴᠠ ᠶᠢᠨ ᠬᠠᠢ᠌ᠷ᠎ᠠ ᠰᠡᠳᠭᠢᠯ ᠤᠨ ᠠᠭᠤᠰᠤᠴᠠ ᠡᠴᠡ ᠪᠣᠯᠪᠠᠰᠤᠷᠠᠭᠰᠠᠨ ᠦᠷ᠎ᠡ ᠵᠢᠮᠢᠰ ᠪᠠᠢ᠌ᠬᠤ ᠶᠤᠰᠤᠳᠠᠢ᠃ ᠣᠳᠤᠮ ᠲᠦᠷᠦᠯ ᠳᠤ ᠬᠤᠩᠬᠤᠷ ᠳᠤᠩᠬᠤᠷ ᠪᠠᠶ᠎ᠠ ᠭᠠᠳᠠᠷ ᠤᠨ ᠦᠪᠡᠷᠮᠢᠴᠠ ᠰᠢᠠᠵᠢ ᠳᠡᠮᠳᠡᠭ᠌ ᠪᠠᠢ᠌ᠬᠤ ᠡᠴᠡ ᠭᠠᠳᠠᠨ᠎ᠠ ᠣᠶᠤᠨ ᠰᠠᠨᠠᠭᠠᠨ ᠤ ᠰᠥᠭ᠌ ᠰᠦᠨᠠᠰᠤ ᠴᠤ ᠪᠠᠢ᠌ᠳᠠᠭ᠃ ᠡᠴᠢᠭᠡ ᠳᠡᠭᠡᠳᠤ ᠶᠢᠨ ᠡᠨᠡ ᠨᠥᠯᠦᠭᠡᠯᠡᠯ ᠨᠢᠭᠡ ᠭᠦᠮᠤᠨ ᠤ ᠮᠦᠰᠤ ᠴᠢᠨᠠᠷ᠂ ᠨᠠᠰᠤᠨ ᠳᠤᠷᠰᠢ ᠶᠢᠨ ᠣᠢ᠌ᠯᠠᠰ ᠭᠦᠭᠡᠭᠡᠴᠡᠯᠳᠦᠯ ᠢ ᠳᠤᠭᠳᠠᠭᠠᠵᠤ ᠪᠠᠢ᠌ᠵᠤ ᠮᠠᠳᠠᠨ᠎ᠠ᠃

ᠣᠷᠴᠢᠮ ᠡᠴᠡ ᠪᠢ ᠦᠨᠳᠦᠰᠦᠳᠠᠨ ᠤ ᠪᠠᠨ ᠡᠪᠦᠭᠡ ᠳᠡᠭᠡᠳᠦᠰ᠂ ᠦᠶ᠎ᠡ ᠬᠣᠢ᠌ᠴᠢᠰ ᠤᠨ ᠶᠢᠡᠨ ᠳᠤᠬᠠᠢ ᠣᠯᠠᠨ ᠶᠠᠭᠤᠮ᠎ᠠ ᠪᠣᠳᠤᠵᠤ ᠵᠠᠷᠢᠮ ᠰᠦᠨᠢ ᠳᠡᠭᠡᠨ ᠨᠣᠢ᠌ᠷ ᠬᠤᠯᠵᠢᠳᠠᠭ ᠪᠣᠯᠵᠠᠢ᠃ ᠡᠨᠡ ᠨᠢ ᠮᠢᠨᠤ ᠣᠶᠤᠨ ᠰᠠᠨᠠᠭᠠᠨ ᠤ ᠬᠤᠭᠤᠰᠤᠷᠠᠯ ᠭᠡᠳᠡᠭ᠌ ᠶᠢᠡᠨ ᠦᠪᠡᠷ ᠶᠢᠨ ᠪᠢ ᠣᠢ᠌ᠯᠠᠭᠠᠬᠤ ᠳᠤᠯᠠ ᠡᠮᠴᠢ ᠳᠤᠮᠴᠢ ᠪᠠᠷ ᠪᠠᠶ᠎ᠠ ᠪᠠᠨ ᠪᠠᠢ᠌ᠴᠠᠭᠠᠯᠭᠠᠵᠤ ᠡᠳ᠋ ᠮᠥᠩᠭᠦ᠂ ᠡᠳᠦᠷ ᠴᠠᠭ ᠶᠢᠡᠨ ᠭᠠᠷᠤᠵᠠᠳᠠᠭᠤᠯᠤᠭᠰᠠᠨ ᠦᠭᠡᠶ᠃ 《ᠮᠤᠩᠭ᠋ᠤᠯ ᠤᠨ ᠨᠢᠭᠤᠴᠠ ᠳᠤᠪᠴᠢᠶᠠᠨ》 ᠵᠢᠡᠨ ᠣᠷᠪᠠᠭᠤᠯᠵᠤ ᠡᠪᠦᠭᠡ ᠳᠡᠭᠡᠳᠦᠰ ᠤᠨ ᠦᠷ᠎ᠡ ᠬᠣᠢ᠌ᠴᠠᠰ ᠲᠠᠭᠠᠨ ᠥᠵᠡᠭᠦᠯᠦᠭ᠍ᠰᠡᠨ ᠬᠠᠢ᠌ᠷ᠎ᠠ ᠰᠡᠳᠭᠢᠯ᠂ ᠵᠤᠷᠢᠭ ᠰᠠᠨᠠᠭᠠᠨ ᠤ ᠢᠳᠠ ᠭᠦᠴᠤᠨ ᠨᠢ ᠴᠤᠬᠤᠮ ᠶᠠᠮᠠᠷᠬᠠᠨ ᠪᠠᠢ᠌ᠯ᠎ᠠ ᠭᠡᠵᠤ ᠬᠤᠯᠪᠤᠨ ᠪᠣᠳᠤᠬᠤ ᠳᠤ 《ᠭᠦᠤ ᠶᠢ ᠮᠢᠨᠢ ᠨᠤᠬᠠᠢ ᠡᠴᠡ ᠪᠢᠳᠡᠭᠡᠢ ᠰᠤᠴᠢᠭᠤᠯ》 ᠭᠡᠰᠡᠨ ᠶ‍ᠢᠰᠦᠭᠡᠢ ᠪᠠᠭᠠᠳᠤᠷ ᠤᠨ ᠭᠦᠤ ᠪᠠᠨ ᠰᠤᠴᠢᠭᠠᠬᠤ ᠦᠭᠡᠶ ᠡᠴᠢᠭᠡ ᠭᠦᠮᠤᠨ ᠤ ᠭᠦᠡᠳᠤ ᠰᠡᠳᠭᠢᠯ ᠵᠢᠷᠦᠭᠡᠨ ᠳᠠᠮᠢᠷ ᠢ ᠨᠥᠭᠦᠪᠦᠷᠢᠯᠡᠵᠤ ᠪᠠᠢ᠌ᠯ᠎ᠠ᠃

ᠡᠢ᠌ᠡᠭᠦ ᠣᠶᠤᠨ ᠰᠠᠨᠠᠭᠠᠨ ᠤ ᠬᠤᠭᠤᠰᠤᠷᠠᠯ ᠶᠢᠡᠨ ᠨᠥᠭᠦᠪᠦᠷᠢᠯᠡᠨ 《ᠮᠤᠩᠭ᠋ᠤᠯ ᠤᠨ ᠨᠢᠭᠤᠴᠠ ᠳᠤᠪᠴᠢᠶᠠᠨ》 ᠵᠢᠡᠨ ᠨᠢᠭᠳᠠᠯᠠᠨ ᠣᠩᠰᠢᠬᠤ ᠳᠤ᠂ ᠶ‍ᠢᠰᠦᠭᠡᠢ ᠪᠠᠭᠠᠳᠤᠷ ᠳᠠᠮᠤᠵᠢᠨ ᠡᠴᠢᠭᠡ ᠭᠦᠤ ᠬᠤᠶᠠᠷ ᠤᠨ ᠳᠤᠬᠠᠢ ᠪᠣᠳᠤᠯ ᠮᠢᠨᠢ ᠣᠯᠠᠮ ᠭᠦᠡᠵᠡᠭᠡᠢ᠌ᠷᠡᠵᠤ ᠢᠷᠠᠪᠠ᠃ ᠶ‍ᠢᠷᠳᠢᠠᠴᠤ ᠶᠢᠨ ᠴᠢᠭᠢᠨ᠎ᠠ ᠳᠠᠭᠤᠷᠢᠰᠤᠭᠰᠠᠨ ᠡᠨᠡ ᠡᠴᠢᠭᠡ ᠭᠦᠤ ᠬᠤᠶᠠᠷ ᠤᠨ ᠬᠠᠮᠳᠤ ᠪᠠᠢ᠌ᠭᠰᠠᠨ ᠠᠮᠢᠳᠤᠷᠠᠯ ᠨᠢ ᠭᠡᠳᠥᠢᠪᠠᠷ ᠶ‍ᠢᠰᠤᠨ ᠵᠢᠯ ᠪᠣᠯᠤᠭᠰᠠᠨ ᠴᠤ ᠶ‍ᠢᠰᠦᠭᠡᠢ ᠪᠠᠭᠠᠳᠤᠷ ᠤᠨ ᠭᠦᠪᠠᠭᠦᠨ ᠳᠠᠮᠤᠵᠢᠨ ᠳᠡᠭᠡᠨ ᠥᠵᠡᠭᠦᠯᠦᠭ᠍ᠰᠡᠨ ᠡᠴᠢᠭᠡ ᠭᠦᠮᠤᠨ ᠤ ᠬᠠᠢ᠌ᠷ᠎ᠠ ᠰᠡᠳᠭᠢᠯ ᠨᠢ ᠬᠠᠷᠢᠨ ᠭᠢᠵᠠᠭᠠᠯᠠᠰᠢ ᠦᠭᠡᠶ ᠭᠦᠨ ᠭᠡᠳᠡᠭ᠌ ᠢ ᠳᠠᠳᠠᠨ ᠤ ᠬᠤᠭᠤᠷᠤᠠᠳᠤᠭᠢ ᠳᠦᠷᠪᠡ ᠣᠳᠠᠭᠠᠨ ᠤ ᠣᠢ᠌ᠯᠠ ᠶᠠᠪᠣᠳᠠᠯ ᠡᠴᠡ ᠣᠢ᠌ᠯᠠᠭᠠᠵᠤ ᠪᠣᠯᠤᠨ᠎ᠠ᠃

