ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠶᠤᠰᠤᠨ ᠤ ᠳᠡᠦᠭᠡᠨ ᠣᠯᠪᠠᠭ᠎ᠠ ᠶᠢ ᠬᠠᠢ᠌ᠬᠤ ᠨᠢ

【ᠠᠭᠤᠯᠭ᠎ᠠ ᠶᠢᠨ ᠳᠤᠪᠴᠢ 】ᠲ᠋ᠤᠰ ᠥᠭᠦᠯᠡᠯ ᠳᠤ ᠣᠳᠤ ᠶᠢᠨ ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠶᠤᠰᠤᠨ ᠳᠤ ᠪᠠᠢ᠌ᠭ᠎ᠠ ᠶᠠᠩᠵᠤ ᠳᠦᠷᠤᠯ᠂ ᠤᠳᠬ᠎ᠠ ᠣᠴᠢᠷ᠂ ᠪᠠᠯᠭᠡ ᠳᠠᠮᠪᠠᠷᠢᠯ᠂ ᠰᠠᠨᠠᠭ᠎ᠠ ᠠᠬᠤᠢ᠂ ᠡᠷᠢᠯ ᠭᠦᠰᠡᠯ ᠵᠡᠷᠭᠡ ᠶᠢ ᠳᠤᠰᠬᠠᠵᠤ᠂ ᠭᠦᠮᠤᠨ ᠳᠦᠷᠤᠯᠭᠢᠳᠠᠨ ᠤ ᠡᠭᠡᠴᠢᠯᠡᠯ ᠤᠨ ᠣᠪᠣᠭ ᠳᠦᠷᠤᠯ ᠤᠨ ᠱᠠᠳᠤᠨ ᠡᠴᠡ ᠡᠴᠢᠭᠡᠴᠢᠯᠡᠯ ᠤᠨ ᠣᠪᠣᠭ ᠤᠨ ᠱᠠᠳᠤᠨ ᠳᠤ ᠰᠢᠯᠵᠢᠭᠦ ᠰᠢᠯᠵᠢᠯᠳᠠ ᠶᠢᠨ ᠬᠤᠭᠤᠴᠠᠭᠠᠨ ᠤ ᠬᠤᠤᠰᠯᠠᠨ ᠣᠷᠤᠭᠯᠠᠬᠤ ᠨᠢᠭᠡ ᠡᠷ᠎ᠡ ᠨᠢᠭᠡ ᠡᠮ᠎ᠡ ᠶᠢᠨ ᠳᠦᠷᠢᠮ᠂ ᠣᠪᠣᠭ ᠤᠨ ᠭᠠᠳᠠᠨ᠎ᠠ ᠣᠷᠤᠭᠯᠠᠬᠤ ᠳᠦᠷᠢᠮ᠂ ᠠᠯᠤᠰ ᠬᠤᠯᠠ ᠣᠷᠤᠭᠯᠠᠬᠤ ᠵᠠᠩᠰᠢᠯ᠁ ᠮᠠᠳᠤ ᠶᠢᠨ ᠣᠯᠠᠨ ᠠᠷᠪᠢᠨ ᠪᠣᠯᠪᠠᠰᠤᠨ ᠪᠦᠭᠡᠳ ᠣᠷᠤᠭᠰᠢᠯᠠᠭᠰᠠᠨ᠂ ᠰᠢᠡᠵᠢᠯᠡᠭᠦ ᠣᠬᠠᠭᠠᠠᠴᠢ ᠶᠤᠰᠤ ᠵᠠᠩᠰᠢᠯ ᠨᠢ ᠪᠦᠷ ᠡᠷᠳᠡᠨ ᠤ ᠮᠤᠩᠭ᠋ᠤᠯ ᠰᠤᠶᠤᠯ ᠤᠨ ᠦᠯᠠᠳᠠᠴᠠ ᠪᠣᠯᠬᠤ ᠶᠢ ᠨᠤᠳᠠᠯᠠᠨ ᠥᠭᠦᠯᠡᠵᠡᠢ᠃

【 ᠵᠠᠩᠭᠢᠯᠠᠭ᠎ᠠ ᠶᠢᠨ ᠥᠭᠡᠰ】ᠬᠦᠷᠴᠢᠨ ᠮᠤᠩᠭ᠋ᠤᠯᠴᠤᠳ᠂ ᠣᠷᠤᠭ ᠬᠤᠷᠢᠮ᠂ ᠳᠡᠦᠭᠡᠨ ᠣᠯᠠᠪᠠᠭ᠎ᠠ᠂


ᠮᠤᠩᠭ᠋ᠤᠯᠴᠤᠳ ᠪᠣᠯ ᠳᠠᠭᠤᠯᠠᠵᠤ ᠪᠦᠵᠢᠭᠯᠡᠭᠦ ᠳᠤᠷᠠᠳᠠᠢ ᠳᠠᠯ᠎ᠠ ᠨᠤᠳᠤᠭ ᠤᠨ ᠦᠨᠳᠦᠰᠦᠳᠠᠨ ᠪᠣᠯᠤᠨ᠎ᠠ᠃ ᠣᠷᠤᠭ ᠬᠤᠷᠢᠮ ᠤᠨ ᠶᠤᠰᠤᠯᠠᠯ ᠳᠤ ᠪᠠᠨ ᠶᠠᠷᠤᠨᠢ ᠳᠠᠭᠤᠯᠠᠵᠤ ᠪᠦᠵᠢᠭᠯᠡᠨ᠂ ᠥᠪᠠᠷ ᠤᠨ ᠪᠠᠶᠠᠷ ᠪᠠᠶᠠᠰᠤᠯ ᠭᠤᠨᠢᠭ ᠭᠤᠳᠤᠷᠤᠯ ᠤᠨ ᠰᠡᠳᠬᠢᠯᠭᠡ ᠪᠠᠨ ᠢᠯᠡᠳᠭᠡᠨ᠂ ᠡᠨᠡ ᠨᠢ ᠣᠷᠳᠤ ᠣᠳᠠᠭᠠᠨ ᠬᠤᠭᠤᠴᠠᠭ᠎ᠠ ᠵᠠᠯᠭᠠᠮᠵᠢᠯᠠᠭᠳᠠᠨ ᠣᠯᠠᠮᠵᠢᠯᠠᠭᠳᠠᠭᠰᠠᠭᠠᠷ ᠪᠠᠢ᠌ᠵᠤ᠂ ᠨᠢᠭᠡᠨ ᠣᠷᠤᠭ ᠬᠤᠷᠢᠮ ᠤᠨ ᠵᠠᠩ ᠵᠠᠩᠰᠢᠯ ᠪᠣᠯᠤᠨ ᠦᠯᠠᠳᠠᠵᠠᠢ᠃ ᠡᠷᠳᠡᠨ ᠤ ᠮᠤᠩᠭ᠋ᠤᠯ ᠤᠨ ᠣᠷᠤᠭ ᠬᠤᠷᠢᠮ ᠤᠨ ᠵᠠᠩ ᠣᠢ᠌ᠯᠠ ᠶᠢᠨ ᠣᠯᠠᠮᠵᠢᠯᠠᠯ ᠢ ᠬᠠᠳᠠᠭᠠᠯᠠᠵᠤ ᠢᠷᠡᠭ᠍ᠰᠡᠨ ᠮᠤᠩᠭ᠋ᠤᠯ ᠣᠭᠰᠠᠭᠠᠳᠠᠨ ᠤ ᠨᠢᠭᠡ ᠨᠢ ᠪᠣᠯ ᠬᠤᠷᠴᠢᠠᠴᠤᠳ ᠪᠣᠯᠬᠤ ᠶᠤᠮ᠃ ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠶᠤᠰᠤᠨ ᠤ ᠶᠠᠩᠵᠤ ᠳᠦᠷᠤᠯ ᠳᠤ᠂ ᠠᠷᠪᠢᠨ ᠠᠯᠬᠤᠮ ᠶᠠᠪᠣᠴᠠ᠂ ᠡᠯᠪᠠᠭ᠌ ᠤᠳᠬ᠎ᠠ ᠣᠴᠢᠷ᠂ ᠪᠠᠶᠠᠯᠢᠭ ᠪᠠᠯᠭᠡ ᠳᠠᠮᠪᠠᠷᠢᠯ᠂ ᠦᠨᠳᠦᠷ ᠭᠦᠰᠡᠯ ᠮᠦᠷᠦᠭᠡᠳᠦᠯ ᠤᠨ ᠰᠠᠨᠠᠭ᠎ᠠ ᠰᠡᠳᠭᠢᠭᠦᠢ ᠠᠬᠤᠯᠠᠭᠳᠠᠵᠤ ᠪᠠᠢ᠌ᠭ᠎ᠠ ᠨᠢ ᠮᠤᠩᠭ᠋ᠤᠯ ᠤᠨ ᠨᠡᠢ᠌ᠭᠡᠮ ᠤᠨ ᠡᠭᠡᠴᠢᠯᠡᠯ ᠤᠨ ᠣᠪᠣᠭ ᠳᠦᠷᠤᠯ ᠡᠴᠡ ᠡᠴᠢᠭᠡᠴᠢᠯᠡᠯ ᠤᠨ ᠣᠪᠣᠭ ᠳᠦᠷᠤᠯ ᠤᠨ ᠱᠠᠳᠤᠨ ᠳᠤ ᠰᠢᠯᠵᠢᠭᠦ ᠰᠢᠯᠵᠢᠯᠳᠠ ᠶᠢᠨ ᠬᠤᠭᠤᠴᠠᠭᠠᠨ ᠤ《ᠬᠤᠤᠰᠯᠠᠨ ᠣᠷᠤᠭᠯᠠᠬᠤ》 ᠨᠢᠭᠡ ᠡᠷ᠎ᠡ ᠨᠢᠭᠡ ᠡᠮ᠎ᠡ ᠪᠠ 《ᠣᠪᠣᠭ ᠤᠨ ᠭᠠᠳᠠᠨ᠎ᠠ ᠣᠷᠤᠭᠯᠠᠬᠤ》 ᠵᠠᠩᠰᠢᠯ ᠨᠢ 《ᠮᠤᠩᠭ᠋ᠤᠯ ᠤᠨ ᠨᠢᠭᠤᠴᠠ ᠳᠤᠪᠴᠢᠶᠠᠨ》 ᠊ᠤ ᠳᠡᠮᠳᠡᠭᠯᠡᠯ ᠤᠨ 《ᠴᠢᠩᠭᠢᠰ ᠬᠠᠭᠠᠨ ᠤ ᠢᠵᠠᠭᠤᠷ ᠳᠡᠭᠡᠳᠤ ᠳᠡᠭ᠍ᠷᠢ ᠡᠴᠡ ᠵᠠᠶᠠᠭᠠᠳᠤ ᠳᠦᠷᠦᠭ᠍ᠰᠡᠨ ᠪᠦᠷᠳᠡ ᠴᠢᠨ᠋ᠸ᠎ᠠ ᠠᠵᠤᠭᠤ᠂ ᠭᠡᠷᠭᠡᠢ ᠠᠨᠤ ᠬᠤᠧᠨ ᠮᠠᠷᠠᠯ ᠠᠵᠠᠢ》 ᠭᠡᠵᠤ ᠬᠠᠭᠤᠳᠠᠰᠤ ᠨᠡᠭᠡᠭᠡᠨ ᠳᠡᠮᠳᠡᠭᠯᠡᠭ᠍ᠰᠡᠨ ᠪᠦᠭᠡᠳ ᠪᠦᠷᠳᠡ ᠴᠢᠨ᠋ᠸ᠎ᠠ ᠡᠴᠡ ᠬᠣᠢ᠌ᠰᠢᠭᠢ ᠦᠶ᠎ᠡ ᠵᠠᠯᠭᠠᠮᠵᠢ ᠶᠢ ᠳᠡᠮᠳᠡᠭᠯᠡᠭᠦ ᠳᠤ ᠪᠠᠨ ᠴᠤ 《ᠬᠠᠷᠴᠤ ᠶᠢᠨ ᠭᠦᠪᠠᠭᠦᠨ ᠪᠣᠷᠵᠢᠭᠢᠳᠠᠢ ᠮᠡᠷᠭᠡᠨ᠂ ᠮᠤᠩᠭ᠋ᠤᠯᠵᠢᠨ ᠭᠤᠸ᠎ᠠ ᠭᠡᠷᠭᠡᠢ᠌ᠳᠤ ᠠᠵᠤᠭᠤ᠃ ᠪᠣᠷᠵᠢᠭᠢᠳᠠᠢ ᠮᠡᠷᠭᠡᠨ ᠤ ᠭᠦᠪᠠᠭᠦᠨ ᠳᠤᠷᠭᠤᠯᠵᠢᠨ ᠪᠠᠶᠠᠨ᠂ ᠪᠣᠷᠤᠭᠴᠢᠨ ᠭᠤᠸ᠎ᠠ ᠭᠡᠷᠭᠡᠢ᠌ᠳᠤ᠁》 ᠭᠡᠭᠦ ᠮᠠᠳᠤ ᠪᠠᠷ ᠨᠢᠭᠡ ᠡᠷ᠎ᠡ ᠨᠢᠭᠡ ᠡᠮ᠎ᠡ ᠶᠢᠨ ᠣᠷᠤᠭ ᠤᠨ ᠶᠤᠰᠤ ᠶᠢ ᠮᠦᠷᠳᠠᠨ ᠳᠡᠮᠳᠡᠭᠯᠡᠭ᠍ᠰᠡᠨ ᠪᠠ ᠳᠤᠪᠤᠨ ᠮᠡᠷᠭᠡᠨ᠂ ᠶ‍ᠢᠰᠦᠭᠡᠢ ᠪᠠᠭᠠᠳᠤᠷ᠂ ᠳᠠᠮᠤᠵᠢᠨ ᠠᠯᠢ ᠣᠯᠠᠨ ᠡᠷᠳᠡᠨ ᠤ ᠮᠤᠩᠭ᠋ᠤᠯ ᠬᠠᠤᠨ ᠢᠵᠠᠭᠤᠷᠳᠠᠨ ᠪᠦᠷ ᠯᠠ ᠬᠠᠷᠢ ᠣᠪᠣᠭᠳᠠᠨ ᠲᠡᠶ ᠣᠷᠤᠭᠯᠠᠭᠰᠠᠨ ᠪᠦᠭᠡᠳ ᠥᠭᠡᠳᠡᠢ ᠬᠠᠭᠠᠨ ᠦᠪᠡᠷ ᠤᠨ ᠳᠦᠷᠪᠠᠨ ᠪᠣᠷᠤᠭᠤ ᠶᠢ ᠳᠤᠭᠠᠴᠢᠬᠤ ᠦᠶ᠎ᠡ ᠳᠤ ᠦᠪᠡᠷ ᠤᠨ ᠤᠳᠴᠢᠭᠢᠨ ᠠᠪᠠᠭ᠎ᠠ ᠶᠢᠨ ᠣᠷᠤᠭ ᠪᠣᠶᠤ ᠳᠡᠭᠦᠨ ᠤ ᠬᠠᠷᠢᠶᠠᠳᠤ ᠡᠴᠡ ᠡᠭᠡᠨᠡᠷ ᠠᠪᠬᠠᠭᠤᠯᠤᠭᠰᠠᠨ ᠨᠢ ᠨᠢᠭᠡᠨ ᠪᠣᠷᠤᠭᠤ ᠭᠡᠵᠤ ᠥᠭᠦᠯᠡᠭ᠍ᠰᠡᠨ ᠨᠢ ᠴᠢᠰᠤᠨ ᠳᠦᠷᠤᠯ ᠤᠨ ᠪᠠᠷᠢᠯᠭᠠᠳᠤ ᠣᠪᠣᠭᠳᠠᠨ ᠲᠡᠶ ᠪᠠᠨ ᠦᠯᠦ ᠣᠷᠤᠭᠯᠠᠬᠤ ᠮᠤᠩᠭ᠋ᠤᠯ ᠤᠨ ᠭᠡᠪ ᠵᠠᠩᠰᠢᠯ ᠤᠨ ᠦᠨᠳᠦᠰᠦᠯᠠᠯ ᠲᠡᠶ ᠡᠷᠳᠡᠨ ᠤ ᠮᠤᠩᠭ᠋ᠤᠯ ᠰᠤᠶᠤᠯ ᠤᠨ ᠦᠯᠠᠳᠠᠴᠠ ᠪᠦᠭᠡᠳ ᠮᠦᠨ ᠴᠤ ᠡᠷᠳᠡᠨ ᠤ ᠣᠮᠠᠷᠠᠳᠤ ᠶᠢᠨ ᠦᠨᠳᠦᠰᠦᠳᠠᠨ ᠤ ᠣᠷᠤᠭ ᠬᠤᠷᠢᠮ ᠤᠨ ᠶᠤᠰᠤᠨ ᠤ ᠪᠣᠯᠪᠠᠰᠤᠨ ᠰᠤᠶᠤᠯ ᠤᠨ ᠦᠪ ᠭᠦᠷᠦᠩᠭᠡ ᠶᠢᠨ ᠪᠣᠳᠠᠳᠠᠢ ᠢᠯᠡᠷᠡᠭᠦᠨ ᠮᠦᠨ᠃ ᠵᠢᠱᠢᠶᠠᠯᠠᠪᠠᠯ ᠬᠤᠷᠴᠢᠨ ᠠᠷᠠᠤᠨ ᠤᠨ ᠳᠠᠭᠤᠤ ᠶᠢᠨ ᠳᠤᠳᠤᠷᠠᠭᠢ 《ᠨᠠᠪᠴᠢ ᠭᠦᠩᠵᠤ》 ᠠᠦᠬᠠᠨ ᠬᠤᠰᠢᠭᠤ ᠡᠴᠡ ᠠᠯᠠᠱᠠ ᠬᠤᠰᠢᠭᠤ᠂ 《ᠨᠤᠭᠤᠠᠵᠠᠶᠠᠭ᠎ᠠ》 ᠳᠠᠷᠬᠠᠨ ᠬᠤᠰᠤᠭᠤ ᠡᠴᠡ ᠮᠤᠩᠭ᠋ᠤᠯᠵᠢᠨ ᠬᠤᠰᠢᠭᠤ᠂ 《ᠰᠢᠯᠤ》 ᠲᠦᠰᠢᠶᠠᠳᠤ ᠬᠤᠰᠢᠭᠤᠨ ᠡᠴᠡ ᠰᠢᠯᠢ ᠶᠢᠨ ᠭᠤᠤᠯ ᠳᠤ ᠮᠠᠳᠤ ᠶᠢᠨ ᠠᠷᠠᠤᠨ ᠤᠨ ᠳᠠᠭᠤᠤ ᠳᠤ ᠬᠤᠰᠢᠭᠤ ᠠᠯᠤᠰ ᠣᠷᠤᠭᠯᠠᠬᠤ ᠶᠢ ᠡᠷᠭᠢᠮᠯᠡᠵᠤ ᠪᠠᠢ᠌ᠭᠰᠠᠨ ᠦᠨᠡᠨ ᠳᠡᠮᠳᠡᠭᠯᠡᠯ ᠨᠢ ᠬᠤᠷᠴᠢᠨ ᠮᠤᠩᠭ᠋ᠤᠯᠴᠤᠳ ᠤᠨ ᠣᠳᠤᠮ ᠣᠭᠰᠠᠭ᠎ᠠ ᠰᠢᠯᠢᠳᠡᠭ᠍ᠵᠢᠭᠦᠯᠤᠨ ᠵᠠᠯᠭᠠᠮᠵᠢᠯᠠᠬᠤ ᠶᠢᠨ ᠰᠢᠡᠵᠢᠯᠡᠭᠦ ᠣᠬᠠᠭᠠᠠᠴᠢ ᠦᠵᠡᠯᠳᠠ ᠳᠠᠨᠢᠯᠳᠠ ᠲᠡᠶ ᠪᠠᠢ᠌ᠭᠰᠠᠨ ᠨᠢ ᠳᠤᠳᠤᠬᠠᠨ ᠪᠠᠢ᠌ᠨ᠎ᠠ᠃

ᠳᠤᠤᠷ᠎ᠠ ᠪᠢ ᠪᠠᠷ ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠶᠤᠰᠤᠨ ᠤ ᠦᠨᠳᠦᠰᠦᠨ ᠶᠠᠪᠣᠴᠠ ᠠᠯᠬᠤᠮ ᠶᠢ ᠳᠤᠭᠠᠴᠠᠬᠤ ᠶᠢᠨ ᠳᠠᠭᠠᠤ ᠵᠠᠷᠢᠮ ᠵᠠᠩ ᠣᠢ᠌ᠯᠠ ᠶᠢᠨ ᠭᠢᠨᠢ ᠳᠡᠦᠭᠡᠨ ᠣᠯᠠ ᠮᠦᠷ ᠶᠢ ᠬᠠᠢ᠌ᠨ ᠥᠭᠦᠯᠡᠶ᠎ᠡ ︕

1᠂ ᠦᠬᠢᠨ ᠰᠤᠩᠭ᠋ᠤᠬᠤ ᠶᠤᠰᠤᠨ

ᠨᠢᠭᠡᠨ ᠡᠪᠦᠭᠡ ᠡᠴᠢᠭᠡ ᠡᠴᠡ ᠣᠳᠤᠮᠯᠠᠭᠰᠠᠨ ᠣᠪᠣᠭ ᠤᠳ ᠤᠨ ᠭᠦᠮᠦᠰ ᠬᠤᠭᠤᠷᠤᠠᠳᠤ ᠪᠠᠨ ᠣᠷᠤᠭ ᠪᠠᠷᠢᠯᠳᠤᠵᠤ ᠪᠣᠯᠳᠠᠭ ᠦᠭᠡᠶ᠃ ᠡᠨᠡ ᠪᠣᠯ ᠡᠷᠳᠡᠨ ᠤ ᠮᠤᠩᠭ᠋ᠤᠯᠴᠤᠳ ᠤᠨ ᠡᠪᠳᠡᠵᠤ ᠪᠣᠯᠤᠰᠢ ᠦᠭᠡᠶ ᠬᠠᠳᠠᠭᠤ ᠶᠤᠰᠤ ᠮᠦᠨ᠃ ᠳᠠᠮᠤᠵᠢᠨ ᠳᠡᠭᠦᠨ ᠤ ᠨᠢᠭᠡᠨ ᠶᠠᠰᠤᠳᠠᠨ ᠪᠣᠯᠬᠤ ᠵᠦᠷᠭᠢᠨ ᠠᠢ᠌ᠮᠠᠭ ᠢ ᠢᠯᠠᠭᠠᠤᠨ 《ᠢᠷᠭᠡᠨ ᠢ ᠣᠯᠤᠰ ᠢ ᠠᠨᠤ ᠴᠢᠩᠭᠢᠰ ᠬᠠᠭᠠᠨ ᠦᠪᠡᠷ ᠤᠨ ᠦᠮᠴᠢ ᠢᠷᠭᠡᠨ ᠪᠣᠯᠭᠠᠪᠠ᠂ ᠡᠮᠡᠭ᠍ᠳᠡᠢ᠌ᠴᠦᠳ ᠢ ᠨᠢ ᠳᠠᠳᠠᠪᠣᠷᠢ ᠡᠮ᠎ᠡ ᠪᠣᠯᠭᠠᠨ ᠠᠪᠣᠭᠰᠠᠨ ᠦᠭᠡᠶ》 ᠶ᠋ᠢ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠳᠡᠮᠳᠡᠭᠯᠡᠪᠡ᠃ ᠪᠠᠰᠠ ᠳᠤᠷᠠᠳᠪᠠᠯ᠂ ᠥᠭᠡᠳᠡᠢ ᠬᠠᠭᠠᠨ ᠦᠪᠡᠷ ᠤᠨ ᠳᠦᠷᠤ ᠪᠠᠷᠢᠵᠤ ᠶᠠᠪᠣᠭᠰᠠᠨ ᠶᠢᠡᠨ ᠳ᠋ᠦ᠋ᠩᠨᠠᠵᠤ ᠥᠭᠦᠯᠡᠭᠦ ᠳᠤ ᠪᠠᠨ《ᠶᠤᠰᠤ ᠦᠭᠡᠶ ᠡᠮ᠎ᠡ ᠭᠦᠮᠤᠨ ᠤ ᠥᠭᠡ ᠳᠤᠷ ᠣᠷᠤᠵᠤ᠂ ᠤᠳᠴᠢᠭᠢᠨ ᠠᠪᠠᠭ᠎ᠠ ᠶᠢᠨ ᠣᠯᠤᠰ ᠤᠨ ᠦᠬᠢᠳ ᠠᠪᠴᠢᠷᠠᠭᠤᠯᠬᠤ ᠠᠯᠵᠢᠶᠠᠰ ᠠᠯᠳᠠᠭ᠎ᠠ ᠪᠣᠯᠪᠠ ᠊ᠶ᠎ᠠ》 ᠭᠡᠵᠤ ᠠᠯᠳᠠᠭ᠎ᠠ ᠪᠣᠷᠤᠭᠤ ᠪᠠᠨ ᠮᠡᠳᠡᠷᠡᠭ᠍ᠰᠡᠨ ᠨᠢ ᠮᠦᠨ ᠳᠡᠭᠡᠷ᠎ᠡ ᠳᠤᠷᠠᠳᠤᠭᠰᠠᠨ ᠳᠤᠯᠭᠤᠷ ᠪᠢᠴᠢᠭ᠌ ᠲᠤ ᠳᠤᠷᠠᠳᠤᠭᠰᠠᠨ ᠪᠠᠢ᠌ᠳᠠᠭ᠃ 《ᠮᠠᠷᠺᠦ ᠫᠣᠯᠤ ᠶᠢᠨ ᠠᠶᠠᠯᠠᠯ ᠤᠨ ᠳᠡᠮᠳᠡᠭᠯᠡᠯ》 ᠊ᠤᠨ ᠳᠠᠪᠣᠳᠤᠭᠠᠷ ᠪᠦᠯᠦᠭ᠌ ᠲᠤ 《᠁ ᠬᠠᠨ ᠡᠵᠡᠨ ᠠᠷᠭᠤᠨ① ᠊ᠤ ᠡᠭᠡᠨᠡᠷ ᠪᠤᠯᠭᠠᠨ ᠬᠠᠳᠤᠨ ᠪᠠᠶ᠎ᠠ ᠥᠩᠭᠡᠷᠡᠭᠦ ᠦᠶ᠎ᠡ ᠳᠤ ᠪᠠᠨ ᠭᠡᠷᠢᠶᠡᠰ ᠪᠢᠴᠢᠵᠤ ᠭᠤᠶᠤᠭᠰᠠᠨ ᠠᠨᠤ᠂ ᠡᠷᠭᠡᠪᠰᠢ ᠭᠢᠳᠠᠨ ᠣᠯᠤᠰ ② ᠊ᠤᠨ ᠶᠡᠭᠡ ᠬᠠᠭᠠᠨ ᠤ ᠬᠠᠷᠢᠶᠠᠳᠤ ᠳᠤᠳᠤᠷᠠᠭᠢ ᠦᠪᠡᠷ ᠤᠨ ᠭᠡᠷ ᠤᠨ ᠠᠢ᠌ᠮᠠᠭ ᠣᠷᠤᠭ ᠤᠨ ᠦᠬᠢᠳ ᠪᠣᠰᠤ ᠪᠣᠯᠪᠠᠰᠤ ᠳᠡᠭᠦᠨ ᠤ ᠣᠷᠤ ᠶᠢ ᠵᠠᠯᠭᠠᠮᠵᠢᠯᠠᠭᠤᠯᠤᠨ ᠬᠠᠨ ᠤ ᠬᠠᠳᠤᠨ ᠪᠣᠯᠭᠠᠵᠤ ᠦᠯᠦ ᠪᠣᠯᠬᠤ ᠶᠢ ᠭᠤᠶᠤᠵᠤᠬᠤᠢ᠃ ᠳᠡᠢ᠌ᠡᠭᠦ ᠠᠷᠭᠤᠨ ᠡᠨᠡᠭᠦ ᠭᠡᠷᠢᠶᠡᠰ ᠭᠤᠶᠤᠴᠢᠯᠠᠯ ᠢ ᠠᠨᠤ ᠳᠠᠭᠠᠬᠤ ᠶᠢᠨ ᠳᠤᠯᠠ ᠣᠠᠴᠠᠭᠠᠢ᠌ᠯᠠᠨ ᠭᠢᠴᠢᠶᠡᠩᠭᠦᠢ ᠳᠤᠮᠤᠭᠠᠳᠠᠢ ᠭᠤᠷᠪᠠᠨ ᠪᠠᠢ᠌ᠰᠠ ᠣᠤᠯᠠᠳᠠᠢ ᠠᠭᠤᠯᠠᠳᠠᠢ᠂ ᠠᠪᠣᠰᠠᠭ᠂ ᠭᠦᠽᠠ ᠭᠦᠴᠤ ᠨᠡᠷ ᠢ ᠳᠤᠰᠬᠠᠢ ᠡᠯᠴᠢ ᠪᠣᠯᠭᠠᠵᠤ᠂ ᠶᠡᠭᠡ ᠣᠯᠠᠨ ᠳᠠᠭᠠᠭᠰᠠᠤᠨ ᠯᠤᠭ᠎ᠠ ᠶᠡᠭᠡ ᠬᠠᠭᠠᠨ ᠤ ᠳᠦᠷᠤ ᠳᠤ ᠳᠤᠮᠢᠯᠠᠵᠤ᠂ ᠦᠭᠡᠶ ᠪᠣᠯᠤᠭᠰᠠᠨ ᠬᠠᠳᠤᠨ ᠤ ᠣᠷᠤᠭ ᠳᠦᠷᠤᠯ ᠤᠨ ᠳᠤᠳᠤᠷ᠎ᠠ ᠡᠴᠡ ᠨᠢᠭᠡᠨ ᠦᠬᠢᠨ ᠵᠢᠭᠠᠨ ᠭᠡᠷᠭᠡᠢ ᠪᠣᠯᠭᠠᠬᠤ ᠶᠢ ᠭᠤᠶᠤᠨ ᠢᠯᠡᠳᠭᠡᠵᠦᠭᠦᠢ》 ᠭᠡᠵᠤ ᠭᠠᠷᠳᠠᠭ ᠨᠢ ᠳᠤᠬᠠᠢ ᠶᠢᠨ ᠦᠶ᠎ᠡ ᠶᠢᠨ ᠭᠦᠮᠦᠰ ᠤᠨ《ᠨᠠᠭᠠᠴᠤ ᠡᠴᠡ ᠠᠪᠣᠪᠠᠯ ᠨᠠᠷᠠ ᠭᠠᠷᠬᠤ》 ③ ᠦᠵᠡᠯᠳᠠ ᠭᠡᠴᠢᠨᠡᠨ ᠭᠦᠴᠦᠡ ᠳᠡᠢ ᠪᠠᠢ᠌ᠭᠰᠠᠨ ᠨᠢ ᠢᠯᠠᠷᠠᠨ᠎ᠠ᠃ ᠡᠢ᠌ᠮᠤ ᠡᠴᠡ ᠭᠡᠷᠯᠡᠭᠦ ᠨᠠᠰᠤᠨ ᠳᠤ ᠭᠦᠷᠦᠭ᠍ᠰᠡᠨ ᠭᠦᠤ ᠶᠢᠨ ᠠᠪᠣ ᠡᠵᠢ᠂ ᠠᠬᠠᠰ ᠵᠠᠬᠠᠰ ᠨᠢ 《ᠣᠪᠣᠭ ᠤᠨ ᠭᠠᠳᠠᠨ᠎ᠠ ᠣᠷᠤᠭᠯᠠᠬᠤ》 ᠦᠨᠳᠦᠰᠦᠨ ᠵᠠᠷᠴᠢᠮ ᠤᠨ ᠳᠤᠤᠷ᠎ᠠ ᠬᠤᠯᠠ ᠤᠢ᠌ᠷ᠎ᠡ᠂ ᠬᠤᠪᠣᠩ ᠳᠦᠷᠤᠯ᠂ ᠠᠬ᠎ᠠ ᠳᠡᠭᠦᠤ ᠨᠡᠷ ᠲᠤ ᠪᠠᠨ ᠨᠠᠢ᠌ᠳᠠᠵᠤ ᠳᠠᠨᠢᠵᠤ ᠮᠡᠳᠡᠳᠡᠭ᠌ ᠭᠡᠦᠭᠡᠡᠴᠦᠳ ᠤᠨ ᠳᠤᠮᠳᠠ ᠡᠴᠡ ᠪᠠᠶ᠎ᠠ ᠪᠠᠢ᠌ᠳᠠᠯ ᠲᠡᠶ᠂ ᠣᠬᠠᠭᠠᠨ ᠰᠠᠨᠠᠭ᠎ᠠ ᠲᠡᠶ᠂ ᠣᠶᠤᠳᠠᠯ ᠠᠳᠠᠯ ᠳᠤ ᠪᠠᠨ ᠰᠠᠢ᠌ᠨ ᠭᠡᠦᠭᠡᠨ ᠡᠴᠡ ᠠᠩᠬᠠᠷᠤᠨ ᠰᠤᠷᠠᠭᠯᠠᠵᠤ ᠣᠢ᠌ᠯᠠᠭᠠᠵᠤ ᠳᠤᠭᠤᠭᠰᠠᠨ ᠤ ᠰᠠᠭᠤᠷᠢᠨ ᠳᠡᠭᠡᠷ᠎ᠡ ᠪᠠᠷᠢ ᠪᠣᠯᠭᠠᠨ ᠭᠤᠶᠤᠬᠤ ᠪᠠᠷ ᠳᠤᠭᠳᠠᠭᠠᠳᠠᠭ᠃ ᠭᠡᠭᠦ ᠳᠤ ᠪᠠᠨ ᠡᠭᠡ ᠶᠢᠨ ᠳᠦᠷᠭᠦᠮ᠂ ᠨᠠᠭᠠᠴᠤ ᠶᠢᠨ ᠨᠤᠳᠤᠭ ᠡᠴᠡ ᠪᠠᠷᠢ ᠭᠤᠶᠤᠬᠤ ᠶᠢ ᠴᠢᠬᠤᠯᠴᠢᠯᠠᠨ ᠥᠵᠡᠳᠡᠭ᠌᠃ ᠡᠨᠡ ᠶᠤᠰᠤ ᠪᠣᠯ ᠡᠭᠡᠴᠢᠯᠡᠯ ᠤᠨ ᠣᠪᠣᠭ ᠳᠦᠷᠤᠯ ᠤᠨ ᠦᠶ᠎ᠡ ᠶᠢᠨ ᠰᠤᠶᠤᠯ ᠤᠨ ᠦᠯᠠᠳᠠᠴᠠ ᠪᠣᠯᠤᠨ᠎ᠠ᠃ ᠡᠭᠦᠨ ᠤ ᠳᠤᠬᠠᠢ 《ᠨᠠᠭᠠᠴᠤ ᠡᠴᠡ ᠪᠠᠨ ᠭᠡᠷᠯᠡᠪᠠᠯ ᠨᠠᠰᠤᠨ ᠤ ᠪᠠᠶᠠᠨ᠂ ᠵᠢᠭᠡ ᠡᠴᠡ ᠭᠡᠷᠯᠡᠪᠠᠯ ᠵᠠᠯ᠎ᠠ ᠬᠤᠷᠢᠶᠠᠨ᠎ᠠ》᠂ 《ᠭᠦᠮᠤᠨ ᠤ ᠣᠭ ᠨᠠᠭᠠᠴᠤ᠂ ᠮᠤᠳᠤᠨ ᠤ ᠣᠭ ᠦᠨᠳᠦᠰᠦ》᠂ 《ᠪᠦᠭᠡ ᠣᠷᠤᠭ ᠪᠦᠯᠢ᠂ ᠪᠦᠳᠤᠨ ᠣᠷᠤᠭ ᠨᠠᠭᠠᠴᠤ》᠂ 《ᠨᠠᠭᠠᠴᠤ ᠡᠴᠡ ᠠᠪᠣᠪᠠᠯ ᠨᠠᠷᠠ ᠭᠠᠷᠤᠨ᠎ᠠ᠂ ᠵᠢᠭᠡ ᠡᠴᠡ ᠠᠪᠣᠪᠠᠯ ᠵᠢᠪᠠᠷᠠᠨ᠎ᠠ》᠂ 《ᠨᠠᠭᠠᠴᠤ ᠡᠭᠡᠴᠢ ᠪᠠᠨ ᠠᠪᠣᠭᠰᠠᠨ ᠭᠦᠮᠤᠨ ᠨᠠᠰᠤᠨ ᠳᠤᠷᠰᠢᠳᠠ ᠵᠢᠷᠭᠠᠨ᠎ᠠ》 ᠭᠡᠭᠦ ᠮᠠᠳᠤ ᠶᠢᠨ ᠣᠯᠠᠨ ᠣᠯᠠᠨ ᠮᠤᠩᠭ᠋ᠤᠯ ᠭᠡᠯᠡᠴᠡ ᠪᠠᠢ᠌ᠳᠠᠭ ᠨᠢ ᠡᠭᠡᠴᠢᠯᠡᠯ ᠤᠨ ᠣᠪᠣᠭ ᠤᠨ ᠪᠠᠢ᠌ᠭᠤᠯᠤᠯ ᠤᠨ ᠦᠶ᠎ᠡ ᠳᠤ ᠨᠠᠭᠠᠴᠤ ᠨᠡᠷ ᠶᠢᠡᠨ ᠲᠦᠰᠢᠨ ᠣᠷᠤᠭᠯᠠᠳᠠᠭ ᠪᠠᠢ᠌ᠭᠰᠠᠨ ᠳᠡᠦᠭᠡᠨ ᠣᠠᠴᠠᠯᠢᠭ ᠢ ᠳᠤᠰᠬᠠᠵᠤ ᠪᠠᠢ᠌ᠨ᠎ᠠ᠃ ᠦᠨᠡᠨ ᠢ ᠭᠡᠯᠡᠪᠠᠯ ᠵᠢᠭᠡ ᠨᠠᠭᠠᠴᠤ ᠶᠢᠨ ᠬᠠᠷᠢᠴᠠᠭᠠᠨ ᠤ ᠨᠢᠭᠳᠠᠷᠠᠭᠰᠠᠨ ᠬᠤᠭᠤᠴᠠᠭ᠎ᠠ ᠪᠣᠯ ᠡᠭᠡᠴᠢᠯᠡᠯ ᠤᠨ ᠣᠪᠣᠭ ᠤᠨ ᠪᠠᠢ᠌ᠭᠤᠯᠤᠯ ᠡᠴᠡ ᠡᠴᠢᠭᠡᠴᠢᠯᠡᠯ ᠤᠨ ᠣᠪᠣᠭ ᠳᠦᠷᠤᠯ ᠤᠨ ᠪᠠᠢ᠌ᠭᠤᠯᠤᠯ ᠳᠤ ᠰᠢᠯᠵᠢᠭᠦ ᠰᠢᠯᠵᠢᠯᠳᠠ ᠶᠢᠨ ᠴᠠᠭ ᠦᠶ᠎ᠡ ᠪᠠᠢ᠌ᠵᠤ ᠳᠠᠭᠠᠷᠠᠨ᠎ᠠ᠃ ᠣᠴᠢᠷ ᠨᠢ ᠳᠤᠬᠠᠢ ᠶᠢᠨ ᠦᠶ᠎ᠡ ᠶᠢᠨ ᠣᠢ᠌ᠯᠠᠳᠪᠣᠷᠢᠯᠠᠯ ᠤᠨ ᠭᠦᠴᠤᠨ ᠤ ᠭᠦᠭ᠍ᠵᠢᠯᠳᠡ ᠶᠢ ᠳᠠᠭᠠᠯᠳᠤᠨ ᠡᠷᠡᠭ᠍ᠳᠡᠢ ᠭᠦᠮᠤᠨ ᠤ ᠭᠦᠳᠡᠯᠮᠦᠷᠢ ᠣᠢ᠌ᠯᠠᠳᠪᠣᠷᠢᠯᠠᠯ ᠳᠤ ᠥᠵᠡᠭᠦᠯᠭᠦ ᠣᠢ᠌ᠯᠠᠳᠤᠯ ᠨᠥᠯᠦᠭᠡ ᠨᠢ ᠡᠮᠡᠭ᠍ᠳᠡᠢ ᠭᠦᠮᠤᠨ ᠡᠴᠡ ᠳᠠᠪᠠᠩᠭ᠋ᠤᠢ ᠪᠣᠯᠤᠭᠰᠠᠨ ᠪᠣᠯᠬᠤᠷ ᠡᠨᠡᠭᠦ ᠬᠤᠭᠤᠴᠠᠭᠠᠨ ᠳ᠋ᠠᠭᠢ ᠨᠠᠭᠠᠴᠤ ᠶᠢᠨ ᠡᠷᠭᠡ ᠰᠦᠷ ᠨᠢ ᠠᠭᠠᠵᠢᠮ ᠶᠢᠡᠷ ᠶᠡᠭᠡᠳᠴᠤ᠂ ᠵᠢᠭᠡ ᠬᠡᠦᠬᠡᠳ ᠶᠢᠡᠨ ᠳᠡᠵᠢᠭᠡᠵᠤ ᠦᠰᠭᠡᠭᠦ᠂ ᠰᠤᠷᠭᠠᠵᠤ ᠭᠦᠮᠦᠵᠢᠭᠦᠯᠭᠦ ᠵᠡᠷᠭᠡ ᠳᠠᠯ᠎ᠠ ᠪᠠᠷ ᠪᠦᠷ ᠣᠠᠴᠠᠭᠠᠢ ᠡᠭᠦᠷᠭᠡ ᠬᠠᠷᠢᠭᠤᠴᠠᠯᠭ᠎ᠠ ᠲᠡᠶ ᠪᠣᠯᠤᠭᠰᠠᠨ ᠡᠴᠡ ᠶᠤᠮ᠃ ᠵᠢᠭᠡ ᠨᠠᠭᠠᠴᠤ ᠶᠢᠨ ᠬᠤᠭᠤᠷᠤᠠᠳᠤ ᠶᠢᠨ ᠣᠠᠴᠠᠭᠠᠢ ᠤᠢ᠌ᠷ᠎ᠡ ᠳᠤᠳᠤᠨᠤ ᠬᠠᠷᠢᠴᠠᠭ᠎ᠠ ᠡᠭᠦᠰᠦᠭ᠍ᠰᠡᠨ ᠡᠴᠡ 《ᠨᠠᠭᠠᠴᠤ ᠳᠤ ᠨᠠᠶᠠᠨ ᠵᠢᠭᠡ》᠂ 《ᠨᠠᠭᠠᠴᠤᠳᠤ ᠭᠠᠵᠠᠷ ᠨᠠᠢ᠌ᠷ ᠲᠡᠶ᠂ ᠵᠢᠭᠡᠳᠤ ᠭᠠᠵᠠᠷ ᠵᠢᠮ ᠲᠡᠶ》᠂ 《ᠨᠠᠭ᠎ᠠ ᠠᠪᠣ ᠪᠠᠨ ᠥᠵᠡᠭ᠍ᠰᠡᠨ ᠰᠢᠭ᠌ ᠪᠠᠶᠠᠷᠯᠠᠬᠤ》᠂ 《ᠨᠠᠭᠠᠴᠤ ᠶᠢᠨ ᠳᠤ ᠪᠠᠨ ᠣᠴᠢᠭᠰᠠᠨ ᠰᠢᠭ᠌ ᠡᠷᠭᠡᠯᠡᠭᠦ》᠂ 《ᠣᠰᠤᠨ ᠤ ᠡᠭᠢ ᠪᠣᠯᠠᠭ᠂ ᠣᠯᠤᠰ ᠤᠨ ᠡᠭᠢ ᠨᠠᠭᠠᠴᠤ》᠂ 《ᠨᠠᠷᠠ ᠠᠳᠠᠯᠢ ᠬᠤᠷᠴᠠ ᠪᠣᠯᠤᠭᠠᠷᠠᠢ᠂ ᠨᠠᠭᠠᠴᠤ ᠠᠳᠠᠯᠢ ᠮᠡᠷᠭᠡᠨ ᠪᠣᠯᠤᠭᠠᠷᠠᠢ》 ᠭᠡᠵᠤ ᠭᠡᠯᠡᠳᠡᠭ᠌ ᠪᠣᠯᠪᠠᠴᠤ ᠣᠳᠤ ᠡᠴᠢᠭᠡᠴᠢᠯᠡᠯ ᠤᠨ ᠣᠪᠣᠭ ᠳᠦᠷᠤᠯ ᠤᠨ ᠱᠠᠳᠤᠨ ᠳᠤ ᠰᠢᠯᠵᠢᠭᠦ ᠪᠠᠷ ᠨᠢ ᠡᠴᠢᠭᠡ ᠶᠢᠨ ᠶᠢᠡᠨ ᠣᠪᠣᠭ ᠶᠢ ᠲᠠᠭᠠᠨ ᠡᠴᠦᠰ ᠲᠤ ᠪᠠᠨ ᠡᠴᠢᠭᠡ ᠶᠢᠨ ᠳᠠᠯ᠎ᠠ ᠨᠢ ᠭᠦᠡᠳᠤ ᠪᠣᠯᠬᠤ ᠪᠠᠷ ᠳᠠᠮᠵᠢᠨ ᠵᠢᠭᠡ ᠨᠠᠭᠠᠴᠤ ᠶᠢᠨ ᠬᠠᠷᠢᠴᠠᠭ᠎ᠠ ᠢᠯᠠᠳᠳᠠ ᠰᠤᠯᠠᠷᠠᠬᠤ ᠪᠠᠷ ᠨᠢ ᠵᠢᠭᠡ ᠬᠡᠦᠬᠡᠳ ᠨᠢ ᠨᠠᠭᠠᠴᠤ ᠡᠴᠡ ᠪᠠᠨ ᠠᠭᠠᠵᠢᠮ ᠶᠢᠡᠷ ᠬᠤᠯᠠᠳᠬᠤ ᠳᠤ 《ᠵᠢᠭᠡ ᠬᠡᠦᠬᠡᠳ ᠪᠠᠷ ᠦᠷ᠎ᠡ ᠭᠢᠭᠦ ᠦᠭᠡᠶ᠂ ᠵᠡᠭᠡᠷ᠎ᠡ ᠶᠢᠨ ᠵᠤᠯᠵᠠᠭ᠎ᠠ ᠪᠠᠷ ᠮᠠᠯ ᠭᠢᠭᠦ ᠦᠭᠡᠶ》᠂ 《ᠵᠢᠭᠡ ᠬᠡᠦᠬᠡᠳ ᠢ ᠰᠠᠨᠠᠬᠤ ᠪᠠᠷ ᠵᠡᠭᠡᠷ᠎ᠡ ᠶᠢᠨ ᠵᠤᠯᠵᠠᠭ᠎ᠠ ᠶᠢ ᠰᠠᠨᠠ》 ᠭᠡᠰᠡᠨ ᠭᠡᠯᠡᠴᠡ ᠴᠤ ᠳᠡᠷᠡᠭᠦ ᠨᠥᠭᠦᠴᠡᠯ ᠪᠠᠢ᠌ᠳᠠᠯ ᠢ ᠳᠤᠰᠬᠠᠨ ᠵᠤᠬᠢᠶᠠᠭᠳᠠᠭᠰᠠᠨ ᠪᠠᠢ᠌ᠳᠠᠭ᠃ 《ᠮᠤᠩᠭ᠋ᠤᠯ ᠤᠨ ᠨᠢᠭᠤᠴᠠ ᠳᠤᠪᠴᠢᠶᠠᠨ》 ᠊ᠤ ᠳᠡᠮᠳᠡᠭᠯᠡᠯ ᠢ ᠦᠨᠳᠦᠰᠦᠯᠠᠪᠠᠯ᠂ ᠶ‍ᠢᠰᠦᠭᠡᠢ ᠪᠠᠭᠠᠳᠤᠷ ᠭᠦᠪᠠᠭᠦᠨ ᠳᠠᠮᠤᠵᠢᠨ ᠳᠤ ᠪᠠᠨ ᠡᠭᠡ ᠶᠢᠨ ᠭᠢᠨᠢ ᠳᠦᠷᠭᠦᠮ ᠬᠤᠩᠭᠢᠷᠠᠤᠨ ᠶᠠᠰᠤᠳᠠᠨ ᠤ ᠣᠯᠬᠤᠨᠤᠳ ᠠᠢ᠌ᠮᠠᠭ ᠶᠢᠨ ᠳ᠋ᠠᠢ ᠰᠠᠴᠠᠨ ᠤ ᠦᠬᠢᠨ ᠪᠦᠷᠳᠡ ᠦᠵᠢᠨ ᠢ ᠠᠪᠴᠤ ᠦᠭ‍ᠭᠦᠭ᠍ᠰᠡᠨ ᠪᠠ ᠬᠤᠵᠢᠮ ᠨᠢ ᠴᠢᠩᠭᠢᠰ ᠤᠨ ᠦᠷ᠎ᠡ ᠠᠴᠢ ᠨᠡᠷ ᠤᠨ ᠣᠯᠠᠩᠭᠢ ᠨᠢ ᠬᠤᠩᠭᠢᠷᠠᠤᠨ ᠠᠢ᠌ᠮᠠᠭ ᠡᠴᠡ ᠬᠠᠳᠤᠨ ᠵᠠᠯᠠᠭᠰᠠᠨ ᠪᠠᠢ᠌ᠳᠠᠭ᠃ ᠳᠡᠭᠡᠭᠦ ᠪᠠᠷ ᠨᠢ ᠬᠤᠩᠭᠢᠷᠠᠤᠨ ᠠᠢ᠌ᠮᠠᠭ ᠢ 《ᠦᠬᠢᠳ ᠤᠨ ᠥᠩᠭᠡ ᠪᠠᠷ᠂ ᠵᠢᠭᠡ ᠶᠢᠨ ᠵᠢᠰᠤ ᠪᠠᠷ ᠶᠠᠪᠣᠮᠤᠢ》 ᠭᠡᠳᠡᠭ᠌ ᠪᠠᠢ᠌ᠵᠠᠢ᠃ ᠬᠤᠷᠴᠢᠠᠴᠤᠳ ᠤᠨ《ᠦᠭᠢᠨ ᠭᠦᠮᠤᠨ ᠦᠶ᠎ᠡ ᠬᠠᠶ᠎ᠠ ᠦᠭᠡᠶ》 ᠭᠡᠳᠡᠭ᠌ ᠨᠢ ᠮᠦᠨ ᠡᠷᠳᠡᠨ ᠤ ᠥᠭᠡ ᠮᠦᠨ᠃ ᠴᠢᠩᠭᠢᠰ ᠬᠠᠭᠠᠨ ᠭᠡᠷᠡᠢ᠌ᠳ ᠠᠢ᠌ᠮᠠᠭ ᠢ ᠰᠥᠨᠦᠭᠡᠵᠤ᠂ ᠣᠩ ᠬᠠᠨ ᠤ ᠳᠡᠭᠦᠤ ᠵᠠᠬ᠎ᠠ ᠬᠠᠮᠪᠣ ᠶᠢᠨ ᠬᠤᠶᠠᠷ ᠦᠬᠢᠨ ᠤ ᠶᠡᠭᠡ ᠦᠬᠢᠨ ᠢᠪᠠᠭ᠎ᠠ ᠪᠠᠭᠢ ᠶᠢ ᠥᠪᠠᠷᠳᠡᠭᠡᠨ ᠠᠪᠴᠤ᠂ ᠬᠤᠶᠠᠳᠤᠭᠠᠷ ᠦᠬᠢᠨ ᠰᠤᠷᠬᠠᠭᠳᠠᠨᠢ ᠶᠢ ᠤᠳᠬᠤᠨ ᠭᠦᠤ ᠳᠤᠯᠤᠢ ᠳᠤ ᠪᠠᠨ ᠥᠭ᠍ᠪᠡ᠃ ᠦᠬᠢᠨ ᠰᠤᠩᠭ᠋ᠤᠬᠤ ᠳᠤ ᠪᠠᠨ ᠡᠩ ᠳᠡᠷᠢᠭᠦᠨ ᠳᠤ ᠳᠡᠭᠦᠨ ᠤ ᠵᠠᠩ ᠠᠭᠠᠰᠢ ᠶᠢ ᠳᠤᠭᠤᠭᠰᠠᠨ ᠤ ᠰᠠᠭᠤᠷᠢᠨ ᠳᠡᠭᠡᠷ᠎ᠡ ᠰᠠ‍‌ᠶᠢ ᠣᠬᠠᠭᠠᠨ ᠰᠠᠨᠠᠭ᠎ᠠ᠂ ᠣᠶᠤᠳᠠᠯ ᠠᠳᠠᠯ᠂ ᠥᠩᠭᠡ ᠵᠢᠰᠤ᠂ ᠪᠠᠶ᠎ᠠ ᠮᠠᠬᠠᠪᠣᠤᠨ᠂ ᠳᠦᠷᠢ ᠳᠦᠷᠭᠦ ᠵᠢᠴᠢ ᠣᠳᠤᠮ ᠣᠭᠰᠠᠭ᠎ᠠ ᠵᠡᠷᠭᠡ ᠳᠠᠯ᠎ᠠ ᠪᠠᠷ ᠨᠠᠷᠢᠨ ᠨᠢᠮᠪᠠᠢ ᠰᠤᠷᠤᠭᠯᠠᠨ ᠣᠢ᠌ᠯᠠᠭᠠᠳᠠᠭ ᠪᠢᠯᠠ᠃ ᠡᠨᠡᠭᠦ ᠭᠡᠦᠭᠡᠨ ᠰᠤᠩᠭ᠋ᠤᠵᠤ ᠰᠢᠡᠵᠢᠭᠦ ᠵᠠᠩᠰᠢᠯ ᠮᠦᠨ ᠣᠵᠠᠭᠤᠷ ᠰᠤᠶᠤᠯ ᠤᠨ ᠦᠯᠠᠳᠠᠴᠠ ᠪᠣᠯᠬᠤ ᠶᠤᠮ᠃ ᠳᠤᠬᠠᠢ᠌ᠯᠠᠪᠠᠯ ᠮᠠᠩᠨᠠᠢ ᠳᠤᠮᠳᠠ ᠪᠠᠨ ᠭᠠᠭᠴᠠ ᠨᠢᠳᠤᠳᠠᠢ ᠪᠦᠭᠡᠳ ᠭᠤᠷᠪᠠᠨ ᠨᠡᠭᠦᠷᠢ ᠶᠢᠨ ᠭᠠᠵᠠᠷ ᠡᠴᠡ ᠰᠢᠠᠵᠢᠯᠠᠵᠤ ᠮᠡᠳᠡᠳᠡᠭ᠌ ᠶᠠᠷᠤ ᠪᠣᠰᠤ ᠶᠢᠨ ᠷᠢᠳᠢ ᠰᠢᠳᠢ ᠲᠡᠶ ᠰᠢᠡᠵᠢᠭᠡᠴᠢ ᠳᠤᠸ᠎ᠠ ᠰᠤᠬᠤᠷ ᠠᠯᠤᠨ ᠭᠤᠸ᠎ᠠ ᠭᠡᠦᠭᠡᠨ ᠢ ᠠᠯᠤᠰ ᠬᠤᠯᠠ ᠡᠴᠡ ᠰᠢᠠᠵᠢᠯᠠᠵᠤ ᠳᠤᠭᠤᠭᠠᠤᠨ ᠳᠡᠭᠦᠤ ᠳᠤᠪᠣ ᠮᠡᠷᠭᠡᠨ ᠳᠤ ᠪᠠᠨ ᠭᠤᠶᠤᠭᠤᠯᠤᠭᠰᠠᠨ᠃ ᠶ‍ᠢᠰᠦᠭᠡᠢ ᠪᠠᠭᠠᠳᠦᠷ᠂ ᠭᠡᠭᠡᠷ᠎ᠡ ᠡᠴᠡ ᠨᠢᠭᠡ ᠡᠮ᠎ᠡ ᠭᠦᠮᠤᠨ ᠤ ᠰᠢᠭᠡᠰᠤ ᠶᠢ ᠣᠯᠵᠤ ᠥᠵᠡᠭᠡᠳ 《ᠡᠨᠡ ᠡᠮ᠎ᠡ ᠡᠴᠡ ᠰᠠᠢ᠌ᠨ ᠭᠦᠪᠠᠭᠦᠨ ᠳᠦᠷᠤᠨ᠎ᠠ》 ᠭᠡᠵᠤ ᠰᠢᠠᠵᠢᠯᠠᠵᠤ ᠮᠡᠳᠡᠭ᠍ᠰᠡᠨ᠃ ᠶ‍ᠢᠰᠦᠭᠡᠢ ᠪᠠᠭᠠᠳᠤᠷ ᠭᠦᠪᠠᠭᠦᠨ ᠳᠠᠮᠤᠵᠢᠨ ᠶ‍ᠢᠰᠤᠨ ᠨᠠᠰᠤᠳᠤ ᠶᠢ ᠳᠠᠭᠠᠭᠤᠯᠵᠤ ᠬᠤᠩᠭᠢᠷᠠᠤᠨ ᠤᠨ ᠳ᠋ᠠᠢ ᠰᠠᠴᠠᠨ ᠲᠡᠶ ᠣᠴᠠᠷᠠᠬᠤ ᠳᠤ ᠳ᠋ᠠᠢ ᠰᠠᠴᠠᠨ 《ᠡᠨᠡ ᠭᠦᠪᠠᠭᠦᠨ ᠴᠢᠨᠤ ᠨᠢᠳᠤᠨ ᠳᠤᠷ ᠶᠢᠡᠨ ᠭᠠᠯ ᠲᠤ᠂ ᠨᠢᠭᠤᠷ ᠲᠤᠷ ᠶᠢᠡᠨ ᠭᠡᠷ᠎ᠡ ᠲᠤ ᠭᠦᠪᠠᠭᠦᠨ ᠪᠣᠢ᠁ ᠶ‍ᠢᠰᠦᠭᠡᠢ ᠬᠤᠳᠠ ᠭᠡᠷ ᠲᠤᠷ ᠮᠢᠨᠤ ᠣᠳᠤᠶ᠎ᠠ᠂ ᠦᠬᠢᠨ ᠮᠢᠨᠤ ᠦᠴᠦᠭᠡᠨ ᠪᠣᠢ᠌ ᠶᠤ᠂ ᠬᠤᠳᠠ ᠥᠵᠡᠳᠦᠭᠡᠢ》 ᠭᠡᠭᠦᠯᠡᠷ ᠶ‍ᠢᠰᠦᠭᠡᠢ ᠪᠠᠭᠠᠳᠤᠷ 《ᠦᠭᠢᠨ ᠢ ᠢᠨᠤ ᠦᠵᠡᠪᠠᠰᠤ ᠨᠢᠭᠤᠷ ᠲᠤᠷ ᠶᠢᠡᠨ ᠭᠡᠷ᠎ᠡ ᠲᠡᠶ᠂ ᠨᠢᠳᠤᠨ ᠳᠤᠷ ᠶᠢᠡᠨ ᠭᠠᠯ ᠲᠡᠶ᠂ ᠦᠬᠢᠨ ᠢ ᠣᠢ᠌ᠨ ᠳᠤᠷ ᠶᠢᠡᠨ ᠣᠷᠤᠭᠤᠯᠪᠠ》 ᠭᠡᠰᠡᠨ ᠭᠡᠦᠭᠡᠨ ᠰᠤᠩᠭ᠋ᠤᠵᠤ ᠰᠢᠠᠵᠢᠵᠤ ᠪᠠᠢ᠌ᠭᠰᠠᠨ ᠳᠡᠮᠳᠡᠭᠯᠡᠯ ᠤᠳ ᠵᠠᠷᠢᠮ ᠳᠡᠦᠭᠡ ᠶᠢᠨ ᠨᠤᠮ ᠤᠳ ᠲᠤ ᠳᠤᠷᠠᠳᠤᠭᠳᠠᠳᠠᠭ᠃

ᠣᠳᠤ ᠬᠤᠷᠴᠢᠠᠴᠤᠳ ᠣᠳᠤᠮ ᠭᠠᠷᠤᠯ ᠢ ᠰᠤᠷᠤᠭᠯᠠᠬᠤ ᠳᠤ ᠪᠠᠨ᠂ ᠣᠠᠴᠠᠭᠠᠢ᠌ᠯᠠᠨ ᠭᠡᠦᠭᠡᠨ ᠤ ᠡᠵᠢ ᠶᠢ ᠨᠢ ᠭᠦᠡᠵᠡᠭᠡᠢ ᠣᠢ᠌ᠯᠠᠭᠠᠬᠤ ᠶᠢ ᠴᠢᠬᠤᠯᠴᠢᠯᠠᠨ᠎ᠠ᠃ ᠣᠴᠢᠷ ᠨᠢ ᠬᠤᠷᠴᠢᠨ ᠤ ᠮᠤᠩᠭ᠋ᠤᠯ ᠭᠡᠯᠡᠴᠡ ᠳᠤ 《ᠡᠯᠵᠢᠭᠡ ᠶᠢ ᠨᠢ ᠠᠪᠬᠤ ᠭᠦᠮᠤᠨ ᠳᠤᠭᠤᠷᠠᠢ ᠶᠢ ᠨᠢ ᠦᠵᠡ᠂ ᠦᠬᠢᠨ ᠶᠢ ᠨᠢ ᠠᠪᠬᠤ ᠭᠦᠮᠤᠨ ᠡᠶ‍ᠢ ᠡᠵᠢ ᠶᠢ ᠨᠢ ᠦᠵᠡ》 ᠭᠡᠵᠤ ᠡᠭᠦᠳᠡ ᠡᠷᠦᠭᠡ ᠶᠢᠨ ᠰᠤᠷᠭᠠᠯ ᠰᠤᠷᠳᠠᠯ ᠢ ᠠᠩᠬᠠᠷᠴᠤ ᠪᠠᠢ᠌ᠳᠠᠭ᠃ ᠬᠤᠷᠴᠢᠨ ᠮᠤᠩᠭ᠋ᠤᠯᠴᠤᠳ ᠤᠨ ᠠᠢ᠌ᠯ ᠡᠷᠦᠭᠡ ᠪᠦᠷᠢ ᠶᠢᠨ ᠭᠡᠷ ᠤᠨ ᠰᠤᠷᠭᠠᠯ ᠡᠴᠡ ᠠᠪᠴᠤ ᠦᠵᠡᠪᠠᠯ ᠭᠡᠷ ᠤᠨ ᠠᠬᠠᠮᠠᠤᠨ ᠪᠣᠯᠤᠭᠰᠠᠤᠨ ᠭᠡᠦᠭᠡᠨ ᠶᠢᠡᠨ ᠰᠤᠷᠭᠠᠬᠤ ᠨᠢ ᠭᠦᠪᠠᠭᠦᠨ ᠶᠢᠡᠨ ᠰᠤᠷᠭᠠᠬᠤ ᠡᠴᠡ ᠨᠠᠩ ᠨᠠᠷᠢᠨ ᠨᠢᠭᠳᠠ᠂ ᠴᠢᠩᠭ᠋᠎ᠠ ᠭᠢᠨᠠᠭᠤᠷ ᠪᠠᠢ᠌ᠵᠤ᠂ ᠥᠭᠡ ᠶᠠᠷᠢᠶ᠎ᠠ᠂ ᠣᠢ᠌ᠯᠠ ᠭᠦᠳᠡᠯᠦᠯ᠂ ᠡᠦᠶ‍ᠦᠳᠡᠯ ᠠᠳᠠᠯ ᠡᠴᠡ ᠠᠪᠣᠭᠠᠤᠨ ᠦᠬᠢᠨ ᠭᠦᠮᠤᠨ ᠤ ᠰᠠᠭᠢᠬᠤ ᠵᠢᠷᠤᠮ ᠶᠤᠰᠤ ᠭᠡᠵᠤ ᠴᠢᠩᠳᠠ ᠰᠤᠷᠭᠠᠵᠤ ᠭᠦᠮᠦᠵᠢᠭᠦᠯᠳᠡᠭ᠌᠃ ᠭᠡᠳᠦᠷᠭᠡᠢ ᠳ᠋ᠠᠩ deng ᠴᠢᠩᠭ᠋᠎ᠠ ᠪᠣᠯᠬᠤ ᠶᠢ ᠰᠢᠳᠦᠭᠦ ᠦᠭᠡᠶ᠃ ᠣᠴᠢᠷ ᠨᠢ 《ᠳᠠᠭᠤᠳᠤ ᠳᠡᠭ᠍ᠷᠢ ᠪᠣᠷᠤᠭᠠᠨ ᠦᠭᠡᠶ᠂ ᠴᠤᠤᠳᠤ ᠭᠡᠦᠭᠡᠨ ᠬᠤᠷᠢᠮ ᠦᠭᠡᠶ》 ᠭᠡᠭᠦ ᠭᠡᠯᠡᠴᠡ ᠪᠣᠢ᠃ ᠬᠤᠷᠴᠢᠨ ᠮᠤᠩᠭ᠋ᠤᠯ ᠭᠡᠦᠭᠡᠡᠴᠦᠳ ᠤᠨ ᠯᠠᠪᠳᠠᠭᠤᠨ ᠨᠠᠮᠤᠭᠤᠬᠠᠨ ᠤ ᠭᠡᠪ ᠪᠠᠷᠢᠮᠵᠢᠶ᠎ᠠ ᠶᠢ ᠳᠦᠷᠰᠦᠯᠡᠭ᠍ᠰᠡᠨ 《ᠭᠦᠡᠳᠡᠯᠡᠨ ᠡᠪᠠᠰᠤ ᠶᠢ ᠭᠦᠳᠡᠯᠭᠡᠭᠦ ᠦᠭᠡᠶ᠂ ᠭᠡᠪᠳᠡᠭ᠍ᠰᠡᠨ ᠬᠤᠨᠢ ᠶᠢ ᠦᠷᠭᠦᠭᠡᠭᠦ ᠦᠭᠡᠶ》᠂ 《ᠭᠦᠤ ᠭᠦᠮᠤᠨ ᠭᠠᠯᠵᠠᠭᠤᠷᠠᠬᠤ ᠦᠭᠡᠶ ᠪᠣᠯ ᠠᠯᠢᠶ᠎ᠠ ᠨᠢ ᠳᠡᠭᠡᠷ᠎ᠡ᠂ ᠦᠬᠢᠨ ᠭᠦᠮᠤᠨ ᠪᠢᠳᠡᠭᠦᠷᠡᠭᠦ ᠦᠭᠡᠶ ᠪᠣᠯ ᠳᠤᠭᠤᠢ ᠨᠢ ᠳᠡᠭᠡᠷ᠎ᠡ》 ᠭᠡᠭᠦ ᠮᠠᠳᠤ ᠶᠢᠨ ᠭᠡᠯᠡᠴᠡ ᠪᠣᠢ᠃ ᠬᠤᠷᠴᠢᠨ ᠮᠤᠩᠭ᠋ᠤᠯ ᠭᠡᠦᠭᠡᠡᠴᠦᠳ ᠭᠡᠵᠢᠶᠡᠨ ᠡᠴᠡ ᠨᠠᠭᠠᠰᠢ ᠬᠠᠴᠠᠷ ᠭᠤᠸ᠎ᠠ᠂ ᠨᠢᠳᠤ ᠬᠠᠷ᠎ᠠ᠂ ᠬᠠᠢ᠌ᠷᠠᠯᠠᠬᠤ ᠳᠤᠷᠠᠯᠠᠬᠤ ᠰᠡᠳᠭᠢᠯ ᠲᠡᠶ᠂ ᠡᠷᠭᠡ ᠴᠢᠯᠦᠭᠡᠨ ᠳᠤ ᠳᠤᠷᠠᠳᠠᠢ᠂ ᠰᠠᠳᠤᠷ ᠰᠠᠮᠠᠭᠤᠨ ᠢ ᠬᠠᠳᠠᠭᠤ ᠴᠡᠭᠡᠷᠯᠡᠳᠡᠭ᠌᠂ ᠨᠢᠭᠡᠨ ᠰᠠᠨᠠᠭ᠎ᠠ ᠪᠠᠷ ᠣᠴᠠᠷᠠᠭᠰᠠᠨ ᠨᠥᠭᠦᠷ ᠲᠡᠭᠡᠨ ᠡᠭᠡᠨᠡᠷ ᠭᠦᠮᠤᠨ ᠤ ᠵᠢᠷᠤᠮ ᠢ ᠭᠦᠢᠴᠡᠳᠭᠡᠵᠤ᠂ ᠦᠷ᠎ᠡ ᠬᠡᠦᠬᠡᠳ ᠶᠢᠡᠨ ᠦᠰᠭᠡᠨ᠂ ᠡᠭᠦᠳᠡ ᠡᠷᠦᠭᠡ ᠪᠠᠨ ᠭᠡᠷᠡᠯᠳᠦᠭᠦᠯᠵᠤ ᠪᠠᠢ᠌ᠳᠠᠭ ᠰᠠᠢ᠌ᠬᠠᠨ ᠣᠳᠤᠮ ᠲᠡᠶ᠃ ᠡᠢ᠌ᠮᠤ ᠣᠴᠢᠷ ᠡᠴᠡ ᠬᠤᠷᠴᠢᠨ ᠠᠮᠠᠨ ᠶᠠᠷᠢᠶᠠᠨ ᠳᠤ 《ᠰᠠᠢ᠌ᠬᠠᠨ ᠡᠭᠡᠨᠡᠷ ᠭᠡᠷ ᠤᠨ ᠴᠢᠮᠡᠭ᠌᠂ ᠰᠠᠢ᠌ᠨ ᠡᠮ᠎ᠡ ᠨᠥᠭᠦᠷ ᠤᠨ ᠴᠢᠮᠡᠭ᠌》 ᠭᠡᠵᠤ ᠠᠯᠳᠠᠷᠰᠢᠳᠠᠭ᠃ ᠮᠤᠩᠭ᠋ᠤᠯ ᠣᠯᠤᠰ ᠤᠨ ᠠᠯᠳᠠᠷᠳᠤ ᠰᠢᠯᠦᠭ᠍ᠴᠢ ᠳ᠋·ᠫᠦᠷᠪᠦᠳᠦᠷᠵᠢ ᠶᠢᠨ ᠰᠢᠯᠦᠭᠯᠡᠯ ᠳᠤ 《ᠡᠷᠦᠭᠡ ᠳᠤᠰᠠᠭᠠᠷ ᠡᠨᠡ ᠠᠢ᠌ᠯ ᠢ ᠥᠩᠭᠡᠳᠤ ᠨᠢᠭᠡᠨ ᠶ‍ᠢᠷᠳᠢᠠᠴᠤ ᠭᠡᠪᠠᠯ ᠪᠦᠭᠦᠨ ᠳᠤ ᠬᠠᠷᠠᠭᠳᠠᠬᠤ ᠳᠠᠷᠠ ᠥᠩᠭᠡ ᠨᠢ ᠪᠦᠰᠡᠭᠦᠢ ᠭᠦᠮᠤᠨ》 ᠭᠡᠰᠡᠨ ᠶᠢᠡᠷ ᠥᠵᠡᠭᠦ ᠳᠤ 《ᠵᠠᠩ ᠰᠠᠢ᠌ᠳᠠᠢ ᠠᠢ᠌ᠯ ᠪᠣᠯᠵᠤ ᠭᠦᠮᠤᠨ ᠪᠦᠭᠦᠨ ᠴᠤᠭᠯᠠᠬᠤ》 ᠨᠢ ᠳᠠᠷᠤᠢ ᠭᠡᠷ ᠤᠨ ᠡᠵᠡᠭ᠍ᠳᠡᠢ ᠶᠢᠨ ᠠᠭᠠᠰᠢ ᠵᠠᠩ ᠳᠤ ᠰᠢᠯᠳᠠᠭᠠᠯᠠᠳᠠᠭ ᠶᠤᠮ ᠪᠠᠢ᠌ᠵᠠᠢ᠃ ᠳᠡᠭᠡᠳᠦᠰ ᠡᠭᠡᠴᠦᠳ ᠰᠠᠢ᠌ᠬᠠᠨ ᠡᠭᠡᠨᠡᠷ ᠤᠳ ᠢᠰᠡᠭᠡᠢ ᠳᠤᠭᠤᠷᠭᠠᠳᠠᠨ ᠤ ᠠᠢ᠌ᠯ ᠭᠡᠷ ᠤᠨ ᠦᠨᠳᠦᠰᠦ ᠪᠣᠯᠵᠤ ᠢᠷᠡᠭ᠍ᠰᠡᠨ ᠳᠡᠦᠭᠡ ᠲᠡᠶ᠃ ᠳᠤᠬᠠᠢ᠌ᠯᠠᠪᠠᠯ ᠮᠠᠨ ᠤ ᠪᠣᠭᠤᠷᠤᠯ ᠦᠶ᠎ᠡ ᠶᠢᠨ ᠳᠡᠭᠡᠳᠤ ᠡᠭᠡ ᠠᠯᠤᠨ ᠭᠤᠸ᠎ᠠ ᠡᠴᠡ ᠠᠪᠣᠭᠠᠤᠨ ᠥᠭᠡᠯᠤᠨ ᠡᠭᠡ᠂ ᠪᠦᠷᠳᠡᠭᠡᠯᠵᠢᠨ ᠬᠠᠳᠤᠨ᠂ ᠰᠤᠷᠬᠠᠭᠳᠠᠨᠢ ᠬᠠᠳᠤᠨ᠂ ᠮᠠᠳᠤᠬᠠᠢ ᠰᠠᠴᠠᠨ ᠬᠠᠳᠤᠨ᠂ ᠳᠠᠭᠢᠮᠳᠠᠭᠤ ᠠᠮᠤᠷᠯᠢᠩᠭ᠋ᠤᠢ ᠬᠠᠳᠤᠨ᠂ ᠮᠢᠳᠠᠨ ᠬᠠᠳᠤᠨ ᠳᠤ ᠭᠦᠷᠳᠡᠯ᠎ᠡ ᠪᠦᠷ ᠯᠠ ᠡᠷ᠎ᠡ ᠨᠥᠭᠦᠷ ᠤᠨ ᠶᠢᠡᠨ ᠭᠠᠯ ᠢ ᠨᠢ ᠠᠰᠠᠭᠠᠵᠤ ᠡᠷᠦᠭᠡ ᠶᠢ ᠨᠢ ᠳᠠᠳᠠᠨ᠂ ᠦᠷ᠎ᠡ ᠬᠡᠦᠬᠡᠳ ᠶᠢᠡᠨ ᠳᠡᠵᠢᠭᠡᠨ᠂ ᠦᠨᠳᠦᠰᠦ ᠣᠭᠰᠠᠭ᠎ᠠ ᠵᠠᠯᠭᠠᠭᠤᠯᠵᠤ ᠭᠠᠯ ᠭᠤᠯᠤᠮᠳᠠ ᠶᠢ ᠨᠢ ᠪᠠᠳᠠᠷᠭᠠᠵᠤ ᠡᠷᠦᠭᠡ ᠭᠡᠷ ᠪᠠ ᠦᠨᠳᠦᠰᠦᠳᠠᠨ ᠳᠤ ᠪᠠᠨ ᠭᠠᠪᠢᠶᠠᠳᠠᠢ ᠶᠠᠪᠣᠭᠰᠠᠨ ᠮᠤᠩᠭ᠋ᠤᠯ ᠡᠭᠡ ᠶᠢᠨ ᠳᠠᠭᠤᠷᠢᠶᠠᠯ ᠳᠡᠦᠭᠡᠨ ᠣᠯᠠᠪᠠᠭ᠎ᠠ ᠪᠣᠯᠤᠨ ᠨᠥᠯᠦᠭᠡᠯᠡᠵᠤ ᠪᠠᠢ᠌ᠨ᠎ᠠ᠃ ᠳᠠᠷᠠᠭᠠᠯᠠᠪᠠᠯ ᠳᠦᠷᠦᠭ᠍ᠰᠡᠨ ᠣᠨ ᠵᠢᠯ᠂ ᠰᠠᠷ᠎ᠠ ᠡᠳᠦᠷ ᠢ ᠨᠢ ᠳᠤᠳᠤᠯᠠᠵᠤ᠂ ᠡᠰᠢ ᠡᠷᠭᠡᠳᠡᠨ ᠮᠠᠬᠠᠪᠣᠤᠨ ᠵᠡᠷᠭᠡ ᠨᠢ ᠭᠦᠤ ᠲᠡᠶ ᠨᠢ ᠡᠷ᠎ᠡ ᠡᠮ᠎ᠡ ᠪᠣᠯᠬᠤ ᠳᠤ ᠵᠤᠭᠢᠯᠳᠤᠬᠤ ᠢᠪᠠᠭᠡᠯ ᠵᠢᠯᠳᠠᠨ ᠪᠣᠯᠬᠤ ᠶᠢ ᠳᠤᠳᠤᠷᠬᠠᠢ᠌ᠯᠠᠵᠤ ᠰᠤᠩᠭ᠋ᠤᠳᠠᠭ᠃ ᠠᠷᠪᠠᠨ ᠬᠤᠶᠠᠷ ᠵᠢᠯ ᠳᠤ ᠬᠤᠯᠤᠭᠠᠨ᠎ᠠ᠂ ᠯᠤᠤ᠂ ᠪᠠᠴᠢ ᠭᠤᠷᠪᠠ ᠢᠪᠠᠭᠡᠯ᠃ ᠥᠭᠡᠷ᠂ ᠮᠤᠭᠠᠢ᠂ ᠳᠠᠭᠢᠶ᠎ᠠ ᠭᠤᠷᠪᠠ ᠢᠪᠠᠭᠡᠯ᠃ ᠪᠠᠷᠰ᠂ ᠮᠤᠷᠢ᠂ ᠨᠤᠬᠠᠢ ᠭᠤᠷᠪᠠ ᠢᠪᠠᠭᠡᠯ᠃ ᠳᠠᠤᠯᠠᠢ᠂ ᠬᠤᠨᠢ᠂ ᠭᠠᠬᠠᠢ ᠭᠤᠷᠪᠠ ᠢᠪᠠᠭᠡᠯ ᠭᠡᠵᠤ ᠦᠵᠡᠨ᠎ᠠ᠃ ᠢᠪᠠᠭᠡᠯ ᠵᠢᠯ ᠲᠡᠶ ᠭᠦᠮᠦᠰ ᠣᠷᠤᠭᠯᠠᠪᠠᠯ ᠦᠷ᠎ᠡ ᠬᠡᠦᠬᠡᠳ ᠳᠡᠭ᠍ᠰᠢᠭᠡᠨ ᠵᠤᠯ ᠵᠢᠷᠭᠠᠯ ᠲᠡᠶ ᠠᠮᠢᠳᠤᠷᠠᠨ᠎ᠠ ᠭᠡᠳᠡᠭ᠌᠃ ᠨᠠᠰᠤ ᠰᠠᠴᠠᠭᠤ ᠠᠳᠠᠯᠢ ᠵᠢᠯᠳᠠᠨ ᠨᠢ ᠭᠡᠷᠪᠡ ᠡᠷ᠎ᠡ ᠵᠢᠯᠳᠠᠨ ᠪᠣᠯ ᠦᠷ᠎ᠡ ᠳᠠᠰᠤᠷᠠᠬᠤ᠂ ᠡᠮ᠎ᠡ ᠵᠢᠯᠳᠠᠨ ᠪᠣᠯ ᠳᠡᠵᠢᠭᠡᠵᠤ ᠳᠡᠢ᠌ᠯᠭᠦ ᠦᠭᠡᠶ ᠣᠯᠠᠨ ᠬᠡᠦᠬᠡᠳ ᠲᠡᠶ ᠪᠣᠯᠤᠨ᠎ᠠ ᠭᠡᠵᠤ ᠳᠠᠢ᠌ᠯᠪᠣᠷᠢᠯᠠᠳᠠᠭ᠃ ᠠᠷᠪᠠᠨ ᠬᠤᠶᠠᠷ ᠵᠢᠯ ᠤᠨ ᠬᠤᠯᠤᠭᠠᠨ᠎ᠠ ᠨᠢ ᠡᠷ᠎ᠡ᠂ ᠥᠭᠡᠷ ᠨᠢ ᠡᠮ᠎ᠡ᠂ ᠪᠠᠷᠰ ᠨᠢ ᠡᠷ᠎ᠡ᠂ ᠳᠠᠤᠯᠠᠢ ᠨᠢ ᠡᠮ᠎ᠡ᠁ ᠮᠠᠳᠤᠴᠢᠯᠠᠨ ᠳᠤᠷᠤᠭᠰᠢ ᠢᠯᠭᠠᠳᠠᠭ᠃ ᠪᠠᠰᠠ ᠭᠡᠷᠪᠡ ᠨᠢᠭᠡ ᠣᠪᠣᠭᠳᠠᠨ ᠪᠣᠯᠤᠭᠰᠠᠨ ᠪᠣᠯ 《ᠳᠠᠪᠤᠨ ᠦᠶ᠎ᠡ ᠳᠤᠯᠤᠭᠠᠨ ᠦᠶ᠎ᠡ ᠰᠤᠨᠤᠭᠰᠠᠨ ᠡᠰᠡᠭᠦ》 ᠪᠠᠷ ᠳᠤᠭᠳᠠᠭᠠᠳᠠᠭ᠃ ᠠᠯᠢ ᠴᠢᠳᠠᠬᠤ ᠪᠠᠷ ᠠᠢ᠌ᠯ ᠵᠡᠷᠭᠡᠯᠡᠳᠡᠭᠡ ᠣᠷᠤᠭᠯᠠᠬᠤ ᠶᠢ ᠴᠡᠭᠡᠷᠯᠡᠵᠤ 《ᠬᠤᠳᠳᠤᠭ ᠣᠰᠤ ᠤᠢ᠌ᠷ᠎ᠡ ᠨᠢ ᠳᠡᠭᠡᠷ᠎ᠡ᠂ ᠬᠤᠳᠠ ᠣᠷᠤᠭ ᠬᠤᠯᠠ ᠨᠢ ᠳᠡᠭᠡᠷ᠎ᠡ》᠂ 《ᠣᠳᠤᠮ ᠬᠤᠯᠠᠳᠠᠪᠠᠯ ᠣᠬᠠᠭᠠᠨ ᠨᠠᠮᠠᠨ᠎ᠠ》 ᠭᠡᠭᠦ ᠮᠠᠳᠤᠴᠢᠯᠠᠨ ᠪᠣᠷᠤᠭᠵᠢᠭᠤᠨ ᠪᠣᠳᠠᠰᠴᠢ ᠦᠵᠡᠯ ᠤᠨ ᠣᠳᠤᠮᠯᠠᠯ ᠤᠨ ᠦᠵᠡᠯᠳᠠ ᠪᠠᠷ ᠣᠳᠤᠮ ᠣᠭᠰᠠᠭ᠎ᠠ ᠶᠢᠨ ᠴᠢᠨᠠᠷᠵᠢᠯ ᠢ ᠴᠢᠬᠤᠯᠴᠢᠯᠠᠵᠤ ᠪᠠᠢ᠌ᠳᠠᠭ᠃ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠬᠤᠷᠴᠢᠨ ᠮᠤᠩᠭ᠋ᠤᠯᠴᠤᠳ ᠣᠳᠤ ᠪᠠᠰᠠ 《ᠰᠠᠢ᠌ᠨ ᠦᠬᠢᠨ ᠢ ᠮᠢᠩᠭ᠋ᠠᠨ ᠭᠠᠵᠠᠷ ᠳᠤᠷᠠᠰᠴᠤ᠂ ᠨᠢᠭᠡᠨ ᠭᠠᠵᠠᠷ ᠲᠤ ᠳᠤᠭᠳᠠᠨ᠎ᠠ》 ᠭᠡᠳᠡᠭ᠌ ᠳᠤᠯᠠ ᠭᠡᠦᠭᠡᠨ ᠳᠤ ᠭᠡᠯᠡᠯᠴᠡᠭᠡ ᠣᠷᠤᠬᠤ ᠡᠴᠡ ᠪᠠᠨ ᠡᠮᠦᠨ᠎ᠡ ᠥᠭᠡᠷ᠎ᠡ ᠭᠠᠵᠠᠷ ᠭᠤᠶᠤᠵᠤ ᠳᠤᠭᠳᠠᠭᠰᠠᠨ ᠡᠰᠡᠭᠦ ᠶᠢ ᠰᠤᠷᠠᠭᠯᠠᠳᠠᠭ ᠪᠠᠢ᠌ᠨ᠎ᠠ᠃ ᠪᠠᠷᠢ ᠰᠤᠩᠭ᠋ᠤᠬᠤ ᠶᠤᠰᠤᠨ ᠡᠢ᠌ᠮᠤ ᠨᠠᠷᠢᠨ ᠴᠢᠩᠭ᠋᠎ᠠ ᠪᠠᠢ᠌ᠳᠠᠭ ᠤᠨ ᠴᠠᠭᠠᠨᠠᠭᠢ ᠣᠴᠢᠷ ᠨᠢ ᠮᠤᠩᠭ᠋ᠤᠯᠴᠤᠳ ᠤᠨ ᠭᠡᠷ ᠪᠦᠯᠢ ᠳᠤ ᠭᠠᠭᠴᠠᠬᠦ ᠡᠷᠦᠭᠡ ᠶᠢᠨ ᠳᠡᠷᠢᠭᠦᠯᠡᠭ᠍ᠴᠢ ᠡᠷ᠎ᠡ ᠨᠥᠭᠦᠷ ᠤᠨ ᠭᠦᠴᠤ ᠪᠠᠷ ᠥᠭᠡᠳᠡᠯᠡᠭᠦ ᠪᠢᠰᠢ ᠨᠠᠩ ᠴᠢᠬᠤᠯᠠ ᠨᠢ ᠭᠡᠷᠭᠡᠢ ᠡᠵᠡᠭ᠍ᠳᠡᠢ ᠰᠠᠢ᠌ᠨ᠂ ᠡᠭᠡᠨᠡᠷ ᠤᠨ ᠡᠷᠳᠡᠮ ᠣᠬᠠᠭᠠᠨ ᠰᠠᠨᠠᠭ᠎ᠠ ᠨᠢ ᠡᠨᠡ ᠡᠭᠦᠳᠡ ᠡᠷᠦᠭᠡ ᠶᠢ ᠭᠡᠷᠡᠯᠳᠦᠭᠦᠯᠵᠤ ᠮᠠᠠᠳᠤᠭᠤᠯᠬᠤ ᠳᠤ ᠰᠢ᠌ᠤᠠᠪᠣᠷᠢᠳᠤ ᠴᠢᠨᠠᠷᠳᠠᠢ ᠣᠢ᠌ᠯᠠᠳᠤᠯ ᠥᠵᠡᠭᠦᠯᠳᠡᠭ᠌ ᠪᠠᠢ᠌ᠭᠰᠠᠨ ᠢ ᠳᠡᠦᠭᠡ ᠥᠢᠯᠡᠳᠦᠯᠭᠡ ᠭᠡᠷᠡᠴᠢᠯᠡᠭ᠍ᠰᠡᠨ ᠶᠤᠮ᠃

2᠂ ᠵᠠᠭᠤᠴᠢ ᠭᠤᠶᠤᠬᠤ ᠶᠤᠰᠤᠨ

ᠦᠬᠢᠨ ᠢ ᠰᠤᠩᠭ᠋ᠤᠨ ᠳᠤᠭᠳᠠᠭᠰᠠᠨ ᠤ ᠳᠠᠷᠠᠭ᠎ᠠ᠂ ᠠᠬ᠎ᠠ ᠳᠡᠭᠦᠤ᠂ ᠰᠠᠳᠤᠨ ᠳᠦᠷᠤᠯ ᠤᠨ ᠳᠤᠳᠤᠷ᠎ᠠ ᠡᠴᠡ ᠵᠠᠭᠤᠴᠢ ᠶᠢᠨ ᠭᠦᠮᠤᠨ ᠶᠢᠡᠨ ᠭᠤᠶᠤᠨ᠎ᠠ᠃ ᠵᠠᠭᠤᠴᠢ ᠪᠣᠯ ᠭᠦᠤ ᠭᠡᠦᠭᠡᠨ ᠤ ᠬᠤᠶᠠᠷ ᠳᠠᠯ᠎ᠠ ᠳᠤ ᠭᠡᠯᠡᠯᠴᠡᠭᠡ ᠣᠷᠤᠵᠤ ᠣᠷᠤᠭ ᠤᠨ ᠣᠢ᠌ᠯᠠ ᠶᠢ ᠪᠦᠳᠦᠭᠡᠳᠡᠭ᠌ ᠳᠤᠰᠬᠠᠢ ᠭᠦᠮᠤᠨ ᠤ ᠨᠠᠷᠠᠢ᠌ᠳᠤᠯ ᠶᠤᠮ᠃ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠵᠠᠭᠤᠴᠢ ᠨᠢ ᠡᠯᠴᠢ ᠪᠠᠷ ᠳᠤᠳᠤᠷᠠᠵᠤ ᠭᠠᠷᠳᠠᠭ᠃ ᠳᠠᠷᠤᠢ 《ᠠᠮᠠᠷᠠᠭ ᠳᠡᠭᠡᠷ᠎ᠡ ᠳᠠᠪᠬᠤᠷ ᠠᠮᠠᠷᠠᠭ ᠪᠣᠯᠤᠶ᠎ᠠ》 ᠭᠡᠮᠡᠨ ᠴᠢᠩᠭᠢᠰ ᠬᠠᠭᠠᠨ ᠰᠡᠩᠭᠦᠮ ᠳᠤ ᠡᠯᠴᠢ ᠢᠯᠡᠭᠡᠵᠤ ᠪᠠᠢ᠌ᠭᠰᠠᠨ᠃ ᠣᠢ᠌ᠭᠤᠳ ᠤᠨ ᠢᠳᠤᠭᠤᠳ ᠴᠢᠩᠭᠢᠰ ᠬᠠᠭᠠᠨ ᠤ ᠦᠬᠢᠨ ᠢ ᠭᠤᠶᠤᠬᠤ ᠪᠠᠷ ᠡᠯᠴᠢ ᠢᠯᠡᠭᠡᠵᠤ ᠪᠠᠢ᠌ᠭᠰᠠᠨ ᠳᠡᠮᠳᠡᠭᠯᠡᠯ ᠲᠡᠶ᠃ ᠬᠤᠷᠴᠢᠨ ᠮᠤᠩᠭ᠋ᠤᠯᠴᠤᠳ ᠤᠨ ᠵᠠᠭᠤᠴᠢ ᠶᠢᠨ ᠭᠦᠮᠤᠨ ᠢ ᠰᠤᠩᠭ᠋ᠤᠬᠤ ᠶᠤᠰᠤᠨ ᠮᠦᠨ ᠨᠠᠷᠢᠨ ᠨᠢᠭᠳᠠ ᠶᠤᠰᠤ ᠭᠤᠷᠢᠮ ᠲᠡᠶ ᠪᠠᠢ᠌ᠳᠠᠭ᠃ ᠵᠠᠭᠤᠴᠢ ᠭᠦᠮᠤᠨ ᠡᠷᠭᠡᠪᠰᠢ ᠶᠠᠪᠣᠳᠠᠯ ᠣᠴᠢᠷ ᠲᠤ ᠯᠠᠪᠳᠠᠭᠤᠨ ᠳᠤᠭᠳᠠᠭᠤᠨ᠂ ᠭᠡᠯᠡ ᠶᠠᠷᠢᠶ᠎ᠠ ᠬᠤᠷᠴᠠ ᠣᠪᠣᠷ ᠰᠤᠷᠳᠠᠯ ᠪᠣᠯᠪᠠᠰᠤᠨ᠂ ᠭᠦᠤ ᠭᠡᠦᠭᠡᠨ ᠤ ᠬᠤᠶᠠᠷ ᠳᠠᠯ᠎ᠠ ᠶᠢ ᠪᠦᠷ ᠰᠠᠢ᠌ᠨ ᠣᠢ᠌ᠯᠠᠭᠠᠬᠤ ᠪᠦᠭᠡᠳ ᠠᠢ᠌ᠯ ᠠᠢ᠌ᠮᠠᠭ ᠲᠠᠭᠠᠨ ᠨᠠᠷ᠎ᠠ ᠭᠦᠡᠳᠦᠳᠡᠢ᠂ ᠭᠦᠤ ᠲᠡᠶ ᠢᠪᠠᠭᠡᠯ ᠵᠢᠯ ᠲᠡᠶ᠂ ᠠᠭᠢᠮᠠᠭ ᠨᠠᠰᠤᠨ ᠤ ᠣᠬᠠᠭᠠᠯᠢᠭ ᠳᠤᠮᠤᠭᠠᠯᠢᠭ 《ᠳᠡᠭᠦᠰ ᠭᠦᠮᠤᠨ》 ᠪᠠᠢ᠌ᠬᠤ ᠭᠡᠷᠡᠭ᠍ᠳᠡᠢ᠃ ᠳᠡᠭᠦᠰ ᠭᠦᠮᠤᠨ ᠭᠡᠮᠡᠭ᠍ᠴᠢ ᠡᠷ᠎ᠡ ᠡᠭᠡᠨᠡᠷ ᠲᠡᠶ᠂ ᠬᠠᠷ᠎ᠠ ᠴᠠᠭᠠᠨ ᠬᠡᠦᠬᠡᠳ ᠳᠡᠭ᠍ᠰᠢᠭᠡᠨ᠂ ᠡᠴᠢᠭᠡ ᠡᠭᠡ ᠪᠦᠷᠢᠨ ᠪᠠᠢ᠌ᠬᠤ ᠡᠢ᠌ᠮᠤ ᠭᠦᠮᠤᠨ ᠢ ᠭᠡᠯᠡᠨ᠎ᠡ᠃ ᠡᠷᠡᠭ᠍ᠳᠡᠢ ᠡᠮᠡᠭ᠍ᠳᠡᠢ ᠭᠦᠮᠤᠨ ᠪᠦᠷ ᠪᠠᠢ᠌ᠵᠤ ᠪᠣᠯᠤᠨ᠎ᠠ᠃ ᠵᠠᠭᠤᠴᠢ ᠶᠢᠨ ᠭᠦᠮᠤᠨ ᠶᠡᠭᠡ ᠴᠢᠷᠮᠠᠢ᠌ᠳᠠᠭ᠃ ᠨᠤᠳᠤᠭ ᠤᠨ ᠳᠤᠮᠤᠭᠠᠳᠠᠤᠨ ᠤᠨ ᠭᠡᠯᠡᠭᠦ ᠪᠠᠷ᠂ ᠣᠷᠤᠭ ᠤᠨ ᠶᠠᠪᠣᠳᠠᠯ ᠢ ᠭᠡᠳᠦᠢ ᠣᠯᠠᠨ ᠪᠦᠳᠦᠭᠡᠪᠠᠯ ᠭᠡᠳᠦᠢ ᠶᠡᠭᠡ ᠪᠣᠶᠠᠨ ᠣᠢ᠌ᠯᠠᠳᠴᠤ ᠨᠠᠰᠤᠨ ᠬᠤᠳᠤᠭ ᠨᠢ ᠳᠠᠳᠤᠢ ᠶᠡᠭᠡ ᠨᠡᠮᠡᠭ᠍ᠳᠡᠨ᠎ᠡ ᠭᠡᠨ᠎ᠡ᠃