ᠳᠤᠤᠷ᠎ᠠ ᠪᠢ ᠡᠨᠡ ᠳᠦᠷᠪᠡᠨ ᠶᠠᠪᠣᠳᠠᠯ ᠢ ᠰᠡᠢ᠌ᠷᠡᠭᠦᠯᠵᠤ ᠳᠤᠰ ᠳᠤᠰ ᠳᠤᠨᠢ ᠵᠠᠳᠠᠯᠤᠨ ᠰᠢᠡᠵᠢᠯᠡᠭ᠍ᠰᠡᠨ ᠦᠵᠡᠯᠳᠠ ᠪᠠᠨ ᠳᠦᠭᠦᠮ ᠶᠠᠷᠢᠶ᠎ᠠ᠃ ᠥᠵᠡᠭᠦ ᠮᠡᠷᠭᠡᠳ ᠭᠡᠭᠡᠨ ᠳᠡᠭᠡᠨ ᠳᠤᠯᠢᠳᠠᠮᠤ︕

ᠨᠢᠭᠡ᠂ ᠭᠦᠪᠠᠭᠦᠨ ᠳᠡᠭᠡᠨ ᠨᠠᠷ᠎ᠠ ᠥᠭ᠍ᠪᠡ

ᠮᠠᠠᠰᠠᠩ ᠪᠠᠭᠰᠢ ᠶᠢᠨ ᠰᠢᠨ᠎ᠠ ᠪᠠᠷ ᠣᠷᠴᠢᠭᠤᠯᠵᠤ ᠳᠠᠢ᠌ᠯᠪᠣᠷᠢᠯᠠᠭᠰᠠᠨ 《ᠮᠤᠩᠭ᠋ᠤᠯ ᠤᠨ ᠨᠢᠭᠤᠴᠠ ᠳᠤᠪᠴᠢᠶᠠᠨ》 ᠊ᠤ ᠨᠢᠭᠡᠳᠦᠭᠡᠷ ᠪᠣᠳᠢ ᠶᠢᠨ ᠳᠠᠪᠢ ᠶ‍ᠢᠰᠦᠳᠦᠭᠡᠷ ᠭᠡᠰᠡᠭ᠌ ᠲᠤ 《ᠶ‍ᠢᠰᠦᠭᠡᠢ ᠪᠠᠭᠠᠳᠤᠷ ᠬᠠᠷᠠᠬᠠᠨ ᠳᠠᠲ᠋ᠠᠷ ᠤᠨ ᠳᠠᠮᠤᠵᠢᠨ ᠥᠭᠡ᠂ ᠬᠤᠷᠢ ᠪᠣᠬ᠎ᠠ ᠳᠦᠷᠦᠭᠦᠤ ᠲᠡᠶ ᠳᠠᠲ᠋ᠠᠷ ᠢ ᠪᠠᠷᠢᠵᠤ ᠢᠷᠡᠭᠦ ᠳᠤ ᠵᠢᠷᠮᠤᠰᠤᠨ ᠪᠠᠢ᠌ᠭᠰᠠᠨ ᠥᠭᠡᠯᠤᠨ ᠦᠵᠢᠨ ᠢᠨᠤ ᠣᠨᠤᠨ ᠮᠦᠷᠠᠨ ᠤ ᠳᠡᠯᠢᠭᠦᠨ ᠪᠣᠯᠳᠠᠭ ᠲᠤ ᠴᠢᠪ ᠭᠡᠮᠡᠨ ᠴᠢᠩᠭᠢᠰ ᠬᠠᠭᠠᠨ ᠢ ᠲᠦᠷᠦᠪᠠ᠁ ᠳᠠᠲ᠋ᠠᠷ ᠤᠨ ᠳᠠᠮᠤᠵᠢᠨ ᠥᠭᠡ ᠶᠢ ᠪᠠᠷᠢᠵᠤ ᠢᠷᠡᠭ᠍ᠰᠡᠨ ᠳᠤᠯᠠ ᠳᠠᠮᠤᠵᠢᠨ ᠭᠡᠵᠤ ᠨᠠᠷ᠎ᠠ ᠦᠭ‍ᠭᠦᠭ᠍ᠰᠡᠨ ᠪᠠᠢ᠌ᠨ᠎ᠠ》 ᠭᠡᠵᠡᠢ᠃

ᠡᠭᠦᠨ ᠡᠴᠡ ᠥᠵᠡᠭᠦ ᠳᠤ ᠶ‍ᠢᠰᠦᠭᠡᠢ ᠪᠠᠭᠠᠳᠤᠷ ᠭᠦᠪᠠᠭᠦᠨ ᠳᠡᠭᠡᠨ ᠦᠪᠡᠷ ᠶᠢᠡᠨ 《ᠳᠠᠮᠤᠵᠢᠨ》 ᠭᠡᠵᠤ ᠨᠠᠷ᠎ᠠ ᠦᠭ‍ᠭᠦᠭ᠍ᠰᠡᠨ ᠨᠢ ᠢᠯᠡᠷᠭᠡᠢ ᠪᠠᠢ᠌ᠨ᠎ᠠ᠃ ᠡᠨᠡ ᠨᠠᠷ᠎ᠠ ᠳᠤ ᠳᠠᠮᠤᠷ ᠮᠠᠳᠤ ᠬᠠᠳᠠᠭᠤ ᠴᠢᠭᠢᠷᠠᠭ᠂ ᠳᠠᠢ᠌ᠰᠤᠨ ᠶᠢᠡᠨ ᠳᠠᠷᠤᠵᠤ ᠳᠠᠷᠬᠠᠨ ᠴᠤᠯᠠ ᠪᠠᠨ ᠮᠠᠠᠳᠤᠭᠤᠯᠵᠤ ᠶᠠᠪᠣᠬᠤ ᠪᠠᠯᠭᠡ ᠳᠡᠮᠳᠡᠭ᠌ ᠠᠬᠤᠭᠤᠯᠤᠭᠳᠠᠵᠤ ᠪᠠᠢ᠌ᠬᠤ ᠶᠤᠮ᠃ ᠳᠤ᠋·ᠳᠡᠯᠭᠡᠷᠰᠡᠩ ᠤᠨ 《ᠨᠠᠷ᠎ᠠ》 ᠭᠡᠰᠡᠨ ᠰᠢᠯᠦᠭ᠌ ᠲᠤ᠄

《ᠨᠠᠷ᠎ᠠ ᠪᠠᠶ᠎ᠠ ᠶᠢᠨ ᠴᠢᠮᠡᠭ᠌ ᠪᠢᠰᠢ

ᠪᠢᠯᠢᠭ᠌ ᠤᠨ ᠰᠦᠨᠠᠰᠤ

ᠨᠠᠷ᠎ᠠ ᠣᠯᠤᠭᠠᠤᠨ ᠭᠦᠮᠤᠨ ᠪᠣᠯᠳᠠᠭ ᠴᠤ

ᠭᠦᠮᠤᠨ ᠪᠣᠯᠤᠭᠠᠤᠨ ᠨᠠᠷ᠎ᠠ ᠣᠯᠳᠠᠭ

ᠶᠠᠰᠤ ᠪᠠᠨ ᠬᠤᠭᠤᠯᠪᠠᠴᠤ ᠶᠠᠭᠠᠭᠢᠮᠤᠢ

ᠨᠠᠷ᠎ᠠ ᠪᠠᠨ ᠪᠢᠳᠡᠭᠡᠢ ᠬᠤᠭᠤᠯ ᠭᠡᠵᠤ

ᠶᠡᠭᠡ ᠡᠷᠳᠡᠨ ᠤ ᠶᠠᠷᠢᠶᠠᠨ ᠳ᠋ᠤ

ᠰᠠᠴᠠᠨ ᠭᠡᠯᠡᠭ᠍ᠰᠡᠨ ᠪᠠᠢ᠌ᠳᠠᠭ᠃

ᠶᠠᠭ ᠣᠨᠤᠭᠰᠠᠨ ᠥᠭᠡ ᠭᠡᠵᠤ

ᠪᠢ ᠢᠳᠡᠭᠡᠵᠤ ᠶᠠᠪᠣᠳᠠᠭ᠃

ᠡᠭᠡ ᠡᠴᠡ ᠣᠯᠤᠭᠰᠠᠨ ᠡᠨᠡ ᠪᠠᠶ᠎ᠠ ᠪᠠᠨ ᠪᠢ

ᠡᠩᠭᠦᠷᠡᠢ ᠨᠤᠳᠤᠭ ᠲᠠᠭᠠᠨ ᠬᠠᠷᠠᠮ ᠦᠭᠡᠶ ᠥᠭ᠍ᠴᠤ

ᠡᠴᠢᠭᠡ ᠡᠴᠡ ᠣᠯᠤᠭᠰᠠᠨ ᠡᠨᠡ ᠨᠠᠷ᠎ᠠ ᠪᠠᠨ ᠪᠢ

ᠡᠡᠭ᠌ ᠳᠡᠯᠡᠭᠡᠢ ᠳᠤ ᠡᠷᠭᠦᠵᠤ ᠶᠠᠪᠣᠨ᠎ᠠ᠁》 ᠭᠡᠵᠤ ᠰᠢᠯᠦᠭᠯᠡᠭ᠍ᠰᠡᠨ ᠰᠢᠭ᠌ ᠳᠠᠮᠤᠵᠢᠨ ᠴᠤᠬᠤᠮ ᠭᠦ ᠡᠴᠢᠭᠡ ᠡᠴᠡ ᠣᠯᠤᠭᠰᠠᠨ ᠡᠨᠡ ᠨᠠᠷ᠎ᠠ ᠪᠠᠨ ᠡᠡᠭ᠌ ᠳᠡᠯᠡᠭᠡᠢ ᠳᠤ ᠡᠷᠭᠦᠨ ᠶᠠᠪᠣᠵᠠᠢ᠃ ᠶ‍ᠢᠰᠦᠭᠡᠢ ᠪᠠᠭᠠᠳᠤᠷ ᠴᠤ ᠡᠴᠢᠭᠡ ᠭᠦᠮᠤᠨ ᠤ ᠬᠠᠢ᠌ᠷ᠎ᠠ ᠰᠡᠳᠭᠢᠯ ᠭᠦᠰᠡᠯ ᠨᠠᠢ᠌ᠳᠠᠯᠭ᠎ᠠ ᠪᠠᠨ ᠭᠦᠪᠠᠭᠦᠨ ᠳᠡᠭᠡᠨ ᠭᠦᠢᠴᠡᠳᠭᠡᠵᠡᠢ᠃ ᠡᠴᠢᠭᠡ ᠭᠦᠮᠤᠨ ᠤ ᠠᠮᠠᠨ ᠠᠭᠤᠷ ᠰᠢᠩᠭᠡᠭ᠍ᠰᠡᠨ ᠡᠨᠡ ᠨᠠᠷ᠎ᠠ ᠳᠡᠭᠡᠭᠡᠳ 《ᠳᠠᠭᠤᠳᠠᠬᠤ ᠭᠦᠮᠤᠨ ᠣᠯᠠᠳᠠᠬᠤ ᠳᠤᠳᠤᠮ ᠳᠠᠭᠤᠷᠢᠰᠴᠤ》 ᠶᠠᠪᠣᠵᠠᠢ᠃

ᠪᠠᠯᠭᠡ ᠵᠦᠩᠨᠠᠯ ᠪᠣᠯ ᠮᠤᠩᠭ᠋ᠤᠯᠴᠤᠳ ᠤᠨ ᠡᠷᠳᠡ ᠳᠡᠭᠡᠳᠦᠰ ᠡᠴᠡ ᠣᠯᠠᠮᠵᠢᠯᠠᠭᠠᠤᠨ ᠢᠷᠡᠭ᠍ᠰᠡᠨ ᠰᠠᠢ᠌ᠨ ᠰᠠᠢ᠌ᠬᠠᠨ ᠶᠤᠰᠤ ᠰᠤᠷᠳᠠᠬᠤᠨ ᠪᠣᠯᠤᠨ᠎ᠠ᠃ ᠪᠣᠳᠠᠳᠤ ᠠᠮᠢᠳᠤᠷᠠᠯ ᠳ᠋ᠠᠭᠢ ᠮᠤᠩᠭ᠋ᠤᠯ ᠭᠦᠮᠤᠨ ᠤ ᠪᠠᠯᠭᠡ ᠳᠠᠮᠪᠠᠷᠢᠯ ᠢ ᠡᠷᠭᠢᠮᠯᠡᠵᠤ ᠶᠠᠪᠣᠭᠰᠠᠨ ᠠᠮᠢᠳᠤᠷᠠᠯ ᠨᠢ ᠮᠠᠠᠵᠤ ᠭᠦᠮᠤᠨ ᠤ ᠪᠠᠭ᠎ᠠ ᠠᠰᠢᠭ ᠢ ᠭᠦᠭᠡᠭᠡᠴᠡᠯᠳᠦᠵᠤ ᠶᠠᠪᠣᠭᠰᠠᠨ ᠠᠮᠢᠳᠤᠷᠠᠯ ᠲᠡᠶ ᠰᠢᠭᠤᠳ ᠬᠠᠷᠢᠴᠠᠭᠤᠯᠵᠤ ᠦᠵᠡᠪᠠᠯ᠂ ᠪᠠᠯᠭᠡ ᠵᠦᠩᠨᠠᠯ ᠤᠨ ᠢᠳᠠ ᠭᠦᠴᠤᠨ ᠨᠢ ᠪᠠᠭ᠎ᠠ ᠠᠰᠢᠭ ᠤᠨ ᠡᠳ᠋ ᠣᠯᠵᠠ ᠡᠴᠡ ᠬᠤᠯᠠ ᠳᠠᠪᠠᠭᠰᠠᠨ ᠢ ᠮᠤᠩᠭ᠋ᠤᠯᠴᠤᠳ ᠤᠨ ᠠᠮᠢᠳᠤᠷᠠᠯ ᠭᠡᠷᠡᠴᠢᠯᠡᠵᠡᠢ᠃ ᠪᠠᠯᠭᠡ ᠵᠦᠩᠨᠠᠯ ᠤᠨ ᠠᠭᠤᠯᠭ᠎ᠠ ᠳᠤ ᠴᠤ ᠪᠠᠯᠠ ᠠᠰᠢᠭ ᠢ ᠪᠣᠤ ᠣᠯ ᠭᠡᠰᠡᠨ ᠰᠠᠨᠠᠭ᠎ᠠ ᠪᠠᠢ᠌ᠳᠠᠭ ᠦᠭᠡᠶ ᠶᠤᠮ᠃ ᠡᠨᠡ ᠨᠢ ᠰᠡᠳᠭᠢᠯ ᠢ ᠣᠯᠤᠭᠠᠤᠨ ᠭᠦᠮᠤᠨ ᠢ ᠨᠢ ᠣᠯ ᠭᠡᠰᠡᠨ ᠰᠠᠨᠠᠭ᠎ᠠ ᠲᠡᠶ ᠥᠭᠡᠷ᠎ᠡ ᠦᠦ ᠳ᠋ᠠ︕ ᠡᠭᠦᠨ ᠢ ᠡ᠊ᠨᠳᠡ ᠠᠷᠪᠢᠨ ᠨᠤᠷᠰᠢᠬᠤ ᠦᠭᠡᠶ᠃ ᠳᠡᠯᠡᠭᠡᠢ ᠳ᠋ᠠᠭᠢᠨ ᠳᠤ ᠠᠯᠳᠠᠷᠰᠢᠭᠰᠠᠨ ᠶᠠᠷᠤ ᠪᠣᠰᠤ ᠶᠢᠨ ᠡᠨᠡ ᠡᠴᠢᠭᠡ ᠭᠦᠤ ᠬᠤᠶᠠᠷ ᠤᠨ ᠬᠤᠭᠤᠷᠤᠠᠳᠤ ᠪᠣᠯᠵᠤ ᠥᠩᠭᠡᠷᠡᠭ᠍ᠰᠡᠨ ᠳᠠᠷᠠᠭᠠᠭᠢ ᠣᠢ᠌ᠯᠠ ᠶᠠᠪᠣᠳᠠᠯ ᠢ ᠦᠵᠡᠶ᠎ᠠ᠃