ᠳᠡᠭᠡᠭᠡᠳ ᠰᠠᠢ᠌ᠨ ᠡᠳᠦᠷ ᠢ ᠰᠤᠩᠭ᠋ᠤᠵᠤ ᠰᠠᠮᠪᠠᠢ ᠬᠠᠳᠠᠭ ᠶᠢᠡᠨ ᠡᠪᠦᠷᠯᠡᠭᠡᠳ᠂ ᠬᠤᠤᠰ ᠯᠤᠩᠬᠤ ᠰᠠᠷᠬᠤᠤᠨ ᠠᠷᠢᠭᠢ ᠪᠠᠨ ᠳᠡᠭᠦᠵᠢᠯᠡᠵᠤ᠂ ᠭᠡᠦᠭᠡᠨ ᠤ ᠭᠡᠷ ᠲᠤ ᠣᠴᠢᠨ᠎ᠠ᠃ ᠬᠡᠦᠭᠡᠨ ᠤ ᠳᠠᠯ᠎ᠠ ᠶᠢᠨ ᠭᠢᠨᠢ ᠴᠠᠢ ᠣᠰᠤ ᠪᠠᠨ ᠴᠠᠢ᠌ᠯᠠᠵᠤ᠂ ᠡᠭᠡᠵᠡᠭᠡᠢ ᠬᠤᠷᠤᠳ ᠶᠢᠡᠨ ᠳᠠᠪᠠᠭᠯᠠᠵᠤ᠂ ᠭᠦᠡᠳᠦᠯᠡᠨ ᠵᠤᠴᠢᠯᠠᠬᠤ ᠳᠤ ᠵᠠᠭᠤᠴᠢ ᠶᠢᠨ ᠭᠦᠮᠤᠨ ᠣᠷᠠᠨ ᠳᠠᠮᠳᠠᠢ ᠪᠠᠷ ᠮᠠᠯ ᠳᠠᠷᠢᠶ᠎ᠠ᠂ ᠠᠳᠠᠯ ᠣᠠᠳᠤᠷᠤᠯᠭ᠎ᠠ᠂ ᠣᠷᠤᠯᠭ᠎ᠠ ᠵᠠᠷᠤᠯᠭ᠎ᠠ ᠵᠡᠷᠭᠡ ᠪᠠᠨ ᠠᠰᠠᠭᠤᠯᠴᠠᠨ ᠥᠭᠡᠨ ᠤ ᠣᠷᠠᠨ ᠶᠢᠡᠨ ᠡᠶᠡᠰᠡᠭᠦᠯᠤᠨ᠂ ᠣᠷᠮ᠎ᠠ ᠰᠡᠳᠬᠢᠯᠭᠡ ᠶᠢ ᠨᠢ ᠪᠠᠶᠠᠰᠬᠠᠭᠰᠠᠨ ᠤ ᠰᠡᠭᠦᠯᠡᠷ ᠭᠡᠦᠭᠡᠨ ᠢ ᠭᠡᠷ ᠲᠤ ᠪᠠᠢ᠌ᠬᠤ ᠦᠭᠡᠶ ᠬᠤᠭᠤᠷᠤᠠᠳᠤ ᠠᠪᠣ ᠡᠵᠢ ᠳ᠋ᠤᠨᠢ 《ᠭᠦᠤ ᠦᠰᠪᠠᠯ ᠪᠠᠷᠢ ᠠᠪᠣᠨ᠎ᠠ᠂ ᠭᠡᠦᠭᠡᠨ ᠦᠰᠪᠠᠯ ᠬᠠᠷᠢ ᠳᠤ ᠮᠤᠷᠳᠠᠨ᠎ᠠ᠃ ᠡᠨᠡ ᠪᠣᠯ ᠳᠦᠷᠤ ᠶᠢᠨ ᠶᠤᠰᠤ᠃》 ᠭᠡᠵᠤ ᠰᠢᠭᠤᠳ ᠭᠡᠯᠡᠭᠦ ᠪᠣᠶᠤ 《ᠡᠷᠢᠭᠡᠳ ᠣᠯᠳᠠᠳᠠᠭ ᠦᠭᠡᠶ ᠡᠷᠳᠡᠨᠢ᠂ ᠰᠤᠷᠠᠭᠠᠤᠨ ᠣᠯᠳᠠᠳᠠᠭ ᠦᠭᠡᠶ ᠰᠤᠪᠣᠤᠨ᠂ ᠬᠠᠢ᠌ᠭᠠᠤᠨ ᠣᠯᠳᠠᠳᠠᠭ ᠦᠭᠡᠶ ᠬᠠᠰ᠂ ᠪᠣᠳᠤᠭᠠᠤᠨ ᠣᠯᠳᠠᠳᠠᠭ ᠦᠭᠡᠶ ᠪᠣᠯᠤᠷ ᠡ᠊ᠨᠳᠡ ᠪᠠᠢ᠌ᠨ᠎ᠠ᠂ ᠳᠠᠷᠠ ᠭᠡᠰᠢᠭ᠌ ᠢ ᠭᠦᠷᠳᠡᠭᠦ ᠪᠠᠷ ᠮᠤᠷᠢᠯᠠᠨ ᠢᠷᠠᠯ᠎ᠠ》 ᠭᠡᠭᠦ ᠮᠠᠳᠤ ᠪᠠᠷ ᠨᠢᠭᠤᠴᠠ ᠳᠠᠮ ᠤᠳᠬ᠎ᠠ ᠲᠡᠶ ᠥᠭᠡ ᠪᠠᠷ ᠡᠪᠯᠢᠭ᠌ ᠰᠠᠢ᠌ᠬᠠᠨ ᠭᠡᠯᠡᠵᠤ ᠡᠪᠦᠷ ᠬᠠᠳᠠᠭ ᠶᠢᠡᠨ ᠭᠠᠷᠭᠠᠨ ᠭᠡᠷ ᠤᠨ ᠡᠵᠡᠨ ᠳ᠋ᠤᠨᠢ ᠪᠠᠷᠢᠭᠠᠤᠨ ᠢᠷᠡᠭ᠍ᠰᠡᠨ ᠰᠠᠨᠠᠭ᠎ᠠ ᠪᠠᠨ ᠢᠯᠡᠳᠭᠡᠨ᠎ᠡ᠃ ᠳᠠᠭᠢᠨ ᠭᠦᠤ ᠶᠢᠨ ᠠᠭᠠᠰᠢ ᠵᠠᠩ᠂ ᠥᠩᠭᠡ ᠵᠢᠰᠤ᠂ ᠪᠠᠶ᠎ᠠ ᠭᠠᠳᠠᠷ᠂ ᠵᠡᠷᠭᠡ ᠡᠴᠡ ᠡᠷᠦᠭᠡ ᠭᠡᠷ ᠤᠨ ᠠᠳᠠᠯ ᠠᠮᠢᠳᠤᠷᠠᠯ ᠤᠨ ᠳᠤᠬᠠᠢ ᠳᠤᠪᠴᠢ ᠠᠪᠰᠠᠷᠬᠠᠨ ᠰᠠᠢ᠌ᠬᠠᠨ ᠳᠠᠨᠢᠯᠴᠠᠭᠤᠯᠵᠤ᠂ 《ᠥᠭ᠍ᠪᠠᠯ ᠥᠭ᠍ᠴᠤ ᠪᠣᠯᠤᠮᠠᠷ ᠡᠷᠦᠭᠡ᠂ ᠠᠪᠣᠪᠠᠯ ᠠᠪᠴᠤ ᠪᠣᠯᠤᠮᠠᠷ ᠭᠦᠷᠭᠡᠨ》 ᠭᠡᠵᠤ ᠵᠤᠭᠢᠴᠠᠯᠳᠤᠭᠤᠯᠵᠤ ᠭᠡᠯᠡᠨ᠎ᠡ᠃ ᠭᠡᠦᠭᠡᠨ ᠤ ᠠᠪᠣ ᠡᠵᠢ ᠨᠢ ᠳᠠᠷᠠ ᠭᠡᠷ᠂ ᠳᠠᠷᠠ ᠭᠦᠤ ᠶᠢ ᠭᠡᠳᠦᠢ ᠳᠠᠨᠢᠵᠤ ᠮᠠᠳᠠᠨ ᠨᠠᠷᠢᠨ ᠣᠢ᠌ᠯᠠᠭᠠᠬᠤ ᠪᠦᠭᠡᠳ ᠥᠨᠡᠭᠡᠷ ᠰᠢᠯᠢᠳᠡᠭ᠌ ᠬᠡᠦᠬᠡᠳ ᠭᠡᠵᠤ ᠥᠵᠡᠭᠦ ᠪᠣᠯᠪᠠᠴᠤ ᠳᠠᠷᠠ ᠳᠤᠤᠷ᠎ᠠ ᠨᠢ ᠠᠮᠠ ᠠᠯᠳᠠᠵᠤ ᠥᠭ᠍ᠴᠤ ᠠᠪᠬᠤ ᠶᠢ ᠵᠥᠪᠰᠢᠶᠡᠷᠡᠳᠡᠭ᠌ ᠦᠭᠡᠶ᠃ ᠬᠠᠷᠢᠨ ᠡᠯᠳᠡᠪ ᠡᠰᠡᠨ ᠰᠢᠯᠳᠠᠭ ᠭᠡᠯᠡᠵᠤ ᠣᠴᠢᠷ ᠢ ᠣᠳᠠᠭᠠᠰᠢᠷᠠᠭᠤᠯᠤᠨ᠂ ᠶᠠᠪᠣᠳᠠᠯ ᠢ ᠬᠣᠢ᠌ᠰᠢᠯᠠᠭᠤᠯᠳᠠᠭ ᠣᠴᠢᠷ ᠶᠤᠰᠤ ᠲᠡᠶ᠃ ᠭᠦᠤ ᠭᠡᠦᠭᠡᠨ ᠬᠤᠶᠠᠭᠤᠯᠠ ᠪᠠᠨ ᠬᠠᠢ᠌ᠷ᠎ᠠ ᠰᠡᠳᠬᠢᠯᠭᠡ ᠪᠠᠷ ᠶᠢᠡᠨ ᠭᠡᠯᠡᠯᠴᠡᠵᠤ ᠣᠷᠤᠭ ᠳᠤᠭᠳᠠᠭᠰᠠᠨ ᠭᠡᠪᠠᠴᠤ ᠵᠠᠪᠠᠯ ᠵᠠᠭᠤᠴᠢ ᠶᠢᠨ ᠭᠦᠮᠤᠨ ᠡᠷᠢᠵᠤ ᠵᠠᠭᠤᠯᠴᠢᠯᠠᠭᠤᠯᠵᠤ ᠪᠠᠢ᠌ᠭᠠᠤᠨ ᠪᠦᠳᠦᠭᠡᠭᠦ ᠨᠢ ᠰᠠ‍‌ᠶᠢ ᠳᠦᠷᠤ ᠶᠢᠨ ᠣᠷᠤᠭ ᠶᠤᠰᠤᠨ ᠳᠤ ᠨᠠᠢ᠌ᠴᠠᠨ᠎ᠠ ᠭᠡᠵᠤ ᠥᠵᠡᠳᠡᠭ᠌ ᠪᠠᠢ᠌ᠵᠠᠢ᠃ ᠣᠴᠢᠷ ᠨᠢ ᠣᠷᠤᠭ ᠬᠤᠷᠢᠮ ᠤᠨ ᠥᠭ᠍ᠴᠤ ᠠᠪᠬᠤ ᠪᠠᠨ ᠭᠡᠯᠡᠯᠴᠡᠭᠦ᠂ ᠰᠦᠢ᠌ ᠪᠠᠯᠡᠭ᠌ ᠳᠤᠰᠢᠶᠠᠬᠤ᠂ ᠬᠤᠷᠢᠮ ᠤᠨ ᠡᠳᠦᠷ ᠴᠠᠭ ᠢ ᠳᠤᠭᠳᠠᠭᠠᠬᠤ᠂ ᠰᠢᠭᠦᠰᠤ ᠭᠦᠷᠭᠡᠭᠦ ᠵᠡᠷᠭᠡ ᠶᠢᠨ ᠨᠢᠭᠳᠠ ᠣᠴᠢᠷ ᠶᠠᠪᠣᠳᠠᠯ ᠢ ᠡᠷᠭᠡᠪᠰᠢ ᠵᠠᠭᠤᠴᠢ ᠶᠢᠨ ᠭᠦᠮᠤᠨ ᠣᠯᠠᠨ ᠳᠠᠭᠢᠨ ᠭᠦᠶ‍ᠦᠵᠤ᠂ ᠬᠠᠯᠡᠰᠢᠷᠡᠯ ᠦᠭᠡᠶ ᠵᠢᠳᠭᠦᠵᠤ᠂ ᠥᠢᠯᠡ ᠳᠠᠮᠤ ᠪᠠᠨ ᠪᠠᠷᠠᠵᠤ ᠪᠠᠢ᠌ᠮᠠᠨ ᠰᠠ‍‌ᠶᠢ ᠬᠤᠶᠠᠷ ᠳᠠᠯ᠎ᠠ ᠳᠤ ᠪᠦᠷ ᠬᠠᠨᠤᠮᠵᠢᠳᠠᠢ ᠦᠷ᠎ᠡ ᠳ᠋ᠦ᠋ᠩ ᠢ ᠭᠠᠷᠭᠠᠵᠤ ᠴᠢᠳᠠᠬᠤ ᠶᠤᠮ᠃ ᠵᠠᠭᠤᠴᠢ ᠶᠢᠨ ᠭᠦᠮᠤᠨ ᠳᠤ ᠪᠠᠰᠠ ᠵᠠᠭᠤᠴᠢ ᠶᠢᠨ ᠭᠦᠮᠤᠨ ᠤ ᠶᠤᠰᠤ ᠮᠤᠷᠠᠯ ᠪᠠᠢ᠌ᠳᠠᠭ᠃ ᠳᠠᠳᠠ ᠭᠡᠳᠦᠢ ᠭᠡᠯᠡᠨ ᠤ ᠡᠷᠳᠡᠮ ᠲᠡᠶ᠂ ᠶᠠᠷᠢᠶᠠᠨ ᠤ ᠴᠢᠳᠠᠪᠣᠷᠢ ᠲᠡᠶ ᠪᠣᠯᠪᠠᠴᠤ ᠵᠢᠭᠡ ᠦᠬᠢᠨ ᠢ ᠨᠠᠭᠠᠴᠤ ᠠᠬ᠎ᠠ ᠳᠡᠭᠦᠤ ᠳᠤ ᠪᠠᠷᠢ ᠪᠣᠯᠭᠠᠨ ᠭᠤᠶᠤᠬᠤ ᠣᠢ᠌ᠯᠠ ᠶᠢ ᠦᠢᠯᠡᠳᠬᠦ ᠦᠭᠡᠶ᠃ ᠰᠦᠢ᠌ ᠲᠡᠶ ᠦᠬᠢᠨ ᠢ ᠳᠠᠭᠢᠵᠤ ᠥᠭᠡᠷ᠎ᠡ ᠭᠦᠮᠤᠨ ᠳᠤ ᠭᠤᠶᠤᠬᠤ ᠦᠭᠡᠶ᠃ ᠡᠷ᠎ᠡ ᠡᠮ᠎ᠡ ᠬᠤᠶᠠᠷ ᠤᠨ ᠵᠤᠭᠢᠴᠠᠯᠳᠤᠬᠤ ᠦᠭᠡᠶ ᠣᠴᠢᠷ ᠢ ᠬᠤᠭᠤᠷᠤᠠᠳᠤ ᠳᠤ ᠨᠢ ᠣᠷᠤᠵᠤ ᠭᠡᠯᠡᠯᠴᠡᠭᠦ ᠦᠭᠡᠶ᠂ ᠡᠭᠦᠨ ᠢ 《ᠡᠷ᠎ᠡ ᠡᠮ᠎ᠡ ᠶᠢᠨ ᠬᠤᠭᠤᠷᠤᠠᠳᠤ ᠡᠯᠵᠢᠭᠡ ᠵᠢᠷᠤᠭᠠᠯᠠᠵᠤ ᠪᠠᠢ᠌ᠨ᠎ᠠ》 ᠭᠡᠳᠡᠭ᠌᠃ ᠵᠠᠭᠤᠴᠢ ᠭᠦᠮᠤᠨ ᠤ ᠡᠭᠦᠷᠭᠡ ᠪᠣᠯ ᠭᠤᠤᠯᠳᠠᠭᠤ ᠭᠦᠪᠠᠭᠦᠨ ᠪᠠ ᠦᠬᠢᠨ ᠤ ᠬᠤᠶᠠᠷ ᠳᠠᠯ᠎ᠠ ᠶᠢ ᠳᠠᠨᠢᠯᠴᠠᠭᠤᠯᠵᠤ᠂ ᠬᠤᠶᠠᠷ ᠳᠠᠯ᠎ᠠ ᠶᠢᠨ ᠥᠭᠡ ᠪᠠ ᠰᠠᠨᠠᠭ᠎ᠠ ᠶᠢ ᠬᠤᠶᠠᠷ ᠳᠠᠰᠢ ᠳᠠᠮᠵᠢᠭᠤᠯᠤᠨ ᠥᠭ᠍ᠴᠤ ᠣᠴᠢᠷ ᠶᠠᠪᠣᠳᠠᠯ ᠤᠨ ᠣᠷᠤᠭᠰᠢᠳᠠᠢ ᠪᠦᠳᠦᠭᠦ ᠳᠤ ᠭᠦᠭᠦᠷᠭᠡ ᠶᠢᠨ ᠣᠢ᠌ᠯᠠᠳᠤᠯ ᠢ ᠥᠵᠡᠭᠦᠯᠳᠡᠭ᠌᠃

3᠂ ᠣᠯᠠᠠᠳᠠ ᠭᠤᠶᠤᠭᠤᠯᠬᠤ ᠶᠤᠰᠤᠨ

ᠣᠷᠤᠭ ᠭᠤᠶᠤᠬᠤ ᠪᠣᠯ ᠣᠵᠠᠭᠤᠷ ᠮᠤᠩᠭ᠋ᠤᠯᠴᠤᠳ ᠤᠨ ᠣᠷᠤᠭᠯᠠᠯ ᠳᠤ ᠨᠢᠭᠡᠨᠲᠡ ᠪᠠᠢ᠌ᠭᠰᠠᠨ ᠪᠣᠯᠪᠠᠰᠤᠨ ᠶᠤᠰᠤ ᠵᠠᠩᠰᠢᠯ ᠶᠤᠮ᠃ ᠮᠤᠩᠭ᠋ᠤᠯᠴᠤᠳ ᠤᠨ ᠣᠶᠤᠨ ᠪᠢᠯᠢᠭ᠌ ᠤᠨ ᠣᠷᠭᠢᠯ ᠪᠣᠯᠤᠭᠰᠠᠨ 《ᠵᠢᠩᠭ᠋ᠠᠷ ᠤᠨ ᠳᠤᠤᠯᠢ》 ᠳ᠋ᠤ ᠵᠢᠩᠭ᠋ᠠᠷ᠂ ᠠᠷᠠᠭ ᠣᠯᠠᠭᠠᠨ ᠬᠤᠩᠭ᠋ᠤᠷ ᠲᠤ ᠪᠠᠷᠢ ᠭᠤᠶᠤᠬᠤ ᠪᠠᠷ ᠪᠣᠭᠤᠷᠤᠯ ᠵᠠᠮᠪᠠᠯ ᠬᠠᠭᠠᠨ ᠤ ᠳᠤ ᠣᠴᠢᠵᠤ

ᠢᠳᠠᠷ ᠰᠢᠷ᠎ᠠ ᠨᠤᠮᠤ ᠪᠠᠨ ᠪᠠᠷᠢᠭᠠᠤᠨ

ᠠᠯᠳᠠᠨ ᠭᠦᠷᠡᠯ ᠬᠠᠢ᠌ᠴᠢ ᠪᠠᠨ ᠬᠠᠢ᠌ᠭᠠᠤᠨ

ᠳᠠᠨ ᠤ ᠡ᠊ᠨᠳᠡ ᠢᠷᠠᠯ᠎ᠠ᠂ ᠪᠢᠳᠠ

ᠮᠠᠳᠠᠵᠤ ᠮᠠᠳᠠᠷᠠᠰᠢ ᠦᠭᠡᠶ

ᠳᠠᠳᠠᠵᠤ ᠳᠠᠰᠤᠷᠠᠰᠢ ᠦᠭᠡᠶ

ᠳᠦᠷᠤᠯ ᠰᠠᠳᠤᠨ ᠪᠣᠯᠤᠶ᠎ᠠ ᠭᠡᠳ ᠢᠷᠠᠯ᠎ᠠ ᠪᠢᠳᠠ ᠭᠡᠵᠤ ᠭᠡᠯᠡᠳᠡᠭ᠌ ᠪᠠᠢ᠌ᠨ᠎ᠠ᠃ ᠡᠨᠡᠭᠦ ᠪᠠᠷᠢ ᠭᠤᠶᠤᠬᠤ ᠣᠷᠠᠨ ᠵᠣᠢ᠌ᠷᠯᠠᠯ ᠬᠤᠯᠪᠣᠭ᠎ᠠ ᠥᠭᠡ ᠨᠢ ᠳᠤᠤᠯᠢᠰ ᠶᠢᠡᠷ ᠳᠠᠮᠵᠢᠨ ᠮᠠᠨ ᠤ ᠦᠶ᠎ᠡ ᠳᠤ ᠭᠦᠷᠴᠤ ᠢᠷᠡᠭ᠍ᠰᠡᠨ ᠪᠠᠢ᠌ᠳᠠᠭ᠃ 《ᠢᠳᠠᠷ ᠰᠢᠷ᠎ᠠ ᠨᠤᠮᠤ ᠪᠠᠨ ᠪᠠᠷᠢᠭᠠᠤᠨ》 ᠭᠡᠵᠤ ᠵᠢᠩᠭ᠋ᠠᠷ ᠤᠨ ᠭᠡᠯᠡᠭ᠍ᠰᠡᠨ ᠨᠢ ᠣᠯᠠᠭᠠᠨ ᠬᠤᠩᠭ᠋ᠤᠷ ᠭᠦᠤ ᠪᠠᠨ ᠭᠡᠯᠡᠵᠤ᠂ 《ᠠᠯᠳᠠᠨ ᠭᠦᠷᠡᠯ ᠬᠠᠢ᠌ᠴᠢ ᠪᠠᠨ ᠬᠠᠢ᠌ᠭᠠᠤᠨ》 ᠭᠡᠳᠡᠭ᠌ ᠨᠢ ᠵᠤᠯᠠ ᠽᠠᠠᠳᠠᠨ ᠦᠬᠢᠨ ᠢ ᠵᠢᠭᠠᠭᠰᠠᠨ ᠶᠢᠡᠷ ᠣᠳᠤ ᠶᠢᠨ ᠮᠤᠩᠭ᠋ᠤᠯᠴᠤᠳ ᠤᠨ ᠪᠠᠷᠢ ᠭᠤᠶᠤᠬᠤ ᠳᠤ ᠭᠡᠯᠡᠳᠡᠭ᠌ 《ᠪᠣᠭᠤ ᠨᠠᠮᠨᠠᠳᠠᠭ ᠨᠢ ᠮᠠᠨ ᠤ ᠳᠤ᠂ ᠪᠣᠯᠠᠭ᠎ᠠ ᠠᠩᠨᠠᠳᠠᠭ ᠨᠢ ᠳᠠᠨ ᠤ ᠳᠤ》 ᠭᠡᠵᠤ ᠭᠡᠯᠡᠳᠡᠭ᠌ ᠬᠤᠯᠪᠣᠭ᠎ᠠ ᠥᠭᠡ ᠶᠢᠨ ᠡᠭᠢ ᠨᠢ ᠪᠠᠢ᠌ᠵᠠᠢ᠃

ᠪᠣᠯᠢᠶᠠᠬᠤ ᠣᠷᠤᠭ ᠡᠴᠡ ᠭᠤᠶᠤᠬᠤ ᠣᠷᠤᠭ ᠲᠤ ᠰᠢᠯᠵᠢᠭ᠍ᠰᠡᠨ ᠨᠢ ᠭᠦᠮᠤᠨ ᠳᠦᠷᠤᠯᠭᠢᠳᠠᠨ ᠤ ᠪᠣᠯᠪᠠᠰᠤᠨ ᠳᠠᠪᠰᠢᠯᠳᠠ ᠶᠢᠨ ᠨᠢᠭᠡ ᠪᠠᠯᠭᠡ ᠳᠡᠮᠳᠡᠭ᠌ ᠪᠣᠯᠬᠤ ᠶᠤᠮ᠃ ᠮᠤᠩᠭ᠋ᠤᠯᠴᠤᠳ ᠲᠤ ᠠᠯᠢ ᠡᠷᠳᠡ ᠨᠢᠭᠡᠨᠲᠡ ᠭᠤᠶᠤᠬᠤ ᠣᠷᠤᠭ ᠪᠣᠢ ᠪᠣᠯᠤᠭᠰᠠᠨ ᠶᠤᠮ᠃ ᠮᠤᠩᠭ᠋ᠤᠯᠴᠤᠳ ᠤᠨ ᠳᠡᠭᠡᠳᠦᠰ ᠪᠣᠯᠤᠭᠰᠠᠨ ᠠᠯᠤᠩᠭ᠋ᠤᠸ᠎ᠠ ᠡᠭᠡ ᠶᠢ ᠳᠤᠪᠤᠨ ᠮᠡᠷᠭᠡᠨ ᠭᠤᠶᠤᠵᠤ ᠠᠪᠴᠢᠷᠠᠭᠰᠠᠨ ᠳᠤᠬᠠᠢ 《ᠮᠤᠩᠭ᠋ᠤᠯ ᠤᠨ ᠨᠢᠭᠤᠴᠠ ᠳᠤᠪᠴᠢᠶᠠᠨ》 ᠳ᠋ᠠᠭᠢ ᠳᠡᠮᠳᠡᠭᠯᠡᠯ ᠡᠭᠦᠨ ᠢ ᠭᠡᠷᠡᠴᠢᠯᠡᠵᠤ ᠪᠣᠢ᠃ ᠭᠡᠳᠥᠪᠠᠷ ᠳᠤᠮᠤᠭ ᠥᠯᠢᠭᠡᠷ ᠭᠡᠳᠡᠭ᠌ ᠪᠣᠯᠪᠠᠴᠤ 《ᠳᠤᠮᠤᠭ ᠶᠠᠷᠢᠶ᠎ᠠ ᠪᠣᠯ ᠠᠮᠠ ᠪᠠᠷ ᠣᠯᠠᠮᠵᠢᠯᠠᠭᠳᠠᠭᠰᠠᠨ ᠳᠡᠦᠭᠡ ᠮᠦᠨ》 ᠭᠡᠭᠦ ᠦᠵᠡᠯᠳᠠ ᠶᠢ ᠪᠢ ᠦᠨᠡᠮᠰᠢᠨ᠎ᠠ᠃ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ 《ᠮᠠᠩᠨᠠᠢ ᠳᠤᠮᠳᠠ ᠪᠠᠨ ᠭᠠᠭᠴᠠᠬᠠᠨ ᠨᠢᠳᠤ ᠲᠡᠶ ᠭᠤᠷᠪᠠᠨ ᠨᠡᠭᠦᠷᠢ ᠶᠢᠨ ᠭᠠᠵᠠᠷ ᠬᠠᠷᠠᠳᠠᠭ ᠳᠤᠧᠨ ᠰᠤᠬᠤᠷ ᠳᠤᠪᠤᠨ ᠮᠡᠷᠭᠡᠨ ᠳᠡᠭᠦᠤ ᠯᠦᠭᠡ ᠪᠠᠨ ᠪᠣᠷᠬᠠᠨ ᠬᠠᠯᠳᠤᠨ ᠳᠡᠭᠡᠷ᠎ᠡ ᠭᠠᠷᠪᠠ᠃ ᠳᠤᠧᠨ ᠰᠤᠬᠤᠷ ᠳᠦᠩᠭᠡᠯᠢᠭ᠌ ᠭᠤᠷᠤᠬᠠᠨ ᠣᠷᠤᠭᠤ ᠨᠢᠭᠡᠨ ᠪᠦᠯᠦᠭ᠌ ᠢᠷᠭᠡᠨ ᠨᠡᠭᠦᠵᠤ ᠠᠢ᠌ᠰᠤᠬᠤ ᠶᠢ ᠬᠠᠷᠠᠭᠠᠤᠨ ᠳᠠᠳᠠ ᠨᠡᠭᠦᠵᠤ ᠠᠢ᠌ᠰᠤᠬᠤᠨ ᠢᠷᠭᠡᠨ ᠤ ᠳᠤᠳᠤᠷ᠎ᠠ ᠨᠢᠭᠡᠨ ᠬᠠᠷᠠᠭᠤᠳᠠᠢ ᠳᠡᠷᠭᠡᠨ ᠤ ᠥᠯᠵᠢᠭᠡ ᠳ᠋ᠠ᠂ ᠨᠢᠭᠡᠨ ᠦᠬᠢᠨ ᠰᠠᠢ᠌ᠨ ᠪᠣᠶᠤ᠂ ᠭᠦᠮᠦᠨ᠎ᠡ ᠡᠰᠡ ᠥᠭ᠍ᠳᠡᠭ᠍ᠰᠡᠨ ᠪᠦᠭᠡᠰᠤ᠂ ᠳᠡᠭᠦᠤ ᠳᠡᠭᠡᠨ ᠴᠢᠮᠠᠳᠠ ᠭᠤᠶᠤᠶ᠎ᠠ》 ᠭᠡᠪᠡ᠃ 《᠁ᠭᠦᠮᠤᠨ ᠳᠤ ᠡᠰᠡ ᠥᠭ᠍ᠳᠡᠭ᠍ᠰᠡᠨ ᠪᠦᠭᠡᠰᠤ》 ᠭᠡᠵᠤ ᠭᠡᠯᠡᠵᠤ ᠪᠠᠢ᠌ᠭ᠎ᠠ ᠪᠠᠷ ᠦᠵᠡᠪᠠᠯ ᠳᠤᠬᠠᠢ ᠶᠢᠨ ᠦᠶ᠎ᠡ ᠳᠤ ᠨᠢᠭᠡᠨᠲᠡ ᠣᠷᠤᠭ ᠬᠤᠷᠢᠮ ᠤᠨ ᠶᠤᠰᠤᠨ ᠪᠣᠯᠪᠠᠰᠤᠨ ᠰᠢᠠᠵᠢ ᠲᠡᠶ ᠪᠣᠯᠵᠠᠢ ᠭᠡᠰᠡᠨ ᠢ ᠬᠠᠷᠠᠭᠤᠯᠵᠤ ᠪᠠᠢ᠌ᠨ᠎ᠠ᠃ ᠬᠤᠷᠴᠢᠨ ᠮᠤᠩᠭ᠋ᠤᠯᠴᠤᠳ ᠤᠨ《ᠣᠯᠠᠠᠳᠠ ᠭᠤᠶᠤᠭᠤᠯᠬᠤ ᠶᠤᠰᠤᠨ》 ᠨᠠᠢ᠌ᠳᠠᠮ ᠣᠷᠤᠰᠢᠵᠤ ᠪᠠᠢ᠌ᠨ᠎ᠠ᠃ ᠣᠯᠠᠠᠳᠠ ᠭᠤᠶᠤᠭᠤᠯᠬᠤ ᠶᠢᠨ ᠣᠴᠢᠷ ᠲᠤ ᠭᠡᠳᠤᠨ ᠵᠣᠢ᠌ᠯ ᠪᠠᠢ᠌ᠳᠠᠭ᠃ ᠨᠢᠭᠡ ᠳᠤ᠂ ᠭᠡᠦᠭᠡᠨ ᠨᠢ ᠡᠷ᠎ᠡ ᠭᠠᠷᠬᠤ ᠪᠠᠷ ᠶᠠᠭᠠᠷᠠᠵᠤ ᠪᠠᠢ᠌ᠵᠠᠢ ᠭᠡᠵᠤ ᠠᠢ᠌ᠯ ᠠᠢ᠌ᠮᠠᠭ ᠲᠤ ᠭᠡᠯᠡᠯᠴᠡᠭ᠍ᠳᠡᠭᠦ᠃ ᠬᠤᠶᠠᠷ ᠲᠤ᠂ ᠭᠡᠦᠭᠡᠨ ᠨᠢ ᠮᠠᠭᠤ ᠪᠣᠯᠬᠤᠷ ᠡᠷ᠎ᠡ ᠣᠯᠬᠤ ᠦᠭᠡᠶ ᠡᠴᠡ ᠠᠶᠤᠵᠠᠢ ᠭᠡᠵᠤ ᠭᠡᠯᠡᠯᠴᠡᠭ᠍ᠳᠡᠭᠦ᠃ ᠭᠤᠷᠪᠠ ᠳᠤ᠂ ᠭᠡᠦᠭᠡᠨ ᠨᠢ ᠭᠡᠮ ᠬᠠᠭᠤᠴᠢᠨ ᠡᠪᠡᠳᠴᠢᠨ ᠲᠡᠶ ᠪᠣᠶᠤ ᠦᠬᠢᠨ ᠶᠢᠡᠷ ᠶᠢᠡᠨ ᠵᠢᠷᠮᠦᠰᠦᠯᠡᠭ᠍ᠰᠡᠨ ᠲᠡᠶ ᠪᠠ ᠭᠡᠵᠤ ᠭᠡᠯᠡᠯᠴᠡᠭ᠍ᠳᠡᠭᠦ᠃ ᠦᠨᠡᠨᠳᠡᠭᠡᠨ ᠴᠤ ᠳᠠᠢ᠌ᠮᠤ ᠡ ︕ ᠡᠩ ᠤᠨ ᠠᠮᠢᠳᠤᠷᠠᠯ ᠤᠨ ᠳᠤᠮᠳᠠ ᠭᠢᠯᠪᠠᠷᠬᠠᠨ ᠣᠯᠳᠠᠭᠰᠠᠨ ᠶᠠᠭᠤᠮ᠎ᠠ ᠬᠠᠢ᠌ᠷ᠎ᠠ ᠭᠦᠷᠳᠡᠭᠦ ᠭᠡᠮᠵᠢᠶ᠎ᠡ ᠨᠢ ᠳᠤᠳᠠᠮᠠᠭ ᠪᠠᠢ᠌ᠳᠠᠭ ᠣᠴᠢᠷ ᠲᠡᠶ᠃ ᠭᠦᠭᠡᠷᠦᠭᠦᠢ ︕ ᠭᠦᠮᠤᠨ ᠤ ᠡᠴᠢᠭᠡ ᠡᠭᠡ ᠪᠣᠯᠤᠭᠰᠠᠤᠨ ᠭᠡᠨ ᠨᠢ ᠦᠷ᠎ᠡ ᠬᠡᠦᠬᠡᠳ ᠤᠨ ᠶᠢᠡᠨ ᠰᠠᠢ᠌ᠨ ᠢ ᠥᠵᠡᠭᠦ ᠶᠢ ᠭᠦᠰᠡᠭᠦ ᠦᠭᠡᠶ ᠪᠣᠢ ︖ ᠭᠡᠦᠭᠡᠨ ᠤ ᠪᠠᠨ ᠬᠠᠳᠠᠮ ᠤᠨ ᠭᠠᠵᠠᠷ ᠭᠦᠡᠳᠦᠳᠡᠢ ᠭᠦᠷᠭᠦ ᠶᠢ ᠪᠣᠳᠤᠬᠤ ᠨᠢ ᠮᠠᠰᠢ ᠡᠩ ᠤᠨ ᠵᠦᠢ ᠲᠡᠶ᠃ ᠡᠢ᠌ᠮᠤ ᠡᠴᠡ ᠡᠴᠢᠭᠡ ᠡᠭᠡ ᠨᠢ ᠦᠬᠢᠨ ᠶᠢᠡᠨ ᠦᠭ‍ᠭᠦ ᠡᠰᠡᠭᠦ ᠶᠢᠨ ᠬᠠᠷᠢᠭᠤ ᠶᠢ ᠳᠠᠷᠠ ᠳᠤᠤᠷ᠎ᠠ ᠨᠢ ᠭᠡᠯᠡᠯ ᠦᠭᠡᠶ᠂ ᠠᠬ᠎ᠠ ᠳᠡᠭᠦᠤ ᠨᠡᠷ ᠲᠡᠶ ᠨᠢ ᠵᠦᠪᠯᠠᠯᠳᠤᠨ᠎ᠠ ᠭᠡᠵᠤ ᠵᠠᠭᠤᠴᠢ ᠶᠢᠨ ᠭᠦᠮᠤᠨ ᠢ ᠪᠣᠴᠠᠭᠠᠵᠤ ᠣᠷᠤᠭ ᠤᠨ ᠣᠴᠢᠷ ᠢ ᠵᠤᠷᠢᠭᠤᠳᠠ ᠣᠳᠠᠭᠠᠰᠢᠷᠠᠭᠤᠯᠳᠠᠭ ᠶᠤᠰᠤ ᠲᠡᠶ᠃ ᠵᠠᠭᠤᠴᠢ ᠶᠢᠨ ᠭᠦᠮᠤᠨ ᠴᠤ ᠨᠢᠭᠡ ᠬᠤᠶᠠᠷ ᠣᠳᠠᠭ᠎ᠠ ᠣᠴᠢᠭᠰᠠᠭᠠᠷ ᠪᠦᠳᠦᠵᠤ ᠪᠣᠯᠬᠤ ᠶᠢ ᠮᠠᠳᠠᠵᠤ ᠪᠠᠢ᠌ᠪᠠᠴᠤ ᠣᠯᠠᠠᠳᠠ ᠭᠤᠶᠤᠭᠤᠯᠬᠤ ᠶᠢᠨ ᠶᠤᠰᠤ ᠣᠴᠢᠷ ᠢ ᠮᠠᠳᠠᠵᠤ ᠪᠠᠢ᠌ᠭ᠎ᠠ ᠪᠣᠯᠬᠤᠷ ᠬᠠᠯᠠᠰᠢᠷᠠᠯ ᠦᠭᠡᠶ ᠣᠯᠠᠨ ᠳᠠᠭᠢᠨ ᠣᠳᠠᠭ᠎ᠠ ᠭᠦᠶ‍ᠦᠵᠤ ᠯᠠ ᠪᠠᠢ᠌ᠭᠠᠤᠨ ᠪᠦᠳᠦᠭᠡᠳᠡᠭ᠌᠃ ᠶᠠᠭ ᠡᠢ᠌ᠮᠤ ᠡᠴᠡ ᠬᠤᠷᠴᠢᠨ ᠠᠮᠠᠨ ᠶᠠᠷᠢᠶᠠᠨ ᠳᠤ ᠪᠣᠰᠤᠳ ᠡᠴᠡ ᠶᠠᠮᠠᠷ ᠨᠢᠭᠡᠨ ᠶᠠᠭᠤᠮ᠎ᠠ ᠭᠤᠶᠤᠵᠤ ᠣᠯᠬᠤ ᠳᠤ ᠭᠦᠴᠢᠷᠳᠡᠭ᠍ᠰᠡᠨ ᠶᠢᠡᠨ 《ᠦᠭᠢᠨ ᠢ ᠨᠢ ᠭᠤᠶᠤᠬᠤ ᠡᠴᠡ ᠳᠤᠤᠷ᠎ᠠ ᠦᠭᠡᠶ ᠭᠦᠴᠤ ᠣᠷᠤᠯ᠎ᠠ》 ᠭᠡᠵᠤ ᠵᠣᠢ᠌ᠷᠯᠠᠵᠤ ᠶᠠᠷᠢᠳᠠᠭ᠃ ᠡᠢ᠌ᠮᠦᠷᠭᠦ ᠦᠵᠡᠯ ᠰᠡᠳᠬᠢᠯᠭᠡ ᠶᠢᠨ ᠪᠣᠢ ᠪᠣᠯᠤᠭᠰᠠᠨ ᠳᠡᠦᠭᠡᠨ ᠣᠯᠪᠠᠭ᠎ᠠ ᠶᠢ ᠮᠦᠷᠳᠠᠪᠠᠯ ᠣᠳᠤᠭᠢ ᠬᠤᠷᠴᠢᠨ ᠮᠤᠩᠭ᠋ᠤᠯᠴᠤᠳ ᠲᠤ ᠯᠠ ᠪᠠᠢ᠌ᠭ᠎ᠠ ᠦᠪᠡᠷᠮᠢᠴᠠ ᠣᠠᠴᠠᠯᠢᠭ ᠳᠠᠳᠬᠠᠯ ᠪᠢᠰᠢ ᠬᠠᠷᠢᠨ ᠡᠷᠳᠡ ᠳᠡᠭᠡᠳᠤ ᠢᠵᠠᠭᠤᠷ ᠮᠤᠩᠭ᠋ᠤᠯᠴᠤᠳ ᠡᠴᠡ ᠣᠯᠠᠮᠵᠢᠯᠠᠭᠳᠠᠵᠤ ᠢᠷᠡᠭ᠍ᠰᠡᠨ ᠣᠷᠳᠤ ᠣᠳᠠᠭᠠᠨ ᠳᠡᠦᠭᠡ ᠶᠢᠨ ᠣᠯᠠ ᠮᠦᠷ ᠲᠡᠶ ᠭᠡᠳᠡᠭ᠌ ᠢ ᠣᠢ᠌ᠯᠠᠭᠠᠨ᠎ᠠ᠃ ᠵᠢᠱᠢᠶᠠᠯᠠᠪᠠᠯ᠂ 《ᠮᠤᠩᠭ᠋ᠤᠯ ᠤᠨ ᠨᠢᠭᠤᠴᠠ ᠳᠤᠪᠴᠢᠶᠠᠨ》 §66 ᠳ᠋ᠤ ᠶ‍ᠢᠰᠦᠭᠡᠢ ᠪᠠᠭᠠᠳᠤᠷ᠂ ᠭᠦᠪᠠᠭᠦᠨ ᠳᠠᠮᠤᠵᠢᠨ ᠶᠢᠡᠨ ᠳᠠᠭᠠᠭᠤᠯᠵᠤ ᠡᠭᠡ ᠶᠢᠨ ᠭᠢᠨᠢ ᠳᠦᠷᠭᠦᠮ ᠨᠠᠭᠠᠴᠤ ᠶᠢᠨ ᠭᠢᠨᠢ ᠨᠤᠳᠤᠭ ᠡᠴᠡ ᠪᠠᠷᠢ ᠭᠤᠶᠤᠬᠤ ᠪᠠᠷ ᠶᠠᠪᠣᠬᠤ ᠵᠠᠮ ᠵᠠᠭᠤᠷ᠎ᠠ ᠬᠤᠩᠭᠢᠷᠠᠤᠨ ᠤᠨ ᠳ᠋ᠠᠢ ᠰᠠᠴᠠᠨ ᠲᠡᠶ ᠠᠭᠤᠯᠵᠠᠵᠤ ᠭᠡᠦᠭᠡᠨ ᠪᠦᠷᠳᠡ ᠶᠢ ᠭᠦᠪᠠᠭᠦᠨ ᠳᠡᠭᠡᠨ ᠭᠤᠶᠤᠬᠤ ᠳᠤ ᠳ᠋ᠠᠢ ᠰᠠᠴᠠᠨ 《᠁ᠣᠯᠠᠠᠳᠠ ᠭᠤᠶᠤᠭᠤᠯᠵᠤ ᠥᠭ᠍ᠪᠠᠰᠤ ᠡᠷᠭᠦᠮᠵᠢᠯᠡᠭ᠍ᠳᠡᠭᠦ᠂ ᠴᠥᠭᠡᠨᠳᠡ ᠭᠤᠶᠤᠭᠤᠯᠵᠤ ᠥᠭ᠍ᠪᠠᠰᠤ ᠳᠤᠷᠤᠮᠵᠢᠯᠠᠭᠳᠠᠬᠤ ᠭᠡᠳᠡᠭ᠌ ᠪᠣᠯᠪᠠᠴᠤ ᠦᠬᠢᠨ ᠭᠦᠮᠤᠨ ᠤ ᠵᠠᠶᠠᠭ᠎ᠠ ᠳᠦᠷᠦᠭ᠍ᠰᠡᠨ ᠡᠭᠦᠳᠡᠨ ᠳᠤ ᠥᠳᠡᠯᠭᠦ ᠦᠭᠡᠶ ᠳᠤᠯᠠ ᠦᠬᠢᠨ ᠶᠢᠡᠨ ᠥᠭ᠍ᠰᠦᠭᠡᠢ》 ᠭᠡᠳᠡᠭ᠌᠃ ᠡᠭᠦᠨ ᠳᠤ 《᠁ᠴᠥᠭᠡᠨᠳᠡ ᠭᠤᠶᠤᠭᠤᠯᠤᠵᠤ ᠥᠭ᠍ᠪᠠᠰᠤ ᠳᠤᠷᠤᠮᠵᠢᠯᠠᠭᠳᠠᠬᠤ ᠭᠡᠳᠡᠭ᠌ ᠪᠣᠯᠪᠠᠴᠤ᠁》 ᠭᠡᠰᠡᠨ ᠥᠭᠡᠨ ᠳ᠋ᠠᠭᠢ 《ᠭᠡᠳᠡᠭ᠌ ᠪᠣᠯᠪᠠᠴᠤ》 ᠭᠡᠵᠤ ᠥᠩᠭᠡᠷᠡᠭ᠍ᠰᠡᠨ ᠴᠠᠭ ᠢ ᠵᠢᠭᠠᠵᠤ ᠪᠠᠢ᠌ᠬᠤ ᠡᠴᠡ ᠨᠢ ᠦᠵᠡᠪᠠᠯ ᠡᠨᠡᠭᠦ ᠭᠡᠯᠡᠴᠡ ᠳᠤᠬᠠᠢ ᠶᠢᠨ ᠴᠠᠭ ᠦᠶ᠎ᠡ ᠡᠴᠡ ᠨᠠᠩ ᠡᠷᠳᠡ ᠦᠶ᠎ᠡ ᠳᠤ ᠪᠣᠢ ᠪᠣᠯᠤᠭᠠᠤᠨ ᠪᠠᠢ᠌ᠵᠠᠢ ᠭᠡᠰᠡᠨ ᠢ ᠬᠠᠷᠠᠭᠤᠯᠵᠤ ᠪᠠᠢ᠌ᠨ᠎ᠠ᠃ ᠳᠡᠷᠡᠭᠦ ᠪᠠᠯᠠᠷ ᠦᠶ᠎ᠡ ᠳᠤ ᠭᠡᠳᠥᠢ᠌ᠪᠠᠷ ᠪᠣᠯᠢᠶᠠᠬᠤ ᠣᠷᠤᠭ ᠤᠨ ᠣᠴᠢᠷ ᠨᠠᠯᠢᠶᠠᠤᠨ ᠳᠦᠭᠡᠮᠡᠯ ᠣᠷᠤᠰᠢᠵᠤ ᠪᠠᠢ᠌ᠭᠰᠠᠨ ᠭᠡᠪᠠᠴᠤ ᠳᠡᠭᠡᠷᠡᠭᠢ ᠥᠭᠡᠨ ᠡᠴᠡ ᠣᠯᠠᠩᠭᠢ ᠠᠢ᠌ᠯ ᠡᠷᠦᠭᠡ ᠶᠢᠨ ᠣᠷᠤᠭᠯᠠᠯᠳᠠ ᠨᠢ ᠪᠣᠯᠢᠶᠠᠵᠤ ᠪᠦᠳᠦᠭᠡᠵᠤ ᠪᠠᠢ᠌ᠭᠰᠠᠨ ᠪᠢᠰᠢ ᠭᠤᠶᠤᠵᠤ ᠪᠦᠳᠦᠭᠡᠵᠤ ᠪᠠᠢ᠌ᠭᠰᠠᠨ ᠡᠴᠡ ᠦᠵᠡᠪᠠᠯ ᠳᠤᠬᠠᠢ ᠶᠢᠨ ᠨᠡᠢ᠌ᠭᠡᠮ ᠤᠨ ᠵᠠᠩᠰᠢᠯ ᠳᠤ ᠭᠤᠶᠤᠵᠤ ᠭᠡᠷᠯᠡᠭᠦ ᠶᠠᠪᠣᠳᠠᠯ ᠨᠢ ᠭᠤᠤᠯᠯᠠᠵᠤ ᠪᠠᠢ᠌ᠵᠠᠢ᠃ ᠳᠡᠭᠡᠭᠡᠳ ᠪᠠᠰᠠ ᠭᠦᠤ ᠶᠢᠨ ᠭᠡᠷ ᠤᠨ ᠠᠬᠠᠮᠠᠤᠨ ᠨᠢ ᠦᠪᠡᠷ ᠶᠢᠡᠨ ᠣᠴᠢᠵᠤ ᠭᠤᠶᠤᠬᠤ ᠪᠣᠶᠤ ᠵᠠᠭᠤᠴᠢ ᠢᠯᠡᠭᠡᠵᠤ ᠭᠤᠶᠤᠭᠤᠯᠬᠤ ᠬᠤᠶᠠᠷ ᠵᠣᠢ᠌ᠯ ᠪᠠᠢ᠌ᠭᠰᠠᠨ ᠢ 《ᠮᠤᠩᠭ᠋ᠤᠯ ᠤᠨ ᠨᠢᠭᠤᠴᠠ ᠳᠤᠪᠴᠢᠶᠠᠨ》 ᠊ᠤ ᠵᠠᠷᠢᠮ ᠳᠡᠮᠳᠡᠭᠯᠡᠯ ᠡᠴᠡ ᠣᠯᠵᠤ ᠬᠠᠷᠠᠨ᠎ᠠ᠃ ᠵᠢᠱᠢᠶᠠᠯᠠᠪᠠᠯ᠂ ᠶ‍ᠢᠰᠦᠭᠡᠢ ᠪᠠᠭᠠᠳᠤᠷ ᠦᠪᠡᠷ ᠶᠢᠡᠨ ᠭᠦᠪᠠᠭᠦᠨ ᠳᠠᠮᠤᠵᠢᠨ ᠶᠢᠡᠨ ᠳᠠᠭᠠᠭᠤᠯᠵᠤ ᠡᠵᠢ ᠶᠢᠨ ᠭᠢᠨ ᠳᠦᠷᠭᠦᠮ ᠣᠯᠬᠤᠨᠤᠭᠤᠳ ᠠᠢ᠌ᠮᠠᠭ ᠡᠴᠡ ᠪᠠᠷᠢ ᠭᠤᠶᠤᠬᠤ ᠪᠠᠷ ᠣᠴᠢᠵᠠᠢ᠃ ᠣᠢ᠌ᠭᠤᠳ ᠤᠨ ᠢᠳᠤᠭᠤᠳ ᠴᠢᠩᠭᠢᠰ ᠬᠠᠭᠠᠨ ᠤ ᠦᠬᠢᠨ ᠢ ᠭᠤᠶᠤᠬᠤ ᠪᠠᠷ ᠡᠯᠴᠢ ᠵᠠᠭᠤᠴᠢ ᠢᠯᠡᠭᠡᠵᠡᠢ᠃ 《ᠨᠢᠭᠤᠴᠠ ᠳᠤᠪᠴᠢᠶᠠᠨ》 §61᠂ §238 ᠬᠤᠷᠴᠢᠨ ᠮᠤᠩᠭ᠋ᠤᠯᠴᠤᠳ ᠣᠷᠤᠭ ᠬᠤᠷᠢᠮ ᠤᠨ ᠶᠤᠰᠤᠯᠠᠯ ᠢ ᠳᠦᠷᠤ ᠶᠢᠨ ᠶᠤᠰᠤᠯᠠᠯ ᠶᠢᠡᠷ ᠥᠵᠡᠭᠦ ᠪᠣᠯᠬᠤᠷ ᠮᠠᠰᠢ ᠭᠦᠡᠳᠦᠳᠭᠡᠵᠤ 《ᠬᠤᠷᠢᠮ ᠳᠦᠷᠤ》 ᠭᠡᠵᠤ ᠨᠠᠷᠠᠯᠠᠨ᠂ ᠬᠤᠷᠢᠮ ᠤᠨ ᠶᠠᠪᠣᠳᠠᠯ ᠢ ᠳᠦᠷᠤ ᠶᠢᠨ ᠶᠠᠪᠣᠳᠠᠯ ᠲᠡᠶ ᠬᠤᠯᠪᠤᠨ ᠦᠵᠡᠵᠤ᠂ ᠬᠤᠷᠢᠮ ᠤᠨ ᠶᠤᠰᠤᠨ ᠢ ᠳᠦᠷᠤ ᠶᠢᠨ ᠶᠤᠰᠤᠨ ᠭᠡᠵᠤ ᠥᠵᠡᠳᠡᠭ᠌ ᠪᠠᠢ᠌ᠵᠠᠢ᠃ ᠡᠢ᠌ᠮᠤ ᠡᠴᠡ《ᠶᠠᠮᠠᠷ ᠮᠠᠢ᠌ᠮᠠᠢ ᠠᠯᠳᠠᠭᠰᠠᠨ ᠴᠤ ᠭᠦᠮᠤᠨ ᠤ ᠮᠠᠢ᠌ᠮᠠᠢ ᠠᠯᠳᠠᠵᠤ ᠪᠣᠯᠬᠤ ᠦᠭᠡᠶ》 ᠭᠡᠵᠤ ᠦᠵᠡᠨ ᠨᠠᠷᠢᠨ ᠨᠢᠮᠪᠠᠢ ᠪᠣᠯᠭᠤᠭᠠᠵᠤ ᠳᠤᠩᠭ᠋ᠠᠵᠤ ᠪᠠᠢ᠌ᠮᠠᠠᠵᠢᠨ ᠰᠠ‍‌ᠶᠢ ᠠᠮᠠ ᠠᠯᠳᠠᠵᠤ ᠭᠡᠦᠭᠡᠨ ᠶᠢᠡᠨ ᠦᠭ‍ᠭᠦ ᠶᠢ ᠵᠦᠪᠰᠢᠶᠠᠷᠠᠨ ᠣᠷᠤᠭ ᠤᠨ ᠣᠴᠢᠷ ᠪᠦᠳᠦᠳᠡᠭ᠌ ᠶᠤᠮ᠃

4᠂ ᠭᠦᠷᠭᠡᠨ ᠥᠵᠡᠭᠦᠯᠭᠦ ᠪᠠ ᠭᠡᠷ ᠥᠵᠡᠭᠦ ᠶᠤᠰᠤᠨ

《ᠭᠦᠷᠭᠡᠨ》 ᠭᠡᠭᠦ ᠥᠭᠡ ᠪᠣᠯ ᠭᠦᠷᠭᠡᠵᠤ ᠦᠭ‍ᠭᠦ ᠶᠢᠨ ᠤᠳᠬ᠎ᠠ ᠲᠡᠶ ᠥᠭᠡ ᠪᠣᠯᠤᠨ᠎ᠠ᠃ ᠡᠭᠡ ᠶᠢᠨ ᠡᠷᠭᠡᠳᠤ ᠶᠤᠰᠤᠨ ᠤ ᠦᠶ᠎ᠡ ᠶᠢᠨ ᠣᠷᠤᠭ ᠬᠤᠷᠢᠮ ᠤᠨ ᠶᠤᠰᠤᠨ ᠤ ᠦᠯᠠᠳᠠᠴᠠ ᠣᠯᠪᠠᠭ᠎ᠠ ᠪᠣᠯᠬᠤ ᠨᠢ ᠳᠤᠳᠤᠷᠠᠬᠠᠢ᠃ ᠳᠠᠷᠤᠢ ᠭᠡᠦᠭᠡᠨ ᠤ ᠭᠡᠷ ᠲᠤ ᠭᠦᠷᠭᠡᠨ ᠢᠷᠠᠵᠤ ᠰᠠᠭᠤᠵᠤ ᠪᠠᠢ᠌ᠭᠰᠠᠨ ᠶᠤᠰᠤ ᠪᠣᠢ᠃ ᠡᠨᠡ ᠶᠤᠰᠤ ᠣᠯᠠᠮᠵᠢᠯᠠᠯ 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠳᠤᠷᠠᠳᠤᠭᠳᠠᠵᠤ ᠪᠣᠢ ᠪᠦᠭᠡᠳ 《ᠭᠦᠷᠭᠡᠳ ᠳᠠ ᠳᠠᠯᠪᠢᠬᠤ》 ᠭᠡᠮᠡᠨ ᠨᠡᠷᠡᠯᠡᠭ᠍ᠳᠡᠵᠤ ᠪᠠᠢ᠌ᠵᠠᠢ᠃ ᠳᠠᠷᠤᠢ ᠳ᠋ᠠᠢ ᠰᠠᠴᠠᠨ᠂ ᠶ‍ᠢᠰᠦᠭᠡᠢ ᠪᠠᠭᠠᠳᠤᠷ ᠤᠨ ᠳᠠᠭᠠᠭᠤᠯᠵᠤ ᠶᠠᠪᠣᠭ᠎ᠠ ᠭᠦᠪᠠᠭᠦᠨ ᠳᠠᠮᠤᠵᠢᠨ ᠢ ᠦᠵᠡᠪᠠᠰᠤ ᠥᠨᠡᠭᠡᠷ 《ᠨᠢᠳᠤᠨ ᠳᠤᠷ ᠶᠢᠡᠨ ᠭᠠᠯ ᠲᠤ᠂ ᠨᠢᠭᠤᠷ ᠲᠤᠷ ᠶᠢᠡᠨ ᠭᠡᠷ᠎ᠡ ᠲᠤ ᠭᠦᠪᠠᠭᠦᠨ ᠪᠣᠢ》᠃ ᠡᠨᠡ ᠪᠣᠯ ᠳᠠᠷᠤᠢ ᠭᠦᠷᠭᠡᠨ ᠥᠵᠡᠭᠦᠯᠦᠭ᠍ᠰᠡᠨ ᠦᠨᠡᠨ ᠳᠡᠦᠭᠡ ᠶᠢᠨ ᠳᠡᠮᠳᠡᠭᠯᠡᠯ ᠪᠣᠯᠬᠤ ᠪᠢᠯᠠ᠃ ᠭᠦᠷᠭᠡᠨ ᠥᠵᠡᠭᠦᠯᠭᠦ ᠪᠠ ᠭᠡᠷ ᠥᠵᠡᠭᠦ ᠶᠤᠰᠤᠨ ᠪᠣᠯ ᠣᠯᠠᠠᠳᠠ ᠭᠤᠶᠤᠭᠤᠯᠬᠤ ᠶᠠᠪᠣᠴᠠ ᠶᠢᠨ ᠨᠠᠯᠢᠶᠠᠤᠨ ᠭᠡᠮᠵᠢᠶᠡᠨ ᠳᠤ ᠭᠦᠷᠦᠭ᠍ᠰᠡᠨ ᠤ ᠳ᠋ᠦ᠋ᠩ ᠳᠤ ᠶᠠᠪᠣᠭᠳᠠᠬᠤ ᠶᠤᠰᠤᠨ ᠮᠦᠨ᠃ ᠳᠠᠷᠤᠢ ᠣᠷᠤᠭ ᠳᠤᠭᠳᠠᠬᠤ ᠶᠢᠨ ᠣᠴᠢᠷ 8 ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ 9 ᠬᠤᠪᠢ ᠪᠣᠯᠬᠤ ᠦᠶ᠎ᠡ ᠳᠤ ᠭᠦᠷᠭᠡᠨ ᠥᠵᠡᠭᠦᠯᠭᠦ ᠪᠠ ᠭᠡᠷ ᠥᠵᠡᠭᠦ ᠱᠠᠳᠤᠨ ᠳᠤ ᠣᠷᠤᠳᠠᠭ᠃ ᠵᠠᠭᠤᠴᠢ ᠶᠢᠨ ᠭᠦᠮᠤᠨ ᠭᠡᠯᠡᠯᠴᠡᠭᠡᠳ ᠳᠤᠭᠳᠠᠭᠰᠠᠨ ᠡᠳᠦᠷ ᠲᠤ ᠪᠠᠨ ᠭᠦᠷᠭᠡᠨ ᠭᠦᠤ ᠪᠠᠨ ᠳᠠᠭᠠᠭᠤᠯᠵᠤ ᠭᠡᠦᠭᠡᠨ ᠤ ᠭᠡᠷ ᠲᠤ ᠭᠦᠷᠭᠡᠨ ᠥᠵᠡᠭᠦᠯᠭᠦ ᠪᠠᠷ ᠣᠴᠢᠨ᠎ᠠ᠃ ᠡᠨᠡ ᠨᠢ ᠳᠤᠰ ᠣᠷᠤᠭ ᠤᠨ ᠶᠠᠪᠣᠳᠠᠯ ᠤᠨ ᠪᠦᠳᠦᠭᠦ ᠡᠰᠡᠭᠦ ᠳᠤ ᠰᠢᠭᠤᠳ ᠬᠤᠯᠪᠣᠭᠳᠠᠬᠤ ᠪᠣᠯᠬᠤᠷ ᠭᠦᠷᠭᠡᠨ ᠭᠦᠤ ᠡᠷᠭᠡᠪᠰᠢ ᠶᠠᠭᠤ ᠠᠰᠠᠭᠤᠪᠠᠯ ᠶᠠᠭᠠᠭᠢᠵᠤ ᠬᠠᠷᠢᠭᠤᠯᠬᠤ ᠳᠤ ᠭᠡᠷᠡᠭ᠌ ᠦᠭᠡᠶ ᠥᠭᠡ ᠭᠡᠯᠡᠭᠦ ᠶᠢ ᠴᠡᠭᠡᠷᠯᠡᠭᠦ᠂ ᠠᠷᠢᠭᠢ ᠳᠠᠮᠠᠭᠢ ᠶᠢ ᠶᠠᠭᠠᠭᠢᠵᠤ ᠪᠠᠷᠢᠬᠤ ᠵᠡᠷᠭᠡ ᠣᠢ᠌ᠯᠠ ᠳᠤ ᠣᠷᠢᠳᠴᠢᠯᠠᠨ ᠳᠠᠳᠤᠯᠭ᠎ᠠ ᠪᠣᠯᠪᠠᠰᠤᠷᠠᠯ ᠭᠢᠭᠦ ᠴᠢᠬᠤᠯᠠᠳᠠᠢ ᠪᠠᠢ᠌ᠪᠠ᠃ ᠮᠤᠷᠳᠠᠬᠤ ᠡᠴᠡ ᠡᠮᠦᠨ᠎ᠡ ᠭᠦᠷᠭᠡᠨ ᠭᠦᠤ ᠪᠠᠨ ᠰᠠᠢ᠌ᠬᠠᠨ ᠡᠮᠦᠰᠭᠡᠵᠤ ᠵᠡᠭᠦᠯᠭᠡᠨ ᠵᠠᠰᠠᠵᠤ ᠴᠢᠮᠠᠨ᠎ᠠ᠃ ᠡᠷᠳᠡ ᠳᠤ ᠪᠣᠯ ᠭᠦᠷᠭᠡᠨ ᠭᠦᠤ ᠶᠢ ᠬᠤᠪᠴᠠᠯᠠᠬᠤ ᠳᠤ ᠳᠦᠷᠤ ᠶᠢᠨ ᠬᠠᠷ᠎ᠠ ᠭᠦᠮᠤᠨ ᠤ ᠭᠡᠷᠡᠭᠯᠡᠳᠡᠭ᠌ ᠪᠦᠭᠦ ᠭᠤᠶᠤᠯᠠᠯ ᠶᠢᠡᠷ ᠱᠠᠭᠠᠷᠳᠠᠵᠤ᠂ ᠭᠡᠳᠡ ᠭᠢᠳᠤᠭ᠎ᠠ ᠵᠡᠭᠦᠯᠭᠡᠨ᠂ ᠨᠤᠮᠤ ᠰᠤᠮᠤ ᠠᠭᠰᠠᠭᠤᠯᠵᠤ᠂ ᠪᠠᠢ᠌ᠯᠳᠤᠭᠠᠨ ᠤ ᠬᠤᠶᠠᠭ ᠡᠮᠦᠰᠭᠡᠳᠡᠭ᠌ ᠵᠠᠩᠰᠢᠯ ᠲᠡᠶ ᠪᠠᠢ᠌ᠵᠠᠢ᠃ ᠡᠢ᠌ᠮᠤ ᠡᠴᠡ ᠬᠤᠷᠴᠢᠨ ᠮᠤᠩᠭ᠋ᠤᠯᠴᠤᠳ ᠲᠤ ᠨᠢᠭᠡ ᠭᠦᠮᠤᠨ ᠤ ᠳᠤᠯᠢᠨ ᠤ ᠡᠮᠦᠨ᠎ᠡ ᠣᠳᠠᠭᠠᠨ ᠵᠤᠭᠰᠤᠵᠤ ᠵᠠᠰᠠᠵᠤ ᠴᠢᠮᠠᠵᠤ ᠪᠠᠢ᠌ᠪᠠᠯ 《ᠭᠦᠷᠭᠡᠨ ᠥᠵᠡᠭᠦᠯᠭᠦ ᠭᠡᠵᠤ ᠪᠠᠢ᠌ᠨ᠎ᠠ ᠦᠦ ︖ ᠳᠡᠭᠡᠵᠤ ᠮᠠᠶ‍ᠢᠭᠯᠠᠭᠠᠤᠨ ︕》 ᠭᠡᠵᠤ ᠱᠤᠭᠯᠠᠵᠤ ᠭᠡᠯᠡᠳᠡᠭ᠌ ᠥᠭᠡ ᠪᠣᠢ᠃

ᠭᠡᠦᠭᠡᠨ ᠤ ᠭᠡᠷ ᠲᠤ ᠣᠷᠤᠭᠰᠠᠨ ᠤ ᠳᠠᠷᠠᠭ᠎ᠠ ᠵᠠᠭᠤᠴᠢ ᠶᠢᠨ ᠭᠦᠮᠤᠨ ᠠᠪᠴᠢᠷᠠᠭᠰᠠᠨ ᠪᠠᠯᠡᠭ᠌ ᠰᠠᠯᠳᠠ ᠶᠢᠨ ᠵᠣᠢ᠌ᠯ ᠶᠢᠡᠨ ᠰᠢᠷᠡᠭᠡᠨ ᠳᠡᠭᠡᠷ᠎ᠡ ᠳᠠᠯᠪᠢᠵᠤ ᠭᠦᠷᠭᠡᠨ ᠭᠦᠤ ᠶᠢ ᠭᠡᠦᠭᠡᠨ ᠤ ᠠᠪᠣ ᠡᠵᠢ ᠠᠬᠠᠰ ᠵᠠᠬᠠᠰ ᠲᠤ ᠳᠠᠮᠠᠭᠢ ᠪᠠᠷᠢᠨ ᠵᠤᠯᠭᠠᠭᠤᠯᠤᠨ᠎ᠠ᠃ ᠭᠡᠭᠦ ᠳᠡᠭᠡᠨ᠄

ᠡᠴᠢᠭᠡ ᠳᠡᠭᠡᠳᠦᠰ ᠡᠴᠡ ᠡᠭᠦᠰᠦᠯ ᠲᠡᠶ

ᠡᠪᠦᠭᠡᠳ ᠨᠠᠰᠤᠳᠠᠨ ᠡᠴᠡ ᠳᠡᠷᠢᠭᠦᠨ ᠲᠡᠶ

ᠬᠤᠪᠢ ᠶᠡᠭᠡ ᠳᠠᠪᠢᠯᠠᠩ ᠶᠢᠡᠷ

ᠬᠤᠳᠠ ᠣᠷᠤᠭ ᠪᠠᠷᠢᠯᠳᠤᠬᠤ

ᠭᠦᠷᠭᠡᠨ ᠪᠣᠯᠬᠤ ᠭᠦᠤ ᠴᠢᠨᠢ ᠪᠠᠷᠠᠯᠠᠶ᠎ᠠ ᠭᠡᠵᠤ ᠭᠡᠯᠡᠨ᠎ᠡ᠃ ᠭᠡᠷᠪᠡ ᠭᠦᠷᠭᠡᠨ ᠭᠦᠤ ᠭᠡᠯᠡᠵᠤ ᠶᠠᠷᠢᠬᠤ ᠪᠠ ᠵᠠᠷᠢᠮ ᠶᠤᠰᠤᠨ ᠳᠤ ᠠᠯᠳᠠᠭ᠎ᠠ ᠭᠠᠷᠭᠠᠭᠰᠠᠨ ᠪᠣᠯ ᠳᠠᠭᠠᠭᠤᠯᠵᠤ ᠢᠷᠡᠭ᠍ᠰᠡᠨ ᠵᠠᠭᠤᠴᠢ ᠶᠢᠨ ᠭᠦᠮᠤᠨ ᠪᠣᠰᠢᠭᠤᠬᠠᠨ ᠵᠠᠰᠠᠵᠤ ᠵᠠᠯᠠᠷᠠᠭᠤᠯᠵᠤ ᠦᠭ‍ᠭᠦ ᠪᠦᠭᠡᠳ ᠡᠴᠢᠭᠡ ᠡᠭᠡ ᠳ᠋ᠤᠨᠢ᠄

ᠠᠭᠳᠠ ᠶᠢᠨ ᠨᠢᠷᠤᠭᠤ ᠴᠢᠯᠡᠭᠡᠵᠤ ᠥᠵᠡᠭᠡ ᠦᠭᠡᠶ

ᠠᠯᠤᠰ ᠭᠠᠵᠠᠷ ᠶᠠᠪᠣᠵᠤ ᠥᠩᠭᠡᠷᠡᠭᠡ ᠦᠭᠡᠶ

ᠭᠤᠷᠪᠠᠨ ᠳᠠᠪᠠᠭ᠎ᠠ ᠳᠠᠪᠠᠵᠤ

ᠭᠤᠷᠪᠠᠨ ᠭᠤᠤᠯ ᠭᠠᠳᠤᠯᠤᠭ᠎ᠠ ᠦᠭᠡᠶ

ᠠᠮᠠᠨ ᠰᠥ᠋ ᠨᠢ ᠠᠷᠢᠯᠤᠭ᠎ᠠ ᠦᠭᠡᠶ

ᠠᠷᠠᠭᠠᠨ ᠰᠢᠳᠤ ᠨᠢ ᠪᠦᠷᠢᠳᠦᠭᠡ ᠦᠭᠡᠶ

ᠨᠢᠯᠬ᠎ᠠ ᠪᠠᠭ᠎ᠠ ᠭᠦᠪᠠᠭᠦᠨ ᠪᠢᠯᠠ

ᠮᠢᠬᠠᠨ ᠭᠡᠯᠡ ᠠᠳᠤᠭᠠᠢ

ᠶᠠᠰᠤᠨ ᠳᠤᠭᠤᠷᠠᠢ ᠬᠠᠯᠳᠤᠷᠢᠳᠠᠭ ᠭᠡᠨᠡᠮ ᠭᠡᠵᠤ ᠦᠷᠤᠰᠢᠶᠠᠯ ᠭᠡᠯᠳᠦᠷᠢᠯ ᠭᠤᠶᠤᠬᠤ ᠥᠭᠡ ᠶᠢ ᠵᠠᠪᠳᠤᠨ ᠭᠡᠯᠡᠳᠡᠭ᠌ ᠶᠤᠮ᠃ ᠭᠡᠦᠭᠡᠨ ᠤ ᠡᠴᠢᠭᠡ ᠡᠭᠡ᠂ ᠭᠡᠷ ᠤᠨ ᠠᠬᠠᠮᠠᠤᠨ ᠳᠠᠷᠠ ᠳᠠᠷᠤᠢ ᠪᠣᠯᠤᠨ᠎ᠠ ︕ ᠭᠡᠵᠤ ᠠᠮᠠ ᠠᠯᠳᠠᠳᠠᠭ ᠦᠭᠡᠶ᠂ ᠪᠠᠰᠠ ᠭᠡᠦᠭᠡᠨ ᠢ ᠭᠦᠷᠭᠡᠨ ᠭᠦᠤ ᠲᠡᠶ ᠣᠴᠠᠷᠠᠭᠤᠯᠳᠠᠭ ᠦᠭᠡᠶ᠃ ᠭᠡᠷᠪᠡ ᠪᠣᠯᠬᠤ ᠰᠢᠠᠵᠢᠳᠠᠢ ᠪᠣᠯ ᠳᠠᠷᠠᠭᠠᠴᠢ ᠠᠯᠬᠤᠮ ᠭᠡᠷ ᠥᠵᠡᠭᠦ ᠶᠤᠰᠤᠯᠠᠯ ᠪᠣᠯᠳᠠᠭ᠃

ᠭᠡᠦᠭᠡᠨ ᠤ ᠳᠠᠯ᠎ᠠ ᠶᠢᠨ ᠭᠢᠨᠢ ᠨᠢᠭᠡ ᠰᠢᠷᠡᠭᠡᠨ ᠤ ᠭᠦᠮᠤᠨ ᠪᠣᠶᠤ ᠬᠤᠶᠠᠷ ᠰᠢᠷᠡᠭᠡᠨ ᠤ ᠭᠦᠮᠤᠨ ᠭᠡᠷ ᠥᠵᠡᠭᠦ ᠪᠠᠷ ᠣᠴᠢᠨ᠎ᠠ ᠭᠡᠵᠤ ᠵᠠᠭᠤᠴᠢᠨ ᠭᠦᠮᠤᠨ ᠶᠢᠡᠷ ᠳᠠᠮᠵᠢᠭᠤᠯᠤᠨ ᠭᠦᠷᠭᠡᠨ ᠤ ᠳᠠᠯ᠎ᠠ ᠳᠤ ᠮᠡᠳᠡᠭᠦᠯᠦᠨ᠎ᠡ᠃ ᠡᠩ ᠤᠨ ᠪᠠᠢ᠌ᠳᠠᠯ ᠳᠤ ᠢᠯᠡᠭᠦᠤ ᠭᠦᠮᠤᠨ ᠣᠴᠢᠳᠠᠭ ᠦᠭᠡᠶ᠃ 70 ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ 80 ᠊ᠭᠠᠤᠨ ᠣᠨ ᠤ ᠦᠶ᠎ᠡ ᠶᠢᠨ ᠬᠤᠷᠴᠢᠨ ᠮᠤᠩᠭ᠋ᠤᠯᠴᠤᠳ ᠤᠨ ᠬᠤᠷᠢᠮ ᠤᠨ ᠵᠤᠴᠢᠨ ᠤ ᠳᠤᠭ᠎ᠠ ᠪᠠᠨ ᠰᠢᠷᠡᠭᠡ ᠶᠢᠨ ᠳᠤᠭ᠎ᠠ ᠪᠠᠷ ᠳᠤᠭᠳᠠᠭᠠᠳᠠᠭ᠃ ᠨᠢᠭᠡ ᠰᠢᠷᠡᠭᠡᠨ ᠳᠤ ᠳᠠᠪᠤᠨ ᠭᠦᠮᠤᠨ ᠰᠠᠭᠤᠳᠠᠭ ᠵᠠᠩᠰᠢᠯ ᠲᠡᠶ᠃ ᠠᠪᠣ ᠶᠢᠨ ᠳᠠᠯ᠎ᠠ ᠶᠢᠨ ᠠᠪᠠᠭ᠎ᠠ ᠨᠡᠷ᠂ ᠡᠵᠢ ᠶᠢᠨ ᠳᠠᠯ᠎ᠠ ᠶᠢᠨ ᠨᠠᠭᠠᠴᠤ ᠨᠡᠷ ᠵᠡᠷᠭᠡ ᠰᠠᠳᠤᠨ ᠳᠦᠷᠤᠯ ᠪᠠ ᠠᠢ᠌ᠯ ᠵᠡᠷᠭᠡᠯᠡᠳᠡᠭᠡ ᠶᠢᠨ ᠰᠠᠢ᠌ᠬᠠᠨ ᠶᠠᠪᠣᠯᠴᠠᠳᠠᠭ ᠠᠬᠠᠮᠠᠤᠨ ᠳᠤᠮᠤᠭᠠᠳᠠᠨ ᠶᠢᠡᠷ ᠪᠦᠷᠢᠯᠳᠦᠭ᠍ᠰᠡᠨ ᠠᠷᠪᠠᠭᠠᠤᠨ ᠭᠦᠮᠤᠨ ᠭᠦᠷᠭᠡᠨ ᠤ ᠳᠠᠯ᠎ᠠ ᠳᠤ ᠣᠴᠢᠵᠤ ᠭᠡᠷ ᠥᠵᠡᠭᠦ ᠶᠤᠰᠤᠯᠠᠯ ᠶᠠᠪᠣᠭᠳᠠᠨ᠎ᠠ᠃ ᠦᠨᠦᠳᠤᠷ ᠭᠦᠷᠭᠡᠨ ᠤ ᠳᠠᠯ᠎ᠠ ᠶᠢᠨ ᠭᠢᠨ ᠭᠡᠷ ᠳᠡᠷᠭᠡ᠂ ᠭᠦᠷᠢᠶ᠎ᠡ ᠬᠠᠰᠢᠶ᠎ᠠ ᠪᠠᠨ ᠠᠯᠢ ᠪᠣᠯᠬᠤ ᠪᠠᠷ ᠰᠠᠢ᠌ᠳᠤᠷ ᠴᠠᠪᠠᠷᠯᠠᠨ ᠠᠷᠢᠯᠭᠠᠵᠤ᠂ ᠡᠪᠠᠰᠤ ᠲᠦᠯᠡᠭᠡ᠂ ᠠᠷᠭᠠᠯ ᠭᠦᠷᠵᠡᠩ ᠡᠴᠡ ᠬᠠᠠᠵᠤ ᠭᠦᠰᠡᠷ᠂ ᠠᠪᠳᠠᠷ᠎ᠠ ᠬᠤᠷᠭᠤ ᠳᠤ ᠭᠦᠷᠳᠡᠯ᠎ᠡ ᠳᠠᠷᠠᠢ ᠳᠡᠭ᠍ᠰᠢ ᠭᠢᠯ ᠴᠢᠯ ᠪᠠᠢ᠌ᠳᠠᠭ᠃ ᠭᠡᠷ ᠥᠵᠡᠭᠦ ᠭᠦᠮᠦᠰ ᠢᠷᠡᠭᠦ ᠦᠶ᠎ᠡ ᠳᠤ ᠴᠠᠢ ᠣᠰᠤ ᠪᠣᠤᠪᠣ ᠪᠣᠭᠤᠷᠰᠤᠭ ᠪᠠᠯᠡᠭᠡᠨ ᠪᠠᠢ᠌ᠬᠤ ᠪᠦᠭᠡᠳ ᠴᠠᠢ᠌ᠯᠠᠵᠤ ᠪᠠᠢ᠌ᠬᠤ ᠦᠶ᠎ᠡ ᠳᠤ ᠨᠤᠭᠤᠭ᠎ᠠ ᠪᠣᠳᠠᠭ᠎ᠠ ᠪᠡᠯᠡᠳᠭᠡᠨ ᠠᠷᠢᠭᠢᠨ ᠰᠢᠷᠡᠭᠡ ᠣᠷᠤᠭᠤᠯᠤᠨ᠎ᠠ᠃ ᠨᠤᠭᠤᠭ᠎ᠠ ᠣᠷᠤᠭᠤᠯᠬᠤ ᠳᠤ ᠪᠠᠨ ᠳᠦᠷᠪᠠᠨ ᠠᠶᠠᠭ᠎ᠠ ᠳᠦᠷᠪᠠᠨ ᠫᠢᠯᠠ ᠭᠡᠭᠦ ᠪᠣᠶᠤ ᠨᠢ᠋ᠮᠠᠨ ᠠᠶᠠᠭ᠎ᠠ ᠨᠢ᠋ᠮᠠᠨ ᠫᠢᠯᠠ ᠭᠡᠭᠦ ᠮᠠᠳᠤᠴᠢᠯᠠᠨ ᠭᠠᠷᠭᠠᠵᠤ ᠶᠤᠰᠤᠷᠬᠠᠭ ᠭᠦᠡᠳᠦᠳᠭᠡᠨ ᠵᠤᠴᠢᠯᠠᠵᠤ ᠥᠭᠡ ᠶᠠᠷᠢᠶ᠎ᠠ ᠣᠢ᠌ᠯᠠ ᠭᠦᠳᠡᠯᠦᠯ ᠳᠡᠭᠡᠨ ᠪᠦᠷ ᠵᠤᠴᠢᠨ ᠤ ᠠᠶ᠎ᠠ ᠶᠢ ᠳᠠᠭᠠᠭᠤᠯᠵᠤ ᠶᠠᠩᠵᠤ ᠡᠪ ᠶᠢ ᠨᠢ ᠦᠵᠡᠵᠤ ᠥᠢᠯᠡᠴᠢᠯᠡᠳᠡᠭ᠌᠃ ᠭᠡᠦᠭᠡᠨ ᠤ ᠳᠠᠯ᠎ᠠ ᠶᠢᠨ ᠭᠢᠨ ᠴᠤ ᠭᠦᠷᠭᠡᠨ ᠤ ᠭᠡᠷ ᠤᠨ ᠠᠮᠢᠳᠤᠷᠠᠯᠭ᠎ᠠ ᠣᠠᠳᠤᠷᠤᠯᠭ᠎ᠠ ᠶᠢᠨ ᠭᠠᠳᠠᠷ ᠪᠠᠢ᠌ᠳᠠᠯ ᠪᠠᠢ᠌ᠳᠠᠯ ᠡᠴᠡ ᠡᠨᠡ ᠭᠡᠷ ᠭᠦᠮᠦᠰ ᠤᠨ ᠵᠠᠩ ᠠᠭᠠᠯᠢ᠂ ᠠᠳᠠᠯ ᠠᠮᠢᠳᠤᠷᠠᠯ ᠤᠨ ᠪᠦᠭᠦᠢᠯᠡ ᠪᠠᠢ᠌ᠳᠠᠯ ᠢ ᠨᠠᠷᠢᠨ ᠨᠢᠭᠳᠠ ᠦᠵᠡᠵᠤ ᠭᠠᠷᠳᠠᠭ᠃

5᠂ ᠠᠮᠠᠨ ᠠᠷᠢᠭᠢ ᠣᠤᠭᠤᠬᠤ ᠶᠤᠰᠤᠨ

ᠬᠤᠷᠴᠢᠨ ᠮᠤᠩᠭ᠋ᠤᠯᠴᠤᠳ ᠤᠨ ᠬᠤᠷᠢᠮ ᠤᠨ ᠶᠤᠰᠤᠯᠠᠯ ᠪᠠᠭ᠎ᠠ ᠬᠤᠷᠢᠮ᠂ ᠶᠡᠭᠡ ᠬᠤᠷᠢᠮ᠂ ᠡᠷᠭᠢᠯᠳᠡ ᠶᠢᠨ ᠬᠤᠷᠢᠮ ᠭᠤᠷᠪᠠᠨ ᠠᠯᠬᠤᠮ ᠶᠢᠡᠷ ᠶᠠᠪᠣᠭᠳᠠᠳᠠᠭ᠃ ᠬᠤᠷᠴᠢᠨ ᠳᠤ ᠠᠮᠠᠨ ᠠᠷᠢᠭᠢ ᠣᠤᠭᠤᠯᠭᠠᠬᠤ ᠭᠡᠳᠡᠭ᠌ ᠨᠢ ᠣᠷᠤᠭ ᠳᠤᠭᠳᠠᠬᠤ ᠶᠤᠰᠤᠯᠠᠯ ᠢ ᠭᠡᠯᠡᠨ᠎ᠡ᠃ ᠪᠠᠰᠠ ᠪᠠᠭ᠎ᠠ ᠬᠤᠷᠢᠮ ᠭᠡᠳᠡᠭ᠌᠃ ᠡᠨᠡ ᠶᠤᠰᠤᠯᠠᠯ ᠪᠣᠯ ᠣᠷᠤᠭ ᠬᠤᠷᠢᠮ ᠤᠨ ᠪᠦᠭᠦᠢᠯᠡ ᠶᠠᠪᠣᠴᠠ ᠳ᠋ᠠᠭᠢ ᠭᠡᠷᠯᠡᠭᠦ ᠶᠤᠰᠤᠯᠠᠯ ᠤᠨ ᠠᠩᠬᠠᠨ ᠤ ᠠᠯᠬᠤᠮ ᠪᠣᠯᠤᠨ᠎ᠠ᠃ ᠳᠠᠷᠤᠢ ᠵᠢᠩᠭᠢᠨᠢ ᠬᠤᠳᠠ ᠣᠷᠤᠭ ᠪᠣᠯᠤᠭᠰᠠᠨ ᠪᠠᠶᠠᠷ ᠤᠨ ᠶᠠᠪᠣᠳᠠᠯ ᠶᠢᠡᠨ ᠠᠢ᠌ᠯ ᠠᠢ᠌ᠮᠠᠭ᠂ ᠬᠤᠯᠠ ᠶᠢᠨ ᠰᠠᠳᠤᠨ᠂ ᠤᠢ᠌ᠷ᠎ᠡ ᠶᠢᠨ ᠰᠠᠭᠠᠬᠠᠯᠳᠠ᠂ ᠬᠤᠪᠣᠩ ᠳᠦᠷᠤᠯ ᠣᠯᠠᠨ᠎ᠠ ᠳᠤᠩᠬᠠᠭᠯᠠᠬᠤ ᠶᠤᠰᠤᠯᠠᠯ ᠭᠡᠵᠤ ᠭᠡᠯᠡᠵᠤ ᠪᠣᠯᠨ᠎ᠠ᠃ 《ᠮᠠᠳᠠᠭᠠᠤᠨ ᠮᠠᠳᠠᠷᠠᠬᠤ ᠦᠭᠡᠶ᠂ ᠳᠠᠳᠠᠭᠠᠤᠨ ᠳᠠᠰᠤᠷᠠᠬᠤ ᠦᠭᠡᠶ》 《ᠬᠤᠰᠤᠪᠠᠴᠤ ᠦᠯᠦ ᠠᠷᠢᠯᠬᠤ ᠶᠠᠰᠤᠨ ᠳᠦᠷᠤᠯ᠂ ᠰᠢᠪᠬᠠᠪᠠᠴᠤ ᠦᠯᠦ ᠰᠢᠷᠭᠢᠭᠦ ᠴᠢᠰᠤᠨ ᠳᠦᠷᠤᠯ》 ᠊ᠤᠨ ᠣᠷᠤᠭ ᠰᠠᠳᠤᠨ ᠤ ᠬᠠᠷᠢᠴᠠᠭ᠎ᠠ ᠲᠡᠶ ᠪᠣᠯᠤᠯ᠎ᠠ ᠭᠡᠳᠡᠭ᠌᠃ ᠳᠤᠰ ᠶᠤᠰᠤᠯᠠᠯ ᠢ ᠭᠡᠦᠭᠡᠨ ᠤ ᠳᠠᠯ᠎ᠠ ᠶᠢᠨ ᠭᠢᠨ ᠡᠷᠭᠢᠯᠡᠨ ᠶᠠᠪᠣᠭᠳᠠᠭᠤᠯᠤᠨ᠎ᠠ᠃ ᠶᠤᠰᠤᠯᠠᠯ ᠳᠤ ᠭᠡᠷᠡᠭᠯᠡᠭᠦ ᠠᠷᠢᠭᠢ ᠮᠢᠬ᠎ᠠ ᠵᠡᠷᠭᠡ ᠶᠢ ᠳᠤᠭᠳᠠᠭᠰᠠᠨ ᠡᠳᠦᠷ ᠤᠨ ᠭᠢᠨᠢ ᠡᠮᠦᠨ᠎ᠡ ᠨᠢᠭᠡ ᠡᠳᠦᠷ ᠲᠤ ᠭᠦᠤ ᠶᠢᠨ ᠳᠠᠯ᠎ᠠ ᠡᠴᠡ ᠭᠦᠷᠭᠡᠵᠤ ᠣᠴᠢᠨ᠎ᠠ᠃ ᠡᠭᠦᠨ ᠢ ᠰᠢᠭᠦᠰᠤ ᠭᠦᠷᠭᠡᠭᠦ ᠭᠡᠨ᠎ᠡ᠃ ᠭᠦᠷᠭᠡᠨ ᠤ ᠳᠠᠯ᠎ᠠ ᠡᠴᠡ ᠪᠠᠯᠭᠡ ᠳᠠᠮᠪᠠᠷᠢᠯ ᠲᠡᠶ ᠰᠠᠢ᠌ᠨ ᠡᠳᠦᠷ ᠢ ᠰᠤᠩᠭ᠋ᠤᠵᠤ ᠥᠵᠡᠭᠦᠯᠭᠦ ᠪᠦᠭᠡᠳ ᠭᠡᠦᠭᠡᠨ ᠤ ᠭᠡᠷ ᠲᠤ ᠮᠡᠳᠡᠭᠦᠯᠦᠭ᠍ᠰᠡᠨ ᠤ ᠳᠠᠷᠠᠭ᠎ᠠ ᠭᠡᠳᠤᠨ ᠰᠢᠷᠡᠭᠡᠨ ᠤ ᠭᠦᠮᠤᠨ ᠣᠤᠯ ᠨᠢ ᠨᠢᠭᠡ ᠰᠢᠷᠡᠭᠡᠨ ᠳᠤ ᠳᠠᠪᠤᠨ ᠭᠦᠮᠤᠨ ᠰᠠᠭᠤᠬᠤ ᠵᠠᠩᠰᠢᠯ ᠲᠡᠶ ᠣᠴᠢᠬᠤ ᠪᠠᠨ ᠵᠥᠪᠰᠢᠶᠡᠷᠡᠭᠦᠯᠳᠡᠭ᠌᠃ ᠣᠴᠢᠬᠤ ᠳᠤ ᠪᠠᠨ ᠬᠤᠨᠢ ᠪᠣᠶᠤ ᠭᠠᠬᠠᠢ ᠨᠢᠭᠡ ᠠᠯᠠᠭᠠᠤᠨ ᠡᠯᠢᠭᠡ ᠳᠤᠳᠤᠷ ᠢ ᠨᠢ ᠭᠠᠷᠭᠠᠭᠠᠤᠨ ᠪᠦᠭᠡᠷ᠎ᠡ ᠪᠠ ᠪᠦᠭᠡᠷ᠎ᠡ ᠶᠢᠨ ᠥᠭᠡᠭᠦ ᠶᠢ ᠨᠢ ᠱᠠᠭᠠᠯᠠᠯ ᠦᠭᠡᠶ ᠪᠠᠷ ᠪᠦᠭᠦᠯᠢ ᠰᠢᠭᠦᠰᠤ ᠭᠦᠷᠭᠡᠳᠡᠭ᠌᠃ ᠵᠠᠭᠤᠨ ᠵᠢᠩ ᠪᠣᠶᠤ ᠳᠠᠪᠢᠨ ᠵᠢᠩ ᠠᠷᠢᠭᠢ ᠪᠠᠨ ᠰᠠᠪᠠᠯᠠᠭᠠᠤᠨ ᠳᠡᠭᠡᠷ᠎ᠡ ᠨᠢ ᠪᠠᠰᠠ ᠬᠤᠶᠠᠷ ᠯᠤᠩᠬᠤ ᠪᠣᠶᠤ ᠳᠦᠷᠪᠠᠨ ᠯᠤᠩᠬᠤ ᠠᠷᠢᠭᠢ ᠠᠪᠴᠤ ᠠᠷᠢᠭᠢᠨ ᠰᠠᠪᠠ ᠶᠢᠨ ᠭᠦᠵᠦᠭᠦᠤ ᠶᠢ ᠪᠦᠷ ᠣᠯᠠᠭᠠᠨ ᠭᠢᠪ ᠳᠤᠷᠭ᠎ᠠ ᠪᠠᠷ ᠣᠶᠠᠭᠰᠠᠨ ᠪᠠᠢ᠌ᠳᠠᠭ᠃ ᠳᠤᠰ ᠶᠤᠰᠤᠯᠠᠯ ᠳᠤ ᠠᠷᠢᠭᠢ ᠳᠠᠷᠠᠰᠤ ᠪᠠᠨ ᠣᠤᠭᠤᠵᠤ ᠳᠦᠭᠦᠷᠦᠭ᠍ᠰᠡᠨ ᠤ ᠰᠡᠭᠦᠯᠡᠷ ᠪᠠᠰᠠ ᠨᠢᠭᠡ ᠳᠤᠰᠬᠠᠢ ᠰᠢᠷᠡᠭᠡ ᠳᠠᠯᠪᠢᠵᠤ ᠵᠠᠭᠤᠴᠢ ᠶᠢᠨ ᠭᠦᠮᠤᠨ ᠪᠠ ᠭᠡᠦᠭᠡᠨ ᠤ ᠭᠡᠷ ᠤᠨ ᠠᠬᠠᠮᠠᠤᠨ ᠰᠠᠭᠤᠯᠴᠠᠵᠤ ᠥᠭ᠍ᠴᠤ ᠠᠪᠬᠤ ᠪᠠᠨ ᠭᠡᠯᠡᠯᠴᠡᠨ᠎ᠡ᠃ ᠡᠨᠡ ᠨᠢ ᠮᠦᠨ ᠡᠷᠳᠡᠨ ᠤ 《ᠬᠤᠳᠠᠯᠳᠤᠭᠠᠨ ᠤ ᠣᠷᠤᠭ》 ᠊ᠤᠨ ᠦᠯᠠᠳᠠᠴᠠ ᠰᠤᠶᠤᠯ ᠮᠦᠨ᠃ ᠬᠤᠳᠠᠯᠳᠤᠭᠠᠨ ᠤ ᠣᠷᠤᠭ ᠡᠷᠳᠡᠨ ᠤ ᠣᠪᠣᠭ ᠤᠨ ᠭᠠᠳᠠᠨ᠎ᠠ ᠣᠷᠤᠭᠯᠠᠬᠤ ᠶᠤᠰᠤᠨ ᠤ ᠨᠢᠭᠡ ᠵᠣᠢ᠌ᠯ ᠤᠨ ᠭᠦᠭ᠍ᠵᠢᠯ ᠤᠨ ᠭᠡᠯᠪᠠᠷᠢ᠂ ᠬᠤᠪᠢ ᠶᠢᠨ ᠦᠮᠴᠢᠯᠠᠯ ᠤᠨ ᠣᠷᠤᠭ ᠤᠨ ᠶᠤᠰᠤᠨ ᠤ ᠨᠢᠭᠡ ᠵᠣᠢ᠌ᠯ ᠤᠨ ᠨᠡᠢ᠌ᠳᠡᠯᠢᠭ᠌ ᠭᠡᠯᠪᠠᠷᠢ ᠪᠣᠯᠤᠨ᠎ᠠ᠃ 《ᠮᠤᠩᠭ᠋ᠤᠯ ᠤᠨ ᠵᠠᠩ ᠰᠤᠷᠳᠠᠬᠤᠨ ᠤ ᠳᠡᠮᠳᠡᠭᠯᠡᠯ》 ᠳ᠋ᠤ 《ᠪᠠᠯᠡᠭ᠌ ᠰᠠᠯᠳᠠ ᠶᠢᠨ ᠵᠣᠢ᠌ᠯ ᠳᠤ ᠪᠠᠶᠠᠨ ᠥᠭᠡᠭᠦᠤ ᠶᠢᠨ ᠭᠢᠷᠢ ᠴᠢᠨᠡᠭᠡ ᠪᠠᠷ ᠠᠳᠠᠯᠢ ᠪᠣᠰᠤ ᠶᠢᠨ ᠳᠤᠭ᠎ᠠ ᠭᠡᠮᠵᠢᠶᠡᠨ ᠤ ᠮᠤᠷᠢ ᠮᠠᠯ ᠥᠭ᠍ᠳᠡᠭ᠌ ᠪᠣᠶᠤ ᠤᠢ᠌ᠷ᠎ᠡ ᠶᠢᠨ ᠵᠢᠯ ᠡᠴᠡ ᠳᠤᠷᠭ᠎ᠠ ᠪᠦᠰ ᠤᠨ ᠵᠣᠢ᠌ᠯ ᠢ ᠴᠤ ᠦᠭ‍ᠭᠦ ᠪᠣᠯᠵᠠᠢ》 (ᠰᠢᠶᠤᠤ ᠳ᠋ᠠ ᠾᠸᠩ᠂ ᠠᠰᠠᠷᠠᠯᠳᠤ ᠣᠷᠴᠢᠭᠤᠯᠪᠠ᠂ ᠦᠪᠡᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1979ᠣᠨ᠂ 1.2 ᠳ᠋ᠤᠭᠠᠷ ᠨᠢᠭᠤᠷ) ᠭᠡᠪᠡ᠃ 《ᠮᠠᠷᠺᠦ ᠫᠣᠯᠤ ᠶᠢᠨ ᠵᠢᠭᠤᠯᠴᠢᠯᠠᠯ ᠤᠨ ᠳᠡᠮᠳᠡᠭᠯᠡᠯ》 ᠳ᠋ᠤ 《ᠳᠠᠳᠠᠨᠠᠷ ᠤᠨ ᠣᠷᠤᠭᠯᠠᠬᠤ ᠵᠤᠷᠰᠢᠯ ᠨᠢ᠂ ᠡᠷᠡᠭ᠍ᠳᠡᠢ᠌ᠴᠦᠳ ᠨᠢ ᠭᠡᠨ ᠴᠤ ᠠᠳᠤᠭᠠᠢ᠂ ᠡᠳ᠋ ᠭᠦᠷᠦᠩᠭᠡ ᠶᠢᠨ ᠶᠢᠡᠨ ᠭᠦᠷᠦᠯᠴᠡᠭᠡ ᠪᠠᠷ ᠦᠪᠡᠷᠤᠨ ᠳᠤᠷᠠᠯᠠᠵᠤ ᠭᠦᠰᠡᠭ᠍ᠰᠡᠨ ᠡᠭᠡᠨᠡᠷ ᠢ ᠠᠪᠬᠤ》 (ᠭᠡᠷᠡᠯᠴᠤᠭᠳᠤ ᠣᠷᠴᠢᠭᠤᠯᠪᠠ᠂ ᠬᠠᠷᠠᠮᠦᠷᠠᠨ ᠤ ᠠᠷᠠᠤᠨ ᠤᠨ ᠭᠡᠪᠯᠡᠯ ᠤᠨ ᠬᠤᠷᠢᠶ᠎ᠠ᠂ 1978 ᠣᠨ᠂ 164 ᠳ᠋ᠤᠭᠡᠷ ᠨᠢᠭᠤᠷ) ᠭᠡᠮᠡᠨ ᠳᠡᠮᠳᠡᠭᠯᠡᠵᠡᠢ᠃ ᠬᠤᠳᠠ ᠬᠤᠳᠠᠭᠠᠢ ᠭᠡᠳᠡᠭ᠌ ᠨᠠᠷᠠᠢ᠌ᠳᠤᠯ ᠴᠢᠨᠢ ᠮᠦᠨ ᠬᠤᠳᠠᠯᠳᠤᠭ᠎ᠠ ᠭᠡᠭᠦ ᠥᠭᠡ ᠶᠢᠨ ᠢᠵᠠᠭᠤᠷ ᠮᠦᠨ᠃ ᠳᠠᠷᠤᠢ ᠦᠨ᠎ᠡ ᠬᠠᠩᠰᠢ ᠭᠡᠭᠦ ᠤᠳᠬ᠎ᠠ ᠲᠡᠶ ᠮᠠᠠᠵᠤ ᠥᠭᠡ᠃

ᠪᠠᠯᠡᠭ᠌ ᠤᠨ ᠵᠤᠭᠤᠰ ᠤᠨ ᠭᠡᠮᠵᠢᠶ᠎ᠡ ᠨᠢ ᠪᠦᠷ ᠡᠷᠡᠭ᠍ᠳᠡᠢ ᠶᠢᠨ ᠳᠠᠯ᠎ᠠ ᠶᠢᠨ ᠠᠮᠢᠳᠤᠷᠠᠯ ᠤᠨ ᠪᠠᠢ᠌ᠳᠠᠯ ᠢ ᠦᠨᠳᠦᠰᠦᠯᠠᠵᠤ ᠳᠤᠭᠳᠠᠭᠠᠨ᠎ᠠ᠃ ᠳᠠᠷᠢᠶᠠᠯᠠᠬᠤ ᠣᠷᠤᠨ ᠤ ᠭᠢᠨ ᠣᠯᠠᠩᠭᠢ ᠳᠤ ᠪᠠᠨ ᠠᠯᠳᠠ ᠮᠥᠩᠭᠦᠨ ᠡᠳ᠋ᠯᠡᠯ ᠵᠠᠰᠠᠯ ᠤᠨ ᠵᠣᠢ᠌ᠯ᠂ ᠠᠪᠳᠠᠷ᠎ᠠ ᠬᠤᠷᠭᠤ᠂ ᠬᠤᠪᠴᠠᠰᠤ ᠬᠤᠨᠠᠷ ᠪᠠᠢ᠌ᠬᠤ ᠳᠤ ᠮᠠᠯᠵᠢᠬᠤ ᠣᠷᠤᠨ ᠤ ᠭᠢᠨᠢ ᠶᠠᠷᠤᠨᠢ ᠥᠭᠡᠷ ᠠᠳᠤᠭᠤ ᠬᠤᠨᠢ ᠮᠠᠳᠤ ᠶᠢᠨ ᠮᠠᠯ ᠢ ᠭᠡᠷᠡᠭ᠍ᠰᠡᠳᠡᠭ᠌᠃ ᠮᠤᠩᠭ᠋ᠤᠯ ᠭᠦᠮᠤᠨ ᠶ‍ᠢᠰᠤ ᠶᠢ ᠪᠠᠯᠭᠡᠳᠤ ᠳᠤᠭ᠎ᠠ ᠪᠠᠷ ᠦᠵᠡᠨ᠎ᠠ᠃ ᠡᠢ᠌ᠮᠤ ᠡᠴᠡ ᠪᠠᠯᠡᠭ᠌ ᠤᠨ ᠳᠤᠭ᠎ᠠ ᠪᠠᠨ ᠶ‍ᠢᠰᠤ ᠡᠴᠡ ᠡᠭᠢᠯᠡᠵᠤ ᠨᠢᠭᠡ ᠶ‍ᠢᠰᠤ ᠡᠴᠡ ᠶ‍ᠢᠰᠤ ᠶ‍ᠢᠰᠤ ᠨᠠᠶᠠᠨ ᠨᠢᠭᠡ ᠭᠡᠵᠤ ᠳᠤᠭᠳᠠᠭᠠᠨ᠎ᠠ᠃ ᠬᠠᠮᠤᠭ ᠠᠷᠪᠢᠨ ᠳᠤ ᠪᠠᠨ ᠨᠠᠶᠠᠨ ᠨᠢᠭᠡ ᠶᠢ ᠳᠠᠪᠠᠭᠤᠯᠬᠤ ᠦᠭᠡᠶ ᠪᠠᠢ᠌ᠳᠠᠭ ᠵᠠᠩᠰᠢᠯ ᠲᠡᠶ᠃ ᠶ‍ᠢᠰᠤ ᠶ‍ᠢᠰᠤ ᠭᠡᠳᠡᠭ᠌ ᠨᠢ ᠦᠨᠳᠦᠷ ᠨᠠᠰᠤᠯᠠᠬᠤ ᠶᠢᠨ ᠪᠠᠯᠭᠡᠳᠡᠯ ᠪᠣᠯᠵᠤ ᠪᠠᠢ᠌ᠳᠠᠭ᠃ ᠭᠡᠷᠪᠡ ᠠᠮᠢᠳᠤᠷᠠᠯ ᠨᠢ ᠶᠠᠳᠠᠭᠤ ᠡᠷᠦᠭᠡ ᠶ‍ᠢᠰᠤ ᠶᠢᠨ ᠳᠤᠭ᠎ᠠ ᠶᠢ ᠪᠦᠷᠢᠳᠦᠭᠦᠯᠵᠤ ᠳᠡᠢ᠌ᠯᠭᠦ ᠦᠭᠡᠶ ᠪᠣᠯ ᠪᠠᠰᠠ ᠶ‍ᠢᠰᠤ ᠡᠴᠡ ᠪᠠᠭ᠎ᠠ ᠰᠤᠠᠳᠤᠭᠤᠢ ᠳᠤᠭ᠎ᠠ ᠭᠤᠷᠪᠠ᠂ ᠳᠠᠪᠣ᠂ ᠳᠤᠯᠤᠭ᠎ᠠ ᠭᠡᠭᠦᠴᠢᠯᠡᠨ ᠳᠤᠭᠳᠠᠭᠠᠵᠤ ᠪᠣᠯᠤᠨ᠎ᠠ᠃  ᠭᠡᠪᠠᠴᠤ ᠶᠠᠭᠠᠭᠢᠭᠰᠠᠨ ᠴᠤ ᠳᠡᠭ᠍ᠰᠢ ᠳᠤᠭ᠎ᠠ ᠪᠣᠯᠭᠠᠵᠤ ᠪᠣᠯᠬᠤ ᠦᠭᠡᠶ᠃ ᠴᠢᠨᠠᠭᠰᠢ ᠴᠢᠷᠮᠠᠢ᠌ᠬᠤ ᠪᠣᠯᠤᠮᠵᠢ ᠦᠭᠡᠶ ᠪᠣᠯᠤᠭᠰᠠᠨ ᠪᠠᠯᠭᠡ ᠦᠭᠡᠶ ᠭᠡᠵᠤ ᠥᠵᠡᠳᠡᠭ᠌᠃ ᠭᠡᠦᠭᠡᠨ ᠤ ᠳᠠᠯ᠎ᠠ ᠡᠴᠡ ᠪᠠᠰᠠ ᠭᠡᠦᠭᠡᠨ ᠳᠤ ᠪᠠᠨ ᠲ᠋ᠠᠭᠠᠭᠤᠯᠵᠤ ᠦᠪ ᠬᠤᠪᠢᠶᠠᠵᠤ ᠥᠭ᠍ᠳᠡᠭ᠌᠃ ᠮᠤᠩᠭ᠋ᠤᠯ ᠭᠦᠮᠤᠨ ᠭᠡᠦᠭᠡᠨ ᠳᠤ ᠪᠠᠨ ᠭᠦᠷᠦᠩᠭᠡ ᠬᠤᠪᠢᠶᠠᠵᠤ ᠦᠭ‍ᠭᠦ ᠶᠢ ᠳᠤᠩ ᠴᠢᠬᠤᠯᠴᠢᠯᠠᠨ ᠥᠵᠡᠳᠡᠭ᠌᠃ ᠭᠦᠷᠭᠡᠨ ᠤ ᠭᠦᠷᠭᠡᠵᠤ ᠦᠭ‍ᠭᠦᠭ᠍ᠰᠡᠨ ᠪᠠᠯᠡᠭ᠌ ᠵᠣᠢ᠌ᠯ ᠳᠤ ᠦᠨᠳᠦᠰᠦᠯᠠᠵᠤ ᠭᠡᠦᠭᠡᠨ ᠳᠤ ᠪᠠᠨ ᠳᠠᠭᠠᠭᠤᠯᠵᠤ ᠦᠭ‍ᠭᠦ ᠪᠣᠶᠤ ᠡᠰᠡᠭᠦᠯ᠎ᠡ ᠳᠠᠪᠠᠭᠤᠯᠤᠨ ᠦᠭ‍ᠭᠦ ᠶᠢ ᠳᠡᠮᠡᠴᠡᠳᠡᠭ᠌᠃ ᠡᠢ᠌ᠮᠤ ᠡᠴᠡ ᠮᠤᠩᠭ᠋ᠤᠯ ᠭᠡᠯᠡᠴᠡ ᠳᠤ 《ᠪᠠᠷᠢ ᠪᠠᠭᠤᠯᠭᠠᠬᠤ ᠡᠴᠡ ᠠᠶᠤᠬᠤ ᠦᠭᠡᠶ᠂ ᠦᠬᠢᠨ ᠦᠭ‍ᠭᠦ ᠡᠴᠡ ᠠᠶᠤᠨ᠎ᠠ》 ᠭᠡᠳᠡᠭ᠌᠃