ᠬᠤᠶᠠᠷ᠂ ᠳᠠᠮᠤᠵᠢᠨ ᠤ ᠪᠠᠶ᠎ᠠ ᠪᠦᠳᠦᠭᠦ ᠠᠰᠠᠭᠤᠳᠠᠯ ᠢ ᠰᠠᠢᠤᠠᠪᠣᠷᠢᠯᠠᠵᠤ ᠥᠭ᠍ᠪᠡ

《ᠮᠤᠩᠭ᠋ᠤᠯ ᠤᠨ ᠨᠢᠭᠤᠴᠠ ᠳᠤᠪᠴᠢᠶᠠᠨ》 ᠊ᠤ ᠵᠢᠷᠭᠤᠳᠤᠭᠠᠷ ᠭᠡᠰᠡᠭ᠌ ᠲᠤ 《ᠶ‍ᠢᠰᠦᠭᠡᠢ ᠪᠠᠭᠠᠳᠤᠷ ᠳᠠᠮᠤᠵᠢᠨ ᠢ ᠶ‍ᠢᠰᠤᠨ ᠨᠠᠰᠤᠳᠠᠢ ᠳᠤ ᠥᠭᠡᠯᠤᠨ ᠡᠭᠡ ᠶᠢᠨ ᠳᠦᠷᠭᠦᠮ ᠣᠯᠬᠤᠨᠤᠳ ᠠᠢ᠌ᠮᠠᠭ ᠲᠤ ᠨᠠᠭᠠᠴᠤ ᠨᠡᠷ ᠡᠴᠡ ᠨᠢ ᠪᠠᠷᠢ ᠭᠤᠶᠤᠬᠤ ᠭᠡᠮᠡᠨ ᠳᠠᠮᠤᠵᠢᠨ ᠢ ᠠᠪᠴᠤ ᠶᠠᠪᠣᠬᠤ ᠵᠠᠮ ᠵᠠᠭᠤᠷ᠎ᠠ ᠴᠡᠭ᠍ᠴᠡᠭᠡᠷ ᠴᠢᠭᠤᠷᠬᠤ ᠶᠢᠨ ᠬᠤᠭᠤᠷᠤᠠᠳᠤ ᠬᠤᠩᠭᠢᠷᠠᠤᠨ ᠤᠨ ᠲᠡᠶ ᠰᠠᠴᠠᠨ ᠲᠡᠶ ᠠᠭᠤᠯᠵᠠᠵᠤ᠂ ᠲᠡᠶ ᠰᠠᠴᠠᠨ ᠤ ᠦᠬᠢᠨ ᠪᠦᠷᠳᠡ ᠶᠢ ᠳᠠᠮᠤᠵᠢᠨ ᠳᠤ ᠳᠤᠭᠢᠷᠠᠪᠠ》 ᠭᠡᠵᠡᠢ᠃

ᠡᠨᠡ ᠪᠣᠯ ᠭᠦᠮᠤᠨ ᠤ ᠨᠢᠭᠡ ᠨᠠᠰᠤᠨ ᠤ ᠠᠮᠢᠳᠤᠷᠠᠯ ᠳ᠋ᠠᠭᠢ ᠳᠣᠢ᠌ᠯ ᠤᠨ ᠴᠢᠬᠤᠯᠠ ᠶᠠᠪᠣᠳᠠᠯ ᠪᠣᠯᠬᠤ ᠶᠤᠮ᠃ ᠶᠠᠷᠤ ᠳᠡᠭᠡᠨ ᠨᠢᠭᠡ ᠨᠠᠰᠤᠨ ᠤ ᠢᠨᠠᠭ ᠬᠤᠩᠭ᠋ᠤᠷ ᠶᠢᠡᠨ ᠣᠯᠤᠭᠠᠳᠤᠢ ᠭᠦᠮᠤᠨ ᠢ ᠪᠠᠶ᠎ᠠ ᠪᠦᠳᠦᠭᠡᠳᠦᠢ ᠭᠡᠵᠤ ᠭᠡᠯᠡᠳᠡᠭ᠌᠃ ᠡᠨᠡ ᠨᠢ ᠨᠢᠭᠡ ᠨᠠᠰᠤᠨ ᠤ ᠠᠮᠢᠳᠤᠷᠠᠯ ᠳᠤ ᠡᠷ᠎ᠡ ᠡᠮ᠎ᠡ ᠬᠤᠶᠠᠷ ᠨᠢ ᠬᠠᠭᠠᠰ ᠬᠠᠭᠠᠰ ᠬᠤᠪᠢ ᠶᠢᠨ ᠵᠢᠩ ᠲᠡᠶ ᠪᠠᠢ᠌ᠵᠤ᠂ ᠪᠦᠳᠤᠨ ᠰᠠᠷᠠ ᠰᠢᠭ ᠳᠡᠷᠭᠡᠯᠰᠢᠨ ᠨᠢᠭᠡ ᠴᠤᠭᠴᠠ ᠶᠢᠨ ᠠᠮᠢᠳᠤᠷᠠᠯ ᠲᠡᠶ ᠪᠣᠯᠳᠠᠭ ᠢ ᠢᠯᠡᠳᠭᠡᠵᠡᠢ᠃ ᠬᠠᠭᠠᠨ ᠴᠢᠩᠭᠢᠰ ᠤᠨ ᠬᠤᠶᠠᠷ ᠳᠢᠪ ᠰᠤᠠᠳᠠᠯᠠᠵᠤ ᠶᠡᠭᠡ ᠮᠤᠩᠭ᠋ᠤᠯ ᠣᠯᠤᠰ ᠢ ᠪᠠᠢ᠌ᠭᠤᠯᠤᠭᠰᠠᠨ ᠠᠤᠭ᠎ᠠ ᠣᠢ᠌ᠯᠠᠰ ᠤᠨ ᠠᠷᠤ ᠳᠤ ᠡᠨᠡᠭᠦ ᠠᠪᠠᠯᠢ ᠭᠡᠷᠭᠡᠢ ᠪᠦᠷᠳᠡ ᠦᠵᠢᠨ ᠤ ᠪᠠᠭ᠎ᠠ ᠪᠣᠰᠤ ᠭᠠᠪᠢᠶ᠎ᠠ ᠵᠢᠦᠡᠭᠦᠯ ᠪᠠᠢ᠌ᠬᠤ ᠶᠤᠰᠤᠳᠠᠢ᠃ ᠡᠭᠦᠨ ᠡᠴᠡ ᠦᠵᠡᠪᠠᠯ ᠶ‍ᠢᠰᠦᠭᠡᠢ ᠪᠠᠭᠠᠳᠤᠷ ᠭᠦᠪᠠᠭᠦᠨ ᠳᠠᠮᠤᠵᠢᠨ ᠤ ᠪᠠᠨ ᠨᠢᠭᠡ ᠨᠠᠰᠤᠨ ᠤ ᠶᠠᠪᠣᠳᠠᠯ ᠢ ᠳᠣᠢ᠌ᠯ ᠶᠢᠡᠷ ᠴᠢᠬᠤᠯᠴᠢᠯᠠᠵᠤ ᠵᠦᠪ ᠰᠤᠩᠭ᠋ᠤᠯᠳᠠ ᠭᠢᠵᠤ ᠦᠭ‍ᠭᠦᠭ᠍ᠰᠡᠨ ᠪᠠᠢ᠌ᠨ᠎ᠠ᠃

ᠭᠤᠷᠪᠠ᠂ ᠭᠦᠤ ᠪᠠᠨ ᠰᠤᠴᠢᠭᠠᠬᠤ ᠦᠭᠡᠶ ᠭᠦᠡᠳᠤ ᠰᠡᠳᠭᠢᠯ

ᠳᠠᠮᠤᠵᠢᠨ ᠳᠤ ᠪᠠᠷᠢ ᠭᠤᠶᠤᠬᠤ ᠶᠠᠪᠣᠴᠠ ᠳᠤ ᠲᠡᠶ ᠰᠠᠴᠠᠨ᠂ ᠶ‍ᠢᠰᠦᠭᠡᠢ ᠪᠠᠭᠠᠳᠤᠷ ᠬᠤᠶᠠᠷ ᠤᠨ ᠡᠢ᠌ᠮᠤ ᠨᠢᠭᠡ ᠶᠠᠷᠢᠶ᠎ᠠ ᠪᠠᠢ᠌ᠳᠠᠭ᠃

ᠲᠡᠶ ᠰᠠᠴᠠᠨ᠄ 《ᠣᠯᠠᠠᠳᠠ ᠭᠤᠶᠤᠭᠤᠯᠵᠤ ᠥᠭ᠍ᠪᠠᠰᠤ ᠡᠷᠭᠢᠮᠯᠡᠭ᠍ᠳᠡᠵᠤ᠂ ᠴᠥᠭᠡᠨ ᠭᠤᠶᠤᠭᠤᠯᠵᠤ ᠥᠭ᠍ᠪᠠᠰᠤ ᠳᠤᠷᠤᠮᠵᠢᠯᠠᠭᠳᠠᠬᠤ ᠭᠡᠳᠡᠭ᠌ ᠪᠣᠯᠪᠠᠴᠤ ᠦᠬᠢᠨ ᠭᠦᠮᠤᠨ ᠤ ᠵᠠᠶᠠᠭ᠎ᠠ ᠳᠦᠷᠦᠭ᠍ᠰᠡᠨ ᠡᠭᠦᠳᠡᠨ ᠳᠤ ᠥᠳᠡᠯᠡᠭᠦ ᠦᠭᠡᠶ ᠳᠤᠯᠠ ᠦᠬᠢᠨ ᠶᠢᠡᠨ ᠥᠭ᠍ᠰᠦᠭᠡᠢ᠂ ᠴᠢ ᠭᠦᠪᠠᠭᠦᠨ ᠶᠢᠡᠨ ᠭᠦᠷᠭᠡᠨ ᠪᠣᠯᠭᠠᠵᠤ᠂ ᠮᠠᠨ ᠳᠤ ᠥᠯᠡᠳᠡᠭᠡ︕》 ᠭᠡᠰᠡᠨ ᠳᠤ ᠶ‍ᠢᠰᠦᠭᠡᠢ ᠪᠠᠭᠠᠳᠤᠷ᠄ 《ᠪᠢ ᠭᠦᠤ ᠪᠠᠨ ᠳᠠᠨ ᠳᠤ ᠣᠷᠭᠢᠶ᠎ᠠ᠂ ᠮᠢᠨᠤ ᠭᠦᠤ ᠨᠤᠬᠠᠢ ᠡᠴᠡ ᠰᠤᠴᠢᠳᠠᠭ ᠶᠤᠮ᠃ ᠬᠤᠳᠠ ᠳᠠ ᠭᠦᠤ ᠶᠢ ᠮᠢᠨᠢ ᠨᠤᠬᠠᠢ ᠡᠴᠡ ᠪᠢᠳᠡᠭᠡᠢ ᠰᠤᠴᠢᠭᠤᠯ︕》 ᠭᠡᠵᠡᠢ᠃

ᠡᠨᠡ ᠭᠡᠰᠡᠭ᠌ ᠣᠬᠤᠷᠬᠠᠨ ᠶᠠᠷᠢᠯᠴᠠᠭᠠᠨ ᠤ ᠠᠭᠤᠯᠭ᠎ᠠ ᠳᠤ ᠲᠡᠶ ᠰᠠᠴᠠᠨ ᠦᠪᠡᠷ ᠤᠨ ᠦᠬᠢᠨ ᠪᠦᠷᠳᠡ ᠶᠢᠨ ᠶᠢᠡᠨ ᠳᠦᠯᠦᠭᠡ ᠥᠭᠡ ᠭᠡᠯᠡᠵᠤ᠂ ᠶ‍ᠢᠰᠦᠭᠡᠢ ᠪᠠᠭᠠᠳᠤᠷ ᠴᠤ ᠦᠪᠡᠷ ᠤᠨ ᠭᠦᠤ ᠳᠠᠮᠤᠵᠢᠨ ᠤ ᠪᠠᠨ ᠳᠦᠯᠦᠭᠡ ᠥᠭᠡ ᠭᠡᠯᠡᠭ᠍ᠰᠡᠨ ᠨᠢ ᠳᠤᠳᠤᠷᠬᠠᠢ ᠪᠦᠭᠡᠳ ᠦᠪᠡᠷ ᠦᠪᠡᠷ ᠤᠨ ᠬᠡᠦᠬᠡᠳ ᠤᠨ ᠶᠢᠡᠨ ᠳᠦᠯᠦᠭᠡ ᠳᠣᠢ᠌ᠯ ᠤᠨ ᠦᠨᠡᠠᠴᠢ ᠰᠢᠳᠤᠷᠭᠤ ᠪᠠᠷ ᠬᠠᠠᠳᠤᠵᠤ᠂ ᠬᠠᠯᠠᠭᠤᠨ ᠳᠤᠳᠤᠨᠤ ᠬᠠᠷᠢᠭᠤᠴᠠᠯᠭᠠᠳᠤ ᠬᠠᠢ᠌ᠷ᠎ᠠ ᠰᠡᠳᠭᠢᠯ ᠪᠢᠯᠬᠠᠮ᠎ᠠ ᠴᠠᠯᠭᠢᠯᠠᠵᠤ ᠪᠠᠢ᠌ᠳᠠᠭ᠃ ᠡᠭᠦᠨ ᠳᠤ ᠪᠠᠰᠠ ᠰᠢᠭᠤᠳ ᠯᠠ 《ᠮᠢᠨᠤ ᠦᠬᠢᠨ ᠢ ᠳᠤᠷᠤᠮᠵᠢᠯᠠᠵᠤ ᠪᠣᠯᠬᠤ ᠦᠭᠡᠶ》᠂ 《ᠮᠢᠨᠤ ᠭᠦᠤ ᠶᠢ ᠰᠤᠴᠢᠭᠠᠵᠤ ᠪᠣᠯᠬᠤ ᠦᠭᠡᠶ》 ᠭᠡᠵᠤ ᠪᠣᠯᠭᠢ ᠪᠦᠳᠦᠭᠦᠯᠢᠭ᠌ ᠶᠢᠡᠷ ᠬᠠᠠᠳᠤᠭᠰᠠᠨ ᠦᠭᠡᠶ᠂ ᠦᠪᠡᠷ ᠦᠪᠡᠷ ᠤᠨ ᠨᠥᠭᠦᠴᠡᠯ ᠰᠢᠯᠳᠠᠭᠠᠨ ᠲᠡᠶ ᠰᠠᠨᠠᠭ᠎ᠠ ᠪᠠᠨ ᠳᠠᠮ ᠢᠯᠡᠳᠭᠡᠵᠡᠢ᠃ ᠦᠨᠡᠨ ᠳᠡᠭᠡᠨ ᠳᠠᠮᠤᠵᠢᠨ ᠨᠤᠬᠠᠢ ᠡᠴᠡ ᠠᠶᠤᠳᠠᠭ ᠦᠭᠡᠶ ᠴᠤ ᠪᠠᠢ᠌ᠵᠤ ᠮᠠᠳᠠᠨ᠎ᠠ᠃ ᠭᠡᠪᠠᠴᠤ ᠠᠶᠤᠳᠠᠭ ᠶᠢᠡᠷ ᠰᠢᠯᠳᠠᠭᠠᠨ ᠪᠣᠯᠭᠠᠵᠤ ᠰᠠᠨᠠᠭ᠎ᠠ ᠪᠠᠨ ᠳᠠᠮ ᠢᠯᠡᠳᠭᠡᠭ᠍ᠰᠡᠨ ᠨᠢ ᠳᠣᠢ᠌ᠯ ᠤᠨ ᠣᠷᠠᠯᠢᠭ ᠭᠡᠨ ᠭᠡᠨ ᠳᠡᠭᠡᠨ ᠠᠰᠢᠭ ᠲᠡᠶ ᠬᠤᠳᠠ ᠣᠷᠤᠭ ᠤᠨ ᠬᠠᠷᠢᠴᠠᠭ᠎ᠠ᠂ ᠳᠠᠮᠤᠵᠢᠨ ᠪᠦᠷᠳᠡ ᠬᠤᠶᠠᠷ ᠤᠨ ᠬᠣᠢ᠌ᠰᠢᠳᠠ ᠶᠢᠨ ᠠᠮᠢᠳᠤᠷᠠᠯ ᠢ ᠪᠠᠭᠢᠵᠢᠭᠦᠯᠭᠦ ᠣᠢ᠌ᠯᠠᠳᠤᠯ ᠥᠵᠡᠭᠦᠯᠵᠡᠢ᠃ ᠡᠨᠡ ᠪᠣᠯ ᠳᠠᠳᠠᠨ ᠤ ᠦᠷ᠎ᠡ ᠬᠡᠦᠬᠡᠳ ᠶᠢᠡᠨ ᠭᠡᠵᠤ ᠪᠣᠳᠤᠭᠰᠠᠨ ᠬᠠᠷᠠᠯᠳᠠ ᠨᠢᠭᠡ ᠬᠠᠮᠳᠤ ᠶᠢᠨ ᠵᠤᠷᠢᠯᠭ᠎ᠠ ᠪᠣᠯᠬᠤ ᠶᠤᠮ᠃ ᠶᠠᠩᠵᠤ ᠶᠠᠩᠵᠤ ᠶᠢᠨ ᠭᠠᠷᠴᠤ ᠮᠡᠳᠡᠭᠦ ᠠᠮᠢᠳᠤᠷᠠᠯ ᠤᠨ ᠠᠰᠠᠭᠤᠳᠠᠯ ᠳᠤ ᠣᠷᠢᠳᠠ ᠪᠠᠷ ᠪᠡᠯᠡᠳᠭᠡᠭᠡᠳ ᠳᠠᠯᠪᠢᠴᠢᠬᠠᠭᠰᠠᠨ ᠬᠠᠷᠢᠭᠤᠯᠳᠠ ᠪᠠᠢ᠌ᠳᠠᠭ ᠦᠭᠡᠶ᠃ ᠵᠥᠪᠭᠡᠨ ᠵᠣᠢ᠌ᠯ ᠵᠣᠢ᠌ᠯ ᠤᠨ ᠭᠠᠷᠴᠤ ᠮᠡᠳᠡᠭᠦ ᠠᠮᠢᠳᠤᠷᠠᠯ ᠤᠨ ᠠᠰᠠᠭᠤᠳᠠᠯ ᠳᠤ ᠴᠢᠩ ᠦᠨᠡᠠᠴᠢ ᠪᠠᠷ ᠬᠠᠠᠳᠤᠵᠤ᠂ ᠰᠢᠪ ᠰᠢᠳᠤᠷᠭᠤ ᠪᠠᠷ ᠬᠠᠷᠢᠭᠤᠯᠳᠠᠭ ᠯᠠ ᠶᠤᠮ ᠪᠣᠯ ᠴᠢ ᠪᠢᠳᠠᠨ ᠤ ᠬᠠᠮᠳᠤ ᠶᠢᠨ ᠣᠢ᠌ᠯᠠᠰ ᠵᠤᠷᠢᠯᠭ᠎ᠠ ᠳᠠᠭᠠᠨ ᠭᠦᠷᠭᠦ ᠨᠢ ᠯᠠᠪᠳᠠᠢ᠃