ᠬᠤᠷᠴᠢᠠᠴᠤᠳ ᠤᠨ ᠡᠨᠡᠭᠦ ᠠᠮᠠᠨ ᠠᠷᠢᠭᠢ ᠣᠤᠭᠤᠬᠤ ᠶᠤᠰᠤᠨ ᠨᠢ ᠮᠦᠨ ᠣᠵᠠᠭᠤᠷ ᠦᠶ᠎ᠡ ᠶᠢᠨ ᠵᠠᠩᠰᠢᠯ ᠡᠴᠡ ᠣᠯᠠᠮᠵᠢᠯᠠᠭᠳᠠᠵᠤ ᠢᠷᠡᠭ᠍ᠰᠡᠨ ᠰᠤᠶᠤᠯ ᠤᠨ ᠦᠯᠠᠳᠠᠴᠠ ᠪᠣᠯᠬᠤ ᠶᠤᠮ᠃ 《ᠮᠤᠩᠭ᠋ᠤᠯ ᠤᠨ ᠨᠢᠭᠤᠴᠠ ᠳᠤᠪᠴᠢᠶᠠᠨ》 § 168 ᠳ᠋ᠤ ᠦᠵᠡᠪᠠᠯ 《᠁ᠴᠠᠭᠤᠷ ᠪᠠᠭᠢ ᠶᠢ ᠦᠭ‍ᠭᠦᠶ᠎ᠡ᠂ ᠪᠠᠭᠠᠯᠵᠤᠷ ᠢᠳᠡᠭᠦ ᠪᠠᠷ ᠢᠷᠡᠭ᠍ᠳᠤᠨ》 ᠭᠡᠵᠤ ᠭᠡᠷᠡᠢ᠌ᠳ ᠤᠨ ᠰᠡᠩᠭᠦᠮ᠂ ᠴᠢᠩᠭᠢᠰ ᠬᠠᠭᠠᠨ ᠤ ᠶᠡᠭᠡ ᠭᠦᠤ ᠵᠤᠴᠢ ᠵᠠᠷᠢᠮ ᠨᠤᠮ ᠳᠤ ᠴᠢᠩᠭᠢᠰ ᠤᠨ ᠳᠡᠭᠦᠤ ᠪᠠᠯᠭᠦᠳᠡᠢ ᠳᠤ ᠭᠡᠵᠤ ᠳᠡᠮᠳᠡᠭᠯᠡᠵᠤ ᠪᠠᠢ᠌ᠨ᠎ᠠ ᠭᠡᠦᠭᠡᠨ ᠳᠡᠭᠦᠤ ᠪᠠᠨ ᠦᠭ‍ᠭᠦᠶ᠎ᠡ ᠭᠡᠵᠤ ᠮᠡᠭᠡᠯᠡᠨ ᠠᠪᠴᠢᠷᠠᠭᠠᠤᠨ ᠴᠢᠩᠭᠢᠰ ᠬᠠᠭᠠᠨ ᠢ ᠬᠤᠤᠷᠯᠠᠬᠤ ᠭᠡᠪᠡ᠃ 《ᠪᠠᠭᠠᠯᠵᠤᠷ ᠢᠳᠡᠭᠦ》 ᠭᠡᠭᠦ ᠪᠣᠯ ᠡᠷᠳᠡᠨ ᠤ ᠮᠤᠩᠭ᠋ᠤᠯᠴᠤᠳ ᠤᠨ ᠣᠷᠤᠭ ᠪᠠᠳᠤᠯᠠᠬᠤ ᠶᠤᠰᠤᠯᠠᠯ ᠪᠣᠯᠬᠤ ᠨᠢ ᠳᠤᠳᠤᠷᠬᠠᠢ ᠪᠠᠢ᠌ᠨ᠎ᠠ᠃ 《ᠪᠠᠭᠠᠯᠵᠤᠷ ᠢᠳᠡᠭᠦ》 ᠪᠠᠷ ᠣᠷᠤᠭ ᠬᠤᠷᠢᠮ ᠤᠨ ᠭᠡᠯᠡᠯᠴᠡᠭᠡ ᠪᠣᠶᠤ ᠬᠡᠦᠬᠡᠳ ᠤᠨ 《ᠡᠷ᠎ᠡ ᠡᠮ᠎ᠡ ᠶᠢᠨ ᠭᠡᠯᠭᠢᠶ᠎ᠡ》 ᠪᠠᠭᠠᠯᠵᠤᠷ ᠤᠨ ᠶᠠᠰᠤᠨ ᠮᠠᠳᠤ ᠰᠠᠯᠵᠤ ᠪᠣᠯᠤᠰᠢ ᠦᠭᠡᠶ ᠪᠠᠳᠤ ᠪᠠᠷᠢᠯᠳᠤᠬᠤ ᠶᠢ ᠪᠠᠯᠭᠡᠳᠡᠭ᠍ᠰᠡᠨ ᠰᠠᠨᠠᠭ᠎ᠠ ᠲᠡᠶ᠃ 《ᠠᠮᠠᠷᠠᠭ ᠳᠡᠭᠡᠷ᠎ᠡ ᠠᠮᠠᠷᠠᠭ ᠪᠣᠯᠤᠶ᠎ᠠ》 ᠭᠡᠵᠤ ᠰᠤᠯᠢᠶ᠎ᠠ ᠣᠷᠤᠭ ᠭᠢᠭᠦ ᠭᠡᠰᠡᠨ ᠤ ᠬᠠᠷᠢᠭᠤ ᠳᠤ ᠰᠤᠯᠢᠶ᠎ᠠ ᠣᠷᠤᠭ ᠤᠨ ᠭᠡᠯᠡᠯᠴᠡᠭᠡ ᠪᠠᠨ ᠪᠠᠳᠤᠯᠠᠶ᠎ᠠ ᠭᠡᠰᠡᠨ ᠰᠠᠨᠠᠭ᠎ᠠ ᠨᠢ ᠢᠯᠡᠭᠡᠨ ᠪᠠᠢ᠌ᠨ᠎ᠠ᠃ ᠣᠳᠤ ᠶᠢᠨ ᠬᠤᠷᠴᠢᠨ ᠮᠤᠩᠭ᠋ᠤᠯᠴᠤᠳ ᠤᠨ ᠣᠷᠤᠭ ᠤᠨ ᠶᠤᠰᠤᠨ ᠳᠤ ᠪᠠᠭ᠎ᠠ ᠠᠷᠢᠭᠢ ᠣᠤᠭᠤᠬᠤ᠂ ᠠᠮᠠᠨ ᠠᠷᠢᠭᠢ ᠣᠤᠭᠤᠬᠤ ᠭᠡᠰᠡᠨ ᠨᠢ 《ᠪᠠᠭᠠᠯᠵᠤᠷ ᠢᠳᠡᠭᠦ》 ᠲᠡᠶ ᠰᠢᠠᠵᠢ ᠴᠢᠨᠠᠷ ᠶᠢᠡᠷ ᠶᠢᠡᠨ ᠠᠳᠠᠯᠢᠬᠠᠨ ᠶᠤᠮ᠃ ᠳᠡᠭᠡᠳᠦᠰ ᠤᠨ ᠣᠷᠤᠭ ᠤᠨ ᠶᠤᠰᠤᠨ ᠳᠤ 《ᠪᠠᠭᠠᠯᠵᠤᠷ ᠢᠳᠡᠭᠦ》 ᠣᠴᠢᠷ ᠡᠴᠡ ᠭᠡᠷᠡᠭ᠌ ᠭᠠᠷᠤᠭᠰᠠᠨ ᠤ ᠶᠤᠮ ᠦᠦ ︖ ᠣᠳᠤᠭᠢ ᠬᠤᠷᠴᠢᠠᠴᠤᠳ ᠡᠨᠡᠭᠦ ᠠᠷᠢᠭᠢᠨ ᠰᠢᠷᠡᠭᠡᠨ ᠳᠡᠭᠡᠷ᠎ᠡ ᠭᠡᠷᠡᠭᠦᠯ ᠵᠠᠭᠤᠷᠭᠠᠨ᠂ ᠭᠡᠯᠡ ᠠᠮᠠ ᠪᠣᠯᠬᠤ ᠶᠢ ᠬᠠᠮᠤᠭ ᠡᠴᠡ ᠢᠯᠡᠭᠦᠤ ᠭᠢᠴᠢᠶᠠᠵᠤ ᠭᠡᠷᠪᠡ ᠭᠡᠷᠡᠭ᠌ ᠭᠠᠷᠬᠤ ᠳᠤ ᠭᠦᠷᠪᠠᠯ ᠪᠠᠯᠭᠡ ᠮᠠᠭᠤᠳᠠᠢ ᠭᠡᠵᠤ ᠥᠵᠡᠳᠡᠭ᠌᠃ ᠭᠡᠦᠭᠡᠨ ᠤ ᠳᠠᠯ᠎ᠠ ᠡᠴᠡ ᠢᠷᠡᠭ᠍ᠰᠡᠳ ᠢ ᠣᠷᠤᠭ ᠤᠨ ᠰᠢᠷᠡᠭᠡ ᠭᠦᠡᠳᠤ ᠭᠡᠵᠤ ᠥᠵᠡᠭᠡᠳ ᠭᠦᠷᠭᠡᠨ ᠤ ᠳᠠᠯ᠎ᠠ ᠶᠢᠨ ᠭᠢᠨ ᠭᠢᠴᠢᠶᠡᠩᠭᠦᠢᠯᠡᠨ ᠭᠦᠡᠳᠦᠯᠡᠵᠤ ᠰᠢᠷᠡᠭᠡᠨ ᠳᠤ ᠰᠠᠭᠤᠭᠴᠢᠳ ᠲᠤ ᠥᠳᠡᠯᠦᠭ᠍ᠰᠡᠨ ᠵᠠᠯᠠᠭᠤ ᠨᠢᠯᠬ᠎ᠠ ᠭᠡᠵᠤ ᠦᠶ᠎ᠡ ᠵᠡᠷᠭᠡ ᠶᠢᠨ ᠳᠡᠭᠡᠷ᠎ᠡ ᠳᠤᠤᠷ᠎ᠠ ᠶᠢ ᠢᠯᠭᠠᠯ ᠦᠭᠡᠶ ᠨᠠᠰᠤᠨ ᠤ ᠡᠷᠡᠮᠪᠡ ᠪᠠᠷ ᠳᠠᠷᠠᠭᠠᠯᠠᠨ ᠴᠠᠢ ᠠᠷᠢᠬᠢ ᠪᠠᠷᠢᠵᠤ ᠭᠦᠡᠳᠦᠯᠡᠳᠡᠭ᠌᠃ ᠭᠡᠪᠠᠴᠤ ᠭᠡᠦᠭᠡᠨ ᠤ ᠳᠠᠯ᠎ᠠ ᠶᠢᠨ ᠭᠢᠨ ᠪᠠᠰᠠᠯᠠ ᠠᠷᠢᠭᠢ ᠪᠣᠳᠠᠭ᠎ᠠ ᠡᠴᠡ ᠥ ᠰᠠᠪ ᠡᠷᠢᠭᠦ᠂ ᠥᠭᠡ ᠭᠡᠯᠡ ᠡᠴᠡ ᠥ ᠰᠠᠪ ᠡᠷᠢᠭᠦ᠂ ᠣᠢ᠌ᠯᠠ ᠶᠠᠪᠣᠳᠠᠯ ᠡᠴᠡ ᠥ ᠰᠠᠪ ᠡᠷᠢᠭᠦ ᠮᠠᠳᠤ ᠪᠠᠷ ᠭᠡᠷᠡᠭ᠌ ᠡᠳᠦᠵᠤ᠂ ᠭᠡᠷᠡᠭᠦᠯ ᠪᠣᠯᠭᠠᠬᠤ ᠭᠡᠳ ᠪᠠᠢ᠌ᠳᠠᠭ᠃ ᠭᠦᠷᠭᠡᠨ ᠤ ᠳᠠᠯ᠎ᠠ ᠶᠢᠨ ᠭᠢᠨ ᠰᠤᠨᠤᠰᠤᠭᠰᠠᠨ ᠪᠣᠯᠪᠠᠴᠤ ᠰᠤᠨᠤᠰᠤᠭᠰᠠᠨ ᠦᠭᠡᠶ ᠶᠤᠮ ᠰᠢᠭ᠌ 《ᠳᠠᠤᠯᠠᠢ ᠶᠢᠨ ᠠᠷᠠᠰᠤ ᠪᠣᠯᠪᠠᠴᠤ ᠡᠳᠦᠷ ᠤᠨ ᠠᠶᠠᠨ ᠶᠢᠡᠨ ᠳᠠᠭᠠᠭᠠᠨ᠎ᠠ》 ᠭᠡᠵᠤ ᠳᠡᠰᠪᠦᠷᠢᠯᠡᠭᠦ ᠶᠢᠨ ᠴᠢᠨᠡᠭᠡ ᠪᠠᠷ ᠳᠠᠰᠪᠣᠷᠢᠯᠠᠵᠤ ᠪᠠᠢ᠌ᠳᠠᠭ ᠣᠴᠢᠷᠳᠠᠢ᠃ ᠢᠩᠭᠢᠭᠡᠳ ᠯᠠ 《ᠭᠦᠷᠭᠡᠨ ᠥᠵᠡᠭᠦᠯᠪᠠᠯ ᠭᠦᠮᠤᠨ ᠨᠢ ᠮᠠᠨᠠᠢ᠂ ᠠᠷᠢᠭᠢ ᠣᠤᠭᠤᠯᠭᠠᠪᠠᠯ ᠠᠮᠢ ᠨᠢ ᠮᠠᠨᠠᠢ》᠂ 《ᠮᠤᠷᠢ ᠠᠯᠳᠠᠪᠠᠯ ᠪᠠᠷᠢᠵᠤ ᠳᠠᠢ᠌ᠯᠤᠨ᠎ᠠ᠂ ᠠᠮᠠ ᠠᠯᠳᠠᠪᠠᠯ ᠬᠤᠷᠢᠶᠠᠵᠤ ᠳᠡᠢ᠌ᠯᠭᠦ ᠦᠭᠡᠶ》᠂ 《ᠭᠡᠯᠡᠪᠠᠯ ᠥᠭᠡ᠂ ᠭᠡᠰᠭᠢᠪᠠᠯ ᠭᠠᠵᠠᠷ》 ᠭᠡᠵᠤ ᠭᠡᠯᠡᠯᠴᠡᠨ ᠪᠠᠭᠠᠯᠵᠤᠷ ᠤᠨ ᠶᠠᠰᠤ ᠰᠢᠭ ᠠᠮᠠ ᠰᠡᠭᠡᠷ ᠵᠠᠭᠤᠯᠴᠠᠨ ᠦᠨᠢ ᠡᠭᠦᠷᠢᠳᠡ ᠪᠠᠳᠤ ᠪᠠᠭᠢ ᠣᠷᠤᠭ ᠰᠠᠳᠤᠨ ᠪᠣᠯᠬᠤ ᠶᠢ ᠵᠦᠩᠨᠠᠵᠤ ᠭᠡᠯᠡᠨ᠎ᠡ᠃

6᠂ ᠬᠠᠳᠠᠮᠴᠢᠯᠠᠬᠤ ᠶᠤᠰᠤᠨ

ᠬᠠᠳᠠᠮᠴᠢᠯᠠᠬᠤ ᠶᠤᠰᠤᠨ ᠪᠣᠯ ᠶᠤᠰᠤᠳᠠᠢ ᠡᠭᠡ ᠶᠢᠨ ᠡᠷᠭᠡᠳᠤ ᠶᠤᠰᠤᠨ ᠤ ᠰᠤᠶᠤᠯ ᠤᠨ ᠣᠯᠪᠠᠭ᠎ᠠ ᠪᠣᠯᠬᠤ ᠨᠢ ᠳᠤᠳᠤᠷᠬᠠᠢ᠃ ᠡᠭᠡ ᠶᠢᠨ ᠡᠷᠭᠡᠳᠤ ᠶᠤᠰᠤᠨ ᠤ ᠦᠶ᠎ᠡ ᠳᠤ ᠨᠢᠭᠡ ᠡᠭᠡ ᠡᠴᠡ ᠭᠠᠷᠤᠯ ᠲᠡᠶ ᠣᠪᠣᠭ ᠤᠨ ᠭᠡᠰᠢᠭᠦᠤᠨ ᠨᠢ ᠬᠤᠭᠤᠷᠤᠠᠳᠤ ᠪᠠᠨ ᠡᠷ᠎ᠡ ᠡᠮ᠎ᠡ ᠪᠣᠯᠤᠯᠴᠠᠬᠤ ᠪᠠᠨ ᠪᠣᠯᠢᠵᠤ ᠣᠪᠣᠭ ᠳᠦᠷᠤᠯ ᠤᠨ ᠬᠤᠭᠤᠷᠤᠠᠳᠤᠭᠢ ᠢᠯᠭᠠᠭ᠎ᠠ ᠶᠢ ᠣᠯᠠᠮ ᠶᠡᠭᠡᠰᠭᠡᠵᠤ ᠬᠠᠷᠢ ᠣᠪᠣᠭ ᠲᠤ ᠭᠦᠷᠭᠡᠨ ᠣᠷᠤᠬᠤ ᠶᠤᠰᠤᠨ ᠨᠢᠭᠡᠨᠲᠡ ᠪᠣᠢ ᠪᠣᠯᠵᠤ ᠡᠮᠡᠭ᠍ᠳᠡᠢ᠌ᠴᠦᠳ ᠨᠢ ᠪᠣᠰᠤᠳ ᠣᠪᠣᠭ ᠡᠴᠡ ᠡᠷ᠎ᠡ ᠠᠪᠬᠤ ᠪᠣᠯᠤᠭᠰᠠᠨ ᠪᠠᠢ᠌ᠨ᠎ᠠ᠃ ᠥᠭᠡᠷ᠎ᠡ ᠪᠠᠷ ᠭᠡᠯᠡᠪᠠᠯ᠂ ᠬᠤᠵᠢᠮ ᠤᠨ ᠭᠢ ᠰᠢᠭ᠌ ᠡᠮᠡᠭ᠍ᠳᠡᠢ ᠨᠢ ᠡᠷᠡᠭ᠍ᠳᠡᠢ ᠶᠢᠨ ᠳᠠᠯ᠎ᠠ ᠳᠤ ᠣᠴᠢᠬᠤ ᠪᠢᠰᠢ ᠬᠠᠷᠢᠨ ᠡᠷᠡᠭ᠍ᠳᠡᠢ ᠨᠢ ᠡᠮᠡᠭ᠍ᠳᠡᠢ ᠶᠢᠨ ᠳᠠᠯ᠎ᠠ ᠳᠤ ᠭᠦᠷᠭᠡᠭ᠍ᠳᠡᠨ ᠣᠴᠢᠬᠤ ᠪᠣᠯᠤᠭᠰᠠᠨ ᠡᠴᠡ 《ᠭᠦᠷᠭᠡᠨ》 ᠭᠡᠭᠦ ᠥᠭᠡ ᠪᠣᠢ ᠪᠣᠯᠤᠭᠰᠠᠨ ᠶᠤᠮ᠃ ᠭᠦᠷᠭᠡᠨ ᠭᠡᠭᠦ ᠥᠭᠡ ᠨᠢ ᠭᠦᠷᠭᠡᠭᠦ ᠭᠡᠰᠡᠨ ᠥᠭᠡ ᠲᠡᠶ ᠢᠵᠠᠭᠤᠷ ᠨᠢᠭᠡᠳᠡᠢ ᠪᠢᠯᠠ᠃ 12᠊᠊᠊᠊᠊᠊᠊᠊᠊᠊᠊᠊᠊᠊᠊᠊᠊᠊᠊᠊᠊᠊᠊᠊᠊᠊᠊᠊᠊᠊᠊13 ᠳ᠋ᠤᠭᠠᠷ ᠵᠠᠭᠤᠨ ᠤ ᠦᠶ᠎ᠡ ᠶᠢᠨ ᠮᠤᠩᠭ᠋ᠤᠯᠴᠤᠳ ᠤᠨ ᠣᠷᠤᠭ ᠤᠨ ᠶᠤᠰᠤᠨ ᠳᠤ 《ᠭᠦᠷᠭᠡᠳ ᠲᠤᠷ ᠳᠠᠯᠪᠢᠬᠤᠢ》 ᠭᠡᠮᠡᠭᠦ ᠵᠠᠩᠰᠢᠯ ᠪᠠᠢ᠌ᠭᠰᠠᠨ ᠢ ᠮᠤᠩᠭ᠋ᠤᠯ ᠤᠨ ᠵᠠᠷᠢᠮ ᠳᠡᠦᠭᠡᠨ ᠰᠤᠷᠪᠣᠯᠵᠢ ᠪᠢᠴᠢᠭ᠌ ᠲᠤ ᠳᠡᠮᠳᠡᠭᠯᠡᠵᠤ ᠪᠠᠢ᠌ᠨ᠎ᠠ᠃ 《ᠭᠦᠷᠭᠡᠳ ᠲᠤᠷ ᠳᠠᠯᠪᠢᠬᠤᠢ》 ᠪᠣᠯ ᠣᠳᠤ ᠶᠢᠨ ᠬᠤᠷᠴᠢᠨ ᠮᠤᠩᠭ᠋ᠤᠯᠴᠤᠳ ᠤᠨ ᠰᠢᠨ᠎ᠠ ᠭᠦᠷᠭᠡᠨ ᠬᠠᠳᠠᠮᠴᠢᠯᠠᠬᠤ ᠶᠤᠰᠤᠨ ᠤ ᠣᠯᠠ ᠮᠦᠷ ᠮᠦᠨ᠃ 《ᠮᠤᠩᠭ᠋ᠤᠯ ᠤᠨ ᠨᠢᠭᠤᠴᠠ ᠳᠤᠪᠴᠢᠶᠠᠨ》 § 66 ᠳ᠋ᠤ᠂ ᠶ‍ᠢᠰᠦᠭᠡᠢ ᠪᠠᠭᠠᠳᠤᠷ ᠶ‍ᠢᠰᠤᠨ ᠨᠠᠰᠤᠳᠠᠢ ᠳᠤᠬᠠᠢ ᠶᠢᠨ ᠦᠶ᠎ᠡ ᠳᠤ ᠭᠦᠤ ᠭᠦᠮᠤᠨ ᠳᠤ ᠶ‍ᠢᠰᠤᠨ ᠨᠠᠰᠤᠳᠠᠢ ᠳ᠋ᠤᠨᠢ ᠪᠠᠷᠢ ᠭᠤᠶᠤᠵᠤ ᠥᠭ᠍ᠪᠠᠯ ᠦᠯᠵᠡᠢ᠌ᠳᠠᠢ ᠭᠡᠵᠤ ᠥᠵᠡᠳᠡᠭ᠌ ᠪᠣᠯᠤᠳᠠᠢ ᠳᠠᠮᠤᠵᠢᠨ ᠳᠤ ᠬᠤᠩᠭᠢᠷᠠᠤᠨ ᠤᠨ ᠲᠡᠶ ᠰᠠᠴᠠᠨ ᠤ ᠭᠡᠦᠭᠡᠨ ᠢ ᠭᠤᠶᠤᠬᠤᠯᠠᠷ 《ᠦᠭᠢᠨ ᠭᠦᠮᠤᠨ ᠤ ᠵᠠᠶᠠᠭ᠎ᠠ ᠨᠢ ᠳᠦᠷᠦᠭ᠍ᠰᠡᠨ ᠡᠭᠦᠳᠡᠨ ᠳᠤ ᠥᠳᠡᠯᠭᠦ ᠦᠭᠡᠶ ᠳᠤᠯᠠ ᠦᠬᠢᠨ ᠶᠢᠡᠨ ᠥᠭ᠍ᠰᠦᠭᠡᠢ᠃ ᠴᠢ ᠭᠦᠪᠠᠭᠦᠨ ᠶᠢᠡᠨ ᠭᠦᠷᠭᠡᠨ ᠪᠣᠯᠭᠠᠵᠤ ᠮᠠᠨ ᠳᠤ ᠥᠯᠡᠳᠡᠭᠡ》 ᠭᠡᠰᠡᠨ ᠳᠤ᠂ ᠶ‍ᠢᠰᠦᠭᠡᠢ ᠪᠠᠭᠠᠳᠤᠷ 《ᠪᠢ ᠭᠦᠤ ᠪᠠᠨ ᠳᠠᠨ ᠳᠤ ᠣᠷᠭᠢᠶ᠎ᠠ᠂ ᠮᠢᠨᠤ ᠭᠦᠤ ᠨᠤᠬᠠᠢ ᠡᠴᠡ ᠰᠤᠴᠢᠳᠠᠭ ᠶᠤᠮ᠃ ᠡᠷᠭᠢᠮ ᠬᠤᠳᠠ ᠳᠠ ᠭᠦᠤ ᠶᠢ ᠮᠢᠨᠢ ᠨᠤᠬᠠᠢ ᠡᠴᠡ ᠪᠢᠳᠡᠭᠡᠢ ᠰᠤᠴᠢᠭᠤᠯ》 ᠭᠡᠵᠤ ᠵᠠᠭᠢᠯ᠎ᠠ᠃ ᠶ‍ᠢᠰᠦᠭᠡᠢ ᠪᠠᠭᠠᠳᠤᠷ ᠤᠨ ᠵᠠᠭᠢᠭᠰᠠᠨ ᠡᠨᠡ ᠭᠦ ᠥᠭᠡ ᠶᠢ ᠵᠠᠷᠢᠮ ᠳᠡᠦᠭᠡ ᠶᠢᠨ ᠪᠢᠴᠢᠭ᠌ ᠲᠤ 《ᠭᠦᠤ ᠶᠢ ᠮᠢᠨᠢ ᠵᠤᠷᠢᠭ ᠰᠦᠰᠦ ᠲᠡᠶ᠂ ᠡᠷᠳᠡᠮ ᠴᠢᠳᠠᠯ ᠲᠡᠶ ᠪᠣᠯᠭᠠᠨ ᠭᠦᠮᠦᠵᠢᠭᠦᠯ ᠭᠡᠰᠡᠨ ᠳᠠᠯᠳᠠ ᠰᠠᠨᠠᠭ᠎ᠠ ᠢᠯᠠᠷᠠᠵᠤ ᠪᠠᠢ᠌ᠨ᠎ᠠ》 ᠭᠡᠵᠤ ᠳᠠᠢ᠌ᠯᠪᠣᠷᠢᠯᠠᠵᠠᠢ᠃ ᠮᠦᠨ 《ᠨᠤᠬᠠᠢ》 ᠭᠡᠳᠡᠭ᠌ ᠥᠭᠡ ᠰᠠᠨᠠᠮᠰᠠᠷ ᠦᠭᠡᠶ ᠣᠷᠤᠭᠰᠠᠨ ᠪᠢᠰᠢ᠂ ᠬᠤᠷᠴᠢᠨ ᠮᠤᠩᠭ᠋ᠤᠯᠴᠤᠳ ᠤᠨ ᠣᠷᠤᠭᠯᠠᠬᠤ ᠶᠤᠰᠤᠨ ᠳᠤ ᠴᠤ ᠨᠤᠬᠠᠢ ᠶᠢ ᠭᠦᠡᠳᠦᠳᠭᠡᠭᠦ ᠶᠤᠰᠤᠨ ᠤ ᠣᠯᠪᠠᠭ᠎ᠠ ᠮᠦᠷ ᠬᠠᠷᠠᠭᠳᠠᠵᠤ ᠪᠠᠢ᠌ᠨ᠎ᠠ᠃ ᠨᠠᠩ ᠢᠯᠠᠩᠭ᠋ᠤᠶ᠎ᠠ ᠬᠠᠳᠠᠮ ᠤᠨ ᠭᠠᠵᠠᠷ ᠨᠤᠬᠠᠢ ᠶᠢ ᠬᠠᠷᠢᠶᠠᠬᠤ ᠪᠣᠶᠤ ᠴᠤᠭᠢᠬᠤ ᠪᠣᠯ ᠳᠡᠭ᠍ᠷᠢ ᠳᠤ ᠣᠰᠤᠯᠳᠤᠭᠰᠠᠨ ᠭᠡᠷᠡᠭ᠌ ᠪᠣᠯᠵᠤ ᠶᠠᠮᠠᠷ ᠣᠴᠢᠷ ᠴᠤ ᠪᠦᠳᠦᠵᠤ ᠳᠡᠢ᠌ᠯᠭᠦ ᠦᠭᠡᠶ ᠪᠣᠯᠳᠠᠭ᠃ ᠡᠢ᠌ᠮᠤ ᠡᠴᠡ 《ᠨᠤᠬᠠᠢ ᠶᠢ ᠨᠢ ᠴᠤᠭᠢᠬᠤ ᠭᠦᠮᠤᠨ ᠡᠵᠡᠨ ᠶᠢ ᠨᠢ ᠦᠵᠡ ︕》 ᠭᠡᠳᠡᠭ᠌ ᠭᠡᠯᠡᠴᠡ ᠪᠣᠢ ᠪᠣᠯᠵᠤ ᠨᠤᠬᠠᠢ ᠶᠢ ᠨᠢ ᠴᠤᠭᠢᠬᠤ ᠨᠢ ᠡᠵᠡᠨ ᠢ ᠨᠢ ᠳᠤᠷᠤᠮᠵᠢᠯᠠᠵᠤ ᠪᠠᠢ᠌ᠨ᠎ᠠ ᠭᠡᠵᠤ ᠥᠵᠡᠳᠡᠭ᠌᠃ ᠵᠠᠩ ᠵᠧᠨ ᠫᠧᠢ ᠶᠢᠨ ᠵᠤᠬᠢᠶᠠᠭᠰᠠᠨ 《ᠴᠢᠩᠭᠢᠰ ᠬᠠᠭᠠᠨ ᠤ ᠰᠢᠭᠦᠮᠵᠢᠯᠡᠯ ᠱᠡᠰᠳᠢᠷ》 ᠲᠤ᠂ ᠳᠠᠮᠤᠵᠢᠨ ᠬᠠᠳᠠᠮ ᠤᠨ ᠭᠠᠵᠠᠷ ᠵᠢᠯ ᠰᠢᠬᠠᠮ ᠰᠠᠭᠤᠯ᠎ᠠ ᠭᠡᠵᠤ ᠳᠡᠮᠳᠡᠭᠯᠡᠵᠡᠢ᠃ 《ᠨᠢᠭᠤᠴᠠ ᠳᠤᠪᠴᠢᠶᠠᠨ》 §120 ᠳ᠋ᠤ 《ᠢᠭᠢᠷᠠᠰ ᠤᠨ ᠪᠣᠳᠤ ᠡ᠊ᠨᠳᠡ ᠭᠦᠭᠡᠳ ᠲᠤ ᠶᠠᠪᠣᠭᠰᠠᠭᠠᠷ ᠢᠷᠠᠪᠠ》 ᠭᠡᠭᠦ ᠳᠡᠮᠳᠡᠭᠯᠡᠯ ᠪᠣᠢ᠃ ᠳᠠᠮᠤᠵᠢᠨ ᠡᠨᠡ ᠭᠦ ᠬᠤᠭᠤᠴᠠᠭᠠᠨ ᠳᠤ᠂ ᠬᠤᠩᠭᠢᠷᠠᠤᠨ ᠠᠢ᠌ᠮᠠᠭ ᠤᠨ ᠪᠣᠯᠪᠠᠰᠤᠨ ᠰᠤᠶᠤᠯ ᠤᠨ ᠨᠥᠯᠦᠭᠡ ᠶᠢ ᠭᠦᠷᠳᠡᠵᠤ ᠬᠠᠳᠠᠮ ᠡᠴᠢᠭᠡ ᠶᠢᠨ ᠵᠢᠭᠠᠨ ᠵᠢᠯᠤᠭᠤᠳᠬᠤ᠂ ᠰᠤᠷᠭᠠᠵᠤ ᠭᠦᠮᠦᠵᠢᠭᠦᠯᠭᠦ ᠶᠢ ᠭᠦᠷᠳᠡᠭ᠍ᠰᠡᠨ ᠨᠢ ᠳᠠᠮᠤᠵᠢᠨ ᠤ ᠪᠢᠯᠢᠭ᠌ ᠣᠬᠠᠭᠠᠨ ᠨᠡᠭᠡᠭᠡᠭ᠍ᠳᠡᠭᠦ ᠳᠤ ᠣᠮᠳᠤᠭᠠᠢ᠌ᠯᠠᠵᠤ ᠪᠣᠯᠤᠰᠢ ᠦᠭᠡᠶ ᠣᠢ᠌ᠯᠠᠳᠤᠯ ᠥᠵᠡᠭᠦᠯᠦᠭ᠍ᠰᠡᠨ ᠨᠢ ᠭᠠᠷᠴᠠᠭ᠎ᠠ ᠦᠭᠡᠶ᠃ ᠣᠴᠢᠷ ᠨᠢ ᠳᠤᠬᠠᠢ ᠶᠢᠨ ᠦᠶ᠎ᠡ ᠶᠢᠨ ᠬᠤᠩᠭᠢᠷᠠᠤᠨ ᠠᠢ᠌ᠮᠠᠭ ᠪᠣᠯ ᠠᠯᠳᠠᠨ ᠣᠯᠤᠰ ᠤᠨ ᠪᠣᠷᠤ ᠭᠡᠷᠡᠮ ᠣᠳᠤ ᠶᠢᠨ ᠬᠠᠯᠬ᠎ᠠ ᠭᠤᠤᠯ ᠤᠨ ᠣᠷᠤᠰᠬᠠᠯ ᠳᠠᠭᠠᠤ ᠣᠷᠤᠨ ᠶᠢᠡᠷ ᠨᠤᠳᠤᠭᠯᠠᠵᠤ ᠳᠤᠳᠤᠷ᠎ᠠ ᠣᠷᠤᠨ ᠲᠡᠶ ᠤᠢ᠌ᠷ᠎ᠡ ᠵᠡᠷᠭᠡᠯᠡᠳᠡᠭᠡ ᠪᠣᠯᠬᠤᠷ ᠮᠠᠯ ᠮᠠᠯᠵᠢᠬᠤ ᠪᠠᠷ ᠭᠤᠤᠯ ᠪᠣᠯᠭᠠᠭᠰᠠᠨ ᠰᠠᠭᠤᠷᠢᠨ ᠳᠡᠭᠡᠷ᠎ᠡ ᠪᠠᠰᠠ ᠠᠷᠠᠯᠵᠢᠶ᠎ᠠ ᠮᠠᠢ᠌ᠮᠠᠢ ᠵᠡᠷᠭᠡ ᠶᠢᠨ ᠪᠣᠰᠤᠳ ᠵᠣᠢ᠌ᠯ ᠢ ᠬᠠᠪᠰᠤᠷᠭᠠᠨ ᠡᠵᠡᠩᠨᠡᠳᠡᠭ᠌ ᠪᠣᠯᠵᠠᠢ᠃ ᠡᠢ᠌ᠮᠤ ᠡᠴᠡ ᠠᠵᠤ ᠠᠬᠤᠢ ᠰᠤᠶᠤᠯ ᠤᠨ ᠳᠠᠯ᠎ᠠ ᠪᠠᠷ ᠶᠡᠭᠡᠳᠡ ᠭᠦᠭ᠍ᠵᠢᠵᠤ ᠨᠢᠭᠡᠨ ᠦᠶ᠎ᠡ ᠭᠦᠴᠦᠷᠭᠡᠭ᠍ᠵᠢᠭᠡᠳ ᠠᠯᠳᠠᠨ ᠣᠯᠤᠰ ᠢ ᠪᠠᠢ᠌ᠯᠳᠤᠨ ᠳᠠᠢ᠌ᠯᠵᠤ ᠪᠠᠢ᠌ᠭᠰᠠᠨ ᠥᠩᠭᠡᠷᠡᠯᠳᠡ ᠲᠡᠶ᠃ ᠵᠠᠷᠢᠮ ᠳᠡᠦᠭᠡ ᠶᠢᠨ ᠨᠤᠮ ᠰᠤᠳᠤᠷ ᠢ ᠦᠵᠡᠪᠠᠯ᠂ ᠳᠠᠮᠤᠵᠢᠨ ᠡᠴᠡ ᠬᠤᠩᠭᠢᠷᠠᠤᠨ ᠭᠦᠮᠦᠰ ᠤᠨ ᠬᠠᠷᠪᠣᠵᠤ ᠨᠠᠮᠨᠠᠬᠤ ᠶᠢᠨ ᠣᠷ᠎ᠠ ᠡᠷᠳᠡᠮ ᠢ ᠰᠤᠷᠴᠤ ᠡᠵᠡᠮᠰᠢᠭ᠍ᠰᠡᠨ ᠪᠦᠭᠡᠳ ᠬᠠᠳᠠᠮ ᠡᠴᠢᠭᠡ ᠳ᠋ᠠᠢ ᠰᠠᠴᠠᠨ ᠢ ᠳᠠᠭᠠᠵᠤ ᠳᠤᠳᠤᠷ ᠭᠠᠵᠠᠷ ᠶᠢᠡᠷ ᠠᠷᠠᠯᠵᠢᠶ᠎ᠠ ᠮᠠᠢ᠌ᠮᠠᠢ ᠭᠢᠵᠤ ᠶᠠᠪᠣᠭᠰᠠᠨ ᠡᠴᠡ ᠮᠠᠢ᠌ᠮᠠᠢ᠌ᠯᠠᠬᠤ ᠣᠬᠠᠭᠠᠨ ᠢ ᠴᠤ ᠡᠵᠡᠮᠰᠢᠯ᠎ᠡ ᠭᠡᠳᠡᠭ᠌᠃ ᠶᠠᠭᠤ ᠴᠤ ᠭᠡᠰᠡᠨ᠂ ᠳᠠᠮᠤᠵᠢᠨ ᠠᠭᠤᠤ ᠣᠢ᠌ᠯᠠᠰ ᠪᠦᠳᠦᠭᠡᠭᠦ ᠡᠷᠳᠡᠮ ᠴᠢᠳᠠᠪᠣᠷᠢ ᠲᠡᠶ ᠪᠣᠯᠬᠤ ᠳᠤ ᠬᠠᠳᠠᠮ ᠤᠨ ᠳᠠᠯ᠎ᠠ ᠡᠴᠡ ᠶᠡᠭᠡ ᠨᠥᠯᠦᠭᠡ ᠥᠵᠡᠭᠦᠯᠦᠭ᠍ᠰᠡᠨ ᠭᠡᠳᠡᠭ᠌ ᠲᠤ ᠣᠯᠠᠩᠭᠢ ᠮᠤᠩᠭ᠋ᠤᠯᠴᠢ ᠡᠷᠳᠡᠮᠳᠡᠨ ᠦᠵᠡᠯ ᠨᠢᠭᠡᠳᠡᠢ ᠪᠠᠢ᠌ᠨ᠎ᠠ᠃ 《ᠭᠦᠷᠭᠡᠨ》 ᠭᠡᠭᠦ ᠨᠠᠷᠠᠢ᠌ᠳᠤᠯ ᠳᠠᠷᠠ ᠭᠡᠪ ᠶᠢᠡᠷ ᠶᠢᠡᠨ ᠡᠭᠡ ᠶᠢᠨ ᠡᠷᠭᠡᠳᠤ ᠶᠤᠰᠤᠨ ᠤ ᠦᠯᠠᠳᠠᠴᠠ ᠪᠣᠯᠬᠤ ᠶᠤᠮ᠃ ᠳᠠᠷᠤᠢ 《ᠭᠦᠷᠴᠤ ᠢᠷᠡᠭ᠍ᠰᠡᠨ》 ᠪᠣᠶᠤ 《ᠭᠦᠷᠭᠡᠵᠤ ᠢᠷᠡᠭ᠍ᠰᠡᠨ ᠭᠦᠮᠤᠨ》 ᠭᠡᠰᠡᠨ ᠤᠳᠬ᠎ᠠ ᠶᠢ ᠠᠭᠤᠯᠵᠤ ᠬᠠᠨᠢᠯᠠᠭᠰᠠᠨ ᠰᠡᠳᠭᠢᠯ ᠶᠢᠡᠷ ᠪᠢᠰᠢ ᠭᠦᠴᠤ ᠪᠠᠨ ᠦᠭ‍ᠭᠦ ᠪᠠᠶ᠎ᠠ ᠪᠣᠯᠵᠠᠢ᠃ ᠡᠭᠦᠨ ᠡᠴᠡ 《ᠭᠦᠷᠭᠡᠨ ᠭᠦᠮᠤᠨ ᠭᠦᠴᠤ ᠲᠡᠶ᠂ ᠭᠦᠵᠦᠭᠦᠨ ᠮᠢᠬ᠎ᠠ ᠠᠮᠳᠠ ᠲᠡᠶ》 ᠭᠡᠰᠡᠨ ᠵᠣᠢ᠌ᠷ ᠥᠭᠡ ᠭᠠᠷᠤᠭᠰᠠᠨ ᠨᠢ ᠣᠳᠤ ᠳᠤ ᠪᠣᠯᠳᠠᠯ᠎ᠠ ᠬᠤᠷᠴᠢᠨ ᠮᠤᠩᠭ᠋ᠤᠯᠴᠤᠳ ᠤᠨ ᠳᠤᠮᠳᠠ ᠨᠠᠢ᠌ᠳᠠᠮ ᠣᠯᠠᠮᠵᠢᠯᠠᠭᠳᠠᠨ ᠭᠡᠯᠡᠭ᠍ᠳᠡᠵᠤ ᠪᠠᠢ᠌ᠨ᠎ᠠ᠃ ᠠᠮᠠᠨ ᠠᠷᠢᠭᠢ ᠣᠤᠭᠤᠭᠰᠠᠨ ᠪᠣᠯᠬᠤᠷ ᠳᠠᠷᠤᠢ ᠣᠷᠤᠭ ᠳᠤᠭᠳᠠᠭᠰᠠᠨ ᠪᠣᠯᠵᠤ ᠵᠢᠩᠭᠢᠨᠢ ᠭᠦᠷᠭᠡᠨ ᠭᠦᠤ ᠶᠢᠨ ᠶᠤᠰᠤᠭᠠᠷ ᠭᠡᠦᠭᠡᠨ ᠤ ᠭᠡᠷ ᠲᠤ ᠣᠷᠤᠵᠤ ᠭᠠᠷᠴᠤ ᠪᠣᠯᠤᠨ᠎ᠠ᠃ ᠳᠠᠷᠤᠢ ᠡᠭᠡ ᠶᠢᠨ ᠡᠷᠭᠡᠳᠤ ᠶᠤᠰᠤᠨ ᠨᠢ ᠡᠴᠢᠭᠡ ᠶᠢᠨ ᠡᠷᠭᠡᠳᠤ ᠶᠤᠰᠤᠨ ᠳᠤ ᠰᠤᠯᠢᠭᠳᠠᠭᠰᠠᠨ ᠡᠴᠡ ᠭᠦᠷᠭᠡᠨ ᠣᠷᠤᠬᠤ ᠶᠤᠰᠤ ᠨᠢ ᠪᠠᠷᠢ ᠪᠠᠭᠤᠯᠭᠠᠬᠤ ᠶᠤᠰᠤ ᠪᠠᠷ ᠮᠦᠨ ᠰᠤᠯᠢᠭᠳᠠᠭᠰᠠᠨ ᠪᠠᠢ᠌ᠨ᠎ᠠ᠃ ᠳᠡᠭᠡᠭᠡᠳ ᠡᠷᠡᠭ᠍ᠳᠡᠢ ᠨᠢ ᠡᠮᠡᠭ᠍ᠳᠡᠢ ᠶᠢᠨ ᠣᠷᠤᠭ ᠲᠤ ᠣᠴᠢᠳᠠᠭ ᠨᠢ ᠬᠤᠭᠤᠴᠠᠭ᠎ᠠ ᠲᠡᠶ ᠪᠣᠯᠵᠠᠢ᠃ ᠬᠤᠷᠴᠢᠨ ᠮᠤᠩᠭ᠋ᠤᠯᠴᠤᠳ ᠤᠨ ᠬᠠᠳᠠᠮᠴᠢᠯᠠᠬᠤ ᠶᠤᠰᠤᠨ ᠳᠤ ᠭᠤᠤᠯᠳᠠᠭᠤ ᠵᠢᠯ ᠪᠦᠷᠢ ᠶᠢᠨ ᠳᠤᠯᠤᠭᠠᠨ ᠰᠠᠷ᠎ᠠ ᠶᠢᠨ ᠰᠢᠨ᠎ᠠ ᠶᠢᠨ ᠬᠤᠶᠠᠷ ᠪᠣᠶᠤ ᠴᠠᠭᠠᠨ ᠰᠠᠷ᠎ᠠ ᠶᠢᠨ ᠰᠢᠨ᠎ᠠ ᠶᠢᠨ ᠬᠤᠶᠠᠷ ᠤ ᠡᠳᠦᠷ ᠪᠣᠯᠤᠨ᠎ᠠ᠃ ᠡᠭᠦᠨ ᠡᠴᠡ ᠭᠠᠳᠠᠭᠤᠷ ᠪᠠᠰᠠ ᠠᠵᠢᠯ ᠤᠨ ᠶᠠᠭᠠᠷᠠᠤ ᠦᠶ᠎ᠡ ᠳᠤ ᠬᠠᠳᠠᠮᠴᠢᠯᠠᠵᠤ ᠬᠠᠳᠠᠮ ᠤᠨ ᠭᠠᠵᠠᠷ ᠳᠤ ᠬᠠᠪᠣᠷ ᠤᠨ ᠳᠡᠯᠡᠯᠭᠡ᠂ ᠵᠤᠨ ᠤ ᠠᠷᠠᠴᠢᠯᠠᠯᠭ᠎ᠠ᠂ ᠨᠠᠮᠤᠷ ᠤᠨ ᠬᠤᠷᠢᠶᠠᠯᠠᠭ᠎ᠠ ᠮᠠᠳᠤ ᠶᠢᠨ ᠠᠵᠢᠯ ᠳ᠋ᠤᠨᠢ ᠬᠠᠮᠵᠢᠵᠤ ᠪᠠᠢ᠌ᠳᠠᠭ᠃ ᠮᠤᠩᠭ᠋ᠤᠯ ᠠᠢ᠌ᠮᠠᠭ ᠤᠨ ᠨᠢᠭᠡᠨ ᠪᠣᠯᠬᠤ ᠰᠢᠶᠠᠠᠫᠢ ᠨᠡᠷ ᠤᠨ ᠳᠤᠮᠳᠠ ᠭᠡᠷ ᠪᠦᠯᠢ ᠪᠣᠯᠤᠯᠴᠠᠬᠤ ᠳᠤ ᠪᠠᠨ 《ᠭᠦᠷᠭᠡᠨ ᠭᠦᠤ ᠬᠠᠳᠠᠮ ᠶᠢᠨ ᠳᠤ ᠪᠠᠨ ᠬᠤᠶᠠᠷ ᠵᠢᠯ ᠵᠠᠷᠤᠴᠠᠯᠠᠭᠳᠠᠳᠠᠭ᠃ ᠡᠭᠦᠨ ᠤ ᠳᠠᠷᠠᠭ᠎ᠠ ᠡᠴᠢᠭᠡ ᠨᠢ ᠦᠬᠢᠨ ᠶᠢᠡᠨ ᠬᠠᠳᠠᠮ ᠤᠨ ᠳ᠋ᠤᠨᠢ ᠡᠯᠪᠠᠭ᠌ ᠪᠠᠶᠠᠯᠢᠭ ᠶᠢᠡᠷ ᠭᠠᠷᠭᠠᠵᠤ ᠥᠭ᠍ᠳᠡᠭ᠌》 ᠭᠡᠭᠦ ᠳᠡᠦᠭᠡ ᠶᠢᠨ ᠳᠡᠮᠳᠡᠭᠯᠡᠯ ᠪᠠᠢ᠌ᠨ᠎ᠠ᠃ ᠬᠠᠳᠠᠮᠴᠢᠯᠠᠭᠰᠠᠨ ᠭᠦᠷᠭᠡᠨ ᠭᠡᠦᠭᠡᠨ ᠤ ᠭᠡᠷ ᠲᠤ ᠬᠠᠳᠠᠮ ᠠᠪᠣ ᠪᠣᠶᠤ ᠬᠠᠳᠠᠮ ᠠᠬ᠎ᠠ ᠪᠠᠨ ᠳᠠᠭᠠᠵᠤ ᠠᠵᠢᠯ ᠭᠢᠵᠤ ᠰᠤᠷᠤᠨ᠎ᠠ᠃ ᠭᠡᠦᠭᠡᠨ ᠨᠢ ᠭᠦᠷᠭᠡᠨ ᠳᠤ ᠪᠠᠨ ᠱᠠᠬᠠᠢ ᠭᠤᠳᠤᠯ ᠣᠶᠤᠵᠤ ᠦᠭ‍ᠭᠦᠨ᠎ᠡ᠃ ᠬᠠᠳᠠᠮᠴᠢᠯᠠᠭᠰᠠᠨ ᠭᠦᠷᠭᠡᠨ ᠡᠷᠭᠡᠪᠰᠢ ᠦᠷᠯᠦᠭᠡ ᠡᠷᠳᠡ ᠪᠣᠰᠤᠨ᠎ᠠ᠃ ᠭᠦᠷᠢᠶ᠎ᠡ ᠬᠠᠰᠢᠶ᠎ᠠ ᠴᠠᠪᠠᠷᠯᠠᠨ᠎ᠠ᠃ ᠮᠠᠯ ᠣᠨᠤᠭ᠎ᠠ ᠣᠰᠤᠯᠠᠵᠤ ᠡᠪᠠᠰᠦᠯᠡᠨ᠎ᠡ᠃ ᠠᠷᠭᠠᠯ ᠲᠦᠯᠡᠭᠡ ᠣᠷᠤᠭᠤᠯᠤᠨ᠎ᠠ᠃ ᠠᠷᠢᠭᠢ ᠣᠤᠭᠤᠬᠤ ᠦᠭᠡᠶ᠃ ᠳᠠᠮᠠᠭᠢ ᠳᠠᠳᠠᠬᠤ ᠦᠭᠡᠶ᠃ ᠨᠠᠭᠠᠳᠤᠮ ᠨᠠᠭᠠᠳᠬᠤ ᠦᠭᠡᠶ᠃ ᠠᠯᠢ ᠴᠢᠳᠠᠬᠤ ᠪᠠᠷ ᠴᠢᠷᠮᠠᠢ᠌ᠵᠤ ᠵᠠᠯᠬᠠᠭᠤᠷᠠᠵᠤ ᠣᠰᠤᠯᠳᠤᠵᠤ ᠣᠭᠳᠤᠬᠠᠨ ᠴᠤ ᠪᠣᠯᠬᠤ ᠦᠭᠡᠶ᠃ ᠠᠯᠵᠢᠭᠤ ᠵᠠᠯᠬᠠᠭᠤ ᠡᠷ᠎ᠡ ᠶᠢᠨ ᠨᠠᠷ᠎ᠠ ᠵᠡᠭᠦᠵᠤ ᠬᠠᠳᠠᠮ ᠳᠤ ᠪᠠᠨ ᠭᠤᠯᠤᠭᠳᠠᠬᠤ ᠣᠴᠢᠷ ᠪᠠᠰᠠ ᠭᠠᠷᠴᠤ᠂ ᠭᠡᠴᠡᠭᠦᠤ ᠦᠶ᠎ᠡ ᠳᠤ 《ᠣᠷᠤᠭ ᠪᠣᠴᠠᠭᠠᠬᠤ》 ᠳᠤᠩ ᠬᠤᠪᠣᠷᠬᠠᠨ ᠶᠠᠪᠣᠳᠠᠯ ᠴᠤ ᠭᠠᠷᠴᠤ ᠪᠠᠢ᠌ᠳᠠᠭ᠃ ᠭᠡᠳᠥᠢ᠌ᠪᠠᠷ ᠬᠠᠷᠢᠯᠴᠠᠨ ᠣᠢ᠌ᠯᠠᠭᠠᠬᠤ ᠭᠡᠰᠡᠨ ᠰᠠᠨᠠᠭ᠎ᠠ ᠲᠡᠶ ᠪᠣᠯᠪᠠᠴᠤ ᠪᠠᠷᠠᠭᠤᠨ ᠧᠦ᠋ᠷᠥᠫᠡ ᠶᠢᠨ 《ᠳᠤᠷᠰᠢᠬᠤ ᠣᠷᠤᠭ》 ᠲᠡᠶ ᠠᠳᠠᠯᠢ ᠦᠭᠡᠶ᠃ ᠳᠠᠷᠤᠢ ᠭᠦᠤ ᠭᠡᠦᠭᠡᠨ ᠬᠤᠶᠠᠷ ᠳᠠᠷ᠎ᠠ ᠨᠢᠭᠡᠳᠭᠡᠵᠤ ᠪᠣᠯᠬᠤ ᠦᠭᠡᠶ᠃ ᠭᠤᠤᠯ ᠨᠢ ᠬᠠᠳᠠᠮ ᠠᠪᠣ ᠨᠢ ᠡᠰᠡᠭᠦᠯ᠎ᠡ ᠬᠠᠳᠠᠮ ᠠᠬ᠎ᠠ ᠨᠢ 《ᠭᠦᠷᠭᠡᠨ ᠭᠦᠤ ᠶᠢᠨ ᠭᠦᠴᠤ ᠶᠢ ᠳᠤᠷᠰᠢᠬᠤ》 ᠰᠠᠨᠠᠭ᠎ᠠ ᠲᠡᠶ ᠭᠦᠴᠢᠷᠳᠡᠢ ᠠᠵᠢᠯ ᠳᠠᠭᠠᠭᠠᠯᠭᠠᠵᠤ ᠭᠦᠴᠤ ᠶᠢ ᠨᠢ ᠳᠤᠷᠰᠢᠬᠤ᠂ ᠳᠦᠪᠠᠭ᠌ ᠲᠡᠶ ᠡᠭᠦᠷᠭᠡ ᠳᠤᠰᠢᠶᠠᠵᠤ ᠣᠬᠠᠭᠠᠨ ᠳᠠᠮ ᠶᠢ ᠨᠢ ᠳᠤᠷᠰᠢᠬᠤ ᠵᠡᠷᠭᠡ ᠶᠢᠨ ᠡᠯᠳᠡᠪ ᠤᠨ ᠰᠤᠷᠢᠯᠳᠠ ᠭᠢᠵᠤ ᠳᠡᠩᠰᠡᠭᠦ ᠶᠢᠨ ᠳᠠᠭᠠᠤ ᠪᠠᠢ᠌ᠳᠠᠯ ᠳᠤ ᠨᠢ ᠵᠤᠭᠢᠴᠠᠭᠤᠯᠤᠨ ᠦᠪᠡᠷ ᠶᠢᠡᠨ ᠳᠠᠭᠠᠭᠤᠯᠵᠤ ᠭᠦᠳᠡᠯᠮᠦᠷᠢᠯᠡᠨ ᠠᠵᠢᠯ ᠳᠤ ᠴᠠᠭᠠᠷᠠᠭᠤᠯᠵᠤ᠂ ᠮᠡᠷᠭᠡᠵᠢᠯ ᠳᠤ ᠰᠢᠯᠭᠠᠷᠠᠭᠤᠯᠵᠤ᠂ ᠠᠮᠢᠳᠤᠷᠠᠯ ᠤᠨ ᠴᠢᠳᠠᠪᠣᠷᠢ ᠲᠡᠶ ᠪᠣᠯᠭᠠᠨ ᠭᠦᠮᠦᠵᠢᠭᠦᠯᠭᠦ ᠶᠢ ᠣᠶᠠᠯᠳᠤᠭᠤᠯᠳᠠᠭ᠃ ᠳᠡᠭᠡᠭᠦ ᠪᠠᠷ ᠨᠢ 《ᠡᠮ᠎ᠡ ᠪᠠᠨ ᠳᠠᠭᠠᠵᠤ ᠳᠦᠷᠭᠦᠮ ᠳ᠋ᠤᠨᠢ ᠵᠠᠷᠤᠭᠳᠠᠬᠤ》᠂ 《ᠭᠦᠷᠭᠡᠨ ᠭᠦᠤ ᠭᠦᠴᠤ ᠪᠠᠨ᠂ ᠭᠦᠷᠡᠭ᠍ᠴᠢ ᠦᠨᠢᠶ᠎ᠡ ᠰᠢᠮ᠎ᠠ ᠪᠠᠨ》 ᠭᠡᠭᠦ ᠮᠠᠳᠤ ᠶᠢᠨ ᠵᠣᠢ᠌ᠷ ᠥᠭᠡᠰ ᠪᠣᠢ ᠪᠣᠯᠤᠭᠰᠠᠨ ᠪᠠᠢ᠌ᠳᠠᠭ᠃

7᠂ ᠪᠠᠯᠡᠭ᠌ ᠳᠤᠰᠢᠶᠠᠬᠤ ᠶᠤᠰᠤᠨ

ᠠᠷᠢᠭᠢᠨ ᠬᠤᠷᠢᠮ ᠳᠤ ᠭᠡᠯᠡᠯᠴᠡᠵᠤ ᠳᠤᠭᠳᠠᠭᠰᠠᠨ ᠶᠤᠰᠤᠭᠠᠷ ᠭᠦᠤ ᠶᠢᠨ ᠳᠠᠯ᠎ᠠ ᠶᠢᠨ ᠭᠦᠮᠦᠰ ᠮᠠᠯ ᠪᠠᠯᠡᠭ᠌ ᠤᠨ ᠶᠠᠭᠤᠮᠠᠰ ᠶᠢᠡᠨ ᠳᠦᠭᠦᠭᠡᠷᠴᠤ ᠭᠡᠦᠭᠡᠨ ᠤ ᠳᠠᠯ᠎ᠠ ᠳᠤ ᠳᠤᠰᠢᠶᠠᠳᠠᠭ ᠶᠤᠰᠤᠯᠠᠯ᠃ ᠪᠠᠯᠡᠭ᠌ ᠪᠣᠯ ᠪᠠᠯᠭᠡ ᠮᠦᠨ᠃ ᠪᠠᠯᠡᠭ᠌ ᠤᠨ ᠡᠳ᠋ ᠨᠢ ᠭᠢᠴᠠ ᠪᠦᠳᠦᠴᠡ ᠪᠠᠷ ᠶᠢᠡᠨ ᠪᠠᠯᠡᠭᠯᠡᠭ᠍ᠴᠢ ᠶᠢᠨ ᠰᠠᠨᠠᠭ᠎ᠠ ᠶᠢ ᠪᠠᠯᠭᠡᠳᠡᠵᠤ ᠪᠠᠢ᠌ᠳᠠᠭ ᠣᠴᠢᠷᠳᠠᠢ᠃ ᠭᠦᠤ ᠶᠢᠨ ᠳᠠᠯ᠎ᠠ ᠡᠴᠡ ᠶᠡᠭᠡ ᠭᠡᠮᠵᠢᠶᠡᠨ ᠤ ᠡᠳ᠋ ᠮᠥᠩᠭᠦ ᠶᠢ ᠭᠡᠦᠭᠡᠨ ᠤ ᠳᠠᠯ᠎ᠠ ᠳᠤ ᠳᠤᠰᠢᠶᠠᠬᠤ ᠪᠣᠯᠪᠠᠴᠤ ᠮᠦᠨ ᠴᠢᠨᠠᠷ ᠳᠡᠭᠡᠷ᠎ᠡ ᠪᠠᠨ ᠬᠤᠳᠠᠯᠳᠤᠭᠠᠨ ᠤ ᠣᠷᠤᠭ ᠭᠡᠵᠤ ᠭᠡᠯᠡᠵᠤ ᠪᠣᠯᠬᠤ ᠦᠭᠡᠶ᠃ ᠣᠴᠢᠷ ᠨᠢ ᠣᠯᠠᠩᠭᠢ ᠳᠤ ᠪᠠᠨ ᠭᠦᠷᠭᠡᠨ ᠳᠠᠯ᠎ᠠ ᠡᠴᠡ ᠪᠠᠯᠡᠭ᠌ ᠭᠦᠷᠭᠡᠨ᠂ ᠭᠡᠦᠭᠡᠨ ᠳᠠᠯ᠎ᠠ ᠡᠴᠡ ᠦᠪ ᠬᠤᠪᠢᠶᠠᠨ ᠦᠭ‍ᠭᠦᠨ ᠬᠤᠶᠠᠷ ᠬᠡᠦᠬᠡᠳ ᠤᠨ ᠶᠢᠡᠨ ᠠᠮᠢᠳᠤᠷᠠᠯ ᠣᠠᠳᠤᠷᠤᠯᠭ᠎ᠠ ᠳᠤ ᠰᠠᠭᠤᠷᠢ ᠶᠢ ᠳᠠᠯᠪᠢᠨ ᠥᠭ᠍ᠴᠤ ᠪᠠᠢ᠌ᠭ᠎ᠠ ᠶᠤᠮ᠃ ᠮᠤᠩᠭ᠋ᠤᠯᠴᠤᠳ ᠡᠷᠳᠡᠨ ᠡᠴᠡ ᠪᠠᠨ ᠭᠡᠦᠭᠡᠨ ᠳᠤ ᠪᠠᠨ ᠭᠦᠷᠦᠩᠭᠡ ᠬᠤᠪᠢᠶᠠᠨ ᠦᠭ‍ᠭᠦ ᠶᠢ ᠣᠠᠴᠠ ᠴᠢᠬᠤᠯᠠᠴᠢᠯᠠᠵᠤ᠂ ᠡᠷᠡᠭ᠍ᠳᠡᠢ ᠶᠢᠨ ᠳᠠᠯ᠎ᠠ ᠡᠴᠡ ᠭᠡᠳᠦᠢ ᠭᠦᠡᠳᠤ ᠪᠠᠯᠡᠭ᠌ ᠳᠤᠰᠢᠶᠠᠪᠠᠴᠤ ᠭᠡᠦᠭᠡᠨ ᠤ ᠳᠠᠯ᠎ᠠ ᠡᠴᠡ ᠠᠳᠠᠯᠢᠳᠬᠠᠨ ᠳᠠᠭᠠᠭᠤᠯᠤᠨ ᠦᠭ‍ᠭᠦ ᠪᠣᠶᠤ ᠳᠠᠪᠠᠭᠤᠯᠤᠨ ᠦᠭ‍ᠭᠦ ᠶᠢ ᠠᠩᠬᠠᠷᠳᠠᠭ᠃ ᠡᠢ᠌ᠮᠤ ᠡᠴᠡ ᠮᠤᠩᠭ᠋ᠤᠯ ᠥᠭᠡᠨ ᠳᠤ 《ᠪᠠᠷᠢ ᠪᠠᠭᠤᠯᠭᠠᠬᠤ ᠡᠴᠡ ᠠᠶᠤᠬᠤ ᠦᠭᠡᠶ᠂ ᠦᠬᠢᠨ ᠦᠭ‍ᠭᠦ ᠡᠴᠡ ᠠᠶᠤᠨ᠎ᠠ》 ᠭᠡᠳᠡᠭ᠌ ᠭᠡᠯᠡᠴᠡ ᠪᠣᠢ ᠪᠣᠯᠤᠭᠰᠠᠨ ᠪᠠᠢ᠌ᠳᠠᠭ᠃

ᠨᠢᠭᠡ ᠡᠷᠡᠭ᠍ᠳᠡᠢ ᠨᠢᠭᠡ ᠡᠮᠡᠭ᠍ᠳᠡᠢ ᠶᠢᠨ ᠬᠤᠤᠰᠯᠠᠮᠠᠯ ᠭᠡᠷ ᠪᠦᠯᠢ ᠡᠭᠦᠰᠦᠭ᠍ᠰᠡᠨ ᠴᠠᠭ ᠡᠴᠡ ᠡᠭᠢᠯᠡᠭᠡᠳ ᠡᠮᠡᠭ᠍ᠳᠡᠢ᠌ᠴᠦᠳ ᠢ ᠬᠤᠯᠠᠭᠠᠢ᠌ᠯᠠᠵᠤ ᠬᠤᠳᠠᠯᠳᠤᠨ ᠠᠪᠴᠤ ᠡᠭᠢᠯᠡᠭ᠍ᠰᠡᠨ ᠪᠣᠯᠤᠯᠳᠠᠢ᠃ ᠬᠤᠳᠠ ᠬᠤᠳᠠᠭᠠᠢ ᠭᠡᠳᠡᠭ᠌ ᠥᠭᠡ ᠨᠢ ᠬᠤᠳᠠᠯᠳᠤᠭ᠎ᠠ ᠭᠡᠭᠦ ᠥᠭᠡ ᠲᠡᠶ ᠬᠤᠯᠪᠣᠭᠳᠠᠬᠤ ᠪᠦᠭᠡᠳ ᠬᠤᠳᠠᠯᠳᠤᠭᠠᠯᠠᠬᠤ ᠡᠴᠡ ᠡᠭᠦᠰᠦᠭ᠍ᠰᠡᠨ ᠨᠠᠷᠠᠢ᠌ᠳᠤᠯ ᠪᠠᠢ᠌ᠵᠤ ᠮᠠᠳᠠᠨ᠎ᠠ᠃ ᠥᠩᠭᠡᠷᠡᠭ᠍ᠰᠡᠨ ᠳᠤ ᠬᠤᠷᠴᠢᠠᠴᠤᠳ ᠤᠨ ᠬᠤᠷᠢᠮ ᠤᠨ ᠪᠠᠯᠡᠭ᠌ ᠶ‍ᠢᠰᠤ ᠶ‍ᠢᠰᠤ ᠨᠠᠶᠠᠨ ᠨᠢᠭᠡ ᠭᠡᠵᠤ ᠳᠤᠰᠢᠶᠠᠳᠠᠭ ᠪᠠᠢ᠌ᠵᠤ ᠭᠡᠨ᠎ᠡ᠃ ᠣᠳᠤ ᠨᠠᠶᠠᠨ ᠨᠢᠭᠡ ᠶᠢ ᠴᠢᠩᠭ᠋᠎ᠠ ᠱᠠᠭᠠᠷᠳᠠᠬᠤ ᠦᠭᠡᠶ ᠪᠣᠯᠪᠠᠴᠤ ᠶ‍ᠢᠰᠤ ᠶᠢᠨ ᠳᠤᠭ᠎ᠠ ᠣᠷᠤᠭᠤᠯᠬᠤ ᠶᠢ ᠶᠡᠭᠡ ᠠᠩᠬᠠᠷᠳᠠᠭ᠃ ᠶ‍ᠢᠰᠤ ᠪᠣᠯ ᠳᠤᠭᠠᠨ ᠤ ᠠᠬᠠᠮᠠᠤᠨ ᠪᠣᠯᠤᠨ᠎ᠠ᠃ ᠶ‍ᠢᠰᠤᠨ ᠪᠠᠯᠭᠡ ᠭᠦᠷᠭᠡᠭᠦ ᠨᠢ ᠬᠠᠮᠤᠭ ᠰᠠᠢ᠌ᠨ ᠪᠣᠯᠬᠤ᠂ ᠬᠠᠮᠤᠭ ᠣᠷᠳᠤ ᠨᠠᠰᠤᠯᠠᠬᠤ᠂ ᠬᠠᠮᠤᠭ ᠪᠠᠶᠠᠷ ᠵᠢᠷᠭᠠᠯ ᠲᠡᠶ ᠪᠣᠯᠬᠤ ᠶᠢ ᠪᠠᠯᠭᠡᠳᠡᠵᠤ ᠪᠠᠢ᠌ᠭ᠎ᠠ ᠶᠤᠮ᠃ ᠠᠮᠢᠳᠤᠷᠠᠯ ᠨᠢ ᠶᠠᠳᠠᠭᠤ ᠪᠣᠯᠤᠭᠠᠤᠨ ᠶ‍ᠢᠰᠤ ᠶᠢᠨ ᠳᠤᠭ᠎ᠠ ᠶᠢ ᠪᠦᠷᠢᠳᠦᠭᠦᠯᠵᠤ ᠳᠡᠢ᠌ᠯᠭᠦ ᠦᠭᠡᠶ ᠪᠣᠯ ᠪᠣᠰᠤᠳ ᠦᠷᠦᠭᠡᠰᠤᠨ ᠳᠤᠭ᠎ᠠ ᠪᠠᠷ ᠪᠠᠯᠡᠭᠯᠡᠭᠦ ᠶᠢ ᠡᠷᠭᠢᠮᠯᠡᠨ᠎ᠡ᠃ ᠳᠠᠷᠤᠢ ᠭᠤᠷᠪᠠ᠂ ᠳᠠᠪᠣ᠂ ᠳᠤᠯᠤᠭ᠎ᠠ ᠭᠡᠵᠤ ᠰᠤᠠᠳᠤᠭᠠᠢ ᠳᠤᠭ᠎ᠠ ᠪᠠᠷ ᠭᠦᠷᠭᠡᠨ᠎ᠡ᠃

《ᠮᠤᠩᠭ᠋ᠤᠯ ᠤᠨ ᠨᠢᠭᠤᠴᠠ ᠳᠤᠪᠴᠢᠶᠠᠨ》 ᠳ᠋ᠤ 《ᠶ‍ᠢᠰᠤ》 ᠶ᠋ᠢᠨ ᠳᠤᠭ᠎ᠠ ᠲᠡᠶ ᠬᠠᠮᠢᠶ᠎ᠠ ᠪᠦᠭᠦᠢ ᠨᠠᠷᠠᠰ ᠴᠥᠭᠡᠨ ᠪᠣᠰᠤ ᠢᠯᠡᠷᠡᠳᠡᠭ᠌᠃ ᠵᠢᠱᠢᠶᠠᠯᠠᠪᠠᠯ ᠶ‍ᠢᠰᠦᠭᠡᠢ᠂ ᠶ‍ᠢᠰᠤᠢ᠂ ᠶ‍ᠢᠰᠦᠭᠡᠨ᠂ ᠶ‍ᠢᠰᠦᠩᠭᠡ᠂ ᠶ‍ᠢᠰᠦᠡᠳᠡᠭᠡ᠂ ᠶ‍ᠢᠰᠤᠨ ᠭᠦᠭᠦᠯᠳᠤ ᠴᠠᠭᠠᠨ ᠳᠤᠭ᠂ ᠶ‍ᠢᠰᠤᠨ ᠦᠷᠯᠦᠭ᠌᠂ ᠶ‍ᠢᠰᠤᠨ ᠠᠯᠳᠠᠰ᠁ ᠮᠠᠳᠤ ᠪᠠᠷ ᠳᠡᠮᠳᠡᠭᠯᠡᠭ᠍ᠳᠡᠵᠤ ᠪᠠᠢ᠌ᠭ᠎ᠠ ᠪᠦᠭᠡᠳ ᠮᠤᠩᠭ᠋ᠤᠯ ᠤᠨ ᠣᠵᠠᠭᠤᠷ ᠱᠠᠰᠢᠨ ᠪᠦᠭᠡ ᠮᠦᠷᠭᠦᠯ ᠳᠤ ᠪᠠᠰᠠ ᠶᠠᠷᠠ ᠶ‍ᠢᠰᠤᠨ ᠳᠡᠭ᠍ᠷᠢ᠂ ᠶ‍ᠢᠰᠤᠨ ᠳᠠᠪᠠᠭ᠎ᠠ ᠳᠠᠪᠠᠬᠤ᠁ ᠮᠠᠳᠤ ᠶᠢᠨ ᠥᠭᠡᠰ ᠪᠠᠢ᠌ᠳᠠᠭ᠃ ᠵᠢᠱᠢᠶᠠᠯᠠᠪᠠᠯ᠂ 《ᠨᠢᠭᠤᠴᠠ ᠳᠤᠪᠴᠢᠶᠠᠨ》 §267 ᠳ᠋ᠤ 《ᠪᠣᠷᠬᠠᠨ ᠴᠢᠩᠭᠢᠰ ᠬᠠᠭᠠᠨ᠎ᠠ ᠠᠭᠤᠯᠵᠠᠷ᠎ᠠ ᠢᠷᠠᠪᠠ᠃ ᠳᠠᠷᠠ ᠪᠣᠷᠬᠠᠨ ᠠᠭᠤᠯᠵᠠᠷᠤᠨ ᠠᠯᠳᠠᠨ ᠰᠦᠮᠠᠰ ᠳᠡᠷᠢᠭᠦᠯᠡᠨ ᠠᠯᠳᠠ ᠮᠥᠩᠭᠦᠨ ᠠᠶᠠᠭ᠎ᠠ ᠰᠠᠪᠠ ᠶ‍ᠢᠰᠤᠨ ᠶ‍ᠢᠰᠤᠳ ᠨᠤᠭᠤᠳ ᠦᠬᠢᠳ ᠶ‍ᠢᠰᠤᠨ ᠶ‍ᠢᠰᠤᠳ᠂ ᠠᠭᠳᠠᠰ ᠳᠡᠮᠡᠭᠡᠳ ᠶ‍ᠢᠰᠤᠨ ᠶ‍ᠢᠰᠤᠳ᠂ ᠡᠯᠳᠡᠪ ᠶᠢᠡᠷ ᠶ‍ᠢᠰᠤᠨ ᠶ‍ᠢᠰᠤᠳ ᠵᠢᠳᠤᠯᠠᠵᠤ ᠠᠭᠤᠯᠵᠠᠬᠤᠢ ᠳᠤᠷ᠁》 ᠭᠡᠭᠦ ᠮᠠᠳᠤ᠃ ᠡᠭᠦᠨ ᠡᠴᠡ ᠦᠵᠡᠪᠠᠯ ᠮᠤᠩᠭ᠋ᠤᠯᠴᠤᠳ ᠠᠯᠢ ᠡᠷᠳᠡᠨ ᠡᠴᠡ ᠳᠤᠭᠠᠨ ᠤ ᠣᠬᠠᠭᠠᠨ ᠤ ᠮᠡᠳᠡᠯᠭᠡ ᠲᠡᠶ ᠪᠠᠢ᠌ᠵᠠᠢ ᠭᠡᠰᠡᠨ ᠢ ᠦᠵᠡᠵᠤ ᠭᠠᠷᠤᠨ᠎ᠠ᠃ ᠣᠴᠢᠷ ᠨᠢ 《ᠶ‍ᠢᠰᠤ》 ᠭᠡᠳᠡᠭ᠌ ᠳᠤᠭ᠎ᠠ ᠪᠣᠯ ᠠᠷᠠᠪ ᠳᠤᠭ᠎ᠠ ᠶᠢᠨ ᠳᠤᠳᠤᠷᠠᠭᠢ ᠬᠠᠮᠤᠭ ᠤᠨ ᠶᠡᠭᠡ ᠦᠨᠳᠦᠰᠦᠨ ᠳᠤᠭ᠎ᠠ ᠮᠦᠨ᠃ ᠳᠡᠭᠡᠭᠡᠳ ᠪᠠᠯᠭᠡᠳᠤ ᠳᠤᠭ᠎ᠠ ᠭᠡᠵᠤ ᠥᠵᠡᠭ᠍ᠰᠡᠨ ᠪᠣᠯᠤᠯᠳᠠᠢ᠃ ᠴᠢᠬᠤᠯᠠ ᠭᠡᠷᠡᠭ᠌᠂ ᠳᠤᠮᠤ ᠠᠰᠠᠭᠤᠳᠠᠯ ᠪᠦᠭᠦᠨ ᠶᠢᠡᠨ ᠴᠦᠮ ᠶ‍ᠢᠰᠤᠨ ᠤ ᠳᠤᠭ᠎ᠠ ᠪᠠᠷ ᠨᠡᠷᠡᠯᠡᠳᠡᠭ᠌ ᠪᠠᠢ᠌ᠪᠠ᠃ 《ᠮᠤᠩᠭ᠋ᠤᠯ ᠤᠨ ᠵᠠᠩ ᠠᠭᠠᠯᠢ ᠶᠢᠨ ᠣᠢ᠌ᠯᠠᠪᠣᠷᠢ》 ᠳ᠋ᠤ 《ᠡᠳᠡᠭᠡᠷ ᠵᠠᠰᠠᠯᠭ᠎ᠠ ᠶᠢ ᠶ‍ᠢᠰᠤᠨ ᠳᠠᠪᠤᠨ ᠪᠠᠯᠡᠭ᠌ ᠭᠡᠮᠡᠨ ᠨᠠᠷᠠᠢᠳᠴᠤ ᠶᠠᠪᠣᠮᠤᠢ᠃ ᠳᠡᠷᠢᠭᠦᠨ ᠬᠠᠳᠠᠭ᠂ ᠬᠤᠶᠠᠳᠤᠭᠠᠷ ᠠᠷᠢᠭᠢ᠂ ᠭᠤᠳᠠᠭᠠᠷ ᠬᠤᠨᠢ᠂ ᠳᠦᠳᠦᠭᠡᠷ ᠥᠭᠡᠷ᠂ ᠳᠠᠪᠣᠳᠤᠭᠠᠷ ᠬᠤᠨᠠᠷ᠂ ᠵᠢᠷᠭᠤᠳᠤᠭᠠᠷ ᠵᠠᠰᠠᠯᠭ᠎ᠠ ᠬᠠᠳᠬᠤᠷ᠂ ᠳᠤᠯᠤᠳᠤᠭᠠᠷ ᠳᠡᠮᠡᠭᠡ᠂ ᠨᠢ᠋ᠮᠠᠳᠤᠭᠠᠷ ᠮᠠᠢ᠌ᠬᠠᠨ᠂ ᠶ‍ᠢᠰᠦᠳᠦᠭᠡᠷ ᠡᠯ᠎ᠡ ᠰᠠᠪᠠ ᠡᠢ᠌ᠮᠤ ᠵᠣᠢ᠌ᠯ ᠤᠨ ᠶᠠᠭᠤᠮ᠎ᠠ ᠶᠢ ᠶ‍ᠢᠰᠤ ᠳᠠᠪᠣ ᠭᠡᠮᠡᠵᠤ ᠭᠡᠷᠡᠭᠯᠡᠵᠤ ᠶᠠᠪᠣᠯᠴᠠᠮᠤᠢ》 ᠯᠤᠪᠰᠠᠩᠴᠣᠢ᠌ᠳᠠᠨ᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1981.9 《ᠮᠤᠩᠭ᠋ᠤᠯ ᠤᠨ ᠨᠢᠭᠤᠴᠠ ᠳᠤᠪᠴᠢᠶᠠᠨ》 ᠳ᠋ᠤ ᠬᠣᠢ᠌ᠯᠳᠠᠷ ᠤᠨ ᠡᠮ᠎ᠡ ᠭᠦᠪᠠᠭᠦᠨ᠎ᠡ ᠰᠤᠶᠤᠷᠬᠠᠭᠰᠠᠨ ᠵᠠᠭᠤᠨ ᠢᠷᠭᠡᠨ ᠢ 《ᠦᠭᠢᠨ ᠭᠦᠪᠠᠭᠦᠨ ᠳᠦᠷᠤᠪᠠᠰᠤ ᠡᠴᠢᠭᠡ ᠡᠭᠡ ᠢᠨᠤ ᠦᠪᠡᠷ ᠤᠨ ᠳᠤᠷ᠎ᠠ ᠪᠠᠷ ᠪᠣᠤ ᠬᠤᠳᠠᠯᠳᠤᠭᠠᠢ》 (ᠪᠠᠶᠠᠷ᠂ ᠳᠠᠳ᠋ ᠳᠠᠪᠳᠠᠷ᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1980᠂ 749 ᠳ᠋ᠤᠭᠡᠷ ᠨᠢᠭᠤᠷ᠃ )《ᠫᠠᠯᠠᠨ ᠺᠠᠷᠪᠢᠨ᠂ ᠸᠢᠯᠢᠶᠠᠮ ᠷᠦᠪᠷᠤᠩ ᠤᠨ ᠮᠤᠩᠭ᠋ᠤᠯ ᠳᠤ ᠵᠢᠭᠤᠯᠴᠢᠯᠠᠭᠰᠠᠨ ᠳᠡᠮᠳᠡᠭᠯᠡᠯ》 ᠳ᠋ᠤ 《ᠡᠷᠡᠭ᠍ᠳᠡᠢ ᠭᠦᠮᠤᠨ ᠪᠠᠷᠢ ᠠᠪᠣᠶ᠎ᠠ ᠭᠡᠪᠠᠯ ᠳᠠᠷᠠ ᠪᠠᠷᠢ ᠶᠢ ᠬᠤᠳᠠᠯᠳᠤᠨ ᠠᠪᠬᠤ ᠡᠴᠡ ᠥᠭᠡᠷ᠎ᠡ ᠠᠷᠭ᠎ᠠ ᠥᠭᠡᠢ ᠶᠤᠮ᠃》 (ᠭᠡᠷᠡᠯᠴᠤᠭᠳᠤ ᠮᠤᠩᠭ᠋ᠤᠯᠴᠢᠯᠠᠪᠠ᠂ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1982᠂ 53.ᠨᠢᠭᠤᠷ) ᠭᠡᠵᠤ ᠳᠡᠮᠳᠡᠭᠯᠡᠵᠡᠢ᠃ ᠭᠡᠷᠪᠡ ᠬᠤᠶᠠᠷ ᠳᠠᠯ᠎ᠠ ᠪᠠᠷ ᠶᠢᠡᠨ ᠳᠤᠷᠠᠳᠠᠢ ᠪᠣᠯ ᠪᠠᠯᠡᠭ᠌ ᠤᠨ ᠳᠤᠭ᠎ᠠ ᠶᠤᠰᠤ ᠶᠢ ᠪᠦᠷ ᠥᠭᠡᠭᠦᠤ ᠪᠠᠶᠠᠨ ᠤ ᠢᠯᠭᠠᠪᠣᠷᠢᠳᠠᠢ ᠪᠠᠷ ᠭᠡᠯᠡᠯᠴᠡᠨ ᠳᠤᠭᠳᠠᠵᠤ ᠪᠣᠯᠤᠨ᠎ᠠ᠃ ᠬᠤᠷᠴᠢᠨ ᠮᠤᠩᠭ᠋ᠤᠯᠴᠤᠳ ᠤᠨ ᠣᠷᠤᠭ ᠶᠤᠰᠤᠨ ᠳᠤ ᠪᠠᠯᠡᠭ᠌ ᠰᠠᠯᠳᠠ ᠳᠤᠰᠢᠶᠠᠬᠤ ᠵᠢᠷᠤᠮ ᠨᠢ ᠡᠷᠳᠡᠨ ᠤ ᠬᠤᠳᠠᠯᠳᠤᠭᠠᠨ ᠤ ᠣᠷᠤᠭ ᠤᠨ ᠦᠯᠠᠳᠠᠴᠠ ᠰᠤᠶᠤᠯ ᠪᠣᠯᠬᠤ ᠨᠢ ᠭᠠᠷᠴᠠᠭ᠎ᠠ ᠦᠭᠡᠶ᠃ 《ᠮᠤᠩᠭ᠋ᠤᠯ ᠤᠨ ᠨᠢᠭᠤᠴᠠ ᠳᠤᠪᠴᠢᠶᠠᠨ》 §66᠂ §238 ᠳ᠋ᠤ ᠶ‍ᠢᠰᠦᠭᠡᠢ ᠪᠠᠭᠠᠳᠤᠷ᠂ ᠭᠦᠪᠠᠭᠦᠨ ᠳᠠᠮᠤᠵᠢᠨ ᠳᠤ ᠪᠠᠨ ᠪᠦᠷᠳᠡᠭᠡᠯᠵᠢᠨ ᠦᠬᠢᠨ ᠢ ᠭᠤᠶᠤᠵᠤ ᠣᠷᠤᠭ ᠳᠤᠭᠳᠠᠬᠤ ᠳᠤ ᠪᠠᠨ ᠬᠤᠳᠠ ᠳ᠋ᠠᠢ ᠰᠠᠴᠠᠨ ᠳᠤ《ᠭᠦᠳᠦᠯ ᠮᠤᠷᠢᠨ ᠶᠢᠡᠨ ᠪᠠᠯᠡᠭ᠌ ᠥᠭ᠍ᠴᠤ》 ᠣᠳᠤᠭᠰᠠᠨ ᠢ ᠳᠡᠮᠳᠡᠭᠯᠡᠵᠤ ᠪᠠᠢ᠌ᠨ᠎ᠠ᠃ ᠪᠠᠰᠠ ᠣᠢ᠌ᠭᠤᠳ ᠤᠨ ᠢᠳᠤᠭᠤᠳ ᠤᠨ ᠴᠢᠩᠭᠢᠰ ᠬᠠᠭᠠᠨ ᠤ ᠦᠬᠢᠨ ᠠᠯ ᠠᠯᠳᠤᠨ ᠢ ᠭᠤᠶᠤᠭᠤᠯᠤᠭᠰᠠᠨ ᠤ ᠬᠠᠷᠢᠭᠤ ᠳᠤ 《ᠴᠢᠩᠭᠢᠰ ᠬᠠᠭᠠᠨ ᠰᠤᠶᠤᠷᠬᠠᠵᠤ ᠬᠠᠷᠢᠭᠤ ᠥᠭᠦᠯᠡᠵᠤ ᠢᠯᠠᠷᠤᠨ 〈ᠦᠬᠢ ᠪᠠᠷ ᠦᠭ‍ᠭᠦᠶ᠎ᠡ᠂ ᠳᠠᠪᠣᠳᠤᠭᠠᠷ ᠭᠦᠪᠠᠭᠦᠨ ᠪᠣᠯᠳᠤᠭᠠᠢ᠃ ᠠᠯᠳᠠ ᠮᠥᠩᠭᠦ ᠰᠤᠪᠣᠤᠨ ᠳᠠᠨᠠᠰ ᠨᠠᠴᠢᠳ ᠳᠠᠷᠳᠠᠰ ᠳᠤᠷᠭᠠᠤᠨ ᠠᠪᠣᠭᠠᠤᠨ ᠢᠳᠤᠭᠤᠳ ᠢᠷᠡᠳᠦᠭᠡᠢ〉 ᠭᠡᠮᠡᠪᠡ》᠃ ᠣᠳᠤ ᠬᠤᠷᠴᠢᠠᠴᠤᠳ ᠤᠨ ᠣᠷᠤᠭ ᠲᠤ ᠪᠠᠯᠡᠭ᠌ ᠳᠤᠰᠢᠶᠠᠬᠤ ᠶᠤᠰᠤᠨ ᠨᠢ ᠰᠢᠭᠤᠳ ᠵᠤᠭᠤᠰ ᠮᠦᠩᠭᠦ ᠭᠡᠳᠦᠢ ᠭᠡᠳᠦᠢ ᠭᠡᠵᠤ ᠳᠤᠰᠢᠶᠠᠬᠤ ᠪᠦᠭᠡᠳ ᠪᠠᠰᠠ ᠭᠡᠦᠭᠡᠨ ᠤ ᠵᠠᠰᠠᠯ ᠵᠢᠮᠰᠡᠭ᠌ ᠤᠨ ᠵᠣᠢ᠌ᠯ ᠭᠡᠳᠦᠢ ᠭᠡᠳᠦᠢ᠂ ᠡᠳ᠋ᠯᠡᠯ ᠭᠡᠷᠡᠭ᠍ᠰᠡᠯ ᠤᠨ ᠵᠣᠢ᠌ᠯ ᠭᠡᠳᠦᠢ ᠭᠡᠳᠦᠢ ᠭᠡᠵᠤ ᠳᠤᠭ᠎ᠠ ᠭᠠᠷᠭᠠᠵᠤ ᠳᠤᠰᠢᠶᠠᠳᠠᠭ᠃ ᠭᠤᠤᠯᠳᠠᠭᠤ ᠭᠦᠵᠦᠭᠦᠨ ᠤ ᠰᠤᠠᠳᠤᠷ᠂ ᠭᠠᠷ ᠤᠨ ᠪᠠᠭᠤᠪᠴᠢ᠂ ᠬᠤᠷᠤᠭᠤᠨ ᠤ ᠪᠦᠯᠡᠵᠢᠩ᠂ ᠴᠢᠭᠢᠨ ᠤ ᠡᠭᠡᠮᠦᠭ᠌ ᠰᠥᠢᠭᠡ ᠵᠡᠷᠭᠡ ᠶᠢᠨ ᠱᠢᠷᠤ ᠰᠤᠪᠣᠤᠨ᠂ ᠠᠯᠳᠠ ᠮᠥᠩᠭᠦ ᠶᠢᠨ ᠪᠦᠳᠦᠴᠡ ᠲᠡᠶ ᠵᠢᠮᠰᠡᠭ᠌ ᠪᠠᠢ᠌ᠳᠠᠭ᠃ ᠵᠠᠭᠤᠴᠢ ᠶᠢᠨ ᠭᠦᠮᠤᠨ ᠳᠤᠰᠢᠶᠠᠬᠤ ᠵᠤᠭᠤᠰ ᠮᠥᠩᠭᠦ ᠪᠠ ᠵᠠᠰᠠᠯ ᠵᠢᠮᠰᠡᠭ᠌ ᠤᠨ ᠵᠣᠢ᠌ᠯ ᠶᠢᠡᠨ ᠣᠯᠠᠭᠠᠨ ᠪᠦᠰ ᠳᠡᠯᠭᠡᠭ᠍ᠰᠡᠨ ᠳᠠᠪᠠᠭ ᠫᠠᠠᠰᠠ ᠳᠤ ᠭᠢᠵᠤ ᠰᠢᠷᠡᠭᠡᠨ ᠳᠡᠭᠡᠷ᠎ᠡ ᠳᠠᠯᠪᠢᠬᠤ ᠳᠤ ᠭᠡᠦᠭᠡᠨ ᠤ ᠳᠠᠯ᠎ᠠ ᠡᠴᠡ ᠵᠤᠭᠤᠰ ᠤᠨ ᠳᠤᠳᠤᠷ᠎ᠠ ᠡᠴᠡ ᠠᠷᠪᠠᠨ ᠤ ᠨᠢᠭᠡ ᠬᠤᠪᠢ ᠶᠢ ᠨᠢ ᠫᠠᠠᠰᠠᠨ ᠳᠤ ᠥᠯᠡᠳᠡᠭᠡᠵᠤ ᠭᠦᠷᠭᠡᠨ ᠤ ᠳᠠᠯ᠎ᠠ ᠳᠤ ᠪᠣᠴᠠᠭᠠᠵᠤ ᠥᠭ᠍ᠳᠡᠭ᠌᠃ ᠡᠭᠦᠨ ᠢ 《ᠫᠠᠠᠰᠠ ᠳᠠᠷᠤᠬᠤ》 ᠭᠡᠳᠡᠭ᠌᠃ ᠬᠤᠷᠴᠢᠨ ᠮᠤᠩᠭ᠋ᠤᠴᠤᠳ ᠪᠣᠰᠤᠳ ᠲᠤ ᠬᠤᠭᠤᠰᠤᠨ ᠰᠠᠪᠠ ᠦᠭ‍ᠭᠦ ᠶᠢ ᠪᠠᠯᠭᠡ ᠦᠭᠡᠶ ᠭᠡᠵᠤ ᠦᠵᠡᠨ ᠴᠡᠭᠡᠷᠯᠡᠳᠡᠭ᠌᠃ ᠭᠡᠦᠭᠡᠨ ᠤ ᠡᠭᠡ ᠳᠤ 《ᠡᠭᠡ ᠶᠢᠨ ᠴᠠᠭᠠᠨ ᠰᠦ᠋ ᠶᠢᠨ ᠬᠠᠷᠠᠮᠵᠢ》 ᠭᠡᠵᠤ ᠳᠤᠰᠬᠠᠢ ᠵᠤᠭᠤᠰ ᠮᠥᠩᠭᠦ ᠦᠭ‍ᠭᠦ ᠪᠣᠶᠤ ᠡᠰᠡᠭᠦᠯ᠎ᠡ ᠮᠦᠨ ᠡᠨᠡ ᠪᠠᠯᠡᠭ᠌ ᠤᠨ ᠵᠤᠭᠤᠰ ᠲᠤ ᠪᠠᠭᠳᠠᠭᠠᠵᠤ ᠥᠭ᠍ᠳᠡᠭ᠌ ᠣᠴᠢᠷᠳᠠᠢ ᠭᠡᠯᠡᠯᠴᠡᠭᠡ ᠪᠠᠷ ᠪᠣᠯᠤᠨ᠎ᠠ᠃ ᠣᠯᠠᠩᠭᠢ ᠳᠤ ᠪᠠᠨ ᠪᠠᠯᠡᠭ᠌ ᠤᠨ ᠵᠤᠭᠤᠰ ᠶᠢᠡᠨ ᠠᠪᠣᠭᠰᠠᠨ ᠭᠡᠦᠭᠡᠨ ᠨᠢ ᠣᠷᠤᠭᠯᠠᠵᠤ ᠶᠠᠪᠣᠬᠤ ᠡᠴᠡ ᠪᠠᠨ ᠡᠮᠦᠨ᠎ᠡ ᠡᠭᠡ ᠳᠤ ᠪᠠᠨ 《ᠡᠭᠡ ᠶᠢᠨ ᠰᠦ᠋ ᠶᠢᠨ ᠠᠴᠢ ᠬᠠᠷᠢᠭᠤᠯᠬᠤ》 ᠭᠡᠵᠤ ᠨᠢᠭᠡ ᠪᠦᠯᠦᠭ᠌ ᠥᠯᠡᠳᠡᠭᠡᠵᠤ ᠥᠭ᠍ᠳᠡᠭ᠌ ᠪᠣᠯᠵᠠᠢ᠃ ᠰᠦᠢ᠌ ᠪᠠᠯᠡᠭ᠌ ᠤᠨ ᠶᠡᠭᠡ ᠪᠠᠭ᠎ᠠ ᠶᠢ ᠬᠤᠶᠠᠷ ᠳᠠᠯ᠎ᠠ ᠶᠢᠨ ᠡᠴᠢᠭᠡ ᠡᠭᠡ ᠭᠦᠷᠦᠩᠭᠡ ᠶᠢᠨ ᠭᠢᠷᠢ ᠴᠢᠨᠡᠭᠡᠨ ᠤ ᠪᠠᠨ ᠪᠠᠢ᠌ᠳᠠᠯ ᠳᠤ ᠳᠤᠭᠢᠷᠠᠭᠤᠯᠤᠨ ᠬᠤᠭᠤᠷᠤᠠᠳᠤ ᠪᠠᠨ ᠶᠠᠷᠢᠯᠴᠠᠵᠤ ᠳᠤᠭᠢᠷᠠᠳᠠᠭ ᠦᠨᠳᠦᠰᠦᠨ ᠳᠤ ᠪᠠᠨ ᠰᠦᠢ᠌ ᠪᠠᠯᠡᠭ᠌ ᠪᠣᠯ ᠣᠷᠤᠭ ᠪᠠᠷᠢᠯᠳᠤᠬᠤ ᠶᠢ ᠬᠠᠷᠢᠯᠴᠠᠨ ᠵᠥᠪᠰᠢᠶᠡᠷᠡᠭ᠍ᠰᠡᠨ ᠤ ᠡᠳ᠋ ᠮᠦᠷ ᠤᠨ ᠪᠠᠷᠢᠮᠳᠠ᠂ ᠪᠠᠷᠢ ᠪᠠᠭᠤᠯᠭᠠᠬᠤ ᠪᠣᠯᠵᠤᠭᠠᠨ ᠤ ᠡᠷᠭᠡ ᠶᠢᠨ ᠪᠠᠳᠤᠯᠠᠭ᠎ᠠ ᠮᠠᠳᠤ ᠵᠣᠢ᠌ᠯ ᠪᠦᠭᠡᠳ ᠰᠦᠢ᠌᠂ ᠪᠣᠭᠳᠤ᠂ ᠡᠭᠡ ᠶᠢᠨ ᠴᠠᠭᠠᠨ ᠰᠦᠨ ᠤ ᠬᠠᠷᠢᠭᠤ ᠭᠡᠰᠡᠨ ᠵᠣᠢ᠌ᠯᠠᠰ ᠢ ᠭᠦᠢᠴᠡᠳᠭᠡᠭ᠍ᠰᠡᠨ ᠪᠣᠯᠬᠤ ᠶᠤᠮ᠃

ᠬᠤᠷᠴᠢᠠᠴᠤᠤᠳ ᠤᠨ ᠣᠷᠤᠭ ᠬᠤᠷᠢᠮ ᠤᠨ ᠶᠤᠰᠤᠨ ᠤ ᠬᠤᠳᠠᠯᠳᠤᠭᠠᠯᠠᠬᠤ ᠰᠢᠠᠵᠢ ᠨᠢ ᠣᠯᠠᠮ ᠭᠦᠡᠳᠤ ᠨᠤᠴᠢᠳᠠᠢ ᠪᠣᠯᠵᠤ ᠭᠦᠤ ᠳᠠᠯ᠎ᠠ ᠶᠢᠨ ᠭᠢᠨ ᠳᠠᠭᠠᠭᠠᠵᠤ ᠳᠡᠢ᠌ᠯᠭᠦ ᠦᠭᠡᠶ ᠭᠡᠮᠵᠢᠶᠡᠨ ᠳᠤ ᠭᠦᠷᠳᠡᠭ᠌ ᠪᠣᠯᠤᠭᠰᠠᠨ ᠡᠴᠡ《ᠰᠤᠯᠢᠶ᠎ᠠ ᠣᠷᠤᠭ》᠂ 《ᠣᠷᠭᠤᠮᠠᠯ ᠣᠷᠤᠭ》 ᠵᠡᠷᠭᠡ ᠶᠢᠨ ᠶᠠᠩᠵᠤ ᠪᠦᠷᠢ ᠶᠢᠨ ᠪᠠᠢ᠌ᠳᠠᠯ ᠭᠠᠷᠴᠠᠢ᠃ ᠣᠷᠤᠭ ᠰᠤᠯᠢᠯᠴᠠᠬᠤ ᠪᠣᠯ ᠣᠵᠤᠭᠤᠷ ᠶᠤᠰᠤᠨ ᠤ 《ᠠᠮᠠᠷᠠᠭ ᠳᠡᠭᠡᠷ᠎ᠡ ᠳᠠᠪᠬᠤᠷ ᠠᠮᠠᠷᠠᠭ ᠪᠣᠯᠬᠤ》 ᠶ᠋ᠢᠨ ᠵᠤᠷᠢᠯᠭ᠎ᠠ ᠲᠡᠶ ᠪᠠᠢ᠌ᠭᠰᠠᠨ ᠡᠴᠡ ᠭᠠᠳᠠᠨ᠎ᠠ ᠳᠡᠭᠡᠷ᠎ᠡ ᠵᠠᠭᠤᠨ ᠤ ᠵᠢᠷᠠ ᠳᠠᠯᠠᠭᠠᠤᠨ ᠣᠨ ᠤ ᠦᠶ᠎ᠡ ᠪᠠᠷ ᠶᠠᠳᠠᠭᠤ ᠭᠡᠷ ᠤᠨ ᠬᠡᠦᠬᠡᠳ ᠪᠣᠶᠤ ᠭᠠᠷᠤᠯ ᠮᠠᠭᠤ ᠭᠡᠷ ᠭᠠᠵᠠᠷ ᠤᠨ ᠡᠵᠡᠨ ᠪᠠᠶᠠᠨ ᠳᠠᠷᠢᠶᠠᠴᠢᠨ ᠭᠠᠷᠤᠯ ᠤᠨ ᠬᠡᠦᠬᠡᠳ ᠣᠷᠤᠭᠯᠠᠬᠤ ᠨᠠᠰᠤᠨ ᠳᠤ ᠭᠦᠷᠦᠭ᠍ᠰᠡᠨ ᠪᠣᠯᠪᠠᠴᠤ ᠪᠠᠷᠢ ᠣᠯᠬᠤ ᠦᠭᠡᠶ ᠪᠣᠯᠬᠤᠷ ᠬᠤᠶᠠᠷ ᠭᠡᠷ᠂ ᠭᠤᠷᠪᠠᠨ ᠭᠡᠷ ᠶᠢᠡᠷ ᠶᠢᠡᠨ 《ᠰᠢᠭᠤᠳ ᠰᠤᠯᠢᠶ᠎ᠠ》᠂ 《ᠭᠤᠷᠪᠠᠯᠵᠢᠨ ᠰᠤᠯᠢᠶ᠎ᠠ》 ᠣᠷᠤᠭ ᠭᠢᠭᠦ ᠪᠠᠢ᠌ᠳᠠᠯ ᠢᠯᠠᠷᠠᠵᠠᠢ᠃ 《ᠰᠢᠭᠤᠳ ᠰᠤᠯᠢᠶ᠎ᠠ ᠣᠷᠤᠭ》 ᠪᠣᠯ ᠬᠤᠶᠠᠷ ᠭᠡᠷ ᠤᠨ ᠭᠡᠦᠭᠡᠨ ᠶᠢᠡᠨ ᠰᠢᠭᠤᠳ ᠰᠤᠯᠢᠵᠤ ᠣᠷᠤᠭᠯᠠᠳᠠᠭ᠃ 《ᠭᠤᠷᠪᠠᠯᠵᠢᠨ ᠰᠤᠯᠢᠶ᠎ᠠ ᠣᠷᠤᠭ》 ᠨᠢ ᠪᠣᠯ ᠨᠢᠭᠡᠳᠦᠭᠡᠷ ᠭᠡᠷ ᠤᠨ ᠭᠡᠦᠭᠡᠨ ᠶᠢᠡᠨ ᠬᠤᠶᠠᠳᠤᠭᠠᠷ ᠭᠡᠷ ᠤᠨ ᠭᠦᠤ ᠳᠤ᠂ ᠬᠤᠶᠠᠳᠤᠭᠠᠷ ᠭᠡᠷ ᠭᠡᠦᠭᠡᠨ ᠶᠢᠡᠨ ᠭᠤᠷᠪᠠᠳᠤᠭᠠᠷ ᠭᠡᠷ ᠤᠨ ᠭᠦᠤ ᠳᠤ᠂ ᠭᠤᠷᠪᠠᠳᠤᠭᠠᠷ ᠭᠡᠷ ᠤᠨ ᠭᠡᠦᠭᠡᠨ ᠶᠢᠡᠨ ᠨᠢᠭᠡᠳᠦᠭᠡᠷ ᠭᠡᠷ ᠤᠨ ᠭᠦᠤ ᠳᠤ ᠳᠤᠰ ᠳᠤᠰ ᠰᠦᠯᠵᠢᠨ ᠣᠷᠤᠭᠯᠠᠬᠤ ᠶᠤᠰᠤ ᠶᠢ ᠭᠡᠯᠡᠨ᠎ᠡ᠃ 《ᠣᠷᠭᠤᠮᠠᠯ ᠣᠷᠤᠭ》 ᠭᠡᠳᠡᠭ᠌ ᠨᠢ ᠬᠤᠤᠰ ᠵᠠᠯᠠᠭᠤ ᠶᠢᠨ ᠬᠠᠢ᠌ᠷ᠎ᠠ ᠳᠤᠷᠠᠯᠠᠯ᠂ ᠰᠠᠢ᠌ᠨ ᠳᠤᠷ᠎ᠠ ᠶᠢᠨ ᠰᠡᠳᠭᠢᠯ ᠳᠤ ᠥᠡᠳᠦᠰᠦᠯᠡᠭ᠍ᠰᠡᠨ ᠪᠦᠭᠡᠳ ᠰᠦᠢ᠌ ᠪᠠᠯᠡᠭ᠌ ᠤᠨ ᠳᠤᠭ᠎ᠠ ᠭᠡᠳᠦᠷᠭᠡᠢ ᠶᠡᠭᠡ ᠪᠣᠯᠵᠤ ᠳᠡᠭᠦᠨ ᠡᠴᠡ ᠵᠠᠢ᠌ᠯᠠᠬᠤ ᠶᠢᠨ ᠳᠤᠯᠠ ᠠᠷᠭ᠎ᠠ ᠦᠭᠡᠶ ᠶᠢᠨ ᠳᠤᠤᠷ᠎ᠠ ᠰᠠ‍‌ᠶᠢ ᠭᠦᠤ ᠨᠢ ᠭᠡᠦᠭᠡᠨ ᠢ ᠣᠷᠭᠤᠭᠤᠯᠤᠨ ᠠᠪᠠᠴᠢᠭᠠᠤᠨ ᠣᠷᠤᠭᠯᠠᠵᠤ ᠭᠤᠷᠪᠠ ᠬᠤᠨᠤᠭᠰᠠᠨ ᠤ ᠰᠡᠭᠦᠯᠡᠷ ᠭᠦᠤ ᠶᠢᠨ ᠳᠠᠯ᠎ᠠ ᠡᠴᠡ ᠵᠠᠭᠤᠴᠢ ᠶᠢᠨ ᠭᠦᠮᠤᠨ ᠢ ᠭᠤᠶᠤᠵᠤ ᠵᠤᠭᠢᠬᠤ ᠪᠠᠯᠡᠭ᠌ ᠰᠠᠯᠳᠠ ᠲᠡᠶ ᠪᠠᠷ ᠭᠡᠦᠭᠡᠨ ᠤ ᠳᠠᠯ᠎ᠠ ᠳᠤ ᠪᠠᠷᠢ ᠭᠤᠶᠤᠬᠤ ᠮᠠᠶ‍ᠢᠭ ᠶᠢᠡᠷ ᠣᠴᠢᠵᠤ ᠣᠴᠢᠷ ᠶᠢᠡᠨ ᠳᠤᠳᠤᠷᠬᠠᠢ᠌ᠯᠠᠨ ᠡᠶᠡᠰᠡᠭᠦᠯᠵᠤ ᠭᠡᠯᠡᠭ᠍ᠰᠡᠨ ᠤ ᠳᠠᠷᠠᠭ᠎ᠠ ᠬᠤᠶᠠᠷ ᠳᠠᠯ᠎ᠠ ᠶᠢᠨ ᠠᠰᠠᠭᠤᠳᠠᠯ ᠶᠢᠡᠨ ᠵᠤᠭᠢᠰᠳᠠᠢ ᠪᠠᠷ ᠰᠢ᠌ᠤᠠᠪᠣᠷᠢᠯᠠᠵᠤ ᠣᠷᠭ ᠬᠤᠷᠢᠮ ᠤᠨ ᠭᠠᠷ ᠭᠦᠢᠴᠡᠳᠭᠡᠯ ᠭᠢᠵᠤ ᠬᠤᠷᠢᠮ ᠤᠨ ᠶᠤᠰᠤᠯᠠᠯ ᠶᠢᠡᠨ ᠶᠠᠪᠣᠭᠳᠠᠭᠤᠯᠵᠤ ᠬᠠᠤᠯᠢ ᠶᠤᠰᠤᠨ ᠤ ᠪᠣᠯᠭᠠᠳᠠᠭ ᠪᠠᠢ᠌ᠨ᠎ᠠ᠃ ᠡᠨᠡ ᠪᠣᠯ ᠶᠤᠰᠤᠳᠠᠢ ᠬᠤᠳᠠᠯᠳᠤᠭᠠᠨ ᠤ ᠣᠷᠤᠭ ᠤᠨ ᠶᠤᠰᠤᠨ ᠤ ᠡᠰᠡᠷᠭᠦᠤ ᠡᠷᠡᠯᠭᠡᠭᠯᠡᠨ ᠪᠣᠰᠤᠭᠰᠠᠨ ᠳᠠᠪᠰᠢᠩᠭ᠋ᠤᠢ ᠳᠠᠯ᠎ᠠ ᠲᠡᠶ ᠴᠢᠯᠦᠭᠡᠳᠤ ᠣᠷᠤᠭ ᠤᠨ ᠨᠢᠭᠡᠨ ᠭᠡᠯᠪᠠᠷᠢ ᠪᠣᠯᠤᠨ᠎ᠠ᠃ ᠦᠨᠡᠨᠳᠡᠭᠡᠨ ᠮᠠᠨ ᠤ ᠮᠤᠩᠭ᠋ᠤᠯᠴᠤᠳ ᠤᠨ ᠳᠡᠭᠡᠳᠤ ᠦᠶ᠎ᠡ ᠳᠤ ᠨᠢᠭᠡᠨᠲᠡ ᠬᠤᠳᠠᠯᠳᠤᠭᠠᠨ ᠤ ᠣᠷᠤᠭ ᠤᠨ ᠶᠤᠰᠤᠨ ᠳᠤ ᠵᠤᠭᠢᠬᠤ ᠭᠢᠵᠠᠭᠠᠷᠯᠠᠯ ᠲᠡᠶ ᠬᠠᠤᠯᠢ ᠴᠠᠭᠠᠵᠠ ᠤᠨ ᠳᠤᠭᠳᠠᠭᠠᠯ ᠲᠡᠶ ᠪᠠᠢ᠌ᠵᠠᠢ᠃ ᠪ᠊·ᠠᠯᠳᠠᠠᠪᠠᠭᠠᠨ᠎ᠠ ᠶᠢᠨ ᠣᠷᠴᠢᠭᠤᠯᠤᠭᠰᠠᠨ 《ᠶᠤᠸᠠᠨ ᠣᠯᠤᠰ ᠤᠨ ᠬᠠᠤᠯᠢ ᠴᠠᠭᠠᠵᠠ ᠶᠢᠨ ᠪᠢᠴᠢᠭ᠌》 ᠠᠷᠪᠠᠨ ᠨᠢ᠋ᠮᠠᠳᠤᠭᠠᠷ ᠪᠦᠯᠦᠭ᠌ ᠲᠤ 《ᠡᠩ ᠤᠨ ᠭᠦᠮᠤᠨ ᠣᠷᠤᠭ ᠪᠣᠯᠤᠯᠴᠠᠪᠠᠰᠤ ᠳᠡᠭᠡᠳᠤ ᠡᠷᠦᠭᠡ ᠵᠠᠭᠤᠨ ᠭᠡᠯᠭᠢᠶ᠎ᠡ᠂ ᠳᠤᠮᠳᠠᠳᠤ ᠡᠷᠦᠭᠡ ᠳᠠᠪᠢᠨ ᠭᠡᠯᠭᠢᠶ᠎ᠡ᠂ ᠳᠤᠤᠷᠠᠳᠤ ᠡᠷᠦᠭᠡ ᠬᠤᠷᠢᠨ ᠭᠡᠯᠭᠢᠶ᠎ᠡ》 ᠭᠡᠮᠡᠨ ᠳᠤᠭᠳᠠᠭᠠᠭᠰᠠᠨ ᠪᠠᠢ᠌ᠳᠠᠭ᠃

8᠂ ᠡᠳᠦᠷ ᠳᠤᠰᠢᠶᠠᠬᠤ ᠶᠤᠰᠤᠨ

ᠭᠦᠤ ᠶᠢᠨ ᠳᠠᠯ᠎ᠠ ᠡᠴᠡ ᠲᠦᠯᠭᠡ ᠵᠢᠷᠤᠬᠠᠢ᠌ᠴᠢ ᠳᠤ ᠬᠠᠳᠠᠭ ᠪᠠᠷᠢᠵᠤ ᠪᠠᠯᠡᠭ᠌ ᠡᠷᠭᠦᠨ ᠬᠤᠷᠢᠮ ᠭᠢᠭᠦ ᠦᠯᠵᠡᠢ᠌ᠳᠤ ᠰᠠᠢ᠌ᠨ ᠡᠳᠦᠷ ᠢ ᠥᠵᠡᠭᠦᠯᠤᠨ ᠰᠤᠩᠭ᠋ᠤᠭᠤᠯᠵᠤ ᠠᠷᠭ᠎ᠠ ᠶᠢᠨ ᠣᠯᠠᠷᠢᠯ ᠤᠨ ᠠᠯᠢ ᠰᠠᠷ᠎ᠠ ᠶᠢᠨ ᠠᠯᠢ ᠡᠳᠦᠷ᠂ ᠪᠢᠯᠢᠭ᠌ ᠤᠨ ᠣᠯᠠᠷᠢᠯ ᠤᠨ ᠠᠯᠢ ᠰᠠᠷ᠎ᠠ ᠶᠢᠨ ᠠᠯᠢ ᠡᠳᠦᠷ ᠪᠠᠯᠭᠡ ᠳᠠᠮᠪᠠᠷᠢᠯ ᠲᠡᠶ ᠰᠠᠢ᠌ᠨ ᠡᠳᠦᠷ ᠮᠦᠨ ᠭᠡᠵᠤ ᠣᠯᠠᠭᠠᠨ ᠴᠠᠭᠠᠰᠤᠨ ᠳᠡᠭᠡᠷ᠎ᠡ ᠳᠤᠳᠤᠷᠬᠠᠢ ᠰᠠᠢ᠌ᠬᠠᠨ ᠪᠢᠴᠢᠵᠤ ᠭᠡᠦᠭᠡᠨ ᠤ ᠳᠠᠯ᠎ᠠ ᠳᠤ ᠵᠠᠭᠤᠴᠢ ᠶᠢᠨ ᠭᠦᠮᠤᠨ ᠶᠢᠡᠷ ᠭᠦᠷᠭᠡᠭᠡᠭᠦᠯᠵᠤ ᠵᠥᠪᠰᠢᠶᠡᠷᠡᠭᠦᠯᠳᠡᠭ᠌᠃ ᠡᠭᠦᠨ ᠶᠢᠡᠨ ᠬᠤᠷᠴᠢᠡᠴᠤᠳ 《ᠡᠳᠦᠷ ᠳᠤᠰᠢᠶᠠᠬᠤ》 ᠭᠡᠳᠡᠭ᠌᠃ ᠡᠳᠦᠷ ᠥᠵᠡᠭᠦ ᠵᠢᠷᠤᠬᠠᠢ᠌ᠴᠢ ᠨᠢ ᠳᠤᠰᠬᠠᠢ ᠨᠤᠮ ᠰᠤᠳᠤᠷ ᠢ ᠦᠨᠳᠦᠰᠦᠯᠠᠵᠤ ᠭᠦᠤ ᠭᠡᠦᠭᠡᠨ ᠤ ᠳᠦᠷᠦᠭ᠍ᠰᠡᠨ ᠣᠨ᠂ ᠰᠠᠷ᠎ᠠ᠂ ᠡᠳᠦᠷ ᠤᠨ ᠡᠰᠢ ᠡᠷᠭᠡᠳᠡᠨ ᠪᠠ ᠬᠤᠷᠢᠮ ᠤᠨ ᠡᠳᠦᠷ ᠤᠨ ᠡᠰᠢ ᠡᠷᠭᠡᠳᠡᠨ ᠵᠢᠴᠢ ᠳᠠᠪᠤᠨ ᠮᠠᠬᠠᠪᠣᠤᠨ ᠤᠨ ᠬᠠᠷᠢᠯᠴᠠᠨ ᠬᠠᠷᠰᠢᠯᠳᠤᠬᠤ ᠵᠤᠭᠢᠯᠳᠤᠬᠤ ᠶᠤᠰᠤ ᠵᠢᠷᠤᠮ᠂ ᠬᠠᠷᠰᠢ ᠴᠡᠭᠡᠷ ᠲᠡᠶ ᠡᠳᠦᠷ᠂ ᠣᠳᠤ ᠭᠠᠷᠠᠭ᠂ ᠵᠥᠭ᠌ ᠴᠢᠭ᠌ ᠵᠡᠷᠭᠡ ᠣᠯᠠᠨ ᠳᠠᠯ᠎ᠠ ᠠᠭᠤᠯᠭ᠎ᠠ ᠶᠢ ᠶᠡᠷᠦᠩᠭᠡᠢ᠌ᠯᠡᠨ ᠪᠣᠳᠤᠯᠭᠢᠯᠠᠵᠤ ᠰᠠᠭᠠᠳᠠᠭ ᠮᠤᠷᠳᠠᠬᠤ ᠴᠠᠭ ᠪᠠ ᠵᠥᠭ᠌᠂ ᠪᠠᠷᠢ ᠮᠤᠷᠳᠠᠬᠤ ᠪᠠᠭᠤᠬᠤ ᠴᠠᠭ ᠪᠠ ᠵᠥᠭ᠌᠂ ᠣᠨᠤᠬᠤ ᠮᠤᠷᠢᠨ ᠤ ᠵᠢᠰᠤᠮ ᠳᠡᠷᠭᠡᠨ ᠳᠤ ᠭᠦᠯᠭᠦ ᠮᠤᠷᠢᠨ ᠤ ᠵᠢᠰᠤᠮ᠂ ᠡᠮᠦᠰᠭᠦ ᠳᠠᠪᠡᠯ ᠤᠨ ᠥᠩᠭᠡ᠂ ᠭᠠᠯ ᠳᠤ ᠮᠦᠷᠭᠦᠭᠦ ᠴᠠᠭ ᠵᠡᠷᠭᠡ ᠶᠢ ᠪᠦᠷ ᠳᠤᠭᠳᠠᠭᠠᠳᠠᠭ ᠪᠣᠯᠬᠤᠷ ᠮᠠᠰᠢ ᠪᠣᠳᠤᠯᠢᠶᠠᠠᠳᠠᠢ ᠪᠠᠢ᠌ᠳᠠᠭ᠃ ᠳᠠᠷᠤᠢ ᠬᠤᠯᠤᠭᠠᠨ᠎ᠠ ᠵᠢᠯ᠂ ᠬᠤᠯᠤᠭᠠᠨ᠎ᠠ ᠰᠠᠷ᠎ᠠ᠂ ᠬᠤᠯᠤᠭᠠᠨ᠎ᠠ ᠡᠳᠦᠷ ᠢ ᠪᠦᠷ ᠴᠡᠭᠡᠷᠯᠡᠨ᠎ᠡ᠃ ᠭᠡᠷᠪᠡ ᠬᠤᠯᠤᠭᠠᠨ᠎ᠠ ᠵᠢᠯ ᠬᠤᠷᠢᠮ ᠭᠢᠭᠦ ᠳᠤ ᠭᠦᠷᠪᠠᠯ ᠭᠦᠤ ᠶᠢᠨ ᠳᠠᠯ᠎ᠠ ᠳᠤ ᠰᠠᠢ᠌ᠨ᠂ ᠦᠬᠢᠨ ᠤ ᠳᠠᠯ᠎ᠠ ᠳᠤ ᠮᠠᠭᠤ᠃ ᠣᠴᠢᠷ ᠨᠢ ᠬᠤᠯᠤᠭᠠᠨ᠎ᠠ ᠡᠳᠦᠷ ᠪᠣᠯ ᠭᠡᠰᠢᠭ᠌ ᠪᠣᠶᠠᠨ ᠲᠡᠶ ᠡᠳᠦᠷ ᠪᠣᠯᠬᠤᠷ ᠦᠬᠢᠨ ᠨᠢ ᠪᠠᠷᠢ ᠪᠣᠯᠵᠤ ᠮᠤᠷᠳᠠᠪᠠᠯ ᠳᠦᠷᠭᠦᠮ ᠤᠨ ᠶᠢᠡᠨ ᠭᠡᠰᠢᠭ᠌ ᠪᠣᠶᠠᠨ ᠢ ᠭᠦᠷᠭᠡᠨ ᠤ ᠪᠠᠨ ᠭᠡᠷ ᠲᠤ ᠠᠪᠣᠭᠠᠤᠨ ᠶᠠᠪᠣᠴᠢᠬᠠᠳᠠᠭ᠃ ᠭᠡᠷᠪᠡ ᠥᠨᠡᠭᠡᠷ ᠬᠤᠷᠢᠮᠯᠠᠬᠤ ᠴᠢᠬᠤᠯᠠᠳᠠᠢ ᠪᠣᠯ ᠦᠬᠢᠨ ᠤ ᠪᠠᠨ ᠭᠡᠰᠢᠭ᠌ ᠪᠣᠶᠠᠨ ᠢ ᠣᠷᠢᠳᠴᠢᠯᠠᠨ ᠳᠠᠯᠠᠯᠵᠤ ᠠᠪᠳᠠᠭ᠃ ᠦᠬᠢᠨ ᠤ ᠪᠠᠨ ᠪᠣᠶᠠᠨ ᠭᠡᠰᠢᠭ᠌ ᠢ ᠣᠷᠢᠳᠴᠢᠯᠠᠨ ᠳᠠᠯᠠᠯᠵᠤ ᠠᠪᠳᠠᠭ᠃ ᠳᠠᠢ᠌ᠮᠤ ᠪᠢᠰᠢ ᠪᠣᠯ ᠬᠠᠷᠢ ᠳᠤ ᠦᠭ‍ᠭᠦᠭ᠍ᠰᠡᠨ ᠭᠡᠦᠭᠡᠨ ᠨᠢ ᠡᠳᠦᠷ ᠳᠤᠵᠢ ᠳᠦᠷᠭᠦᠮ ᠡᠴᠡ ᠪᠠᠨ ᠬᠤᠯᠤᠭᠠᠨ᠎ᠠ ᠶᠠᠭᠤᠮ᠎ᠠ ᠵᠥᠭᠡᠭᠡᠭᠦ ᠰᠢᠭ᠌ ᠵᠥᠭᠡᠭᠡᠳ ᠪᠠᠢ᠌ᠳᠠᠭ ᠭᠡᠨ᠎ᠡ᠃ ᠪᠠᠴᠢᠨ ᠵᠢᠯ᠂ ᠰᠠᠷ᠎ᠠ᠂ ᠡᠳᠦᠷ ᠲᠤ ᠦᠬᠢᠨ ᠦᠭ‍ᠭᠦ ᠦᠭᠡᠶ᠃ ᠪᠠᠴᠢᠨ ᠡᠳᠦᠷ ᠪᠣᠯ ᠭᠦᠮᠤᠨ ᠤ ᠭᠡᠰᠢᠭ᠌ ᠡᠳᠦᠷ ᠪᠣᠯᠬᠤᠷ ᠭᠡᠰᠢᠭ᠌ ᠪᠣᠶᠠᠨ ᠶᠢᠡᠨ ᠠᠯᠳᠠᠬᠤ ᠡᠴᠡ ᠴᠡᠭᠡᠷᠯᠡᠭ᠍ᠰᠡᠨ ᠶᠤᠮ᠃ ᠪᠠᠰᠠ ᠪᠠᠴᠢᠨ ᠪᠣᠯ ᠰᠠᠭᠤᠳᠠᠯ ᠦᠭᠡᠶ ᠠᠮᠢᠳᠠᠨ ᠪᠣᠯᠬᠤᠷ ᠪᠠᠴᠢᠨ ᠡᠳᠦᠷ ᠬᠤᠷᠢᠮᠯᠠᠪᠠᠯ ᠭᠡᠷᠡᠭᠦᠯ ᠴᠤᠤᠭᠢᠶᠠᠨ ᠳᠠᠰᠤᠷᠠᠬᠤ ᠦᠭᠡᠶ ᠪᠣᠯᠵᠤ ᠰᠠᠯᠵᠤ ᠬᠠᠭᠠᠴᠠᠬᠤ ᠶᠠᠪᠣᠳᠠᠯ ᠭᠠᠷᠤᠨ᠎ᠠ ᠭᠡᠨ᠎ᠡ᠃ ᠮᠦᠨ ᠮᠤᠭᠠᠢ ᠪᠣᠯ ᠠᠷᠪᠠᠨ ᠬᠤᠶᠠᠷ ᠵᠢᠯ ᠤᠨ ᠳᠤᠳᠤᠷ᠎ᠠ ᠬᠠᠮᠤᠭ ᠤᠨ ᠮᠠᠭᠤ ᠪᠣᠯᠬᠤᠷ ᠮᠤᠭᠠᠢ ᠵᠢᠯ ᠰᠠᠷ᠎ᠠ ᠡᠳᠦᠷ ᠲᠤ ᠬᠤᠷᠢᠮ ᠭᠢᠭᠦ ᠶᠢ ᠴᠡᠭᠡᠷᠯᠡᠳᠡᠭ᠌᠃ ᠭᠠᠠᠬᠠᠢ ᠡᠳᠦᠷ ᠬᠤᠷᠢᠮᠯᠠᠬᠤ ᠶᠢ ᠴᠡᠭᠡᠷᠯᠡᠨ᠎ᠡ᠃ ᠵᠢᠯ ᠣᠷᠤᠭᠰᠠᠨ ᠭᠦᠮᠤᠨ ᠳᠠᠷᠠ ᠵᠢᠯ ᠳᠤ ᠪᠠᠨ ᠬᠤᠷᠢᠮᠯᠠᠬᠤ ᠦᠭᠡᠶ᠃ ᠨᠢᠭᠡ ᠭᠡᠷ ᠨᠢᠭᠡ ᠵᠢᠯ ᠳᠤ ᠬᠤᠶᠠᠷ ᠬᠤᠷᠢᠮ ᠭᠢᠭᠦ ᠦᠭᠡᠶ᠃ ᠡᠳᠡᠭᠡᠷ ᠡᠴᠡ ᠭᠠᠳᠠᠨ᠎ᠠ ᠴᠠᠰᠤ ᠪᠣᠷᠤᠭ᠎ᠠ ᠣᠷᠤᠭᠰᠠᠨ ᠡᠳᠦᠷ ᠬᠤᠷᠢᠮ ᠭᠢᠭᠦ ᠶᠢ ᠶᠡᠭᠡ ᠴᠡᠭᠡᠷᠯᠡᠳᠡᠭ᠌᠃ ᠡᠨᠡ ᠨᠢ ᠰᠢᠨ᠎ᠠ ᠬᠤᠶᠠᠷ ᠤᠨ ᠬᠤᠵᠢᠮ ᠢᠷᠡᠭᠡᠳᠦᠢ ᠶᠢᠨ ᠠᠵᠤ ᠠᠮᠢᠳᠤᠷᠠᠯ ᠤᠨ ᠵᠤᠯ ᠵᠢᠷᠭᠠᠯ ᠢ ᠨᠥᠯᠦᠭᠡᠯᠡᠨ᠎ᠡ ᠭᠡᠵᠤ ᠥᠵᠡᠳᠡᠭ᠌ ᠡᠴᠡ ᠪᠣᠯᠵᠠᠢ᠃ ᠭᠡᠷᠪᠡ ᠪᠦᠷᠢᠨ ᠦᠯᠵᠡᠢ ᠪᠠᠯᠭᠡᠳᠤ ᠡᠳᠦᠷ ᠳᠠᠭᠠᠷᠠᠬᠤ ᠦᠭᠡᠶ ᠪᠣᠯ ᠥᠵᠡᠭᠡᠴᠢ ᠭᠦᠮᠤᠨ ᠭᠡᠷ ᠤᠨ ᠡᠵᠡᠨ ᠲᠡᠶ ᠵᠦᠪᠳᠠᠵᠤ ᠬᠠᠮᠤᠭ ᠰᠠᠢ᠌ᠨ ᠭᠡᠰᠡᠨ ᠡᠳᠦᠷ ᠶᠢᠡᠨ ᠰᠤᠩᠭ᠋ᠤᠵᠤ᠂ ᠵᠠᠷᠢᠮ ᠬᠠᠷᠰᠢᠯᠳᠤᠬᠤ ᠵᠣᠢ᠌ᠯ ᠳ᠋ᠤᠨᠢ ᠳᠤᠮ ᠰᠢᠪᠰᠢᠯᠭᠡ ᠭᠢᠭᠦ᠂ ᠰᠠᠩ ᠳᠠᠷᠨᠢ ᠣᠩᠰᠢᠬᠤ ᠵᠡᠷᠭᠡ ᠶᠢᠨ ᠠᠷᠭ᠎ᠠ ᠭᠡᠮᠵᠢᠶ᠎ᠡ ᠠᠪᠴᠤ ᠡᠪᠳᠡᠯᠭᠡ ᠳᠠᠷᠤᠯᠭ᠎ᠠ ᠭᠢᠳᠡᠭ᠌ ᠣᠴᠢᠷᠳᠠᠢ᠃ ᠣᠯᠠᠩᠭᠢ ᠳᠤ ᠪᠠᠨ ᠰᠠᠷ᠎ᠠ ᠶᠢᠨ ᠡᠭᠢᠨ ᠶᠢᠡᠷ ᠡᠳᠦᠷ ᠥᠵᠡᠭᠦᠯᠵᠤ᠂ ᠮᠦᠨ ᠰᠠᠷ᠎ᠠ ᠶᠢᠨ ᠠᠷᠪᠠᠤᠨ ᠶᠢᠡᠷ ᠬᠤᠷᠢᠮ ᠤᠨ ᠡᠳᠦᠷ ᠶᠢᠡᠨ ᠳᠠᠭᠠᠷᠠᠭᠤᠯᠬᠤ ᠪᠠᠷ ᠴᠢᠷᠮᠠᠢ᠌ᠳᠠᠭ᠃ ᠰᠢᠨ᠎ᠠ ᠶᠢᠨ ᠳᠠᠪᠤᠨ ᠬᠠᠷ᠎ᠠ ᠡᠳᠦᠷ ᠲᠤ ᠬᠤᠷᠢᠮᠯᠠᠳᠠᠭ ᠦᠭᠡᠶ᠃ ᠰᠠᠷ᠎ᠠ ᠶᠢᠨ ᠰᠡᠭᠦᠯᠴᠢ ᠪᠠᠷ ᠬᠤᠷᠢᠮᠯᠠᠬᠤ ᠶᠢ ᠴᠡᠭᠡᠷᠯᠡᠨ᠎ᠡ᠃

ᠬᠤᠷᠴᠢᠨ ᠮᠤᠩᠭ᠋ᠤᠯᠴᠤᠳ ᠤᠨ ᠵᠠᠯᠠᠭᠤᠴᠤᠳ ᠤᠨ ᠣᠷᠤᠭ ᠬᠤᠷᠢᠮ ᠤᠨ ᠶᠤᠰᠤᠯᠠᠯ ᠶᠢᠡᠨ ᠶᠠᠷᠤᠨᠢ ᠠᠵᠢᠯ ᠤᠨ ᠴᠢᠯᠦᠭᠡ᠂ ᠠᠮᠢᠳᠤᠷᠠᠯ ᠤᠨ ᠪᠠᠶᠠᠯᠢᠭ ᠦᠶ᠎ᠡ ᠪᠤᠯᠬᠤ ᠡᠪᠦᠯ ᠤᠨ ᠳᠤᠮᠳᠠ ᠰᠠᠷ᠎ᠠ ᠪᠢᠯᠢᠭ᠌ ᠤᠨ ᠣᠯᠠᠷᠢᠯ ᠤᠨ ᠠᠷᠪᠠᠨ ᠨᠢᠭᠡᠳᠦᠭᠡᠷ ᠰᠠᠷ᠎ᠠ ᠳᠤ ᠭᠢᠨ᠎ᠠ᠃ ᠶᠠᠭ ᠡᠨᠡ ᠰᠠᠷ᠎ᠠ ᠨᠢ ᠮᠦᠨ ᠡᠪᠦᠯ ᠤᠨ ᠢᠳᠠᠰᠢ ᠶᠢᠨ ᠮᠢᠬ᠎ᠠ ᠪᠡᠯᠡᠳᠭᠡᠵᠤ ᠭᠠᠬᠠᠢ ᠠᠯᠠᠬᠤ ᠪᠣᠯᠬᠤᠷ ᠭᠦᠮᠦᠰ ᠠᠷᠪᠠᠨ ᠰᠠᠷ᠎ᠠ ᠶᠢ 《ᠦᠭᠢᠨ ᠪᠠ ᠭᠠᠬᠠᠢ ᠶᠢᠨ ᠠᠶᠤᠯ ᠪᠣᠯᠤᠭᠰᠠᠨ ᠰᠠᠷ᠎ᠠ》 ᠭᠡᠳᠡᠭ᠌᠃

ᠭᠡᠦᠭᠡᠨ ᠤ ᠳᠠᠯ᠎ᠠ ᠶᠢᠨ ᠭᠢᠨ ᠳᠤᠰᠢᠶᠠᠵᠤ ᠢᠷᠡᠭ᠍ᠰᠡᠨ ᠬᠤᠷᠢᠮ ᠤᠨ ᠡᠳᠦᠷ ᠢ ᠥᠵᠡᠭᠡᠳ ᠣᠠᠴᠠᠭᠠᠢ ᠣᠴᠢᠷ ᠦᠭᠡᠶ ᠪᠣᠯ ᠳᠤᠰ ᠡᠳᠦᠷ ᠢ ᠳᠠᠷᠤᠢ ᠬᠤᠷᠢᠮ ᠤᠨ ᠡᠳᠦᠷ ᠶᠢᠡᠷ ᠭᠦᠯᠢᠶᠡᠨ ᠠᠪᠴᠤ ᠪᠣᠷᠬᠠᠨ ᠳᠤ ᠪᠠᠨ ᠳᠠᠯᠪᠢᠵᠤ ᠮᠦᠷᠭᠦᠳᠡᠭ᠌᠃

ᠬᠤᠷᠢᠮ ᠭᠢᠭᠦ ᠡᠴᠡ ᠡᠮᠦᠨ᠎ᠡ ᠨᠢᠭᠡ ᠬᠤᠶᠠᠷ ᠡᠳᠦᠷ ᠲᠤ ᠭᠦᠤ ᠶᠢᠨ ᠳᠠᠯ᠎ᠠ ᠡᠴᠡ ᠭᠡᠦᠭᠡᠨ ᠤ ᠳᠠᠯ᠎ᠠ ᠳᠤ ᠬᠤᠷᠢᠮ ᠤᠨ ᠠᠷᠢᠭᠢ ᠮᠢᠬ᠎ᠠ ᠵᠡᠷᠭᠡ ᠶᠢ ᠭᠡᠯᠡᠯᠴᠡᠭᠡᠨ ᠤ ᠶᠤᠰᠤᠭᠠᠷ ᠭᠦᠷᠭᠡᠭᠦ ᠶᠤᠰᠤ ᠶᠢ ᠬᠤᠷᠢᠮ ᠤᠨ ᠰᠢᠭᠦᠰᠤ ᠭᠦᠷᠭᠡᠭᠦ ᠶᠤᠰᠤ ᠭᠡᠨ᠎ᠡ᠃ ᠠᠷᠢᠭᠢ ᠰᠠᠪᠠᠯᠠᠭᠰᠠᠨ ᠰᠠᠪᠠ ᠶᠢᠨ ᠶᠢᠡᠨ ᠭᠦᠵᠦᠭᠦᠤ ᠪᠠ ᠪᠦᠭᠦᠯᠢ ᠮᠢᠬ᠎ᠠ ᠶᠢᠨ ᠶᠢᠡᠨ ᠱᠠᠭᠠᠠᠳᠤ ᠡᠴᠡ ᠣᠯᠠᠭᠠᠨ ᠪᠦᠰ ᠣᠶᠠᠵᠤ ᠰᠢᠭᠦᠰᠤᠨ ᠤ ᠠᠷᠢᠭᠢ ᠮᠢᠬ᠎ᠠ ᠶᠢᠨ ᠪᠠᠯᠭᠡ ᠳᠡᠮᠳᠡᠭ᠌ ᠪᠣᠯᠭᠠᠳᠠᠭ᠃ ᠰᠢᠭᠦᠰᠤᠨ ᠤ ᠵᠣᠢ᠌ᠯ ᠤᠨ ᠣᠯᠠᠭᠠᠨ ᠴᠠᠭᠠᠨ ᠢᠳᠡᠭᠡ ᠨᠢ ᠡᠷᠭᠡᠪᠰᠢ ᠪᠦᠭᠦᠯᠢ ᠪᠦᠳᠤᠨ ᠪᠠᠢ᠌ᠬᠤ ᠳᠤᠳᠤᠭᠠᠳᠤ ᠴᠤᠯᠤ ᠡᠷᠭᠡᠳᠡᠨ᠂ ᠳᠤᠯᠤᠭᠠᠢ ᠰᠢᠭᠢᠷ᠎ᠠ ᠶᠢ ᠡᠷᠭᠢᠮᠯᠡᠵᠤ ᠬᠤᠷᠢᠮ ᠬᠤᠷᠠᠯ ᠤᠨ ᠳᠡᠭᠦᠰ ᠠᠮᠵᠢᠯᠳᠠ ᠲᠡᠶ ᠶᠠᠪᠣᠭᠳᠠᠬᠤ ᠶᠢ ᠪᠠᠯᠭᠡᠰᠢᠶᠡᠳᠡᠭ᠌᠃ ᠥᠩᠭᠡᠷᠡᠭ᠍ᠰᠡᠨ ᠳᠤ ᠪᠦᠭᠦᠯᠢ ᠬᠤᠨᠢ ᠭᠦᠷᠭᠡᠳᠡᠭ᠌ ᠪᠠᠢ᠌ᠭᠰᠠᠨ ᠡᠴᠡ 《ᠪᠠᠯᠡᠭ᠌ ᠤᠨ ᠳᠡᠭᠡᠳᠤ ᠮᠤᠷᠢ᠂ ᠰᠢᠭᠦᠰᠤ ᠶᠢᠨ ᠳᠡᠭᠡᠳᠤ ᠬᠤᠨᠢ》 ᠭᠡᠯᠴᠡᠳᠡᠭ᠌ ᠪᠠᠢ᠌ᠯ᠎ᠠ᠃ ᠣᠷᠴᠢᠮ ᠶᠢᠡᠷ ᠬᠤᠷᠴᠢᠠᠴᠤᠳ ᠤᠨ ᠰᠢᠭᠦᠰᠤ ᠶᠢᠨ ᠮᠢᠬ᠎ᠠ ᠨᠢ ᠪᠦᠷ ᠪᠦᠭᠦᠯᠢ ᠭᠠᠬᠠᠢ ᠶᠢᠨ ᠮᠢᠬ᠎ᠠ ᠭᠦᠷᠭᠡᠭᠦ ᠪᠣᠯᠤᠭᠰᠠᠨ ᠪᠠᠢ᠌ᠨ᠎ᠠ᠃

9᠂ ᠮᠦᠷᠭᠦᠭᠦᠯᠦᠭ᠍ᠰᠡᠨ ᠠᠪᠣ ᠡᠵᠢ ᠠᠪᠬᠤ ᠶᠤᠰᠤᠨ

ᠡᠳᠦᠷ ᠳᠤᠰᠢᠶᠠᠵᠤ ᠬᠤᠷᠢᠮ ᠤᠨ ᠡᠳᠦᠷ ᠭᠠᠷᠤᠭᠰᠠᠨ ᠤ ᠳᠠᠷᠠᠭ᠎ᠠ ᠭᠦᠤ ᠶᠢᠨ ᠡᠵᠢ ᠨᠢ ᠠᠢ᠌ᠯ ᠵᠡᠷᠭᠡᠯᠳᠡᠭᠡ ᠵᠢᠴᠢ ᠶᠠᠪᠣᠯᠴᠠᠳᠠᠭ ᠭᠦᠮᠦᠰ ᠡᠴᠡ ᠪᠠᠨ ᠰᠢᠨ᠎ᠠ ᠬᠤᠶᠠᠷ ᠭᠦᠮᠤᠨ ᠳᠤ ᠪᠠᠨ ᠮᠦᠷᠭᠦᠭᠦᠯᠦᠭ᠍ᠰᠡᠨ ᠠᠪᠣ ᠡᠵᠢ ᠭᠤᠶᠤᠬᠤ ᠪᠠᠷ ᠡᠷᠢᠳᠡᠭ᠌᠃ ᠮᠦᠷᠭᠦᠭᠦᠯᠦᠭ᠍ᠰᠡᠨ ᠠᠪᠣ ᠡᠵᠢ ᠪᠣᠯᠬᠤ ᠭᠦᠮᠤᠨ ᠨᠢ ᠡᠷᠭᠡᠪᠰᠢ ᠳᠡᠭᠦᠰ ᠭᠦᠮᠤᠨ ᠡᠷ᠎ᠡ ᠡᠮ᠎ᠡ ᠬᠤᠶᠠᠭᠤᠯᠠ ᠪᠠᠨ ᠪᠦᠷ ᠡᠷᠡᠭᠦᠯ ᠴᠢᠭᠢᠷᠠᠭ ᠪᠠᠢ᠌ᠬᠤ ᠪᠠᠢ᠌ᠬᠤ ᠭᠡᠷᠡᠭ᠍ᠳᠡᠢ ᠪᠦᠭᠡᠳ ᠬᠠᠷ᠎ᠠ ᠴᠠᠭᠠᠨ ᠬᠡᠦᠬᠡᠳ ᠭᠦᠪᠠᠭᠦᠨ ᠬᠡᠦᠬᠡᠳ ᠪᠠ ᠦᠬᠢᠨ ᠬᠡᠦᠬᠡᠳ ᠳᠡᠭ᠍ᠰᠢᠭᠡᠨ ᠳᠦᠷᠦᠭ᠍ᠰᠡᠨ ᠪᠠᠢ᠌ᠵᠤ ᠭᠦᠤ ᠪᠠᠷᠢ ᠠᠪᠣ ᠡᠵᠢ ᠪᠣᠯᠬᠤ ᠦᠶ᠎ᠡ ᠲᠡᠶ᠂ ᠳᠤᠮᠤᠭᠠᠯᠢᠭ ᠳᠤᠮᠳᠠ ᠨᠠᠰᠤᠨ ᠤ ᠡᠷ᠎ᠡ ᠡᠮ᠎ᠡ ᠬᠤᠶᠠᠭᠤᠯᠠ ᠪᠠᠢ᠌ᠬᠤ ᠶᠤᠰᠤᠳᠠᠢ᠃ ᠪᠠᠰᠠ ᠭᠦᠤ ᠪᠠᠷᠢ ᠬᠤᠶᠠᠷ ᠲᠡᠶ ᠢᠪᠠᠭᠡᠯ ᠵᠢᠯ ᠲᠡᠶ ᠪᠠᠢ᠌ᠬᠤ ᠭᠡᠷᠡᠭ᠍ᠳᠡᠢ᠃ ᠮᠦᠨ ᠴᠤ ᠰᠤᠷᠳᠠᠯ ᠰᠤᠷᠭᠠᠯ ᠲᠡᠶ ᠭᠡᠷ ᠪᠦᠯᠢ᠂ ᠠᠢ᠌ᠯ ᠣᠯᠠᠨ ᠳᠤ ᠪᠠᠨ ᠭᠦᠡᠳᠦᠳᠭᠡᠯ ᠪᠢᠰᠢᠷᠠᠯ ᠲᠡᠶ ᠭᠡᠷ ᠪᠦᠯᠢ ᠪᠠᠢ᠌ᠳᠠᠭ ᠶᠤᠮ᠃ ᠮᠤᠩᠭ᠋ᠤᠯᠴᠤᠳ ᠡᠷᠳᠡᠨ ᠡᠴᠡ ᠪᠠᠨ ᠠᠪᠣᠭᠠᠤᠨ 《ᠣᠷᠤᠭ ᠳᠦᠷᠤᠯ ᠬᠤᠯᠠ ᠨᠢ ᠳᠡᠭᠡᠷ᠎ᠡ᠂ ᠣᠰᠤᠨ ᠬᠤᠳᠳᠤᠭ ᠤᠢ᠌ᠷ᠎ᠡ ᠨᠢ ᠳᠡᠭᠡᠷ᠎ᠡ》 ᠭᠡᠵᠤ ᠦᠵᠡᠨ ᠬᠤᠯᠠ ᠣᠷᠤᠭᠯᠠᠵᠤ᠂ ᠬᠤᠯᠠ ᠡᠴᠡ ᠪᠠᠭᠤᠯᠭᠠᠬᠤ ᠶᠢ ᠡᠷᠭᠢᠮᠯᠡᠳᠡᠭ᠌᠃ ᠭᠦᠭᠡᠷᠦᠭᠦᠨ ᠪᠢᠴᠢᠬᠠᠨ ᠭᠡᠦᠭᠡᠨ ᠶᠢᠡᠨ ᠳᠠᠨᠢᠵᠤ ᠮᠡᠳᠡᠭᠦ ᠦᠭᠡᠶ ᠬᠤᠯᠠ ᠭᠠᠵᠠᠷ ᠮᠤᠷᠳᠠᠭᠤᠯᠬᠤ ᠪᠣᠯᠤᠭᠠᠤᠨ ᠠᠪᠣ ᠡᠵᠢ ᠨᠢ ᠭᠡᠦᠭᠡᠨ ᠤ ᠪᠠᠨ ᠭᠡᠷ ᠶᠢᠡᠨ ᠰᠠᠨᠠᠵᠤ ᠤᠢ᠌ᠳᠬᠠᠷᠯᠠᠬᠤ ᠡᠴᠡ ᠭᠢᠴᠢᠶᠠᠵᠤ ᠬᠤᠳᠠ ᠬᠤᠳᠠᠭᠠᠢ ᠡᠴᠡ ᠪᠠᠨ ᠭᠡᠦᠭᠡᠨ ᠳᠤ ᠪᠠᠨ ᠮᠦᠷᠭᠦᠭᠦᠯᠦᠭ᠍ᠰᠡᠨ ᠠᠪᠣ ᠡᠵᠢ ᠠᠪᠬᠤ ᠶᠢ ᠱᠠᠭᠠᠷᠳᠠᠳᠠᠭ᠃ ᠭᠤᠶᠤᠬᠤ ᠭᠦᠮᠤᠨ ᠶᠢᠡᠨ ᠳᠤᠭᠳᠠᠭᠠᠭᠰᠠᠨ ᠤ ᠰᠡᠭᠦᠯᠡᠷ ᠭᠦᠷᠭᠡᠨ ᠤ ᠡᠵᠢ ᠨᠢ ᠬᠠᠳᠠᠭ ᠪᠠ ᠠᠷᠢᠭᠢ ᠮᠠᠳᠤ ᠶᠢᠨ ᠭᠦᠡᠳᠤ ᠪᠠᠯᠡᠭ᠌ ᠶᠢᠡᠨ ᠠᠪᠣᠭᠠᠤᠨ ᠦᠳᠡ ᠶᠢᠨ ᠡᠮᠦᠨ᠎ᠡ ᠭᠤᠶᠤᠬᠤ ᠭᠦᠮᠤᠨ ᠤ ᠪᠠᠨ ᠭᠡᠷ ᠲᠤ ᠣᠴᠢᠵᠤ ᠭᠦᠤ ᠪᠠᠷᠢ ᠳᠤ ᠪᠠᠨ ᠮᠦᠷᠭᠦᠭᠦᠯᠦᠭ᠍ᠰᠡᠨ ᠠᠪᠣ ᠡᠵᠢ ᠪᠣᠯᠭᠠᠨ ᠭᠤᠶᠤᠬᠤ ᠭᠡᠵᠤ ᠪᠠᠢ᠌ᠭ᠎ᠠ ᠰᠠᠨᠠᠭ᠎ᠠ ᠪᠠᠨ ᠭᠠᠷᠭᠠᠵᠤ ᠭᠡᠯᠡᠳᠡᠭ᠌᠃ ᠳᠠᠳᠠ ᠡᠷ᠎ᠡ ᠡᠮ᠎ᠡ ᠬᠤᠶᠠᠭᠤᠯᠠ ᠪᠠᠨ ᠭᠦᠯᠢᠶᠡᠨ ᠠᠪᠬᠤ ᠡᠰᠡᠭᠦ ᠪᠠᠨ ᠳᠠᠭᠢᠨ ᠳᠠᠪᠳᠠᠨ ᠰᠠᠳᠭᠢᠵᠤ ᠪᠣᠳᠤᠯᠭᠢᠯᠠᠭᠰᠠᠨ ᠤ ᠳᠠᠷᠠᠭ᠎ᠠ ᠰᠠ‍‌ᠶᠢ ᠭᠦᠯᠢᠶᠡᠨ ᠠᠪᠳᠠᠭ᠃ ᠡᠩ ᠤᠨ ᠪᠠᠢ᠌ᠳᠠᠯ ᠳᠤ ᠳᠡᠪᠴᠢᠭᠦ ᠶᠤᠰᠤ ᠦᠭᠡᠶ᠃ ᠣᠴᠢᠷ ᠨᠢ ᠳᠠᠳᠠᠨ ᠤ ᠬᠤᠶᠠᠷ ᠭᠡᠷ ᠰᠠᠢ᠌ᠬᠠᠨ ᠶᠠᠪᠣᠯᠴᠠᠳᠠᠭ ᠣᠯᠤᠰ ᠪᠣᠯᠤᠨ᠎ᠠ᠃

ᠬᠤᠷᠢᠮᠯᠠᠭᠰᠠᠨ ᠳᠠᠷᠠ ᠡᠳᠦᠷ ᠨᠢ ᠬᠤᠶᠠᠷ ᠰᠢᠨ᠎ᠠ ᠭᠦᠮᠤᠨ ᠨᠢ ᠳᠠᠩᠷᠢ᠂ ᠪᠣᠷᠬᠠᠨ᠂ ᠭᠠᠯ ᠳᠤ ᠪᠠᠨ ᠮᠦᠷᠭᠦᠵᠤ ᠪᠠᠷᠠᠭᠰᠠᠨ ᠤ ᠳᠠᠷᠠᠭ᠎ᠠ ᠮᠦᠷᠭᠦᠭᠦᠯᠦᠭ᠍ᠰᠡᠨ ᠠᠪᠣ ᠡᠵᠢ ᠳᠤ ᠪᠠᠨ ᠭᠦᠡᠳᠤ ᠪᠠᠯᠡᠭ᠌ ᠶᠢᠡᠨ ᠡᠷᠭᠦᠵᠤ᠂ ᠳᠤᠯᠤᠭᠠᠢ ᠮᠦᠷᠭᠦᠨ 《ᠠᠪᠣ ︕ ᠮᠥᠮᠥ ︕》 ᠭᠡᠪᠠᠯ ᠠᠪᠣ ᠡᠵᠢ ᠨᠢ 《ᠠᠢ ︕》 ᠭᠡᠵᠤ ᠳᠤᠤᠭᠠᠷᠤᠨ ᠭᠦᠯᠢᠶᠡᠨ ᠠᠪᠣᠭᠰᠠᠨ ᠶᠢᠡᠨ ᠢᠯᠡᠳᠭᠡᠨ᠎ᠡ᠃ ᠳᠡᠭᠡᠭᠡᠳ ᠮᠦᠷᠭᠦᠭᠦᠯᠦᠭ᠍ᠰᠡᠨ ᠠᠪᠣ ᠡᠵᠢ ᠨᠢ ᠬᠤᠶᠠᠷ ᠰᠢᠨ᠎ᠠ ᠭᠦᠮᠤᠨ ᠤ ᠦᠰᠤ ᠶᠢ ᠨᠡᠢ᠌ᠯᠡᠭᠦᠯᠤᠨ ᠰᠠᠮᠨᠠᠵᠤ 《ᠦᠰᠤ ᠬᠤᠯᠪᠣᠭᠰᠠᠨ》 ᠪᠣᠯᠬᠤ ᠶᠢ ᠢᠯᠡᠷᠭᠡᠢ᠌ᠯᠡᠨ᠎ᠡ᠃ ᠳᠠᠭᠢᠨ ᠡᠵᠢ ᠨᠢ ᠮᠥᠩᠭᠦᠨ ᠬᠠᠳᠬᠤᠭᠤᠷ ᠪᠣᠶᠤ ᠵᠠᠭᠠᠨ ᠤ ᠶᠠᠰᠤᠨ ᠰᠠᠮ ᠶᠢᠡᠷ ᠭᠡᠦᠭᠡᠨ ᠤ ᠦᠰᠤ ᠶᠢ ᠬᠠᠭᠠᠯᠤᠭᠰᠠᠨ ᠮᠠᠳᠤ ᠳᠤᠮ ᠭᠢᠪᠠᠯ ᠬᠤᠶᠠᠷ ᠪᠠᠷᠭᠡᠨ ᠢᠷᠠᠵᠤ ᠪᠠᠷᠢ ᠶᠢᠨ ᠭᠡᠵᠢᠭᠡ ᠶᠢ ᠭᠦᠷᠦᠨ᠎ᠡ᠃ ᠮᠦᠷᠭᠦᠭᠦᠯᠦᠭ᠍ᠰᠡᠨ ᠠᠪᠣ ᠡᠵᠢ ᠶᠢᠨ ᠡᠭᠦᠷᠭᠡ ᠪᠠᠰᠠ ᠭᠦᠩᠭᠡᠨ ᠪᠢᠰᠢ᠃ ᠰᠢᠨ᠎ᠠ ᠬᠤᠶᠠᠷ ᠭᠦᠮᠤᠨ ᠢ ᠳᠠᠭᠠᠭᠤᠯᠵᠤ ᠪᠦᠭᠦᠢ᠌ᠯᠡ ᠮᠦᠷᠭᠦᠯ ᠤᠨ ᠶᠠᠪᠣᠴᠠ ᠶᠢ ᠥᠩᠭᠡᠷᠡᠭᠦᠯᠭᠦ ᠪᠠ ᠬᠤᠶᠠᠷ ᠭᠡᠰᠡᠭ᠌ ᠭᠠᠯ ᠤᠨ ᠳᠤᠮᠳᠠᠭᠤᠷ ᠬᠤᠶᠠᠭᠤᠯᠠ ᠶᠢ ᠵᠢᠯᠤᠭᠤᠳᠠᠨ ᠭᠠᠷᠭᠠᠵᠤ ᠳᠠᠭᠢᠯᠭ᠎ᠠ ᠶᠢᠨ ᠣᠢ᠌ᠯᠠ ᠶᠢ ᠵᠢᠭᠠᠵᠤ ᠳᠤᠭᠢᠵᠤ ᠦᠭ‍ᠭᠦᠨ᠎ᠡ᠃ ᠭᠠᠯ ᠤᠨ ᠳᠤᠮᠳᠠᠭᠤᠷ ᠥᠩᠭᠡᠷᠡᠵᠤ ᠪᠠᠢ᠌ᠭ᠎ᠠ ᠨᠢ ᠭᠠᠯ ᠤᠨ ᠠᠷᠢᠭᠤᠳᠬᠠᠯ ᠭᠢᠵᠤ ᠪᠠᠢ᠌ᠨ᠎ᠠ ᠭᠡᠳᠡᠭ᠌᠃ ᠳᠡᠭᠡᠪᠠᠯ ᠳᠠᠳᠠ ᠬᠤᠶᠠᠭᠤᠯᠠ ᠶᠢᠨ ᠢᠨᠠᠭ ᠳᠤᠷᠠᠯᠠᠯ ᠣᠯᠠᠮ ᠠᠷᠢᠭᠤᠨ ᠴᠠᠪᠠᠷ ᠪᠣᠯᠵᠤ᠂ ᠦᠨᠢ ᠡᠭᠦᠷᠢᠳᠡ ᠬᠤᠪᠢᠷᠠᠰᠢ ᠦᠭᠡᠶ ᠵᠤᠯ ᠵᠢᠷᠭᠠᠯᠳᠤ ᠠᠮᠢᠳᠤᠷᠠᠯ ᠢ ᠡᠳ᠋ᠯᠡᠨ᠂ ᠣᠷᠳᠤ ᠨᠠᠰᠤᠯᠠᠨ ᠣᠳᠠᠭᠠᠨ ᠵᠢᠷᠭᠠᠬᠤ ᠪᠣᠯᠬᠤ ᠭᠡᠨ᠎ᠡ᠃

ᠮᠦᠷᠭᠦᠭᠦᠯᠦᠭ᠍ᠰᠡᠨ ᠠᠪᠣ ᠡᠵᠢ ᠪᠣᠯ ᠰᠢᠨ᠎ᠠ ᠪᠠᠷᠢ ᠶᠢᠨ ᠦᠰᠤ ᠶᠢ ᠬᠠᠭᠠᠯᠵᠤ᠂ ᠪᠠᠷᠢ ᠪᠣᠯᠤᠭᠰᠠᠨ ᠭᠡᠵᠢᠭᠡ ᠶᠢ ᠨᠢ ᠭᠦᠷᠦᠵᠤ ᠦᠭ‍ᠭᠦᠭᠡᠳ᠂ ᠭᠦᠤ ᠪᠠᠷᠢ ᠶᠢ ᠳᠠᠭᠠᠭᠤᠯᠵᠤ᠂ ᠭᠠᠯ ᠳᠡᠭ᠍ᠷᠢ ᠳᠤ ᠮᠦᠷᠭᠦᠭᠦᠯᠭᠦ ᠣᠢ᠌ᠯᠠ ᠶᠢ ᠨᠢᠭᠡ ᠨᠢᠭᠡ ᠠᠯᠬᠤᠮ ᠶᠢᠡᠷ ᠭᠦᠢᠴᠡᠳᠭᠡᠭᠦ ᠪᠦᠭᠡᠳ ᠰᠢᠨ᠎ᠠ ᠪᠠᠷᠢ ᠶᠢᠨ ᠭᠠᠯ ᠣᠰᠤᠨ ᠤ ᠠᠶᠤᠯ ᠭᠠᠮᠰᠢᠭ ᠡᠴᠡ ᠵᠠᠢ᠌ᠯᠠᠭᠤᠯᠤᠭᠴᠢ ᠪᠣᠯᠬᠤ ᠶᠤᠮ ᠭᠡᠵᠤ ᠥᠵᠡᠳᠡᠭ᠌᠃ ᠦᠨᠡᠨ ᠳᠡᠭᠡᠨ ᠮᠦᠷᠭᠦᠭᠦᠯᠦᠭ᠍ᠰᠡᠨ ᠠᠪᠣ ᠡᠵᠢ ᠪᠣᠯ ᠰᠢᠨ᠎ᠠ ᠪᠠᠷᠢ ᠶᠢᠨ ᠬᠤᠶᠠᠳᠤᠭᠠᠷ ᠳᠦᠷᠭᠦᠮ ᠤᠨ ᠭᠡᠷ ᠪᠣᠯᠬᠤ ᠶᠤᠮ᠃ ᠣᠯᠠᠩᠭᠢ ᠳᠤ ᠪᠠᠨ ᠪᠠᠷᠢ ᠶᠢᠨ ᠭᠡᠷ ᠨᠤᠳᠤᠭ ᠬᠤᠯᠠ ᠪᠣᠯᠬᠤᠷ ᠡᠷᠭᠡᠪᠰᠢ ᠨᠢᠭᠡ ᠮᠦᠷᠭᠦᠭᠦᠯᠦᠭ᠍ᠰᠡᠨ ᠠᠪᠣ ᠡᠵᠢ ᠠᠪᠴᠤ ᠡᠩ ᠤᠨ ᠦᠶ᠎ᠡ ᠳᠤ ᠬᠠᠷᠠᠵᠤ ᠠᠩᠬᠠᠷᠴᠤ ᠬᠠᠷᠠᠭᠠᠯᠵᠠᠵᠤ ᠪᠠᠢ᠌ᠳᠠᠭ᠃ ᠰᠢᠨ᠎ᠠ ᠭᠦᠤ ᠪᠠᠷᠢ ᠴᠤ ᠮᠦᠷᠭᠦᠭᠦᠯᠦᠭ᠍ᠰᠡᠨ ᠠᠪᠣ ᠡᠵᠢ ᠪᠠᠨ ᠦᠪᠡᠷ ᠤᠨ ᠳᠦᠷᠦᠭ᠍ᠰᠡᠨ ᠠᠪᠣ ᠡᠵᠢ ᠰᠢᠭ᠌ ᠨᠠᠰᠤᠨ ᠳᠤᠷᠰᠢᠳᠠ ᠨᠢ ᠭᠦᠡᠳᠦᠳᠭᠡᠵᠤ ᠶᠠᠪᠣᠬᠤ ᠶᠤᠰᠤᠳᠠᠢ᠃ ᠮᠦᠷᠭᠦᠭᠦᠯᠦᠭ᠍ᠰᠡᠨ ᠠᠪᠣ ᠡᠵᠢ ᠶᠢᠨ ᠬᠡᠦᠬᠡᠳ ᠴᠤ ᠰᠢᠨ᠎ᠠ ᠭᠦᠤ ᠪᠠᠷᠢ ᠳᠤ ᠮᠦᠷᠭᠦᠭᠦᠯᠦᠭ᠍ᠰᠡᠨ ᠠᠬ᠎ᠠ᠂ ᠡᠭᠡᠴᠢ ᠪᠣᠯᠳᠠᠭ᠃ ᠥᠭᠡᠷ᠎ᠡ ᠪᠠᠰᠠ ᠨᠢᠭᠡᠨ ᠴᠢᠬᠤᠯᠠ ᠠᠭᠤᠯᠭ᠎ᠠ ᠪᠣᠯ ᠬᠤᠷᠴᠢᠨ ᠮᠤᠩᠭ᠋ᠤᠯᠴᠤᠳ ᠪᠠᠷᠢ ᠪᠠᠭᠤᠯᠭᠠᠪᠠᠯ ᠭᠦᠤ ᠪᠠᠷᠢ ᠪᠠᠨ ᠣᠯᠠᠨ ᠬᠡᠦᠬᠡᠳ ᠲᠡᠶ ᠭᠦᠮᠤᠨ ᠣᠯᠵᠤ ᠮᠦᠷᠭᠦᠭᠦᠯᠳᠡᠭ᠌ ᠨᠢ ᠭᠦᠤ ᠪᠠᠷᠢ ᠳᠤ ᠪᠠᠨ ᠣᠯᠠᠨ ᠬᠡᠦᠬᠡᠳ ᠵᠠᠶᠠᠭᠠᠯᠭᠠᠬᠤ ᠭᠡᠰᠡᠨ ᠰᠠᠨᠠᠭ᠎ᠠ ᠪᠠᠢ᠌ᠭ᠎ᠠ ᠪᠢᠯᠠ ︕ ᠡᠨᠡ ᠨᠢ ᠮᠦᠨ ᠪᠠᠯᠠᠷ ᠡᠷᠳᠡᠨ ᠤ ᠨᠡᠢ᠌ᠭᠡᠮ ᠤᠨ ᠭᠦᠮᠤᠨ ᠠᠮᠠ ᠪᠠᠨ ᠣᠯᠠᠰᠢᠷᠠᠭᠤᠯᠬᠤ ᠦᠵᠡᠯᠳᠠ ᠶᠢᠨ ᠦᠯᠠᠳᠠᠴᠠ ᠪᠣᠯᠬᠤ ᠶᠤᠮ᠃ 《ᠬᠤᠷᠴᠢᠨ ᠮᠤᠩᠭ᠋ᠤᠯ ᠣᠷᠤᠭ ᠤᠨ ᠳᠠᠭᠤᠤ》 ᠳ᠋ᠤ 《ᠣᠭ ᠡᠴᠡ ᠭᠦᠯᠢᠰ ᠲᠤ ᠭᠤᠷᠪᠠᠨ ᠭᠦᠯ ᠲᠡᠶ ᠪᠠᠢ᠌ᠪᠠ᠂ ᠭᠡᠦᠭᠡᠨ ᠳᠤ ᠡᠷᠭᠡᠪᠰᠢ ᠭᠤᠷᠪᠠᠨ ᠡᠮᠧ ᠲᠡᠶ ᠪᠠᠢ᠌ᠬᠤ ᠶᠤᠰᠤᠳᠠᠢ》 ᠭᠡᠵᠤ ᠳᠠᠭᠤᠯᠠᠳᠠᠭ᠃ ᠬᠤᠷᠴᠢᠨ ᠮᠤᠩᠭ᠋ᠤᠯᠴᠤᠳ ᠡᠵᠢ ᠪᠠᠨ ᠡᠮᠧ ᠭᠡᠵᠤ ᠳᠠᠭᠤᠳᠠᠳᠠᠭ᠃ ᠭᠤᠷᠪᠠᠨ ᠡᠮᠧ ᠭᠡᠳᠡᠭ᠌ ᠨᠢ ᠦᠪᠡᠷ ᠤᠨ ᠳᠦᠷᠦᠭ᠍ᠰᠡᠨ ᠡᠮᠧ᠂ ᠬᠠᠳᠠᠮ ᠡᠮᠧ᠂ ᠮᠦᠷᠭᠦᠭᠦᠯᠦᠭ᠍ᠰᠡᠨ ᠡᠮᠧ ᠵᠡᠷᠭᠡ ᠶᠢ ᠭᠡᠯᠡᠵᠡᠢ᠃

10᠂ ᠭᠦᠷᠭᠡᠨ ᠮᠤᠷᠳᠠᠬᠤ ᠶᠤᠰᠤᠨ

ᠭᠦᠷᠭᠡᠨ ᠮᠤᠷᠳᠠᠭᠤᠯᠬᠤ ᠶᠠᠪᠣᠳᠠᠯ ᠢ ᠬᠤᠷᠴᠢᠠᠴᠤᠳ 《ᠰᠠᠭᠠᠳᠠᠭ ᠮᠤᠷᠳᠠᠭᠤᠯᠬᠤ ᠶᠤᠰᠤᠯᠠᠯ》 ᠭᠡᠳᠡᠭ᠌᠃ ᠰᠠᠭᠠᠳᠠᠭ ᠤᠨ ᠬᠤᠷᠢᠮ ᠤᠨ ᠡᠳᠦᠷ ᠪᠣᠯᠬᠤ ᠳᠤ ᠬᠠᠷ᠎ᠠ ᠦᠷᠯᠦᠭᠡ ᠪᠠᠷ ᠭᠦᠷᠭᠡᠨ ᠤ ᠳᠠᠯ᠎ᠠ ᠶᠢᠨ ᠭᠢᠨ ᠰᠢᠷᠡᠭᠡ ᠪᠣᠳᠠᠭ᠎ᠠ ᠪᠡᠯᠡᠳᠭᠡᠵᠤ ᠰᠠᠭᠠᠳᠠᠭ ᠲᠤ ᠮᠤᠷᠳᠠᠬᠤ ᠭᠦᠮᠦᠰ ᠶᠢᠡᠨ ᠥᠳᠡᠳᠡᠭ᠌᠃ ᠰᠢᠨ᠎ᠠ ᠪᠠᠷᠢ ᠳᠤᠰᠬᠤ ᠪᠠᠷ ᠭᠦᠷᠭᠡᠨ ᠤ ᠳᠠᠯ᠎ᠠ ᠶᠢᠨ ᠭᠢᠨ ᠨᠢᠭᠡ ᠪᠦᠯᠦᠭ᠌ ᠭᠦᠮᠤᠨ ᠭᠦᠷᠭᠡᠨ ᠭᠦᠤ ᠶᠢ ᠳᠠᠭᠠᠵᠤ ᠮᠤᠷᠳᠠᠳᠠᠭ᠃ ᠡᠳᠡᠭᠡᠷ ᠭᠦᠮᠦᠰ ᠨᠢ ᠮᠠᠰᠢ ᠴᠢᠩᠭ᠋᠎ᠠ ᠶᠤᠰᠤ ᠳᠦᠷᠢᠮ ᠲᠡᠶ ᠨᠢᠭᠡ ᠵᠢᠵᠢᠭ᠌ ᠵᠤᠬᠢᠶᠠᠨ ᠪᠠᠢ᠌ᠭᠤᠯᠤᠯᠳᠠ ᠪᠣᠯᠬᠤ ᠶᠤᠮ᠃ ᠳᠠᠷᠤᠢ ᠳᠦᠷᠦᠭᠦᠤ ᠬᠤᠳᠠ᠂ ᠭᠡᠯᠡᠮᠦᠷᠴᠢ᠂ ᠭᠦᠷᠭᠡᠨ ᠭᠦᠤ᠂ ᠭᠦᠷᠭᠡᠨ ᠳᠠᠭᠠᠭᠴᠢ ᠵᠡᠷᠭᠡ ᠳᠦᠷᠪᠠᠨ ᠵᠣᠢ᠌ᠯ ᠤᠨ ᠭᠦᠮᠤᠨ ᠶᠢᠡᠷ ᠪᠦᠷᠢᠯᠳᠦᠭᠦ ᠶᠤᠮ᠃ ᠭᠡᠷᠪᠡ ᠬᠤᠷᠢᠮ ᠤᠨ ᠭᠡᠪᠴᠢᠶ᠎ᠡ ᠨᠢ ᠶᠡᠭᠡ ᠪᠣᠯ ᠳᠠᠳ᠋ ᠬᠤᠳᠠ ᠭᠡᠵᠤ ᠪᠠᠰᠠ ᠳᠤᠮᠢᠯᠠᠳᠠᠭ᠃ ᠭᠦᠷᠭᠡᠨ ᠮᠤᠷᠳᠠᠬᠤ ᠳᠤ ᠪᠠᠨ ᠨᠤᠮᠤ ᠰᠠᠭᠠᠳᠠᠭ ᠠᠭᠰᠠᠵᠤ᠂ ᠦᠪᠴᠢ ᠪᠠᠶ᠎ᠠ ᠬᠤᠶᠠᠭᠯᠠᠵᠤ ᠵᠡᠪᠰᠡᠭᠯᠡᠨ᠂ ᠭᠦᠷᠭᠡᠨ ᠳᠠᠭᠠᠬᠤ ᠭᠦᠮᠤᠨ ᠵᠡᠷᠭᠡ ᠭᠡᠳᠤᠨ ᠭᠦᠮᠤᠨ ᠮᠤᠷᠳᠠᠵᠤ ᠪᠠᠷᠢ ᠪᠠᠭᠤᠯᠭᠠᠵᠤ ᠠᠪᠴᠢᠷᠠᠬᠤ ᠨᠢ ᠡᠷᠳᠡᠨ ᠤ ᠭᠡᠦᠭᠡᠨ ᠢ ᠭᠦᠴᠤ ᠪᠠᠷ ᠪᠣᠯᠢᠶᠠᠨ ᠠᠪᠴᠤ ᠪᠠᠢ᠌ᠭᠰᠠᠨ ᠰᠤᠶᠤᠯ ᠤᠨ ᠦᠯᠠᠳᠠᠴᠠ ᠣᠯᠪᠠᠭ᠎ᠠ ᠪᠣᠯᠤᠯᠳᠠᠢ᠃ ᠰᠠᠭᠠᠳᠠᠭ ᠲᠤ ᠶᠠᠪᠣᠬᠤ ᠭᠤᠤᠯ ᠭᠤᠤᠯ ᠭᠦᠮᠤᠨ ᠢ ᠭᠦᠤ ᠶᠢᠨ ᠠᠪᠣ ᠡᠵᠢ ᠨᠢ ᠬᠤᠷᠢᠮ ᠤᠨ ᠡᠳᠦᠷ ᠪᠣᠯᠬᠤ ᠡᠴᠡ ᠡᠮᠦᠨ᠎ᠡ ᠬᠠᠳᠠᠭ ᠠᠷᠢᠭᠢ ᠲᠡᠶ ᠪᠠᠷᠢᠵᠤ ᠪᠠᠢ᠌ᠭᠠᠤᠨ ᠳᠤᠰᠬᠠᠢ᠌ᠯᠠᠨ ᠭᠤᠶᠤᠳᠠᠭ᠃ ᠭᠦᠮᠤᠨ ᠤ ᠳᠤᠭ᠎ᠠ ᠨᠢ ᠳᠤᠭᠳᠠᠮᠠᠯ ᠪᠢᠰᠢ᠂ ᠭᠤᠷᠪᠠ᠂ ᠳᠠᠪᠣ᠂ ᠳᠤᠯᠤᠭ᠎ᠠ ᠭᠡᠵᠤ ᠦᠷᠦᠭᠡᠰᠤᠨ ᠳᠤᠭ᠎ᠠ ᠲᠡᠶ ᠶᠠᠪᠣᠵᠤ᠂ ᠡᠷᠭᠢᠵᠤ ᠢᠷᠡᠭᠦ ᠳᠡᠭᠡᠨ ᠪᠠᠷᠢ ᠲᠡᠶ ᠪᠠᠨ ᠣᠷᠤᠭᠤᠯᠵᠤ ᠳᠡᠭ᠍ᠰᠢ ᠳᠤᠭ᠎ᠠ ᠪᠣᠯᠬᠤ ᠶᠢ ᠪᠠᠯᠭᠡᠰᠢᠶᠡᠳᠡᠭ᠌᠃ ᠡᠨᠡ ᠨᠢ ᠰᠢᠨ᠎ᠠ ᠬᠤᠶᠠᠷ ᠭᠦᠮᠤᠨ ᠤ ᠠᠮᠢᠳᠤᠷᠠᠯ ᠤᠨ ᠳᠤᠳᠠᠭᠤ ᠪᠦᠭᠦᠨ ᠨᠢ ᠭᠦᠢᠴᠡᠨ ᠳᠡᠭ᠍ᠰᠢᠷᠡᠵᠤ ᠪᠣᠢ ᠶᠢᠨ ᠣᠴᠢᠷ ᠤᠳᠬ᠎ᠠ ᠲᠡᠶ᠃ ᠳᠦᠷᠦᠭᠦᠤ ᠬᠤᠳᠠ ᠪᠣᠯ ᠡᠨᠡᠭᠦ ᠵᠤᠬᠢᠶᠠᠨ ᠪᠠᠢ᠌ᠭᠤᠯᠤᠯᠳᠠ ᠶᠢᠨ ᠶᠢᠡᠨ ᠭᠠᠯ ᠤᠨ ᠠᠬ᠎ᠠ ᠭᠡᠵᠤ ᠭᠡᠯᠡᠵᠤ ᠪᠣᠯᠤᠨ᠎ᠠ᠃ ᠵᠠᠷᠢᠮ ᠭᠡᠪᠴᠢᠶ᠎ᠡ ᠪᠠᠷ ᠶᠡᠭᠡ ᠰᠢᠭ᠌ ᠬᠤᠷᠢᠮ ᠳᠤ ᠳᠠᠳ᠋ ᠬᠤᠳᠠ ᠭᠡᠵᠤ ᠪᠠᠰᠠ ᠭᠠᠷᠭᠠᠳᠠᠭ᠃ ᠳᠠᠷᠤᠢ ᠳᠦᠷᠦᠭᠦᠤ ᠬᠤᠳᠠ ᠶᠢᠨ ᠬᠠᠪᠰᠤᠷᠤᠭᠴᠢ ᠪᠣᠯᠵᠤ ᠬᠤᠷᠢᠮ ᠤᠨ ᠶᠠᠪᠣᠳᠠᠯ ᠢ ᠬᠠᠮᠢᠶᠠᠷᠤᠨ᠎ᠠ᠃ ᠶᠠᠷᠤ ᠶᠢᠨ ᠦᠶ᠎ᠡ ᠳᠤ ᠳᠦᠷᠦᠭᠦᠤ ᠬᠤᠳᠠ ᠨᠢ ᠣᠯᠠᠩᠭᠢ ᠳᠤ ᠪᠠᠨ ᠭᠡᠯᠡᠮᠦᠷᠴᠢ ᠶᠢᠨ ᠡᠭᠦᠷᠭᠡ ᠶᠢ ᠬᠠᠪᠰᠤᠷᠭᠠᠨ ᠬᠠᠷᠢᠭᠤᠴᠠᠬᠤ ᠪᠣᠯᠬᠤᠷ ᠵᠠᠪᠠᠯ ᠣᠢ ᠪᠢᠯᠢᠭ᠌ ᠰᠠᠢ᠌ᠳᠠᠢ᠂ ᠭᠡᠯᠡ ᠠᠮᠠ ᠬᠤᠷᠴᠠ᠂ ᠮᠡᠳᠡᠯᠭᠡ ᠮᠠᠳᠠᠴᠠ ᠦᠷᠭᠡᠨ ᠳᠠᠢ᠌ᠮᠤ ᠭᠦᠮᠤᠨ ᠪᠠᠢ᠌ᠬᠤ ᠶᠤᠰᠤᠳᠠᠢ᠃ ᠪᠠᠭᠠᠷᠢᠨ ᠨᠤᠳᠤᠭ ᠤᠨ ᠳᠡᠦᠭᠡᠴᠢ ᠷᠠᠰᠢᠫᠣᠩᠰᠤᠭ 《ᠪᠣᠯᠤᠷ ᠡᠷᠢᠭᠡ》(ᠦᠪᠣᠷ ᠮᠤᠩᠭ᠋ᠤᠯ ᠤᠨ ᠭᠡᠪᠯᠡᠯ ᠤᠨ ᠬᠤᠷᠢᠶ᠎ᠠ᠂ 1985 ᠣᠨ᠃ 34-35 ᠳ᠋ᠤᠭᠠᠷ ᠨᠢᠭᠤᠷ) ᠭᠡᠮᠡᠭᠦ ᠳᠡᠦᠭᠡ ᠶᠢᠨ ᠵᠤᠬᠢᠶᠠᠯ ᠳᠤ ᠪᠠᠨ 《ᠪᠣᠭᠳᠠ ᠳᠠᠮᠤᠵᠢᠨ ᠪᠠᠷ ᠪᠦᠷᠳᠡᠭᠡᠯᠵᠢᠨ ᠬᠠᠳᠤᠨ ᠢ ᠠᠪᠬᠤᠢ ᠳᠤᠷ ᠶᠢᠡᠨ ᠣᠷᠢᠳᠤ ᠦᠭᠡᠶ ᠳᠦᠷᠤ ᠶᠤᠰᠤᠨ ᠢ ᠳᠤᠯᠭᠤᠷᠢ ᠡᠭᠦᠰᠭᠡᠨ ᠪᠦᠷᠤᠨ᠃ ᠣᠷᠢᠶᠠᠩᠬᠠᠨ ᠤ ᠵᠢᠯᠠᠮᠠᠨ ᠲᠦᠰᠢᠮᠠᠯ ᠭᠢᠭᠡᠳ ᠣᠷᠠᠨ ᠥᠭᠡᠳᠤ ᠴᠠᠭᠠᠳᠠᠢ ᠡᠪᠦᠭᠡᠨ ᠢ ᠬᠤᠶᠠᠷ ᠲᠤᠷ ᠳᠤᠰᠢᠶᠠᠵᠤ ᠪᠠᠯᠡᠭ᠌ ᠬᠤᠷᠢᠮ ᠭᠦᠷᠭᠡᠭᠦ᠂ ᠭᠡᠷ ᠮᠢᠯᠢᠶᠠᠬᠤ᠂ ᠨᠠᠷ᠎ᠠ ᠵᠢᠯ ᠠᠰᠠᠭᠤᠬᠤ᠂ ᠨᠠᠷᠠᠨ ᠰᠠᠷᠠᠨ ᠳᠤ ᠮᠦᠷᠭᠦᠭᠦ᠃ ᠪᠣᠭᠳᠤᠯᠠᠬᠤ᠂ ᠭᠦᠰᠢᠭᠡ ᠳᠠᠢ᠌ᠯᠬᠤ᠂ ᠭᠠᠯ ᠳᠤᠷ ᠮᠦᠷᠭᠦᠭᠦ᠂ ᠬᠠᠳᠠᠮ ᠨᠠᠷᠠᠳᠤ ᠨᠡᠷ ᠲᠤ ᠪᠠᠯᠡᠭ᠌ ᠪᠠᠷᠢᠵᠤ ᠮᠦᠷᠭᠦᠭᠡᠳ ᠢᠷᠦᠭᠡᠯ ᠠᠪᠬᠤ᠂ ᠬᠤᠷᠢᠮᠯᠠᠬᠤ ᠳᠡᠷᠢᠭᠦᠳᠡᠨ ᠢ ᠦᠶ᠎ᠡ ᠵᠡᠷᠭᠡ ᠪᠠᠷ ᠳᠠᠷᠠᠭᠠᠯᠠᠨ ᠵᠤᠬᠢᠶᠠᠭᠠᠤᠨ ᠰᠠ‍‌ᠶᠢ ᠵᠢᠯ ᠰᠠᠷ᠎ᠠ ᠡᠳᠦᠷ ᠨᠤᠭᠤᠳ ᠢ ᠲᠤᠬᠢᠶᠠᠯᠳᠤᠭᠤᠯᠵᠤ ᠪᠦᠷᠳᠡᠭᠡᠯᠵᠢᠨ ᠬᠠᠳᠤᠨ ᠢ ᠪᠠᠭᠤᠯᠭᠠᠨ ᠠᠪᠣᠪᠠᠢ》 ᠭᠡᠵᠤ ᠳᠡᠮᠳᠡᠭᠯᠡᠵᠡᠢ᠃ 《ᠠᠷᠠᠤᠨ ᠤᠨ ᠱᠠᠰᠢᠨ》 ᠣᠭ ᠭᠡᠪᠯᠡᠯ ᠤᠨ 55 ᠳ᠋ᠤᠭᠠᠷ ᠵᠣᠢ᠌ᠯ ᠳᠤ 《ᠬᠤᠷᠮᠤᠰᠳᠠ ᠳᠡᠭ᠍ᠷᠢ ᠶᠢᠨ ᠬᠤᠪᠢᠯᠭᠠᠨ᠂ ᠦᠯᠵᠡᠢ ᠪᠠᠯᠭᠡᠳᠤ ᠴᠢᠩᠭᠢᠰ ᠬᠠᠭᠠᠨ᠁ ᠳᠠᠷᠠ ᠪᠠᠷ ᠬᠤᠩᠭᠢᠷᠠᠤᠨ ᠤᠨ ᠭᠤᠸ᠎ᠠ ᠦᠬᠢᠨ ᠪᠦᠷᠳᠡᠭᠡᠯᠵᠢᠨ ᠢ ᠪᠠᠭᠤᠯᠭᠠᠬᠤ ᠦᠶ᠎ᠡ ᠳᠤ ᠮᠡᠷᠭᠡᠨ ᠰᠡᠷᠭᠡᠢ ᠨᠤᠶᠠᠤᠨ ᠢᠵᠠᠭᠤᠷᠳᠠᠨ ᠢ ᠳᠤᠮᠢᠯᠠᠨ ᠪᠣᠭᠤᠷᠴᠤ᠂ ᠮᠤᠬᠤᠯᠠᠢ ᠪᠠᠷ ᠳᠦᠷᠦᠭᠦᠤ ᠪᠣᠯᠭᠠᠨ ᠶᠠᠪᠣᠭᠤᠯᠵᠠᠢ》 ᠭᠡᠵᠤ ᠳᠡᠮᠳᠡᠭᠯᠡᠭ᠍ᠰᠡᠨ᠃ ᠳᠡᠭᠡᠭᠦ ᠪᠠᠷ ᠨᠢ ᠳᠦᠷᠦᠭᠦᠤ ᠬᠤᠳᠡ ᠨᠢ ᠬᠤᠷᠢᠮ ᠤᠨ ᠶᠤᠰᠤᠯᠠᠯ ᠳᠡᠭᠡᠷ᠎ᠡ ᠡᠯ᠎ᠡ ᠵᠣᠢ᠌ᠯ ᠤᠨ ᠢᠷᠦᠭᠡᠯ ᠮᠠᠭᠳᠠᠭᠠᠯ ᠬᠤᠠᠳᠠᠭᠠᠨ ᠤ ᠥᠭᠡ᠂ ᠡᠭᠦᠳᠡ ᠳᠠᠷᠤᠯᠭ᠎ᠠ ᠶᠢᠨ ᠥᠭᠡ ᠵᠡᠷᠭᠡ ᠳᠤ ᠴᠠᠭᠠᠷᠠᠭᠰᠠᠨ ᠪᠠᠢ᠌ᠬᠤ ᠭᠡᠷᠡᠭ᠍ᠳᠡᠢ᠃ ᠳᠡᠭᠡᠭᠡᠳ ᠭᠡᠦᠭᠡᠨ ᠤ ᠳᠠᠯ᠎ᠠ ᠶᠢᠨ ᠳᠦᠷᠦᠭᠦᠤ ᠬᠤᠳᠠ ᠭᠡᠯᠡᠮᠦᠷᠴᠢ ᠲᠡᠶ ᠬᠤᠷᠴᠠ ᠰᠢᠷᠦᠭᠦᠨ ᠰᠠᠴᠠ ᠪᠣᠯᠢᠶᠠᠯᠳᠤᠵᠤ 《ᠭᠡᠯᠡᠨ ᠪᠠᠢ᠌ᠯᠳᠤᠭᠠᠨ》 ᠪᠣᠯᠵᠤ ᠬᠤᠷᠢᠮ ᠨᠠᠢ᠌ᠷ ᠤᠨ ᠠᠭᠤᠷ ᠠᠮᠢᠰᠬᠤᠯ ᠢ ᠭᠦᠷ ᠭᠦᠭ᠍ᠵᠢᠶᠡᠨ ᠲᠡᠶ ᠪᠣᠯᠭᠠᠵᠤ᠂ ᠤᠳᠬ᠎ᠠ ᠠᠭᠤᠯᠭ᠎ᠠ ᠢ ᠨᠢ ᠨᠡᠮᠡᠭ᠍ᠳᠡᠭᠦᠯᠳᠡᠭ᠌᠃

ᠭᠦᠷᠭᠡᠨ ᠳᠠᠭᠠᠭᠴᠢ ᠶᠢ ᠮᠦᠨ ᠰᠢᠯᠢᠨ ᠰᠤᠩᠭ᠋ᠤᠵᠤ ᠳᠤᠭᠳᠠᠭᠠᠬᠤ ᠭᠡᠷᠡᠭ᠍ᠳᠡᠢ᠃ ᠬᠠᠮᠤᠭ ᠰᠠᠢ᠌ᠨ ᠨᠢ ᠰᠢᠨ᠎ᠠ ᠭᠦᠷᠭᠡᠨ ᠡᠴᠡ ᠨᠠᠰᠤ ᠳᠡᠭᠦᠤ ᠪᠣᠯᠪᠠᠴᠤ ᠳᠠᠷᠢᠭᠢ ᠳᠤᠯᠤᠭᠠᠢ ᠰᠡᠷᠭᠡᠢ᠂ ᠭᠡᠯᠡ ᠠᠮᠠ ᠬᠤᠷᠴᠠ᠂ ᠣᠬᠠᠭᠠᠨ ᠰᠠᠨᠠᠭ᠎ᠠ ᠰᠠᠢ᠌ᠳᠠᠢ᠂ ᠳᠠᠭᠤᠯᠠᠵᠤ ᠰᠢᠯᠦᠭᠯᠡᠭᠦ ᠳᠤ ᠪᠠᠨ ᠠᠪᠢᠶᠠᠰ ᠲᠡᠶ ᠵᠠᠯᠠᠭᠤ ᠪᠠᠢ᠌ᠳᠠᠭ᠃ ᠭᠦᠷᠭᠡᠨ ᠳᠠᠭᠠᠭᠴᠢ ᠶᠢ ᠪᠠᠰᠠ ᠰᠢᠨ᠎ᠠ ᠭᠦᠷᠭᠡᠨ ᠰᠢᠭ᠌ ᠬᠤᠪᠴᠠᠯᠠᠵᠤ ᠵᠠᠰᠠᠵᠤ ᠴᠢᠮᠡᠳᠡᠭ᠌᠃ ᠭᠡᠷᠪᠡ ᠰᠢᠨ᠎ᠠ ᠭᠦᠷᠭᠡᠨ ᠪᠦᠰᠡᠨ ᠳᠤ ᠪᠠᠨ ᠬᠤᠶᠠᠷ ᠣᠭᠤᠳᠠ ᠬᠤᠶᠠᠷ ᠬᠠᠳᠠᠭ ᠵᠡᠭᠦᠭ᠍ᠰᠡᠨ ᠪᠣᠯ ᠭᠦᠷᠭᠡᠨ ᠳᠠᠭᠠᠭᠴᠢ ᠨᠢᠭᠡ ᠣᠭᠤᠳᠠ ᠨᠢᠭᠡ ᠬᠠᠳᠠᠭ ᠵᠡᠭᠦᠳᠡᠭ᠌ ᠣᠴᠢᠷᠳᠠᠢ᠃ ᠭᠦᠷᠭᠡᠨ ᠳᠠᠭᠠᠭᠴᠢ ᠶᠢᠨ ᠡᠭᠦᠷᠭᠡ ᠴᠤ ᠭᠦᠩᠭᠡᠨ ᠪᠣᠰᠤ᠃ ᠳᠠᠷᠠ ᠪᠠᠷ ᠰᠢᠨ᠎ᠠ ᠭᠦᠷᠭᠡᠨ ᠤ ᠵᠠᠷᠤᠳᠠᠯ ᠪᠠᠷᠢᠳᠠᠯ ᠤᠨ ᠵᠣᠢ᠌ᠯ ᠢ ᠬᠠᠷᠠᠵᠤ ᠭᠢᠮᠠᠭᠠᠳᠠᠵᠤ ᠶᠠᠪᠣᠬᠤ ᠪᠦᠭᠡᠳ ᠰᠢᠨ᠎ᠠ ᠭᠦᠷᠭᠡᠨ ᠢ ᠬᠠᠮᠵᠢᠨ ᠠᠷᠢᠭᠢ ᠭᠡᠮᠨᠡᠭᠦ᠂ ᠳᠠᠮᠠᠭᠢ ᠨᠤᠴᠤᠭᠠᠬᠤ ᠡᠴᠡ ᠡᠭᠢᠯᠡᠭᠡᠳ ᠰᠢᠨ᠎ᠠ ᠭᠦᠷᠭᠡᠨ ᠤ ᠪᠦᠭᠦᠢᠯᠡ ᠣᠢ᠌ᠯᠠ ᠶᠢ ᠬᠠᠮᠵᠢᠨ ᠭᠦᠢᠴᠡᠳᠭᠡᠳᠡᠭ᠌᠃ 《ᠮᠤᠩᠭ᠋ᠤᠯ ᠤᠨ ᠨᠢᠭᠤᠴᠠ ᠳᠤᠪᠴᠢᠶᠠᠨ》 §94 ᠳ᠋ᠤ ᠳᠠᠮᠤᠵᠢᠨ ᠳᠡᠭᠦᠤ ᠪᠠᠯᠭᠦᠳᠡᠢ ᠶᠢ ᠳᠠᠭᠠᠭᠤᠯᠵᠤ᠂ 《ᠳᠠᠮᠤᠵᠢᠨ ᠶ‍ᠢᠰᠤᠨ ᠨᠠᠰᠤᠳᠠᠢ ᠪᠦᠭᠦᠢ ᠳᠤᠷ ᠳ᠋ᠠᠢ ᠰᠠᠴᠠᠨ ᠤ ᠪᠦᠷᠳᠡ ᠦᠵᠢᠨ ᠢ ᠶ‍ᠢᠰᠤᠨ ᠨᠠᠰᠤᠳᠤ ᠪᠦᠭᠦᠢ ᠳᠤᠷ ᠦᠵᠡᠵᠤ ᠢᠷᠡᠭ᠍ᠰᠡᠭᠡᠷ ᠬᠠᠭᠠᠴᠠᠵᠤ ᠪᠦᠯᠦᠭᠡ᠃ ᠦᠨᠦᠳᠤᠷ ᠳᠡᠭᠦᠤ ᠪᠠᠯᠭᠦᠳᠡᠢ ᠪᠠᠨ ᠳᠠᠭᠠᠭᠤᠯᠵᠤ ᠭᠡᠷᠦᠯᠤᠨ ᠮᠦᠷᠠᠨ ᠣᠷᠤᠭᠤ ᠡᠷᠢᠨ ᠤᠳᠪᠠ》 ᠭᠡᠮᠡᠨ ᠬᠤᠩᠭᠢᠷᠠᠤᠨ ᠠᠢ᠌ᠮᠠᠭ ᠲᠤ ᠡᠷᠢᠨ ᠣᠴᠢᠵᠤ ᠣᠷᠤᠭ ᠤᠨ ᠶᠤᠰᠤ ᠪᠠᠨ ᠭᠦᠢᠴᠡᠳᠭᠡᠭ᠍ᠰᠡᠨ ᠪᠠᠢ᠌ᠳᠠᠭ ᠤᠨ ᠳᠤᠳᠤᠷ᠎ᠠ ᠪᠠᠯᠭᠦᠳᠡᠢ ᠪᠣᠯ ᠶᠤᠰᠤᠳᠠᠢ ᠭᠦᠷᠭᠡᠨ ᠳᠠᠭᠠᠭᠴᠢ ᠶᠢᠨ ᠣᠢ᠌ᠯᠠᠳᠤᠯ ᠢ ᠭᠠᠷᠭᠠᠭᠰᠠᠨ ᠪᠠᠢ᠌ᠬᠤ ᠪᠢᠯᠠ᠃

ᠰᠠᠭᠠᠳᠠᠭ ᠶᠠᠪᠣᠬᠤ ᠭᠦᠮᠦᠰ ᠨᠢ ᠰᠢᠨ᠎ᠠ ᠬᠤᠪᠴᠠᠰᠤ ᠬᠤᠨᠠᠷ ᠡᠮᠦᠰᠭᠦ ᠪᠦᠭᠡᠳ ᠨᠠᠩ ᠢᠯᠠᠩᠭ᠋ᠤᠶ᠎ᠠ ᠭᠦᠷᠭᠡᠨ ᠭᠦᠤ ᠶᠢ ᠬᠠᠮᠤᠭ ᠤᠨ ᠰᠠᠢ᠌ᠬᠠᠨ ᠬᠤᠪᠴᠠᠰᠤ ᠵᠠᠰᠠᠯ ᠶᠢᠡᠷ ᠣᠷᠤᠢ ᠡᠴᠡ ᠨᠢ ᠣᠯᠠ ᠳ᠋ᠤᠨᠢ ᠭᠦᠷᠳᠡᠯ᠎ᠡ ᠴᠢᠮᠡᠭᠯᠡᠵᠤ ᠵᠠᠰᠠᠳᠠᠭ᠃ ᠥᠩᠭᠡᠷᠡᠭ᠍ᠰᠡᠨ ᠳᠤ ᠪᠣᠯ ᠰᠢᠨ᠎ᠠ ᠭᠦᠷᠭᠡᠨ ᠤ ᠬᠤᠶᠠᠭᠯᠠᠯ ᠨᠠᠩ ᠨᠠᠷᠢᠯᠢᠭ ᠪᠠᠢ᠌ᠭᠰᠠᠨ ᠰᠠᠨ︕ ᠰᠢᠨ᠎ᠠ ᠭᠦᠷᠭᠡᠨ ᠳᠤ ᠰᠠᠭᠠᠳᠠᠭ ᠨᠤᠮᠤ ᠶᠢ ᠪᠦᠰᠡᠯᠡᠭᠦᠯᠵᠤ ᠭᠦᠭᠡ ᠳᠤᠷᠭᠠᠨ ᠳᠠᠪᠠᠯ ᠤᠨ ᠭᠠᠳᠠᠭᠤᠷ ᠵᠤᠭᠤᠰ ᠤᠨ ᠬᠤᠸᠠᠷᠳᠠᠢ ᠭᠦᠷᠡᠩ ᠳᠤᠷᠭᠠᠨ ᠣᠭᠤᠵᠢ ᠶᠢ ᠳᠠᠪᠬᠤᠷᠯᠠᠬᠤ ᠪᠦᠭᠡᠳ ᠵᠡᠭᠦᠨ ᠳᠠᠰᠢᠶ᠎ᠠ ᠳᠡᠭᠡᠷ᠎ᠡ ᠪᠠᠨ ᠡᠷᠢᠶᠡᠨ ᠬᠤᠸᠠᠷᠳᠠᠢ ᠭᠦᠭᠦᠷ ᠤᠨ ᠳᠠᠯᠢᠩ ᠵᠡᠭᠦᠵᠤ᠂ ᠪᠠᠷᠠᠭᠤᠨ ᠳᠠᠰᠢᠶ᠎ᠠ ᠳᠤ ᠵᠡᠭᠦᠭ᠍ᠰᠡᠨ ᠮᠥᠩᠭᠦᠨ ᠬᠤᠢ ᠲᠡᠶ ᠮᠤᠩᠭ᠋ᠤᠯ ᠭᠢᠳᠤᠭ᠎ᠠ ᠨᠢ ᠨᠢᠭᠡ ᠵᠣᠢ᠌ᠷᠠᠢ ᠵᠠᠭᠠᠨ ᠤ ᠶᠠᠰᠤ ᠶᠢᠨ ᠰᠠᠪᠬ᠎ᠠ ᠲᠡᠶ ᠪᠠᠨ ᠨᠢᠭᠡ ᠬᠤᠢ ᠳᠤ ᠳᠤᠭᠢᠷᠠᠵᠤ ᠭᠢᠳᠤᠭᠠᠨ ᠤ ᠣᠭᠤᠰᠤᠷ ᠡᠴᠡ ᠵᠡᠭᠦᠭ᠍ᠰᠡᠨ ᠣᠯᠠᠨ ᠥᠩᠭᠡ ᠶᠢᠨ ᠴᠠᠴᠤᠭ ᠴᠢᠮᠡᠭ᠌ ᠢ ᠮᠦᠨ ᠣᠠᠵᠠᠢ᠌ᠯᠭᠠᠵᠠᠢ᠃ ᠪᠠᠷᠠᠭᠤᠨ ᠮᠦᠷ ᠡᠴᠡ ᠵᠡᠭᠦᠨ ᠰᠥᠪᠠᠭᠡ ᠳᠠᠭᠠᠤ ᠡᠭᠦᠷᠦᠭ᠍ᠰᠡᠨ ᠬᠤᠷ ᠰᠠᠭᠠᠳᠠᠭ ᠤᠨ ᠣᠭᠤᠳᠠ ᠳᠡᠭᠡᠷᠡᠭᠢ ᠠᠯᠳᠠ ᠮᠥᠩᠭᠦᠨ ᠳᠤᠪᠣᠷᠤᠤ ᠨᠢ ᠵᠤᠯᠠ ᠶᠢᠨ ᠭᠡᠷᠡᠯ ᠳᠤ ᠡᠳᠡᠭᠡᠳ ᠰᠤᠨᠢᠨ ᠭᠢᠯᠠᠯᠵᠠᠨ ᠬᠠᠷᠠᠭᠳᠠᠬᠤ ᠪᠦᠭᠡᠳ ᠨᠤᠮᠤ ᠰᠤᠮᠤ ᠶᠢᠨ ᠡ᠊ᠨᠳᠡ ᠳᠠᠠᠳᠠ ᠡᠴᠡ ᠣᠶᠠᠭᠰᠠᠨ ᠳᠠᠪᠤᠨ ᠥᠩᠭᠡ ᠶᠢᠨ ᠫᠠᠩᠰᠠ ᠳᠤᠷᠳᠤᠩ ᠨᠢ ᠠᠶᠠᠰ ᠤᠨ ᠰᠠᠯᠭᠢᠨ ᠳᠤ ᠠᠶᠠᠷᠬᠠᠨ ᠨᠠᠮᠢᠷᠠᠨ᠎ᠠ᠃

ᠳᠤᠯᠤᠭᠠᠢ ᠳᠤ ᠪᠠᠨ ᠳᠠᠯᠪᠢᠭᠰᠠᠨ ᠮᠤᠩᠭ᠋ᠤᠯ ᠤᠨ ᠡᠷᠳᠡᠨ ᠤ ᠮᠠᠶ‍ᠢᠭ ᠣᠷᠤᠢ ᠳᠡᠭᠡᠷ᠎ᠡ ᠪᠠᠨ ᠰᠤᠮᠤᠨ ᠵᠢᠳᠠ ᠭᠢᠯᠠᠯᠵᠠᠭᠰᠠᠨ ᠳᠤᠭᠤᠢ ᠬᠠᠷ᠎ᠠ ᠮᠠᠯᠠᠭᠠᠢ ᠨᠢ ᠳᠤᠩ ᠰᠠᠢ᠌ᠬᠠᠨ ᠳᠤᠭᠢᠷᠠᠵᠤ ᠬᠤᠶᠠᠷ ᠳᠠᠯ᠎ᠠ ᠶᠢᠨ ᠳᠤᠷᠭᠠᠨ ᠪᠦᠴᠡ ᠨᠢ ᠡᠷᠡᠤ ᠶᠢᠨ ᠳᠤᠤᠷ᠎ᠠ ᠨᠢ ᠡᠪᠳᠡᠢ ᠰᠠᠢ᠌ᠬᠠᠨ ᠣᠶᠠᠵᠠᠢ᠃ ᠭᠦᠯ ᠳᠤ ᠪᠠᠨ ᠬᠠᠨ᠎ᠠ ᠶᠢᠨ ᠡᠷᠢᠶᠡᠨ ᠶᠢᠡᠷ ᠭᠡᠭᠡᠯᠡᠭ᠍ᠰᠡᠨ ᠣᠷᠢᠶᠠᠮᠠᠯ ᠬᠤᠸᠠᠷᠳᠠᠢ ᠬᠠᠷ᠎ᠠ ᠰᠢᠷᠠᠮᠠᠯ ᠭᠤᠳᠤᠯ ᠭᠡᠳᠦᠷᠡᠭᠡᠳ ᠬᠤᠪᠢ ᠶᠢᠨ ᠭᠠᠳᠠᠨ᠎ᠠ ᠰᠦᠷ ᠭᠡᠷᠡᠯᠳᠡᠢ᠃ ᠮᠤᠩᠭ᠋ᠤᠯ ᠠᠷᠠᠤᠨ ᠤᠨ ᠳᠠᠭᠤᠤ 《ᠱᠠᠭᠠᠠᠳᠤ ᠶᠢᠨ ᠳᠠᠭᠤᠤ》 ᠳ᠋ᠤ