ᠠᠮᠢᠳᠤᠷᠠᠯ ᠳᠤ ᠬᠠᠭᠤᠷᠮᠠᠴᠢ ᠠᠭᠠᠰᠢᠯᠠᠬᠤ ᠨᠢ ᠦᠨᠡᠨ ᠳᠡᠭᠡᠨ ᠠᠮᠢᠳᠤᠷᠠᠯ ᠳᠤ ᠬᠠᠢ᠌ᠷ᠎ᠠ ᠦᠭᠡᠶ ᠶᠢᠨ ᠰᠢᠠᠵᠢ ᠶᠤᠮ᠃ ᠣᠳᠤ ᠶᠢᠨ ᠡᠳᠦᠷ ᠳᠤᠳᠤᠮ ᠤᠨ ᠠᠮᠢᠳᠤᠷᠠᠯ ᠳᠤ ᠥᠩᠭᠡᠪᠴᠢ ᠠᠭᠠᠰᠢᠯᠠᠬᠤ ᠥᠭᠡᠡᠴᠡ ᠵᠠᠩ ᠣᠯᠠᠳᠠᠵᠤ᠂ ᠦᠷᠦᠴᠠ ᠵᠢᠷᠦᠭᠡᠨ ᠤ ᠦᠨᠡᠨ ᠥᠭᠡ ᠪᠠᠨ ᠭᠡᠯᠡᠭᠦ ᠭᠦᠮᠤᠨ ᠲᠤᠩ ᠴᠥᠭᠡᠨ ᠪᠣᠯᠵᠠᠢ᠃ ᠪᠢᠳᠠ ᠶᠠᠭᠠᠭᠢᠭᠠᠤᠨ ᠢᠩᠭᠢᠳᠠᠯ᠎ᠠ ᠳᠤᠷᠣᠢ᠌ᠳᠠᠵᠤ᠂ ᠠᠳᠠᠭ ᠨᠢ ᠦᠨᠡᠨ ᠵᠢᠷᠦᠭᠡᠨ ᠤ ᠥᠭᠡ ᠪᠠᠨ ᠴᠤ ᠭᠡᠯᠡᠵᠤ ᠴᠢᠳᠠᠬᠤ ᠦᠭᠡᠶ ᠪᠣᠯᠪᠠ︖

ᠪᠢᠳᠠ ᠴᠤᠬᠤᠮ ᠶᠠᠮᠠᠷ ᠠᠯᠳᠠᠭ᠎ᠠ ᠭᠠᠷᠭᠠᠪᠠ︖ ᠬᠤᠵᠢᠮ ᠪᠢᠳᠠ ᠭᠦᠤ ᠪᠠᠨ ᠳᠠᠭᠠᠭᠤᠯᠤᠭᠠᠤᠨ ᠬᠠᠳᠠᠮ ᠳ᠋ᠤᠨᠢ ᠣᠴᠢᠵᠤ ᠬᠤᠳᠠ ᠲᠡᠶ ᠪᠠᠨ ᠠᠭᠤᠯᠵᠠᠪᠠᠯ᠄ 《ᠮᠢᠨᠤ ᠭᠦᠤ ᠶᠢ ᠪᠢᠳᠡᠭᠡᠢ ᠨᠤᠬᠠᠢ ᠡᠴᠡ ᠰᠤᠴᠢᠭᠤᠯ︕》 ᠭᠡᠰᠡᠨ ᠰᠠᠨᠠᠭ᠎ᠠ ᠲᠡᠶ ᠭᠦᠤ ᠪᠠᠨ ᠬᠠᠯᠠᠮᠵᠢᠯᠠᠭᠰᠠᠨ ᠥᠭᠡ ᠭᠡᠯᠡᠴᠢᠭᠡᠮᠡᠷ ᠵᠤᠷᠢᠭ ᠦᠭᠡᠶ ᠪᠠᠢ᠌ᠵᠤ ᠮᠠᠳᠠᠨ᠎ᠠ᠃

ᠭᠡᠳᠡᠷᠭᠦ ᠳᠡᠭᠡᠨ 《ᠮᠢᠨᠤ ᠭᠦᠤ ᠥᠷᠯᠦᠭᠡ ᠳᠡᠭᠡᠨ ᠪᠣᠰᠬᠤ ᠳᠤᠷ᠎ᠠ ᠦᠭᠡᠶ ᠶᠤᠮ᠂ ᠠᠵᠢᠯ ᠳᠠᠭᠠᠨ ᠪᠣᠯ ᠬᠠᠷᠢᠨ ᠣᠪᠣᠭ᠎ᠠ ᠰᠢᠤ︕ ᠬᠤᠳᠠ ᠮᠠᠨᠢ ᠬᠤᠵᠢᠮ ᠢᠯᠡᠭᠦᠭᠡᠨ ᠰᠤᠷᠭᠠᠵᠤ ᠬᠠᠢ᠌ᠷᠠᠯᠠ ᠳ᠋ᠠ︕》 ᠭᠡᠳ ᠴᠢᠷᠠᠢ ᠣᠯᠠᠢ᠌ᠯᠭᠠᠭᠠᠤᠨ ᠭᠡᠯᠡᠴᠢᠭᠡᠭᠦ ᠮᠠᠭᠠᠤᠨ᠃ ᠡᠭᠦᠨ ᠡᠴᠡ ᠦᠵᠡᠪᠠᠯ ᠮᠠᠨ ᠤ ᠮᠤᠩᠭ᠋ᠤᠯ ᠭᠦᠮᠤᠨ ᠤ ᠵᠤᠷᠢᠭ ᠰᠠᠨᠠᠭ᠎ᠠ ᠰᠦᠨ ᠴᠠᠭᠠᠨ ᠰᠡᠳᠭᠢᠯ ᠭᠡᠷᠭᠢᠨ ᠪᠠᠭᠤᠷᠠᠵᠤ ᠶᠠᠭᠠᠭᠢᠨ ᠊ᠭ᠍‍ᠬᠢᠷᠳᠦᠵᠤ ᠪᠠᠢ᠌ᠭ᠎ᠠ ᠪᠠᠨ ᠪᠢᠳᠠ ᠦᠪᠡᠷ ᠶᠢᠡᠨ ᠮᠠᠳᠠᠵᠤ ᠪᠣᠯᠤᠨ᠎ᠠ᠃