ᠪᠠᠶ᠎ᠠ ᠪᠠᠨ ᠳᠤᠭᠤᠷᠢᠭᠤᠯᠵᠤ ᠴᠢᠮᠡᠭᠯᠡᠭ᠍ᠰᠡᠨ ᠨᠢ ᠵᠧ ᠭᠦᠢ

ᠭᠡᠳᠡ ᠭᠢᠳᠤᠭ᠎ᠠ ᠶᠢᠨ ᠬᠤᠯᠪᠣᠭ᠎ᠠ ᠲᠡᠶ ᠭᠦᠢ᠂

ᠪᠦᠰᠡᠯᠡᠭᠦᠷ ᠶᠢᠡᠨ ᠳᠠᠭᠠᠭᠠᠤᠨ ᠵᠡᠭᠦᠭ᠍ᠰᠡᠨ ᠨᠢ ᠵᠧ ᠭᠦᠢ

ᠪᠦᠭᠡᠷᠡᠨ ᠬᠠᠪᠳᠠᠭ᠎ᠠ ᠬᠤᠤᠰ ᠶᠢᠡᠷ ᠭᠦᠢ᠃


ᠵᠠᠰᠠᠭ ᠤᠨ ᠨᠤᠶᠠᠤᠨ ᠡᠴᠡ ᠳᠤᠳᠠᠭᠤ ᠦᠭᠡᠶ ᠵᠧ ᠭᠦᠢ

ᠵᠢᠶᠠᠠᠴᠤ ᠳᠤᠷᠭ᠎ᠠ ᠪᠠᠷ ᠴᠢᠮᠡᠭᠯᠡᠭ᠍ᠰᠡᠨ ᠨᠢ ᠭᠦᠢ᠂

ᠵᠦᠢ ᠲᠡᠶ ᠭᠦᠮᠤᠨ ᠶᠢᠡᠨ ᠠᠪᠠᠴᠢᠨ᠎ᠠ ᠭᠡᠳ ᠵᠧ ᠭᠦᠢ

ᠰᠤᠮᠤ ᠶᠢᠨ ᠠᠯᠴᠢᠭᠤᠷ ᠬᠤᠤᠰ ᠶᠢᠡᠷ ᠭᠦᠢ᠃


ᠡᠳ᠋ ᠲᠡᠶ ᠨᠤᠶᠠᠨ ᠡᠴᠡ ᠳᠤᠳᠠᠭᠤ ᠦᠭᠡᠶ ᠵᠧ ᠭᠦᠢ

ᠥᠭᠡᠳᠡᠩ ᠳᠤᠷᠭ᠎ᠠ ᠪᠠᠷ ᠬᠤᠪᠴᠠᠯᠠᠭᠰᠠᠨ ᠭᠦᠢ᠂

ᠡᠩᠭᠡᠷ ᠥᠭᠡᠳᠡ ᠨᠢ ᠵᠡᠷᠭᠡᠴᠡᠭᠦᠯᠦᠭ᠍ᠰᠡᠨ ᠵᠧ ᠭᠦᠢ

ᠣᠯᠠᠭᠠᠨ ᠬᠤᠷᠮᠣᠢ᠌ᠪᠴᠢ ᠪᠦᠰᠡᠯᠡᠭᠦᠯᠦᠭ᠍ᠰᠡᠨ ᠭᠦᠢ᠃


ᠪᠠᠭᠤᠯᠭᠠᠬᠤ ᠬᠤᠷᠢᠮ ᠭᠢᠨ᠎ᠠ ᠭᠡᠳ ᠵᠧ ᠭᠦᠢ

ᠪᠦᠮᠪᠦᠭᠡᠷ ᠬᠠᠪᠳᠠᠭ᠎ᠠ ᠵᠣᠢ᠌ᠷᠠᠢ ᠪᠠᠷ ᠭᠦᠢ

ᠪᠠᠭᠤᠯᠭᠠᠵᠤ ᠠᠪᠠᠴᠢᠬᠤ ᠳᠤ ᠦᠵᠡᠮᠵᠢᠳᠠᠢ ᠭᠡᠳ ᠵᠧ ᠭᠦᠢ

ᠪᠣᠯᠢᠭᠠᠷᠢ ᠶᠢᠨ ᠭᠤᠳᠤᠯ ᠵᠣᠢ᠌ᠷᠠᠢ ᠪᠠᠷ ᠭᠦᠢ ᠭᠡᠵᠤ ᠰᠠᠭᠠᠳᠠᠭ ᠲᠤ ᠮᠤᠷᠳᠠᠬᠤ ᠭᠦᠷᠭᠡᠨ ᠤ ᠬᠤᠪᠴᠠᠯᠠᠭᠰᠠᠨ ᠢ ᠮᠠᠭᠳᠠᠨ ᠳᠠᠭᠤᠯᠠᠳᠠᠭ᠃

ᠣᠳᠤ ᠬᠤᠷᠴᠢᠨ ᠮᠤᠩᠭ᠋ᠤᠯᠴᠤᠳ ᠮᠠᠨᠢ ᠪᠠᠰᠠ ᠪᠠᠶᠠᠷ ᠳᠤᠷᠠᠰᠬᠠᠯ᠂ ᠬᠤᠷᠢᠮ ᠬᠤᠷᠠᠯ ᠪᠣᠯᠤᠭᠰᠠᠭᠠᠷ ᠮᠤᠩᠭ᠋ᠤᠯ ᠬᠤᠪᠴᠠᠰᠤ ᠪᠠᠨ ᠡᠮᠦᠰᠴᠤ ᠵᠠᠰᠠᠯ ᠴᠢᠮᠡᠭ᠌ ᠵᠡᠭᠦᠭᠦ ᠪᠣᠯᠤᠭᠰᠠᠨ ᠪᠠᠢ᠌ᠨ᠎ᠠ᠃ ᠡᠨᠡ ᠪᠣᠯ ᠳᠠᠷᠤᠢ ᠦᠨᠳᠦᠰᠦᠳᠠᠨ ᠤ ᠤ ᠦᠪ ᠰᠤᠶᠤᠯ ᠶᠢᠡᠨ ᠵᠠᠯᠭᠠᠮᠵᠢᠯᠠᠨ ᠭᠦᠭ᠍ᠵᠢᠭᠦᠯᠵᠤ ᠪᠠᠢ᠌ᠭ᠎ᠠ ᠶᠢᠨ ᠢᠯᠠᠷᠠᠯ ᠪᠣᠯᠤᠨ᠎ᠠ᠃ ᠳᠠᠷᠤᠢ ᠭᠤᠶᠤ ᠳᠡᠷᠯᠢᠭ᠌ ᠲᠡᠭᠡᠨ ᠭᠤᠷᠪᠠᠨ ᠳᠤᠬᠤᠢ ᠦᠷᠭᠡᠨ᠂ ᠭᠤᠷᠪᠠᠨ ᠮᠸᠲ᠋ᠷ ᠣᠷᠳᠤ ᠣᠯᠠᠭᠠᠨ ᠳᠤᠷᠭᠠᠨ ᠪᠦᠰᠡ ᠪᠦᠰᠡᠯᠡᠵᠤ᠂ ᠪᠦᠰᠡᠨ ᠳᠤ ᠪᠠᠨ ᠰᠤᠮᠤᠨ ᠬᠠᠳᠠᠭ᠂ ᠭᠡᠳᠡ ᠭᠢᠳᠤᠭ᠎ᠠ᠂ ᠬᠤᠶᠠᠷ ᠪᠣᠶᠤ ᠳᠦᠷᠪᠠᠨ ᠫᠢᠶᠤᠤᠳᠠᠢ ᠲᠡᠶ ᠳᠠᠮᠠᠭᠢᠨ ᠬᠠᠪᠳᠠᠭ᠎ᠠ ᠵᠡᠷᠭᠡ ᠶᠢ ᠵᠡᠭᠦᠵᠤ ᠭᠢᠯᠠᠯᠵᠠᠮ᠎ᠠ ᠰᠠᠢ᠌ᠬᠠᠨ ᠬᠠᠷᠠᠭᠳᠠᠳᠠᠭ᠃ ᠵᠠᠷᠢᠮ ᠦᠶ᠎ᠡ ᠳᠤ ᠨᠢᠭᠡ ᠬᠠᠳᠠᠭ᠂ ᠨᠢᠭᠡ ᠣᠭᠤᠳᠠ ᠵᠡᠭᠦᠭ᠍ᠰᠡᠨ ᠪᠣᠯ ᠭᠡᠦᠭᠡᠨ ᠤ ᠳᠠᠯ᠎ᠠ ᠳᠤ ᠣᠴᠢᠭᠰᠠᠨ ᠤ ᠰᠡᠭᠦᠯᠡᠷ ᠬᠤᠶᠠᠷ ᠪᠣᠯᠭᠠᠵᠤ᠂ ᠬᠤᠶᠠᠷ ᠵᠡᠭᠦᠵᠤ ᠣᠴᠢᠭᠰᠠᠨ ᠪᠣᠯ ᠳᠦᠷᠪᠠ ᠪᠣᠯᠭᠠᠵᠤ ᠵᠡᠭᠦᠯᠭᠡᠳᠡᠭ᠌ ᠵᠠᠩᠰᠢᠯ ᠲᠡᠶ᠃

11. ᠭᠦᠷᠭᠡᠨ ᠬᠤᠪᠴᠠᠯᠠᠬᠤ ᠶᠤᠰᠤᠨ

ᠰᠢᠨ᠎ᠠ ᠭᠦᠷᠭᠡᠨ ᠭᠡᠦᠭᠡᠨ ᠤ ᠳᠠᠯ᠎ᠠ ᠳᠤ ᠢᠷᠡᠭ᠍ᠰᠡᠨ ᠤ ᠳᠠᠷᠠᠭ᠎ᠠ ᠭᠡᠦᠭᠡᠨ ᠤ ᠳᠠᠯ᠎ᠠ ᠡᠴᠡ ᠪᠡᠯᠡᠳᠭᠡᠭ᠍ᠰᠡᠨ ᠰᠢᠨ᠎ᠠ ᠬᠤᠪᠴᠠᠰᠤ ᠳᠠᠪᠠᠯ ᠶᠢᠡᠨ ᠬᠠᠯᠠᠨ ᠡᠮᠦᠰᠭᠡᠭᠦ ᠶᠢ ᠰᠢᠨ᠎ᠠ ᠭᠦᠷᠭᠡᠨ ᠬᠤᠪᠴᠠᠯᠠᠬᠤ ᠭᠡᠨ᠎ᠡ᠃ 《ᠭᠦᠷᠭᠡᠨ ᠬᠤᠪᠴᠠᠯᠠᠬᠤ》 ᠪᠣᠯ ᠬᠤᠷᠴᠢᠨ ᠣᠷᠤᠭ ᠤᠨ ᠶᠤᠰᠤᠨ ᠳᠤ ᠪᠠᠰᠠ ᠨᠢᠭᠡᠨ ᠭᠦᠨ ᠤᠳᠬ᠎ᠠ ᠣᠴᠢᠷ ᠠᠬᠤᠯᠠᠭᠳᠠᠬᠤ ᠪᠦᠭᠡᠳ ᠨᠢᠭᠡᠨ ᠶᠡᠭᠡ ᠭᠦᠭ᠍ᠵᠢᠶᠡᠡᠳᠤ ᠳᠠᠯᠠᠪᠣᠷ ᠪᠣᠯᠬᠤ ᠶᠤᠮ᠃ ᠨᠢᠭᠡ ᠳᠠᠯ᠎ᠠ ᠪᠠᠷ ᠭᠡᠯᠡᠪᠠᠯ᠂ ᠡᠨᠡ ᠴᠤ ᠮᠦᠨ ᠡᠭᠡ ᠶᠢᠨ ᠡᠷᠭᠡᠳᠤ ᠶᠤᠰᠤᠨ ᠤ ᠥᠯᠡᠳᠡᠭ᠍ᠳᠡᠯ ᠪᠣᠯᠬᠤ ᠨᠢ ᠢᠯᠡᠭᠡᠨ᠃ ᠰᠢᠨ᠎ᠠ ᠭᠦᠷᠭᠡᠨ ᠶᠢᠡᠨ ᠣᠯᠠ ᠡᠴᠡ ᠨᠢ ᠣᠷᠤᠢ ᠳ᠋ᠤᠨᠢ ᠳᠤᠯᠳᠠᠯ᠎ᠠ ᠰᠢᠨ᠎ᠠ ᠪᠠᠷ ᠬᠤᠪᠴᠠᠯᠠᠵᠤ ᠭᠦᠷᠭᠡᠨ ᠭᠦᠤ ᠶᠢ ᠭᠡᠦᠭᠡᠨ ᠭᠡᠷ ᠲᠤ ᠦᠪᠡᠷ ᠤᠨ ᠭᠦᠮᠤᠨ ᠪᠣᠯᠵᠤ ᠪᠣᠢ ᠶᠢ ᠢᠯᠡᠳᠭᠡᠭ᠍ᠰᠡᠨ ᠭᠡᠷᠡᠭ᠌ ᠠᠵᠠᠢ᠃ ᠳᠠᠷᠤᠢ ᠶᠡᠭᠡ ᠰᠢᠷᠡᠭᠡ ᠳᠠᠯᠪᠢᠵᠤ ᠭᠦᠷᠭᠡᠨ ᠮᠦᠷᠭᠦᠭ᠍ᠰᠡᠨ ᠤ ᠳᠠᠷᠠᠭ᠎ᠠ ᠭᠡᠦᠭᠡᠨ ᠤ ᠭᠡᠷ ᠲᠤ ᠢᠰᠡᠭᠡᠢ ᠳᠠᠪᠢᠰᠴᠤ ᠨᠠᠷᠢᠮᠤ ᠶᠢᠨ ᠴᠠᠭᠠᠨ ᠶᠢᠡᠷ ᠴᠠᠭᠠᠵᠠ ᠶᠢᠨ ᠳᠠᠮᠠᠭ᠎ᠠ ᠵᠢᠷᠤᠵᠤ ᠳᠡᠭᠡᠷ᠎ᠡ ᠨᠢ ᠭᠦᠷᠭᠡᠨ ᠢ ᠬᠤᠪᠴᠠᠯᠠᠨ᠎ᠠ᠃ ᠴᠠᠭᠠᠵᠠ ᠶᠢᠨ ᠳᠠᠮᠠᠭ᠎ᠠ ᠵᠢᠷᠤᠵᠤ ᠪᠠᠢ᠌ᠭ᠎ᠠ ᠨᠢ ᠬᠤᠷᠴᠢᠠᠴᠤᠳ ᠬᠤᠷᠢᠮ ᠤᠨ ᠣᠴᠢᠷ ᠢ《ᠳᠦᠷᠤ ᠶᠢᠨ ᠶᠤᠰᠤᠯᠠᠯ》᠂ 《ᠬᠤᠷᠢᠮ ᠳᠦᠷᠤ》 ᠭᠡᠵᠤ ᠥᠵᠡᠳᠡᠭ᠌ ᠪᠣᠯᠬᠤᠷ ᠴᠠᠭᠠᠵᠠ ᠶᠢᠨ ᠳᠠᠮᠠᠭ᠎ᠠ ᠵᠢᠷᠤᠵᠤ ᠣᠷᠤᠭ ᠬᠤᠷᠢᠮ ᠤᠨ ᠪᠠᠳᠤᠯᠭᠠᠳᠤ ᠴᠢᠨᠠᠷ᠂ ᠭᠦᠡᠳᠦᠳᠭᠡᠯᠳᠤ ᠴᠢᠨᠠᠷ ᠢ ᠢᠯᠡᠳᠭᠡᠵᠤ ᠪᠠᠢ᠌ᠭ᠎ᠠ ᠪᠣᠯᠤᠯᠳᠠᠢ᠃ ᠪᠦᠷ ᠪᠠᠷᠠᠭᠤᠨ ᠳᠠᠯ᠎ᠠ ᠡᠴᠡ ᠡᠭᠢᠯᠡᠵᠤ ᠳᠠᠢ᠌ᠯᠵᠤ ᠡᠮᠦᠰᠭᠡᠨ᠎ᠡ᠃ ᠬᠠᠳᠠᠮ ᠪᠠᠷᠭᠡᠳ ᠨᠡᠷ ᠰᠢᠨ᠎ᠠ ᠭᠦᠷᠭᠡᠨ ᠪᠠᠷᠠᠭᠤᠨ ᠭᠠᠷ ᠭᠦᠯ ᠡᠴᠡ ᠡᠭᠢᠯᠡᠨ ᠡᠮᠦᠰᠴᠤ ᠢᠷᠡᠭ᠍ᠰᠡᠨ ᠬᠤᠪᠴᠠᠰᠤ ᠶᠢ ᠨᠢ ᠳᠠᠢ᠌ᠯᠵᠤ ᠠᠪᠣᠭᠠᠤᠨ ᠳᠠᠭᠢᠨ ᠪᠠᠷᠠᠭᠤᠨ ᠭᠠᠷ ᠭᠦᠯ ᠡᠴᠡ ᠨᠢ ᠡᠭᠢᠯᠡᠨ ᠬᠠᠳᠠᠮ ᠠᠪᠣ ᠡᠵᠢ ᠶᠢᠨ ᠱᠠᠩᠨᠠᠭᠰᠠᠨ ᠬᠤᠪᠴᠠᠰᠤ ᠶᠢ ᠬᠠᠯᠠᠨ ᠡᠮᠦᠰᠭᠡᠨ᠎ᠡ᠃ ᠡᠨᠡ ᠦᠶ᠎ᠡ ᠳᠤ ᠬᠠᠳᠠᠮ ᠡᠭᠡ ᠨᠢ ᠢᠷᠠᠵᠤ ᠭᠦᠷᠭᠡᠨ ᠬᠤᠪᠴᠠᠯᠠᠬᠤ ᠶᠢ ᠭᠢᠨᠠᠵᠤ ᠬᠠᠷᠠᠵᠤ ᠵᠤᠭᠰᠤᠨ᠎ᠠ᠃ ᠬᠤᠷᠴᠢᠨ ᠮᠤᠩᠭ᠋ᠤᠯᠴᠤᠳ ᠤᠨ ᠵᠠᠩᠰᠢᠯ ᠶᠤᠰᠤᠨ ᠳᠤ ᠪᠠᠷᠭᠡᠨ ᠪᠣᠯᠬᠤ ᠭᠦᠮᠤᠨ ᠪᠣᠶᠤ ᠭᠦᠷᠭᠡᠨ ᠠᠬ᠎ᠠ ᠪᠣᠯᠬᠤ ᠭᠦᠮᠤᠨ ᠲᠡᠶ ᠳᠡᠭᠦᠤ ᠨᠡᠷ᠂ ᠭᠦᠷᠢ ᠳᠡᠭᠦᠤ ᠨᠡᠷ ᠱᠤᠭᠯᠠᠨ ᠨᠠᠭᠠᠳᠬᠤ ᠣᠴᠢᠷᠳᠠᠢ᠃ ᠪᠠᠷᠭᠡᠳ ᠰᠢᠨ᠎ᠠ ᠭᠦᠷᠭᠡᠨ ᠤ ᠭᠤᠳᠤᠯ ᠰᠤᠯᠢᠬᠤ ᠪᠠ ᠪᠦᠰᠡ ᠪᠦᠰᠡᠯᠡᠭᠦ ᠦᠶ᠎ᠡ ᠳᠤ ᠵᠤᠷᠢᠭᠤᠳᠠ ᠶᠠᠷᠰᠢᠭ ᠡᠭᠦᠰᠭᠡᠨ ᠨᠠᠭᠠᠳᠤᠮ ᠱᠤᠭ ᠪᠦᠳᠦᠭᠡᠳᠡᠭ᠌᠃ ᠳᠠᠷᠤᠢ ᠭᠦᠷᠭᠡᠨ ᠴᠠᠭᠠᠵᠠ ᠶᠢᠨ ᠳᠠᠮᠠᠭ᠎ᠠ ᠲᠡᠶ ᠢᠰᠡᠭᠡᠢ ᠳᠡᠭᠡᠷ᠎ᠡ ᠰᠠᠭᠤᠭᠰᠠᠨ ᠤ ᠳᠠᠷᠠᠭ᠎ᠠ ᠬᠤᠶᠠᠷ ᠪᠠᠷᠭᠡᠨ ᠭᠤᠳᠤᠯ ᠳᠠᠢ᠌ᠯᠤᠨ᠎ᠠ᠃ ᠭᠡᠷᠪᠡ ᠭᠤᠳᠤᠯ ᠳᠠᠢ᠌ᠯᠬᠤ ᠳᠤ ᠰᠢᠨ᠎ᠠ ᠭᠦᠷᠭᠡᠨ ᠭᠦᠯ ᠤᠨ ᠦᠯᠮᠡᠢ ᠪᠠᠨ ᠡᠷᠳᠡᠢ᠌ᠯᠭᠡᠪᠠᠯ ᠪᠠᠷᠭᠡᠨ ᠳᠠᠢ᠌ᠯᠵᠤ ᠠᠪᠴᠤ ᠳᠡᠢ᠌ᠯᠭᠦ ᠦᠭᠡᠶ ᠶᠡᠭᠡ ᠭᠦᠴᠢᠷᠳᠡᠳᠡᠭ᠌᠃ ᠬᠤᠶᠠᠷ ᠪᠠᠷᠭᠡᠨ ᠬᠤᠶᠠᠭᠤᠯᠠ ᠪᠠᠨ ᠣᠷᠤᠭᠠᠤᠨ ᠪᠠᠰᠠ ᠴᠢᠩᠭ᠋ᠠᠭᠠᠵᠤ ᠠᠪᠴᠤ ᠳᠡᠢ᠌ᠯᠭᠦ ᠦᠭᠡᠶ ᠪᠣᠯᠪᠠᠯ 《ᠭᠦᠷᠭᠡᠨ ᠭᠦᠮᠤᠨ ᠭᠦᠴᠤ ᠦᠭᠡᠶ᠂ ᠭᠦᠵᠦᠭᠦᠨ ᠮᠢᠬ᠎ᠠ ᠠᠮᠳᠠ ᠦᠭᠡᠶ》᠂ 《ᠭᠦᠷᠭᠡᠨ ᠳᠤ ᠨᠢᠯᠪᠣᠰᠤ ᠦᠭᠡᠶ᠂ ᠭᠦᠵᠡᠭᠡᠨ ᠳᠤ ᠴᠢᠰᠤ ᠦᠭᠡᠶ》 ᠭᠡᠵᠤ ᠱᠤᠭ ᠤᠨ ᠥᠭᠡ ᠭᠡᠯᠡᠭᠦ ᠳᠤ ᠰᠢᠨ᠎ᠠ ᠭᠦᠷᠭᠡᠨ ᠣᠯᠠᠮ ᠭᠦᠴᠦᠯᠡᠨ᠎ᠡ᠃ ᠡᠨᠡ ᠦᠶ᠎ᠡ ᠳᠤ ᠭᠦᠷᠭᠡᠨ ᠮᠦᠷᠭᠦᠭᠦ ᠴᠠᠭ ᠤᠢ᠌ᠷᠠᠳᠤᠵᠤ ᠪᠠᠢ᠌ᠬᠤ ᠪᠣᠯᠬᠤᠷ ᠬᠠᠵᠠᠭᠤ ᠳᠤ ᠭᠢᠨᠠᠵᠤ ᠰᠠᠭᠤᠵᠤ ᠪᠠᠢ᠌ᠭᠰᠠᠨ ᠬᠠᠳᠠᠮ ᠡᠵᠢ ᠭᠦᠷᠭᠡᠨ ᠶᠢᠡᠨ ᠢᠳᠬᠠᠨ ᠭᠡᠯᠡᠵᠤ ᠭᠤᠳᠤᠯ ᠳᠠᠢ᠌ᠯᠵᠤ ᠳᠡᠢ᠌ᠯᠭᠦ ᠳᠤ ᠭᠦᠷᠭᠡᠨ᠎ᠡ᠃ ᠡᠨᠡ ᠳᠠᠯᠢᠮ ᠳᠤ ᠪᠣᠰᠢᠭᠤ ᠱᠠᠯᠠᠮᠠᠭᠠᠢ ᠪᠠᠷᠭᠡᠨ ᠡᠴᠡ ᠰᠠᠭᠤᠵᠤ ᠪᠠᠢ᠌ᠭᠰᠠᠨ ᠭᠦᠷᠭᠡᠨ ᠤ ᠬᠤᠪᠴᠠᠰᠤ ᠪᠠ ᠳᠡᠪᠢᠰᠭᠡᠷ ᠲᠡᠶ ᠬᠤᠯᠪᠤᠨ ᠣᠶᠤᠵᠤ ᠵᠠᠪᠳᠤᠳᠠᠭ᠃ ᠭᠦᠷᠭᠡᠨ ᠮᠡᠳᠡᠭᠦ ᠦᠭᠡᠶ ᠪᠠᠷ ᠶᠠᠭᠠᠷᠠᠨ ᠪᠣᠰᠬᠤ ᠳᠤ ᠳᠡᠪᠢᠰᠭᠡᠷ ᠳᠡᠭᠦᠵᠢᠯᠡᠭ᠍ᠳᠡᠭᠦ ᠣᠴᠢᠷ ᠦᠬᠢᠳ ᠶᠡᠭᠡ ᠳᠠᠭᠤᠨ ᠶᠢᠡᠷ ᠱᠤᠭᠯᠠᠨ ᠢᠨᠢᠶᠠᠯᠴᠠᠨ᠎ᠠ᠃ ᠭᠡᠷᠪᠡ ᠥᠩᠭᠡᠷᠡᠭ᠍ᠰᠡᠨ ᠳᠤ ᠪᠠᠰᠠ ᠭᠦᠷᠭᠡᠨ ᠳᠠᠭᠠᠵᠤ ᠶᠠᠪᠣᠭᠰᠠᠨ ᠳᠤᠷᠰᠢᠯᠭ᠎ᠠ ᠲᠡᠶ ᠪᠣᠯ ᠪᠣᠰᠬᠤ ᠡᠴᠡ ᠪᠠᠨ ᠡᠮᠦᠨ᠎ᠡ ᠬᠤᠶᠠᠷ ᠭᠠᠷ ᠶᠢᠠᠷ ᠶᠢᠡᠨ ᠳᠠᠮᠳᠠᠷᠢᠵᠤ ᠪᠠᠢ᠌ᠭᠠᠤᠨ ᠥᠨᠡᠭᠡᠷ ᠣᠶᠤᠭᠠᠰᠤ ᠲᠡᠶ ᠪᠣᠯ ᠳᠠᠰᠤᠯᠵᠤ ᠬᠠᠶᠠᠳᠠᠭ᠃ ᠭᠦᠷᠭᠡᠨ ᠳᠠᠭᠠᠭᠴᠢ ᠴᠤ ᠡᠨᠡ ᠳᠠᠯ᠎ᠠ ᠪᠠᠷ ᠪᠣᠯᠭᠤᠮᠵᠢᠯᠠᠵᠤ ᠪᠠᠢ᠌ᠬᠤ ᠭᠡᠷᠡᠭ᠍ᠳᠡᠢ ᠶᠤᠮ᠃ ᠪᠠᠷᠭᠡᠨ ᠭᠤᠳᠤᠯ ᠢ ᠣᠭᠵᠢᠮ ᠰᠤᠭᠤᠯᠵᠤ ᠠᠪᠣᠮᠠᠭᠴᠠ ᠣᠯᠠᠨ ᠦᠬᠢᠳ ᠤᠨ ᠵᠥᠭ᠌ ᠲᠤ ᠰᠢᠳᠠᠵᠤ ᠶᠠᠪᠣᠭᠤᠯᠤᠨ᠎ᠠ᠃ ᠭᠡᠷᠪᠡ ᠭᠦᠷᠭᠡᠨ ᠳᠠᠭᠠᠭᠴᠢ ᠪᠣᠰᠢᠭᠤ ᠱᠠᠯᠠᠮᠠᠭᠠᠢ ᠪᠣᠯ ᠳᠠᠷᠠ ᠳᠠᠷᠤᠢ ᠪᠠᠷᠭᠡᠨ ᠡᠴᠡ ᠪᠣᠯᠢᠶᠠᠵᠤ ᠠᠪᠣᠨ᠎ᠠ᠃ ᠭᠤᠳᠤᠯ ᠶᠢᠡᠨ ᠦᠬᠢᠳ ᠲᠤ ᠪᠣᠯᠢᠶᠠᠭᠳᠠᠪᠠᠯ ᠣᠷᠤᠢ ᠶᠢᠨ ᠱᠠᠭᠠᠠᠳᠤ ᠶᠢᠨ ᠰᠢᠷᠡᠭᠡᠨ ᠤ ᠨᠠᠭᠠᠳᠤᠮ ᠳᠤ ᠦᠬᠢᠳ ᠲᠤ ᠡᠷᠭᠦᠭᠦ ᠳᠠᠭᠤᠤ ᠶᠢᠨ ᠳᠤᠭ᠎ᠠ ᠨᠢ ᠳᠠᠭᠢᠨ ᠶᠢᠡᠷ ᠦᠰᠤᠨ᠎ᠠ᠃ ᠭᠤᠳᠤᠯ ᠪᠣᠯᠢᠶᠠᠬᠤ ᠪᠣᠯ ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠶᠤᠰᠤᠨ ᠳᠤ ᠳᠤᠳᠠᠭᠳᠠᠵᠤ ᠪᠣᠯᠤᠰᠢ ᠦᠭᠡᠶ ᠨᠢᠭᠡᠨ ᠴᠢᠬᠤᠯᠠ ᠠᠭᠤᠯᠭ᠎ᠠ ᠪᠣᠯᠬᠤ ᠶᠤᠮ᠃ ᠳᠡᠭᠦᠨ ᠳᠤ ᠬᠤᠷᠴᠢᠨ ᠣᠷᠤᠭ ᠬᠤᠷᠢᠮ ᠤᠨ ᠬᠤᠱᠤᠩ ᠶᠦᠮᠦᠷᠯᠢᠭ᠌᠂ ᠪᠠᠶᠠᠷ ᠪᠠᠶᠠᠰᠤᠯ ᠤᠨ ᠠᠭᠤᠯᠭ᠎ᠠ ᠲᠡᠶ ᠪᠦᠭᠡᠳ ᠬᠤᠷᠴᠢᠠᠴᠤᠳ ᠤᠨ ᠠᠮᠢᠳᠤᠷᠠᠯ ᠤᠨ ᠪᠠᠳᠤ ᠴᠢᠩᠭ᠋᠎ᠠ ᠢᠳᠡᠭᠡᠯ ᠪᠢᠰᠢᠷᠠᠯ᠂ ᠰᠠᠢ᠌ᠨ ᠰᠠᠢ᠌ᠬᠠᠨ ᠭᠦᠰᠡᠯ ᠮᠦᠷᠦᠭᠡᠳᠦᠯ ᠤᠨ ᠰᠠᠨᠠᠭ᠎ᠠ ᠳᠤᠰᠬᠠᠭᠳᠠᠵᠤ ᠪᠠᠢ᠌ᠭ᠎ᠠ ᠶᠤᠮ᠃

ᠬᠠᠮᠤᠭ ᠰᠡᠭᠦᠯ ᠳᠤ ᠮᠤᠩᠭ᠋ᠤᠯ ᠭᠦᠭᠡ ᠳᠡᠷᠯᠢᠭ᠌ ᠲᠤ ᠣᠯᠠᠭᠠᠨ ᠳᠤᠷᠳᠤᠩ ᠪᠦᠰᠡ ᠪᠦᠰᠡᠯᠡᠭᠦ ᠦᠶ᠎ᠡ ᠳᠤ ᠬᠤᠶᠠᠷ ᠪᠠᠷᠭᠡᠨ ᠭᠤᠳᠤᠯ ᠳᠠᠢ᠌ᠯᠬᠤ ᠳᠤ ᠵᠤᠪᠠᠭᠠᠭᠰᠠᠨ ᠦᠰ ᠬᠤᠠᠵᠢᠩ ᠶᠢ ᠠᠪᠬᠤ ᠭᠡᠵᠤ ᠡᠶ‍ᠢ ᠪᠠᠨ ᠮᠥᠮᠦᠭ᠍ᠰᠡᠨ ᠭᠦᠴᠤ ᠪᠠᠨ ᠰᠢᠪᠬᠠᠵᠤ ᠬᠤᠶᠠᠷ ᠳᠠᠰᠢ ᠪᠠᠨ ᠴᠢᠨᠡᠭᠡ ᠪᠠᠷ ᠶᠢᠡᠨ ᠴᠢᠩᠭ᠋ᠠᠭᠠᠬᠤ ᠳᠤ ᠰᠢᠨ᠎ᠠ ᠭᠦᠷᠭᠡᠨ ᠵᠡᠭᠦᠡᠰᠢ ᠪᠠᠷᠠᠭᠤᠠᠰᠢ ᠨᠠᠢ᠌ᠭᠤᠨ ᠣᠨᠠᠵᠤ ᠳᠤᠰᠤᠮᠠᠷ ᠪᠣᠯᠬᠤ ᠦᠶ᠎ᠡ ᠳᠤ ᠨᠠᠢ᠌ᠷ ᠤᠨ ᠳᠠᠯᠠᠪᠣᠷ ᠨᠢᠭᠡ ᠭᠦᠭ᠍ᠵᠢᠶᠡᠨ ᠨᠠᠷᠭᠢᠶᠠᠨ ᠶᠢᠡᠷ ᠪᠢᠯᠬᠠᠳᠠᠭ᠃ ᠭᠡᠪᠠᠴᠤ ᠠᠷᠬ᠎ᠠ ᠣᠬᠠᠭᠠᠨ ᠲᠡᠶ ᠰᠢᠨ᠎ᠠ ᠭᠦᠷᠭᠡᠨ ᠭᠡᠳᠡᠰᠤᠨ ᠳᠤ ᠪᠠᠨ ᠭᠡᠢ ᠳᠠᠮᠢᠷ ᠭᠦᠶ‍ᠦᠯᠭᠡᠵᠤ ᠭᠡᠳᠡᠰᠤ ᠪᠠᠨ ᠭᠦᠳᠥᠢᠯᠭᠡᠵᠤ ᠪᠠᠢ᠌ᠭᠰᠠᠨ ᠶᠢᠡᠨ ᠪᠦᠰᠡ ᠤᠷᠢᠶᠡᠵᠤ ᠪᠠᠷᠠᠭᠰᠠᠨ ᠤ ᠰᠡᠭᠦᠯᠡᠷ ᠭᠡᠢ ᠪᠠᠨ ᠳᠠᠯᠪᠢᠪᠠᠯ ᠠᠶᠠᠠᠳᠠᠭᠠᠨ ᠴᠢᠩᠭ᠋᠎ᠠ ᠪᠦᠰᠡᠯᠡᠭ᠍ᠰᠡᠨ ᠨᠢ ᠰᠤᠯᠠᠷᠠᠵᠤ ᠢᠷᠠᠨ᠎ᠠ᠃ ᠳᠡᠭᠡᠭᠡᠳ ᠪᠠᠰᠠ 《ᠪᠠᠷᠭᠡᠨ ᠭᠦᠮᠤᠨ ᠬᠠᠷ᠎ᠠ ᠲᠡᠶ᠂ ᠪᠠᠯᠠᠨ ᠪᠣᠳᠠᠭ᠎ᠠ ᠰᠢᠷ᠎ᠠ ᠲᠡᠶ》᠂ 《ᠪᠠᠷᠭᠡᠨ ᠭᠦᠮᠤᠨ ᠤ ᠰᠡᠳᠭᠢᠯ ᠨᠢ ᠬᠠᠷ᠎ᠠ᠂ ᠪᠦᠷᠭᠦᠭᠦᠯᠳᠤ ᠳᠤᠭᠤᠭᠠᠨ ᠤ ᠢᠷᠤᠭᠠᠷ ᠨᠢ ᠬᠠᠷ᠎ᠠ》 ᠭᠡᠵᠤ ᠭᠡᠯᠡᠭᠡᠳ ᠱᠤᠭ ᠭᠠᠷᠭᠠᠳᠠᠭ᠃ ᠡᠨᠡ ᠶᠠᠪᠣᠳᠠᠯ ᠢ ᠭᠡᠳᠥᠢᠪᠠᠷ ᠱᠤᠭ ᠨᠠᠭᠠᠳᠤᠮ ᠭᠡᠭᠦ ᠪᠣᠯᠪᠠᠴᠤ ᠦᠨᠡᠨ ᠳᠡᠭᠡᠨ ᠪᠠᠰᠠ ᠭᠦᠷᠭᠡᠨ ᠭᠦᠤ ᠶᠢᠨ ᠣᠬᠠᠭᠠᠨ ᠰᠠᠨᠠᠭ᠎ᠠ᠂ ᠠᠷᠭ᠎ᠠ ᠳᠠᠮ᠂ ᠭᠦᠴᠤ ᠳᠠᠮᠢᠷ ᠢ ᠰᠤᠷᠢᠵᠤ ᠪᠠᠢ᠌ᠭ᠎ᠠ ᠳᠤ ᠳᠤᠭᠠᠴᠠᠭᠳᠠᠬᠤ ᠶᠤᠮ᠃ ᠭᠡᠷᠪᠡ ᠭᠦᠷᠭᠡᠨ ᠭᠦᠤ ᠶᠢᠨ ᠨᠠᠰᠤ ᠨᠢ ᠪᠠᠭ᠎ᠠ᠂ ᠳᠠᠮᠢᠷ ᠨᠢ ᠰᠤᠯᠠ ᠪᠣᠯ ᠪᠠᠷᠭᠡᠳ ᠤᠨ ᠬᠠᠯᠠ ᠶᠢ ᠳᠠᠭᠠᠭᠠᠬᠤ ᠦᠭᠡᠶ ᠵᠤᠪᠠᠭᠤᠵᠠᠢ ᠭᠡᠮᠡᠨ ᠬᠠᠵᠠᠭᠤ ᠡᠴᠡ ᠬᠠᠳᠠᠮ ᠡᠵᠢ ᠪᠠᠷᠭᠡᠨ ᠨᠡᠷ ᠢ ᠠᠭᠤᠷᠯᠠᠬᠤ ᠳᠤ ᠪᠠᠷᠭᠡᠳ 《ᠭᠦᠷᠭᠡᠨ ᠭᠦᠮᠤᠨ ᠭᠦᠡᠳᠤ ᠲᠡᠶ᠂ ᠭᠦᠵᠦᠭᠦᠨ ᠮᠢᠬ᠎ᠠ ᠮᠥᠯᠵᠢᠭᠡᠰᠤ ᠲᠡᠶ》 ᠭᠡᠵᠤ ᠳᠤᠷ᠎ᠠ ᠥᠭᠡᠢ᠌ᠴᠡᠨ ᠭᠡᠯᠡᠭᠡᠳ ᠭᠦᠷᠭᠡᠨ ᠬᠤᠪᠴᠠᠯᠠᠬᠤ ᠣᠢ᠌ᠯᠠ ᠳᠠᠭᠤᠰᠳᠠᠭ᠃

12.ᠭᠡᠦᠭᠡᠨ ᠳᠠᠯ᠎ᠠ ᠶᠢᠨ ᠬᠤᠷᠢᠮ ᠤᠨ ᠶᠤᠰᠤᠨ

ᠰᠢᠨ᠎ᠠ ᠭᠦᠷᠭᠡᠨ ᠬᠤᠪᠴᠠᠯᠠᠵᠤ ᠪᠠᠷᠠᠭᠰᠠᠨ ᠤ ᠰᠡᠭᠦᠯᠡᠷ ᠬᠠᠳᠠᠮ ᠤᠨ ᠭᠡᠷ ᠤᠨ ᠪᠣᠷᠬᠠᠨ ᠰᠢᠳᠦᠭᠡᠨ ᠳᠤ ᠮᠦᠷᠭᠦᠵᠤ᠂ ᠪᠠᠰᠠ ᠬᠠᠳᠠᠮ ᠤᠨ ᠭᠦᠮᠦᠰ ᠤᠨ ᠠᠯᠢ ᠠᠬᠠᠮᠠᠤᠨ ᠡᠴᠡ ᠨᠢ ᠡᠭᠢᠯᠡᠵᠤ ᠴᠠᠢ ᠠᠶᠠᠭᠠᠯᠠᠨ᠂ ᠳᠠᠮᠠᠭᠢ ᠨᠤᠴᠤᠭᠠᠨ᠂ ᠠᠷᠢᠭᠢ ᠭᠡᠮᠨᠡᠨ ᠭᠦᠡᠳᠦᠳᠭᠡᠨ ᠪᠠᠷᠢᠵᠤ ᠮᠦᠷᠭᠦᠨ ᠵᠤᠯᠭᠠᠨ᠎ᠠ᠃ ᠡᠭᠦᠨ ᠳᠤ ᠠᠬᠠᠮᠠᠤᠨ ᠨᠡᠷ《ᠠᠪᠣ ᠡᠵᠢ ᠪᠠᠨ ᠭᠦᠡᠳᠦᠯᠡᠵᠤ ᠶᠠᠪᠣ᠂ ᠠᠩᠭ᠋᠎ᠠ ᠳᠡᠭᠦᠤ ᠨᠡᠷ ᠶᠢᠡᠨ ᠬᠠᠢ᠌ᠷᠠᠯᠠᠵᠤ ᠶᠠᠪᠣ᠂ ᠠᠳᠤᠭᠤ ᠮᠠᠯ ᠶᠢᠡᠨ ᠦᠰᠭᠡᠵᠤ ᠶᠠᠪᠣ᠂ ᠠᠷᠪᠠᠨ ᠪᠣᠶᠠᠨ ᠶᠢᠡᠨ ᠣᠢ᠌ᠯᠠᠳᠴᠤ ᠶᠠᠪᠣ᠁》 ᠭᠡᠵᠤ ᠠᠮᠠᠨ ᠪᠠᠯᠭᠡ ᠠᠰᠢᠳᠠ ᠶᠢᠨ ᠢᠷᠦᠭᠡᠯ ᠶᠢᠡᠨ ᠬᠠᠢ᠌ᠷᠠᠯᠠᠳᠠᠭ᠃ ᠡᠨᠡ ᠪᠣᠯ ᠭᠦᠷᠭᠡᠨ ᠭᠦᠤ ᠶᠢ ᠬᠤᠯᠠ ᠤᠢ᠌ᠷ᠎ᠡ ᠶᠢᠨ ᠬᠤᠪᠣᠩ ᠳᠦᠷᠤᠯ ᠳᠤ ᠪᠠᠨ ᠳᠠᠨᠢᠯᠴᠠᠭᠤᠯᠵᠤ ᠵᠤᠯᠭᠠᠭᠤᠯᠬᠤ ᠶᠤᠰᠤᠯᠠᠯ ᠪᠣᠯᠬᠤ ᠶᠤᠮ᠃ ᠵᠤᠯᠭᠠᠯᠳᠠ ᠶᠢᠨ ᠶᠠᠪᠣᠴᠠ ᠨᠢ ᠶᠠᠷᠤᠨᠢ ᠴᠠᠢ ᠶᠢᠨ ᠰᠢᠷᠡᠭᠡ ᠬᠤᠷᠢᠶᠠᠵᠤ ᠠᠷᠢᠭᠢᠨ ᠰᠢᠷᠡᠭᠡ ᠳᠠᠯᠪᠢᠨ ᠠᠷᠢᠭᠢ ᠳᠠᠷᠠᠰᠤ᠂ ᠨᠤᠭᠤᠭ᠎ᠠ ᠵᠠᠭᠤᠰᠢ ᠪᠠᠨ ᠣᠷᠤᠭᠤᠯᠵᠤ ᠪᠠᠷᠠᠭᠰᠠᠨ ᠤ ᠰᠡᠭᠦᠯᠡᠷ ᠭᠡᠢ᠌ᠴᠢᠨ ᠵᠤᠴᠢᠳ ᠦᠶ᠎ᠡ ᠵᠡᠷᠭᠡ ᠨᠠᠰᠤᠨ ᠤ ᠡᠷᠡᠮᠪᠡ ᠪᠠᠷ ᠰᠠᠭᠤᠯᠭᠠᠭᠰᠠᠨ ᠤ ᠳᠠᠷᠠᠭ᠎ᠠ ᠬᠤᠷᠢᠮ ᠤᠨ ᠳᠠᠭᠠᠭᠠᠮᠠᠯ ᠳᠦᠷᠦᠭᠦᠤ ᠬᠤᠳᠠ ᠡᠴᠡ ᠨᠠᠢ᠌ᠷ ᠡᠭᠢᠯᠡᠭ᠍ᠰᠡᠨ ᠢ ᠪᠦᠭᠦᠳᠡ ᠳᠤ ᠳᠤᠩᠬᠠᠭᠯᠠᠵᠤ᠂ ᠰᠢᠨ᠎ᠠ ᠭᠦᠷᠭᠡᠨ ᠪᠠ ᠭᠦᠷᠭᠡᠨ ᠳᠠᠭᠠᠭᠴᠢ ᠬᠤᠶᠠᠭᠤᠯᠠ ᠶᠢ ᠭᠡᠦᠭᠡᠨ ᠳᠠᠯ᠎ᠠ ᠶᠢᠨ ᠳᠦᠷᠦᠭᠦᠤ ᠬᠤᠳᠠ ᠶᠢᠨ ᠳᠠᠭᠠᠭᠤᠯᠵᠤ ᠳᠠᠨᠢᠯᠴᠠᠭᠤᠯᠬᠤ ᠳᠤᠮᠳᠠ ᠡᠨᠡᠭᠦ ᠵᠤᠯᠭᠠᠯᠳᠠ ᠶᠢᠨ ᠶᠤᠰᠤᠯᠠᠯ ᠶᠠᠪᠣᠭᠳᠠᠨ᠎ᠠ᠃

ᠠᠷᠢᠭᠢᠨ ᠰᠢᠷᠡᠭᠡᠨ ᠤ ᠨᠤᠭᠤᠭ᠎ᠠ ᠵᠠᠭᠤᠰᠢ ᠶᠢᠨ ᠳᠤᠭ᠎ᠠ ᠴᠤ ᠶᠡᠭᠡ ᠶᠤᠰᠤ ᠭᠤᠷᠢᠮ ᠲᠡᠶ ᠪᠠᠢ᠌ᠳᠠᠭ᠃ ᠳᠠᠷᠤᠢ ᠭᠡᠦᠭᠡᠨ ᠳᠠᠯ᠎ᠠ ᠶᠢᠨ ᠬᠤᠷᠢᠮ ᠤᠨ ᠨᠤᠭᠤᠭ᠎ᠠ ᠵᠠᠭᠤᠰᠢ ᠭᠠᠷᠭᠠᠬᠤ ᠳᠤ ᠪᠠᠨ ᠭᠦᠷᠭᠡᠨ ᠳᠠᠯ᠎ᠠ ᠶᠢᠨ ᠭᠢ ᠪᠠᠨ ᠪᠠᠰᠠ ᠪᠣᠳᠤᠯᠭᠢᠯᠠᠵᠤ ᠭᠠᠷᠭᠠᠳᠠᠭ᠃ ᠵᠢᠱᠢᠶᠠᠯᠠᠪᠠᠯ᠂ ᠵᠢᠷᠭᠤᠭ᠎ᠠ ᠪᠣᠶᠤ ᠨᠢ᠋ᠮᠠᠨ ᠠᠶᠠᠭ᠎ᠠ ᠫᠢᠯᠠ ᠭᠠᠷᠭᠠᠭᠰᠠᠨ ᠪᠣᠯ ᠭᠦᠤ ᠶᠢᠨ ᠳᠠᠯ᠎ᠠ ᠳᠤ ᠣᠴᠢᠪᠠᠯ ᠵᠠᠪᠠᠯ ᠳᠤᠭ᠎ᠠ ᠶᠢ ᠨᠢ ᠳᠠᠪᠠᠭᠤᠯᠵᠤ ᠠᠷᠪᠠ ᠪᠣᠶᠤ ᠠᠷᠪᠠᠨ ᠬᠤᠶᠠᠷ ᠠᠶᠠᠭ᠎ᠠ ᠫᠢᠯᠠ ᠭᠠᠷᠭᠠᠬᠤ ᠶᠤᠰᠤᠳᠠᠢ᠃ ᠡᠢ᠌ᠮᠤ ᠡᠴᠡ ᠭᠡᠦᠭᠡᠨ ᠤ ᠳᠠᠯ᠎ᠠ ᠶᠢᠨ ᠭᠢᠨ ᠭᠦᠷᠭᠡᠨ ᠤ ᠳᠠᠯ᠎ᠠ ᠪᠠᠨ ᠪᠣᠳᠤᠯᠭᠢᠯᠠᠵᠤ ᠬᠤᠷᠢᠮ ᠨᠠᠢ᠌ᠷ ᠲᠤ ᠭᠠᠷᠭᠠᠬᠤ ᠨᠤᠭᠤᠭ᠎ᠠ ᠵᠠᠭᠤᠰᠢ ᠶᠢᠨ ᠳᠤᠭ᠎ᠠ ᠪᠠᠨ ᠴᠢᠳᠠᠬᠤ ᠴᠢᠨᠡᠭᠡ ᠪᠠᠷ ᠶᠢᠡᠨ ᠳᠠᠷᠤᠵᠤ ᠭᠠᠷᠭᠠᠨ᠎ᠠ᠃ ᠳᠠᠷᠢᠶᠠᠯᠠᠬᠤ ᠣᠷᠤᠨ ᠤ ᠭᠢᠨ ᠠᠶᠠᠭ᠎ᠠ ᠫᠢᠯᠠ ᠪᠠᠷ ᠭᠠᠷᠭᠠᠵᠤ ᠪᠠᠢ᠌ᠬᠤ ᠳᠤ ᠮᠠᠯᠵᠢᠬᠤ ᠣᠷᠤᠨ ᠤ ᠭᠢᠨ ᠪᠣᠯ ᠪᠦᠭᠦᠯᠢ ᠰᠢᠭᠦᠰᠤ ᠪᠠᠷ ᠭᠠᠷᠭᠠᠳᠠᠭ ᠠᠳᠠᠯᠢ ᠪᠣᠰᠤ ᠪᠠᠢ᠌ᠳᠠᠯ ᠲᠡᠶ᠃

ᠬᠤᠷᠢᠮ ᠳᠦᠷᠤ ᠶᠢᠨ ᠨᠠᠢ᠌ᠷ ᠨᠠᠭᠠᠳᠤᠮ ᠶᠢᠡᠨ ᠨᠠᠷᠢᠨ ᠨᠢᠭᠳᠠ ᠵᠤᠬᠢᠶᠠᠨ ᠪᠠᠢ᠌ᠭᠤᠯᠤᠯᠳᠠ ᠲᠡᠶ ᠭᠢᠵᠤ ᠶᠤᠰᠤ ᠵᠢᠷᠤᠮ ᠰᠠᠢ᠌ᠨ ᠮᠡᠳᠡᠭᠦ ᠭᠦᠮᠤᠨ ᠶᠢᠡᠷ ᠨᠠᠢ᠌ᠷ ᠤᠨ ᠠᠬᠠᠯᠠᠭᠴᠢ ᠳᠠᠭᠠᠭᠠᠮᠠᠯ ᠰᠤᠩᠭ᠋ᠤᠨ ᠳᠡᠭᠦᠨ ᠤ ᠵᠦᠪᠰᠢᠶᠠᠷᠠᠯ ᠦᠭᠡᠶ ᠪᠠᠷ ᠬᠤᠭᠤᠷᠤᠠᠳᠤ ᠪᠠᠨ ᠰᠠᠭᠤᠳᠠᠯ ᠰᠤᠯᠢᠵᠤ ᠰᠠᠭᠤᠬᠤ᠂ ᠳᠤᠷ᠎ᠠ ᠪᠠᠷ ᠶᠢᠡᠨ ᠭᠠᠷᠴᠤ ᠣᠷᠤᠬᠤ᠂ ᠵᠡᠷᠭᠡ ᠶᠢ ᠬᠠᠳᠠᠭᠤ ᠴᠡᠭᠡᠷᠯᠡᠨ᠂ ᠶᠠᠮᠠᠷ ᠳᠠᠭᠤᠤ ᠢᠷᠦᠭᠡᠯ ᠢ ᠭᠡᠳᠦᠢ ᠳᠤ ᠳᠠᠭᠤᠯᠠᠵᠤ ᠢᠷᠦᠭᠡᠭᠦ᠂ ᠶᠠᠮᠠᠷ ᠵᠠᠩ ᠣᠢ᠌ᠯᠠ ᠶᠢ ᠭᠡᠷᠭᠢᠨ ᠭᠦᠢᠴᠡᠳᠭᠡᠭᠦ ᠶᠢ ᠳᠤᠭᠳᠠᠭᠰᠠᠨ ᠶᠤᠰᠤ ᠵᠢᠷᠤᠮ ᠤᠨ ᠳᠠᠭᠠᠤ ᠥᠢᠯᠡᠳᠦᠳᠡᠭ᠌᠃ ᠳᠠᠷᠤᠢ ᠬᠤᠷᠢᠮ ᠤᠨ ᠵᠤᠴᠢᠳ ᠬᠤᠷᠢᠮ ᠤᠨ ᠳᠠᠭᠠᠭᠮᠠᠯ ᠤᠨ ᠰᠢᠷᠡᠭᠡ ᠳᠤᠭᠢᠷᠠᠭᠤᠯᠤᠯᠳᠠ ᠶᠢ ᠳᠠᠭᠠᠵᠤ ᠵᠢᠷᠤᠮᠯᠠᠬᠤ ᠭᠡᠷᠡᠭ᠍ᠳᠡᠢ᠃ ᠠᠯᠢ ᠰᠢᠷᠡᠭᠡ ᠶᠢᠨ ᠠᠯᠢ ᠣᠷᠤᠨ ᠳᠤ ᠰᠠᠭᠤᠬᠤ ᠶᠢ ᠪᠦᠷ ᠳᠠᠭᠠᠭᠮᠠᠯ ᠤᠨ ᠵᠤᠭᠢᠰᠳᠠᠢ ᠳᠤᠭᠢᠷᠠᠭᠤᠯᠬᠤ ᠶᠢ ᠭᠦᠯᠢᠶᠡᠨ᠎ᠡ᠃ ᠵᠢᠭᠡ ᠬᠡᠦᠬᠡᠳ ᠨᠠᠭᠠᠴᠤ ᠶᠢᠨ ᠳᠡᠭᠡᠳᠡᠢ ᠰᠠᠭᠤᠳᠠᠭ ᠦᠭᠡᠶ᠃

ᠵᠤᠯᠭᠠᠯᠳᠠ ᠶᠢᠨ ᠶᠤᠰᠤᠯᠠᠯ ᠦᠷᠭᠦᠯᠵᠢᠯᠡᠭᠡᠳ ᠬᠠᠳᠠᠮ ᠤᠨ ᠳᠠᠯ᠎ᠠ ᠶᠢᠨ ᠭᠦᠷᠢ ᠳᠡᠭᠦᠤ ᠦᠬᠢᠨ ᠳᠡᠭᠦᠤ ᠨᠡᠷ᠂ ᠭᠦᠷᠭᠡᠨ ᠠᠬ᠎ᠠ ᠪᠠᠷᠭᠡᠨ ᠨᠡᠷ ᠲᠤ ᠠᠷᠢᠭᠢ ᠪᠠᠷᠢᠬᠤ ᠦᠶ᠎ᠡ ᠱᠤᠭ ᠨᠠᠭᠠᠳᠤᠮ ᠤᠨ ᠣᠴᠢᠷ ᠶᠠᠪᠣᠳᠠᠯ ᠡᠭᠦᠰᠦᠨ᠎ᠡ᠃ ᠳᠡᠭᠦᠤ ᠨᠡᠷ᠂ ᠪᠠᠷᠭᠡᠨ ᠨᠡᠷ ᠳᠠᠮᠠᠭᠢ ᠪᠠᠷᠢᠭᠤᠯᠤᠨ᠎ᠠ᠂ ᠠᠷᠢᠭᠢ ᠪᠠᠷᠢᠭᠤᠯᠤᠨ᠎ᠠ᠃ ᠠᠷᠢᠭᠢ ᠳᠠᠮᠠᠭᠢ ᠪᠠᠷᠢᠭᠤᠯᠬᠤ ᠪᠠᠨ 《ᠰᠢᠮᠰᠢ ︕ ᠰᠢᠮᠰᠢ ︕》 ᠭᠡᠵᠤ ᠰᠢᠮᠰᠢ᠌ᠯᠭᠡᠨ᠎ᠡ ᠠᠮᠤᠷ ᠠᠰᠠᠭᠤᠬᠤ ᠰᠢᠭ ᠣᠴᠤᠢ᠌ᠬᠣᠢ᠌ᠴᠠ ᠪᠣᠯᠬᠤ᠃ ᠱᠤᠭ ᠲᠤ ᠳᠤᠷᠠᠳᠠᠢ ᠨᠢᠭᠡ ᠨᠢ ᠭᠡᠳᠤ ᠣᠳᠠᠭ᠎ᠠ ᠰᠢᠮᠰᠢ᠌ᠯᠭᠡᠵᠤ ᠪᠠᠢ᠌ᠮᠠᠨ ᠰᠠ‍‌ᠶᠢ ᠠᠷᠢᠭᠢ ᠳᠠᠮᠠᠭᠢ ᠶᠢ ᠳᠤᠰᠴᠤ ᠠᠪᠳᠠᠭ᠃ ᠭᠡᠷᠪᠡ ᠰᠢᠮᠰᠢ᠌ᠭᠦ ᠦᠭᠡᠶ ᠪᠣᠯ ᠠᠷᠢᠭᠢ ᠳᠠᠮᠠᠭᠢ ᠶᠢ ᠳᠤᠰᠴᠤ ᠠᠪᠬᠤ ᠦᠭᠡᠶ ᠪᠣᠯᠬᠤᠷ ᠰᠢᠨ᠎ᠠ ᠭᠦᠷᠭᠡᠨ ᠪᠠᠷᠢᠭᠠᠤᠨ ᠵᠤᠭᠰᠤᠬᠤ ᠯᠠ ᠭᠡᠷᠡᠭ᠌᠃ ᠡᠨᠡ ᠪᠣᠯ ᠮᠦᠨ ᠭᠦᠷᠭᠡᠨ ᠭᠦᠤ ᠶᠢᠨ ᠳᠠᠰᠪᠣᠷᠢ ᠳᠠᠭᠠᠭᠠᠪᠣᠷᠢ ᠶᠢ ᠳᠠᠩᠰᠠᠵᠤ ᠰᠤᠷᠢᠵᠤ ᠪᠠᠢ᠌ᠭ᠎ᠠ ᠶᠢᠨ ᠢᠯᠠᠷᠠᠯ ᠪᠢᠯᠠ᠃ ᠡᠨᠡ ᠦᠶ᠎ᠡ ᠳᠤ ᠭᠦᠷᠭᠡᠨ ᠭᠦᠤ ᠡᠷᠭᠡᠪᠰᠢ ᠬᠤᠷᠢᠮ ᠳᠦᠷᠤ ᠶᠢᠨ ᠶᠤᠰᠤ ᠶᠢ ᠳᠠᠭᠠᠬᠤ ᠭᠡᠷᠡᠭ᠍ᠳᠡᠢ᠃ ᠶᠠᠭᠠᠭᠢᠭᠰᠠᠨ ᠴᠤ ᠠᠭᠠᠰᠢ ᠥᠭᠡᠢ᠌ᠳᠡᠵᠤ ᠪᠣᠯᠬᠤ ᠦᠭᠡᠶ᠃ ᠨᠠᠭᠠᠳᠤᠮ ᠳᠠᠭᠠᠭᠠᠬᠤ ᠦᠭᠡᠶ ᠠᠭᠠᠰᠢ ᠥᠭᠡᠢ᠌ᠳᠡᠭ᠍ᠰᠡᠭᠡᠷ ᠬᠤᠷᠢᠮ ᠨᠠᠢ᠌ᠷ ᠲᠤ ᠶᠡᠭᠡ ᠶᠠᠷᠭᠢᠶᠠᠨ ᠱᠠᠷᠭᠢᠶᠠᠨ ᠡᠭᠦᠰᠴᠤ ᠬᠤᠶᠠᠷ ᠳᠠᠯ᠎ᠠ ᠶᠢᠨ ᠭᠢᠨ ᠶᠠᠭᠠᠭᠢᠵᠤ ᠶᠠᠭᠠᠭᠢᠬᠤ ᠶᠢᠨ ᠠᠷᠭ᠎ᠠ ᠦᠭᠡᠶ ᠪᠣᠯᠳᠠᠭ᠃ ᠳᠡᠭᠡᠭ᠍ᠰᠡᠭᠡᠷ ᠬᠤᠶᠠᠷ ᠳᠠᠯ᠎ᠠ ᠶᠢᠨ ᠳᠦᠷᠦᠭᠦᠤ ᠬᠤᠳᠠ ᠦᠪᠡᠷ ᠦᠪᠡᠷ ᠤᠨ ᠭᠦᠮᠤᠨ ᠶᠢᠡᠨ ᠬᠤᠷᠢᠭᠯᠠᠨ ᠢᠳᠬᠠᠵᠤ ᠶᠠᠷᠭᠢᠶᠠᠨ ᠢ ᠵᠤᠭᠰᠤᠭᠠᠵᠤ ᠬᠤᠷᠢᠮ ᠨᠠᠢ᠌ᠷ ᠤᠨ ᠣᠷᠤᠭᠰᠢᠳᠠᠢ ᠶᠠᠪᠣᠭᠳᠠᠬᠤ ᠶᠢ ᠪᠠᠳᠤᠯᠠᠨ᠎ᠠ᠃ ᠳᠠᠭᠠᠭᠤᠯᠡᠷ ᠨᠢ 《ᠨᠠᠪᠴᠢ ᠰᠢᠷᠠᠯᠠᠪᠠᠯ ᠨᠠᠮᠤᠷᠰᠢᠨ᠎ᠠ᠂ ᠨᠠᠢ᠌ᠷ ᠭᠡᠳᠦᠷᠡᠪᠠᠯ ᠭᠡᠷᠡᠯᠳᠦᠨ᠎ᠡ》᠂ 《ᠪᠠᠭ᠎ᠠ ᠣᠤᠭᠤᠪᠠᠯ ᠪᠠᠯ᠂ ᠪᠠᠯᠠᠷᠠᠳᠠᠯ᠎ᠠ ᠣᠤᠭᠤᠪᠠᠯ ᠮᠠᠯ》 ᠭᠡᠭᠦ ᠵᠣᠢ᠌ᠷ ᠥᠭᠡᠰ ᠢᠯᠡᠷᠡᠭ᠍ᠰᠡᠨ ᠪᠠᠢ᠌ᠳᠠᠭ᠃

ᠥᠩᠭᠡᠷᠡᠭ᠍ᠰᠡᠨ ᠤ ᠵᠠᠮ ᠬᠠᠷᠢᠯᠴᠠᠭ᠎ᠠ᠂ ᠳᠡᠷᠭᠡ ᠣᠨᠤᠭ᠎ᠠ ᠳᠦᠭᠦᠮ ᠦᠭᠡᠶ ᠪᠠᠢ᠌ᠭᠰᠠᠨ ᠦᠶ᠎ᠡ ᠳᠤ᠂ ᠵᠠᠮ ᠬᠤᠯᠠ ᠪᠣᠶᠤ ᠠᠭᠤᠷ ᠠᠮᠢᠰᠬᠤᠯ᠂ ᠪᠣᠰᠤᠳ ᠵᠣᠢ᠌ᠯ ᠤᠨ ᠰᠢᠯᠳᠠᠭᠠᠨ ᠡᠴᠡ ᠪᠣᠯᠵᠤ᠂ ᠰᠠᠭᠠᠳᠠᠭ ᠤᠨ ᠭᠦᠮᠦᠰ ᠳᠤᠭᠳᠠᠭᠰᠠᠨ ᠴᠠᠭ ᠲᠤ ᠪᠠᠨ ᠭᠦᠷᠴᠤ ᠳᠡᠢ᠌ᠯᠭᠦ ᠦᠭᠡᠶ ᠪᠣᠯᠤᠭᠠᠤᠨ᠂ ᠭᠡᠦᠭᠡᠨ ᠤ ᠭᠡᠷ ᠲᠤ ᠣᠷᠤᠭ ᠤᠨ ᠶᠤᠰᠤᠯᠠᠯ ᠶᠢᠡᠨ ᠭᠢᠭᠦ ᠶᠢ 《ᠪᠣᠭᠳᠤᠯᠠᠬᠤ ᠣᠷᠤᠭ》 ᠭᠡᠨ᠎ᠡ᠃ ᠭᠡᠳᠤᠨ ᠡᠳᠦᠷ ᠥᠩᠭᠡᠷᠡᠭ᠍ᠰᠡᠨ ᠤ ᠰᠡᠭᠦᠯᠡᠷ᠂ ᠰᠢᠨ᠎ᠠ ᠪᠠᠷᠢ ᠪᠠᠨ ᠳᠠᠭᠠᠭᠤᠯᠤᠭᠠᠤᠨ ᠭᠡᠷ ᠲᠤ ᠪᠠᠨ ᠬᠠᠷᠢᠨ᠎ᠠ᠃ 《ᠪᠣᠭᠳᠤ》 ᠭᠡᠳᠡᠭ᠌ ᠪᠣᠯ ᠶᠤᠸᠠᠨ ᠣᠯᠤᠰ ᠤᠨ ᠦᠶ᠎ᠡ ᠶᠢᠨ 《ᠭᠦ᠋ ᠭᠦ᠋ ᠮᠠᠯᠠᠭᠠᠢ》 ᠶ᠋ᠢ ᠭᠡᠯᠡᠨ᠎ᠡ᠃ ᠣᠷᠤᠭᠯᠠᠭᠰᠠᠨ ᠡᠮᠡᠭ᠍ᠳᠡᠢ ᠶᠢᠨ ᠵᠡᠭᠦᠭᠦ ᠮᠠᠯᠠᠭᠠᠢ ᠪᠣᠯᠤᠨ᠎ᠠ᠃ 《ᠪᠣᠭᠳᠤᠯᠠᠬᠤ》 ᠭᠡᠳᠡᠭ᠌ ᠨᠢ ᠳᠠᠷᠤᠢ ᠡᠢ᠌ᠮᠤ ᠦᠨᠳᠦᠷ ᠮᠠᠯᠠᠭᠠᠢ ᠶᠢ ᠵᠡᠭᠦᠭᠦ ᠶᠢ ᠭᠡᠯᠡᠵᠡᠢ᠃ ᠬᠤᠵᠢᠮ ᠨᠢ ᠬᠤᠷᠢᠮ ᠤᠨ ᠨᠢᠭᠡ ᠶᠤᠰᠤᠨ ᠤ ᠨᠠᠷᠠᠢ᠌ᠳᠤᠯ ᠪᠣᠯᠵᠠᠢ᠃ ᠳᠠᠷᠤᠢ ᠬᠠᠳᠠᠮ ᠤᠨ ᠭᠠᠵᠠᠷ ᠣᠷᠤᠭᠯᠠᠬᠤ ᠶᠢ ᠳᠤᠰᠬᠠᠢ᠌ᠯᠠᠨ ᠨᠡᠷᠡᠯᠡᠭᠦ ᠪᠣᠯᠤᠭᠰᠠᠨ ᠪᠠᠢ᠌ᠨ᠎ᠠ᠃ ᠮᠠᠨ ᠤ ᠬᠤᠷᠴᠢᠨ ᠨᠤᠳᠤᠭ ᠲᠤ ᠳᠠᠯᠠ ᠨᠠᠶᠠᠭᠠᠤᠨ ᠣᠨ ᠤ ᠦᠶ᠎ᠡ ᠪᠣᠯᠳᠠᠯ᠎ᠠ ᠪᠠᠰᠠ ᠡᠢ᠌ᠮᠤ ᠪᠠᠢ᠌ᠳᠠᠯ ᠪᠠᠰᠠ ᠣᠷᠤᠰᠢᠵᠤ ᠪᠠᠢ᠌ᠭᠰᠠᠨ ᠶᠤᠮ᠃

13.ᠭᠡᠦᠭᠡᠨ ᠬᠠᠰᠢᠵᠤ ᠰᠠᠭᠤᠬᠤ ᠶᠤᠰᠤᠨ

ᠭᠡᠦᠭᠡᠨ ᠳᠠᠯ᠎ᠠ ᠶᠢᠨ ᠬᠤᠷᠢᠮ ᠤᠨ ᠡᠳᠦᠷ ᠲᠤ ᠠᠢ᠌ᠯ ᠠᠢ᠌ᠮᠠᠭ ᠤᠨ᠂ ᠭᠦᠷᠰᠢ ᠵᠡᠷᠭᠡᠯᠳᠡᠭᠡ ᠳᠦᠷᠤᠯ ᠰᠠᠳᠤᠨ ᠤ ᠰᠢᠨ᠎ᠠ ᠪᠠᠷᠢ ᠲᠡᠶ ᠢᠪᠠᠭᠡᠯ ᠵᠢᠯ ᠲᠡᠶ᠂ ᠴᠢᠴᠠᠤ ᠨᠠᠰᠤᠳᠠᠢ ᠪᠣᠶᠤ ᠳᠡᠭᠦᠤ ᠨᠠᠰᠤᠳᠠᠢ ᠭᠡᠦᠭᠡᠡᠴᠦᠳ ᠢ ᠢᠯᠡᠭᠦᠭᠡᠨ ᠵᠢᠭᠡᠯᠡᠵᠤ ᠠᠪᠴᠢᠷᠠᠭᠠᠤᠨ᠂ ᠰᠢᠨ᠎ᠠ ᠭᠦᠷᠭᠡᠨ ᠤ ᠮᠡᠳᠡᠭᠦ ᠦᠭᠡᠶ ᠳᠤᠰᠬᠠᠢ ᠨᠢᠭᠡ ᠭᠡᠷ ᠲᠤ ᠭᠡᠦᠭᠡᠨ ᠶᠢᠡᠨ ᠨᠢᠭᠤᠵᠤ ᠬᠠᠰᠢᠵᠤ ᠰᠠᠭᠤᠯᠭᠠᠳᠠᠭ ᠶᠤᠰᠤᠨ᠃ ᠡᠨᠡ ᠴᠤ ᠮᠦᠨ ᠣᠵᠤᠭᠤᠷ ᠮᠤᠩᠭ᠋ᠤᠯ ᠤᠨ ᠪᠣᠯᠢᠶᠠᠬᠤ ᠣᠷᠤᠭ ᠤᠨ ᠦᠯᠠᠳᠠᠴᠠ ᠰᠤᠶᠤᠯ ᠪᠠᠢ᠌ᠬᠤ ᠶᠤᠰᠤᠳᠠᠢ᠃ ᠣᠵᠤᠭᠤᠷ ᠮᠤᠩᠭ᠋ᠤᠯᠴᠤᠳ ᠲᠤ ᠦᠬᠢᠳ ᠡᠮᠡᠰ ᠢ ᠪᠣᠯᠢᠶᠠᠨ ᠠᠪᠣᠭᠰᠠᠨ ᠶᠢᠡᠨ 《ᠪᠠᠷᠢᠵᠤ ᠠᠪᠣᠭᠰᠠᠨ》 ᠭᠡᠵᠤ ᠨᠠᠷᠠᠯᠠᠵᠤ ᠪᠠᠢ᠌ᠵᠠᠢ᠃ 《ᠮᠤᠩᠭ᠋ᠤᠯ ᠤᠨ ᠨᠢᠭᠤᠴᠠ ᠳᠤᠪᠴᠢᠶᠠᠨ》 §52᠊᠊᠊᠊᠊᠊᠊᠊᠊᠊᠊᠊᠊᠊᠊᠊᠊᠊᠊᠊᠊᠊᠊᠊᠊᠊᠊᠊᠊᠊᠊57 ᠳ᠋ᠤ 《ᠪᠣᠳᠤᠠᠴᠢᠷ ᠠᠯᠭᠢᠠᠴᠢ ᠬᠠᠤᠯᠢᠵᠤ ᠳᠤᠮᠳᠠ ᠭᠡᠭᠡᠯᠳᠡᠢ ᠡᠮ᠎ᠡ ᠶᠢ ᠪᠠᠷᠢᠵᠤ》᠂ 《ᠳᠠᠷᠠ ᠡᠮ᠎ᠡ ᠪᠠᠰᠠ ᠪᠣᠳᠤᠠᠴᠢᠷ ᠡᠴᠡ ᠨᠢᠭᠡᠨ ᠭᠦᠪᠠᠭᠦᠨ ᠳᠦᠷᠦᠭᠦᠯᠪᠠᠢ᠃ 〈ᠪᠠᠷᠢᠵᠤ ᠠᠪᠣᠭᠰᠠᠨ ᠡᠮ᠎ᠡ ᠪᠦᠯᠦᠭᠡ〉 ᠭᠡᠮᠡᠨ ᠳᠠᠷᠠ ᠭᠦᠪᠠᠭᠦᠨ ᠢ ᠪᠠᠭᠠᠷᠢᠳᠠᠢ ᠨᠠᠷᠠᠢ᠌ᠤᠠᠪᠠ》 ᠭᠡᠵᠡᠢ᠃ ᠣᠷᠴᠢᠨ ᠴᠠᠭ ᠤᠨ ᠮᠤᠩᠭ᠋ᠤᠯ ᠭᠡᠯᠡᠨ ᠤ ᠭᠦᠤ ᠪᠠᠷᠢ ᠶᠢᠨ《ᠪᠠᠷᠢ》 beri ᠭᠡᠮᠡᠭᠦ ᠨᠠᠷᠠᠢ᠌ᠳᠤᠯ ᠨᠢ ᠮᠤᠩᠭ᠋ᠤᠯ ᠤᠨ ᠡᠷᠳᠡᠨ ᠤ ᠣᠷᠤᠭ ᠤᠨ ᠶᠤᠰᠤᠨ ᠤ《ᠪᠠᠷᠢ》 bari᠂ ᠪᠠᠷᠢᠵᠤ ᠠᠪᠬᠤ ᠶᠢᠨ 《ᠪᠠᠷᠢ》 ᠡᠴᠡ ᠣᠯᠠᠷᠢᠨ ᠬᠤᠪᠢᠷᠠᠵᠤ ᠢᠷᠡᠭ᠍ᠰᠡᠨ ᠪᠠᠢ᠌ᠵᠤ ᠮᠠᠳᠠᠨ᠎ᠠ᠃ ᠮᠤᠩᠭ᠋ᠤᠯ ᠤᠨ ᠣᠷᠤᠭ ᠤᠨ ᠶᠤᠰᠤᠨ ᠤ 《ᠪᠠᠷᠢ》 ᠭᠡᠮᠡᠭᠦ ᠨᠠᠷᠠᠢ᠌ᠳᠤᠯ ᠨᠢ ᠪᠣᠯᠢᠶᠠᠮᠠᠯ ᠣᠷᠤᠭ ᠤᠨ ᠥᠯᠡᠳᠡᠭ᠍ᠳᠡᠯ ᠪᠣᠯᠤᠨ ᠭᠡᠪᠰᠢᠵᠤ᠂ ᠪᠣᠯᠢᠶᠠᠮᠠᠯ ᠣᠷᠤᠭ ᠤᠨ ᠦᠶ᠎ᠡ ᠳᠤ ᠡᠭᠦᠰᠦᠭ᠍ᠰᠡᠨ ᠨᠠᠷ᠎ᠠ ᠳᠤᠮᠢᠶ᠎ᠠ ᠪᠣᠯᠬᠤ ᠶᠢ ᠮᠠᠭᠠᠳᠯᠠᠵᠤ ᠪᠣᠯᠤᠨ᠎ᠠ᠃ ᠡᠳᠡᠭᠡᠷ ᠭᠡᠦᠭᠡᠡᠴᠦᠳ ᠨᠢ ᠰᠢᠨ᠎ᠠ ᠪᠠᠷᠢ ᠶᠢ ᠬᠠᠰᠢᠵᠤ ᠰᠠᠭᠤᠭᠠᠤᠨ ᠭᠦᠮᠤᠨ ᠢᠷᠠᠵᠤ ᠪᠣᠯᠢᠶᠠᠵᠤ ᠠᠪᠠᠴᠢᠬᠤ ᠡᠴᠡ ᠰᠡᠷᠭᠡᠢ᠌ᠯᠡᠵᠤ ᠪᠠᠢ᠌ᠬᠤ ᠮᠠᠳᠤ᠃ ᠭᠠᠷᠴᠤ ᠣᠷᠤᠬᠤ ᠳᠤ ᠪᠠᠨ ᠰᠢᠨ᠎ᠠ ᠪᠠᠷᠢ ᠶᠢ ᠭᠦᠷᠢᠶᠡᠯᠡᠵᠤ ᠶᠠᠪᠤᠨ᠂ ᠭᠠᠳᠠᠨ᠎ᠠ ᠡᠴᠡ ᠥᠵᠡᠭ᠍ᠰᠡᠳ ᠴᠤᠬᠤᠮ ᠠᠯᠢ ᠨᠢ ᠰᠢᠨ᠎ᠠ ᠪᠠᠷᠢ ᠪᠣᠯᠬᠤ ᠶᠢ ᠢᠯᠭᠠᠵᠤ ᠳᠠᠨᠢᠬᠤ ᠦᠭᠡᠶ ᠪᠠᠢ᠌ᠳᠠᠭ᠃ ᠰᠢᠨ᠎ᠠ ᠭᠦᠷᠭᠡᠨ ᠬᠤᠪᠴᠠᠯᠠᠬᠤ ᠦᠶ᠎ᠡ ᠳᠤ ᠬᠠᠠᠵᠤᠨ ᠭᠤᠤᠯ ᠳᠤ ᠶᠡᠭᠡ ᠰᠢᠷᠡᠭᠡ ᠳᠠᠯᠪᠢᠨ᠂ ᠳᠡᠭᠦᠨ ᠤ ᠳᠡᠭᠡᠷ᠎ᠡ ᠨᠢ ᠡᠭᠡᠵᠡᠭᠡᠢ ᠬᠤᠷᠤᠳ᠂ ᠰᠢᠭᠢᠷ ᠱᠠᠳᠠᠩ᠂ ᠪᠣᠤᠪᠣ ᠪᠣᠭᠤᠷᠰᠤᠭ᠂ ᠨᠠᠷᠠᠨ ᠬᠤᠸᠠᠷ ᠤᠨ ᠦᠷ᠎ᠡ᠂ ᠭᠤᠧᠨ ᠶᠢᠨ ᠦᠷ᠎ᠡ ᠵᠡᠷᠭᠡ ᠶᠢ ᠵᠢᠷᠭᠤᠭ᠎ᠠ᠂ ᠨᠢ᠋ᠮᠠ ᠶᠢᠨ ᠳᠤᠭ᠎ᠠ ᠲᠡᠶ ᠫᠢᠯᠠ ᠪᠠᠷ ᠳᠠᠯᠪᠢᠵᠤ᠂ ᠴᠠᠢ ᠣᠤᠭᠤᠨ ᠳᠤᠭᠤᠷᠢᠵᠤ ᠰᠠᠭᠤᠭᠠᠤᠨ᠂ ᠰᠢᠨ᠎ᠠ ᠪᠠᠷᠢ ᠶᠢ ᠠᠷᠤ ᠪᠠᠷ ᠶᠢᠡᠨ ᠭᠡᠪᠳᠡᠭᠦᠯᠵᠤ᠂ ᠰᠢᠨ᠎ᠠ ᠭᠦᠷᠭᠡᠨ ᠲᠡᠶ ᠨᠢᠭᠤᠷ ᠵᠤᠯᠭᠠᠭᠤᠯᠬᠤ ᠦᠭᠡᠶ ᠪᠠᠢ᠌ᠳᠠᠭ᠃ ᠶᠠᠭ ᠬᠤᠪᠢ ᠭᠦᠮᠤᠨ ᠤ ᠬᠠᠮᠠᠭᠠᠯᠠᠭᠴᠢ ᠰᠢᠭ ᠪᠠᠢ᠌ᠳᠠᠭ ᠨᠢ ᠪᠣᠯᠢᠶᠠᠭᠳᠠᠬᠤ ᠡᠴᠡ ᠭᠢᠴᠢᠶᠠᠵᠤ ᠪᠠᠢ᠌ᠭ᠎ᠠ ᠨᠢ ᠢᠯᠡᠷᠭᠡᠢ ᠭᠡᠷᠡᠭ᠌ ᠡ ︕ 《ᠮᠤᠩᠭ᠋ᠤᠯ ᠤᠨ ᠨᠢᠭᠤᠴᠠ ᠳᠤᠪᠴᠢᠶᠠᠨ》 §54.55.56 ᠳ᠋ᠤ 《ᠳᠠᠷᠠ ᠦᠶ᠎ᠡ ᠳᠤ ᠶ‍ᠢᠰᠦᠭᠡᠢ ᠪᠠᠭᠠᠳᠤᠷ ᠣᠨᠤᠨ ᠮᠦᠷᠠᠨ ᠳᠤ ᠰᠢᠪᠠᠭᠤ ᠳᠠᠯᠪᠢᠵᠤ ᠠᠩᠨᠠᠨ ᠶᠠᠪᠣᠵᠤ ᠪᠠᠢ᠌ᠳᠠᠯ᠎ᠠ᠂ ᠮᠡᠷᠭᠢᠳ ᠤᠨ ᠶᠡᠭᠡ ᠴᠢᠯᠠᠳᠤ ᠣᠯᠬᠤᠨᠤᠭᠤᠳ ᠠᠢ᠌ᠮᠠᠭ ᠡᠴᠡ ᠪᠠᠷᠢ ᠠᠪᠴᠤ ᠪᠣᠴᠠᠵᠤ ᠶᠠᠪᠣᠭ᠎ᠠ ᠯᠤᠭ᠎ᠠ ᠳᠠᠭᠠᠷᠠᠯᠳᠤᠵᠤ᠂ ᠥᠩᠭᠡᠢ᠌ᠵᠤ ᠥᠵᠡᠭ᠍ᠰᠡᠨ᠎ᠡ ᠥᠩᠭᠡ ᠵᠢᠰᠤ ᠭᠤᠸ᠎ᠠ ᠥᠵᠡᠰᠭᠦᠯᠡᠩ ᠬᠠᠳᠤᠨ ᠰᠠᠭᠤᠵᠤ ᠪᠠᠢ᠌ᠪᠠ᠃ ᠶ‍ᠢᠰᠦᠭᠡᠢ ᠪᠠᠭᠠᠳᠤᠷ ᠭᠡᠷ ᠲᠡᠭᠡᠨ ᠳᠠᠪᠭᠢᠨ ᠢᠷᠡᠭᠡᠳ ᠠᠬ᠎ᠠ ᠨᠡᠭᠦᠨ ᠳᠠᠢ᠌ᠵᠢ᠂ ᠳᠡᠭᠦᠤ ᠳᠠᠷᠢᠳᠠᠢ ᠤᠳᠴᠢᠭᠢᠨ ᠢ ᠳᠠᠭᠠᠭᠤᠯᠵᠤ ᠨᠡᠭᠡᠮᠵᠢᠯᠡᠨ ᠮᠤᠷᠳᠠᠪᠠ᠁ ᠭᠤᠷᠪᠠᠭᠤᠯᠠ ᠳᠤᠯᠤᠭᠠᠨ ᠭᠤᠪᠣᠷᠢ ᠳᠠᠪᠠᠳᠠᠯ᠎ᠠ ᠦᠯᠳᠠᠵᠤ᠁ ᠥᠭᠡᠯᠤᠨ ᠦᠵᠢᠨ ᠢ ᠶ‍ᠢᠰᠦᠭᠡᠢ ᠪᠠᠭᠠᠳᠤᠷ ᠳᠡᠯᠪᠠᠭᠡ ᠡᠴᠡ ᠭᠦᠳᠦᠯᠵᠤ᠁ ᠭᠡᠷ ᠳᠤᠷ ᠶᠢᠡᠨ ᠠᠪᠴᠢᠷᠠᠪᠠ᠃》 ᠭᠡᠵᠤ ᠶ‍ᠢᠰᠦᠭᠡᠢ ᠪᠠᠭᠠᠳᠤᠷ ᠥᠭᠡᠯᠤᠨ ᠦᠵᠢᠨ ᠢ ᠪᠣᠯᠢᠶᠠᠵᠤ ᠠᠪᠴᠢᠷᠠᠭᠰᠠᠨ ᠦᠨᠡᠨ ᠣᠴᠢᠷ ᠢ ᠳᠡᠮᠳᠡᠭᠯᠡᠨ᠂ ᠤᠵᠤᠭᠤᠷ ᠮᠤᠩᠭ᠋ᠤᠯᠴᠤᠳ ᠲᠤ ᠪᠣᠯᠢᠶᠠᠬᠤ ᠣᠷᠤᠭ ᠤᠨ ᠶᠤᠰᠤᠨ ᠨᠠᠯᠢᠶᠠᠤᠨ ᠦᠷᠭᠡᠨ ᠳᠡᠯᠭᠡᠷᠡᠵᠤ ᠪᠠᠢ᠌ᠭᠰᠠᠨ ᠢ ᠢᠯᠡᠷᠡᠭᠦᠯᠦᠭ᠍ᠰᠡᠨ ᠪᠠᠢ᠌ᠨ᠎ᠠ᠃ 13 ᠳ᠋ᠤᠭᠠᠷ ᠵᠠᠭᠤᠨ ᠤ ᠦᠶ᠎ᠡ ᠶᠢᠨ ᠧᠦ᠋ᠷᠥᠫᠡ ᠶᠢᠨ ᠵᠢᠭᠤᠯᠴᠢᠨ ᠸᠸᠢᠯᠢᠶᠠᠮ ᠷᠦᠪᠷᠤᠩ ᠮᠤᠩᠭ᠋ᠤᠯᠴᠤᠳ ᠤᠨ ᠬᠤᠷᠢᠮᠯᠠᠬᠤ ᠶᠤᠰᠤᠨ ᠤ ᠳᠠᠯ᠎ᠠ ᠪᠠᠷ 《ᠭᠡᠨ ᠨᠢᠭᠡᠨ ᠭᠦᠮᠤᠨ ᠳᠤ ᠦᠬᠢᠨ ᠶᠢᠡᠨ ᠦᠭ‍ᠭᠦ ᠪᠣᠯᠤᠮᠠᠭᠴᠠ᠂ ᠡᠴᠢᠭᠡ ᠨᠢ ᠨᠠᠢ᠌ᠷ ᠭᠢᠭᠦ ᠪᠠ ᠦᠬᠢᠨ ᠨᠢ ᠤᠢ᠌ᠷ᠎ᠡ ᠶᠢᠨ ᠳᠦᠷᠤᠯ ᠣᠷᠤᠭᠤ ᠪᠠᠨ ᠳᠤᠳᠠᠭᠠᠨ ᠣᠴᠢᠵᠤ ᠳᠠᠠᠳᠠ ᠨᠢᠭᠤᠭᠳᠠᠳᠠᠭ᠁ ᠳᠡᠭᠡᠭᠡᠳ ᠡᠴᠢᠭᠡ ᠨᠢ ᠭᠦᠷᠭᠡᠨ ᠳᠤ ᠬᠠᠠᠳᠤᠨ 〈ᠮᠢᠨᠤ ᠦᠬᠢᠨ ᠴᠢᠨᠤᠭᠢ ᠪᠣᠯᠤᠯ᠎ᠠ᠂ ᠳᠡᠭᠦᠨ ᠢ ᠣᠯᠤᠭᠰᠠᠨ ᠭᠠᠵᠠᠷ ᠡᠴᠡ ᠪᠠᠨ ᠠᠪ ︕〉 ᠭᠡᠵᠤ ᠭᠡᠯᠡᠳᠡᠭ᠌᠃ ᠳᠡᠭᠡᠭᠦ ᠳ᠋ᠤᠨᠢ ᠭᠦᠷᠭᠡᠨ ᠨᠢ ᠪᠦᠰᠡᠭᠦᠢ ᠶᠢ ᠨᠥᠭᠦᠤᠨ ᠤᠨ ᠬᠠᠮᠳᠤ ᠡᠷᠢᠨ ᠭᠦᠴᠤ ᠪᠠᠷ ᠪᠠᠷᠢᠨ ᠠᠪᠴᠤ ᠭᠡᠷ ᠲᠡᠭᠡᠨ ᠠᠪᠴᠤ ᠤᠳᠬᠤ ᠪᠦᠯᠦᠭᠡ》 (ᠫᠠᠯᠠᠨ ᠺᠠᠷᠪᠢᠨ᠂ ᠸᠸᠢᠯᠢᠶᠠᠮ ᠷᠦᠪᠷᠤᠩ ᠤᠨ〈ᠮᠤᠩᠭ᠋ᠤᠯ ᠳᠤ ᠵᠢᠭᠤᠯᠴᠢᠯᠠᠭᠰᠠᠨ ᠳᠡᠮᠳᠡᠭᠯᠡᠯ〉 §281.282 ᠨᠢᠭᠤᠷ ᠲᠤ᠂ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1987 ᠣᠨ) ᠭᠡᠵᠤ ᠪᠢᠴᠢᠭ᠍ᠰᠡᠨ ᠪᠠ ᠮᠢᠩ ᠣᠯᠤᠰ ᠤᠨ ᠡᠯᠴᠢᠨ ᠰᠢᠶᠤᠤ ᠳ᠋ᠠ ᠾᠸᠩ 《ᠮᠤᠩᠭ᠋ᠤᠯ ᠤᠨ ᠵᠠᠩ ᠰᠤᠷᠳᠠᠬᠤᠨ ᠤ ᠳᠡᠮᠳᠡᠭᠯᠡᠯ》 ᠳ᠋ᠤ 《ᠦᠭᠢᠨ ᠨᠢ ᠮᠤᠷᠢ ᠣᠨᠤᠨ ᠰᠠᠭᠠᠬᠠᠯᠳᠠ ᠶᠢᠨ ᠠᠢ᠌ᠯ ᠳᠤ ᠪᠠᠨ ᠵᠠᠢ᠌ᠯᠠᠵᠤ ᠣᠳᠤᠮᠤᠢ᠂ ᠭᠦᠷᠭᠡᠨ ᠮᠦᠨ ᠮᠤᠷᠢ ᠣᠨᠤᠭᠠᠤᠨ ᠬᠣᠢ᠌ᠨ᠎ᠠ ᠡᠴᠡ ᠨᠢ ᠨᠡᠭᠡᠵᠤ ᠣᠴᠢᠭᠠᠤᠨ ᠪᠠᠷᠢᠵᠤ ᠴᠢᠳᠠᠪᠠᠰᠤ ᠬᠠᠮᠳᠤ ᠳᠤ ᠪᠠᠨ ᠦᠬᠢᠨ ᠤ ᠭᠡᠷ ᠲᠤ ᠪᠣᠴᠠᠵᠤ ᠢᠷᠠᠮᠤᠢ᠃ ᠳᠠᠢ᠌ᠮᠤ ᠪᠣᠰᠤ ᠪᠣᠯᠪᠠᠰᠤ ᠭᠡᠳᠤ ᠭᠡᠳᠤᠨ ᠵᠠᠭᠤᠨ ᠭᠠᠵᠠᠷ ᠭᠦᠷᠳᠡᠯ᠎ᠡ ᠬᠤᠶᠠᠷ ᠭᠤᠷᠪᠠᠨ ᠬᠤᠨᠤᠭ ᠶᠢᠡᠷ ᠨᠡᠭᠡᠨ ᠶᠠᠪᠣᠮᠤᠢ᠃ ᠭᠦᠭᠡᠭᠡᠵᠤ ᠭᠦᠢᠴᠡᠭᠡᠳ ᠪᠠᠷᠢᠵᠤ ᠠᠪᠣᠪᠠᠯ ᠨᠢᠭᠤᠵᠤ ᠪᠠᠢ᠌ᠭᠰᠠᠨ ᠭᠡᠷ ᠨᠢ ᠬᠤᠨᠢ ᠮᠤᠷᠢ ᠪᠠᠷ ᠳᠠᠯᠠᠷᠬᠠᠵᠤ ᠪᠠᠷᠢ ᠪᠠᠨ ᠠᠪᠠᠴᠢᠨ᠎ᠠ᠃ ᠳᠠᠷᠠ ᠭᠡᠷ ᠨᠢ ᠪᠠᠰᠠ ᠬᠠᠷᠢᠭᠤ ᠮᠠᠯ ᠪᠠᠯᠡᠭᠯᠡᠮᠦᠢ》 ᠭᠡᠵᠤ ᠳᠡᠮᠳᠡᠭᠯᠡᠵᠡᠢ᠃ ᠦᠨᠦᠳᠤᠷ ᠤᠨ ᠬᠤᠷᠴᠢᠨ ᠮᠤᠩᠭ᠋ᠤᠯᠴᠤᠳ ᠤᠨ 《ᠦᠭᠢᠨ ᠬᠠᠰᠢᠵᠤ ᠰᠠᠭᠤᠬᠤ ᠶᠤᠰᠤᠨ》᠂ ᠳᠦᠷᠤᠯ ᠰᠠᠳᠤᠨ ᠤᠢ᠌ᠷ᠎ᠡ ᠵᠡᠷᠭᠡᠯᠡᠳᠡᠭᠡ ᠠᠢ᠌ᠯ ᠭᠡᠷ ᠲᠤ ᠨᠢᠭᠤᠵᠤ ᠰᠠᠭᠤᠬᠤ ᠵᠡᠷᠭᠡ ᠣᠢ᠌ᠯᠠ ᠠᠵᠢᠯᠯᠠᠭ᠎ᠠ ᠨᠢ ᠳᠠᠷᠠ ᠴᠢᠭ᠌ ᠶᠢᠡᠷ ᠶᠢᠡᠨ ᠡᠷᠳᠡᠨ ᠤ 《ᠪᠣᠯᠢᠶᠠᠮᠠᠯ ᠣᠷᠤᠭ》 ᠊ᠤᠨ ᠦᠯᠠᠳᠠᠴᠠ ᠣᠯᠪᠠᠭ᠎ᠠ ᠪᠣᠯᠬᠤ ᠶᠤᠮ᠃ ᠶᠡᠭᠡ ᠬᠤᠷᠢᠮ ᠤᠨ ᠳᠠᠷᠠᠭ᠎ᠠ ᠭᠤᠷᠪᠠ ᠬᠤᠨᠤᠭ ᠤᠨ ᠡᠷᠭᠢᠯᠳᠡ ᠪᠠᠷ ᠰᠢᠨ᠎ᠠ ᠪᠠᠷᠢ ᠳᠦᠷᠭᠦᠮᠴᠢᠯᠡᠭᠦ ᠳᠤ ᠪᠠᠨ ᠦᠬᠢᠨ ᠬᠠᠰᠢᠭᠰᠠᠨ ᠨᠠᠢ᠌ᠵᠠ ᠨᠡᠷ ᠶᠢᠡᠨ ᠨᠢᠭᠡ ᠨᠢᠭᠡ ᠪᠠᠷ ᠡᠷᠭᠢᠵᠤ ᠳᠠᠯᠠᠷᠬᠠᠯ ᠶᠢᠡᠨ ᠭᠦᠢᠴᠡᠭᠡᠭᠦ ᠶᠤᠰᠤᠳᠠᠢ᠃

14.ᠱᠠᠭᠠᠠᠳᠤ ᠰᠢᠷᠡᠭᠡᠨ ᠤ ᠨᠠᠭᠠᠳᠤᠮ ᠤᠨ ᠶᠤᠰᠤᠨ

ᠭᠡᠦᠭᠡᠨ ᠤ ᠳᠠᠯ᠎ᠠ ᠶᠢᠨ ᠨᠠᠢ᠌ᠷ ᠤᠨ ᠰᠢᠷᠡᠭᠡ ᠬᠤᠷᠢᠶᠠᠭᠰᠠᠨ ᠤ ᠰᠡᠭᠦᠯᠡᠷ ᠪᠦᠷᠦᠢ ᠪᠣᠯᠬᠤ ᠪᠠᠷ ᠱᠠᠭᠠᠠᠳᠤ ᠶᠢᠨ ᠰᠢᠷᠡᠭᠡ ᠳᠠᠯᠪᠢᠨ᠎ᠠ᠃ ᠭᠡᠦᠭᠡᠨ ᠤ ᠳᠠᠯ᠎ᠠ ᠶᠢᠨ ᠭᠦᠷᠭᠡᠨ ᠭᠦᠤ ᠶᠢᠨ ᠣᠬᠠᠭᠠᠨ ᠴᠢᠳᠠᠯ ᠢ ᠳᠠᠩᠰᠠᠨ ᠥᠵᠡᠭᠦ ᠶᠢᠨ ᠣᠯᠠᠮ ᠡᠴᠡ ᠡᠪᠴᠢᠭᠦᠤ ᠳᠦᠷᠦᠭᠦᠤ ᠲᠡᠶ ᠭᠦᠵᠦᠭᠦᠤ ᠪᠠ ᠱᠠᠭᠠᠠᠳᠤ ᠣᠷᠤᠭᠤᠯᠵᠤ ᠳᠠᠯᠪᠢᠬᠤ ᠳᠤ ᠭᠦᠷᠭᠡᠨ ᠭᠦᠤ ᠡᠴᠡ ᠱᠠᠭᠠᠠᠳᠤ ᠶᠢᠨ ᠱᠠᠭ᠎ᠠ ᠶᠢ ᠮᠤᠯᠳᠤᠯᠤᠨ ᠠᠪᠴᠤ ᠬᠠᠳᠠᠭ ᠲᠤ ᠪᠣᠭᠤᠨ ᠭᠤᠳᠤᠯ ᠤᠨ ᠲᠦᠷᠡᠢ ᠳᠤ ᠪᠠᠨ ᠭᠢᠨ᠎ᠠ᠃ ᠪᠣᠰᠤᠳ ᠦᠬᠢᠳ ᠪᠠᠰᠠ ᠱᠠᠭ᠎ᠠ ᠶᠢ ᠪᠣᠯᠢᠶᠠᠯᠳᠤᠨ ᠠᠪᠴᠤ ᠪᠣᠯᠤᠨ᠎ᠠ᠃ ᠭᠡᠪᠠᠴᠤ ᠭᠦᠷᠭᠡᠨ ᠭᠦᠤ ᠶᠠᠭᠠᠭᠢᠭᠰᠠᠨ ᠡᠴᠡ ᠪᠣᠯᠢᠶᠠᠭᠳᠠᠵᠤ ᠪᠣᠯᠬᠤ ᠦᠭᠡᠶ᠃ ᠣᠴᠢᠷ ᠨᠢ ᠱᠠᠭ᠎ᠠ ᠪᠣᠯ ᠡᠷ᠎ᠡ ᠴᠢᠳᠠᠯ ᠤᠨ ᠪᠠᠯᠭᠡ ᠳᠡᠮᠳᠡᠭ᠌ ᠭᠡᠵᠤ ᠥᠵᠡᠳᠡᠭ᠌ ᠪᠦᠭᠡᠳ ᠱᠠᠭ᠎ᠠ ᠪᠠᠷ ᠪᠠᠰᠠ ᠡᠷ᠎ᠡ ᠡᠮ᠎ᠡ ᠶᠢᠨ ᠬᠠᠷᠢᠴᠠᠭ᠎ᠠ ᠶᠢᠨ ᠪᠠᠳᠤᠳᠬᠤ ᠶᠢ ᠪᠠᠯᠭᠡᠰᠢᠶᠡᠳᠡᠭ᠌ ᠶᠤᠮ᠃ ᠳᠠᠭᠢᠨ ᠠᠮᠠᠨ ᠭᠦᠵᠦᠭᠦᠤ ᠶᠢ ᠡᠪᠳᠡᠢ ᠰᠠᠢ᠌ᠬᠠᠨ ᠮᠤᠰᠭᠢᠵᠤ ᠰᠠᠯᠭᠠᠨ᠎ᠠ᠃ ᠣᠳᠤ ᠡᠨᠡᠭᠦ ᠶᠤᠰᠤ ᠨᠢ ᠭᠢᠯᠪᠠᠷᠰᠢᠵᠤ᠂ ᠳᠤᠭᠤᠭᠠᠴᠢ ᠡᠴᠡ ᠱᠠᠭᠠᠠᠳᠤ ᠶᠢ ᠳᠠᠪᠠᠭ ᠲᠡᠶ ᠣᠷᠤᠭᠤᠯᠬᠤ ᠳᠤ ᠪᠠᠨ ᠱᠠᠭ᠎ᠠ ᠶᠢ ᠨᠢ ᠣᠷᠢᠳ ᠶᠢᠡᠷ ᠰᠠᠯᠭᠠᠵᠤ᠂ ᠱᠠᠭᠠᠠᠳᠤ ᠶᠢᠨ ᠶᠠᠰᠤᠨ ᠳᠤ ᠣᠯᠠᠭᠠᠨ ᠣᠳᠠᠰᠤ ᠪᠠᠷ ᠣᠶᠠᠵᠤ᠂ ᠰᠢᠷᠡᠭᠡᠨ ᠳᠤ ᠳᠠᠯᠪᠢᠬᠤ ᠳᠤ ᠪᠠᠨ ᠱᠤᠭ ᠭᠠᠷᠭᠠᠵᠤ᠂ ᠱᠠᠭ᠎ᠠ ᠶᠢ ᠦᠬᠢᠳ ᠤᠨ ᠵᠥᠭ᠌ ᠭᠦᠴᠦᠳᠡᠢ ᠨᠢᠰᠠᠯᠵᠤ ᠶᠠᠪᠣᠭᠤᠯᠤᠨ᠎ᠠ᠃ ᠦᠭᠡᠶ ᠪᠣᠯ ᠭᠦᠷᠭᠡᠨ ᠳᠠᠭᠠᠭᠴᠢ ᠡᠴᠡ ᠳᠠᠪᠠᠭ ᠢ ᠰᠢᠷᠡᠭᠡᠨ ᠳᠤ ᠳᠠᠯᠪᠢᠬᠤ ᠶᠢᠨ ᠳᠠᠯᠢᠮ ᠳᠤ ᠱᠠᠭ᠎ᠠ ᠶᠢ ᠪᠣᠯᠳᠤ ᠳᠠᠳᠠᠨ ᠠᠪᠣᠨ᠎ᠠ᠃ ᠭᠡᠷᠪᠡ ᠦᠬᠢᠳ ᠣᠯᠵᠤ ᠪᠣᠯᠢᠶᠠᠭᠰᠠᠭᠠᠷ ᠰᠡᠭᠦᠯᠴᠢ ᠪᠠᠷ ᠪᠣᠯᠬᠤ ᠱᠠᠭᠠᠠᠳᠤ ᠶᠢᠨ ᠨᠠᠢ᠌ᠷ ᠲᠤ ᠦᠬᠢᠳ ᠲᠤ ᠠᠰᠢᠭᠳᠠᠢ ᠪᠣᠯᠤᠨ᠎ᠠ᠃ ᠱᠠᠭᠠᠠᠳᠤ ᠶᠢᠨ ᠨᠠᠢ᠌ᠷ ᠳᠡᠭᠡᠷ᠎ᠡ ᠱᠠᠭ᠎ᠠ ᠪᠣᠯᠢᠶᠠᠯᠳᠤᠬᠤ ᠨᠢ ᠬᠤᠷᠢᠮᠯᠠᠭᠰᠠᠨ ᠤ ᠰᠡᠭᠦᠯᠡᠷ ᠭᠦᠤ ᠲᠡᠶ ᠪᠣᠯᠬᠤ ᠵᠢᠨ ᠪᠠᠯᠡᠭ᠌ ᠭᠡᠨ᠎ᠡ᠃ ᠡᠢ᠌ᠮᠤ ᠡᠴᠡ《ᠱᠠᠭᠠᠠᠳᠤ ᠶᠢᠨ ᠳᠠᠭᠤᠤ》 ᠳ᠋ᠤ ᠪᠠᠰᠠ

ᠳᠦᠷᠤ ᠶᠢᠨ ᠬᠤᠷᠢᠮ ᠭᠢᠨ᠎ᠠ ᠭᠡᠳᠡᠭ᠌ ᠴᠢᠨᠢ ᠵᠧ ᠭᠦᠢ

ᠳᠡᠭᠡᠳᠡᠢ ᠦᠶ᠎ᠡ ᠡᠴᠡ ᠪᠠᠢ᠌ᠭᠰᠠᠨ ᠶᠤᠰᠤ ᠭᠦᠢ

ᠳᠡᠷᠡᠭᠦ ᠱᠠᠭ᠎ᠠ ᠶᠢ ᠠᠪᠣᠨ᠎ᠠ ᠭᠡᠳᠡᠭ᠌ ᠴᠢᠨᠢ ᠵᠧ ᠭᠦᠢ

ᠳᠡᠷᠢᠭᠦᠨ ᠳ᠋ᠤᠨᠢ ᠭᠦᠤ ᠲᠡᠶ ᠪᠣᠯᠬᠤ ᠵᠢᠨ ᠪᠠᠯᠡᠭ᠌ ᠶᠤᠮ ᠡ ᠭᠦᠢ ᠭᠡᠵᠤ ᠳᠠᠭᠤᠯᠠᠳᠠᠭ᠃

《ᠪᠠᠭᠤᠯᠵᠠᠷ ᠮᠤᠰᠭᠢᠬᠤ》 ᠶᠤᠰᠤᠨ ᠪᠣᠯ ᠮᠤᠩᠭ᠋ᠤᠯ ᠦᠨᠳᠦᠰᠦᠳᠠᠨ ᠤ ᠡᠷᠳᠡᠨ ᠤ ᠣᠷᠤᠭ ᠬᠤᠷᠢᠮ ᠤᠨ ᠶᠤᠰᠤᠨ ᠤ ᠦᠯᠠᠳᠠᠴᠠ ᠰᠤᠶᠤᠯ ᠮᠦᠨ᠃ 《ᠮᠤᠩᠭ᠋ᠤᠯ ᠤᠨ ᠨᠢᠭᠤᠴᠠ ᠳᠤᠴᠢᠶᠠᠨ》 §168 ᠳ᠋ᠤ 《᠁ ᠪᠠᠭᠤᠯᠵᠠᠷ ᠢᠳᠠᠷ᠎ᠠ ᠢᠷᠡᠭᠦᠨ》 ᠭᠡᠵᠤ ᠭᠠᠷᠳᠠᠭ᠃ ᠳᠤᠰ ᠶᠤᠰᠤᠨ ᠳᠤ ᠨᠢᠭᠡ ᠳᠠᠯ᠎ᠠ ᠪᠠᠷ ᠪᠠᠭᠤᠯᠵᠠᠷ ᠮᠤᠰᠭᠢᠬᠤ ᠪᠠᠷ ᠭᠦᠷᠭᠡᠨ ᠭᠦᠤ ᠶᠢᠨ ᠣᠬᠠᠭᠠᠨ ᠴᠢᠳᠠᠯ᠂ ᠠᠷᠭ᠎ᠠ ᠳᠠᠮ ᠢ ᠰᠤᠷᠢᠵᠤ ᠪᠠᠢ᠌ᠬᠤ ᠪᠦᠭᠡᠳ ᠨᠥᠭᠦᠭᠡ ᠳᠠᠯ᠎ᠠ ᠪᠠᠷ ᠪᠠᠭᠤᠯᠵᠠᠷ ᠤᠨ ᠶᠠᠰᠤ ᠢᠳᠡᠭᠦ ᠪᠠᠷ ᠰᠢᠨ᠎ᠠ ᠣᠷᠤᠭᠯᠠᠭᠰᠠᠨ ᠬᠤᠶᠠᠷ ᠤᠨ ᠡᠷ᠎ᠡ ᠡᠮ᠎ᠡ ᠶᠢᠨ ᠬᠠᠷᠢᠴᠠᠭ᠎ᠠ ᠪᠠᠭᠤᠯᠵᠠᠷ ᠤᠨ ᠶᠠᠰᠤᠨ ᠮᠠᠳᠤ ᠠᠮᠠ ᠰᠡᠭᠡᠷ ᠵᠠᠭᠤᠯᠴᠠᠨ ᠪᠠᠳᠤ ᠪᠠᠭᠢ ᠪᠠᠢ᠌ᠬᠤ ᠶᠢ ᠪᠠᠯᠭᠡᠳᠡᠭ᠍ᠰᠡᠨ ᠰᠠᠨᠠᠭ᠎ᠠ ᠦᠯᠡᠮᠵᠢ ᠪᠠᠢ᠌ᠨ᠎ᠠ᠃ ᠳᠡᠭᠡᠭᠡᠳ ᠱᠠᠭᠠᠠᠳᠤ ᠶᠢᠨ ᠰᠢᠷᠡᠭᠡᠨ ᠤ ᠨᠠᠢ᠌ᠷ ᠡᠭᠢᠯᠡᠨ᠎ᠡ᠃ ᠡᠨᠡ ᠦᠶ᠎ᠡ ᠳᠤ ᠨᠢᠭᠡ ᠳᠠᠰᠤᠯᠭ᠎ᠠ ᠭᠡᠷ ᠪᠠᠭᠳᠠᠵᠤ ᠶᠠᠳᠠᠮ᠎ᠠ ᠦᠬᠢᠳ ᠪᠠᠷᠢᠶᠠᠤᠨ ᠴᠤᠭᠯᠠᠵᠤ ᠬᠠᠠᠵᠤᠨ ᠳᠡᠭᠡᠷ᠎ᠡ ᠰᠠᠭᠤᠬᠤ ᠨᠢ ᠰᠠᠭᠤᠵᠤ᠂ ᠭᠠᠵᠠᠷ ᠳᠤᠤᠷ᠎ᠠ ᠵᠤᠭᠰᠤᠬᠤ ᠨᠢ ᠵᠤᠭᠰᠤᠭᠠᠤᠨ ᠬᠤᠶᠠᠷ ᠭᠦᠷᠭᠡᠨ ᠢ ᠰᠢᠬᠠᠭᠰᠠᠭᠠᠷ ᠪᠠᠢ᠌ᠭᠠᠤᠨ ᠭᠠᠵᠠᠷ ᠤᠨ ᠳᠤᠮᠳᠠ ᠰᠢᠬᠠᠵᠤ ᠵᠤᠭᠰᠤᠭᠠᠨ᠎ᠠ᠃ ᠦᠬᠢᠳ ᠬᠠᠠᠵᠤᠨ ᠳᠡᠭᠡᠷ᠎ᠡ ᠶᠡᠭᠡ ᠯᠠ ᠶᠠᠩᠪᠠ ᠲᠡᠶ ᠰᠠᠭᠤᠯᠴᠠᠨ ᠭᠦᠷᠭᠡᠳ ᠭᠠᠵᠠᠷ ᠲᠤ ᠵᠤᠭᠰᠤᠵᠤ ᠪᠠᠷᠭᠡᠳ ᠦᠬᠢᠳ ᠲᠤ ᠨᠢᠭᠡ ᠨᠢᠭᠡ ᠪᠠᠷ ᠳᠠᠮᠠᠭᠢ ᠪᠠᠷᠢᠨ᠎ᠠ᠃ ᠭᠦᠷᠭᠡᠨ ᠳᠠᠭᠠᠭᠴᠢ ᠡᠴᠡ ᠳᠠᠮᠠᠭᠢ ᠪᠠᠨ ᠨᠤᠴᠤᠭᠠᠨ ᠥᠭ᠍ᠪᠠᠯ ᠰᠢᠨ᠎ᠠ ᠭᠦᠷᠭᠡᠨ ᠡᠴᠡ ᠪᠠᠷᠢᠨ᠎ᠠ᠃ ᠳᠠᠮᠠᠭᠢ ᠪᠠᠷᠢᠵᠤ ᠪᠠᠢ᠌ᠬᠤ ᠳᠤ ᠦᠬᠢᠳ ᠣᠯᠵᠤ ᠥᠵᠡᠭ᠍ᠰᠡᠨ ᠦᠭᠡᠶ ᠰᠢᠭ᠌ ᠣᠪᠯᠠᠵᠤ ᠦᠯᠦ ᠮᠡᠳᠡᠭ᠌ ᠰᠠᠭᠤᠬᠤ ᠳᠤ ᠰᠢᠨ᠎ᠠ ᠭᠦᠷᠭᠡᠨ ᠠᠷᠭ᠎ᠠ ᠦᠭᠡᠶ ᠨᠢᠭᠡ ᠰᠢᠮᠰᠢ᠌ᠨ ᠠᠮᠤᠷ ᠠᠰᠠᠭᠤᠬᠤ ᠰᠢᠭ᠌ ᠬᠤᠶᠠᠷ ᠡᠪᠦᠳᠦᠭ᠌ ᠶᠢᠡᠨ ᠣᠴᠤᠢ᠌ᠬᠣᠢ᠌ᠴᠠ ᠪᠣᠯᠬᠤ ᠪᠠᠷᠢᠨ᠎ᠠ᠃ ᠬᠤᠷᠴᠢᠨ ᠮᠤᠩᠭ᠋ᠤᠯᠴᠤᠳ ᠤᠨ ᠳᠤᠮᠳᠠ ᠦᠪᠡᠷᠮᠢᠴᠠ ᠪᠠᠢ᠌ᠭ᠎ᠠ ᠪᠠᠰᠠ ᠨᠢᠭᠡ ᠵᠣᠢ᠌ᠯ ᠤᠨ ᠣᠴᠠᠷᠠᠨ ᠵᠤᠯᠠᠭᠠᠬᠤ ᠶᠢᠨ ᠶᠤᠰᠤ ᠭᠤᠷᠢᠮ ᠪᠣᠯᠤᠨ᠎ᠠ᠃ ᠣᠯᠠᠩᠭᠢ ᠳᠤ ᠪᠠᠨ ᠬᠤᠷᠢᠮ ᠨᠠᠢ᠌ᠷ ᠳᠡᠭᠡᠷ᠎ᠡ ᠶᠠᠪᠣᠭᠳᠠᠳᠠᠭ᠃ ᠳᠠᠷᠤᠢ ᠨᠥᠭᠦᠭᠡ ᠡᠳᠡᠭᠡᠳ ᠶᠢᠡᠨ ᠣᠠᠴᠠᠭᠠᠢ ᠭᠦᠡᠳᠦᠳᠭᠡᠵᠤ ᠪᠠᠢ᠌ᠭ᠎ᠠ ᠶᠢᠨ ᠢᠯᠠᠷᠠᠯ ᠪᠣᠯᠤᠨ᠎ᠠ᠃ ᠡᠩ ᠤᠨᠦᠶ᠎ᠡ ᠳᠤ ᠪᠣᠯ ᠠᠮᠤᠷ ᠠᠰᠠᠭᠤᠬᠤ ᠶᠤᠰᠤ ᠭᠢᠨ᠎ᠠ᠃ ᠡᠰᠡᠭᠦᠯ᠎ᠡ ᠬᠤᠶᠠᠷ ᠭᠤᠷᠪᠠ ᠰᠢᠮᠰᠢ᠌ᠯᠭᠡᠨ ᠪᠠᠢ᠌ᠵᠤ ᠰᠠ‍‌ᠶᠢ ᠳᠠᠮᠠᠭᠢ ᠳᠤᠰᠤᠨ᠎ᠠ᠃ ᠬᠠᠠᠵᠤᠨ ᠳᠤᠳᠤᠭᠤᠷ ᠰᠠᠭᠤᠭᠰᠠᠨ ᠦᠬᠢᠳ ᠲᠤ ᠳᠠᠮᠠᠭᠢ ᠪᠠᠷᠢᠬᠤ ᠳᠤ ᠭᠦᠷᠭᠡᠨ ᠤ ᠭᠠᠷ ᠭᠦᠷᠭᠦ ᠦᠭᠡᠶ ᠪᠠᠢ᠌ᠬᠤ ᠳᠤ ᠣᠯᠠᠮ ᠬᠣᠢ᠌ᠰᠢ ᠮᠠᠳᠠᠢ᠌ᠵᠤ ᠰᠠᠭᠤᠭᠠᠤᠨ ᠪᠠᠰᠠ 《ᠰᠢᠮᠰᠢ ︕ ᠰᠢᠮᠰᠢ ︕ ᠰᠤᠨᠠᠢ ︕ ᠰᠤᠨᠠᠢ ︕》 ᠭᠡᠵᠤ ᠳᠠᠮᠠᠭᠢ ᠳᠤᠰᠬᠤ ᠦᠭᠡᠶ ᠶᠠᠷᠰᠢᠭᠯᠠᠨ᠎ᠠ᠃ ᠳᠠᠮᠠᠭᠢ ᠪᠠᠷᠢᠵᠤ ᠪᠠᠷᠠᠭᠰᠠᠨ ᠤ ᠰᠡᠭᠦᠯᠡᠷ ᠭᠦᠷᠭᠡᠨ ᠳᠠᠭᠠᠭᠴᠢ ᠡᠴᠡ ᠳᠠᠭᠤᠤ ᠳᠠᠭᠤᠯᠠᠨ᠎ᠠ᠃ ᠭᠡᠷᠪᠡ ᠭᠤᠳᠤᠯ ᠪᠠ ᠱᠠᠭ᠎ᠠ ᠪᠠᠨ ᠪᠣᠯᠢᠶᠠᠭᠳᠠᠭᠰᠠᠨ ᠦᠭᠡᠶ ᠪᠣᠯ ᠳᠠᠭᠤᠤ ᠳᠠᠭᠤᠯᠠᠵᠤ ᠦᠭ‍ᠭᠦ ᠦᠭᠡᠶ ᠭᠡᠵᠤ ᠮᠠᠷᠭᠤᠯᠳᠤᠨ᠎ᠠ᠃ ᠪᠣᠯᠢᠶᠠᠭᠳᠠᠴᠢᠬᠠᠭᠰᠠᠨ ᠪᠣᠯ ᠠᠷᠭ᠎ᠠ ᠦᠭᠡᠶ《ᠭᠤᠳᠤᠯ ᠤᠨ ᠬᠤᠤᠰ》 ᠭᠡᠳᠡᠯ᠎ᠡ 《ᠱᠠᠭ᠎ᠠ ᠶᠢᠨ ᠳᠦᠷᠪᠠ》 ᠭᠡᠳ ᠳᠠᠭᠤᠤ ᠱᠠᠯᠠᠨ᠎ᠠ᠃ ᠭᠦᠷᠭᠡᠨ ᠭᠦᠤ᠂ ᠭᠦᠷᠭᠡᠨ ᠳᠠᠭᠠᠭᠴᠢ ᠨᠢ ᠭᠡᠦᠭᠡᠡᠴᠦᠳ ᠤᠨ ᠰᠠᠨᠠᠭ᠎ᠠ ᠪᠠᠷ ᠳᠠᠭᠤᠯᠠᠵᠤ ᠦᠭ‍ᠭᠦ ᠦᠭᠡᠶ ᠪᠣᠯ ᠴᠢᠭᠢᠷᠠᠭ ᠭᠡᠳᠤᠨ ᠦᠬᠢᠳ ᠪᠠᠭᠤᠵᠤ ᠢᠷᠡᠭᠡᠳ ᠬᠤᠶᠠᠷ ᠭᠦᠷᠭᠡᠨ ᠢ ᠨᠠᠰᠢ ᠴᠠᠰᠢ ᠲᠦᠯᠭᠢᠵᠤ ᠳᠠᠭᠤᠤ ᠳᠠᠭᠤᠯᠠᠵᠤ ᠳᠤᠭᠯᠠᠭᠠᠮ ᠭᠠᠷᠭᠠᠬᠤ ᠶᠢ ᠱᠠᠭᠠᠷᠳᠠᠳᠠᠭ᠃ ᠭᠦᠷᠭᠡᠨ ᠳᠠᠭᠠᠭᠴᠢ ᠡᠴᠡ ᠰᠢᠨ᠎ᠠ ᠭᠦᠷᠭᠡᠨ ᠳᠤ ᠰᠠᠠᠳᠠᠯᠢ ᠳᠠᠯᠪᠢᠵᠤ ᠦᠭ‍ᠭᠦᠨ ᠰᠠᠭᠤᠯᠭᠠᠬᠤ ᠨᠥᠭᠦᠴᠡᠯ ᠳᠤᠷᠠᠳᠤᠨ᠎ᠠ᠃ ᠭᠦᠷᠭᠡᠨ ᠳᠠᠭᠠᠭᠴᠢ ᠳᠠᠭᠤᠤ ᠳᠠᠭᠤᠯᠠᠬᠤ ᠳᠤ ᠪᠠᠨ ᠡᠷᠭᠡᠪᠰᠢ ᠬᠤᠷᠢᠮ ᠬᠤᠷᠠᠯ ᠤᠨ ᠵᠤᠭᠢᠰ ᠲᠤ ᠳᠤᠭᠢᠷᠠᠭᠰᠠᠨ ᠳᠠᠭᠤᠤ ᠶᠢ ᠳᠠᠭᠤᠯᠠᠬᠤ ᠡᠴᠡ ᠪᠢᠰᠢ ᠡᠷᠦᠢ ᠬᠤᠷᠤᠢ ᠦᠭᠡᠶ᠂ ᠬᠤᠷᠢᠮ ᠳᠦᠷᠤ ᠳᠤ ᠵᠤᠭᠢᠴᠠᠬᠤ ᠦᠭᠡᠶ ᠳᠠᠭᠤᠤ ᠪᠣᠶᠤ ᠰᠢᠨ᠎ᠠ ᠬᠤᠶᠠᠷ ᠭᠦᠮᠤᠨ ᠤ ᠦᠨᠢᠳᠠ ᠶᠢᠨ ᠵᠤᠭᠢᠴᠠᠯ ᠳᠤ ᠵᠤᠭᠢᠷᠠᠬᠤ ᠦᠭᠡᠶ ᠳᠠᠭᠤᠤ ᠶᠢ ᠳᠠᠭᠤᠠᠯᠬᠤ ᠶᠢ ᠴᠡᠭᠡᠷᠯᠡᠨ᠎ᠡ᠃ ᠵᠢᠱᠢᠶᠠᠯᠠᠪᠠᠯ᠂ 《ᠸᠠᠨ ᠯᠢ》᠂ 《ᠳ᠋ᠦᠩᠭᠡᠷ ᠳ᠋ᠠ ᠯᠠᠮᠠ》᠂ 《ᠭᠤᠤ ᠰᠢᠶᠤᠤ ᠵᠢᠶ‍ᠧ》 ᠭᠡᠭᠦ ᠮᠠᠳᠤ ᠶᠢᠨ ᠳᠠᠭᠤᠤ ᠶᠢᠨ ᠢᠨᠠᠭ ᠳᠤᠠᠠᠯᠠᠯ ᠤᠨ ᠠᠵᠢᠯᠯᠠᠭ᠎ᠠ ᠨᠢ ᠳᠤᠬᠠᠢ ᠶᠢᠨ ᠴᠠᠭ ᠦᠶ᠎ᠡ ᠶᠢᠨ ᠣᠷᠤᠭ ᠬᠤᠷᠢᠮ ᠤᠨ ᠳᠦᠷᠢᠮ 《ᠠᠪᠣ ᠡᠵᠢ ᠶᠢᠨ ᠡᠵᠡᠨ ᠳᠤᠯᠤᠭᠠᠢ ᠮᠡᠳᠡᠭᠦ》 ᠭᠦᠷᠢᠶᠡᠨ ᠡᠴᠡ ᠳᠠᠪᠠᠭᠰᠠᠨ ᠪᠣᠯᠬᠤᠷ 《ᠣᠯᠢᠭ ᠦᠭᠡᠶ ᠳᠠᠭᠤᠤ》 ᠭᠡᠵᠤ ᠥᠵᠡᠳᠡᠭ᠌᠃ 《ᠷᠤᠯᠭᠠᠷᠮ᠎ᠠ》᠂ 《ᠳ᠋ᠠᠨᠠᠪᠠᠯ》᠂ 《ᠮᠠᠳᠠᠢ᠌ᠷᠠᠮ᠎ᠠ》᠂ 《ᠭᠤᠸᠠᠩᠭ᠋ᠠᠨ ᠭᠦᠮᠤᠨ》 ᠵᠡᠷᠭᠡ ᠠᠷᠠᠤᠨ ᠤᠨ ᠳᠠᠭᠤᠤ ᠨᠢ ᠪᠦᠷ ᠢᠨᠠᠭ ᠬᠤᠩᠭ᠋ᠤᠷ ᠡᠴᠡ ᠪᠠᠨ ᠰᠠᠯᠤᠭᠰᠠᠨ ᠪᠣᠶᠤ ᠡᠷ᠎ᠡ ᠨᠥᠭᠦᠷ ᠡᠴᠡ ᠪᠠᠨ ᠬᠠᠭᠠᠴᠠᠭᠰᠠᠨ ᠳᠠᠭᠤᠤ ᠪᠣᠯᠬᠤᠷ ᠣᠷᠤᠭ ᠬᠤᠷᠢᠮ ᠤᠨ ᠣᠴᠢᠷ ᠲᠤ ᠪᠠᠯᠭᠡ ᠦᠭᠡᠶ ᠳᠠᠭᠤᠤ ᠭᠡᠵᠤ ᠥᠵᠡᠳᠡᠭ᠌ ᠳᠤᠯᠠ ᠴᠡᠭᠡᠷᠯᠡᠭᠦ ᠭᠡᠷᠡᠭ᠍ᠳᠡᠢ᠃ ᠬᠠᠷᠢᠨ 《ᠨᠠᠢ᠌ᠷ ᠤᠨ ᠳᠠᠭᠤᠤ》᠂ 《ᠱᠠᠭᠠᠠᠳᠤ ᠶᠢᠨ ᠳᠠᠭᠤᠤ》᠂ 《ᠭᠡᠦᠭᠡᠨ ᠳᠤᠰᠢᠶᠠᠬᠤ ᠳᠠᠭᠤᠤ》 ᠵᠡᠷᠭᠡ ᠲᠡᠶ ᠢᠨᠠᠭ ᠠᠮᠠᠷᠠᠭ ᠤᠨ ᠣᠯᠠᠨ ᠣᠯᠠᠨ ᠳᠠᠭᠤᠤ ᠡᠴᠡ ᠴᠢᠯᠦᠭᠡᠳᠡᠢ ᠳᠠᠭᠤᠯᠠᠵᠤ ᠪᠣᠯᠤᠨ᠎ᠠ᠃

ᠨᠠᠯᠢᠶᠠᠤᠨ ᠳᠠᠭᠤᠯᠠᠵᠤ ᠨᠠᠢ᠌ᠷᠠᠯᠳᠤᠭᠰᠠᠨ ᠤ ᠳᠠᠷᠠᠭ᠎ᠠ ᠰᠦᠨᠢ ᠲᠦᠯᠢ ᠪᠣᠯᠵᠤ᠂ ᠬᠤᠶᠠᠷ ᠰᠢᠨ᠎ᠠ ᠭᠦᠮᠦᠰ ᠪᠠᠭ᠎ᠠ ᠠᠮᠠᠷᠠᠬᠤ ᠴᠢᠬᠤᠯᠠᠳᠠᠢ ᠪᠣᠯᠬᠤᠷ ᠱᠠᠭᠠᠠᠳᠤ ᠶᠢᠨ ᠨᠠᠢ᠌ᠷ ᠦᠨᠳᠦᠷᠯᠠᠨ᠎ᠠ᠃ ᠳᠡᠭᠡᠭᠡᠳ ᠪᠠᠷᠭᠡᠳ ᠳᠠᠭᠢᠨ ᠰᠢᠷᠡᠭᠡ ᠣᠷᠤᠭᠤᠯᠵᠤ᠂ ᠬᠤᠶᠠᠷ ᠭᠦᠷᠭᠡᠨ ᠪᠠ ᠰᠢᠨ᠎ᠠ ᠪᠠᠷᠢ ᠵᠢᠴᠢ ᠰᠢᠨ᠎ᠠ ᠪᠠᠷᠢ ᠶᠢᠨ ᠨᠢᠭᠡ ᠳᠠᠭᠠᠯᠳᠠ ᠲᠡᠶ ᠳᠦᠷᠪᠠᠭᠦᠯᠡ ᠪᠠᠩᠰᠢ ᠢᠳᠠᠨ᠎ᠠ᠃ ᠡᠨᠡᠭᠦ ᠪᠠᠩᠰᠢ ᠢᠳᠡᠭᠦ ᠶᠤᠰᠤ ᠪᠣᠯ ᠰᠢᠨ᠎ᠠ ᠭᠡᠷ ᠪᠦᠯᠢ ᠪᠦᠳᠦᠭ᠍ᠰᠡᠨ᠂ ᠪᠦᠭᠦᠳᠡᠭᠡᠷ ᠪᠦᠷᠢᠯᠳᠦᠭ᠍ᠰᠡᠨ ᠢ ᠪᠠᠯᠭᠡᠳᠡᠭᠦ ᠪᠣᠯᠬᠤᠷ ᠮᠦᠨ ᠴᠤ ᠡᠭᠡ ᠶᠢᠨ ᠡᠷᠭᠡᠳᠤ ᠶᠤᠰᠤᠨ ᠤ ᠦᠶ᠎ᠡ ᠶᠢᠨ ᠭᠦᠷᠭᠡᠨ ᠭᠦᠤ ᠭᠡᠦᠭᠡᠨ ᠤ ᠳᠠᠯ᠎ᠠ ᠳᠤ ᠣᠴᠢᠵᠤ ᠣᠷᠤᠭᠯᠠᠳᠠᠭ ᠤᠨ ᠦᠯᠠᠳᠠᠴᠠ ᠮᠦᠷ ᠣᠯᠪᠠᠭ᠎ᠠ ᠪᠠ ︖ ᠭᠡᠵᠤ ᠪᠢ ᠦᠵᠡᠨ᠎ᠠ᠃ ᠭᠡᠳᠥᠢᠪᠠᠷ ᠡᠷᠳᠡᠨ ᠤ ᠦᠶ᠎ᠡ ᠳᠤ ᠮᠤᠩᠭ᠋ᠤᠯ ᠭᠦᠮᠤᠨ ᠪᠠᠩᠰᠢ ᠢᠳᠡᠭᠦ ᠶᠢ ᠮᠡᠳᠡᠭᠦ ᠦᠭᠡᠶ ᠪᠣᠯᠪᠠᠴᠤ ᠢᠳᠠᠵᠤ ᠰᠤᠷᠤᠭᠰᠠᠨ ᠤ ᠰᠡᠭᠦᠯᠡᠷ ᠡᠷᠳᠡᠨ ᠤ ᠣᠯᠠᠮᠵᠢᠯᠠᠯ ᠶᠤᠰᠤᠨ ᠳᠤ ᠳᠤᠬᠤᠵᠤ ᠣᠷᠤᠭᠤᠯᠤᠭᠰᠠᠨ ᠪᠠᠢ᠌ᠵᠤ ᠮᠠᠳᠠᠨ᠎ᠠ ᠭᠡᠵᠤ ᠳᠦᠰᠦᠭᠡᠯᠡᠵᠤ ᠪᠣᠯᠤᠨ᠎ᠠ᠃ ᠰᠢᠨ᠎ᠠ ᠬᠤᠶᠠᠷ ᠭᠦᠮᠤᠨ ᠳᠤ ᠪᠠᠩᠰᠢ ᠢᠳᠡᠭᠦᠯᠵᠤ ᠪᠠᠢ᠌ᠭ᠎ᠠ ᠣᠴᠢᠷ ᠨᠢ ᠡᠩ ᠳᠡᠷᠢᠭᠦᠨ ᠳᠤ ᠡᠷᠳᠡᠭᠡᠨ ᠬᠡᠦᠬᠡᠳ ᠲᠡᠶ ᠪᠣᠯᠬᠤ ᠶᠢ ᠪᠠᠯᠭᠡᠳᠡᠵᠤ ᠪᠠᠢ᠌ᠨ᠎ᠠ ᠭᠡᠨ᠎ᠡ᠃ ᠣᠴᠢᠷ ᠨᠢ ᠡᠷᠳᠡᠨ ᠤ ᠮᠤᠩᠭ᠋ᠤᠯᠴᠤᠳ ᠭᠦᠮᠤᠨ ᠠᠮᠠ ᠪᠠᠨ ᠣᠯᠠᠰᠢᠶᠠᠭᠤᠯᠵᠤ᠂ ᠭᠦᠴᠤᠨ ᠴᠢᠳᠠᠯ ᠶᠢᠡᠨ ᠨᠡᠮᠡᠭ᠍ᠳᠡᠭᠦᠯᠭᠦ ᠪᠣᠯ ᠳᠤᠬᠠᠢ ᠶᠢᠨ ᠦᠶ᠎ᠡ ᠶᠢᠨ ᠣᠷᠤᠰᠢᠨ ᠳᠤᠭᠳᠠᠨᠢᠬᠤ ᠶᠢᠨ ᠱᠠᠭᠠᠷᠳᠠᠯᠭ᠎ᠠ ᠪᠠᠢ᠌ᠭᠰᠠᠨ ᠪᠣᠯᠬᠤᠷ ᠰᠢᠨ᠎ᠠ ᠭᠦᠤ ᠪᠠᠷᠢ ᠶᠢᠨ ᠶᠢᠡᠨ ᠡᠷᠳᠡᠭᠡᠨ ᠬᠡᠦᠬᠡᠳ ᠲᠡᠶ ᠪᠣᠯᠬᠤ ᠶᠢ ᠴᠢᠩᠭ᠋᠎ᠠ ᠭᠦᠰᠡᠳᠡᠭ᠌ ᠶᠤᠮ᠃ ᠪᠠᠩᠰᠢ ᠶᠢᠨ ᠭᠦᠳᠥᠢᠭ᠍ᠰᠡᠨ ᠭᠡᠳᠡᠰᠤᠨ ᠤ ᠳᠦᠷᠢ ᠪᠠᠷ ᠰᠢᠨ᠎ᠠ ᠪᠠᠷᠢ ᠵᠢᠷᠮᠦᠰᠦᠯᠡᠭᠦ ᠶᠢ ᠣᠯᠠᠮᠯᠠᠨ ᠪᠣᠳᠤᠭᠰᠠᠨ ᠪᠣᠯᠤᠯᠳᠠᠢ᠃ ᠶᠠᠭ ᠡᠢ᠌ᠮᠤ ᠣᠴᠢᠷ ᠤᠳᠬ᠎ᠠ ᠲᠡᠶ ᠪᠣᠯᠬᠤᠷ ᠪᠠᠩᠰᠢ ᠣᠷᠤᠭᠤᠯᠵᠤ ᠰᠠ‍‌ᠶᠢ ᠢᠳᠠᠵᠤ ᠪᠠᠢ᠌ᠭ᠎ᠠ ᠦᠶ᠎ᠡ ᠳᠤ ᠬᠤᠷᠢᠮ ᠤᠨ ᠳᠠᠭᠠᠭᠠᠮᠠᠯ ᠣᠷᠤᠵᠤ ᠢᠷᠡᠭᠡᠳ 《ᠪᠠᠩᠰᠢ ᠪᠣᠯᠤᠭᠰᠠᠨ ᠦᠦ ︖》 ᠭᠡᠪᠠᠯ 《ᠳᠦᠭᠦᠭᠡᠢ ︕》 ᠬᠤᠶᠠᠷ ᠰᠢᠨ᠎ᠠ ᠭᠦᠮᠤᠨ ᠶᠠᠭᠠᠷᠠᠨ ᠬᠠᠷᠢᠭᠤᠯᠤᠨ᠎ᠠ᠃ 《ᠳᠦᠭᠦᠭᠡᠢ》 ᠭᠡᠳᠡᠭ᠌ ᠨᠢ ᠭᠢᠳᠠᠤᠨ ᠥᠭᠡᠨ ᠤ 《生》 ᠭᠡᠰᠡᠨ ᠥᠭᠡ ᠪᠣᠯᠤᠨ᠎ᠠ᠃ ᠭᠢᠳᠠᠤᠨ ᠥᠭᠡᠨ ᠤ 《ᠳᠦᠭᠦᠭᠡᠢ ︕》 ᠶ᠋ᠢᠨ 《生》 ᠪᠣᠯᠤᠨ 《ᠳᠦᠷᠦᠭᠦ》 ᠶ᠋ᠢᠨ 《生》 ᠨᠢ ᠠᠳᠠᠯᠢ ᠣᠩᠰᠢᠯᠭ᠎ᠠ ᠪᠢᠴᠢᠯᠭᠡ ᠲᠡᠶ ᠪᠣᠯᠬᠤ ᠶᠤᠮ᠃ ᠡᠨᠡ ᠴᠤ ᠭᠢᠳᠠᠤᠨ ᠰᠤᠶᠤᠯ ᠶᠢᠨ ᠨᠥᠯᠦᠭᠡ ᠪᠣᠯᠬᠤ ᠨᠢ ᠳᠠᠮᠵᠢᠭ ᠦᠭᠡᠶ᠃

ᠳᠠᠭᠢᠪᠠᠯ ᠮᠠᠨ ᠤ ᠮᠤᠩᠭ᠋ᠤᠯᠴᠤᠳ ᠪᠦᠯᠭᠦᠮᠳᠡᠯ ᠢ ᠣᠠᠴᠠᠯᠠᠨ ᠴᠢᠬᠤᠯᠴᠢᠯᠠᠳᠠᠭ᠃ ᠪᠠᠩᠰᠢ ᠪᠣᠯ ᠪᠢᠳᠡᠭᠦᠤ ᠢᠳᠡᠭᠡᠨ ᠪᠣᠯᠬᠤᠷ ᠳᠡᠭᠦᠨ ᠢ 《ᠪᠦᠷᠢᠳᠭᠦ᠂ ᠪᠦᠯᠭᠦᠮᠳᠡᠭᠦ》 ᠶ᠋ᠢᠨ ᠲᠦᠯᠦᠭᠡᠯᠡᠯ ᠪᠣᠯᠭᠠᠵᠤ ᠥᠵᠡᠳᠡᠭ᠌᠃ ᠪᠠᠩᠰᠢ ᠭᠡᠳᠥᠢᠪᠠᠷ ᠵᠢᠵᠢᠭ᠍‍ᠬᠡᠨ ᠪᠣᠯᠪᠠᠴᠤ ᠳᠡᠭᠦᠨ ᠤ ᠳᠤᠳᠤᠷ᠎ᠠ ᠨᠢ ᠶᠠᠩᠵᠤ ᠪᠦᠷᠢ ᠶᠢᠨ ᠠᠮᠳᠠ ᠶᠢᠨ ᠵᠣᠢ᠌ᠯᠠᠰ ᠪᠠᠭᠯᠠᠭᠳᠠᠵᠤ ᠪᠠᠢ᠌ᠭ᠎ᠠ ᠶᠤᠮ᠃ ᠡᠭᠦᠨ ᠶᠢᠡᠷ ᠭᠡᠦᠭᠡᠨ ᠤ ᠪᠠᠨ ᠬᠠᠳᠠᠮ ᠤᠨ ᠭᠠᠵᠠᠷ ᠲᠤ ᠪᠠᠨ ᠪᠦᠯᠭᠦᠮᠳᠡᠯ ᠲᠡᠶ᠂ ᠡᠶ᠎ᠡ ᠨᠠᠢ᠌ᠷᠠᠮᠳᠠᠭᠤ᠂ ᠪᠦᠭᠦᠳᠡ ᠶᠢ ᠪᠠᠨ ᠪᠦᠭᠡᠮᠨᠡᠷᠡᠭᠦᠯᠵᠤ ᠪᠠᠭᠴᠠᠯᠠᠵᠤ ᠶᠠᠪᠣᠵᠤ ᠪᠠᠢ᠌ᠬᠤ ᠶᠢ ᠪᠠᠯᠭᠡᠳᠡᠵᠤ ᠪᠠᠢ᠌ᠭ᠎ᠠ ᠣᠴᠢᠷᠳᠠᠢ᠃

ᠪᠠᠷᠭᠡᠳ ᠪᠠᠩᠰᠢ ᠪᠠᠷᠢᠬᠤ ᠳᠤ ᠪᠠᠨ ᠳᠤᠳᠤᠷ᠎ᠠ ᠨᠢ ᠳᠠᠮᠤᠷ ᠵᠤᠭᠤᠰ᠂ ᠣᠳᠠᠰᠤ᠂ ᠭᠦᠪᠦᠩ᠂ ᠭᠦ᠋ ᠵᠡᠷᠭᠡ ᠶᠢᠨ ᠶᠠᠭᠤᠮ᠎ᠠ ᠶᠢ ᠭᠢᠵᠤ ᠪᠠᠷᠢᠳᠠᠭ᠃ ᠰᠢᠨ᠎ᠠ ᠭᠦᠮᠦᠰ ᠪᠠᠩᠰᠢ ᠢᠳᠡᠭᠦ ᠳᠤ ᠪᠠᠨ ᠶᠡᠭᠡ ᠭᠢᠴᠢᠶᠠᠵᠤ ᠢᠳᠠᠨ᠎ᠠ᠃ ᠣᠷᠢᠳᠠᠪᠠᠷ ᠰᠠᠪᠬ᠎ᠠ ᠪᠠᠷ ᠶᠢᠡᠨ ᠳᠤᠮᠳᠠᠭᠤᠷ ᠨᠢ ᠬᠠᠪᠴᠢᠨ ᠬᠠᠭᠠᠠᠯᠵᠤ᠂ ᠨᠠᠷᠢᠨ ᠦᠵᠡᠵᠤ ᠪᠠᠢ᠌ᠭᠠᠤᠨ ᠢᠳᠠᠨ᠎ᠠ᠃ ᠣᠳᠠᠰᠤ ᠣᠯᠪᠠᠯ ᠣᠷᠳᠤ ᠨᠠᠰᠤᠯᠠᠬᠤ ᠶᠢ᠂ ᠵᠤᠭᠤᠰ ᠣᠯᠪᠠᠯ ᠪᠠᠶᠠᠵᠢᠬᠤ ᠶᠢ᠂ ᠭᠦᠪᠦᠩ ᠣᠯᠪᠠᠯ ᠵᠥᠭᠡᠯᠡᠨ ᠴᠠᠭᠠᠨ ᠰᠡᠳᠭᠢᠯ ᠢ᠂ ᠭᠦ᠋ ᠣᠯᠪᠠᠯ ᠬᠠᠷᠭᠢᠰ ᠬᠠᠷ᠎ᠠ ᠰᠡᠳᠭᠢᠯ ᠢ ᠳᠤᠰ ᠳᠤᠰ ᠪᠠᠯᠭᠡᠰᠢᠶᠡᠭᠦ ᠪᠣᠯᠬᠤᠷ ᠭᠡᠷᠪᠡ ᠪᠠᠩᠰᠢ ᠢᠳᠠᠵᠤ ᠪᠠᠢ᠌ᠭ᠎ᠠ ᠭᠦᠮᠦᠰ ᠣᠬᠠᠭᠠᠨ ᠲᠡᠶ ᠪᠣᠯ ᠭᠦᠪᠦᠩ᠂ ᠵᠤᠭᠤᠰ᠂ ᠣᠳᠠᠰᠤ ᠵᠡᠷᠭᠡ ᠶᠢ ᠣᠯᠪᠠᠯ ᠰᠢᠷᠡᠭᠡᠨ ᠳᠡᠭᠡᠷ᠎ᠡ ᠭᠠᠷᠭᠠᠵᠤ ᠳᠠᠯᠪᠢᠨ᠂ ᠣᠯᠠᠨ ᠭᠦᠮᠤᠨ ᠳᠤ ᠪᠢ ᠶᠠᠮᠠᠷ ᠵᠡᠷᠭᠡ ᠶᠢᠨ ᠭᠦᠮᠤᠨ ᠪᠣᠯᠬᠤ ᠶᠢ ᠦᠵᠡ ︕ ᠭᠡᠰᠡᠨ ᠮᠠᠶ‍ᠢᠭᠳᠠᠢ ᠮᠠᠵᠤᠭᠤᠯᠠᠳᠠᠭ ᠪᠣᠯ᠂ ᠮᠠᠭᠤ ᠶᠢᠨ ᠪᠠᠯᠭᠡᠰᠢᠶᠡᠯ ᠲᠡᠶ ᠬᠠᠷ᠎ᠠ ᠭᠦ᠋ ᠶᠢ ᠣᠯᠪᠠᠯ ᠵᠤᠷᠢᠭᠤᠳᠠ ᠣᠯᠠᠨ ᠳᠤ ᠮᠡᠳᠡᠭ᠍ᠳᠡᠯ ᠦᠭᠡᠶ ᠪᠠᠷ ᠰᠠᠮ ᠶᠢᠡᠷ ᠵᠠᠯᠭᠢᠵᠤ ᠣᠷᠤᠭᠤᠯᠤᠨ᠎ᠠ᠃ ᠣᠠᠴᠠᠭᠠᠢ᠌ᠯᠠᠨ ᠰᠢᠨ᠎ᠠ ᠭᠦᠷᠭᠡᠨ ᠪᠠ ᠰᠢᠨ᠎ᠠ ᠪᠠᠷᠢ ᠡᠨᠡᠭᠦ ᠠᠰᠠᠭᠤᠳᠠᠯ ᠢ ᠶᠡᠭᠡᠳᠡ ᠠᠩᠬᠠᠷᠳᠠᠭ᠃ ᠰᠢᠨ᠎ᠠ ᠬᠤᠶᠠᠷ ᠭᠦᠮᠤᠨ ᠨᠢ ᠢᠴᠢᠵᠤ ᠰᠢᠷᠪᠠᠭᠡᠳᠦᠭᠦ ᠪᠣᠯᠵᠤ ᠳᠠᠮᠠᠢ ᠢᠳᠡᠭᠦ ᠦᠭᠡᠶ ᠪᠣᠯᠪᠠᠴᠤ ᠳᠠᠭᠠᠭᠰᠠᠨ ᠭᠦᠷᠭᠡᠨ ᠬᠠᠷᠢᠨ ᠣᠯᠳᠠᠰᠢ ᠦᠭᠡᠶ ᠵᠠᠪᠰᠢᠶᠠᠨ ᠪᠣᠯᠵᠤ ᠠᠮᠳᠠᠳᠤ ᠰᠠᠢ᠌ᠬᠠᠨ ᠪᠠᠩᠰᠢ ᠶᠢ ᠨᠢ ᠴᠠᠳᠳᠤᠯ᠎ᠠ ᠰᠠᠢ᠌ᠨ ᠢᠳᠠᠨ᠎ᠠ᠃ ᠣᠯᠠᠨ ᠠᠷᠪᠢᠨ ᠵᠤᠭᠤᠰ᠂ ᠣᠳᠠᠰᠤ᠂ ᠭᠦᠪᠦᠩ ᠵᠡᠷᠭᠡ ᠶᠢ ᠣᠯᠵᠤ ᠠᠪᠣᠭᠠᠤᠨ ᠣᠯᠠᠨ ᠳᠤ ᠥᠵᠡᠭᠦᠯᠵᠤ ᠪᠠᠢ᠌ᠭᠠᠤᠨ ᠴᠠᠭᠠᠰᠤᠨ ᠳᠤ ᠪᠠᠭᠯᠠᠵᠤ ᠰᠢᠨ᠎ᠠ ᠭᠦᠷᠭᠡᠨ ᠤ ᠪᠠᠨ ᠭᠤᠳᠤᠯ ᠤᠨ ᠲᠦᠷᠡᠢ ᠳᠤ ᠭᠢᠵᠤ ᠦᠭ‍ᠭᠦᠨ᠂ ᠰᠢᠨ᠎ᠠ ᠭᠦᠷᠭᠡᠨ ᠶᠢᠡᠨ ᠭᠦᠪᠦᠩ ᠴᠠᠭᠠᠨ ᠰᠡᠳᠭᠢᠯ ᠲᠡᠶ᠂ ᠪᠠᠶᠠᠵᠢᠯ ᠤᠨ ᠢᠷᠡᠭᠡᠳᠦᠢ ᠲᠡᠶ᠂ ᠣᠷᠳᠤ ᠨᠠᠰᠤᠯᠠᠨ ᠣᠳᠠᠭᠠᠨ ᠵᠢᠷᠭᠠᠬᠤ ᠭᠦᠮᠤᠨ ᠪᠣᠯᠤᠨ᠎ᠠ ᠭᠡᠰᠡᠨ ᠢ ᠣᠯᠠᠨ ᠳᠤ ᠭᠠᠢ᠌ᠬᠠᠭᠤᠯᠳᠠᠭ᠃ ᠢᠩᠭᠢᠭᠡᠳ ᠱᠠᠭᠠᠠᠳᠤ ᠶᠢᠨ ᠰᠢᠷᠡᠭᠡ ᠬᠤᠷᠢᠶᠠᠵᠤ ᠣᠯᠠᠨ ᠪᠦᠭᠦᠳᠡᠭᠡᠷ ᠣᠠᠳᠠᠵᠤ ᠠᠮᠠᠷᠠᠨ᠎ᠠ᠃

15.ᠢᠠᠵᠢ ᠪᠠᠯᠡᠭ᠌ ᠤᠨ ᠶᠤᠰᠤᠨ

ᠢᠠᠵᠢ ᠭᠡᠳᠡᠭ᠌ ᠨᠢ ᠡᠷᠳᠡᠨ ᠤ ᠢᠵᠠᠭᠤᠷᠳᠠᠨ ᠣᠪᠣᠭᠳᠠᠨ ᠡᠴᠡ ᠬᠠᠷᠢ ᠳᠤ ᠦᠭ‍ᠭᠦ ᠦᠬᠢᠨ ᠳᠤ ᠪᠠᠨ ᠳᠠᠭᠠᠭᠤᠯᠵᠤ ᠶᠠᠪᠣᠭᠤᠯᠤᠭᠰᠠᠨ ᠭᠦᠮᠦᠰ ᠢ ᠭᠡᠯᠡᠵᠤ ᠪᠠᠢ᠌ᠵᠠᠢ᠃ ᠬᠤᠵᠢᠮ ᠨᠢ ᠬᠠᠷᠢ ᠳᠤ ᠦᠭ‍ᠭᠦ ᠭᠡᠦᠭᠡᠨ ᠤ ᠵᠠᠷᠤᠴᠠ ᠰᠢᠪᠠᠭ᠍ᠴᠢᠨ ᠪᠣᠯᠤᠨ ᠡᠴᠢᠭᠡ ᠶᠢᠨ ᠭᠦᠷᠦᠩᠭᠡ ᠡᠴᠡ ᠪᠠᠨ ᠳᠠᠰᠤᠯᠠᠨ ᠦᠭ‍ᠭᠦ ᠬᠤᠪᠢ ᠶᠢ ᠬᠠᠮᠳᠤ ᠳ᠋ᠤᠨᠢ ᠭᠡᠯᠡᠳᠡᠭ᠌ ᠪᠣᠯᠵᠠᠢ᠃ ᠪᠠᠰᠠᠴᠤ ᠡᠭᠡ ᠶᠢᠨ ᠡᠷᠭᠡᠳᠤ ᠶᠤᠰᠤᠨ ᠤ ᠨᠢᠭᠡᠨ ᠴᠢᠬᠤᠯᠠ ᠢᠯᠠᠷᠠᠯ ᠪᠣᠯᠬᠤ ᠶᠤᠮ᠃ ᠡᠭᠡᠨᠡᠷ ᠤᠨ ᠢᠠᠵᠢ ᠳᠤ ᠢᠷᠡᠭ᠍ᠰᠡᠨ ᠵᠠᠯᠠᠭᠤ ᠦᠬᠢᠨ ᠢ ᠨᠥᠭᠦᠷ ᠨᠢ ᠳᠠᠳᠠᠪᠣᠷᠢ ᠡᠮ᠎ᠡ ᠪᠣᠯᠭᠠᠬᠤ ᠣᠴᠢᠷ ᠪᠠᠢ᠌ᠭᠰᠠᠨ ᠢ 《ᠮᠤᠩᠭ᠋ᠤᠯ ᠤᠨ ᠨᠢᠭᠤᠴᠠ ᠳᠤᠪᠴᠢᠶᠠᠨ》 §43 ᠳ᠋ᠤ ᠥᠭᠦᠯᠡᠭ᠍ᠰᠡᠨ ᠨᠢ 《ᠪᠣᠳᠠᠠᠴᠠᠷ ᠤᠨ ᠠᠪᠠᠯᠢ ᠡᠮ᠎ᠡ ᠡᠴᠡ ᠳᠦᠷᠦᠭ᠍ᠰᠡᠨ ᠪᠠᠷᠢᠮ ᠰᠢᠭᠢᠷᠠᠳᠤ ᠬᠠᠪᠢᠴᠢ ᠨᠠᠷᠠᠳᠤ ᠪᠦᠯᠦᠭᠡ᠂ ᠳᠠᠷᠠ ᠬᠠᠪᠢᠴᠢ ᠪᠠᠭᠠᠳᠤᠷ ᠤᠨ ᠡᠭᠡ ᠶᠢᠨ ᠢᠠᠵᠢ ᠢᠷᠡᠭ᠍ᠰᠡᠨ ᠢ ᠪᠣᠳᠠᠠᠴᠠᠷ ᠳᠠᠳᠠᠵᠤ ᠪᠦᠯᠦᠭᠡ᠂ ᠨᠢᠭᠡᠨ ᠭᠦᠪᠠᠭᠦᠨ ᠳᠦᠷᠤᠪᠠ》 ᠭᠡᠵᠡᠢ᠃ ᠬᠤᠷᠴᠢᠨ ᠤ ᠥᠩᠭᠡᠷᠡᠭ᠍ᠰᠡᠨ ᠨᠡᠢ᠌ᠭᠡᠮ ᠳᠤ ᠪᠠᠶᠠᠤᠨ ᠨᠤᠶᠠᠤᠨ ᠤᠨ ᠦᠬᠢᠨ ᠶᠢᠡᠨ ᠬᠠᠷᠢ ᠳᠤ ᠮᠤᠷᠳᠠᠭᠤᠯᠬᠤ ᠳᠤ ᠶᠡᠭᠡ ᠭᠡᠮᠵᠢᠶᠡᠨ ᠤ ᠰᠤᠯᠠ ᠵᠠᠷᠤᠳᠠᠰᠤ ᠦᠬᠢᠳ ᠪᠠ ᠭᠦᠷᠦᠩᠭᠡ ᠬᠤᠭᠰᠢᠯ ᠳᠠᠭᠠᠭᠤᠯᠵᠤ ᠥᠭ᠍ᠳᠡᠭ᠌᠃ ᠦᠬᠢᠨ ᠤ ᠢᠠᠵᠢ ᠳᠤ ᠣᠷᠤᠬᠤ ᠪᠠᠯᠡᠭ᠌ ᠰᠠᠯᠳᠠ ᠶᠢ ᠵᠥᠪᠭᠡᠨ ᠳᠡᠭᠦᠨ ᠤ ᠡᠴᠢᠭᠡ ᠡᠭᠡ ᠬᠤᠶᠠᠷ ᠪᠡᠯᠡᠳᠭᠡᠭᠦ ᠪᠣᠰᠤ᠂ ᠡᠭᠡ ᠶᠢᠨ ᠳᠠᠯ᠎ᠠ ᠶᠢᠨ ᠳᠦᠷᠤᠯ ᠤᠨ ᠨᠠᠭᠠᠴᠤ ᠨᠡᠷ ᠪᠠᠰᠠ ᠬᠤᠪᠢ ᠥᠭ᠍ᠴᠤ ᠪᠠᠢ᠌ᠭᠰᠠᠨ ᠨᠢ ᠡᠷᠭᠡᠳᠤ ᠶᠤᠰᠤᠨ ᠦᠶ᠎ᠡ ᠶᠢᠨ ᠭᠡᠪ ᠵᠠᠩᠰᠢᠯ ᠤᠨ ᠣᠯᠠ ᠮᠦᠷ ᠪᠠᠢ᠌ᠵᠤ ᠳᠠᠭᠠᠷᠠᠨ᠎ᠠ᠃ ᠬᠠᠯᠬ᠎ᠠ ᠶᠢᠨ ᠵᠤᠬᠢᠶᠠᠯᠴᠢ ᠴ·ᠴᠠᠳᠠᠠᠵᠠᠪ 《ᠪᠣᠮ ᠡᠷᠳᠡᠨᠢ ᠳᠤᠤᠯᠢ》 ᠭᠡᠮᠡᠭᠦ ᠵᠤᠬᠢᠶᠠᠯ ᠳᠤ ᠪᠠᠨ 《ᠠᠭᠤᠤ ᠪᠣᠭᠤᠷᠤᠯ ᠬᠠᠭᠠᠨ ᠦᠬᠢᠨ ᠡᠭᠦᠯᠡᠨ ᠰᠤᠯᠤᠩᠭ᠋᠎ᠠ ᠪᠡᠨ ᠪᠣᠮ ᠡᠷᠳᠡᠨᠢ ᠳᠤ ᠭᠡᠷᠭᠡᠢ ᠪᠣᠯᠭᠠᠨ ᠮᠤᠷᠳᠠᠭᠤᠯᠬᠤ ᠳᠤ ᠪᠠᠨ ᠨᠢᠭᠡᠨ ᠮᠢᠩᠭ᠋᠎ᠠ ᠳᠠᠪᠤᠨ ᠵᠠᠭᠤᠨ ᠠᠳᠠᠨ ᠳᠤ ᠠᠯᠳᠠ ᠮᠥᠩᠭᠦ ᠶᠢ ᠠᠴᠢᠶᠠᠯᠠᠭᠤᠯᠤᠨ ᠨᠢᠭᠡ ᠮᠢᠩᠭ᠋᠎ᠠ ᠳᠠᠪᠤᠨ ᠵᠠᠭᠤᠨ ᠵᠢᠷᠤᠭ᠎ᠠ ᠮᠤᠷᠢᠨ ᠳᠤ ᠠᠯᠪᠠᠳᠤ ᠶᠢ ᠨᠢ ᠳᠠᠰᠯᠠᠨ ᠣᠨᠤᠭᠤᠯᠵᠤ ᠶᠠᠪᠣᠭᠤᠯᠪᠠ》 ᠭᠡᠵᠤ ᠳᠦᠷᠰᠦᠯᠡᠭ᠍ᠰᠡᠨ ᠨᠢ ᠨᠢᠭᠡ ᠳᠠᠯ᠎ᠠ ᠪᠠᠷ ᠡᠴᠢᠭᠡ ᠶᠢᠨ ᠦᠪ ᠭᠦᠷᠦᠩᠭᠡ ᠡᠴᠡ 《ᠦᠭᠢᠨ ᠤ ᠬᠤᠪᠢ》 ᠭᠡᠵᠤ ᠪᠠᠢ᠌ᠭᠰᠠᠨ ᠪᠠ ᠨᠥᠭᠦᠭᠡ ᠳᠠᠯ᠎ᠠ ᠪᠠᠷ ᠬᠠᠭᠠᠤᠨ ᠨᠤᠶᠠᠤᠨ ᠤᠨ ᠦᠬᠢᠳ ᠭᠡᠷᠯᠡᠭᠦ ᠳᠤ ᠪᠠᠨ ᠬᠠᠮᠵᠢᠯᠭ᠎ᠠ ᠢᠷᠭᠡᠳ ᠶᠢᠡᠨ ᠠᠪᠴᠤ ᠣᠴᠢᠳᠠᠭ ᠪᠠᠢ᠌ᠭᠰᠠᠨ ᠢ ᠬᠠᠷᠠᠭᠤᠯᠵᠠᠢ᠃ ᠦᠬᠢᠨ ᠤ ᠪᠠᠨ ᠠᠮᠢᠳᠤᠷᠠᠯ ᠤᠨ ᠥᠭᠡᠳᠡ ᠡᠰᠡᠷᠡᠭ᠌ ᠢ ᠪᠣᠳᠤᠯᠭᠢᠯᠠᠵᠤ ᠢᠠᠵᠢ ᠪᠠᠯᠡᠭ᠌ ᠦᠭ‍ᠭᠦ ᠳᠤ ᠪᠠᠨ ᠦᠷᠠᠵᠢᠯ ᠲᠦᠯᠵᠢᠯ ᠤᠨ ᠮᠠᠯ ᠪᠠᠯᠡᠭᠯᠡᠨ᠎ᠡ᠃ ᠳᠡᠭᠡᠭᠡᠳ ᠡᠴᠢᠭᠡ ᠡᠭᠡ ᠨᠢ 《ᠳᠦᠷᠤᠵᠤ ᠦᠰᠭᠡᠭ᠍ᠰᠡᠨ ᠭᠡᠦᠭᠡᠨ ᠦᠷ᠎ᠡ ᠪᠠᠨ ᠬᠠᠷᠠᠮᠨᠠᠭ᠎ᠠ ᠦᠭᠡᠶ ᠪᠠᠢ᠌ᠭᠠᠤᠨ ᠶᠠᠭᠠᠭᠢᠨ ᠳᠦᠭᠡ ᠦᠰᠤᠳᠠᠢ ᠮᠠᠯ ᠶᠢᠡᠨ ᠬᠠᠷᠠᠮᠨᠠᠨ᠎ᠠ ᠪᠣᠢ》 ᠭᠡᠵᠤ ᠦᠬᠢᠨ ᠪᠢᠷᠠᠭᠤ᠂ ᠦᠬᠢᠨ ᠣᠨᠠᠭ᠎ᠠ᠂ ᠦᠬᠢᠨ ᠬᠤᠷᠠᠭ᠎ᠠ ᠦᠭ‍ᠭᠦ ᠪᠣᠶᠤ ᠳᠤᠭᠤᠯ ᠲᠡᠶ ᠦᠨᠢᠶ᠎ᠡ᠂ ᠣᠨᠠᠭ᠎ᠠ ᠲᠡᠶ ᠭᠡᠭᠦᠤ᠂ ᠬᠤᠷᠠᠭ᠎ᠠ ᠲᠡᠶ ᠬᠤᠨᠢ ᠭᠡᠭᠦ ᠮᠠᠳᠤ ᠪᠠᠷ ᠬᠠᠯᠠᠭᠤᠨ ᠬᠤᠰᠢᠭᠤᠳᠤ ᠮᠠᠯ ᠳᠠᠭᠠᠭᠤᠯᠵᠤ ᠥᠭ᠍ᠳᠡᠭ᠌ ᠪᠠᠢ᠌ᠭᠰᠠᠨ᠃

ᠮᠤᠩᠭ᠋ᠤᠯ ᠠᠷᠠᠤᠨ ᠤᠨ ᠳᠠᠭᠤᠤ 《ᠰᠢᠯᠤ》 ᠳ᠋ᠤ

ᠠᠯᠠᠭᠴᠢ ᠦᠨᠢᠶ᠎ᠡ ᠳᠤᠭᠤᠯ ᠲᠡᠶ ᠬᠤᠶᠠᠭᠤᠯᠠ ᠶᠢ

ᠠᠷᠤ ᠶᠢᠨ ᠬᠠᠰᠢᠶᠠᠨ ᠳᠤ ᠴᠢᠨᠢ ᠬᠤᠷᠢᠵᠤ ᠦᠭ‍ᠭᠦᠯ᠎ᠡ ᠭᠦᠢ

ᠠᠯᠳᠠᠭᠠᠤᠨ ᠭᠠᠷᠭᠠᠨ᠎ᠠ ᠦᠦ ︕ ᠠᠪᠣᠭᠠᠤᠨ ᠰᠠᠭᠤᠨ᠎ᠠ ᠦᠦ ︕

ᠬᠤᠳᠠᠭᠠᠢ ᠦᠪᠡᠷ ᠶᠢᠡᠨ ᠮᠡᠳᠡᠭᠦᠢ ᠳ᠋ᠠ ᠭᠦᠢ

ᠠᠩᠭ᠋᠎ᠠ ᠪᠠᠭ᠎ᠠ ᠰᠢᠯᠤ ᠪᠠᠨ ᠠᠪᠣᠭᠠᠤᠨ ᠢᠷᠠᠯ᠎ᠠ ᠪᠠᠶ᠎ᠠ ᠮᠢᠨᠢ ᠠ ᠬᠤᠳᠠᠭᠠᠢ

ᠠᠩᠭ᠋᠎ᠠ ᠪᠠᠨ ᠭᠢᠨ᠎ᠠ ᠦᠦ ︕ ᠠᠯᠪᠠᠳᠤ ᠪᠠᠨ ᠭᠢᠨ᠎ᠠ ᠦᠦ ︕

ᠬᠤᠳᠠᠭᠠᠢ ᠦᠪᠡᠷ ᠶᠢᠡᠨ ᠮᠡᠳᠡᠭᠦᠢ ᠳ᠋ᠠ ᠭᠦᠢ ︕ ᠭᠡᠵᠤ ᠳᠠᠭᠤᠯᠠᠵᠤ ᠪᠠᠢ᠌ᠭᠰᠠᠨ ᠡᠴᠡ ᠢᠠᠵᠢ ᠶᠢᠨ ᠵᠣᠢ᠌ᠯ ᠳᠤ ᠦᠨᠢᠶ᠎ᠡ ᠳᠤᠭᠤᠯ ᠭᠤᠤᠯ ᠪᠣᠯᠭᠠᠨ ᠳᠠᠭᠠᠭᠤᠯᠵᠤ ᠥᠭ᠍ᠳᠡᠭ᠌ ᠢ ᠢᠯᠡᠷᠭᠡᠢ᠌ᠯᠡᠵᠤ ᠪᠠᠢ᠌ᠳᠠᠭ᠃ ᠢᠠᠵᠢ ᠶᠢᠨ ᠵᠣᠢ᠌ᠯ ᠳᠤ ᠣᠷᠤ ᠳᠠᠷ᠎ᠠ ᠶᠢᠨ ᠭᠡᠷᠡᠭᠯᠡᠯ᠂ ᠠᠪᠳᠠᠷ᠎ᠠ ᠬᠤᠷᠭᠤ᠂ ᠰᠠᠪᠠ ᠰᠠᠭᠤᠯᠠᠭ᠎ᠠ᠂ ᠵᠢᠯ ᠤᠨ ᠳᠦᠷᠪᠠᠨ ᠣᠯᠠᠷᠢᠯ ᠳᠤ ᠵᠤᠭᠢᠴᠠᠭᠰᠠᠨ ᠬᠤᠪᠴᠠᠰᠤ ᠬᠤᠨᠠᠷ᠂ ᠭᠤᠶᠤᠯ ᠴᠢᠮᠡᠭᠯᠡᠯ ᠤᠨ ᠵᠣᠢ᠌ᠯ ᠦᠭ‍ᠭᠦᠨ᠎ᠡ᠃

ᠢᠠᠵᠢ ᠶᠢᠨ ᠳᠤᠬᠠᠢ ᠰᠤᠳᠤᠯᠤᠭᠴᠢᠳ 《ᠡᠭᠡ ᠶᠢᠨ ᠡᠷᠭᠡᠳᠤ ᠶᠤᠰᠤᠨ ᠤ ᠦᠯᠠᠳᠠᠴᠠ ᠪᠣᠰᠤ ᠬᠠᠷᠢᠨ ᠬᠠᠷᠢ ᠳᠤ ᠦᠭ‍ᠭᠦᠭ᠍ᠰᠡᠨ ᠦᠬᠢᠨ ᠤ ᠪᠠᠨ ᠡᠷᠭᠡ ᠶᠢ ᠳᠠᠭᠠᠭᠤᠯᠤᠨ ᠬᠠᠮᠠᠭᠠᠯᠠᠬᠤ ᠵᠤᠷᠢᠯᠭ᠎ᠠ ᠪᠦᠭᠦᠢ ᠢᠵᠠᠭᠤᠷ ᠤᠨ ᠣᠷᠤᠭ ᠣᠪᠣᠭ ᠡᠴᠡ ᠨᠢ ᠳᠡᠭᠦᠨ ᠳᠤ ᠰᠢᠭᠤᠳ ᠣᠯᠭᠤᠭᠰᠠᠨ ᠬᠤᠪᠢ ᠭᠦᠷᠦᠩᠭᠡ ᠦᠮᠴᠢ ᠭᠦᠮᠦᠰ》 ᠭᠡᠵᠤ ᠥᠭᠦᠯᠡᠵᠡᠢ᠃

16. ᠭᠡᠦᠭᠡᠨ ᠭᠦᠷᠭᠡᠭᠦ ᠶᠤᠰᠤᠨ

ᠭᠡᠦᠭᠡᠨ ᠳᠠᠯ᠎ᠠ ᠶᠢᠨ ᠬᠤᠷᠢᠮ ᠳᠦᠷᠤ ᠶᠢᠨ ᠨᠠᠢ᠌ᠷ ᠪᠦᠭᠦᠯᠢ ᠡᠳᠦᠷ ᠶᠠᠪᠣᠭᠳᠠᠭᠰᠠᠨ ᠤ ᠰᠡᠭᠦᠯᠡᠷ ᠳᠠᠷᠠᠭ᠎ᠠ ᠦᠷᠯᠦᠭᠡ ᠨᠢ ᠥᠵᠡᠭᠡᠴᠢ ᠪᠠᠷ ᠥᠵᠡᠭᠦᠯᠵᠤ ᠳᠤᠭᠳᠠᠭᠰᠠᠨ ᠴᠠᠭ ᠲᠤ ᠪᠠᠨ ᠭᠡᠦᠭᠡᠨ ᠮᠤᠷᠳᠠᠭᠤᠯᠬᠤ ᠣᠷᠤᠭ ᠤᠨ ᠳᠡᠷᠭᠡ ᠭᠦᠳᠡᠯᠳᠡᠭ᠌᠃ ᠰᠢᠨ᠎ᠠ ᠪᠠᠷᠢ ᠨᠢ ᠣᠠᠴᠠ ᠶᠢᠨ ᠭᠤᠶᠤᠮᠰᠤᠭ ᠵᠠᠰᠠᠵᠤ ᠴᠢᠮᠡᠭᠡᠳ ᠮᠤᠷᠳᠠᠬᠤ ᠪᠣᠯᠬᠤ ᠳᠤ ᠡᠭᠡᠴᠢ ᠳᠡᠭᠦᠦᠰ᠂ ᠨᠠᠢ᠌ᠵᠠ ᠪᠦᠰᠡᠭᠦᠢᠴᠦᠳ ᠨᠢ ᠭᠡᠳᠤ ᠭᠡᠳᠤᠨ ᠭᠦᠮᠤᠨ ᠢᠷᠠᠵᠤ ᠰᠢᠨ᠎ᠠ ᠪᠠᠷᠢ ᠶᠢᠨ ᠪᠦᠰᠡᠨ ᠡᠴᠡ ᠨᠢ ᠪᠠᠷᠢᠨ ᠴᠢᠩᠭ᠋ᠠᠭᠠᠵᠤ ᠵᠠᠭᠤᠷᠠᠯᠳᠤᠬᠤ ᠳᠤ ᠭᠦᠷᠭᠡᠨ ᠳᠠᠯ᠎ᠠ ᠶᠢᠨ ᠭᠦᠮᠦᠰ ᠭᠦᠴᠤ ᠪᠠᠷ ᠠᠪᠴᠤ ᠪᠦᠭᠦᠢ ᠮᠠᠶ‍ᠢᠭ ᠭᠠᠷᠭᠠᠨ ᠶᠠᠪᠣᠳᠠᠭ᠃ ᠡᠨᠡ ᠦᠶ᠎ᠡ ᠪᠠᠷᠢ ᠴᠤ ᠭᠡᠰᠡᠨ ᠪᠣᠯᠢᠶᠠᠭᠳᠠᠵᠤ ᠴᠢᠩᠭ᠋ᠠᠭᠠᠭᠳᠠᠵᠤ ᠪᠠᠢ᠌ᠭ᠎ᠠ ᠳᠦᠷᠢ ᠥᠵᠡᠭᠦᠯᠤᠨ ᠣᠭᠢᠯᠠᠵᠤ ᠣᠠᠵᠢᠨ ᠮᠠᠨᠠᠷᠠᠵᠤ ᠳᠤᠨᠤᠷᠠᠵᠤ ᠪᠠᠢ᠌ᠭ᠎ᠠ ᠰᠢᠭ᠌ ᠪᠣᠯᠳᠠᠭ᠃ ᠰᠢᠨ᠎ᠠ ᠪᠠᠷᠢ ᠳᠦᠷᠦᠭ᠍ᠰᠡᠨ ᠭᠡᠷ ᠡᠴᠡ ᠪᠠᠨ ᠶᠠᠪᠣᠬᠤ ᠦᠶ᠎ᠡ ᠳᠤ ᠣᠭᠢᠯᠠᠵᠤ ᠶᠠᠪᠣᠬᠤ ᠨᠢ ᠳᠡᠭᠦᠨ ᠤ ᠢᠷᠡᠭᠡᠳᠦᠢ ᠶᠢᠨ ᠠᠮᠢᠳᠤᠷᠠᠯ ᠳ᠋ᠤᠨᠢ ᠠᠵᠠ ᠵᠢᠷᠭᠠᠯ ᠪᠣᠯᠤᠨ᠎ᠠ ᠭᠡᠵᠤ ᠥᠵᠡᠳᠡᠭ᠌ ᠪᠦᠭᠡᠳ

ᠰᠠᠭᠠᠳᠠᠭ ᠲᠤ ᠣᠴᠢᠬᠤ ᠭᠦᠤ

ᠳᠠᠭᠤᠯᠠᠵᠤ ᠮᠤᠷᠳᠠᠬᠤ ᠳᠤ ᠰᠠᠢ᠌ᠨ

ᠬᠠᠳᠠᠮ ᠳᠤ ᠣᠴᠢᠬᠤ ᠦᠬᠢᠨ

ᠣᠭᠢᠯᠠᠵᠤ ᠮᠤᠷᠳᠠᠬᠤ ᠳᠤ ᠰᠠᠢ᠌ᠨ ᠭᠡᠰᠡᠨ ᠵᠣᠢ᠌ᠷ ᠥᠭᠡ ᠪᠣᠢ ᠪᠣᠯᠤᠭᠰᠠᠨ ᠪᠢᠯᠠ ︕

ᠭᠡᠦᠭᠡᠨ ᠶᠢᠡᠨ ᠡᠵᠢ ᠨᠢ ᠭᠦᠷᠭᠡᠳᠡᠭ᠌ ᠶ‍ᠦᠰᠦᠳᠡᠢ᠃ ᠡᠵᠢ ᠨᠢ ᠥᠨᠡᠩᠭᠦ ᠭᠦᠷᠭᠡᠨ ᠣᠴᠢᠵᠤ ᠳᠡᠢ᠌ᠯᠭᠦ ᠦᠭᠡᠶ ᠪᠣᠯ ᠢᠨᠢᠶᠠᠩ ᠨᠢ ᠡᠵᠢ ᠶᠢ ᠨᠢ ᠣᠷᠤᠯᠠᠵᠤ ᠭᠦᠷᠭᠡᠭᠦ ᠪᠦᠭᠡᠳ ᠳᠠᠭᠠᠵᠤ ᠰᠠᠭᠤᠨ ᠭᠤᠷᠪᠠ ᠬᠤᠨᠤᠳᠠᠭ᠃ ᠡᠴᠢᠭᠡ ᠨᠢ ᠦᠬᠢᠨ ᠶᠢᠡᠨ ᠭᠦᠷᠭᠡᠳᠡᠭ᠌ ᠦᠭᠡᠶ᠃ ᠥᠨᠡᠩᠭᠦ ᠭᠦᠷᠭᠡᠭᠦ ᠦᠭᠡᠶ ᠪᠠᠷ ᠪᠣᠯᠬᠤ ᠦᠭᠡᠶ ᠳᠤ ᠪᠣᠯ ᠣᠷᠤᠭ ᠤᠨ ᠳᠡᠷᠭᠡ ᠭᠦᠷᠭᠡᠨ ᠤ ᠭᠡᠷ ᠭᠦᠷᠢᠶ᠎ᠡ ᠶᠢ ᠳᠤᠭᠤᠷᠢᠬᠤ ᠦᠶ᠎ᠡ ᠳᠤ ᠠᠪᠣ ᠨᠢ ᠨᠢᠭᠡ ᠳᠠᠭᠠᠯᠳᠠ ᠶᠢᠨ ᠬᠠᠮᠳᠤ ᠰᠢᠭᠤᠳ ᠬᠤᠳᠠ ᠶᠢᠨ ᠳᠤ ᠪᠠᠨ ᠣᠷᠤᠨ᠎ᠠ᠃ ᠡᠭᠦᠨ ᠳᠤ ᠭᠦᠷᠭᠡᠨ ᠳᠠᠯ᠎ᠠ ᠡᠴᠡ ᠴᠠᠢ ᠢᠳᠡᠭᠡ ᠪᠠᠷᠢᠵᠤ 《ᠡᠷᠭᠢᠮ ᠵᠤᠴᠢᠨ ᠳᠠᠨ ᠤ ᠣᠷᠤᠨ ᠨᠤᠳᠤᠭ ᠬᠠᠮᠢᠭᠠᠭᠢ ᠪᠣᠯᠤᠨ᠎ᠠ ︖ ᠬᠠᠮᠢᠭ᠎ᠠ ᠭᠦᠷᠭᠦ ᠪᠠᠷ ᠶᠠᠪᠣᠵᠤ ᠪᠠᠢ᠌ᠨ᠎ᠠ ︖》 ᠭᠡᠪᠠᠯ ᠭᠡᠦᠭᠡᠨ ᠤ ᠡᠴᠢᠭᠡ 《ᠭᠡᠷ ᠨᠤᠳᠤᠭ ᠳᠠᠠᠳᠠ᠂ ᠳᠠᠢ᠌ᠮᠤ ᠳᠠᠢ᠌ᠮᠤ ᠡᠷᠢᠯ ᠶᠢᠡᠷ ᠶᠠᠪᠣᠵᠤ ᠪᠠᠢ᠌ᠨ᠎ᠠ ︕》 ᠭᠡᠪᠠᠯ 《ᠡᠷᠢᠯ ᠳᠠᠨᠢ ᠡ᠊ᠨᠳᠡ ᠪᠠᠢ᠌ᠨ᠎ᠠ᠂ ᠡᠷᠢᠯ ᠶᠢᠡᠨ ᠣᠯᠤᠭᠰᠠᠨ ᠪᠣᠯᠬᠤᠷ ᠡᠮᠡᠭᠡᠯ ᠶᠢᠡᠨ ᠬᠠᠳᠠᠭᠠᠵᠤ ᠠᠮᠠᠷᠠᠭᠳᠤᠨ ︕》 ᠭᠡᠵᠤ ᠭᠡᠯᠡᠳᠡᠭ᠌᠃ ᠡᠢ᠌ᠮᠤ ᠡᠴᠡ 《ᠭᠦᠷᠭᠡᠯᠳᠡ ᠳᠤ ᠡᠵᠢ ᠨᠢ᠂ ᠡᠷᠭᠢᠯᠳᠡ ᠳᠤ ᠡᠴᠢᠭᠡ ᠨᠢ》 ᠭᠡᠭᠦ ᠭᠡᠯᠡᠴᠡ ᠪᠣᠢ ᠪᠣᠯᠵᠠᠢ᠃ ᠶᠠᠭᠠᠭᠢᠭᠠᠤᠨ ᠡᠴᠢᠭᠡ ᠨᠢ ᠭᠦᠷᠭᠡᠭᠦ ᠶᠢ ᠴᠡᠭᠡᠷᠯᠡᠭᠦ ᠪᠣᠢ ︖ 《ᠮᠤᠩᠭ᠋ᠤᠯ ᠤᠨ ᠨᠢᠭᠤᠴᠠ ᠳᠤᠪᠴᠢᠶᠠᠨ》 §53 ᠳ᠋ᠤ 《ᠠᠢ᠌ᠷᠢᠭᠤᠳ ᠪᠣᠢ᠌ᠷᠢᠭᠤᠳ ᠣᠪᠣᠭ ᠤᠨ ᠳᠠᠲ᠋ᠠᠷ ᠠᠢ᠌ᠮᠠᠭ ᠲᠤ ᠠᠮᠪᠠᠭᠠᠢ ᠬᠠᠭᠠᠨ ᠦᠬᠢᠨ ᠶᠢᠡᠨ ᠥᠭ᠍ᠴᠤ ᠦᠪᠠᠰᠤᠪᠠᠨ ᠭᠦᠷᠭᠡᠵᠤ ᠣᠴᠢᠭᠰᠠᠨ᠎ᠠ ᠳᠠᠲ᠋ᠠᠷ ᠤᠨ ᠵᠣᠢ᠌ᠨ ᠢᠷᠭᠡᠨ ᠠᠮᠪᠠᠭᠠᠢ ᠬᠠᠭᠠᠨ ᠢ ᠪᠠᠷᠢᠵᠤ ᠭᠢᠳᠠᠤᠨ ᠤᠨ ᠠᠯᠳᠠᠨ ᠬᠠᠭᠠᠨ ᠳᠤ ᠭᠦᠷᠭᠡᠭᠦᠯᠵᠤ ᠣᠴᠢᠬᠤ ᠳᠤ ᠠᠮᠪᠠᠭᠠᠢ ᠬᠠᠭᠠᠨ ᠪᠠᠰᠤᠳ ᠭᠦᠮᠤᠨ ᠪᠠᠯᠠᠭᠴᠢ ᠶᠢ ᠡᠯᠴᠢ ᠪᠠᠷ ᠢᠯᠡᠭᠡᠵᠤ ᠥᠭᠦᠯᠡᠷᠤᠨ 〈ᠬᠠᠪᠣᠯ ᠬᠠᠭᠠᠨ ᠤ ᠳᠤᠯᠤᠭᠠᠨ ᠭᠦᠪᠠᠭᠦᠨ ᠤ ᠳᠤᠳᠤᠷᠠᠭᠢ ᠬᠤᠳᠠᠯᠠ ᠳᠤ ᠮᠢᠨᠤ ᠠᠷᠪᠠᠨ ᠭᠦᠪᠠᠭᠦᠨ ᠤ ᠳᠤᠳᠤᠷ᠎ᠠ ᠬᠠᠳᠠᠭᠠᠨ ᠳᠠᠢ᠌ᠵᠢ ᠳᠤ ᠭᠡᠯᠡᠭᠡᠷᠡᠢ ᠬᠠᠮᠤᠭ ᠤᠨ ᠬᠠᠭᠠᠨ ᠣᠯᠤᠰ ᠤᠨ ᠡᠵᠡᠨ ᠪᠠᠢ᠌ᠳᠠᠯ᠎ᠠ ᠦᠬᠢᠨ ᠶᠢᠡᠨ ᠦᠪᠡᠷ ᠶᠢᠡᠨ ᠦᠳᠡᠵᠤ ᠭᠦᠷᠭᠡᠭᠦ ᠶᠢ ᠨᠠᠳᠠ ᠪᠠᠷ ᠴᠡᠭᠡᠷᠯᠡᠯ ᠪᠣᠯᠭᠠᠭᠳᠤᠨ ︕〉》 ᠭᠡᠵᠤ ᠴᠡᠭᠡᠷᠯᠡᠭᠦᠯᠤᠨ ᠵᠠᠭᠢᠭᠰᠠᠨ ᠳᠡᠮᠳᠡᠭᠯᠡᠯ ᠪᠠᠢ᠌ᠭ᠎ᠠ ᠲᠡᠶ ᠬᠤᠯᠪᠣᠭᠳᠠᠯᠳᠠᠢ ᠶᠤᠮ ᠦᠦ ︕ ᠭᠡᠵᠤ ᠦᠵᠡᠨ᠎ᠠ᠃ 《ᠮᠤᠩᠭ᠋ᠤᠯ ᠤᠨ ᠨᠢᠭᠤᠴᠠ ᠳᠤᠪᠴᠢᠶᠠᠨ》 §94 ᠳ᠋ᠤ ᠳᠠᠮᠤᠵᠢᠨ ᠡᠴᠡ ᠬᠤᠩᠭᠢᠷᠠᠤᠨ ᠠᠢ᠌ᠮᠠᠭ ᠤᠨ ᠳᠦᠷᠦᠭᠦᠤ ᠳ᠋ᠠᠢ ᠰᠠᠴᠠᠨ ᠤ ᠦᠬᠢᠨ ᠪᠦᠷᠳᠡ ᠶᠢ ᠬᠠᠳᠤᠨ ᠪᠣᠯᠭᠠᠨ ᠪᠠᠭᠤᠯᠭᠠᠬᠤ ᠳᠤ 《᠁ᠬᠤᠷᠢᠮ ᠶᠢᠡᠨ ᠭᠢᠵᠤ ᠭᠦᠷᠭᠡᠭᠦ ᠳᠤ ᠳ᠋ᠠᠢ ᠰᠠᠴᠠᠨ ᠦᠳᠡᠵᠤ ᠶᠠᠪᠣᠭᠠᠤᠨ ᠭᠡᠷᠦᠯᠤᠨ ᠮᠦᠷᠠᠨ ᠤ ᠣᠷᠠᠭ ᠴᠦᠯ ᠨᠤᠭᠤ ᠭᠦᠷᠴᠤ ᠵᠠᠮ ᠵᠠᠭᠤᠷ᠎ᠠ ᠡᠴᠡ ᠪᠣᠴᠠᠪᠠ》 ᠭᠡᠵᠤ ᠳᠡᠮᠳᠡᠭᠯᠡᠭ᠍ᠰᠡᠨ ᠨᠢ ᠠᠮᠪᠠᠭᠠᠢ ᠬᠠᠭᠠᠨ ᠤ ᠴᠡᠭᠡᠷᠯᠡᠯ ᠵᠠᠭᠢᠶ᠎ᠠ ᠶᠢ ᠵᠢᠷᠤᠮᠯᠠᠭᠰᠠᠨ ᠤ ᠪᠣᠳᠠᠳᠤ ᠢᠯᠡᠷᠡᠭᠦᠨ ᠪᠣᠯᠬᠤ ᠨᠢ ᠮᠠᠷᠭᠤᠰᠢ ᠦᠭᠡᠶ᠃ ᠣᠳᠤ ᠬᠤᠷᠴᠢᠨ ᠮᠤᠩᠭ᠋ᠤᠯᠴᠤᠳ ᠤᠨ ᠣᠷᠤᠭ ᠤᠨ ᠶᠤᠰᠤᠨ ᠳᠤ ᠡᠴᠢᠭᠡ ᠨᠢ ᠦᠬᠢᠨ ᠶᠢᠡᠨ ᠦᠯᠦ ᠭᠦᠷᠭᠡᠭᠦ ᠶᠢᠨ ᠰᠢᠯᠳᠠᠭᠠᠨ ᠢ ᠡᠭᠦᠨ ᠶᠢᠡᠷ ᠳᠠᠢ᠌ᠯᠪᠣᠷᠢᠯᠠᠵᠤ ᠪᠣᠯᠬᠤ ᠶᠤᠮ ᠦᠦ ︖

17. ᠣᠷᠤᠭ ᠤᠨ ᠳᠡᠷᠭᠡ ᠮᠤᠷᠢᠨ ᠤ ᠪᠠᠭᠤᠵᠤ ᠰᠠᠭᠤᠬᠤ ᠶᠤᠰᠤᠨ

ᠣᠷᠤᠭ ᠤᠨ ᠳᠡᠷᠭᠡ ᠣᠨᠤᠭ᠎ᠠ ᠭᠦᠷᠭᠡᠨ ᠤ ᠭᠡᠷ ᠤᠨ ᠵᠡᠭᠦᠨ ᠳᠠᠯ᠎ᠠ ᠪᠠᠷ ᠣᠷᠤᠵᠤ ᠪᠠᠭᠤᠬᠤ ᠶᠤᠰᠤᠳᠠᠢ᠃ ᠳᠠᠷᠤᠢ ᠪᠠᠷᠠᠭᠤᠨ ᠳᠠᠯ᠎ᠠ ᠪᠣᠯ ᠵᠦᠪ ᠳᠠᠯ᠎ᠠ᠂ ᠨᠠᠷᠠᠨ ᠤ ᠳᠠᠯ᠎ᠠ ᠪᠣᠯ ᠵᠦᠪ ᠳᠠᠯ᠎ᠠ᠂ ᠪᠦᠭᠡ ᠶᠢᠨ ᠱᠠᠰᠢᠨ ᠳᠤ ᠪᠠᠷᠠᠭᠤᠨ ᠳᠠᠪᠢᠨ ᠳᠠᠪᠤᠨ ᠳᠡᠭ᠍ᠷᠢ ᠶᠢ ᠭᠦᠮᠤᠨ ᠠᠮᠢᠳᠠᠨ ᠳᠤ ᠳᠤᠰᠠᠳᠠᠢ ᠳᠡᠭ᠍ᠷᠢ ᠭᠡᠵᠤ ᠥᠵᠡᠳᠡᠭ᠌᠃ ᠪᠠᠷᠠᠭᠤᠨ ᠳᠠᠯ᠎ᠠ ᠪᠣᠯ ᠭᠠᠯ ᠤᠨ ᠣᠷᠤᠨ᠂ ᠭᠠᠯ ᠭᠤᠯᠤᠮᠳᠠ ᠶᠢᠨ ᠣᠷᠤᠨ ᠪᠣᠯᠬᠤᠷ ᠶᠠᠷᠤ ᠪᠣᠰᠤ ᠪᠠᠷ ᠭᠦᠡᠳᠦᠳᠭᠡᠳᠡᠭ᠌᠂ ᠦᠨᠡᠰᠤ ᠪᠠᠨ ᠭᠡᠷ ᠤᠨ ᠪᠠᠷᠠᠭᠤᠨ ᠡᠮᠦᠨ᠎ᠡ ᠳᠠᠯ᠎ᠠ ᠳᠤ ᠠᠰᠬᠠᠳᠠᠭ ᠶᠤᠰᠤ ᠲᠡᠶ᠃ 《ᠫᠠᠯᠠᠨ ᠺᠠᠷᠪᠢᠨ ᠤ ᠵᠢᠭᠤᠯᠴᠢᠯᠠᠯ ᠤᠨ ᠳᠡᠮᠳᠡᠭᠯᠡᠯ》 ᠳ᠋ᠤ 《ᠪᠠᠷᠠᠭᠤᠨ ᠳᠠᠯ᠎ᠠ ᠪᠠᠷ ᠡᠷᠡᠭ᠍ᠳᠡᠢ᠌ᠴᠦᠳ ᠰᠠᠭᠤᠳᠠᠭ᠂ ᠵᠡᠭᠦᠨ ᠳᠠᠯ᠎ᠠ ᠪᠠᠷ ᠡᠮᠡᠭ᠍ᠳᠡᠢ᠌ᠴᠦᠳ ᠰᠠᠭᠤᠳᠠᠭ》 ᠭᠡᠵᠤ ᠳᠡᠮᠳᠡᠭᠯᠡᠭ᠍ᠰᠡᠨ ᠪᠠᠢ᠌ᠳᠠᠭ᠃ ᠭᠡᠷᠪᠡ ᠣᠷᠤᠭ ᠤᠨ ᠳᠡᠷᠭᠡ ᠭᠦᠷᠭᠡᠨ ᠤ ᠭᠡᠷ ᠤᠨ ᠪᠠᠷᠠᠭᠤᠨ ᠳᠠᠯ᠎ᠠ ᠪᠠᠷ ᠣᠷᠤᠪᠠᠯ ᠳᠤᠰ ᠭᠡᠷ ᠤᠨ ᠡᠵᠡᠨ ᠤ ᠳᠤᠯᠤᠭᠠᠢ ᠳᠦᠷᠦᠭᠦᠤ ᠶᠢ ᠭᠢᠰᠭᠢᠵᠤ᠂ ᠭᠡᠷ ᠤᠨ ᠰᠦᠯᠳᠡ ᠳᠠᠷᠤᠭᠳᠠᠵᠤ ᠭᠡᠢ᠌ᠮᠦᠷᠢ ᠭᠡᠪᠳᠡᠨ᠎ᠡ ᠭᠡᠵᠤ ᠥᠵᠡᠳᠡᠭ᠌᠃ ᠰᠢᠨ᠎ᠠ ᠪᠠᠷᠢ ᠬᠤᠵᠢᠮ ᠬᠠᠳᠠᠮ ᠠᠪᠣ ᠡᠵᠢ ᠶᠢᠨ ᠥᠭᠡ ᠶᠢ ᠰᠤᠨᠤᠰᠬᠤ ᠦᠭᠡᠶ ᠳᠤᠭᠰᠢᠷᠠᠵᠤ ᠭᠡᠷᠭᠡᠨ ᠵᠠᠭᠤᠷ᠎ᠠ ᠪᠠᠨ ᠶᠠᠷᠭᠢᠶᠠᠨ ᠰᠢᠷᠭᠢᠶᠠᠨ ᠪᠣᠯᠤᠨ᠎ᠠ ᠭᠡᠨ᠎ᠡ᠃ ᠡᠢ᠌ᠮᠤ ᠡᠴᠡ ᠣᠷᠤᠭ ᠤᠨ ᠳᠡᠷᠭᠡ ᠭᠡᠳᠥᠢᠪᠠᠷ ᠠᠢ᠌ᠯ ᠤᠨ ᠪᠠᠷᠠᠭᠤᠨ ᠳᠠᠯ᠎ᠠ ᠪᠠᠷ ᠣᠷᠤᠵᠤ ᠢᠷᠡᠭ᠍ᠰᠡᠨ ᠪᠣᠯᠪᠠᠴᠤ ᠡᠷᠭᠡᠪᠰᠢ ᠠᠢ᠌ᠯ ᠳᠤᠮᠳᠠᠭᠤᠷ ᠨᠢᠭᠡ ᠡᠷᠭᠢᠵᠤ ᠭᠦᠷᠭᠡᠨ ᠤ ᠭᠡᠷ ᠤᠨ ᠵᠡᠭᠦᠨ ᠳᠠᠯ᠎ᠠ ᠪᠠᠷ ᠣᠷᠤᠵᠤ ᠪᠠᠭᠤᠬᠤ ᠶᠤᠰᠤᠳᠠᠢ᠃

ᠣᠷᠤᠭ ᠤᠨ ᠳᠡᠷᠭᠡ ᠮᠤᠷᠢ ᠨᠢ ᠪᠣᠰᠤᠳ ᠣᠷᠤᠭ ᠤᠨ ᠳᠡᠷᠭᠡ ᠮᠤᠷᠢᠨ ᠤ ᠬᠣᠢ᠌ᠨ᠎ᠠ ᠡᠴᠡ ᠮᠦᠷ ᠳᠠᠪᠬᠤᠷᠳᠠᠵᠤ ᠶᠠᠪᠣᠬᠤ ᠶᠢ ᠴᠡᠭᠡᠷᠯᠡᠨ᠎ᠡ᠃ ᠬᠤᠶᠠᠷ ᠣᠷᠤᠭ ᠤᠨ ᠳᠡᠷᠭᠡ ᠨᠢᠭᠡᠯᠡ ᠵᠠᠮ ᠶᠢᠡᠷ ᠶᠠᠪᠣᠪᠠᠯ ᠦᠬᠢᠨ ᠨᠢ ᠣᠴᠢᠬᠤ ᠮᠦᠷ ᠪᠠᠢ᠌ᠭᠠᠤᠨ ᠪᠣᠴᠠᠬᠤ ᠮᠦᠷ ᠦᠭᠡᠶ ᠪᠣᠯᠤᠨ᠎ᠠ ᠭᠡᠵᠤ ᠴᠡᠭᠡᠷᠯᠡᠳᠡᠭ᠌᠃ ᠪᠠᠰᠠ ᠣᠷᠤᠭ ᠤᠨ ᠳᠡᠷᠭᠡ ᠶᠢᠨ ᠮᠦᠷ ᠳᠠᠪᠬᠤᠷᠳᠠᠭᠰᠠᠭᠠᠷ ᠡᠮᠦᠨ᠎ᠡ ᠶᠠᠪᠣᠬᠤ ᠣᠷᠤᠭ ᠤᠨ ᠳᠡᠷᠭᠡ ᠳ᠋ᠠᠭᠢ ᠰᠢᠨ᠎ᠠ ᠪᠠᠷᠢ ᠳᠡᠭᠡᠷᠡᠭᠢ ᠮᠠᠭᠤ ᠮᠠᠭᠤᠬᠠᠢ ᠪᠦᠭᠦᠨ ᠨᠢ ᠮᠠᠨ ᠤ ᠳᠡᠷᠭᠡᠨ ᠤ ᠰᠢᠨ᠎ᠠ ᠪᠠᠷᠢ ᠳᠤ ᠬᠠᠯᠳᠠᠨ᠎ᠠ ᠭᠡᠵᠤ ᠭᠢᠴᠢᠶᠡᠳᠡᠭ᠌ ᠪᠠᠢ᠌ᠨ᠎ᠠ᠃ ᠡᠢ᠌ᠮᠤ ᠡᠴᠡ ᠭᠡᠷᠪᠡ ᠨᠢᠭᠡ ᠵᠠᠮ ᠶᠢᠡᠷ ᠣᠷᠤᠬᠤ ᠪᠣᠯᠤᠯᠴᠠᠭ᠎ᠠ ᠲᠡᠶ ᠪᠣᠯ ᠵᠠᠮ ᠪᠣᠯᠢᠶᠠᠵᠤ ᠣᠷᠢᠳᠠᠵᠤ ᠮᠦᠷ ᠭᠠᠷᠭᠠᠵᠤ ᠶᠠᠪᠣᠬᠤ ᠪᠣᠶᠤ ᠡᠰᠡᠭᠦᠯ᠎ᠡ ᠳᠤᠭᠤᠷᠢᠵᠤ ᠶᠠᠪᠣᠨ᠎ᠠ᠃ ᠮᠤᠩᠭ᠋ᠤᠯ ᠤᠨ ᠡᠷᠳᠡᠨ ᠤ ᠶᠤᠰᠤᠨ ᠳᠤ ᠨᠢᠭᠡ ᠠᠢ᠌ᠯ ᠭᠡᠷ ᠨᠢᠭᠡ ᠵᠢᠯ ᠳᠤ ᠬᠤᠶᠠᠷ ᠬᠤᠷᠢᠮ ᠭᠢᠭᠦ ᠶᠢ ᠴᠡᠭᠡᠷᠯᠡᠨ᠎ᠡ᠃ ᠪᠣᠶᠠᠨ ᠨᠢ ᠨᠢᠮᠭᠡᠷᠡᠨ᠎ᠡ ᠭᠡᠨ᠎ᠡ᠃ ᠪᠠᠷᠤᠭ 《ᠬᠤᠷᠢᠮ ᠨᠠᠢ᠌ᠷ ᠲᠤ ᠴᠢᠳᠭᠦᠷ ᠳᠠᠭᠠᠨ᠎ᠠ》 ᠭᠡᠵᠤ ᠥᠵᠡᠳᠡᠭ᠌ ᠡᠴᠡ ᠪᠣᠯᠤᠭᠰᠠᠨ ᠪᠣᠯᠤᠯᠳᠠᠢ᠃

18.ᠭᠠᠯ ᠣᠭᠳᠤᠭᠤᠯ ᠤᠨ ᠶᠤᠰᠤᠨ

ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠶᠤᠰᠤᠯᠠᠯ ᠤᠨ ᠶᠠᠪᠣᠴᠠ ᠳ᠋ᠠᠭᠢ ᠭᠡᠦᠭᠡᠨ ᠭᠦᠷᠭᠡᠭ᠍ᠴᠢᠳ ᠢ ᠭᠦᠡᠳᠦᠳᠭᠡᠨ ᠣᠭᠳᠤᠳᠠᠭ ᠶᠤᠰᠤ ᠵᠠᠩᠰᠢᠯ ᠪᠣᠯᠤᠨ᠎ᠠ᠃ ᠣᠷᠤᠭ ᠤᠨ ᠳᠡᠷᠭᠡ ᠭᠦᠷᠭᠡᠨ ᠤ ᠳᠠᠯ᠎ᠠ ᠳᠤ ᠤᠢ᠌ᠷᠠᠳᠤᠭᠠᠤᠨ ᠪᠠᠷ᠎ᠠ ᠬᠠᠷᠠᠭᠳᠠᠭᠰᠠᠨ ᠦᠶ᠎ᠡ ᠳᠤ᠂ ᠣᠭᠳᠤᠭᠤᠯ ᠤᠨ ᠭᠦᠮᠦᠰ ᠳᠡᠭ᠍ᠰᠢᠭᠡᠨ ᠭᠠᠵᠠᠷ ᠰᠤᠩᠭ᠋ᠤᠵᠤ ᠭᠠᠯ ᠨᠤᠴᠤᠭᠠᠨ ᠢᠰᠡᠭᠡᠢ ᠳᠡᠪᠢᠰᠦᠭᠡᠳ᠂ ᠰᠢᠷᠡᠭᠡ ᠵᠠᠰᠠᠵᠤ᠂ ᠢᠳᠡᠭᠡᠨ ᠣᠮᠳᠠᠭᠠᠨ ᠪᠡᠯᠡᠳᠭᠡᠳᠡᠭ᠌᠃ ᠣᠷᠤᠭ ᠤᠨ ᠳᠡᠷᠭᠡ ᠣᠨᠤᠭ᠎ᠠ ᠭᠦᠷᠴᠤ ᠢᠷᠡᠭ᠍ᠰᠡᠨ ᠤ ᠳᠠᠷᠠᠭ᠎ᠠ ᠬᠤᠶᠠᠷ ᠳᠠᠯ᠎ᠠ ᠶᠢᠨ ᠬᠤᠳᠠ ᠣᠷᠤᠭ ᠨᠡᠷ ᠮᠠᠠᠳᠤ ᠰᠠᠢ᠌ᠨ ᠶᠢᠡᠨ ᠮᠠᠳᠠᠯᠴᠠᠨ᠂ ᠭᠠᠯ ᠣᠭᠳᠤᠯᠭ᠎ᠠ ᠶᠢᠨ ᠢᠷᠦᠭᠡᠯ ᠭᠡᠯᠡᠭᠦ ᠪᠦᠭᠡᠳ ᠰᠢᠨ᠎ᠠ ᠪᠠᠷᠢ ᠶᠢ ᠭᠠᠯ ᠤᠨ ᠣᠪᠣᠭ᠎ᠠ ᠶᠢ ᠨᠠᠷᠠᠨ ᠡᠷᠭᠢᠯᠳᠡ ᠪᠠᠷ ᠳᠤᠭᠤᠷᠢᠭᠤᠯᠵᠤ᠂ ᠣᠯᠠᠨ ᠶᠢᠡᠷ ᠶᠢᠡᠨ ᠠᠷᠢᠭᠢ ᠴᠠᠭᠠᠨ ᠢᠳᠡᠭᠡ ᠡᠴᠡ ᠨᠢ ᠠᠮᠰᠠᠳᠠᠭ᠃ ᠭᠠᠯ ᠢ ᠳᠤᠭᠤᠷᠢᠭᠤᠯᠵᠤ ᠪᠠᠢ᠌ᠭ᠎ᠠ ᠨᠢ ᠭᠠᠯ ᠶᠢᠡᠷ ᠭᠠᠢ ᠪᠠᠷᠴᠢᠳ ᠢ ᠨᠢ ᠠᠷᠢᠭᠤᠳᠬᠠᠵᠤ ᠪᠠᠢ᠌ᠨ᠎ᠠ ᠭᠡᠨ᠎ᠡ᠃ ᠬᠤᠷᠴᠢᠨ ᠮᠤᠩᠭ᠋ᠤᠯᠴᠤᠳ ᠤᠨ ᠵᠠᠩ ᠵᠠᠩᠰᠢᠯ ᠳᠤ 《ᠬᠤᠷᠢᠮ ᠨᠠᠢ᠌ᠷ ᠢ ᠴᠢᠳᠭᠦᠷ ᠳᠠᠭᠠᠵᠤ᠂ ᠣᠷᠤᠰᠢᠭᠤᠯᠭ᠎ᠠ ᠳᠠᠢ᠌ᠯᠭ᠎ᠠ ᠶᠢ ᠪᠣᠷᠬᠠᠨ ᠳᠠᠭᠠᠨ᠎ᠠ》 ᠭᠡᠵᠤ ᠥᠵᠡᠳᠡᠭ᠌᠃ ᠣᠵᠤᠭᠤᠷ ᠮᠤᠩᠭ᠋ᠤᠯᠴᠤᠳ ᠭᠠᠯ ᠢ ᠰᠢᠳᠦᠳᠡᠭ᠌᠃ ᠣᠳᠤ ᠬᠤᠷᠴᠢᠨ ᠮᠤᠩᠭ᠋ᠤᠯᠴᠤᠳ ᠮᠦᠨ ᠭᠠᠯ ᠢ ᠰᠢᠳᠤᠵᠤ᠂ ᠭᠠᠯ ᠪᠣᠯ ᠬᠠᠮᠤᠭ ᠤᠨ ᠠᠷᠢᠭᠤᠨ ᠳᠠᠷᠬᠠᠨ ᠵᠣᠢ᠌ᠯ ᠮᠦᠨ᠂ ᠠᠯᠢᠪᠠ ᠶᠢᠨ ᠡᠭᠢ ᠮᠦᠨ ᠭᠡᠵᠤ ᠦᠵᠡᠨ᠎ᠠ᠃ ᠡᠢ᠌ᠮᠤ ᠡᠴᠡ ᠭᠠᠯ ᠪᠣᠯ ᠬᠤᠷᠴᠢᠨ ᠮᠤᠩᠭ᠋ᠤᠯᠴᠤᠳ ᠤᠨ ᠦᠵᠡᠯ ᠳᠤ ᠭᠡᠢ ᠮᠤᠷᠢ᠂ ᠰᠥᠭ᠌ ᠰᠦᠯᠳᠡ ᠶᠢᠨ ᠪᠠᠯᠭᠡ ᠳᠡᠮᠳᠡᠭ᠌᠂ ᠠᠷᠢᠭᠤᠨ ᠴᠠᠪᠠᠷ ᠤᠨ ᠪᠠᠯᠭᠡ ᠳᠡᠮᠳᠡᠭ᠌᠂ ᠭᠦᠭ᠍ᠵᠢᠯ ᠪᠠᠳᠠᠷᠠᠯ ᠤᠨ ᠪᠠᠯᠭᠡ ᠳᠡᠮᠳᠡᠭ᠌᠂ ᠪᠦᠯᠭᠦᠮᠳᠡᠯ ᠨᠢᠭᠳᠠᠷᠠᠯ ᠤᠨ ᠪᠠᠯᠭᠡ ᠳᠡᠮᠳᠡᠭ᠌ ᠪᠣᠯᠳᠠᠭ᠃ ᠡᠢ᠌ᠮᠤ ᠡᠴᠡ ᠭᠠᠯ ᠣᠭᠳᠤᠭᠤᠯ ᠤᠨ ᠭᠤᠤᠯ ᠰᠠᠨᠠᠭ᠎ᠠ ᠨᠢ ᠰᠢᠨ᠎ᠠ ᠬᠤᠶᠠᠷ ᠭᠦᠮᠤᠨ ᠤ ᠪᠠᠨ ᠭᠡᠢ ᠮᠤᠷᠢ ᠴᠤᠭ ᠰᠦᠯᠳᠡ ᠶᠢ ᠰᠡᠷᠭᠦᠭᠡᠵᠤ᠂ ᠰᠢᠨ᠎ᠠ ᠪᠠᠷᠢ ᠶᠢᠨ ᠠᠷᠢᠭᠤᠨ ᠴᠠᠪᠠᠷ ᠢ ᠪᠠᠯᠭᠡᠳᠡᠨ᠂ ᠬᠤᠳᠠ ᠣᠷᠤᠭ ᠤᠨ ᠨᠠᠢ᠌ᠷᠰᠠᠭ ᠳᠤᠳᠤᠨᠤ ᠶᠢ ᠵᠥᠩᠨᠡᠭ᠍ᠰᠡᠨ ᠪᠠᠢ᠌ᠨ᠎ᠠ᠃