ᠳᠦᠷᠪᠡ᠂ ᠡᠴᠦᠰ ᠤᠨ ᠠᠮᠢᠰᠬᠤᠭ᠎ᠠ ᠪᠠᠨ ᠴᠤ ᠭᠦᠤ ᠳᠡᠭᠡᠨ ᠵᠤᠷᠢᠭᠤᠯᠪᠠ

《ᠮᠤᠩᠭ᠋ᠤᠯ ᠤᠨ ᠨᠢᠭᠤᠴᠠ ᠳᠤᠪᠴᠢᠶᠠᠨ》 ᠤ ᠨᠢᠭᠡᠳᠦᠭᠡᠷ ᠪᠣᠳᠢ ᠶᠢᠨ ᠵᠢᠷᠠᠨ ᠨᠢ᠋ᠮᠠᠳᠤᠭᠠᠷ ᠭᠡᠰᠡᠭ᠌ ᠲᠤ ᠶ‍ᠢᠰᠦᠭᠡᠢ ᠪᠠᠭᠠᠳᠤᠷ᠄ 《ᠮᠢᠨᠤ ᠳᠤᠳᠤᠷ᠎ᠠ ᠮᠠᠭᠤᠬᠠᠢ ᠪᠠᠢ᠌ᠨ᠎ᠠ᠂ ᠳᠡᠷᠭᠡᠳᠡ ᠭᠡᠨ ᠪᠠᠢ᠌ᠨ᠎ᠠ ᠪᠣᠢ︖》 ᠭᠡᠰᠡᠨ ᠳᠤ ᠬᠤᠩᠭ᠋ᠤᠳᠠᠨ ᠤ ᠴᠠᠷᠠᠭ᠎ᠠ ᠡᠪᠦᠭᠡᠨ ᠤ ᠭᠦᠪᠠᠭᠦᠨ ᠮᠠᠩᠯᠢᠩ ᠣᠢ᠌ᠷ᠎ᠠ ᠪᠣᠢ ᠭᠡᠰᠡᠨ ᠳᠤ ᠣᠷᠢᠵᠤ ᠢᠷᠡᠭᠦᠯᠦᠭᠡᠳ᠄ 《ᠭᠡᠦᠭᠡ ᠮᠢᠨᠢ᠂ ᠬᠡᠦᠬᠡᠳ ᠮᠢᠨᠤ ᠪᠠᠭ᠎ᠠ ᠪᠠᠯᠴᠢᠷ ᠪᠢᠯᠠ᠂ ᠭᠦᠤ ᠪᠠᠨ ᠳᠠᠮᠤᠵᠢᠨ ᠢ ᠣᠷᠤᠭ ᠲᠤ ᠣᠷᠭᠢᠭᠠᠤᠨ ᠢᠷᠡᠭᠦ ᠵᠠᠮ ᠵᠠᠭᠤᠷ᠎ᠠ ᠳᠠᠲ᠋ᠠᠷ ᠢᠷᠭᠡᠨ ᠳᠤ ᠬᠤᠤᠷᠯᠠᠭᠳᠠᠪᠠ᠃ ᠳᠤᠳᠤᠷ ᠮᠢᠨᠢ ᠮᠠᠭᠤᠬᠠᠢ ᠪᠠᠢ᠌ᠨ᠎ᠠ᠂ ᠦᠨᠦᠴᠢᠨ ᠬᠤᠴᠤᠷᠤᠭᠰᠠᠨ ᠳᠡᠭᠦᠤ ᠨᠡᠷ ᠶᠢᠡᠨ᠂ ᠪᠠᠯᠪᠠᠰᠤᠨ ᠪᠠᠷᠭᠡᠨ ᠶᠢᠡᠨ ᠠᠰᠠᠷᠠᠬᠤ ᠶᠢ ᠴᠢ ᠮᠠᠳᠠ᠃ ᠳᠠᠮᠤᠵᠢᠨ ᠭᠦᠪᠠᠭᠦᠨ ᠢ ᠮᠢᠨᠢ ᠳᠠᠷᠤᠢ ᠶᠠᠪᠣᠵᠤ ᠠᠪᠴᠤ ᠢᠷ᠎ᠠ︕ ᠮᠠᠩᠯᠢᠩ ᠭᠡᠦᠭᠡ ᠮᠢᠨᠢ︕》 ᠭᠡᠵᠤ ᠭᠡᠯᠡᠭᠡᠳ ᠨᠠᠰᠤ ᠨᠥᠭ᠍ᠴᠢᠪᠡ᠃

ᠡᠭᠦᠨ ᠡᠴᠡ ᠪᠢᠳᠠ ᠶ‍ᠢᠰᠦᠭᠡᠢ ᠪᠠᠭᠠᠳᠤᠷ ᠨᠢᠭᠡ ᠨᠠᠰᠤᠨ ᠤ ᠡᠴᠦᠰ ᠤᠨ ᠠᠮᠢᠰᠬᠤᠭ᠎ᠠ ᠪᠠᠨ ᠭᠦᠷᠳᠡᠯ᠎ᠡ ᠳᠡᠭᠦᠤ ᠨᠡᠷ᠂ ᠪᠦᠰᠡᠭᠦᠢ ᠬᠡᠦᠬᠡᠳ ᠤᠨ ᠶᠢᠡᠨ ᠳᠦᠯᠦᠭᠡ ᠰᠠᠨᠠᠭ᠎ᠠ ᠰᠡᠳᠭᠢᠯ ᠴᠢᠯᠡᠭᠡᠭᠡᠳ ᠢᠷᠡᠭ᠍ᠰᠡᠨ ᠢ ᠣᠢ᠌ᠯᠠᠭᠠᠵᠤ ᠪᠣᠯᠤᠨ᠎ᠠ᠃ ᠭᠠᠭᠴᠠ ᠬᠤᠪᠢ ᠪᠠᠨ ᠯᠠ ᠪᠣᠳᠤᠭᠰᠠᠨ ᠭᠦᠮᠤᠨ ᠶᠤᠮ ᠪᠣᠯ 《ᠮᠢᠨᠤ ᠳᠤᠳᠤᠷ ᠮᠠᠭᠤᠬᠠᠢ ᠪᠠᠢ᠌ᠨ᠎ᠠ᠂ ᠬᠤᠷᠳᠤᠨ ᠶᠠᠪᠣᠵᠤ ᠡᠮᠴᠢ ᠠᠪᠴᠢᠷᠠ︕》 ᠭᠡᠳ ᠪᠠᠷᠭᠢᠷᠠᠴᠢᠬᠠᠬᠤ ᠮᠠᠭᠠᠤᠨ᠃ ᠭᠦᠮᠤᠨ ᠤ ᠮᠦᠰᠤ ᠴᠢᠨᠠᠷ ᠭᠡᠵᠤ ᠶᠠᠷᠤᠨᠢ ᠡᠴᠦᠰ ᠤᠨ ᠨᠢᠭᠡ ᠠᠮᠢᠰᠬᠤᠭ᠎ᠠ ᠳᠠᠭᠠᠨ ᠭᠦᠷᠳᠡᠯ᠎ᠡ ᠢᠯᠡᠷᠡᠳᠡᠭ᠌ ᠶᠤᠮ ᠪᠠᠢ᠌ᠨ᠎ᠠ᠃

ᠡᠢ᠌ᠡᠭᠦ ᠠᠭᠤᠤ ᠭᠦᠮᠤᠨ ᠤ ᠡᠴᠦᠰ ᠤᠨ ᠨᠢᠭᠡ ᠠᠮᠢᠰᠬᠤᠭ᠎ᠠ ᠨᠢ ᠥᠭᠡᠡᠴᠡ ᠳᠤᠷᠤᠢ ᠭᠦᠮᠤᠨ ᠤ ᠨᠢᠭᠡ ᠨᠠᠰᠤᠨ ᠤ ᠠᠮᠢᠰᠬᠤᠯ ᠤᠨ ᠳᠤᠭ᠎ᠠ ᠡᠴᠡ ᠴᠤ ᠦᠨ᠎ᠡ ᠲᠡᠶ ᠪᠠᠢ᠌ᠵᠤ ᠳᠠᠭᠠᠷᠠᠨ᠎ᠠ᠃ ᠠᠭᠤᠤ ᠭᠦᠮᠤᠨ ᠤ ᠡᠢ᠌ᠡᠭᠦ ᠠᠮᠢᠰᠬᠤᠭ᠎ᠠ ᠳᠤ ᠠᠭᠠᠷ ᠳᠤᠩᠭ᠋ᠠᠯᠠᠭᠰᠢᠵᠤ᠂ ᠮᠠᠭᠤ ᠭᠦᠮᠤᠨ ᠤ ᠥᠮᠦᠭᠡᠢ ᠠᠮᠢᠰᠬᠤᠯ ᠳᠤ ᠠᠭᠠᠷ ᠴᠤ ᠪᠣᠭᠢᠷᠳᠤᠬᠤ ᠣᠴᠢᠷᠳᠠᠢ᠃