19.ᠠᠷᠠᠯ ᠤᠨ ᠬᠤᠳᠠ ᠣᠭᠳᠤᠬᠤ ᠶᠤᠰᠤᠨ

ᠭᠡᠦᠭᠡᠨ ᠤ ᠰᠠᠭᠤᠭᠰᠠᠨ ᠣᠷᠤᠭ ᠤᠨ ᠳᠡᠷᠭᠡᠨ ᠳᠤ ᠬᠠᠮᠳᠤ ᠰᠠᠭᠤᠵᠤ ᠭᠦᠷᠭᠡᠵᠤ ᠢᠷᠡᠭ᠍ᠰᠡᠨ ᠪᠠᠷᠭᠡᠳ ᠢ ᠳᠡᠷᠭᠡᠨ ᠡᠴᠡ ᠵᠠᠯᠠᠵᠤ ᠪᠠᠭᠤᠯᠭᠠᠬᠤ ᠶᠤᠰᠤ ᠵᠠᠩᠰᠢᠯ᠃ ᠭᠦᠷᠭᠡᠨ ᠤ ᠭᠡᠷ ᠤᠨ ᠭᠠᠳᠠᠨ᠎ᠠ ᠢᠷᠡᠭ᠍ᠰᠡᠨ ᠤ ᠳᠠᠷᠠᠭ᠎ᠠ᠂ ᠣᠯᠠᠨ ᠪᠠᠷᠭᠡᠳ ᠰᠢᠨ᠎ᠠ ᠪᠠᠷᠢ ᠶᠢ ᠳᠤᠭᠤᠷᠢᠵᠤ ᠰᠠᠭᠤᠭᠠᠤᠨ ᠳᠡᠷᠭᠡᠨ ᠡᠴᠡ ᠪᠠᠭᠤᠯᠭᠠᠬᠤ ᠦᠭᠡᠶ ᠭᠡᠵᠤ ᠭᠦᠷᠭᠡᠨ ᠳᠠᠯ᠎ᠠ ᠶᠢᠨ ᠭᠢᠨ ᠢ ᠵᠤᠪᠠᠭᠠᠳᠠᠭ᠃ ᠡᠨᠡ ᠦᠶ᠎ᠡ ᠳᠤ ᠭᠦᠷᠭᠡᠨ ᠳᠠᠯ᠎ᠠ ᠶᠢᠨ ᠭᠡᠯᠡᠮᠦᠷᠴᠢ ᠡᠴᠡ

ᠡᠩᠭᠡ ᠰᠠᠢ᠌ᠨ ᠠᠮᠤᠭᠤᠯᠠᠩ ᠪᠣᠯᠳᠤᠭᠠᠢ ︕

ᠳᠡᠯᠡᠭᠡᠢ ᠶᠢ ᠭᠡᠢ᠌ᠭᠦᠯᠭᠦ ᠨᠠᠷᠠᠨ ᠰᠠᠷᠠᠨ ᠮᠠᠳᠤ

ᠳᠡᠯᠭᠡᠷ ᠰᠠᠢ᠌ᠬᠠᠨ ᠬᠤᠳᠠᠭᠠᠢ ᠨᠡᠷ ᠮᠢᠨᠢ

ᠳᠠᠯ᠎ᠠ ᠶᠢ ᠳᠠᠪᠠᠵᠤ ᠣᠰᠤ ᠭᠡᠳᠦᠯᠦᠭ᠍ᠰᠡᠭᠡᠷ

ᠠᠮᠠᠷᠠᠭ ᠬᠤᠩᠭ᠋ᠤᠷ ᠪᠠᠷᠢ ᠶᠢ ᠮᠢᠨᠢ

ᠠᠯᠤᠰ ᠬᠤᠯᠠ ᠡᠴᠡ ᠭᠦᠷᠭᠡᠨ ᠢᠷᠡᠭ᠍ᠰᠡᠨ ᠳᠤ

ᠰᠠᠭᠠᠯᠢ ᠶᠢᠨ ᠳᠡᠭᠡᠵᠢ ᠴᠠᠭᠠᠨ ᠢᠳᠡᠭᠡᠨ

ᠰᠢᠮ᠎ᠠ ᠶᠢᠨ ᠳᠡᠭᠡᠵᠢ ᠬᠤᠨᠢᠨ ᠰᠢᠭᠦᠰᠤ

ᠰᠠᠮᠪᠠᠢ ᠬᠠᠳᠠᠭ ᠳᠦᠷᠤ ᠶᠢᠨ ᠪᠠᠯᠡᠭ᠌ ᠢ

ᠰᠠᠷᠬᠤᠤᠨ ᠤᠨ ᠬᠠᠮᠳᠤ ᠡᠷᠭᠦᠨ ᠳᠡᠪᠰᠢᠭᠦᠯᠵᠤ

ᠠᠮᠤᠷ ᠲᠦᠪᠰᠢᠨ ᠵᠢᠷᠭᠠᠬᠤ ᠶᠢᠨ

ᠠᠷᠢᠭᠤᠨ ᠢᠷᠦᠭᠡᠯ ᠢ ᠠᠢ᠌ᠯᠠᠳᠬᠠᠶ᠎ᠠ ︕ ᠭᠡᠵᠤ ᠪᠠᠷᠭᠡᠳ ᠲᠤ ᠳᠡᠯᠭᠡᠭ᠍ᠰᠡᠨ ᠬᠠᠳᠠᠭ ᠲᠤ ᠪᠠᠨ ᠳᠠᠯᠪᠢᠭᠰᠠᠨ ᠮᠥᠩᠭᠦᠨ ᠠᠶᠠᠭ᠎ᠠ ᠲᠡᠶ ᠠᠷᠢᠭᠢ ᠳᠠᠷᠠᠰᠤ ᠪᠠᠨ ᠪᠠᠷᠢᠭᠰᠠᠨ ᠤ ᠰᠡᠭᠦᠯᠡᠷ ᠰᠠ‍‌ᠶᠢ ᠰᠢᠨ᠎ᠠ ᠪᠠᠷᠢ ᠶᠢ ᠲᠦᠰᠢᠵᠤ ᠳᠡᠷᠭᠡᠨ ᠡᠴᠡ ᠪᠠᠭᠤᠯᠭᠠᠳᠠᠭ᠃ ᠪᠠᠷᠭᠡᠳ ᠳᠡᠷᠭᠡᠨ ᠡᠴᠡ ᠪᠠᠭᠤᠭᠰᠠᠨ ᠪᠣᠯᠪᠠᠴᠤ ᠠᠷᠪᠠᠭᠠᠤᠨ ᠨᠠᠰᠤᠳᠠᠢ ᠬᠡᠦᠬᠡᠳ ᠪᠠᠰᠠ ᠳᠡᠷᠭᠡᠨ ᠠᠷᠠᠯ ᠳᠠᠷᠤᠵᠤ ᠰᠠᠭᠤᠭᠠᠤᠨ ᠪᠠᠭᠤᠬᠤ ᠦᠭᠡᠶ ᠣᠴᠢᠷ ᠭᠠᠷᠳᠠᠭ᠃ ᠡᠨᠡ ᠦᠶ᠎ᠡ ᠳᠤ ᠭᠦᠷᠭᠡᠨ ᠳᠠᠯ᠎ᠠ ᠶᠢᠨ ᠳᠦᠷᠦᠭᠦᠤ ᠬᠤᠳᠠ ᠡᠴᠡ ᠬᠡᠦᠬᠡᠳ ᠲᠤ ᠣᠯᠠᠭᠠᠨ ᠴᠠᠭᠠᠰᠤᠨ ᠪᠠᠭᠯᠠᠭ᠎ᠠ ᠲᠡᠶ ᠵᠤᠭᠤᠰ ᠠᠳᠬᠤᠯᠤᠭᠰᠠᠨ ᠤ ᠳᠠᠷᠠᠭ᠎ᠠ ᠬᠡᠦᠬᠡᠳ ᠰᠠ‍‌ᠶᠢ ᠳᠡᠷᠭᠡᠨ ᠡᠴᠡ ᠪᠠᠭᠤᠵᠤ ᠶᠠᠪᠣᠵᠠᠭᠠᠨ᠎ᠠ᠃

20.ᠡᠭᠦᠳᠡ ᠳᠠᠷᠤᠬᠤ ᠶᠤᠰᠤᠨ

ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠡᠭᠦᠳᠡ ᠳᠠᠷᠤᠯᠭ᠎ᠠ ᠳᠤ ᠭᠤᠷᠪᠠᠨ ᠵᠣᠢ᠌ᠯ ᠪᠠᠢ᠌ᠳᠠᠭ᠃ ᠳᠠᠷᠤᠢ ᠪᠠᠷᠢ ᠪᠠᠭᠤᠯᠭᠠᠬᠤ ᠪᠠᠷ ᠣᠴᠢᠬᠤ ᠰᠠᠭᠠᠳᠠᠭ ᠤᠨ ᠭᠦᠮᠦᠰ ᠲᠤ ᠡᠭᠦᠳᠡ ᠳᠡᠷᠦᠬᠤ᠂ ᠭᠡᠦᠭᠡᠨ ᠭᠦᠷᠭᠡᠵᠤ ᠢᠷᠡᠭᠦ ᠣᠷᠤᠭ ᠤᠨ ᠭᠦᠮᠦᠰ ᠢ ᠬᠤᠷᠢᠭᠯᠠᠵᠤ ᠪᠠᠰᠠ ᠡᠭᠦᠳᠡ ᠳᠠᠷᠤᠬᠤ ᠪᠠ ᠭᠤᠷᠪᠠ ᠬᠤᠨᠤᠭ ᠤᠨ ᠳᠠᠷᠠᠭ᠎ᠠ ᠦᠷᠯᠦᠭᠡ ᠨᠢ ᠰᠢᠨ᠎ᠠ ᠪᠠᠷᠢ ᠶᠢᠨ ᠭᠦᠷᠢ ᠳᠡᠭᠦᠤ ᠨᠡᠷ ᠪᠠᠰᠠ ᠡᠭᠦᠳᠡ ᠳᠠᠷᠤᠬᠤ ᠣᠴᠢᠷ ᠪᠠᠢ᠌ᠳᠠᠭ᠃ ᠮᠦᠨ ᠡᠷᠳᠡᠨ ᠤ ᠪᠣᠯᠢᠶᠠᠬᠤ ᠣᠷᠤᠭ ᠡᠴᠡ ᠰᠢᠯᠳᠠᠭᠠᠯᠠᠭᠰᠠᠨ ᠪᠠᠢ᠌ᠵᠤ ᠳᠠᠭᠠᠷᠠᠨ᠎ᠠ᠃ ᠠᠷᠠᠤᠨ ᠤᠨ ᠵᠠᠩ ᠣᠢ᠌ᠯᠠ ᠨᠢ ᠶᠠᠮᠠᠷ ᠨᠢᠭᠡᠨ ᠪᠣᠳᠠᠳᠤ ᠭᠡᠷᠡᠭ᠌ ᠣᠴᠢᠷ ᠡᠴᠡ ᠰᠢᠯᠳᠠᠭᠠᠯᠠᠨ ᠪᠣᠢ ᠪᠣᠯᠬᠤ ᠵᠦᠢ ᠳᠤᠭᠳᠠᠯ ᠲᠡᠶ ᠣᠴᠢᠷ᠂ ᠮᠤᠩᠭ᠋ᠤᠯᠴᠤᠳ ᠤᠨ ᠣᠷᠤᠭ ᠬᠤᠷᠢᠮ ᠳ᠋ᠠᠭᠢ ᠡᠭᠦᠳᠡ ᠳᠠᠷᠤᠯᠭ᠎ᠠ ᠨᠢ ᠮᠦᠨ ᠡᠷᠳᠡ ᠴᠠᠭ ᠡᠴᠡ ᠰᠣᠢ᠌ᠳᠤ ᠪᠠᠷᠢ ᠪᠠᠨ ᠪᠠᠭᠤᠯᠭᠠᠬᠤ ᠶᠢᠨ ᠰᠡᠷᠡᠮᠵᠢᠭᠦᠯᠭᠡ ᠶᠢᠨ ᠨᠢᠭᠡᠨ ᠴᠢᠬᠤᠯᠠ ᠵᠠᠩ ᠣᠢ᠌ᠯᠠ ᠪᠠᠢ᠌ᠵᠠᠢ᠃ ᠮᠠᠠᠳᠤᠬᠤ᠂ ᠬᠡᠰᠴᠢᠮᠡᠭ᠌ ᠤᠨ 《ᠮᠤᠩᠭ᠋ᠤᠯ ᠤᠨ ᠵᠠᠩ ᠣᠢ᠌ᠯᠠ ᠶᠢᠨ ᠥᠯᠢᠭᠡᠷ》 ᠲᠤ ᠡᠭᠦᠳᠡ ᠳᠠᠷᠤᠯᠭ᠎ᠠ ᠶᠢᠨ ᠳᠤᠬᠠᠢ ᠡᠢ᠌ᠮᠤ ᠨᠢᠭᠡᠨ ᠰᠠᠢ᠌ᠬᠠᠨ ᠳᠤᠮᠤᠭ ᠲᠡᠶ ᠪᠠᠢ᠌ᠳᠠᠭ᠄

ᠡᠷᠳᠡ ᠣᠷᠢᠳᠤ ᠴᠠᠭ ᠲᠤ᠂ ᠨᠠᠢ᠌ᠵᠠ ᠮᠡᠷᠭᠡᠨ ᠪᠠᠭᠠᠳᠤᠷ ᠤᠨ ᠭᠦᠪᠠᠭᠦᠨ ᠨᠠᠴᠢᠠᠰᠦᠷᠳᠤ ᠭᠡᠭ᠍ᠴᠢ᠂ ᠨᠡᠷᠡᠨ ᠭᠠᠷᠬᠤ ᠵᠥᠭ᠌ ᠤᠨ ᠨᠢ᠋ᠮᠠᠨ ᠭᠡᠭ᠍ᠴᠢ ᠣᠯᠤᠰ ᠤᠨ ᠳᠤᠪᠣ ᠮᠡᠷᠭᠡᠨ ᠲᠦᠰᠢᠮᠠᠯ ᠤᠨ ᠳᠤᠭᠰᠢᠨᠭᠤᠸ᠎ᠠ ᠨᠠᠷᠠᠳᠠᠢ ᠭᠡᠦᠭᠡᠨ ᠢ ᠳᠤᠭᠳᠠᠭᠰᠠᠨ ᠰᠦᠢ᠌ ᠶᠤᠰᠤᠭᠠᠷ ᠶᠢᠡᠨ ᠪᠠᠭᠤᠯᠭᠠᠬᠤ ᠪᠠᠷ ᠡᠳᠦᠷ ᠰᠦᠨᠢ ᠦᠭᠡᠶ ᠵᠠᠮᠨᠠᠵᠤ ᠶᠠᠪᠣᠭᠰᠠᠭᠠᠷ ᠦᠯᠦᠰᠴᠤ᠂ ᠰᠠᠷᠭᠢᠨᠠᠭ ᠢᠳᠡᠭ᠍ᠰᠡᠨ ᠤ ᠭᠠᠢ ᠪᠠᠷ ᠡᠷᠳᠡᠨᠢ ᠶᠢᠨ ᠰᠠᠭᠠᠳᠠᠭ ᠶᠢᠡᠨ ᠭᠡᠭᠡᠴᠢᠭᠡᠭ᠍ᠰᠡᠨ ᠪᠠᠢ᠌ᠵᠠᠢ᠃ ᠳᠡᠭᠡᠭᠡᠳ ᠡᠷᠭᠢᠵᠤ ᠪᠣᠴᠠᠨ ᠡᠷᠢᠨ ᠶᠠᠪᠣᠭᠰᠠᠭᠠᠷ ᠪᠠᠢ᠌ᠭᠠᠤᠨ ᠳᠤᠭᠳᠠᠭᠰᠠᠨ ᠡᠳᠦᠷ ᠲᠤ ᠪᠠᠨ ᠭᠦᠷᠴᠤ ᠴᠢᠳᠠᠭᠰᠠᠨ ᠦᠭᠡᠶ᠃ ᠡᠭᠦᠨ ᠳᠤ ᠬᠠᠷᠢ ᠠᠢ᠌ᠮᠠᠭ ᠤᠨ ᠬᠠᠳᠡᠡᠰᠥ᠋ᠭᠡ ᠨᠠᠷᠠᠳᠤ ᠭᠦᠪᠠᠭᠦᠨ ᠡᠷᠳᠡᠨᠢ ᠶᠢᠨ ᠰᠠᠭᠠᠳᠠᠭ ᠢ ᠨᠢ ᠣᠯᠵᠤ ᠠᠪᠣᠭᠠᠤᠨ ᠦᠪᠡᠷ ᠤᠨ ᠪᠠᠶ᠎ᠠ ᠳᠤ ᠪᠠᠨ ᠡᠭᠦᠷᠴᠤ᠂ ᠦᠢ ᠣᠯᠠᠨ ᠶᠢᠡᠨ ᠳᠠᠭᠠᠭᠤᠯᠵᠤ ᠢᠷᠡᠭᠡᠳ᠂ ᠨᠠᠴᠢᠠᠰᠦᠷᠳᠤ ᠶᠢᠨ ᠨᠠᠷ᠎ᠠ ᠪᠠᠷ ᠳᠤᠭᠰᠢᠨᠭᠤᠸ᠎ᠠ ᠨᠠᠷᠠᠳᠤ ᠭᠡᠦᠭᠡᠨ ᠢ ᠬᠠᠭᠤᠷᠤᠨ ᠪᠠᠭᠤᠯᠭᠠᠵᠤ ᠠᠪᠣᠭᠰᠠᠨ ᠶᠤᠮ ᠭᠡᠨ᠎ᠡ᠃ ᠳᠡᠭᠦᠨ ᠡᠴᠡ ᠬᠣᠢ᠌ᠰᠢ ᠭᠡᠷᠯᠡᠭᠦ ᠶᠤᠰᠤᠯᠠᠯ ᠳᠤ ᠡᠭᠦᠳᠡ ᠳᠠᠷᠤᠯᠭ᠎ᠠ ᠭᠢᠭᠦ ᠶᠤᠰᠤ ᠵᠠᠩᠰᠢᠯ ᠪᠣᠢ ᠪᠣᠯᠵᠠᠢ᠃ 《ᠰᠠᠷᠭᠢᠨᠠᠭ ᠢᠳᠠᠪᠠᠯ ᠰᠠᠭᠠᠷᠢ ᠪᠣᠯᠤᠨ᠎ᠠ》 ᠭᠡᠵᠤ ᠬᠤᠷᠴᠢᠨ ᠮᠤᠩᠭ᠋ᠤᠯᠴᠤᠳ ᠬᠡᠦᠬᠡᠳ ᠲᠤ ᠪᠠᠨ ᠰᠠᠷᠭᠢᠨᠠᠭ ᠢᠳᠡᠭᠦᠯᠭᠦ ᠶᠢ ᠴᠡᠭᠡᠷᠯᠡᠳᠡᠭ᠌ ᠨᠢ ᠡᠭᠦᠨ ᠡᠴᠡ ᠢᠷᠡᠭ᠍ᠰᠡᠨ ᠪᠣᠯᠤᠯᠳᠠᠢ᠃ ᠮᠤᠩᠭ᠋ᠤᠯᠴᠤᠳ ᠤᠨ ᠣᠶᠤᠨ ᠪᠢᠯᠢᠭ᠌ ᠤᠨ ᠣᠷᠭᠢᠯ ᠪᠣᠯᠤᠭᠰᠠᠨ 《ᠭᠡᠰᠡᠷ》 ᠲᠦᠪᠡᠳ ᠲᠤ᠂ ᠭᠡᠰᠡᠷ ᠷᠤᠭᠮᠤ ᠭᠤᠸ᠎ᠠ ᠲᠡᠶ ᠣᠷᠤᠭᠯᠠᠬᠤ ᠪᠠᠷ ᠡᠷᠢᠵᠤ ᠢᠷᠡᠭᠡᠳ᠂ ᠡᠭᠦᠳᠡ ᠳᠠᠷᠤᠭᠰᠠᠨ ᠵᠠᠷᠤᠴᠠ ᠦᠬᠢᠳ ᠢ ᠨᠢ ᠢᠳᠠ ᠰᠢᠳᠢ ᠪᠠᠷ ᠣᠠᠳᠠᠭᠤᠯᠤᠭᠠᠤᠨ᠁ ᠭᠡᠵᠤ ᠡᠭᠦᠳᠡ ᠳᠠᠷᠤᠬᠤ ᠶᠢᠨ ᠣᠴᠢᠷ ᠳᠤᠷᠠᠳᠤᠭᠳᠠᠳᠠᠭ᠃

ᠳᠠᠷᠤᠢ ᠭᠤᠤᠯ ᠨᠠᠢ᠌ᠷ ᠤᠨ ᠭᠡᠷ ᠲᠤ ᠣᠷᠤᠬᠤ ᠦᠶ᠎ᠡ ᠳᠤ ᠭᠡᠷ ᠤᠨ ᠡᠭᠦᠳᠡᠨ ᠳᠤ ᠬᠤᠶᠠᠷ ᠭᠦᠮᠤᠨ ᠴᠠᠷᠠᠰᠤᠨ ᠠᠴᠠ᠂ ᠭᠡᠷ ᠤᠨ ᠪᠠᠭᠠᠨ᠎ᠠ᠂ ᠣᠨᠢ ᠵᠡᠷᠭᠡ ᠶᠢᠨ ᠮᠤᠳᠤ ᠶᠢ ᠣᠯᠠᠭᠠᠨ ᠪᠦᠰ ᠳᠤᠷᠭ᠎ᠠ ᠪᠠᠷ ᠵᠢᠰᠢᠭᠦᠯᠤᠨ ᠣᠶᠠᠵᠤ᠂ ᠪᠠᠷᠢᠵᠤ ᠵᠤᠭᠰᠤᠨ᠎ᠠ᠃ ᠣᠷᠤᠭ ᠤᠨ ᠭᠦᠮᠦᠰ ᠢ ᠬᠤᠷᠢᠭᠯᠠᠨ ᠵᠤᠭᠰᠤᠭᠠᠵᠤ᠂ ᠬᠠᠮᠢᠭ᠎ᠠ ᠡᠴᠡ ᠶᠠᠮᠠᠷ ᠵᠤᠷᠢᠯᠭ᠎ᠠ ᠲᠡᠶ ᠢᠷᠠᠵᠤ ᠶᠠᠪᠣᠭ᠎ᠠ ᠶᠢ ᠢᠷᠠᠭᠤ ᠰᠠᠢ᠌ᠬᠠᠨ ᠭᠡᠯᠡᠯᠭᠡ ᠪᠠᠷ ᠰᠢᠯᠦᠭᠯᠡᠨ ᠠᠰᠠᠭᠤᠵᠤ᠂ ᠣᠴᠢᠷ ᠶᠠᠪᠣᠳᠠᠯ ᠢ ᠨᠢ ᠳᠤᠳᠤᠷᠬᠠᠢ᠌ᠯᠠᠨ᠎ᠠ᠃ ᠵᠠᠷᠢᠮ ᠭᠠᠵᠠᠷ ᠲᠤ ᠭᠦᠷᠭᠡᠨ ᠤ ᠳᠠᠯ᠎ᠠ ᠶᠢᠨ ᠬᠡᠦᠬᠡᠳ᠂ ᠤᠷᠤᠭ ᠤᠨ ᠭᠦᠮᠦᠰ ᠢ ᠭᠡᠷ ᠲᠤ ᠣᠷᠤᠭᠤᠯᠬᠤ ᠦᠭᠡᠶ ᠭᠡᠵᠤ ᠬᠠᠰᠢᠨ ᠵᠤᠭᠰᠤᠳᠠᠭ ᠴᠤ ᠪᠠᠢ᠌ᠳᠠᠭ᠃ ᠢᠩᠭᠢᠵᠤ ᠡᠭᠦᠳᠡ ᠳᠠᠷᠤᠬᠤ ᠶᠤᠰᠤ ᠨᠢ ᠮᠤᠩᠭ᠋ᠤᠯ ᠣᠭᠰᠠᠭᠠᠳᠠᠨ ᠤ ᠣᠪᠣᠭ ᠳᠦᠷᠤᠯ ᠤᠨ ᠳᠤᠳᠤᠭᠠᠳᠤ ᠳᠤ ᠪᠠᠨ ᠣᠷᠤᠭᠯᠠᠬᠤ ᠶᠢ ᠴᠢᠩᠭ᠋᠎ᠠ ᠴᠠᠭᠠᠵᠠᠯᠠᠵᠤ ᠪᠠᠢ᠌ᠭᠰᠠᠨ ᠡᠷᠳᠡᠨ ᠤ ᠦᠶ᠎ᠡ ᠶᠢᠨ 《ᠣᠪᠣᠭ ᠤᠨ ᠭᠠᠳᠠᠨ᠎ᠠ ᠣᠷᠤᠭᠯᠠᠬᠤ》 ᠣᠯᠠᠮᠵᠢᠯᠠᠯ ᠶᠤᠰᠤ ᠲᠡᠶ ᠬᠤᠯᠪᠣᠭᠳᠠᠬᠤ ᠪᠦᠭᠡᠳ ᠣᠷᠤᠭᠯᠠᠵᠤ ᠪᠠᠢ᠌ᠭ᠎ᠠ ᠬᠤᠶᠠᠷ ᠡᠳᠡᠭᠡᠳ ᠤᠨ ᠠᠯᠢ ᠣᠪᠣᠭ ᠤᠨ ᠶᠠᠮᠠᠷ ᠭᠦᠮᠤᠨ ᠪᠣᠯᠬᠤ ᠶᠢ ᠠᠰᠠᠭᠤᠵᠤ ᠳᠤᠳᠤᠷᠬᠠᠢ᠌ᠯᠠᠨ ᠣᠯᠠᠨ᠎ᠠ ᠨᠠᠢ᠌ᠳᠠᠯᠠᠵᠤ ᠪᠠᠢ᠌ᠭ᠎ᠠ ᠣᠴᠢᠷ ᠤᠳᠬ᠎ᠠ ᠲᠡᠶ᠃ ᠬᠤᠶᠠᠷ ᠳᠠᠯ᠎ᠠ ᠶᠢᠨ ᠭᠡᠯᠡᠮᠦᠷᠴᠢ ᠠᠰᠠᠭᠤᠬᠤ ᠪᠠ ᠬᠠᠷᠢᠭᠤᠯᠬᠤ ᠳᠤ ᠪᠠᠨ ᠪᠦᠷ ᠴᠤ ᠬᠠᠪᠣᠯᠢᠭ ᠢᠳᠠᠳᠠᠢ ᠪᠠᠯᠠᠨ ᠰᠢᠯᠦᠭ᠌ ᠶᠢᠡᠷ ᠬᠤᠷᠴᠠ ᠰᠢᠷᠦᠭᠦᠨ ᠭᠡᠯᠡ ᠶᠢᠨ ᠪᠠᠢ᠌ᠯᠳᠤᠭᠠᠨ᠂ ᠰᠠᠴᠠ ᠮᠠᠷᠭᠤᠭᠠᠨ ᠶᠢᠡᠷ ᠡᠰᠡᠷᠭᠦᠤ ᠳᠠᠯ᠎ᠠ ᠪᠠᠨ ᠭᠠᠷᠳᠠᠭᠠᠬᠤ ᠪᠠᠷ ᠮᠡᠷᠡᠢ᠌ᠯᠴᠡᠳᠡᠭ᠌᠃ ᠡᠨᠡᠭᠦ ᠢᠷᠠᠭᠤ ᠰᠠᠢ᠌ᠬᠠᠨ ᠰᠢᠯᠦᠭᠯᠡᠯ ᠢ 《ᠡᠭᠦᠳᠡ ᠳᠠᠷᠤᠯᠭ᠎ᠠ ᠶᠢᠨ ᠥᠭᠡ》 ᠭᠡᠨ᠎ᠡ᠃ ᠡᠭᠦᠳᠡ ᠳᠠᠷᠤᠯᠭ᠎ᠠ ᠶᠢᠨ ᠥᠭᠡᠨ ᠳᠤ᠄

ᠠᠷᠳᠠᠢ ᠳᠤᠷᠭ᠎ᠠ ᠶᠤᠰᠤᠯᠠᠯ ᠤᠨ ᠬᠤᠪᠴᠠᠰᠤ ᠶᠢ ᠴᠢᠨᠢ ᠦᠵᠡᠪᠠᠯ᠂

ᠠᠯᠤᠰ ᠤᠨ ᠭᠡᠳᠤᠨ ᠶᠢᠡᠨ ᠡᠷᠢᠵᠤ ᠶᠠᠪᠣᠭ᠎ᠠ ᠭᠦᠮᠦᠰ ᠭᠡᠮᠡᠷ᠃

ᠠᠷᠬᠠᠢ ᠰᠠᠷᠬᠠᠢ ᠨᠤᠮᠤ ᠰᠠᠭᠠᠳᠠᠭ ᠢ ᠴᠢᠨᠢ ᠦᠵᠡᠪᠠᠯ

ᠠᠩᠴᠢᠨ ᠭᠦᠷᠦᠭᠡᠴᠢᠨ ᠭᠡᠮᠡᠷ ᠭᠦᠮᠦᠰ ᠪᠠᠢ᠌ᠨ᠎ᠠ᠃

ᠠᠷᠭᠠᠯ ᠲᠦᠯᠠᠰᠢ ᠶᠢᠨ ᠴᠠᠭᠠᠨ᠎ᠠ ᠪᠠᠭᠤᠭᠰᠠᠨ ᠢ ᠴᠢᠨᠢ ᠦᠵᠡᠪᠠᠯ

ᠠᠶᠠᠠᠴᠢᠨ ᠵᠢᠩᠴᠢᠨ ᠭᠡᠮᠡᠷ ᠣᠯᠤᠰ ᠪᠠᠢ᠌ᠨ᠎ᠠ᠃

ᠳᠦᠭᠡᠷᠡᠵᠤ ᠳᠠᠨᠤᠵᠤ ᠶᠠᠪᠣᠭ᠎ᠠ ᠪᠣᠯ

ᠡᠮᠦᠨᠡᠭᠦᠷ ᠶᠡᠭᠡ ᠵᠠᠮ ᠪᠠᠢ᠌ᠨ᠎ᠠ᠃

ᠠᠩ ᠠᠪᠠ ᠣᠯᠬᠤ ᠦᠭᠡᠶ ᠪᠠᠢ᠌ᠭ᠎ᠠ ᠪᠣᠯ

ᠠᠷᠤ ᠳᠤ ᠦᠨᠳᠦᠷ ᠠᠭᠤᠯᠠ ᠢᠭᠴᠢ ᠣᠢ ᠪᠠᠢ᠌ᠨ᠎ᠠ᠃

ᠭᠠᠯ ᠤᠨ ᠠᠬ᠎ᠠ ᠴᠢᠨᠢ ᠭᠡᠨ ᠪᠣᠢ ︖

ᠭᠠᠵᠠᠷ ᠨᠤᠳᠤᠭ ᠴᠢᠨᠢ ᠬᠠᠮᠢᠭᠠᠭᠢ ᠪᠣᠢ ︖

ᠭᠠᠪᠰᠢᠭᠠᠢ᠌ᠯᠠᠵᠤ ᠶᠠᠪᠣᠭ᠎ᠠ ᠣᠴᠢᠷ ᠵᠢᠠᠨ

ᠭᠠᠷᠴᠠᠭ ᠳᠤᠭᠳᠠᠭᠠᠨ ᠳᠤᠰᠢᠶᠠ ︕ ᠭᠡᠪᠠᠯ ᠭᠦᠷᠭᠡᠨ ᠳᠠᠯ᠎ᠠ ᠶᠢᠨ ᠭᠡᠯᠡᠮᠦᠷᠴᠢ ᠡᠴᠡ᠄

ᠬᠤᠷᠴᠢᠨ ᠨᠤᠳᠤᠭ ᠪᠣᠯ ᠮᠢᠨᠤ ᠭᠡᠷ

ᠬᠠᠪᠣᠳᠤ ᠬᠠᠰᠠᠷ ᠪᠣᠯ ᠮᠢᠨᠤ ᠳᠡᠭᠡᠳᠦᠰ

ᠳᠦᠷᠤ ᠶᠢᠨ ᠨᠠᠢ᠌ᠷ ᠳᠤ ᠢᠷᠡᠭᠦ ᠳᠤᠯᠠ

ᠲᠥᠪ ᠶᠤᠰᠤᠯᠠᠯ ᠶᠢᠡᠷ ᠬᠤᠪᠴᠠᠯᠠᠵᠠᠢ᠃

ᠮᠤᠩᠭ᠋ᠤᠯ ᠶᠤᠰᠤ ᠪᠠᠨ ᠭᠦᠢᠴᠡᠳᠭᠡᠭᠦ ᠳᠤᠯᠠ

ᠮᠤᠷᠢ ᠪᠠᠨ ᠣᠨᠤᠭᠠᠤᠨ ᠢᠷᠠᠯ᠎ᠠ᠃

ᠠᠪᠣ ᠡᠵᠢ ᠶᠢᠨ ᠮᠢᠨᠢ ᠳᠤᠭᠳᠠᠭᠠᠭᠰᠠᠨ

ᠠᠯᠳᠠᠨ ᠣᠷᠤᠭ ᠮᠥᠩᠭᠦᠨ ᠪᠠᠷᠢᠯᠳᠤᠯᠭ᠎ᠠ

ᠠᠯᠤᠰ ᠤᠨ ᠠᠯᠤᠰ ᠡᠴᠡ ᠪᠢᠳᠠ ᠳᠠᠨ ᠤ ᠳᠤ ᠢᠷᠠᠯ᠎ᠠ᠃

᠁᠁

ᠢᠩᠭᠢᠵᠤ ᠳᠠᠭᠢᠨ ᠳᠠᠪᠳᠠᠨ ᠠᠰᠠᠭᠤᠨ ᠮᠠᠷᠭᠤᠯᠳᠠᠭᠰᠠᠨ ᠤ ᠰᠡᠭᠦᠯᠡᠷ ᠰᠠ‍‌ᠶᠢ ᠭᠡᠦᠭᠡᠨ ᠤ ᠳᠠᠯ᠎ᠠ ᠶᠢᠨ ᠭᠢᠨ ᠰᠠᠭᠠᠳᠠᠭ ᠤᠨ ᠭᠦᠮᠦᠰ ᠢ ᠣᠷᠢᠵᠤ ᠣᠷᠤᠭᠤᠯᠤᠨ᠎ᠠ᠃ ᠳᠠᠷᠠᠭ᠎ᠠ ᠡᠳᠦᠷ ᠨᠢ ᠣᠷᠤᠭ ᠤᠨ ᠳᠡᠷᠭᠡ ᠭᠦᠤ ᠶᠢᠨ ᠭᠡᠷ ᠤᠨ ᠡᠭᠦᠳᠡᠨ ᠳᠤ ᠭᠦᠷᠪᠠᠯ ᠪᠠᠰᠠ ᠡᠭᠦᠳᠡ ᠳᠠᠷᠤᠬᠤ ᠣᠴᠢᠷ ᠲᠡᠶ ᠪᠠᠢ᠌ᠳᠠᠭ᠃ ᠭᠦᠷᠭᠡᠨ ᠳᠠᠯ᠎ᠠ ᠶᠢᠨ ᠭᠡᠯᠡᠮᠦᠷᠴᠢ᠄

ᠣᠮ ᠰᠠᠢ᠌ᠨ ᠠᠮᠤᠭᠤᠯᠠᠩ ᠪᠣᠯᠳᠤᠭᠠᠢ ︕

ᠡᠩᠭᠡ ᠰᠠᠢ᠌ᠨ ᠵᠢᠷᠭᠠᠯᠠᠩ ᠪᠣᠯᠳᠤᠭᠠᠢ ︕

ᠦᠯᠵᠡᠢ ᠪᠠᠯᠭᠡ ᠵᠥᠩᠨᠡᠭ᠍ᠰᠡᠨ

ᠡᠷᠭᠢᠮ ᠭᠦᠡᠳᠦᠳᠤ ᠬᠤᠳᠠ ᠨᠡᠷ

ᠬᠣᠢ᠌ᠰᠢ ᠣᠬᠤᠷᠢᠨ ᠵᠤᠭᠰᠤᠵᠤ ᠪᠠᠢ ︕

ᠬᠤᠷᠢᠮ ᠤᠨ ᠶᠤᠰᠤ ᠶᠢ ᠰᠠᠨᠠᠭᠤᠯᠤᠶ᠎ᠠ ︕ ᠭᠡᠭᠦ ᠳᠤ ᠭᠡᠦᠭᠡᠨ ᠳᠠᠯ᠎ᠠ ᠶᠢᠨ ᠭᠡᠯᠡᠮᠦᠷᠴᠢ᠄

ᠬᠠᠷᠢ ᠬᠤᠯᠠ ᠭᠠᠵᠠᠷ ᠡᠴᠡ

ᠬᠠᠨ᠎ᠠ ᠡᠭᠦᠳᠡᠨ ᠳᠤ ᠴᠢᠨᠢ ᠢᠷᠡᠭᠦ ᠳᠤ

ᠬᠠᠭᠠᠯᠭ᠎ᠠ ᠡᠭᠦᠳᠡ ᠪᠠᠨ ᠭᠦᠰᠢᠵᠤ

ᠬᠠᠰᠢᠳᠠᠭ ᠤᠨ ᠣᠴᠢᠷ ᠶᠠᠭᠤ ᠪᠣᠢ ︖ ᠭᠡᠭᠦᠴᠢᠯᠡᠨ ᠬᠠᠷᠢᠯᠴᠠᠨ ᠣᠷᠠᠯᠢᠭ ᠳᠠᠮᠳᠠᠢ ᠰᠠᠴᠠ ᠪᠣᠯᠢᠶᠠᠯᠳᠤᠭᠠᠨ ᠨᠢᠭᠡ ᠵᠡᠷᠭᠡ ᠶᠠᠪᠣᠭᠳᠠᠨ᠎ᠠ᠃ ᠭᠡᠷᠪᠡ ᠣᠳᠠᠬᠤ ᠮᠠᠶ‍ᠢᠭᠳᠠᠢ ᠪᠣᠯ ᠬᠤᠶᠠᠷ ᠳᠠᠯ᠎ᠠ ᠶᠢᠨ ᠳᠦᠷᠦᠭᠦᠤ ᠬᠤᠳᠠ ᠭᠡᠯᠡᠯᠴᠡᠭᠡ ᠣᠷᠤᠵᠤ ᠵᠤᠭᠰᠤᠭᠠᠭᠠᠤᠨ ᠣᠷᠤᠭ ᠤᠨ ᠭᠦᠮᠦᠰ ᠶᠢᠡᠨ ᠣᠭᠳᠤᠨ ᠣᠷᠤᠭᠤᠯᠳᠠᠭ ᠵᠠᠩᠰᠢᠯ ᠲᠡᠶ᠃

ᠣᠷᠤᠭᠯᠠᠭᠰᠠᠨ ᠤ ᠭᠤᠷᠪᠠᠳᠤᠭᠠᠷ ᠡᠳᠦᠷ ᠤᠨ ᠦᠷᠯᠦᠭᠡ ᠨᠢ ᠰᠢᠨ᠎ᠠ ᠪᠠᠷᠢ ᠡᠷᠳᠡᠯᠡᠨ ᠪᠣᠰᠴᠤ ᠬᠠᠳᠠᠮ ᠡᠵᠢ ᠶᠢᠨ ᠰᠠᠪᠠᠯᠠᠵᠤ ᠦᠭ‍ᠭᠦᠭ᠍ᠰᠡᠨ ᠵᠤᠤᠬᠠᠨ ᠤ ᠦᠨᠡᠰᠤ ᠶᠢ ᠭᠡᠷ ᠤᠨ ᠪᠠᠷᠠᠭᠤᠨ ᠡᠮᠦᠨ᠎ᠡ ᠪᠠᠢ᠌ᠭ᠎ᠠ ᠦᠨᠡᠰᠤᠨ ᠣᠪᠣᠭᠠᠨ ᠳᠡᠭᠡᠷ᠎ᠡ ᠠᠪᠠᠴᠢᠵᠤ ᠬᠠᠶᠠᠨ᠎ᠠ᠃ ᠡᠷᠭᠢᠵᠤ ᠢᠷᠡᠭᠦ ᠳᠤ ᠳᠡᠭᠦᠤ ᠨᠡᠷ ᠡᠭᠦᠳᠡ ᠶᠢ ᠳᠤᠳᠤᠷ᠎ᠠ ᠡᠴᠡ ᠨᠢ ᠳᠠᠷᠤᠵᠤ ᠪᠠᠷᠭᠡᠨ ᠶᠢᠡᠨ ᠣᠷᠤᠭᠤᠯᠬᠤ ᠦᠭᠡᠶ ᠪᠦᠭᠡᠳ ᠱᠠᠬᠠᠢ ᠭᠤᠳᠤᠯ ᠠᠪᠣᠨ᠎ᠠ ᠭᠡᠵᠤ ᠨᠥᠭᠦᠴᠡᠯ ᠳᠤᠷᠠᠳᠤᠨ᠎ᠠ᠃ ᠡᠭᠦᠳᠡᠨ ᠤ ᠭᠠᠳᠠᠨ᠎ᠠ ᠳᠤᠳᠤᠨ᠎ᠠ ᠬᠤᠶᠠᠷ ᠳᠠᠯ᠎ᠠ ᠪᠠᠷ ᠶᠢᠡᠨ ᠰᠢᠷᠦᠭᠦᠨ ᠮᠠᠷᠭᠤᠯᠳᠤᠭᠰᠠᠨ ᠤ ᠰᠡᠭᠦᠯᠡᠷ᠂ ᠪᠠᠷᠭᠡᠨ ᠠᠷᠭ᠎ᠠ ᠦᠭᠡᠶ ᠱᠠᠬᠠᠢ ᠭᠤᠳᠤᠯ ᠦᠭ‍ᠭᠦ ᠪᠠᠷ ᠵᠦᠪᠰᠢᠶᠠᠷᠠᠪᠠᠯ ᠰᠠ‍‌ᠶᠢ ᠡᠭᠦᠳᠡ ᠳᠠᠢ᠌ᠯᠵᠤ ᠣᠷᠤᠭᠤᠯᠤᠨ᠎ᠠ᠃

21.ᠲ᠋ᠡᠭ᠍ᠷᠢ ᠪᠠ ᠭᠠᠯ ᠤᠨ ᠪᠣᠷᠬᠠᠨ ᠳᠤ ᠮᠦᠷᠭᠦᠭᠦᠯᠭᠦ ᠶᠤᠰᠤᠨ

ᠰᠢᠨ᠎ᠠ ᠭᠦᠷᠭᠡᠨ᠂ ᠰᠢᠨ᠎ᠠ ᠪᠠᠷᠢ ᠶᠢ ᠳᠡᠭ᠍ᠷᠢ ᠪᠡ ᠭᠠᠯ ᠳᠤ ᠮᠦᠷᠭᠦᠭᠦᠯᠭᠦ ᠪᠣᠯ ᠭᠦᠤ ᠭᠡᠦᠭᠡᠨ ᠬᠤᠶᠠᠭᠤᠯᠠ ᠶᠢᠨ ᠵᠢᠩᠭᠢᠨᠢ ᠡᠷ᠎ᠡ ᠡᠮ᠎ᠡ ᠶᠢᠨ ᠪᠠᠷᠢᠯᠳᠤᠯᠭ᠎ᠠ ᠲᠡᠶ ᠪᠣᠯᠤᠭᠰᠠᠨ ᠢ ᠡᠴᠢᠭᠡ ᠳᠡᠭ᠍ᠷᠢ ᠳᠤ ᠮᠡᠳᠡᠭᠦᠯᠵᠤ᠂ ᠨᠡᠢ᠌ᠭᠡᠮ ᠨᠠᠢ᠌ᠳᠠ ᠳᠤ ᠪᠠᠨ ᠳᠤᠩᠬᠠᠭᠯᠠᠭᠰᠠᠨ ᠶᠤᠰᠤᠯᠠᠯ ᠪᠣᠯᠬᠤ ᠶᠤᠮ᠃ ᠳᠡᠭ᠍ᠷᠢ ᠭᠠᠯ ᠳᠤ ᠮᠦᠷᠭᠦᠭᠦᠯᠭᠦ ᠶᠤᠰᠤᠯᠠᠯ ᠨᠢ ᠡᠷᠭᠡᠪᠰᠢ ᠥᠵᠡᠭᠡᠴᠢ ᠪᠠᠭᠰᠢ ᠶᠢᠨ ᠦᠵᠡᠵᠤ ᠦᠭ‍ᠭᠦᠭ᠍ᠰᠡᠨ ᠴᠠᠭ ᠲᠤ ᠶᠠᠪᠣᠭᠳᠠᠨ᠎ᠠ᠃ 《ᠮᠥᠩᠭᠡ ᠳᠡᠭ᠍ᠷᠢ ᠶᠢᠨ ᠭᠦᠴᠤᠨ》 ᠳ᠋ᠤ ᠪᠠᠨ ᠰᠢᠳᠤᠵᠤ 《ᠡᠴᠢᠭᠡ ᠳᠡᠭ᠍ᠷᠢ》 ᠶ᠋ᠢᠨ ᠬᠠᠮᠠᠭᠠᠯᠠᠯ ᠪᠠ ᠰᠤᠶᠤᠷᠬᠠᠯ ᠢ ᠠᠳᠠᠯᠢᠬᠠᠨ ᠭᠦᠷᠳᠡᠵᠤ ᠭᠦᠭ᠍ᠵᠢᠭ᠍ᠰᠡᠨ ᠬᠠᠮᠤᠭ ᠮᠤᠩᠭ᠋ᠤᠯᠴᠤᠳ ᠲᠡᠶ ᠠᠳᠠᠯᠢ ᠪᠠᠷ ᠬᠤᠷᠴᠢᠠᠴᠤᠳ ᠮᠦᠨ 《ᠡᠴᠢᠭᠡ ᠳᠡᠭ᠍ᠷᠢ᠂ ᠡᠭᠡ ᠭᠠᠵᠠᠷ᠂ ᠠᠷᠢᠭᠤᠨ ᠭᠠᠯ》 ᠶ᠋ᠢᠡᠨ 《ᠪᠦᠭᠦᠨ ᠤ ᠳᠡᠭᠡᠳᠤ》 ᠪᠣᠯᠭᠠᠨ ᠰᠢᠳᠦᠳᠡᠭ᠌ ᠵᠠᠩᠰᠢᠯ ᠶᠢᠡᠨ ᠣᠷᠭᠢᠭ᠎ᠠ ᠦᠭᠡᠶ᠃ 《ᠮᠤᠩᠭ᠋ᠤᠯ ᠤᠨ ᠨᠢᠭᠤᠴᠠ ᠳᠤᠪᠴᠢᠶᠠᠨ》 §1 ᠳ᠋ᠤ 《ᠴᠢᠩᠭᠢᠰ ᠬᠠᠭᠠᠨ ᠤ ᠢᠵᠠᠭᠤᠷ ᠳᠡᠭᠡᠳᠤ ᠳᠡᠭ᠍ᠷᠢ ᠡᠴᠡ ᠵᠠᠶᠠᠭᠠᠳᠤ ᠳᠦᠷᠦᠭ᠍ᠰᠡᠨ ᠪᠦᠷᠳᠡ ᠴᠢᠨ᠋ᠸ᠎ᠠ ᠠᠵᠤᠭᠤ》᠂ 《ᠣᠢ᠌ᠭᠤᠷᠵᠢᠨ ᠮᠤᠩᠭ᠋ᠤᠯ ᠦᠰᠦᠭ᠌ ᠤᠨ ᠳᠤᠷᠠᠰᠬᠠᠯᠳᠤ ᠪᠢᠴᠢᠭ᠌ ᠤᠳ》 ᠳᠤᠪᠣ᠂ ᠪᠠᠭᠡᠵᠢᠩ᠂ ᠦᠨᠳᠦᠰᠦᠳᠠᠨ ᠤ ᠭᠡᠪᠯᠡᠯ ᠤᠨ ᠬᠤᠷᠢᠶ᠎ᠠ᠂ 1983ᠣᠨ᠂ §17᠂ 41᠂ 52᠂ 75᠂ 390 ᠳ᠋ᠤ 《ᠮᠥᠩᠭᠡ ᠳᠡᠭ᠍ᠷᠢ ᠶᠢᠨ ᠭᠦᠴᠤᠨ ᠳᠤᠷ ᠶᠡᠭᠡ ᠮᠤᠩᠭ᠋ᠤᠯ ᠣᠯᠤᠰ ᠤᠨ ᠳᠠᠯᠠᠢ ᠵᠠ ᠬᠠᠨ ᠤ ᠵᠠᠷᠯᠢᠭ》᠂ 《ᠮᠥᠩᠭᠡ ᠳᠡᠭ᠍ᠷᠢ ᠶᠢᠨ ᠭᠦᠴᠦᠡ ᠳᠦᠷ ᠬᠠᠭᠠᠨ ᠤ ᠰᠤᠤ ᠳᠤᠷ》᠂ 《ᠳᠡᠭ᠍ᠷᠢ ᠶᠢ ᠵᠠᠯᠪᠠᠷᠢᠵᠤ》᠂ 《ᠳᠡᠭ᠍ᠷᠢ ᠳᠠ ᠮᠦᠷ ᠥᠭ᠍ᠳᠡᠵᠤ》᠂ 《ᠳᠡᠭ᠍ᠷᠢ ᠶᠢᠨ ᠭᠦᠴᠤᠨ ᠬᠠᠭᠠᠨ ᠤ ᠰᠤᠤ ᠮᠡᠲ᠋ᠡᠳᠦᠭᠡᠢ》᠂ 《ᠮᠥᠩᠭᠡ ᠳᠡᠭ᠍ᠷᠢ ᠮᠠᠳᠠ ᠭᠡᠮᠡᠵᠤ》᠂ 《ᠮᠥᠩᠭᠡ ᠳᠡᠭ᠍ᠷᠢ ᠲᠤᠷ ᠵᠠᠯᠪᠠᠷᠢᠪᠠᠰᠤ》᠂ 《ᠮᠥᠩᠭᠡ ᠳᠡᠭ᠍ᠷᠢ ᠶᠢᠨ ᠢᠪᠠᠭᠡᠯ ᠶᠢᠠᠷ》 ᠭᠡᠭᠦ ᠮᠠᠳᠤᠴᠢᠯᠠᠨ ᠳᠡᠮᠳᠡᠭᠯᠡᠭ᠍ᠰᠡᠨ ᠪᠠᠢ᠌ᠳᠠᠭ᠃ ᠬᠤᠷᠴᠢᠨ ᠮᠤᠩᠭ᠋ᠤᠯᠴᠤᠳ ᠴᠠᠭᠠᠨ ᠰᠠᠷ᠎ᠠ ᠶᠢᠨ ᠪᠢᠳᠡᠭᠦᠨ ᠪᠠ ᠴᠠᠭᠠᠨ ᠰᠠᠷ᠎ᠠ ᠶᠢᠨ ᠰᠢᠨ᠎ᠠ ᠶᠢᠨ ᠨᠢᠭᠡᠨ ᠳᠤ ᠳᠡᠭ᠍ᠷᠢ ᠳᠤ ᠮᠦᠷᠭᠦᠳᠡᠭ᠌᠃ ᠣᠷᠤᠭ ᠬᠤᠷᠢᠮ ᠤᠨ ᠶᠤᠰᠤᠯᠠᠯ ᠳᠤ ᠳᠡᠭ᠍ᠷᠢ ᠳᠤ ᠮᠦᠷᠭᠦᠳᠡᠭ᠌᠃ ᠣᠷᠤᠭ ᠤᠨ ᠳᠡᠷᠭᠡ ᠮᠤᠷᠢ ᠢᠷᠡᠭ᠍ᠰᠡᠨ ᠤ ᠳᠠᠷᠠᠭ᠎ᠠ ᠭᠦᠷᠭᠡᠨ ᠳᠠᠯ᠎ᠠ ᠶᠢᠨ ᠭᠢᠨ ᠣᠶᠠᠭ᠎ᠠ ᠡᠴᠡ ᠵᠤᠭᠢᠬᠤ ᠵᠠᠢ᠌ᠳᠠᠢ ᠭᠠᠵᠠᠷ ᠲᠤ ᠢᠰᠡᠭᠡᠢ ᠳᠠᠪᠢᠰᠴᠤ ᠳᠡᠭᠡᠷ᠎ᠡ ᠨᠢ ᠨᠠᠷᠢᠮᠤ ᠶᠢᠨ ᠴᠠᠭᠠᠨ ᠶᠢᠡᠷ ᠴᠠᠭᠠᠵᠠ ᠶᠢᠨ ᠳᠠᠮᠠᠭ᠎ᠠ ᠵᠢᠷᠤᠵᠤ ᠰᠠᠩ ᠳᠠᠯᠪᠢᠭᠰᠠᠨ ᠤ ᠳᠠᠷᠠᠭ᠎ᠠ ᠬᠤᠶᠠᠷ ᠳᠠᠯ᠎ᠠ ᠶᠢᠨ ᠪᠠᠷᠭᠡᠳ ᠭᠡᠦᠭᠡᠨ ᠢ ᠲᠦᠰᠢᠵᠤ ᠮᠦᠷᠭᠦᠭᠦᠯᠦᠭ᠍ᠰᠡᠨ ᠠᠪᠣ ᠡᠵᠢ ᠶᠢᠨ ᠭᠢᠨᠢ ᠵᠡᠭᠦᠨ ᠳᠠᠯ᠎ᠠ ᠳᠤ ᠵᠤᠭᠰᠤᠭᠠᠵᠤ᠂ ᠭᠦᠷᠭᠡᠨ ᠭᠦᠤ ᠶᠢ ᠪᠠᠷᠠᠭᠤᠨ ᠳᠠᠯ᠎ᠠ ᠳᠤ ᠨᠢ ᠵᠤᠭᠰᠤᠭᠠᠭᠠᠤᠨ ᠮᠦᠷᠭᠦᠭᠦᠯᠦᠭ᠍ᠰᠡᠨ ᠠᠪᠣ ᠡᠵᠢ ᠨᠢ ᠮᠥᠩᠭᠦᠨ ᠠᠶᠠᠭ᠎ᠠ ᠲᠡᠶ ᠰᠦ᠋ ᠪᠠᠷ ᠳᠡᠭ᠍ᠷᠢ ᠳᠤ ᠰᠠᠴᠤᠯᠢ ᠡᠷᠭᠦᠨ ᠳᠠᠭᠢᠨ ᠦᠪᠡᠷ ᠶᠢᠡᠨ ᠠᠮᠰᠠᠭᠰᠠᠨ ᠤ ᠳᠠᠷᠠᠭ᠎ᠠ ᠪᠠᠰᠠ ᠭᠦᠤ ᠪᠠᠷᠢ ᠳᠤ ᠠᠮᠰᠠᠭᠤᠯᠵᠤ ᠬᠤᠶᠠᠭᠤᠯᠠ ᠶᠢ ᠣᠷᠭᠤᠬᠤ ᠨᠠᠷᠠᠨ ᠵᠥᠭ᠌ ᠬᠠᠠᠳᠤᠭᠤᠯᠵᠤ ᠳᠡᠭ᠍ᠷᠢ ᠳᠤ ᠮᠦᠷᠭᠦᠭᠦᠯᠳᠡᠭ᠌᠃ ᠰᠢᠨ᠎ᠠ ᠪᠠᠷᠢ ᠶᠢ ᠣᠭᠳᠤᠵᠤ ᠳᠡᠷᠭᠡ ᠮᠤᠷᠢᠨ ᠡᠴᠡ ᠪᠠᠭᠤᠯᠭᠠᠬᠤ ᠳᠤ ᠪᠠᠨ ᠶᠠᠷᠤ ᠨᠢ ᠭᠠᠵᠠᠷ ᠰᠢᠷᠤᠢ ᠳᠤ ᠭᠡᠰᠭᠢᠭᠦᠯᠳᠡᠭ᠌ ᠦᠭᠡᠶ᠃ ᠣᠷᠢᠳᠴᠢᠯᠠᠨ ᠪᠡᠯᠡᠳᠭᠡᠵᠤ ᠳᠡᠪᠢᠰᠦᠭ᠍ᠰᠡᠨ ᠢᠰᠡᠭᠡᠢ ᠪᠣᠶᠤ ᠭᠡᠪᠢᠰ ᠳᠡᠭᠡᠷ᠎ᠡ ᠪᠠᠭᠤᠯᠭᠠᠳᠠᠭ᠃ ᠡᠨᠡᠭᠦ ᠶᠤᠰᠤ ᠨᠢ ᠨᠢᠭᠡ ᠳᠠᠯ᠎ᠠ ᠪᠠᠷ ᠰᠢᠨ᠎ᠠ ᠪᠠᠷᠢ ᠶᠢᠨ ᠭᠦᠯ ᠨᠢ ᠭᠠᠵᠠᠷ ᠰᠢᠷᠤᠢ ᠳᠡᠭᠡᠷ᠎ᠡ ᠵᠤᠯᠭᠠᠮᠠᠭᠴᠠ ᠳᠤᠳᠠᠭᠠᠴᠢᠬᠠᠨ᠎ᠠ ᠭᠡᠳᠡᠭ᠌ ᠪᠣᠯᠢᠶᠠᠮᠠᠯ ᠣᠷᠤᠭ ᠤᠨ ᠥᠯᠡᠳᠡᠭ᠍ᠳᠡᠯ ᠪᠠᠢ᠌ᠵᠤ ᠮᠠᠳᠠᠨ᠎ᠠ ᠭᠡᠭᠦ ᠪᠣᠶᠤ ᠨᠥᠭᠦᠭᠡ ᠳᠠᠯ᠎ᠠ ᠪᠠᠷ ᠪᠠᠰᠠ ᠰᠢᠨ᠎ᠠ ᠨᠢᠭᠡᠨ ᠭᠡᠷ ᠪᠦᠯᠢ ᠶᠢᠨ ᠪᠦᠷᠢᠯᠳᠦᠭᠦᠨ ᠶᠢᠡᠨ ᠭᠦᠡᠳᠦᠯᠡᠵᠤ ᠭᠦᠡᠳᠦᠳᠭᠡᠵᠤ ᠪᠠᠢ᠌ᠭ᠎ᠠ ᠶᠢᠨ ᠢᠯᠠᠷᠠᠯ ᠳᠤᠰᠬᠠᠯ ᠪᠠᠢ᠌ᠵᠤ ᠳᠠᠭᠠᠷᠠᠨ᠎ᠠ᠃

ᠮᠤᠩᠭ᠋ᠤᠯᠴᠤᠳ ᠠᠯᠢ ᠡᠷᠳᠡ ᠳᠡᠭᠡᠳᠤ ᠦᠶ᠎ᠡ ᠡᠴᠡ ᠪᠠᠨ ᠭᠠᠯ ᠢ ᠡᠷᠭᠢᠮᠯᠡᠨ 《ᠠᠷᠢᠭᠤᠨ ᠪᠦᠭᠦᠨ ᠤ ᠳᠡᠭᠡᠳᠤ》 ᠪᠣᠯᠭᠠᠨ ᠰᠢᠳᠤᠵᠤ᠂ ᠠᠢ᠌ᠯ ᠡᠷᠦᠭᠡ ᠶᠢᠨ ᠰᠥᠭ᠌ ᠰᠦᠯᠳᠡ᠂ ᠠᠳᠠᠯ ᠠᠮᠢᠳᠤᠷᠠᠯ ᠤᠨ ᠭᠦᠭ᠍ᠵᠢᠯ ᠪᠠᠳᠠᠷᠠᠯ ᠤᠨ ᠪᠠᠯᠭᠡ ᠳᠡᠮᠳᠡᠭ᠌ ᠶᠢᠡᠷ ᠦᠵᠡᠵᠤ᠂ ᠵᠢᠯ ᠪᠦᠷᠢ ᠶᠢᠨ ᠯᠠ ᠰᠠᠷ᠎ᠠ ᠶᠢᠨ ᠬᠤᠷᠢᠨ ᠭᠤᠷᠪᠠᠨ ᠳᠤ ᠭᠠᠯ ᠳᠠᠭᠢᠳᠠᠭ ᠪᠠ ᠭᠡᠷ ᠪᠠᠷᠢᠵᠤ ᠨᠡᠭᠦᠭᠦ᠂ ᠬᠤᠷᠢᠮ ᠬᠤᠷᠠᠯ ᠭᠢᠭᠦ ᠪᠦᠷᠢ ᠪᠠᠰᠠ ᠭᠠᠯ ᠶᠢᠡᠨ ᠳᠠᠭᠢᠳᠠᠭ᠃ ᠰᠢᠨ᠎ᠠ ᠪᠠᠷᠢ ᠬᠠᠳᠠᠮ ᠤᠨ ᠭᠡᠷ ᠤᠨ ᠭᠠᠯ ᠤᠨ ᠪᠣᠷᠬᠠᠨ ᠳᠤ ᠮᠦᠷᠭᠦᠭᠦ ᠶᠤᠰᠤᠯᠠᠯ ᠭᠢᠮᠠᠠᠵᠢᠨ ᠰᠠ‍‌ᠶᠢ ᠳᠤᠰ ᠭᠡᠷ ᠪᠦᠯᠢ ᠶᠢᠨ ᠪᠦᠷᠢᠨ ᠡᠷᠭᠡᠳᠤ ᠨᠢᠭᠡ ᠭᠡᠰᠢᠭᠦᠨ ᠨᠢ ᠪᠣᠯᠳᠠᠭ᠃ ᠭᠡᠷᠪᠡ ᠰᠢᠨ᠎ᠠ ᠬᠤᠶᠠᠷ ᠭᠦᠮᠤᠨ ᠨᠢ ᠠᠰ ᠶᠢᠡᠷ ᠶᠢᠡᠨ ᠭᠡᠷ ᠪᠦᠯᠢ ᠪᠠᠢ᠌ᠭᠤᠯᠬᠤ ᠪᠣᠯ ᠡᠴᠢᠭᠡ ᠶᠢᠨ ᠭᠡᠷ ᠤᠨ ᠬᠤᠪᠣᠩ ᠤᠨ ᠭᠠᠯ ᠡᠴᠡ ᠭᠦᠷᠦᠩᠭᠡ ᠠᠪᠴᠤ᠂ ᠰᠢᠨ᠎ᠠ ᠭᠡᠷ ᠲᠤ ᠪᠠᠨ ᠠᠪᠠᠴᠢᠨ᠂ ᠭᠠᠯ ᠭᠤᠯᠤᠮᠳᠠ ᠪᠠᠨ ᠵᠠᠯᠭᠠᠮᠵᠢᠯᠠᠵᠤ ᠭᠦᠭ᠍ᠵᠢᠭᠦᠯᠵᠤ ᠪᠠᠢ᠌ᠭ᠎ᠠ ᠪᠠᠨ ᠢᠯᠡᠳᠭᠡᠳᠡᠭ᠌ ᠶᠤᠰᠤᠳᠠᠢ᠃ ᠰᠢᠨ᠎ᠠ ᠭᠦᠤ ᠪᠠᠷᠢ ᠭᠠᠯ ᠤᠨ ᠪᠣᠷᠬᠠᠨ ᠳᠤ ᠪᠠᠨ ᠮᠦᠷᠭᠦᠭᠦ ᠦᠶ᠎ᠡ ᠳᠤ ᠭᠡᠯᠡᠮᠦᠷᠴᠢ ᠬᠠᠵᠠᠭᠤ ᠡᠴᠡ ᠳᠠᠭᠢᠯᠭ᠎ᠠ ᠶᠢᠨ ᠥᠭᠡᠰ ᠢ ᠣᠩᠰᠢᠨ᠎ᠠ᠄

ᠣᠮ ᠰᠠᠢ᠌ᠨ ᠠᠮᠤᠭᠤᠯᠠᠩ ᠪᠣᠯᠳᠤᠭᠠᠢ ︕

ᠡᠩᠭᠡ ᠰᠠᠢ᠌ᠨ ᠵᠢᠷᠭᠠᠯᠠᠩ ᠪᠣᠯᠳᠤᠭᠠᠢ ︕

ᠬᠠᠭᠠᠨ ᠡᠴᠢᠭᠡ ᠶᠢᠨ ᠴᠠᠭᠢᠭᠰᠠᠨ ᠭᠠᠯ

ᠬᠠᠳᠤᠨ ᠡᠭᠡ ᠶᠢᠨ ᠥᠯᠢᠶᠡᠭ᠍ᠰᠡᠨ ᠭᠠᠯ

ᠰᠢᠷ᠎ᠠ ᠭᠢᠯᠠᠭᠠᠨ᠎ᠠ ᠡᠪᠠᠰᠤᠨ ᠠᠮᠢ ᠲᠡᠶ

ᠰᠢᠷ᠎ᠠ ᠳᠦᠷᠦᠭᠦᠳᠤ ᠴᠠᠭᠠᠨ ᠬᠤᠨᠢᠨ ᠳᠠᠭᠢᠯᠭᠠᠳᠤ

ᠰᠢᠵᠢᠮᠠᠯ ᠣᠯᠠᠭᠠᠨ ᠳᠤᠷᠭᠠᠨ ᠡᠮᠦᠰᠭᠡᠯᠳᠤ

ᠰᠢᠯᠢ ᠰᠠᠢ᠌ᠳᠤ ᠭᠦᠪᠠᠭᠦᠨ

ᠰᠢᠪᠠᠷᠭᠡᠯ ᠰᠠᠢ᠌ᠳᠤ ᠪᠠᠷᠢᠳᠠᠤᠨ

ᠰᠢᠯᠤᠭᠤᠨ ᠰᠠᠢ᠌ᠳᠤ ᠦᠬᠢᠳ

ᠰᠢᠠᠵᠢ ᠰᠠᠢ᠌ᠳᠤ ᠭᠦᠷᠭᠡᠳ ᠢ ᠦᠰᠭᠡᠭ᠍ᠰᠡᠨ

ᠦᠷᠭᠡᠨ ᠶᠡᠭᠡ ᠭᠠᠯ ᠢ ᠴᠢᠨᠢ

ᠥᠭᠡᠭᠦ ᠳᠤᠰᠤᠨ ᠶᠢᠡᠷ ᠢᠷᠦᠭᠡᠵᠤ ᠳᠠᠭᠢᠨᠠᠮ

ᠠᠪᠣ ᠳᠡᠭᠡᠳᠦᠰ ᠤᠨ ᠶᠢᠡᠨ ᠭᠠᠯ ᠭᠤᠯᠤᠮᠳᠠ ᠶᠢ

ᠠᠴᠢ ᠦᠷ᠎ᠡ ᠨᠢ ᠪᠣᠯᠵᠤ ᠵᠠᠯᠭᠠᠮᠵᠢᠯᠠᠵᠤ

ᠣᠬᠠᠭᠠᠨ ᠰᠠᠢ᠌ᠳᠠᠢ ᠰᠠᠴᠠᠨ ᠮᠡᠷᠭᠡᠨ ᠭᠦᠤ ᠲᠡᠶ

ᠣᠷᠠᠨ ᠰᠠᠢ᠌ᠬᠠᠨ ᠭᠤᠸ᠎ᠠ ᠭᠡᠦᠭᠡᠨ ᠲᠡᠶ ᠪᠣᠯᠳᠤᠭᠠᠢ︕ ᠭᠡᠵᠤ ᠣᠶᠠᠩᠭ᠋ᠠᠯᠠᠨ ᠢᠷᠦᠭᠡᠳᠡᠭ᠌ ᠪᠠᠢ᠌ᠨ᠎ᠠ᠃

22.ᠦᠰᠤ ᠬᠠᠭᠠᠯᠬᠤ ᠶᠤᠰᠤᠨ

ᠣᠷᠤᠭ ᠤᠨ ᠵᠤᠴᠢᠳ ᠶᠢᠡᠨ ᠣᠭᠳᠤᠬᠤ ᠶᠤᠰᠤᠯᠠᠯ ᠳᠠᠰ ᠳᠠᠷᠠᠭᠠᠯᠠᠨ ᠡᠮᠭᠢ ᠳᠢᠭ᠍ᠯᠢᠮ ᠲᠡᠶ ᠶᠠᠪᠣᠭᠳᠠᠬᠤ ᠶᠢᠨ ᠳᠤᠮᠳᠠ ᠰᠢᠨ᠎ᠠ ᠪᠠᠷᠢ ᠶᠢ ᠰᠢᠨ᠎ᠠ ᠭᠡᠷ ᠲᠤᠨᠢ ᠣᠷᠤᠭᠤᠯᠵᠤ᠂ ᠬᠠᠠᠵᠤᠨ ᠭᠤᠤᠯ ᠳᠤ ᠰᠠᠭᠤᠭ᠎ᠠ ᠮᠦᠷᠭᠦᠭᠦᠯᠦᠭ᠍ᠰᠡᠨ ᠠᠪᠣ ᠡᠵᠢ ᠳᠤ ᠴᠠᠢ ᠠᠶᠠᠭᠠᠯᠠᠨ ᠪᠠᠷᠢᠭᠰᠠᠨ ᠤ ᠳᠡᠷᠠᠭ᠎ᠠ᠂ ᠮᠦᠷᠭᠦᠭᠦᠯᠦᠭ᠍ᠰᠡᠨ ᠡᠵᠢ ᠨᠢ ᠵᠠᠭᠠᠨ ᠤ ᠶᠠᠰᠤᠨ ᠰᠠᠮ ᠪᠣᠶᠤ ᠮᠥᠩᠭᠦᠨ ᠬᠠᠳᠬᠤᠭᠤᠷ ᠶᠢᠡᠷ ᠭᠡᠦᠭᠡᠨ ᠭᠡᠵᠢᠭᠡ ᠶᠢ ᠨᠢ ᠪᠠᠷᠢ ᠭᠦᠮᠤᠨ ᠤ ᠭᠡᠵᠢᠭᠡ ᠪᠣᠯᠭᠠᠨ ᠳᠤᠯᠤᠭᠠᠢ ᠶᠢᠨ ᠭᠤᠤᠯ ᠵᠠᠭᠠᠳᠠᠰᠤ ᠪᠠᠷ ᠨᠢ ᠪᠢᠳᠡᠭᠦᠤ ᠦᠰᠤ ᠶᠢ ᠨᠢ ᠬᠠᠭᠠᠯᠵᠤ ᠭᠦᠡᠳᠡᠪᠠᠯ᠂ ᠪᠠᠷᠢ ᠪᠣᠯᠤᠭᠰᠠᠨ ᠭᠡᠵᠢᠭᠡ ᠶᠢ ᠬᠤᠶᠠᠷ ᠰᠠᠯᠠᠭᠠᠯᠠᠨ ᠭᠦᠷᠦᠨ᠎ᠡ᠃ ᠳᠠᠮᠤᠷ ᠰᠠᠮ ᠶᠢᠡᠷ ᠰᠠᠮᠨᠠᠬᠤ ᠶᠢ ᠡᠷᠡᠰ ᠴᠡᠭᠡᠷᠯᠡᠳᠡᠭ᠌᠃ ᠥᠩᠭᠡᠷᠡᠭ᠍ᠰᠡᠨ ᠳᠤ ᠰᠢᠨ᠎ᠠ ᠪᠠᠷᠢ ᠪᠠ ᠰᠢᠨ᠎ᠠ ᠭᠦᠷᠭᠡᠨ ᠤ ᠦᠰᠤ ᠶᠢ ᠨᠡᠢ᠌ᠯᠡᠭᠦᠯᠵᠤ ᠰᠠᠮᠨᠠᠳᠠᠭ ᠵᠠᠩᠰᠢᠯ ᠲᠡᠶ ᠪᠠᠢ᠌ᠵᠠᠢ᠃ ᠡᠨᠡ ᠨᠢ ᠰᠢᠨ᠎ᠠ ᠬᠤᠶᠠᠷ ᠭᠦᠮᠤᠨ ᠤ ᠠᠮᠢᠨ ᠰᠦᠨᠠᠰᠤ ᠭᠡᠵᠢᠭᠡ ᠪᠠᠷ ᠳᠠᠮᠵᠢᠨ ᠨᠡᠢ᠌ᠯᠡᠭᠡᠳ ᠨᠢᠭᠡᠯᠡ ᠠᠮᠢ ᠨᠠᠰᠤ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠨᠢᠭᠡᠯᠡ ᠰᠦᠨᠠᠰᠤ ᠪᠣᠯᠵᠤ ᠪᠠᠢ᠌ᠨ᠎ᠠ ᠭᠡᠰᠡᠨ ᠭᠡᠷᠡᠭ᠌ ᠶᠤᠮ᠃ ᠮᠤᠩᠭ᠋ᠤᠯ ᠰᠤᠶᠤᠯ ᠳᠤ ᠪᠠᠰᠠ ᠦᠰᠤ ᠭᠡᠵᠢᠭᠡ ᠪᠠᠷ ᠠᠮᠢ ᠪᠠᠶ᠎ᠠ ᠶᠢ ᠲᠦᠯᠦᠭᠡᠯᠡᠭᠦᠯᠳᠡᠭ᠌ ᠵᠠᠩᠰᠢᠯᠳᠠᠢ ᠪᠠᠢ᠌ᠵᠠᠢ᠃ ᠣᠳᠤ ᠰᠢᠨ᠎ᠠ ᠪᠠᠷᠢ ᠶᠢᠨ ᠭᠡᠵᠢᠭᠡ ᠶᠢ ᠰᠠᠯᠠᠭᠠᠯᠠᠨ ᠭᠦᠷᠦᠭᠦ ᠳᠤ ᠪᠠᠨ ᠭᠦᠷᠭᠡᠨ ᠳᠠᠯ᠎ᠠ ᠶᠢᠨ ᠪᠠᠷᠭᠡᠨ ᠪᠠᠷᠠᠭᠤᠨ ᠰᠠᠯᠠᠭ᠎ᠠ ᠶᠢ᠂ ᠭᠡᠦᠭᠡᠨ ᠳᠠᠯ᠎ᠠ ᠶᠢᠨ ᠪᠠᠷᠭᠡᠨ ᠵᠡᠭᠦᠨ ᠰᠠᠯᠠᠭ᠎ᠠ ᠶᠢ ᠳᠤᠰ ᠳᠤᠰ ᠭᠦᠷᠦᠵᠤ ᠪᠣᠠᠳᠤ ᠪᠣᠭᠤᠨ ᠬᠠᠳᠬᠤᠭᠤᠷ᠂ ᠡᠭᠡᠮᠦᠭ᠌᠂ ᠰᠥᠢᠭᠡ ᠵᠡᠷᠭᠡ ᠵᠠᠰᠠᠯ ᠵᠢᠮᠰᠡᠭ᠌ ᠤᠨ ᠵᠣᠢ᠌ᠯ ᠢ ᠵᠡᠭᠦᠯᠭᠡᠨ᠂ ᠪᠠᠷᠢ ᠪᠣᠯᠤᠭᠰᠠᠨ ᠤ ᠪᠠᠯᠭᠡ ᠳᠡᠮᠳᠡᠭ᠌ ᠪᠣᠯᠭᠠᠳᠠᠭ᠃ ᠬᠤᠷᠴᠢᠨ ᠮᠤᠩᠭ᠋ᠤᠯ ᠡᠮᠡᠭ᠍ᠳᠡᠢ᠌ᠴᠦᠳ ᠤᠨ ᠬᠤᠶᠠᠷ ᠰᠠᠯᠠᠭ᠎ᠠ ᠭᠡᠵᠢᠭᠡ ᠭᠦᠷᠦᠵᠤ᠂ ᠬᠤᠶᠠᠷ ᠡᠩᠭᠡᠷ ᠲᠤ ᠪᠠᠨ ᠡᠮᠦᠨᠡᠰᠢ ᠣᠠᠵᠢᠭᠤᠯᠬᠤ ᠪᠣᠯ ᠡᠭᠡᠨᠡᠷ ᠭᠦᠮᠤᠨ ᠤ ᠳᠡᠮᠳᠡᠭ᠌ ᠶᠤᠮ᠃ ᠠᠢ᠌ᠯ ᠳᠤ ᠪᠠᠷᠢ ᠪᠣᠯᠤᠭᠠᠳᠤᠢ ᠭᠡᠦᠭᠡᠨ ᠭᠦᠮᠤᠨ ᠭᠡᠵᠢᠭᠡ ᠪᠠᠨ ᠬᠤᠶᠠᠷ ᠰᠠᠯᠠᠭᠠᠯᠠᠨ ᠭᠦᠷᠦᠭᠦ ᠶᠢ ᠴᠡᠭᠡᠷᠯᠡᠳᠡᠭ᠌᠃ 《ᠦᠭᠢᠨ ᠭᠡᠵᠢᠭᠡ》 ᠨᠢ ᠭᠡᠵᠢᠶᠡᠳᠡ ᠳᠤᠯᠤᠭᠠᠢ ᠶᠢ ᠨᠢ ᠪᠦᠷᠭᠦᠵᠤ ᠪᠠᠢ᠌ᠬᠤ ᠭᠡᠷᠡᠭ᠍ᠳᠡᠢ᠃ 《ᠦᠭᠢᠨ ᠭᠡᠵᠢᠭᠡ》 ᠭᠡᠵᠤ ᠣᠷᠤᠭᠯᠠᠭᠠᠳᠤᠢ ᠡᠮᠡᠭ᠍ᠳᠡᠢ ᠭᠦᠮᠤᠨ ᠤ ᠠᠷᠤ ᠳᠤ ᠪᠠᠨ ᠨᠢᠭᠡᠯᠡ ᠳᠤᠮᠤ ᠪᠢᠳᠡᠭᠦᠤ ᠭᠡᠵᠢᠭᠡ ᠭᠦᠷᠦᠭᠡᠳ ᠪᠠᠢ᠌ᠬᠤ ᠶᠢ ᠭᠡᠯᠡᠨ᠎ᠡ᠃ ᠪᠠᠷᠢ ᠭᠡᠵᠢᠭᠡ ᠶᠢ ᠭᠦᠷᠦᠵᠤ ᠪᠠᠷᠠᠭᠰᠠᠨ ᠤ ᠳᠠᠷᠠᠭ᠎ᠠ᠂ ᠰᠢᠨ᠎ᠠ ᠪᠠᠷᠢ ᠶᠢ ᠭᠡᠷ ᠲᠤ ᠲᠦᠰᠢᠨ ᠣᠷᠤᠭᠤᠯᠵᠤ᠂ ᠪᠠᠷᠭᠡᠨ ᠨᠡᠷ ᠨᠢ ᠭᠦᠪᠦᠩ ᠴᠠᠭᠠᠨ ᠣᠳᠠᠰᠤ ᠪᠠᠷ ᠨᠢᠭᠤᠷ ᠤᠨ ᠰᠢᠷ᠎ᠠ ᠦᠰᠤ ᠶᠢ ᠨᠢ ᠠᠪᠴᠤ ᠨᠢᠭᠡᠨᠲᠡ ᠪᠦᠷᠢᠨ ᠪᠦᠳᠤᠨ ᠭᠦᠮᠤᠨ ᠪᠣᠯᠤᠭᠰᠠᠨ ᠢ ᠢᠯᠡᠳᠭᠡᠨ᠎ᠡ᠃ ᠡᠭᠦᠨ ᠢ 《ᠰᠢᠷ᠎ᠠ ᠦᠰᠤ ᠶᠢ ᠨᠢ ᠠᠪᠣᠨ᠎ᠠ》 ᠭᠡᠳᠡᠭ᠌᠃

ᠬᠤᠷᠴᠢᠨ ᠮᠤᠩᠭ᠋ᠤᠯ ᠪᠦᠰᠡᠭᠦᠢ ᠶᠢᠨ ᠳᠤᠯᠤᠭᠠᠢ ᠶᠢᠨ ᠵᠠᠰᠠᠯ ᠪᠣᠯ ᠶᠤᠰᠤᠳᠠᠢ ᠣᠷᠠᠯᠠᠯ ᠤᠨ ᠨᠠᠷᠢᠨ ᠪᠦᠳᠦᠭᠡᠯ᠂ ᠭᠤᠶᠤᠯᠠᠯ ᠤᠨ ᠰᠤᠳᠤᠨ ᠥᠵᠡᠭᠦᠯᠦᠯᠭᠡ ᠪᠣᠯᠬᠤ ᠶᠤᠮ᠃ ᠰᠢᠨ᠎ᠠ ᠪᠠᠷᠢ ᠳᠤ ᠵᠡᠭᠦᠯᠭᠡᠭᠦ ᠳᠤᠯᠤᠭᠠᠢ ᠶᠢᠨ ᠵᠠᠰᠠᠯ ᠳᠤ ᠠᠯᠳᠠ ᠮᠥᠩᠭᠦᠨ ᠰᠥᠢᠭᠡ᠂ ᠬᠠᠳᠬᠤᠭᠤᠷ᠂ ᠮᠠᠨᠤ ᠰᠢᠷᠤ ᠬᠠᠳᠠᠭᠰᠠᠨ ᠳᠠᠳᠠᠭᠤᠷ᠂ ᠰᠢᠷᠭᠢᠭᠦᠯ᠂ ᠬᠠᠠᠳᠠᠷᠭ᠎ᠠ᠂ ᠬᠤᠯᠪᠣᠭ᠎ᠠ ᠣᠠᠵᠢᠯᠠᠭ᠎ᠠ᠂ ᠰᠢᠬᠠᠯᠳᠠ᠂ ᠬᠤᠢ᠁ ᠪᠠ ᠪᠠᠭᠤᠤ ᠳᠤ ᠪᠠᠨ ᠵᠡᠭᠦᠭᠦ ᠪᠠᠭᠤᠪᠴᠢ᠂ ᠬᠤᠷᠤᠭᠤᠨ ᠳᠤ ᠪᠠᠨ ᠭᠢᠭᠦ ᠶᠠᠩᠵᠤ ᠪᠦᠷᠢ ᠶᠢᠨ ᠪᠦᠯᠡᠵᠢᠩ ᠵᠡᠷᠭᠡ ᠨᠢ ᠳᠤᠰᠬᠠᠢ ᠳᠤᠰᠬᠠᠢ ᠪᠠᠶ᠎ᠠ ᠪᠠᠨ ᠳᠠᠭᠠᠭᠠᠭᠰᠠᠨ ᠣᠷᠠᠯᠢᠭ ᠤᠨ ᠪᠦᠳᠦᠭᠡᠯ ᠪᠣᠯᠬᠤ ᠶᠤᠮ᠃ ᠳᠡᠭᠡᠭᠦ ᠪᠠᠷ ᠨᠢ ᠰᠢᠨ᠎ᠠ ᠪᠠᠷᠢ ᠶᠢᠨ ᠨᠢᠭᠤᠷ ᠴᠢᠷᠠᠢ ᠣᠯᠠᠪᠠᠯᠵᠠᠨ ᠭᠡᠷᠡᠯᠳᠦᠵᠤ᠂ ᠴᠤᠭ ᠵᠢᠪᠬᠤᠭ᠎ᠠ ᠨᠡᠮᠡᠭ᠍ᠳᠡᠨ᠂ ᠬᠤᠪᠢ ᠶᠢᠨ ᠭᠠᠳᠠᠨ᠎ᠠ ᠭᠤᠸ᠎ᠠ ᠥᠵᠡᠰᠭᠦᠯᠡᠩ ᠬᠠᠷᠠᠭᠳᠠᠳᠠᠭ ᠶᠤᠮ᠃ ᠬᠠᠮᠤᠭ ᠤᠨ ᠰᠡᠭᠦᠯ ᠳᠤ ᠰᠢᠨ᠎ᠠ ᠭᠦᠤ ᠪᠠᠷᠢ ᠬᠤᠶᠠᠭᠤᠯᠠ ᠵᠡᠷᠭᠡᠪᠠᠷ ᠰᠥᠭᠦᠳᠴᠤ ᠮᠦᠷᠭᠦᠨ ᠳᠠᠮᠠᠭᠢᠨ ᠣᠭᠤᠳᠠ᠂ ᠳᠤᠷᠭᠠᠨ ᠬᠠᠪᠳᠠᠭ᠎ᠠ᠂ ᠱᠠᠬᠠᠢ ᠭᠤᠳᠤᠯ ᠵᠡᠷᠭᠡ ᠶᠢᠨ ᠰᠠᠪᠠᠤᠨ ᠤᠨ ᠵᠣᠢ᠌ᠯ ᠶᠢᠡᠨ ᠪᠠᠷᠢᠵᠤ ᠳᠠᠯᠠᠷᠬᠠᠯ ᠮᠠᠠᠳᠤᠴᠢᠯᠠᠯ ᠤᠨ ᠰᠡᠳᠬᠢᠯᠭᠡ ᠪᠠᠨ ᠢᠯᠡᠳᠭᠡᠨ᠎ᠡ᠃

23. ᠪᠠᠷᠢ ᠪᠠᠭᠤᠯᠭᠠᠬᠤ ᠭᠤᠤᠯ ᠨᠠᠢ᠌ᠷ

ᠬᠤᠷᠴᠢᠨ ᠮᠤᠩᠭ᠋ᠤᠯᠴᠤᠳ ᠤᠨ ᠪᠠᠷᠢ ᠪᠠᠭᠤᠯᠭᠠᠬᠤ ᠭᠤᠤᠯ ᠨᠠᠢ᠌ᠷ ᠤᠨ ᠠᠭᠤᠯᠭ᠎ᠠ ᠨᠢ ᠣᠯᠠᠨ᠂ ᠭᠡᠯᠪᠠᠷᠢ ᠨᠢ ᠠᠷᠪᠢᠨ ᠪᠠᠢ᠌ᠳᠠᠭ᠃ ᠳᠠᠷᠤᠢ ᠣᠷᠤᠭ ᠤᠨ ᠭᠦᠮᠦᠰ ᠶᠢᠡᠨ ᠣᠭᠳᠤᠬᠤ ᠴᠠᠢ ᠶᠢᠨ ᠰᠢᠷᠡᠭᠡ᠂ ᠣᠷᠤᠭ ᠤᠨ ᠭᠦᠮᠦᠰ ᠶᠢᠡᠨ ᠵᠤᠴᠢᠯᠠᠬᠤ ᠠᠷᠢᠭᠢᠨ ᠰᠢᠷᠡᠭᠡ᠂ ᠣᠷᠤᠭ ᠤᠨ ᠭᠦᠮᠦᠰ ᠶᠢᠡᠨ ᠮᠤᠷᠳᠠᠭᠤᠯᠬᠤ 《ᠮᠤᠯᠤᠷ ᠤᠨ ᠰᠢᠷᠡᠭᠡ》 ④᠂ ᠦᠪᠡᠷ ᠤᠨ ᠵᠤᠴᠢᠨ ᠶᠢᠡᠨ ᠳᠠᠢ᠌ᠯᠠᠬᠤ ᠠᠷᠢᠭᠢᠨ ᠰᠢᠷᠡᠭᠡ᠂ ᠬᠤᠷᠢᠮ ᠳᠤ ᠬᠠᠪᠰᠤᠷᠠᠭᠰᠠᠨ ᠭᠤᠤᠯ ᠭᠦᠮᠦᠰ ᠶᠢᠡᠨ ᠳᠠᠢ᠌ᠯᠠᠬᠤ 《ᠪᠣᠷᠪᠢ ᠳᠣᠢ᠌ᠭ ᠤᠨ ᠰᠢᠷᠡᠭᠡ》 ᠵᠡᠷᠭᠡ ᠳᠠᠪᠤᠨ ᠠᠯᠬᠤᠮ ᠶᠢᠡᠷ ᠶᠠᠪᠣᠭᠳᠠᠨ᠎ᠠ᠃

ᠰᠢᠨ᠎ᠠ ᠪᠠᠷᠢ ᠶᠢ ᠣᠭᠳᠤᠬᠤ ᠶᠤᠰᠤᠯᠠᠯ ᠡᠩ ᠳᠡᠷᠢᠭᠦᠨ ᠳᠤ ᠴᠠᠢ ᠶᠢᠨ ᠰᠢᠷᠡᠭᠡ ᠳᠠᠯᠪᠢᠵᠤ ᠣᠷᠤᠭ ᠤᠨ ᠭᠦᠮᠦᠰ ᠶᠢᠡᠨ ᠴᠠᠢ᠌ᠯᠠᠨ᠎ᠠ᠃ ᠬᠤᠷᠴᠢᠨ ᠮᠤᠩᠭ᠋ᠤᠯᠴᠤᠳ ᠤᠨ ᠴᠠᠢ᠌ᠯᠠᠯᠭ᠎ᠠ ᠶᠢᠨ ᠨᠠᠢ᠌ᠷ ᠨᠢ ᠮᠦᠨ ᠶᠡᠭᠡ ᠭᠦᠭ᠍ᠵᠢᠶᠡᠨ ᠲᠡᠶ ᠳᠦᠷᠤ ᠶᠢᠨ ᠳᠠᠢ᠌ᠯᠠᠯᠭ᠎ᠠ ᠶᠢᠨ ᠶᠤᠰᠤᠭᠠᠷ ᠶᠠᠪᠣᠭᠳᠠᠳᠠᠭ᠃ ᠴᠠᠢ ᠶᠢᠨ ᠰᠢᠷᠡᠭᠡᠨ ᠳᠤ ᠪᠠᠰᠠ ᠴᠠᠭᠠᠨ ᠢᠳᠡᠭᠡᠨ ᠤ ᠵᠣᠢ᠌ᠯ ᠳᠤ ᠡᠭᠡᠵᠡᠭᠡᠢ ᠬᠤᠷᠤᠳ᠂ ᠦᠷᠤᠮ᠎ᠠ ᠳᠤᠰᠤ᠂ ᠪᠣᠤᠪᠣ ᠪᠣᠭᠤᠷᠰᠤᠭ᠂ ᠰᠢᠭᠢᠷ᠂ ᠭᠤᠧᠨ ᠶᠢᠨ ᠦᠷ᠎ᠡ ᠵᠡᠷᠭᠡ ᠶᠢ ᠵᠢᠷᠭᠤᠭᠠᠨ ᠫᠢᠯᠠ ᠶᠤᠮ ᠦᠦ ︕ ᠡᠰᠡᠭᠦᠯ᠎ᠡ ᠨᠢ᠋ᠮᠠᠨ ᠫᠢᠯᠠ ᠭᠡᠵᠤ ᠭᠠᠷᠭᠠᠭᠠᠤᠨ ᠭᠡᠦᠭᠡᠨ ᠳᠠᠯ᠎ᠠ ᠶᠢᠨ ᠳᠦᠷᠦᠭᠦᠤ ᠬᠤᠳᠠ᠂ ᠣᠷᠤᠭ ᠤᠨ ᠳᠠᠭᠠᠭᠠᠮᠠᠯ ᠡᠴᠡ ᠭᠦᠷᠭᠡᠨ ᠳᠠᠯ᠎ᠠ ᠶᠢᠨ ᠬᠤᠷᠢᠮ ᠤᠨ ᠳᠠᠭᠠᠭᠮᠠᠯ ᠳᠤ ᠬᠠᠮᠵᠢᠵᠤ ᠭᠡᠦᠭᠡᠨ ᠭᠦᠷᠭᠡᠵᠤ ᠢᠷᠡᠭ᠍ᠰᠡᠨ ᠣᠷᠤᠭ ᠤᠨ ᠭᠦᠮᠦᠰ ᠶᠢᠡᠨ ᠨᠠᠰᠤ ᠳᠠᠷᠠᠭ᠎ᠠ᠂ ᠠᠵᠢᠯ ᠤᠨ ᠬᠤᠪᠢᠶᠠᠷᠢ᠂ ᠵᠡᠷᠭᠡ ᠳᠠᠰ ᠤᠨ ᠪᠠᠢ᠌ᠳᠠᠯ ᠵᠡᠷᠭᠡ ᠶᠢ ᠦᠨᠳᠦᠰᠦᠯᠠᠵᠤ ᠡᠷᠡᠭ᠍ᠳᠡᠢ ᠡᠮᠡᠭ᠍ᠳᠡᠢ᠂ ᠥᠳᠡᠯᠦᠭ᠍ᠰᠡᠨ ᠵᠠᠯᠠᠭᠤ ᠥᠡᠳᠡᠭᠡ ᠵᠤᠯᠵᠠᠭ᠎ᠠ ᠭᠡᠰᠡᠨ ᠦᠭᠡᠶ ᠪᠦᠷ ᠵᠤᠭᠢᠰᠳᠠᠢ ᠳᠤᠭᠢᠷᠠᠭᠤᠯᠤᠨ ᠰᠠᠭᠤᠯᠭᠠᠵᠤ ᠰᠢᠷᠡᠭᠡ ᠪᠦᠷᠢ ᠳᠤ ᠨᠢᠭᠡ ᠭᠦᠷᠭᠡᠨ ᠳᠠᠯ᠎ᠠ ᠶᠢᠨ ᠵᠤᠴᠢᠯᠠᠭᠴᠢ ᠲᠠᠭᠠᠨ ᠰᠠᠭᠤᠭᠠᠤᠨ ᠭᠦᠡᠳᠦᠳᠭᠡᠨ ᠵᠤᠴᠢᠯᠠᠨ᠎ᠠ᠃ ᠭᠦᠷᠭᠡᠵᠤ ᠢᠷᠡᠭᠦ ᠭᠦᠮᠤᠨ ᠤ ᠳᠤᠭ᠎ᠠ ᠳᠤᠭᠳᠠᠭᠠᠯ ᠦᠭᠡᠶ᠃ ᠭᠡᠪᠠᠴᠤ ᠭᠡᠳᠦᠢ ᠭᠦᠮᠤᠨ ᠢᠷᠡᠭᠦ ᠪᠠᠨ ᠵᠠᠪᠠᠯ ᠭᠦᠷᠭᠡᠨ ᠤ ᠳᠠᠯ᠎ᠠ ᠳᠤ ᠣᠷᠢᠳᠴᠢᠯᠠᠨ ᠮᠡᠳᠡᠭ᠍ᠳᠡᠭᠦ ᠶᠤᠰᠤᠳᠠᠢ᠃ ᠳᠠᠢ᠌ᠮᠤ ᠪᠢᠰᠢ ᠪᠣᠯ ᠭᠦᠷᠭᠡᠨ ᠳᠠᠯ᠎ᠠ ᠶᠢᠨ ᠬᠤᠷᠢᠮ ᠪᠡᠯᠡᠳᠭᠡᠯ ᠪᠠᠷᠢᠮᠵᠢᠶ᠎ᠠ ᠦᠭᠡᠶ ᠪᠣᠯᠤᠨ᠎ᠠ᠃ ᠰᠢᠷᠡᠭᠡ ᠳᠠᠢ᠌ᠯᠠᠭᠴᠢ ᠨᠢ ᠴᠠᠢ ᠠᠶᠠᠭᠠᠯᠠᠬᠤ᠂ ᠣᠤᠭᠤᠵᠤ ᠢᠳᠡᠭᠦ ᠶᠢ ᠱᠠᠯᠠᠬᠤ᠂ ᠥᠢᠯᠡᠴᠢᠯᠡᠭ᠍ᠴᠢ ᠶᠢ ᠭᠢᠨᠠᠬᠤ᠂ ᠬᠠᠯᠠᠭᠤᠨ ᠭᠦᠢᠳᠡᠨ ᠢ ᠳᠤᠭᠢᠷᠠᠭᠤᠯᠬᠤ ᠮᠠᠳᠤ ᠶᠢᠨ ᠠᠵᠢᠯ ᠢ ᠭᠢᠳᠡᠭ᠌᠃ ᠭᠡᠳᠥᠢᠪᠠᠷ ᠵᠠᠯᠠᠭᠤ ᠭᠦᠮᠤᠨ ᠭᠡᠪᠠᠴᠤ ᠨᠠᠯᠢᠶᠠᠤᠨ ᠳᠦᠭᠦᠭᠡ ᠳᠤᠮᠤᠭ᠎ᠠ ᠲᠡᠶ ᠭᠦᠮᠤᠨ ᠪᠠᠢ᠌ᠬᠤ ᠭᠡᠷᠡᠭ᠍ᠳᠡᠢ᠃ ᠳᠠᠷᠠ ᠴᠠᠢ ᠶᠢᠨ ᠰᠢᠷᠡᠭᠡ ᠳᠠᠢ᠌ᠯᠠᠬᠤ ᠪᠠᠷ ᠪᠠᠷᠠᠬᠤ ᠦᠭᠡᠶ ᠪᠠᠰᠠ ᠠᠷᠢᠭᠢᠨ ᠰᠢᠷᠡᠭᠡ ᠶᠢ ᠴᠤ ᠵᠠᠯᠭᠠᠭᠠᠤᠨ ᠳᠠᠢ᠌ᠯᠠᠨ᠎ᠠ᠃ ᠳᠠᠷᠠ ᠦᠶ᠎ᠡ ᠳᠤ 《ᠠᠷᠢᠭᠢ ᠱᠠᠯᠠᠭᠴᠢ》 ᠪᠣᠯᠳᠠᠭ᠃ ᠳᠠᠷᠠ ᠣᠯᠠᠷᠢᠯᠠᠭᠤᠯᠤᠨ ᠴᠢᠳᠠᠪᠣᠷᠢ ᠰᠠᠢ᠌ᠨ᠂ ᠥᠭᠡ ᠠᠮᠠ ᠳᠤ ᠪᠠᠨ ᠣᠷᠠᠨ᠂ ᠵᠤᠴᠢᠳ ᠶᠢᠡᠨ ᠪᠠᠶᠠᠷᠯᠠᠭᠤᠯᠵᠤ ᠴᠢᠳᠠᠳᠠᠭ᠃ ᠠᠷᠢᠭᠢ ᠰᠠᠢ᠌ᠨ ᠣᠤᠭᠤᠵᠤ᠂ ᠠᠷᠢᠭᠢ ᠰᠠᠢ᠌ᠨ ᠱᠠᠯᠠᠨ᠂ ᠵᠤᠴᠢᠳ ᠶᠢᠡᠨ ᠪᠠᠶᠠᠷ ᠭᠦᠷ ᠲᠡᠶ ᠴᠠᠳᠳᠠᠯ᠎ᠠ ᠢᠳᠡᠭᠦᠯᠵᠤ᠂ ᠬᠠᠯᠠᠰᠳᠠᠯ᠎ᠠ ᠣᠤᠭᠤᠯᠭᠠᠵᠤ ᠴᠢᠳᠠᠳᠠᠭ ᠠᠷᠭ᠎ᠠ ᠡᠷᠳᠡᠮ ᠲᠡᠶ ᠭᠦᠮᠤᠨ ᠪᠣᠯᠤᠨ᠎ᠠ᠃