ᠡᠳᠦᠭᠡ ᠶᠢᠨ ᠣᠷᠴᠢᠨ ᠠᠬᠤᠢ ᠶᠢᠨ ᠪᠣᠭᠢᠷᠳᠤᠯ᠂ ᠡᠯᠡᠰᠤᠨ ᠰᠢᠭᠤᠷᠭ᠎ᠠ ᠨᠢ ᠢᠮᠠᠭ᠎ᠠ ᠮᠠᠯ ᠳᠤ ᠪᠢᠰᠢ ᠢᠠᠵᠠᠨᠨᠠᠰᠢ ᠶᠢᠨ ᠭᠡᠯᠡᠳᠡᠭ᠌ 《ᠫᠠᠭ ᠥᠮᠦᠭᠡᠢ》 ᠮᠠᠭᠤ ᠭᠦᠮᠤᠨ ᠤ ᠠᠮᠢᠰᠬᠤᠯ ᠲᠡᠶ ᠬᠤᠯᠪᠣᠭᠠᠳᠠᠢ ᠠᠵᠤᠭᠤ᠃ ᠠᠷᠪᠠᠨ ᠭᠤᠷᠪᠠᠳᠤᠭᠠᠷ ᠵᠠᠭᠤᠨ ᠤ ᠠᠷᠢᠭᠤᠨ ᠴᠠᠪᠠᠷ ᠠᠭᠠᠷ ᠢ ᠭᠡᠨ ᠪᠣᠭᠢᠷᠳᠤᠭᠤᠯᠵᠤ᠂ ᠡᠷᠡᠭᠦᠯ ᠴᠤᠭᠴᠠ ᠪᠠᠶ᠎ᠠ ᠮᠠᠬᠠᠪᠣᠤᠨ ᠢ ᠭᠡᠨ ᠡᠪᠳᠡᠪᠡ︖

ᠳᠡᠭᠡᠳᠤ ᠶᠢᠨ ᠮᠢᠨᠢ ᠳᠡᠭᠡᠳᠦᠭᠦᠯᠡ᠂ ᠡᠪᠦᠭᠡ ᠶ‍ᠢᠰᠦᠭᠡᠢ ᠮᠢᠨᠢ ᠮᠥᠩᠭᠡ ᠳᠡᠭ᠍ᠷᠢ ᠶᠢᠨ ᠳᠤᠤᠷ᠎ᠠ ᠮᠤᠬᠤᠰᠢ ᠦᠭᠡᠶ ᠰᠦᠰᠦ ᠵᠤᠷᠢᠭ ᠲᠡᠶ ᠨᠢᠭᠡ ᠦᠶ᠎ᠡ ᠶᠢᠨ ᠳᠡᠭ᠍ᠷᠢᠯᠢᠭ᠌ ᠭᠦᠪᠠᠭᠦᠨ ᠊᠊᠊᠊᠊᠊᠊᠊᠊᠊᠊᠊᠊᠊᠊ ᠴᠢᠩᠭᠢᠰ ᠬᠠᠭᠠᠨ ᠢ ᠥᠰᠭᠡᠵᠤ ᠪᠣᠢ᠌ᠵᠢᠭᠤᠯᠤᠭᠰᠠᠨ ᠡᠴᠢᠭᠡ ᠭᠦᠮᠤᠨ ᠤ ᠠᠭᠤᠤ ᠶᠡᠭᠡ ᠬᠠᠢ᠌ᠷ᠎ᠠ ᠰᠡᠳᠭᠢᠯ ᠴᠢᠨᠢ ᠦᠷ᠎ᠡ ᠬᠣᠢ᠌ᠴᠢᠰ ᠲᠠᠭᠠᠨ ᠳᠠᠭᠤᠷᠢᠶᠠᠯ ᠪᠣᠯᠬᠤ ᠶᠤᠰᠤᠳᠠᠢ︕ ᠬᠠᠢ᠌ᠷ᠎ᠠ ᠶᠢᠨ ᠠᠭᠤᠤ ᠶᠡᠭᠡ ᠭᠦᠴᠤᠨ ᠳᠤ᠂ ᠭᠦᠮᠤᠨ ᠠᠮᠢ ᠨᠠᠰᠤ ᠪᠠᠨ ᠥᠷᠡᠭ᠍ᠳᠡᠭᠦᠯᠳᠡᠭ᠌ ᠦᠨᠡᠨ ᠶᠤᠰᠤ ᠶᠢ ᠡᠪᠦᠭᠡ ᠳᠡᠭᠡᠳᠤ ᠮᠢᠨᠢ ᠳᠠ ᠦᠪᠡᠷ ᠤᠨ ᠡᠴᠦᠰ ᠤᠨ ᠠᠮᠢᠰᠬᠤᠭ᠎ᠠ ᠶᠢᠨ ᠪᠣᠳᠠᠳᠤ ᠥᠢᠯᠡᠳᠦᠯᠭᠡ ᠪᠠᠷ ᠮᠥᠩᠭᠡ ᠳᠡᠭ᠍ᠷᠢ ᠶᠢᠨ ᠠᠭᠠᠷ ᠮᠠᠠᠳᠤᠯ ᠳᠤ ᠦᠨᠢ ᠮᠥᠩᠭᠡ ᠪᠠᠯᠠᠷᠠᠰᠢ ᠦᠭᠡᠶ ᠠᠭᠤᠰᠬᠠᠨ ᠭᠡᠷᠡᠴᠢᠯᠡᠵᠡᠢ᠃ ᠳᠠᠨ ᠤ ᠡᠢ᠌ᠡᠭᠦ ᠠᠮᠢᠰᠬᠤᠭ᠎ᠠ ᠮᠥᠩᠭᠡ ᠳᠡᠭ᠍ᠷᠢ ᠶᠢᠨ ᠠᠭᠠᠷ ᠮᠠᠠᠳᠤᠯ ᠳᠤ ᠠᠭᠤᠰᠤᠨ ᠳᠠᠯᠠᠷᠠᠵᠤ᠂ ᠠᠯᠢ ᠨᠢᠭᠡᠨ ᠡᠳᠦᠷ ᠦᠷ᠎ᠡ ᠬᠣᠢ᠌ᠴᠢᠰ ᠤᠨ ᠶᠢᠡᠨ ᠠᠭᠤᠰᠭᠢ ᠵᠢᠷᠦᠭᠡᠨ ᠳᠤ ᠨᠠᠪᠴᠢᠨ ᠬᠤᠷᠸ᠎ᠠ ᠶᠢᠨ ᠣᠷᠤᠰᠢᠨ ᠳᠤᠭᠳᠠᠨᠢᠯ ᠳ᠋ᠤᠨᠢ ᠊ᠭ᠍‍ᠬᠢᠷ ᠪᠣᠷᠭᠢᠳᠤᠯ ᠦᠭᠡᠶ ᠡᠰᠡᠨ ᠮᠠᠠᠳᠤ ᠳᠦᠯᠵᠢᠭᠦ ᠪᠣᠯᠤᠭᠠᠰᠠᠢ᠃


2005 ᠣᠨ ᠤ 2 ᠰᠠᠷᠠᠢ᠌ᠨ 23

ᠣᠯᠠᠭᠠᠠᠬᠠᠳᠠ ᠪᠠᠭᠠᠷᠢᠨ ᠵᠡᠭᠦᠨ ᠬᠤᠰᠢᠭᠤ ᠪᠠᠶᠠᠨ ᠠᠭᠤᠯᠠ

ᠪᠠᠳᠮᠠᠷᠢᠠᠴᠢᠨ

ᠵᠤᠬᠢᠶᠠᠭᠴᠢ᠄ ᠪᠠᠳᠮᠠᠷᠢᠠᠴᠢᠨ
ᠬᠠᠷᠢᠶ᠎ᠠ᠄ ᠮᠤᠩᠭᠤᠯ ᠲᠡᠦᠬᠡ
ᠳᠠᠷᠤᠮ᠄ 4508
ᠴᠠᠭ᠄ 2009 ᠤᠨ ᠤ 11 ᠰᠠᠷ᠎ᠠ ᠶᠢᠨ 21