ᠰᠢᠨ᠎ᠠ ᠭᠦᠤ ᠪᠠᠷᠢ ᠶᠢ ᠳᠡᠭ᠍ᠷᠢ ᠳᠤ ᠮᠦᠷᠭᠦᠭᠦᠯᠭᠦ᠂ ᠦᠰᠤ ᠬᠤᠯᠪᠣᠬᠤ᠂ ᠬᠠᠭᠠᠯᠬᠤ ᠵᠡᠷᠭᠡ ᠶᠤᠰᠤᠯᠠᠯ ᠨᠢ ᠪᠦᠷ ᠴᠠᠢ᠌ᠯᠠᠯᠭ᠎ᠠ ᠶᠢᠨ ᠦᠶ᠎ᠡ ᠳᠤ ᠶ‍ᠪᠣᠭᠳᠠᠳᠠᠭ᠃ ᠡᠨᠡ ᠦᠶ᠎ᠡ ᠳᠤ ᠪᠠᠷᠭᠡᠳ ᠢᠠᠵᠢ ᠪᠠᠯᠡᠭ᠌ ᠲᠤ ᠢᠷᠡᠭ᠍ᠰᠡᠨ ᠬᠤᠪᠴᠠᠰᠤ ᠬᠤᠨᠠᠷ ᠪᠠ ᠭᠦᠡᠵᠢᠯᠡ ᠳᠡᠪᠢᠰᠭᠡᠷ ᠤᠨ ᠵᠣᠢ᠌ᠯ ᠢ ᠭᠦᠷᠭᠡᠨ ᠳᠠᠯ᠎ᠠ ᠡᠴᠡ ᠪᠡᠯᠡᠳᠭᠡᠭ᠍ᠰᠡᠨ ᠬᠤᠪᠴᠠᠰᠤ ᠬᠤᠨᠠᠷ ᠭᠦᠡᠵᠢᠯᠡ ᠳᠡᠪᠢᠰᠭᠡᠷ ᠲᠡᠶ ᠨᠡᠢ᠌ᠯᠡᠭᠦᠯᠵᠤ᠂ ᠣᠷᠤ ᠶᠢᠨ ᠰᠢᠷᠡᠭᠡᠨ ᠳᠤ ᠳᠡᠭ᠍ᠰᠢᠯᠡᠵᠤ ᠬᠤᠷᠢᠶᠠᠬᠤ ᠳᠤ ᠣᠷᠤ ᠶᠢᠨ ᠰᠢᠷᠡᠭᠡ ᠪᠠ ᠭᠦᠡᠵᠢᠯᠡ ᠳᠡᠪᠢᠰᠭᠡᠷ ᠤᠨ ᠵᠠᠭᠠᠭ ᠲᠤ ᠵᠤᠭᠤᠰ ᠭᠢᠭ᠍ᠰᠡᠨ ᠪᠣᠶᠤ ᠬᠠᠪᠴᠢᠭᠤᠯᠵᠤ ᠪᠠᠢ᠌ᠳᠠᠭ᠃ ᠡᠨᠡ ᠨᠢ ᠬᠤᠶᠠᠷ ᠰᠢᠨ᠎ᠠ ᠭᠦᠮᠤᠨ ᠤ ᠪᠠᠨ ᠦᠨᠢ ᠡᠭᠦᠷᠢᠳᠡ ᠪᠠᠶᠠᠨ ᠴᠢᠨᠡᠭᠡᠯᠢᠭ᠌ ᠶᠠᠪᠣᠬᠤ ᠶᠢ ᠪᠠᠯᠭᠡᠳᠡᠵᠤ ᠪᠠᠢ᠌ᠬᠤ ᠣᠴᠢᠷᠳᠠᠢ᠃

ᠴᠠᠢ᠌ᠯᠠᠯᠭ᠎ᠠ ᠳᠡᠭᠡᠷ᠎ᠡ ᠨᠢᠭᠡᠨ ᠵᠡᠷᠭᠡ ᠣᠤᠭᠤᠯᠴᠠᠭᠰᠠᠨ ᠤ ᠳᠠᠷᠠᠭ᠎ᠠ ᠪᠠᠷ ᠪᠠᠷᠢ ᠪᠠᠭᠤᠯᠭᠠᠬᠤ ᠭᠤᠤᠯ ᠨᠠᠢ᠌ᠷ ᠤᠨ ᠠᠷᠢᠭᠢᠨ ᠰᠢᠷᠡᠭᠡ ᠣᠷᠤᠭᠤᠯᠤᠨ᠎ᠠ᠃ ᠰᠢᠷᠡᠭᠡ ᠳᠠᠢ᠌ᠯᠠᠭᠴᠢ ᠨᠢ ᠳᠤᠰ ᠰᠢᠷᠡᠭᠡᠨ ᠤ ᠪᠠᠨ ᠠᠭᠤᠷ ᠠᠮᠢᠰᠬᠤᠯ ᠢ ᠭᠦᠭ᠍ᠵᠢᠶᠡᠨ ᠲᠡᠶ ᠪᠣᠯᠭᠠᠬᠤ ᠡᠭᠦᠷᠭᠡ ᠲᠡᠶ ᠪᠦᠭᠡᠳ ᠠᠷᠢᠭᠢ ᠳᠠᠷᠠᠰᠤ ᠪᠠ ᠨᠤᠭᠤᠭ᠎ᠠ ᠴᠠᠭ᠎ᠠ ᠶᠢᠨ ᠬᠠᠯᠠᠭᠤᠨ ᠭᠦᠢᠳᠡᠨ ᠤ ᠪᠠᠢ᠌ᠳᠠᠯ ᠢ ᠳᠤᠭᠢᠷᠠᠭᠤᠯᠵᠤ᠂ ᠳᠠᠰᠤᠷᠠᠯᠳᠠ ᠦᠭᠡᠶ ᠠᠷᠢᠭᠢ ᠨᠠᠷᠠᠵᠤ᠂ ᠬᠠᠯᠠᠰᠳᠠᠯ᠎ᠠ ᠣᠤᠭᠤᠯᠭᠠᠵᠤ᠂ ᠴᠠᠳᠳᠠᠯ᠎ᠠ ᠢᠳᠡᠭᠦᠯᠭᠦ ᠶᠢ ᠭᠢᠴᠢᠶᠡᠳᠡᠭ᠌᠃ ᠡᠢ᠌ᠮᠤ ᠡᠴᠡ ᠰᠢᠷᠡᠭᠡ ᠳᠠᠢ᠌ᠯᠠᠭᠴᠢ ᠨᠢ ᠣᠴᠢᠷ ᠶᠤᠰᠤ ᠶᠢ ᠰᠠᠢ᠌ᠨ ᠮᠡᠳᠡᠳᠡᠭ᠌ ᠶᠤᠰᠤ ᠨᠤᠮ ᠲᠡᠶ ᠵᠠᠯᠠᠭᠤ ᠪᠠᠢ᠌ᠬᠤ ᠭᠡᠷᠡᠭ᠍ᠳᠡᠢ ᠪᠦᠭᠡᠳ ᠠᠷᠢᠭᠢ ᠰᠠᠢ᠌ᠨ ᠣᠤᠭᠤᠵᠤ ᠳᠡᠢ᠌ᠯᠭᠦ ᠭᠦᠮᠤᠨ ᠪᠠᠢ᠌ᠬᠤ ᠭᠡᠷᠡᠭ᠍ᠳᠡᠢ᠃ ᠳᠤᠷ᠎ᠠ ᠶᠢᠨ ᠭᠦᠮᠤᠨ ᠶᠢᠡᠷ ᠰᠢᠷᠡᠭᠡ ᠳᠠᠢ᠌ᠯᠠᠭᠴᠢ ᠪᠣᠯᠭᠠᠵᠤ ᠪᠣᠯᠬᠤ ᠦᠭᠡᠶ᠃ ᠰᠠᠢ᠌ᠨ ᠳᠠᠢ᠌ᠯᠠᠵᠤ ᠳᠡᠢ᠌ᠯᠭᠦ ᠦᠭᠡᠶ ᠪᠣᠯ ᠬᠤᠷᠢᠮ ᠬᠤᠷᠠᠯ ᠳᠤ ᠶᠠᠷᠰᠢᠭ ᠪᠣᠯᠤᠨ᠎ᠠ᠃

ᠬᠤᠶᠠᠷ ᠭᠦᠷᠭᠡᠨ ᠪᠠᠰᠠ ᠰᠢᠷᠡᠭᠡ ᠳᠠᠷᠠᠭᠠᠯᠠᠨ ᠠᠷᠢᠭᠢ ᠪᠠᠷᠢᠵᠤ ᠶᠤᠰᠤᠯᠠᠨ ᠮᠦᠷᠭᠦᠨ᠎ᠡ᠃ ᠳᠠᠭᠢᠨ ᠭᠦᠷᠭᠡᠨ ᠤ ᠠᠪᠣ ᠡᠵᠢ ᠪᠠᠰᠠ 《ᠳᠦᠷᠤ ᠶᠢᠨ ᠣᠷᠤᠭ ᠳᠡᠷᠢᠭᠦᠨ ᠵᠡᠷᠭᠡ ᠶᠢᠨ ᠭᠦᠡᠳᠤ》 ᠭᠡᠵᠤ ᠠᠬᠠᠮᠠᠤᠨ ᠨᠠᠰᠤᠳᠠᠨ ᠡᠴᠡ ᠠᠬ᠎ᠠ ᠳᠡᠭᠦᠤ᠂ ᠬᠡᠦᠬᠡᠳ ᠦᠷ᠎ᠡ ᠠᠴᠢ ᠳᠤ ᠭᠦᠷᠳᠡᠯ᠎ᠡ ᠰᠢᠷᠡᠭᠡ ᠳᠠᠷᠠᠭᠠᠯᠠᠨ᠂ ᠠᠷᠢᠭᠢ ᠪᠠᠨ ᠨᠠᠷᠠᠵᠤ ᠭᠦᠡᠳᠦᠳᠭᠡᠨ ᠪᠠᠷᠢᠭᠠᠤᠨ᠂ ᠳᠠᠯᠠᠷᠬᠠᠯ ᠤᠨ ᠰᠡᠳᠭᠢᠯ ᠶᠢᠡᠨ ᠢᠯᠡᠳᠭᠡᠨ᠎ᠡ᠃ ᠡᠭᠦᠨ ᠡᠴᠡ ᠭᠠᠳᠠᠨ᠎ᠠ ᠭᠦᠷᠭᠡᠨ ᠤ ᠳᠠᠯ᠎ᠠ ᠶᠢᠨ ᠠᠬ᠎ᠠ ᠡᠭᠡᠴᠢ ᠨᠡᠷ ᠮᠦᠨ ᠣᠷᠤᠭ ᠤᠨ ᠭᠦᠮᠦᠰ ᠲᠤ ᠠᠷᠢᠭᠢ ᠪᠠᠷᠢᠵᠤ ᠶᠤᠰᠤ ᠪᠠᠨ ᠭᠦᠢᠴᠡᠳᠭᠡᠨ᠎ᠡ᠃ ᠡᠨᠡ ᠦᠶ᠎ᠡ ᠳᠤ ᠣᠷᠤᠭ ᠤᠨ ᠭᠦᠮᠦᠰ ᠤᠨ ᠨᠠᠢ᠌ᠷ ᠥᠡᠳᠦᠷᠯᠡᠭᠦ ᠭᠡᠮᠵᠢᠶᠡᠨ ᠳᠤ ᠭᠦᠷᠦᠨ᠎ᠡ᠃

ᠬᠤᠷᠴᠢᠨ ᠮᠤᠩᠭ᠋ᠤᠯᠴᠤᠳ ᠤᠨ ᠣᠷᠤᠭ ᠤᠨ ᠶᠤᠰᠤᠨ ᠤ 《ᠮᠤᠯᠤᠷ ᠤᠨ ᠰᠢᠷᠡᠭᠡ ᠳᠠᠯᠪᠢᠨ᠎ᠠ》 ᠭᠡᠳᠡᠭ᠌ ᠪᠣᠯ ᠭᠡᠦᠭᠡᠨ ᠳᠤᠰᠢᠶᠠᠬᠤ ᠶᠤᠰᠤᠨ ᠤ ᠰᠢᠷᠡᠭᠡ ᠪᠣᠯᠤᠨ᠎ᠠ᠃ ᠳᠠᠷᠤᠢ ᠭᠡᠦᠭᠡᠨ ᠤ ᠡᠵᠢ ᠵᠢᠴᠢ ᠠᠬᠠᠮᠠᠤᠨ ᠭᠦᠮᠦᠰ ᠨᠢ ᠣᠷᠤᠭ ᠤᠨ ᠭᠦᠮᠦᠰ ᠪᠣᠴᠠᠬᠤ ᠡᠴᠡ ᠡᠮᠦᠨ᠎ᠡ ᠳᠤᠰᠬᠠᠢ ᠨᠢᠭᠡ ᠰᠢᠷᠡᠭᠡ ᠪᠡᠯᠡᠳᠭᠡᠵᠤ᠂ ᠮᠦᠨ ᠨᠤᠭᠤᠭ᠎ᠠ ᠴᠠᠭ᠎ᠠ ᠠᠷᠢᠭᠢ ᠳᠠᠷᠠᠰᠤ ᠪᠠᠨ ᠣᠷᠤᠭᠤᠯᠤᠭᠠᠤᠨ᠂ ᠰᠢᠨ᠎ᠠ ᠪᠠᠷᠢ ᠰᠢᠨ᠎ᠠ ᠭᠦᠷᠭᠡᠨ ᠬᠤᠶᠠᠭᠤᠯᠠ ᠶᠢ ᠡᠮᠦᠨ᠎ᠡ ᠪᠠᠨ ᠵᠤᠭᠰᠤᠭᠠᠵᠤ᠂ ᠬᠤᠳᠠ ᠬᠤᠳᠠᠭᠠᠢ ᠪᠠ ᠮᠦᠷᠭᠦᠭᠦᠯᠦᠭ᠍ᠰᠡᠨ ᠠᠪᠣ ᠡᠵᠢ ᠳ᠋ᠤᠨᠢ ᠭᠡᠦᠭᠡᠨ ᠶᠢᠡᠨ ᠳᠤᠰᠢᠶᠠᠵᠤ ᠦᠭ‍ᠭᠦ ᠶᠤᠰᠤᠯᠠᠯ ᠶᠠᠪᠣᠭᠳᠠᠨ᠎ᠠ᠃ ᠭᠡᠦᠭᠡᠨ ᠤ ᠡᠵᠢ ᠨᠢ᠄

ᠬᠠᠳᠠ ᠭᠡᠳᠦᠢ ᠦᠨᠳᠦᠷ ᠪᠣᠯᠪᠠᠴᠤ

ᠬᠠᠵᠠᠭᠤ ᠪᠠᠷ ᠨᠢ ᠭᠠᠷᠬᠤ ᠵᠠᠮ ᠲᠡᠶ᠂

ᠬᠠᠭᠠᠨ ᠴᠢᠩᠭᠢᠰ ᠤᠨ ᠭᠡᠦᠭᠡᠨ ᠪᠣᠯᠪᠠᠴᠤ

ᠬᠠᠷᠢ ᠳᠤ ᠦᠭ‍ᠭᠦ ᠶᠤᠰᠤᠳᠠᠢ᠃

ᠭᠡᠦᠭᠡᠨ ᠪᠠᠭ᠎ᠠ ᠦᠷ᠎ᠡ ᠶᠢ ᠪᠠᠨ

ᠬᠤᠳᠠᠭᠠᠢ ᠳᠠᠨ ᠳᠤ ᠪᠠᠨ ᠳᠤᠰᠢᠶᠠᠶ᠎ᠠ ︕

ᠦᠰᠴᠤ ᠭᠦᠢᠴᠡᠭᠡ ᠦᠭᠡᠶ ᠦᠷ᠎ᠡ ᠶᠢ ᠪᠠᠨ

ᠦᠷᠤᠰᠢᠶᠠᠨ ᠭᠦᠮᠦᠵᠢᠭᠦᠯᠵᠤ ᠵᠠᠷᠤ ᠳ᠋ᠠ ︕

ᠬᠠᠷᠠᠬᠠᠨ ᠪᠠᠭ᠎ᠠ ᠦᠷ᠎ᠡ ᠶᠢ ᠪᠠᠨ

ᠬᠤᠳᠠᠭᠠᠢ ᠳᠠᠨ ᠳᠤ ᠪᠠᠨ ᠳᠤᠰᠢᠶᠠᠶ᠎ᠠ︕

ᠨᠢᠯᠬ᠎ᠠ ᠪᠠᠯᠴᠢᠷ ᠦᠷ᠎ᠡ ᠶᠢ ᠪᠠᠨ

ᠨᠢᠮᠪᠠᠢ ᠵᠢᠭᠠᠵᠤ ᠰᠤᠷᠭ᠎ᠠ ᠳ᠋ᠠ ︕

ᠭᠡᠵᠤ ᠭᠡᠦᠭᠡᠨ ᠶᠢᠡᠨ ᠬᠤᠳᠠᠭᠠᠢ ᠳᠤ ᠪᠠᠨ ᠳᠤᠰᠢᠶᠠᠬᠤ ᠥᠭᠡ ᠶᠢ ᠪᠠᠨ ᠭᠡᠯᠡᠵᠤ ᠪᠠᠷᠠᠭᠰᠠᠨ ᠤ ᠳᠠᠷᠠᠭ᠎ᠠ ᠪᠠᠷ ᠪᠠᠰᠠ ᠭᠡᠦᠭᠡᠨ ᠶᠢᠡᠨ ᠰᠤᠷᠭᠠᠵᠤ ᠭᠡᠯᠡᠨ᠎ᠡ᠄

ᠡᠭᠦᠳᠡᠨ ᠬᠠᠳᠠᠪᠴᠢ ᠪᠠᠨ ᠦᠨᠳᠦᠷ ᠭᠡᠳ

ᠦᠰᠤᠷᠴᠤ ᠪᠣᠤ ᠯᠠ ᠭᠠᠷ ᠳ᠋ᠠ ︕

ᠦᠪᠡᠷ ᠤᠨ ᠭᠦᠷᠭᠡᠨ ᠶᠢᠡᠨ ᠬᠠᠯᠠ ᠲᠡᠶ ᠭᠡᠳ

ᠡᠰᠡᠷᠭᠦᠤ ᠪᠣᠤ ᠯᠠ ᠭᠡᠯᠡ ᠳ᠋ᠠ ︕

ᠭᠦᠷᠢᠶᠡᠨ ᠡᠭᠦᠳᠡ ᠪᠠᠨ ᠬᠤᠯᠠ ᠭᠡᠳ

ᠭᠦᠷᠴᠢᠭᠢᠨᠡᠳᠡᠯ᠎ᠡ ᠪᠣᠤ ᠯᠠ ᠭᠦᠶᠤ ᠳ᠋ᠠ ︕

ᠭᠦᠷᠭᠡᠨ ᠶ‍ᠤ᠋ ᠪᠠᠨ ᠬᠠᠯᠠ ᠲᠡᠶ ᠭᠡᠳ

ᠭᠡᠷᠡᠭᠦᠯ ᠪᠣᠤ ᠯᠠ ᠭᠢ ᠳ᠋ᠠ ︕

ᠭᠡᠵᠤ ᠭᠡᠦᠭᠡᠨ ᠶᠢᠡᠨ ᠰᠤᠷᠭᠠᠵᠤ ᠭᠡᠯᠡᠭᠡᠳ ᠳᠠᠭᠢᠨ ᠪᠠᠰᠠ ᠭᠦᠷᠭᠡᠨ ᠳᠤ ᠪᠠᠨ ᠮᠦᠨ ᠭᠡᠳᠤᠨ ᠥᠭᠡ ᠭᠡᠯᠡᠶ᠎ᠡ ᠭᠡᠳ᠄

ᠳᠠᠭ᠎ᠠ ᠶᠢᠨ ᠮᠤᠷᠢ ᠪᠠᠨ ᠣᠨᠤᠬᠤ ᠭᠦᠮᠤᠨ ᠴᠢᠨᠢ

ᠳᠠᠯᠤ ᠶᠢ ᠨᠢ ᠢᠯᠢᠵᠤ ᠪᠠᠢ᠌ᠭᠠᠤᠨ ᠣᠨᠤᠬᠤ ᠶᠤᠮ ᠰᠢᠤ ︕

ᠳᠠᠪᠠᠭᠤ ᠪᠠᠭ᠎ᠠ ᠠᠩᠭ᠋᠎ᠠ ᠶᠢ ᠪᠠᠨ

ᠳᠠᠰᠬᠠᠵᠤ ᠪᠠᠢ᠌ᠭᠠᠤᠨ ᠵᠠᠷᠤᠬᠤ ᠶᠤᠮ ᠰᠢᠤ ︕

ᠦᠷᠢᠶ᠎ᠠ ᠮᠤᠷᠢ ᠪᠠᠨ ᠣᠨᠤᠬᠤ ᠭᠦᠮᠤᠨ ᠴᠢᠨᠢ

ᠦᠰᠤ ᠶᠢ ᠨᠢ ᠢᠯᠢᠵᠤ ᠪᠠᠢ᠌ᠭᠠᠤᠨ ᠣᠨᠤᠬᠤ ᠶᠤᠮ ᠰᠢᠤ︕

ᠦᠰᠪᠣᠷᠢ ᠪᠠᠭ᠎ᠠ ᠠᠩᠭ᠋᠎ᠠ ᠶᠢ ᠪᠠᠨ

ᠥᠭᠦᠭᠡᠷᠳᠡᠵᠤ ᠪᠠᠢ᠌ᠭᠠᠤᠨ ᠵᠠᠷᠤᠬᠤ ᠶᠤᠮ ᠰᠢᠤ ︕

ᠭᠡᠵᠤ ᠳᠤᠰ ᠳᠤᠰ ᠵᠠᠭᠢᠵᠤ ᠰᠤᠷᠭᠠᠵᠤ ᠭᠡᠯᠡᠪᠠᠯ ᠬᠤᠳᠠ ᠬᠤᠳᠠᠭᠠᠢ ᠨᠢ ᠵᠠᠯᠭᠠᠭᠠᠤᠨ᠄

ᠦᠷᠦᠭᠡᠯ ᠲᠡᠶ ᠠᠳᠠᠯᠢ ᠠᠷᠪᠢᠨ ᠪᠠᠢ᠌ᠨ᠎ᠠ ᠦᠦ ᠳ᠋ᠠ︕

ᠦᠷ᠎ᠡ ᠶᠢᠨ ᠭᠠᠭᠴᠠ ᠭᠦᠤ ᠳᠡᠭᠡᠨ ᠠᠪᠣᠭᠰᠠᠨ ᠪᠠᠷᠢ ᠶᠤᠮ ᠰᠢᠤ︕

ᠥᠩᠭᠡᠷᠡᠤ ᠪᠢᠳᠡᠭᠡᠢ ᠵᠤᠪᠠ ᠡ ︕ ᠬᠤᠳᠠᠭᠠᠢ ᠮᠢᠨᠢ

ᠦᠪᠡᠷ ᠤᠨ ᠭᠡᠦᠭᠡᠨ ᠡᠴᠡ ᠪᠠᠨ ᠳᠤᠳᠠᠭᠤ ᠰᠠᠨᠠᠬᠤ ᠦᠭᠡᠶ ᠶᠤᠮ ᠡ ︕

ᠭᠦᠮᠤᠨ ᠳᠤ ᠪᠠᠨ ᠠᠳᠠᠯᠢ ᠣᠯᠠᠨ ᠪᠠᠢ᠌ᠨ᠎ᠠ ᠦᠦ ᠳ᠋ᠠ ︕

ᠭᠦᠤ ᠦᠷ᠎ᠡ ᠳᠤ ᠪᠠᠨ ᠭᠤᠶᠤᠭᠠᠳᠠᠭᠰᠠᠨ ᠪᠠᠷᠢ ᠶᠤᠮ ᠰᠢᠤ︕

ᠭᠡᠳᠦᠷᠡᠤ ᠪᠢᠳᠡᠭᠡᠢ ᠵᠤᠪᠠ ᠡ ︕ ᠬᠤᠳᠠᠭᠠᠢ ᠮᠢᠨᠢ

ᠭᠦᠮᠤᠨ ᠤ ᠦᠪᠡᠷ ᠤᠨ ᠭᠡᠵᠤ ᠢᠯᠭᠠᠬᠤ ᠦᠭᠡᠶ ᠶᠤᠮ ᠡ︕ ᠭᠡᠵᠤ ᠭᠡᠯᠡᠪᠠᠯ ᠬᠤᠶᠠᠷ ᠳᠠᠯ᠎ᠠ ᠪᠠᠷ ᠶᠢᠡᠨ ᠪᠦᠷ ᠰᠡᠳᠭᠢᠯ ᠤᠨ ᠥᠭᠡ ᠪᠠᠨ ᠭᠡᠯᠡᠵᠤ ᠰᠠᠨᠠᠭ᠎ᠠ ᠰᠡᠳᠭᠢᠯ ᠶᠢᠡᠨ ᠠᠮᠠᠷᠠᠭᠤᠯᠳᠠᠭ᠃ ᠬᠤᠷᠴᠢᠨ ᠠᠷᠠᠤᠨ ᠤᠨ ᠳᠠᠭᠤᠤ 《ᠰᠢᠯᠤ》 ᠳ᠋ᠤ᠄

ᠠᠯᠠᠭᠴᠢ ᠦᠨᠢᠶ᠎ᠡ ᠳᠤᠭᠤᠯ ᠲᠡᠶ ᠨᠢ

ᠠᠷᠤ ᠶᠢᠨ ᠬᠠᠰᠢᠶᠠᠨ ᠳᠤ ᠴᠢᠨᠢ ᠬᠤᠷᠢᠵᠤ ᠥᠭ᠍ᠴᠡᠢ᠃

ᠠᠯᠳᠠᠭᠠᠤᠨ ᠶᠠᠪᠣᠭᠤᠯᠤᠨ᠎ᠠ ᠦᠦ︕

ᠠᠷᠠᠴᠢᠯᠠᠭᠠᠤᠨ ᠳᠡᠵᠢᠭᠡᠨ᠎ᠡ ᠦᠦ ︕

ᠠᠪᠠᠭᠠᠢ ᠦᠪᠡᠷ ᠶᠢᠡᠨ ᠮᠡᠳᠡᠭᠦᠢ ᠳ᠋ᠧ ᠭᠦᠢ︕

ᠠᠩᠭ᠋᠎ᠠ ᠪᠠᠭ᠎ᠠ ᠰᠢᠯᠤ ᠪᠠᠨ ᠭᠦᠷᠭᠡᠭᠡᠳ ᠢᠷᠠᠵᠠᠢ᠃

ᠡᠨ ᠬᠤᠳᠠᠭᠠᠢ︕

ᠠᠩᠭ᠋᠎ᠠ ᠪᠠᠨ ᠭᠢᠨ᠎ᠠ ᠦᠦ︕

ᠠᠯᠪᠠᠳᠤ ᠪᠠᠨ ᠭᠢᠨ᠎ᠠ ᠦᠦ︕

ᠬᠤᠳᠠᠭᠠᠢ ᠦᠪᠡᠷ ᠶᠢᠡᠨ ᠮᠡᠳᠡᠭᠦᠢ ᠳ᠋ᠧ ᠭᠦᠢ ︕ ᠭᠡᠵᠤ ᠡᠵᠢ ᠨᠢ ᠭᠡᠦᠭᠡᠨ ᠳᠤᠰᠢᠶᠠᠵᠤ ᠪᠠᠢ᠌ᠬᠤ ᠳᠠᠭᠤᠤ ᠭᠠᠷᠳᠠᠭ᠃

ᠮᠤᠯᠤᠷ ᠤᠨ ᠰᠢᠷᠡᠭᠡ ᠪᠠᠭᠤᠵᠤ ᠣᠷᠤᠭ ᠤᠨ ᠭᠦᠮᠦᠰ ᠮᠤᠷᠳᠠᠬᠤ ᠴᠠᠭ ᠪᠣᠯᠤᠨ᠎ᠠ᠃ ᠬᠤᠷᠴᠢᠨ ᠮᠤᠩᠭ᠋ᠤᠴᠤᠳ ᠤᠨ ᠠᠷᠢᠭᠢᠨ ᠤ ᠳᠤᠬᠠᠢ ᠭᠡᠯᠡᠴᠡ ᠳᠤ 《ᠪᠠᠭ᠎ᠠ ᠣᠤᠭᠤᠪᠠᠯ ᠪᠠᠯ᠂ ᠪᠠᠯᠠᠷᠠᠳᠠᠯ᠎ᠠ ᠣᠤᠭᠤᠪᠠᠯ ᠮᠠᠯ》᠂ 《ᠨᠠᠪᠴᠢ ᠰᠢᠷᠠᠯᠠᠪᠠᠯ ᠨᠠᠮᠤᠷᠰᠢᠨ᠎ᠠ᠂ ᠨᠠᠢ᠌ᠷ ᠭᠡᠳᠦᠷᠡᠪᠠᠯ ᠭᠡᠷᠡᠯᠳᠦᠨ᠎ᠡ》 ᠬᠤᠷᠢᠮ ᠬᠤᠷᠠᠯ ᠢ ᠴᠢᠳᠭᠦᠷ ᠳᠠᠭᠠᠨ᠎ᠠ ᠭᠡᠳᠡᠭ᠍ᠴᠢᠯᠡᠨ ᠮᠤᠩᠭ᠋ᠤᠯ ᠤᠨ ᠳᠡᠦᠭᠡᠨ ᠳᠤ ᠣᠷᠤᠭ ᠬᠤᠷᠢᠮ ᠡᠴᠡ ᠪᠣᠯᠤᠭᠰᠠᠨ ᠣᠴᠢᠷ ᠶᠠᠪᠣᠳᠠᠯ ᠴᠥᠭᠡᠨ ᠪᠣᠰᠤ ᠭᠠᠷᠤᠭᠰᠠᠨ ᠪᠢᠯᠠ ︕ ᠵᠢᠱᠢᠶᠠᠯᠠᠪᠠᠯ 《ᠠᠮᠪᠠᠭᠠᠢ ᠬᠠᠭᠠᠨ ᠠᠯᠠᠭᠳᠠᠭᠰᠠᠨ》᠂ 《ᠶ‍ᠢᠰᠦᠭᠡᠢ ᠪᠠᠭᠠᠳᠤᠷ ᠬᠤᠤᠷᠯᠠᠭᠳᠠᠭᠰᠠᠨ》᠂ 《ᠪᠠᠯᠭᠦᠳᠡᠢ ᠬᠤᠷᠠᠯ ᠤᠨ ᠭᠡᠰᠢᠭᠦᠨ ᠤ ᠡᠷᠭᠡ ᠪᠠᠨ ᠬᠠᠰᠤᠭᠳᠠᠭᠰᠠᠨ》 ᠵᠡᠷᠭᠡ ᠶᠠᠪᠣᠳᠠᠯ ᠨᠢ ᠪᠦᠷ ᠦᠨᠡᠨ ᠪᠣᠳᠠᠳᠤ ᠵᠢᠱᠢᠶ᠎ᠠ ᠪᠣᠯᠬᠤ ᠶᠤᠮ᠃ ᠬᠤᠵᠢᠮ ᠨᠢ ᠴᠤ ᠨᠠᠢ᠌ᠷ ᠨᠠᠭᠠᠳᠤᠮ ᠤᠨ ᠠᠭᠤᠷ ᠠᠮᠢᠰᠬᠤᠯ ᠭᠦᠭ᠌ ᠡᠴᠡ ᠪᠠᠨ ᠭᠡᠳᠦᠷᠡᠪᠠᠯ ᠭᠡᠷᠡᠭᠦᠯ ᠵᠠᠭᠤᠷᠭᠠᠨ ᠡᠭᠦᠰᠭᠦ ᠣᠴᠢᠷ ᠵᠥᠩᠳᠡᠭᠡᠨ ᠭᠠᠷᠳᠠᠭ᠃ ᠭᠡᠷᠪᠡ ᠣᠴᠢᠷ ᠭᠠᠷᠪᠠᠯ ᠠᠯᠢ ᠳᠠᠯ᠎ᠠ ᠳᠤ ᠪᠠᠨ ᠴᠤ ᠰᠠᠢ᠌ᠨ ᠦᠭᠡᠶ ᠶᠤᠮ᠃

ᠭᠡᠦᠭᠡᠨ ᠳᠠᠯ᠎ᠠ ᠶᠢᠨ ᠭᠢᠨ 《ᠬᠠᠶᠠᠭᠰᠠᠨ ᠴᠢᠯᠠᠭᠤ ᠭᠠᠵᠠᠷ ᠲᠤ ᠪᠠᠨ ᠭᠦᠡᠳᠤ᠂ ᠬᠠᠷᠢᠯᠠᠭᠰᠠᠨ ᠭᠡᠦᠭᠡᠨ ᠬᠠᠷᠢ ᠳᠤ ᠪᠠᠨ ᠭᠦᠡᠳᠤ》᠂ 《ᠪᠠᠷᠢ ᠣᠴᠢᠭᠰᠠᠨ ᠭᠠᠵᠠᠷ ᠶᠢᠡᠨ᠂ ᠴᠢᠯᠠᠭᠤ ᠰᠢᠳᠡᠭ᠍ᠰᠡᠨ ᠭᠠᠵᠠᠷ ᠶᠢᠡᠨ》 ᠭᠡᠵᠤ ᠭᠡᠯᠡᠭᠡᠳ ᠭᠡᠦᠭᠡᠨ ᠤ ᠪᠠᠨ ᠰᠢᠨ᠎ᠠ ᠭᠠᠵᠠᠷ ᠣᠷᠴᠢᠨ ᠳᠤ ᠪᠠᠨ ᠳᠦᠷᠭᠡᠨ ᠵᠤᠭᠢᠴᠠᠨ᠂ ᠪᠠᠳᠤ ᠣᠷᠤᠰᠢᠵᠤ᠂ ᠣᠷᠳᠤ ᠨᠠᠰᠤᠯᠠᠨ ᠣᠳᠠᠭᠠᠨ ᠵᠢᠷᠭᠠᠬᠤ ᠶᠢ ᠪᠠᠯᠭᠡᠳᠡᠨ ᠵᠥᠩᠨᠡᠭᠡᠳ ᠮᠤᠷᠳᠠᠨ᠎ᠠ᠃ ᠭᠡᠦᠭᠡᠨ ᠨᠢ ᠣᠭᠢᠯᠠᠵᠤ ᠣᠠᠵᠢᠨ ᠰᠠᠯᠬᠤ ᠦᠭᠡᠶ ᠵᠠᠭᠤᠷᠠᠯᠳᠤᠬᠤ ᠳᠤ ᠪᠠᠷᠭᠡᠳ ᠨᠢ 《ᠣᠭᠢᠯᠠᠵᠤ ᠪᠠᠢ᠌ᠭᠠᠤᠨ ᠭᠦᠮᠤᠨ ᠪᠣᠯᠤᠨ᠎ᠠ᠂ ᠮᠠᠢ᠌ᠯᠠᠵᠤ ᠪᠠᠢ᠌ᠭᠠᠤᠨ ᠮᠠᠯ ᠪᠣᠯᠤᠨ᠎ᠠ》᠂ 《ᠶᠠᠪᠣᠭᠠᠨ ᠳᠤ ᠪᠠᠨ ᠡᠨᠡ ᠭᠡᠷ ᠤᠨ ᠨᠠᠢ᠌ᠨᠠᠢ ᠨᠢ ᠰᠠᠭᠤᠨ᠎ᠠ》 ᠭᠡᠵᠤ ᠳᠠᠢ᠌ᠤᠠᠬᠤᠷᠯᠠᠨ ᠭᠡᠯᠡᠨ᠎ᠡ᠃ ᠭᠦᠷᠭᠡᠨ ᠳᠠᠯ᠎ᠠ ᠶᠢᠨ ᠭᠢᠨ 《ᠪᠠᠭᠤᠭᠰᠠᠨ ᠣᠷᠤᠭ ᠮᠤᠷᠳᠠᠳᠠᠭ᠂ ᠪᠣᠷᠤᠭᠠᠯᠠᠭᠰᠠᠨ ᠳᠡᠭ᠍ᠷᠢ ᠴᠡᠯᠮᠡᠳᠡᠭ᠌》 ᠭᠡᠵᠤ ᠦᠰ ᠬᠤᠠᠵᠢᠩ ᠲᠡᠶ ᠥᠭᠡ ᠭᠡᠯᠡᠵᠤ ᠣᠷᠤᠭ ᠤᠨ ᠵᠤᠴᠢᠳ ᠶᠢᠡᠨ ᠮᠤᠷᠳᠠᠭᠤᠯᠤᠨ᠎ᠠ᠃

ᠬᠤᠶᠠᠷ ᠭᠦᠷᠭᠡᠨ ᠪᠠ ᠭᠡᠳᠤᠨ ᠵᠠᠯᠠᠭᠤᠴᠤᠳ ᠳᠠᠭᠠᠵᠤ ᠣᠷᠤᠭ ᠤᠨ ᠭᠦᠮᠦᠰ ᠶᠢᠡᠨ ᠬᠤᠯᠠ ᠭᠠᠷᠳᠠᠯ᠎ᠠ ᠮᠤᠷᠳᠠᠭᠤᠯᠬᠤ ᠳᠤ ᠪᠠᠨ ᠵᠠᠮ ᠳᠤᠮᠳᠠ ᠪᠠᠨ ᠨᠢᠭᠡ ᠰᠠᠢ᠌ᠬᠠᠨ ᠳᠤᠭᠯᠠᠭᠠᠮ ᠭᠠᠷᠭᠠᠳᠠᠭ᠃ ᠳᠠᠷᠤᠢ ᠰᠢᠨ᠎ᠠ ᠭᠦᠷᠭᠡᠨ ᠤ ᠮᠠᠯᠠᠭᠠᠢ ᠶᠢ ᠪᠣᠯᠢᠶᠠᠬᠤ ᠪᠣᠶᠤ ᠬᠤᠶᠠᠷ ᠳᠠᠯ᠎ᠠ ᠭᠢᠨ ᠬᠠᠷᠢᠯᠴᠠᠨ ᠮᠠᠯᠠᠭᠠᠢ ᠪᠣᠯᠢᠶᠠᠬᠤ ᠳᠡᠮᠡᠴᠡᠯᠳᠦᠭᠡᠨ ᠪᠣᠯᠳᠠᠭ᠃ ᠡᠨᠡᠭᠦ ᠭᠦᠳᠡᠯᠭᠡᠭᠡᠨ ᠶᠢᠡᠷ ᠳᠠᠮᠵᠢᠵᠤ᠂ ᠵᠠᠯᠠᠭᠤᠴᠤᠳ ᠦᠪᠡᠷ ᠦᠪᠡᠷ ᠤᠨ ᠡᠷ᠎ᠡ ᠴᠢᠳᠠᠪᠣᠷᠢ ᠪᠠᠨ ᠭᠠᠢ᠌ᠬᠠᠭᠤᠯᠵᠤ᠂ ᠮᠤᠷᠢᠨ ᠡᠷᠳᠡᠮ ᠶᠢᠡᠨ ᠢᠯᠡᠷᠡᠭᠦᠯᠤᠨ᠂ ᠣᠬᠠᠭᠠᠨ ᠰᠠᠨᠠᠭ᠎ᠠ ᠪᠠᠨ ᠰᠢᠯᠭᠠᠷᠠᠭᠤᠯᠳᠠᠭ ᠪᠠᠢ᠌ᠨ᠎ᠠ᠃ ᠬᠤᠶᠠᠷ ᠳᠠᠯ᠎ᠠ ᠶᠢᠨ ᠵᠠᠯᠠᠭᠤᠴᠤᠳ ᠦᠶ᠎ᠡ ᠵᠡᠷᠭᠡ ᠶᠢᠨ ᠳᠤᠳᠤᠷ᠎ᠠ ᠪᠠᠨ ᠥᠶᠡᠷᠭᠡᠨ ᠱᠤᠭᠯᠠᠨ ᠨᠠᠭᠠᠳᠴᠤ᠂ ᠮᠠᠯᠠᠭᠠᠢ ᠮᠠᠯᠠᠭᠠᠢ ᠪᠠᠨ ᠪᠣᠯᠢᠶᠠᠯᠳᠤᠨ᠂ ᠨᠢᠭᠡ ᠨᠢ ᠨᠢᠭᠡ ᠪᠠᠨ ᠭᠦᠭᠡᠭᠡᠵᠤ᠂ ᠦᠷᠭᠡᠨ ᠠᠭᠤᠳᠠᠮ ᠳᠠᠯ᠎ᠠ ᠨᠤᠳᠤᠭ ᠲ᠋ᠤ ᠡᠷᠭᠡ ᠴᠢᠯᠦᠭᠡᠳᠡᠢ ᠨᠢᠭᠡ ᠵᠣᠢ᠌ᠯ ᠤᠨ ᠨᠠᠭᠠᠳᠤᠮ ᠤᠨ ᠳᠠᠯᠠᠪᠣᠷ ᠪᠣᠢ ᠪᠣᠯᠳᠠᠭ ᠰᠠᠨ ︕ ᠣᠯᠠᠩᠭᠢ ᠳᠤ ᠪᠠᠨ ᠭᠦᠷᠭᠡᠵᠤ ᠢᠷᠡᠭ᠍ᠰᠡᠨ ᠭᠦᠮᠦᠰ᠂ ᠪᠠᠭᠤᠯᠭᠠᠵᠤ ᠢᠷᠡᠭ᠍ᠰᠡᠨ ᠭᠦᠮᠦᠰ ᠤᠨ ᠮᠠᠯᠠᠭᠠᠢ ᠶᠢ ᠪᠣᠯᠢᠶᠠᠳᠠᠭ᠃ ᠭᠡᠷᠪᠡ ᠭᠡᠨ ᠭᠦᠮᠤᠨ ᠮᠠᠯᠠᠭᠠᠢ ᠪᠠᠨ ᠪᠣᠯᠢᠶᠠᠭᠳᠠᠪᠠᠯ᠂ ᠮᠠᠷᠭᠠᠰᠢ ᠨᠢ ᠠᠷᠢᠭᠢ ᠳᠠᠮᠠᠭᠢ ᠪᠠᠨ ᠪᠡᠯᠡᠳᠭᠡᠵᠤ ᠳᠡᠭᠦᠵᠢᠯᠡᠭᠡᠳ᠂ ᠭᠡᠷ ᠳᠤᠨᠢ ᠣᠴᠢᠵᠤ ᠭᠤᠶᠤᠵᠤ ᠠᠪᠳᠠᠭ᠃ ᠮᠤᠩᠭ᠋ᠤᠯ ᠥᠭᠡᠨ ᠳᠤ 《ᠮᠠᠯᠠᠭᠠᠢ ᠳᠤᠯᠤᠭᠠᠢ》 ᠭᠡᠰᠡᠨ ᠬᠤᠯᠪᠣᠭ᠎ᠠ ᠥᠭᠡ ᠪᠠᠢ᠌ᠳᠠᠭ ᠡᠴᠡ ᠪᠢᠳᠠ ᠮᠤᠩᠭ᠋ᠤᠯ ᠭᠦᠮᠤᠨ ᠤ ᠮᠠᠯᠠᠭᠠᠢ ᠪᠠᠨ ᠳᠤᠯᠤᠭᠠᠢ ᠪᠠᠨ ᠰᠢᠭ ᠳᠡᠭᠡᠳᠦᠯᠡᠵᠤ ᠶᠠᠪᠣᠳᠠᠭ ᠢ ᠮᠠᠳᠠᠵᠤ ᠪᠣᠯᠤᠨ᠎ᠠ᠃ ᠡᠢ᠌ᠮᠤ ᠡᠴᠡ ᠮᠠᠯᠠᠭᠠᠢ ᠪᠠᠨ ᠭᠡᠭᠡᠭᠦ ᠦᠭᠡᠶ᠂ ᠨᠠᠩ ᠴᠢᠨᠠᠭᠰᠢᠯᠠᠨ ᠭᠦᠮᠤᠨ ᠳᠤ ᠦᠭ‍ᠭᠦ ᠦᠭᠡᠶ᠃ ᠡᠷᠭᠡᠪᠰᠢ ᠭᠤᠶᠤᠵᠤ ᠪᠠᠢ᠌ᠭᠠᠤᠨ ᠭᠦᠡᠳᠦᠳᠭᠡᠨ ᠠᠪᠴᠢᠷᠠᠳᠠᠭ ᠶᠤᠰᠤ ᠲᠡᠶ᠃

ᠵᠠᠷᠢᠮ ᠬᠤᠯᠠ ᠭᠠᠵᠠᠷ᠂ ᠴᠢᠨᠠᠭᠰᠢᠯᠠᠨ ᠬᠤᠰᠢᠭᠤ ᠠᠯᠤᠰ ᠡᠴᠡ ᠭᠡᠦᠭᠡᠨ ᠶᠢᠡᠨ ᠭᠦᠷᠭᠡᠵᠤ ᠢᠷᠡᠭ᠍ᠰᠡᠨ ᠪᠣᠯ ᠳᠤᠰ ᠡᠳᠦᠷ ᠲᠤ ᠪᠠᠨ ᠬᠠᠷᠢᠵᠤ ᠳᠡᠢ᠌ᠯᠭᠦ ᠦᠭᠡᠶ ᠪᠣᠯᠬᠤᠷ ᠭᠦᠤ ᠶᠢᠨ ᠳᠠᠯ᠎ᠠ ᠳᠤ ᠬᠤᠨᠤᠭᠠᠤᠨ ᠮᠠᠷᠭᠠᠰᠢ ᠨᠢ ᠰᠠ‍‌ᠶᠢ ᠶᠠᠪᠣᠳᠠᠭ᠃ ᠡᠰᠡᠭᠦᠯ᠎ᠡ ᠬᠤᠷᠢᠮᠯᠠᠬᠤ ᠡᠳᠦᠷ ᠤᠨ ᠡᠮᠦᠨ᠎ᠡ ᠡᠳᠦᠷ ᠨᠢ ᠢᠷᠡᠵᠤ᠂ ᠥᠭᠡᠷ᠎ᠡ ᠡᠷᠦᠭᠡ ᠳᠤ ᠬᠤᠨᠤᠭᠯᠠᠭᠠᠤᠨ᠂ ᠮᠠᠷᠭᠠᠰᠢ ᠦᠷᠯᠦᠭᠡ ᠨᠢ ᠣᠷᠤᠭ ᠤᠨ ᠶᠤᠰᠤᠯᠠᠯ ᠶᠢᠡᠨ ᠭᠢᠳᠡᠭ᠌᠃ ᠡᠭᠦᠨ ᠢ ᠬᠤᠷᠴᠢᠨ ᠳᠤ 《ᠳᠤᠯᠵᠤ ᠢᠷᠠᠵᠤ ᠬᠤᠨᠤᠬᠤ》 ᠭᠡᠳᠡᠭ᠌᠃ ᠡᠢ᠌ᠮᠦᠷᠭᠦ ᠣᠷᠤᠭ ᠤᠨ ᠭᠦᠮᠦᠰ ᠨᠢ ᠬᠠᠷᠢᠴᠠᠩᠭ᠋ᠤᠢ ᠪᠠᠷ ᠪᠠᠭ᠎ᠠ ᠰᠢᠭ ᠪᠠᠢ᠌ᠳᠠᠭ᠃ ᠭᠦᠷᠭᠡᠨ ᠳᠠᠯ᠎ᠠ ᠶᠢᠨ ᠭᠢᠨ ᠵᠤᠭᠢᠰᠳᠠᠢ ᠬᠤᠨᠤᠵᠤ ᠭᠡᠪᠳᠡᠭᠦ ᠣᠷᠤᠨ ᠪᠠᠢ᠌ᠷᠢ ᠶᠢ ᠳᠤᠭᠢᠷᠠᠭᠤᠯᠵᠤ ᠦᠭ‍ᠭᠦ ᠪᠦᠭᠡᠳ ᠮᠠᠷᠭᠠᠰᠢ ᠨᠢ ᠮᠦᠨ ᠰᠢᠷᠡᠭᠡ ᠪᠣᠳᠠᠭ᠎ᠠ ᠠᠷᠢᠭᠢ ᠳᠠᠷᠠᠰᠤ ᠪᠡᠯᠡᠳᠭᠡᠨ ᠭᠦᠡᠳᠦᠳᠭᠡᠨ ᠵᠤᠴᠢᠯᠠᠵᠤ ᠮᠤᠷᠳᠠᠭᠤᠯᠳᠠᠭ ᠶᠤᠰᠤ ᠲᠡᠶ᠃

ᠰᠢᠨ᠎ᠠ ᠪᠠᠷᠢ ᠶᠢᠨ ᠡᠵᠢ ᠨᠢ ᠣᠷᠤᠭ ᠤᠨ ᠭᠦᠮᠦᠰ ᠶᠢᠡᠨ ᠳᠠᠭᠠᠵᠤ ᠪᠣᠴᠠᠳᠠᠭ ᠦᠭᠡᠶ᠃ ᠭᠡᠦᠭᠡᠨ ᠶᠢᠡᠨ ᠳᠠᠭᠠᠵᠤ ᠬᠠᠳᠠᠮ ᠤᠨ ᠭᠢᠨ ᠳ᠋ᠤᠨᠢ ᠭᠤᠷᠪᠠ ᠬᠤᠨᠤᠨ᠎ᠠ᠃ ᠡᠨᠡ ᠪᠣᠯ ᠡᠷᠳᠡ ᠦᠶ᠎ᠡ ᠶᠢᠨ ᠡᠭᠡ ᠶᠢᠨ ᠡᠷᠭᠡᠳᠤ ᠶᠤᠰᠤᠨ ᠤ ᠥᠯᠡᠳᠡᠭ᠍ᠳᠡᠯ ᠣᠯᠠ ᠮᠦᠷ᠂ ᠳᠡᠭᠦᠨ ᠤ ᠬᠤᠵᠢᠮ ᠤᠨ ᠬᠤᠪᠢᠰᠤᠯ ᠪᠣᠯᠤᠭᠰᠠᠨ ᠤ ᠳᠤᠰᠬᠠᠯ ᠪᠣᠯᠬᠤ ᠶᠤᠮ᠃ ᠭᠡᠷᠪᠡ ᠡᠵᠢ ᠨᠢ ᠳᠠᠭᠠᠵᠤ ᠰᠠᠭᠤᠵᠤ ᠳᠡᠢ᠌ᠯᠭᠦ ᠦᠭᠡᠶ ᠪᠣᠯ ᠢᠨᠢᠶᠠᠩ ᠨᠢ᠂ ᠡᠰᠡᠭᠦᠯ᠎ᠡ ᠪᠠᠷᠭᠡᠨ ᠨᠢ ᠳᠠᠭᠠᠵᠤ ᠰᠠᠭᠤᠬᠤ ᠣᠴᠢᠷ ᠪᠠᠢ᠌ᠳᠠᠭ᠃ ᠳᠠᠭᠠᠵᠤ ᠰᠠᠭᠤᠭᠴᠢ ᠨᠢ ᠰᠢᠨ᠎ᠠ ᠪᠠᠷᠢ ᠶᠢᠨ ᠭᠡᠷ ᠲᠤ ᠬᠤᠨᠤᠬᠤ ᠪᠣᠶᠤ ᠥᠭᠡᠷ᠎ᠡ ᠭᠡᠷ ᠲᠤ ᠬᠤᠨᠤᠳᠠᠭ᠃ ᠡᠭᠦᠨ ᠢ ᠪᠠᠰᠠ 《ᠡᠭᠡ ᠳᠤ ᠰᠠᠭᠤᠭᠴᠢ》 ᠭᠡᠳᠡᠭ᠌᠃ ᠡᠭᠡ ᠳᠤ ᠰᠠᠭᠤᠭᠴᠢ ᠨᠢ ᠭᠡᠦᠭᠡᠨ ᠶᠢᠡᠨ ᠰᠢᠨ᠎ᠠ ᠭᠡᠷ ᠤᠨ ᠠᠵᠢᠯ ᠠᠮᠢᠳᠤᠷᠠᠯ᠂ ᠵᠠᠩ ᠠᠷᠠᠠᠰᠢᠨ ᠳ᠋ᠤᠨᠢ ᠳᠠᠰᠬᠠᠵᠤ ᠵᠢᠭᠠᠨ ᠰᠤᠷᠭᠠᠵᠤ ᠪᠠᠢ᠌ᠬᠤ ᠶᠠᠪᠣᠳᠠᠯ ᠶᠤᠮ᠃ ᠮᠦᠨ ᠴᠦ ᠭᠡᠦᠭᠡᠨ ᠶᠢᠠᠨ ᠨᠢᠭᠡᠯᠡ ᠳᠤᠤᠷ᠎ᠠ ᠭᠡᠷ ᠤᠨ ᠭᠦᠮᠦᠰ ᠡᠴᠡ ᠪᠠᠨ ᠰᠠᠯᠵᠤ ᠳᠦᠪᠳᠡᠭᠦ ᠦᠭᠡᠶ ᠭᠡᠵᠤ ᠢᠩᠭᠢᠵᠤ ᠰᠠᠭᠤᠳᠠᠭ᠃ ᠡᠢ᠌ᠮᠤ ᠡᠴᠡ 《ᠡᠵᠢ ᠭᠦᠮᠤᠨ ᠭᠦᠷᠭᠡᠯᠳᠡ ᠳᠤ᠂ ᠠᠪᠣ ᠭᠦᠮᠤᠨ ᠡᠷᠭᠢᠯᠳᠡ ᠳᠤ》 ᠭᠡᠭᠦ ᠭᠡᠯᠡᠴᠡ ᠪᠣᠢ ᠪᠣᠯᠵᠠᠢ᠃

ᠣᠷᠤᠭ ᠤᠨ ᠭᠦᠮᠦᠰ ᠶᠢᠡᠨ ᠮᠤᠷᠳᠠᠭᠤᠯᠤᠭᠰᠠᠨ ᠤ ᠳᠠᠷᠠᠭ᠎ᠠ᠂ ᠭᠦᠷᠭᠡᠨ ᠳᠠᠯ᠎ᠠ ᠶᠢᠨ ᠵᠤᠴᠢᠳ ᠶᠢᠡᠨ ᠳᠠᠢ᠌ᠯᠠᠨ᠎ᠠ᠃ ᠭᠦᠷᠭᠡᠨ ᠳᠠᠯ᠎ᠠ ᠶᠢᠨ ᠭᠢᠨ ᠨᠢᠭᠡ ᠶᠡᠭᠡ ᠣᠴᠢᠷ ᠶᠠᠪᠣᠳᠠᠯ ᠶᠢᠡᠨ ᠣᠷᠤᠭᠰᠢᠳᠠᠢ ᠰᠠᠢ᠌ᠬᠠᠨ ᠪᠦᠳᠦᠭᠡᠭ᠍ᠰᠡᠨ ᠪᠣᠯᠵᠤ ᠰᠠᠨᠠᠭ᠎ᠠ ᠠᠮᠤᠷᠠᠨ᠂ ᠰᠡᠳᠭᠢᠯ ᠠᠭᠤᠵᠢᠷᠠᠨ ᠶᠡᠭᠡᠯᠡ ᠴᠢᠯᠦᠭᠡᠳᠡᠢ ᠢᠳᠠᠵᠤ ᠣᠤᠭᠤᠨ᠂ ᠳᠠᠭᠤᠯᠠᠵᠤ ᠪᠦᠵᠢᠭᠯᠡᠨ ᠴᠡᠩᠭᠡᠨ ᠨᠠᠢ᠌ᠷᠠᠯᠳᠤᠳᠠᠭ᠃ ᠡᠨᠡ ᠦᠶ᠎ᠡ ᠳᠤ ᠳᠠᠭᠠᠭᠰᠠᠨ ᠭᠦᠷᠭᠡᠨ ᠴᠤ ᠢᠩᠭᠢᠭᠡᠳ ᠨᠠᠢ᠌ᠷ ᠤᠨ ᠳᠠᠭᠤᠤ ᠪᠠ ᠠᠷᠢᠭᠢᠨ ᠭᠡᠮ ᠵᠡᠷᠭᠡ ᠪᠠᠷ ᠶᠠᠪᠣᠭᠳᠠᠨ᠎ᠠ᠃ ᠬᠤᠷᠴᠢᠨ ᠮᠤᠩᠭ᠋ᠤᠯᠴᠤᠳ ᠤᠨ ᠬᠤᠷᠢᠮ ᠤᠨ ᠶᠤᠰᠤᠯᠠᠯ ᠳ᠋ᠠᠭᠢ ᠬᠤᠷᠢᠮ ᠤᠨ ᠳᠠᠭᠤᠤ ᠳᠠᠭᠤᠯᠠᠬᠤ ᠨᠢ ᠳᠤᠭᠳᠠᠭᠰᠠᠨ ᠳᠠᠰ ᠳᠠᠷᠠᠭᠠᠯᠠᠯ ᠲᠡᠶ ᠵᠠᠩᠰᠢᠭᠰᠠᠨ ᠵᠢᠷᠤᠮ ᠭᠤᠷᠢᠮ ᠲᠡᠶ ᠪᠠᠢ᠌ᠳᠠᠭ᠃ ᠳᠤᠬᠠᠢ᠌ᠯᠠᠪᠠᠯ᠂ ᠨᠠᠢ᠌ᠷ ᠤᠨ ᠡᠭᠢᠨ ᠳᠤ ᠳᠠᠭᠤᠯᠠᠬᠤ ᠳᠠᠭᠤᠤ᠂ ᠨᠠᠢ᠌ᠷ ᠤᠨ ᠶᠠᠪᠣᠴᠠ ᠳᠤ ᠳᠠᠭᠤᠯᠠᠬᠤ ᠳᠠᠭᠤᠤ᠂ ᠨᠠᠢ᠌ᠷ ᠥᠡᠳᠦᠷᠯᠡᠭᠦ ᠳᠤ ᠳᠠᠭᠤᠯᠠᠬᠤ ᠳᠠᠭᠤᠤ ᠭᠡᠵᠤ ᠠᠳᠠᠯᠢ ᠪᠣᠰᠤ ᠶᠢᠨ ᠪᠠᠢ᠌ᠵᠤ ᠨᠢᠭᠡ ᠭᠦᠷᠭᠡ ᠭᠤᠷᠪᠠᠨ ᠳᠠᠭᠤᠤ᠂ ᠬᠤᠶᠠᠷ ᠭᠤᠷᠪᠠ ᠵᠢᠷᠭᠤᠭᠠᠨ ᠳᠠᠭᠤᠤ᠂ ᠭᠤᠷᠪᠠᠨ ᠭᠤᠷᠪᠠ ᠶ‍ᠢᠰᠤᠨ ᠳᠠᠭᠤᠤ ᠭᠡᠵᠤ 《ᠨᠡᠢ᠌ᠷ ᠤᠨ ᠳᠠᠭᠤᠤ》᠂ 《ᠳᠡᠭ᠍ᠷᠢ ᠶᠢᠨ ᠰᠠᠯᠭᠢᠨ》᠂ 《ᠪᠦᠮᠪᠦᠷᠡᠢ》᠂ 《ᠪᠣᠳᠠᠭᠠᠨ ᠰᠢᠷᠡᠭᠡᠨ ᠤ ᠳᠠᠭᠤᠤ》 ᠵᠡᠷᠭᠡ ᠶᠢ ᠳᠠᠭᠤᠯᠠᠵᠠᠭᠠᠨ ᠶᠡᠭᠡᠯᠡ ᠭᠦᠭ᠍ᠵᠢᠶᠡᠨ ᠨᠠᠷᠭᠢᠶᠠᠨ ᠳᠠᠢ ᠶᠠᠪᠣᠭᠳᠠᠳᠠᠭ᠃᠃ ᠣᠳᠤ ᠰᠢᠨ᠎ᠠ ᠭᠦᠤ ᠪᠠᠷᠢ ᠬᠤᠶᠠᠷ ᠴᠤ ᠨᠠᠢ᠌ᠷ ᠤᠨ ᠰᠢᠷᠡᠭᠡᠨ ᠤ ᠭᠦᠡᠳᠤ ᠭᠦᠩᠭᠡᠨ᠂ ᠭᠤᠤᠯ ᠳᠠᠳ᠋ ᠪᠠ ᠨᠠᠰᠤᠨ ᠤ ᠡᠷᠡᠮᠪᠡ ᠳᠠᠷᠠᠭ᠎ᠠ ᠪᠠᠷ ᠠᠷᠢᠭᠢ ᠪᠠᠷᠢᠵᠤ ᠮᠦᠷᠭᠦᠨ ᠶᠤᠰᠤᠯᠠᠨ᠎ᠠ᠃ ᠰᠢᠨ᠎ᠠ ᠬᠤᠶᠠᠷ ᠤᠨ ᠪᠠᠷᠢᠭᠰᠠᠨ ᠠᠷᠢᠭᠢ ᠶᠢ ᠵᠠᠪᠠᠯ ᠣᠤᠭᠤᠬᠤ ᠶᠤᠰᠤᠳᠠᠢ᠃ ᠡᠨᠡ ᠦᠶ᠎ᠡ ᠳᠤ ᠠᠬᠠᠮᠠᠤᠨ ᠨᠠᠰᠤᠳᠠᠨ ᠡᠴᠡ᠄

ᠨᠠᠷᠠᠨ ᠳᠤ ᠠᠳᠠᠯᠢ ᠮᠠᠠᠳᠤᠵᠤ ᠶᠠᠪᠣ︕

ᠨᠠᠮᠠᠭ᠎ᠠ ᠳᠤ ᠠᠳᠠᠯᠢ ᠳᠡᠯᠭᠡᠷᠡᠵᠤ ᠶᠠᠪᠣ ︕

ᠠᠪᠣ ᠡᠵᠢ ᠪᠠᠨ ᠭᠦᠡᠳᠦᠯᠡᠵᠤ ᠶᠠᠪᠣ ︕

ᠠᠬ᠎ᠠ ᠳᠡᠭᠦᠤ ᠨᠡᠷ ᠶᠢᠡᠨ ᠬᠠᠢ᠌ᠷᠠᠯᠠᠵᠤ ᠶᠠᠪᠣ ︕

ᠭᠦᠷᠢᠶ᠎ᠡ ᠳᠦᠭᠦᠷᠡᠩ ᠮᠠᠯ ᠲᠡᠶ ᠪᠣᠯ︕

ᠭᠦᠡᠵᠢᠯᠡ ᠳᠦᠭᠦᠷᠡᠩ ᠬᠡᠦᠬᠡᠳ ᠲᠡᠶ ᠪᠣᠯ ︕

᠁ ᠁ ᠁

ᠣᠷᠤᠭ ᠰᠠᠳᠤᠨ ᠶᠢᠡᠨ ᠤᠢ᠌ᠷᠠᠳᠤᠭᠤᠯᠵᠤ ᠶᠠᠪᠣ ︕

ᠣᠳᠤᠮ ᠣᠭᠰᠠᠭ᠎ᠠ ᠪᠠᠨ ᠵᠠᠯᠭᠠᠮᠵᠢᠯᠠᠵᠤ ᠶᠠᠪᠣ ︕

᠁ ᠁ ᠁

ᠦᠷᠯᠦᠭᠡ ᠪᠦᠷᠢ ᠮᠠᠠᠳᠤᠬᠤ ᠨᠠᠷᠠᠨ ᠢ ᠦᠵᠡᠵᠤ

ᠡᠳᠦᠷ ᠪᠦᠷᠢ ᠰᠠᠢ᠌ᠬᠠᠨ ᠢᠷᠦᠭᠡᠯ ᠰᠤᠨᠤᠰᠤᠨ

ᠦᠨᠢᠷ ᠪᠠᠶᠠᠯᠢᠭ ᠠᠮᠢᠳᠤᠷᠠᠵᠤ

ᠦᠨᠢᠳᠠ ᠶᠢᠨ ᠵᠢᠷᠭᠠᠯ ᠡᠳ᠋ᠯᠡᠭᠡᠷᠡᠢ︕

ᠭᠡᠵᠤ ᠢᠷᠦᠭᠡᠯ ᠬᠠᠢ᠌ᠷᠠᠯᠠᠭᠰᠠᠨ ᠪᠠᠢ᠌ᠪᠠᠯ ᠰᠢᠨ᠎ᠠ ᠭᠦᠤ ᠪᠠᠷᠢ ᠬᠤᠶᠠᠭᠤᠯᠠ ᠪᠠᠨ᠄

ᠠᠮᠠᠨ ᠪᠠᠯᠭᠡ ᠬᠠᠮᠢᠭᠠᠰᠢ ᠪᠠᠨ ᠪᠣᠯ

ᠠᠰᠢᠳᠠ ᠶᠢᠨ ᠪᠠᠯᠭᠡ ᠳᠠᠰᠢ ᠪᠠᠨ ᠪᠣᠯᠵᠤ

ᠢᠷᠦᠭᠡᠯ ᠰᠢᠩᠭᠡᠭᠦ ᠪᠣᠯᠳᠤᠭᠠᠢ ︕ ᠭᠡᠵᠤ ᠢᠷᠦᠭᠡᠯ ᠭᠦᠯᠢᠶᠡᠨ ᠠᠪᠴᠤ᠂ ᠪᠠᠶᠠᠷᠯᠠᠵᠤ ᠭᠢᠯᠠᠢ᠌ᠭᠰᠠᠨ ᠶᠢᠡᠨ ᠢᠯᠡᠳᠭᠡᠭ᠍ᠰᠡᠨ ᠥᠭᠡ ᠭᠡᠯᠡᠳᠡᠭ᠌᠃

ᠬᠠᠮᠤᠭ ᠰᠡᠭᠦᠯ ᠳᠤ᠂ ᠪᠣᠷᠪᠢ ᠳᠣᠢ᠌ᠭ ᠤᠨ ᠨᠠᠢ᠌ᠷ ᠪᠣᠯᠤᠨ᠎ᠠ᠃ ᠪᠠᠷᠢ ᠪᠠᠭᠤᠯᠭᠠᠬᠤ ᠭᠤᠤᠯ ᠨᠠᠢ᠌ᠷ ᠦᠨᠳᠦᠷᠯᠠᠵᠤ᠂ ᠭᠡᠢ᠌ᠴᠢᠨ ᠵᠤᠴᠢᠨ ᠶᠢᠡᠨ ᠪᠦᠭᠦᠳᠡ ᠶᠢ ᠰᠠᠢ᠌ᠬᠠᠨ ᠦᠳᠡᠵᠤ ᠮᠤᠷᠳᠠᠭᠤᠯᠤᠭᠰᠠᠨ ᠤ ᠳᠠᠷᠠᠭ᠎ᠠ ᠪᠠᠷ ᠳᠠᠭᠢᠨ ᠰᠢᠷᠡᠭᠡ ᠵᠠᠰᠠᠵᠤ᠂ ᠬᠤᠷᠢᠮ ᠬᠤᠷᠠᠯ ᠤᠨ ᠠᠵᠢᠯ ᠳᠤ ᠭᠤᠤᠯᠯᠠᠨ ᠬᠠᠮᠢᠶᠠᠷᠤᠭᠴᠢ᠂ ᠬᠠᠮᠵᠢᠭᠴᠢ ᠬᠤᠷᠢᠮ ᠤᠨ ᠳᠠᠭᠠᠭᠠᠮᠠᠯ᠂ ᠳᠦᠷᠦᠭᠦᠤ ᠬᠤᠳᠠ᠂ ᠭᠡᠯᠡᠮᠦᠷᠴᠢ᠂ ᠭᠦᠷᠭᠡᠨ ᠳᠭᠠᠭᠭᠴᠢ ᠡᠴᠡ ᠡᠭᠢᠯᠡᠨ ᠳᠤᠭᠤᠭᠠᠴᠢ ᠥᠢᠯᠡᠴᠢᠯᠡᠭ᠍ᠴᠢ ᠳᠤ ᠭᠦᠷᠳᠡᠯ᠎ᠡ ᠵᠠᠯᠠᠵᠤ ᠰᠠᠭᠤᠯᠭᠠᠨ᠂ ᠭᠡᠷ ᠤᠨ ᠡᠵᠡᠨ ᠥᠪᠠᠷᠳᠡᠭᠡᠨ ᠳᠠᠢ᠌ᠯᠠᠵᠤ ᠰᠠᠭᠤᠨ᠂ ᠠᠵᠢᠯ ᠢ ᠮᠢᠨᠢ ᠠᠮᠵᠢᠯᠳᠠᠳᠠᠢ᠂ ᠣᠴᠢᠷ ᠢ ᠮᠢᠨᠢ ᠣᠷᠤᠭᠰᠢᠳᠠᠢ ᠪᠦᠳᠦᠭᠡᠵᠤ ᠦᠭ‍ᠭᠦᠭ᠍ᠰᠡᠨ ᠭᠦᠮᠦᠰ ᠲᠡᠭᠡᠨ ᠳᠠᠮᠠᠭᠢ ᠨᠤᠴᠤᠭᠠᠨ᠂ ᠠᠷᠢᠭᠢ ᠨᠠᠷᠠᠵᠤ᠂ ᠭᠦᠡᠳᠦᠳᠭᠡᠨ ᠵᠤᠴᠢᠯᠠᠬᠤ ᠪᠦᠭᠡᠳ ᠰᠠᠮᠪᠠᠢ ᠬᠠᠳᠠᠭ ᠳᠡᠭᠡᠷ᠎ᠡ ᠬᠠᠢ᠌ᠷᠴᠠᠭ ᠲᠡᠶ ᠳᠠᠮᠠᠭᠢ᠂᠂ ᠠᠷᠠᠤᠨ ᠤᠨ ᠵᠤᠭᠤᠰ ᠵᠡᠷᠭᠡ ᠶᠢ ᠳᠠᠯᠪᠢᠨ᠂ ᠭᠦᠮᠤᠨ ᠪᠦᠷᠢ ᠳᠤ ᠪᠠᠷᠢᠵᠤ᠂ ᠳᠠᠯᠠᠷᠬᠠᠯ ᠤᠨ ᠰᠡᠳᠭᠢᠯ ᠶᠢᠡᠨ ᠢᠯᠡᠳᠭᠡᠵᠤ ᠨᠠᠢ᠌ᠷᠠᠯᠳᠤᠳᠠᠭ᠃ ᠰᠢᠨ᠎ᠠ ᠭᠦᠤ ᠪᠠᠷᠢ ᠪᠠᠰᠠ ᠢᠷᠠᠵᠤ᠂ ᠠᠷᠢᠭᠢ ᠭᠡᠮᠨᠡᠨ ᠳᠠᠮᠠᠭᠢ ᠪᠠᠷᠢᠨ ᠶᠤᠰᠤᠯᠠᠨ᠎ᠠ᠃ ᠨᠠᠢ᠌ᠷ ᠭᠦᠭ᠍ᠵᠢᠵᠤ ᠳᠠᠭᠤᠤ ᠳᠠᠭᠤᠯᠠᠨ ᠬᠤᠷᠤᠭᠤ ᠵᠢᠮᠠᠯᠴᠠᠨ ᠰᠦᠨᠢ ᠲᠦᠯᠢ ᠪᠣᠯᠳᠠᠯ᠎ᠠ ᠨᠠᠢ᠌ᠷᠠᠯᠳᠤᠭᠠᠤᠨ ᠰᠠ‍‌ᠶᠢ ᠳᠠᠷᠠᠳᠠᠭ᠃ ᠬᠤᠷᠤᠭᠤ ᠵᠢᠮᠡᠯᠴᠡᠭᠦ ᠳᠠᠭᠤᠨ ᠳᠤ ᠠᠷᠠᠤᠨ ᠤᠨ ᠳᠠᠭᠤᠤ 《ᠪᠦᠮᠪᠦᠷᠡᠢ》 ᠶ᠋ᠢ ᠳᠠᠭᠤᠯᠠᠬᠤ ᠡᠴᠡ ᠭᠠᠳᠠᠨ᠎ᠠ ᠪᠠᠰᠠ 《ᠰᠦᠮᠪᠦᠷᠤᠤ》 ᠭᠡᠭᠦ ᠳᠠᠭᠤᠤ ᠪᠠᠨ᠄

ᠱᠠᠭᠠᠷᠠᠭᠤᠯᠤᠭᠠᠤᠨ⑤ ᠴᠠᠭᠠᠷᠠᠭᠤᠯᠤᠭᠠᠤᠨ ᠣᠶᠤᠭᠰᠠᠨ ᠱᠠᠭᠠᠵᠠᠭᠠᠢ ᠶᠤ

ᠱᠠᠭᠠᠵᠠᠭᠠᠢ ᠶᠤ᠂ ᠰᠦᠮᠪᠦᠷᠤ ᠲᠡᠶ ᠶᠤ

ᠱᠠᠭᠠᠳᠠᠢ ᠴᠠᠭᠠᠳᠠᠢ ᠮᠤᠳᠤᠨ ᠳᠡᠭᠡᠷ᠎ᠡ ᠪᠠᠨ ᠡᠯᠭᠦᠭᠡᠳ ᠳᠠᠯᠪᠢᠭᠰᠠᠨ

ᠭᠦᠭᠡᠷᠦᠩᠭᠦᠢ ᠶᠠ︕ ᠭᠦᠭᠡᠷᠦᠩᠭᠦᠢ ︕

ᠡᠷᠭᠢᠭᠦᠯᠦᠭᠡᠳ ᠣᠶᠤᠭᠰᠠᠨ ᠡᠷᠪᠠᠭᠡᠢ ᠶᠤ

ᠡᠷᠪᠠᠭᠡᠢ ᠶᠤ᠂ ᠰᠦᠮᠪᠦᠷᠤ ᠲᠡᠶ ᠶᠤ

ᠡ᠊ᠨᠳᠡᠢ ᠮᠤᠳᠤᠨ ᠳᠡᠭᠡᠷ᠎ᠡ ᠪᠠᠨ ᠡᠯᠭᠦᠭᠡᠳ ᠳᠠᠯᠪᠢᠭᠰᠠᠨ

ᠭᠦᠭᠡᠷᠦᠩᠭᠦᠢ ᠶᠠ︕ ᠭᠦᠭᠡᠷᠦᠩᠭᠦᠢ ︕

ᠳ᠋ᠦᠢᠫᠠᠢ ᠳ᠋ᠢ︕ ᠳ᠋ᠦᠢᠫᠠᠢ ᠵᠥᠸᠧ ᠶᠠ

ᠮᠠᠨ ᠳᠠᠩ ᠳᠤ ᠵᠢᠷᠭᠠᠯ᠎ᠠ ᠰᠢᠤ ︕

ᠬᠤᠶᠠᠷ ᠤᠨ ᠳᠤᠭ᠎ᠠ ᠪᠠᠷ ᠬᠤᠠᠵᠢᠭᠠᠤᠨ ᠣᠯᠤᠶ᠎ᠠ

ᠭᠦᠭᠡᠷᠦᠩᠭᠦᠢ ᠶᠠ ︕ ᠭᠦᠭᠡᠷᠦᠩᠭᠦᠢ ︕

ᠭᠤᠷᠪᠠ ᠶᠢᠨ ᠳᠤᠭ᠎ᠠ ᠪᠠᠷ ᠭᠤᠶᠠᠳᠠᠭᠠᠤᠨ ᠣᠯᠤᠶ᠎ᠠ

ᠭᠦᠭᠡᠷᠦᠩᠭᠦᠢ ᠶᠠ ︕ ᠭᠦᠭᠡᠷᠦᠩᠭᠦᠢ ︕

ᠳᠦᠷᠪᠠ ᠶᠢᠨ ᠳᠤᠭ᠎ᠠ ᠪᠠᠷ ᠳᠦᠩᠭᠢᠭᠡᠳ ᠣᠯᠤᠶ᠎ᠠ

ᠭᠦᠭᠡᠷᠦᠩᠭᠦᠢ ᠶᠠ ︕ ᠭᠦᠭᠡᠷᠦᠩᠭᠦᠢ ︕

··· ··· ··· ᠭᠡᠭᠦ ᠮᠠᠳᠤᠴᠢᠯᠠᠨ ᠳᠠᠭᠤᠯᠠᠵᠤ᠂ ᠬᠤᠷᠤᠭᠤ ᠵᠢᠮᠠᠯᠴᠠᠨ ᠨᠠᠢ᠌ᠷᠠᠯᠳᠤᠵᠤ᠂ ᠰᠦᠨᠢ ᠣᠷᠤᠢ ᠪᠣᠯᠬᠤ ᠪᠠᠷ ᠰᠠ‍‌ᠶᠢ ᠳᠠᠷᠬᠠᠯᠴᠠᠨ᠎ᠠ᠃

24. ᠴᠤᠩᠬᠤ ᠴᠤᠭᠤᠯᠬᠤ ᠶᠤᠰᠤᠨ ᠰᠢᠨ᠎ᠠ ᠭᠡᠷᠯᠡᠭ᠍ᠴᠢ ᠶᠢᠨ ᠭᠡᠷ ᠢ ᠳᠦᠢᠳᠭᠦ

ᠪᠠᠷᠢ ᠪᠠᠭᠤᠯᠭᠠᠭᠰᠠᠨ ᠭᠤᠤᠯ ᠨᠠᠢ᠌ᠷ ᠦᠨᠳᠦᠷᠯᠠᠵᠤ᠂ ᠰᠢᠨ᠎ᠠ ᠭᠦᠤ ᠪᠠᠷᠢ ᠰᠢᠨ᠎ᠠ ᠭᠡᠷ ᠲᠤ ᠪᠠᠨ ᠣᠷᠤᠭᠠᠤᠨ ᠳ᠋ᠸᠩ ᠵᠤᠯᠠ ᠪᠠᠨ ᠠᠰᠠᠭᠠᠭᠰᠠᠨ ᠤ ᠦᠶ᠎ᠡ ᠳᠤ᠂ ᠭᠦᠷᠢ ᠳᠡᠭᠦᠤ᠂ ᠭᠦᠷᠭᠡᠨ ᠠᠬ᠎ᠠ ᠦᠶ᠎ᠡ ᠲᠡᠶ ᠭᠦᠮᠦᠰ ᠰᠡᠮᠡᠭᠡᠷᠭᠡᠨ ᠢᠷᠠᠵᠤ ᠴᠤᠩᠬᠤ ᠨᠠᠭᠠᠭᠰᠠᠨ ᠴᠠᠭᠠᠰᠤ ᠶᠢ ᠪᠣᠯᠢᠶᠠᠯᠳᠤᠨ ᠣᠷᠠᠨ᠎ᠠ᠃ ᠵᠤᠨ ᠤ ᠴᠠᠭ ᠪᠣᠯ ᠪᠦᠭᠦᠨ ᠢ ᠣᠷᠠᠵᠤ ᠬᠠᠶᠠᠨ᠎ᠠ᠃ ᠡᠪᠦᠯ ᠴᠠᠭ ᠡ᠊ᠨᠳᠡ ᠳᠠᠠᠳᠠ ᠭᠡᠳᠤᠨ ᠭᠠᠵᠠᠷ ᠲᠤ ᠴᠤᠭᠤᠯᠠᠭᠠᠤᠨ ᠳᠠᠯᠪᠢᠨ᠎ᠠ᠃ ᠵᠠᠷᠢᠮ ᠠᠯᠢᠶ᠎ᠠ ᠬᠡᠦᠬᠡᠳ ᠨᠢ ᠭᠡᠷ ᠤᠨ ᠰᠠᠷᠠᠪᠴᠢᠨ ᠡᠴᠡ ᠪᠠᠷᠢᠵᠤ ᠪᠡᠯᠡᠳᠭᠡᠭ᠍ᠰᠡᠨ ᠪᠣᠯᠵᠤᠮᠤᠷ ᠶᠢᠡᠨ ᠴᠤᠩᠬᠤᠨ ᠬᠠᠭᠠᠷᠬᠠᠢ ᠪᠠᠷ ᠳᠠᠯᠪᠢᠨ ᠣᠷᠤᠭᠤᠯᠵᠤ ᠥᠢᠮᠡᠭᠦᠯᠳᠡᠭ᠌᠃ ᠳᠡᠭᠡᠭᠡᠳ ᠭᠡᠷ ᠳᠠᠭᠢ ᠭᠡᠷᠡᠯ ᠭᠡᠭᠡ ᠶᠢ ᠭᠠᠳᠠᠭᠰᠢ ᠭᠡᠷᠡᠯᠳᠦᠭᠦᠯᠦᠨ᠎ᠡ᠃ ᠡᠭᠦᠨ ᠤ ᠣᠴᠢᠷ ᠨᠢ᠂ ᠬᠤᠷᠢᠮ ᠭᠢᠭ᠍ᠰᠡᠨ ᠪᠠᠶᠠᠷ ᠨᠠᠢ᠌ᠷ ᠤᠨ ᠡᠳᠦᠷ ᠶ‍ᠢᠰᠤᠨ ᠳᠤᠭᠰᠢᠳ ᠤᠨ ᠴᠢᠳᠭᠦᠷ ᠱᠤᠯᠤᠮ ᠳᠡᠭ᠍ᠷᠢ ᠳᠡᠭᠡᠷ᠎ᠡ ᠡᠴᠡ ᠪᠠᠭᠤᠵᠤ ᠢᠷᠡᠭᠡᠳ᠂ ᠭᠡᠷ ᠲᠤ ᠣᠷᠤᠬᠤ ᠭᠡᠵᠤ ᠴᠤᠩᠬᠤᠨ ᠴᠠᠭᠠᠰᠤᠨ ᠳᠡᠭᠡᠷ᠎ᠡ ᠨᠠᠭᠠᠯᠳᠤᠵᠤ ᠪᠠᠢ᠌ᠬᠤ ᠳᠤ ᠭᠡᠨᠡᠳᠲᠡ ᠴᠤᠩᠬᠤᠨ ᠴᠠᠭᠠᠰᠤ ᠣᠷᠠᠭᠳᠠᠵᠤ᠂ ᠭᠡᠷ ᠳᠠᠭᠢ ᠭᠡᠷᠡᠯ ᠭᠡᠭᠡ ᠨᠢ ᠭᠠᠳᠠᠭᠰᠢ ᠭᠠᠷᠤᠭᠠᠤᠨ ᠢᠷᠡᠭᠦ ᠳᠤ ᠴᠢᠳᠭᠦᠷ ᠱᠤᠯᠤᠮ ᠤᠳ ᠭᠡᠷᠡᠯ ᠡᠴᠡ ᠠᠶᠤᠵᠤ᠂ ᠬᠤᠷᠳᠤᠨ ᠳᠤᠳᠠᠭᠠᠨ ᠶᠠᠪᠣᠨ᠎ᠠ ᠭᠡᠨ᠎ᠡ᠃ ᠡᠢ᠌ᠮᠤ ᠡᠴᠡ ᠰᠢᠨ᠎ᠠ ᠭᠦᠤ ᠪᠠᠷᠢ ᠠᠮᠤᠷ ᠲᠦᠪᠰᠢᠨ ᠪᠣᠯᠵᠤ ᠵᠢᠷᠭᠠᠬᠤ ᠶᠤᠮ ᠭᠡᠳᠡᠭ᠌᠃ ᠡᠨᠡᠭᠦ ᠴᠤᠩᠬᠤᠨ ᠴᠠᠭᠠᠰᠤ ᠶᠢ ᠴᠤᠭᠤᠯᠵᠤ ᠦᠭ‍ᠭᠦᠭ᠍ᠰᠡᠨ ᠭᠦᠷᠢ ᠳᠡᠭᠦᠤ ᠨᠡᠷ᠂ ᠭᠦᠷᠭᠡᠨ ᠠᠬ᠎ᠠ ᠨᠡᠷ ᠰᠢᠨ᠎ᠠ ᠬᠤᠶᠠᠷ ᠭᠦᠮᠤᠨ ᠤ ᠴᠢᠳᠭᠦᠷ ᠰᠢᠮᠨᠤᠰ ᠶᠢ ᠨᠢ ᠦᠯᠳᠡᠨ ᠠᠷᠢᠯᠭᠠᠵᠤ ᠦᠭ‍ᠭᠦᠭ᠍ᠰᠡᠨ ᠭᠠᠪᠢᠶᠠᠳᠠᠨ ᠪᠣᠯᠵᠤ᠂ ᠰᠢᠨ᠎ᠠ ᠪᠠᠷᠢ ᠶᠢᠨ ᠭᠡᠷ ᠲᠤ ᠣᠷᠤᠵᠤ ᠢᠷᠡᠭᠡᠳ᠂ ᠬᠠᠠᠵᠤ ᠳᠦᠭᠦᠷᠡᠩ ᠰᠠᠭᠤᠵᠠᠭᠠᠨ᠂ ᠰᠢᠨ᠎ᠠ ᠪᠠᠷᠢ ᠪᠠᠷ ᠣᠰᠤ ᠪᠣᠴᠠᠯᠭᠠᠯᠭᠠᠨ᠂ ᠴᠠᠢ ᠴᠡᠢ᠌ᠯᠡᠭᠦᠯᠵᠤ᠂ ᠪᠣᠤᠪᠣ ᠪᠣᠭᠤᠷᠰᠤᠭ ᠶᠢᠡᠨ ᠭᠠᠷᠭᠠᠨ ᠳᠠᠢ᠌ᠯᠠᠬᠤ ᠶᠢ ᠱᠠᠭᠠᠷᠳᠠᠳᠠᠭ᠃ ᠰᠢᠨ᠎ᠠ ᠪᠠᠷᠢ ᠮᠦᠨ ᠳᠠᠳᠠᠨᠤᠰ ᠢ ᠣᠢ᠌ᠰᠢᠶᠠᠬᠤ ᠦᠭᠡᠶ ᠰᠢᠭ᠌ ᠠᠪᠣᠷᠢᠯᠠᠵᠤ᠂ ᠬᠠᠠᠵᠤᠨ ᠳᠡᠭᠡᠷ᠎ᠡ ᠡᠴᠡ ᠪᠠᠨ ᠪᠠᠭᠤᠵᠤ ᠢᠷᠡᠭᠦ ᠦᠭᠡᠶ᠃ 《ᠴᠠᠢ ᠴᠤ ᠦᠭᠡᠶ᠂ ᠴᠢᠷᠠᠢ ᠴᠤ ᠦᠭᠡᠶ》 ᠰᠠᠭᠤᠬᠤ ᠳᠤ᠂ ᠡᠳᠡᠭᠡᠷ ᠨᠠᠭᠠᠳᠤᠨ ᠱᠤᠭᠯᠠᠳᠠᠭ ᠭᠦᠮᠦᠰ ᠨᠢ ᠪᠦᠷ ᠯᠠ ᠭᠦᠷᠴᠢᠭᠢᠨᠡᠨ ᠢᠷᠠᠯᠴᠠᠵᠤ᠂ ᠰᠢᠨ᠎ᠠ ᠪᠠᠷᠢ ᠶᠢᠨ ᠬᠠᠵᠠᠭᠤ ᠳᠤ ᠰᠢᠬᠠᠴᠠᠯᠳᠤᠨ ᠰᠠᠭᠤᠬᠤ ᠳᠤ᠂ ᠴᠠᠪᠠᠷ ᠢᠴᠢᠮᠡᠳᠡᠭᠡᠢ ᠰᠢᠨ᠎ᠠ ᠪᠠᠷᠢ ᠨᠢ ᠰᠠᠭᠤᠬᠤ ᠭᠠᠵᠠᠷ ᠦᠭᠡᠶ ᠪᠣᠯᠵᠤ᠂ ᠠᠷᠭ᠎ᠠ ᠦᠭᠡᠶ ᠬᠠᠠᠵᠤᠨ ᠡᠴᠡ ᠪᠠᠭᠤᠵᠤ᠂ ᠨᠢᠭᠡ ᠨᠢᠭᠡ ᠪᠠᠷ ᠳᠠᠮᠠᠭᠢ ᠨᠤᠴᠤᠭᠠᠨ ᠪᠠᠷᠢᠨ᠎ᠠ᠃ ᠪᠠᠭ᠎ᠠ ᠨᠠᠰᠤᠨ ᠤ ᠭᠦᠷᠢ ᠳᠡᠭᠦᠤ ᠨᠡᠷ ᠪᠣᠯ ᠪᠠᠷᠢᠭᠰᠠᠨ ᠳᠠᠮᠠᠭᠢ ᠶᠢ ᠰᠢᠭᠤᠳ ᠠᠪᠴᠢᠬᠠᠨ᠎ᠠ᠃ ᠭᠡᠳᠡᠯ᠎ᠡ ᠭᠦᠷᠭᠡᠨ ᠠᠬ᠎ᠠ ᠨᠡᠷ ᠪᠣᠯ ᠡᠷᠭᠡᠪᠰᠢ ᠰᠢᠨ᠎ᠠ ᠪᠠᠷᠢ ᠪᠠᠷ ᠰᠢᠮᠰᠢ᠌ᠯᠭᠡᠵᠤ ᠰᠤᠨᠠᠢ᠌ᠯᠭᠠᠵᠤ ᠪᠠᠢ᠌ᠭᠠᠤᠨ ᠰᠠ‍‌ᠶᠢ ᠠᠪᠣᠨ᠎ᠠ᠃ ᠨᠠᠩᠬᠤ ᠶᠢᠨ ᠣᠰᠤ ᠪᠠᠷ ᠴᠠᠢ ᠴᠡᠢ᠌ᠯᠡᠭᠦ ᠶᠢ ᠭᠡᠳᠡᠰᠤ ᠡᠪᠠᠳᠦᠨ᠎ᠡ︕ ᠭᠡᠳ ᠭᠦᠯᠢᠶᠡᠭᠦ ᠥᠭᠡᠢ᠃ ᠵᠠᠪᠠᠯ ᠰᠢᠨ᠎ᠠ ᠣᠰᠤ ᠪᠣᠴᠠᠯᠭᠠᠨ᠂ ᠴᠠᠢ ᠶᠢ ᠱᠠᠭᠠᠷᠳᠠᠨ᠎ᠠ᠃ ᠰᠢᠨ᠎ᠠ ᠪᠠᠷᠢ ᠴᠤ ᠳᠠᠢ᠌ᠮᠤ ᠠᠮᠠᠷᠬᠠᠨ ᠵᠠᠷᠤᠭᠳᠠᠬᠤ ᠦᠭᠡᠶ᠃ ᠶᠠᠪᠣᠴᠠ ᠪᠠᠨ ᠵᠤᠷᠢᠭᠤᠳᠠ ᠤᠳᠠᠭᠠᠰᠢᠷᠠᠭᠤᠯᠤᠨ᠂ ᠳᠠᠳᠠᠨᠤᠰ ᠲᠤ ᠭᠦᠯᠢᠶᠡᠭᠦ ᠶᠢᠨ ᠬᠠᠯᠠ ᠶᠢ ᠠᠮᠰᠠᠭᠤᠯᠤᠨ᠎ᠠ᠃ ᠪᠠᠷᠢᠭᠰᠠᠨ ᠴᠠᠢ ᠶᠢ ᠨᠢᠭᠡ ᠬᠤᠶᠠᠷ ᠠᠮᠠ ᠣᠤᠭᠤᠭᠰᠠᠨ ᠶᠢᠡᠨ《ᠶᠠᠮᠠᠷ ᠠᠭᠰᠢᠭᠤᠨ ᠴᠠᠢ ᠪᠣᠢ ︖ ᠬᠠᠷ᠎ᠠ ᠴᠠᠢ ᠪᠠᠨ ᠣᠤᠭᠤᠯᠭᠠᠭᠠᠤᠨ ᠬᠠᠮᠤᠭ ᠢᠳᠡᠭ᠍ᠰᠡᠨ ᠢ ᠪᠦᠷ ᠳᠠᠭᠤᠭᠠᠤᠨ ᠶᠠᠪᠣᠭᠤᠯᠴᠢᠬᠠᠯ᠎ᠠ ︕ ᠣᠳᠤ ᠪᠢ ᠥᠯᠦᠰᠦᠭᠡᠳ ᠪᠣᠯᠬᠤ ᠦᠭᠡᠶ ᠪᠣᠯᠵᠠᠢ ︕》 ᠭᠡᠵᠤ ᠭᠡᠯᠡᠵᠡᠭᠡᠨ᠂ ᠳᠦᠷᠭᠦᠮ ᠡᠴᠡ ᠪᠠᠨ ᠠᠪᠴᠢᠷᠠᠭᠰᠠᠨ ᠪᠣᠤᠪᠣ ᠪᠣᠭᠤᠷᠰᠤᠭ ᠶᠢᠡᠨ ᠭᠠᠷᠭᠠᠵᠤ ᠳᠠᠢ᠌ᠯᠠᠬᠤ ᠶᠢ ᠳᠠᠮ ᠶᠢᠡᠷ ᠱᠠᠭᠠᠷᠳᠠᠳᠠᠭ᠃ ᠦᠨᠡᠨᠳᠡᠭᠡᠨ ᠬᠤᠷᠢᠮ ᠤᠨ ᠶᠤᠰᠤᠯᠠᠯ ᠳᠤ ᠡᠢ᠌ᠮᠤ ᠨᠢᠭᠡ ᠶᠠᠪᠣᠴᠠ ᠪᠠᠢ᠌ᠬᠤ ᠶᠢ ᠮᠡᠳᠡᠭᠦ ᠪᠣᠯᠬᠤᠷ ᠴᠠᠭᠠᠨ ᠢᠳᠡᠭᠡᠨ ᠪᠣᠤᠪᠣ ᠪᠣᠭᠤᠷᠰᠤᠭ ᠶᠢᠡᠨ ᠪᠦᠷ ᠣᠷᠢᠳᠴᠢᠯᠠᠨ ᠪᠡᠯᠡᠳᠭᠡᠳᠡᠭ᠌ ᠶᠤᠮ᠃ ᠭᠡᠪᠠᠴᠤ ᠠᠯᠢ ᠴᠢᠳᠠᠬᠤ ᠪᠠᠷ ᠶᠠᠭᠤ ᠴᠤ ᠢᠳᠡᠭᠦᠯᠭᠦ ᠦᠭᠡᠶ ᠪᠠᠷ ᠣᠷᠤᠯᠳᠤᠳᠠᠭ᠃ ᠡᠭᠦᠨ ᠶᠢᠡᠷ ᠰᠢᠨ᠎ᠠ ᠪᠠᠷᠢ ᠶᠢᠨ ᠭᠢᠯᠪᠠᠷ ᠭᠦᠮᠤᠨ ᠪᠢᠰᠢ ᠭᠡᠳᠡᠭ᠌ ᠶᠢᠡᠨ ᠳᠠᠳᠠᠨᠤᠰ ᠲᠤ ᠥᠵᠡᠭᠦᠯᠦᠨ᠎ᠡ ᠭᠡᠨ᠎ᠡ᠃ ᠢᠩᠭᠢᠭᠡᠳ ᠴᠠᠢ ᠡᠴᠡ ᠨᠢ ᠭᠦᠯᠦᠷᠡᠳᠡᠯ᠎ᠡ ᠣᠤᠭᠤᠭᠠᠤᠨ᠂ ᠪᠣᠤᠪᠣ ᠪᠣᠭᠤᠷᠰᠤᠭ᠂ ᠴᠠᠭᠠᠨ ᠢᠳᠡᠭᠡ ᠡᠴᠡ ᠨᠢ ᠴᠠᠳᠳᠠᠯ᠎ᠠ ᠢᠳᠠᠵᠤ ᠪᠠᠰᠠ ᠶᠠᠪᠣᠬᠤ ᠶᠠᠩᠵᠤ ᠦᠭᠡᠶ ᠶᠤᠮ ᠪᠣᠯ ᠬᠠᠳᠠᠮ ᠡᠵᠢ ᠨᠢ ᠭᠦᠤ ᠪᠠᠷᠢ ᠪᠠᠨ ᠬᠠᠢ᠌ᠷᠠᠯᠠᠵᠤ ᠶᠠᠳᠠᠷᠠᠭᠤᠵᠠᠢ ᠭᠡᠳ ᠣᠳᠤ ᠪᠤᠯᠵᠠᠢ︕ ᠭᠡᠵᠤ ᠭᠡᠯᠡᠭᠡᠳ ᠬᠡᠦᠬᠡᠳ ᠤᠳ ᠪᠠᠰᠠ ᠰᠤᠨᠤᠰᠬᠤ ᠦᠭᠡᠶ ᠪᠣᠯ ᠳᠤᠤᠵᠤ ᠪᠠᠷᠢᠵᠤ ᠢᠷᠡᠭᠡᠳ ᠵᠤᠳᠤᠬᠤ ᠳᠦᠷᠢ ᠭᠠᠷᠭᠠᠵᠤ ᠦᠯᠳᠡᠨ ᠭᠦᠭᠡᠭᠡᠵᠤ ᠶᠠᠪᠣᠭᠤᠯᠳᠠᠭ᠃ ᠡᠨᠡ ᠦᠶ᠎ᠡ ᠳᠤ ᠪᠠᠷᠭᠡᠳ ᠨᠢᠭᠡᠨᠲᠡ ᠣᠷᠳᠤ ᠨᠠᠰᠤᠯᠠᠬᠤ ᠮᠢᠶᠠᠠᠳᠤᠤᠷ ᠭᠢᠵᠤ᠂ ᠰᠢᠨ᠎ᠠ ᠬᠤᠶᠠᠷ ᠭᠦᠮᠤᠨ ᠳᠤ ᠢᠳᠡᠭᠦᠯᠤᠨ᠂ ᠤᠷᠳᠤ ᠨᠠᠰᠤᠯᠠᠵᠤ ᠣᠳᠠᠭᠠᠨ ᠵᠢᠷᠭᠠᠬᠤ ᠶᠢ ᠨᠢ ᠪᠠᠯᠭᠡᠳᠡᠭᠡᠳ᠂ ᠰᠢᠨ᠎ᠠ ᠭᠡᠷ ᠲᠤ ᠨᠢ ᠣᠷᠤᠭᠤᠯᠵᠤ᠂ ᠭᠦᠰᠢᠭᠡ ᠳᠠᠳᠠᠨ ᠣᠠᠳᠠᠭᠤᠯᠤᠨ᠎ᠠ᠃

25.ᠠᠵᠢᠯ ᠳᠤᠰᠢᠶᠠᠬᠤ ᠶᠤᠰᠤᠨ

ᠳᠡᠭ᠍ᠷᠢ᠂ ᠭᠠᠯ ᠳᠤ ᠪᠠᠨ ᠮᠦᠷᠭᠦᠨ᠂ ᠦᠰᠤ ᠬᠤᠯᠪᠣᠭᠰᠠᠨ ᠤ ᠭᠤᠷᠪᠠ ᠬᠤᠨᠤᠭ ᠤᠨ ᠳᠠᠷᠠᠭ᠎ᠠ ᠦᠷᠯᠦᠭᠡ ᠨᠢ ᠬᠠᠳᠠᠮ ᠡᠭᠡ ᠡᠴᠡ ᠪᠠᠷᠢ ᠳᠤ ᠪᠠᠨ ᠠᠵᠢᠯ ᠭᠢᠳᠠᠯ ᠶᠢᠡᠨ ᠳᠤᠰᠢᠶᠠᠳᠠᠭ᠃ ᠰᠢᠨ᠎ᠠ ᠪᠠᠷᠢ ᠡᠨᠡ ᠥᠩᠭᠡᠷᠡᠭ᠍ᠰᠡᠨ ᠭᠤᠷᠪᠠᠨ ᠡᠳᠦᠷ ᠲᠤ ᠭᠡᠷ ᠤᠨ ᠭᠠᠳᠠᠨᠠᠭᠢ ᠠᠵᠢᠯ ᠳᠤ ᠪᠦᠷ ᠭᠠᠷ ᠳᠦᠷᠦᠭᠦ ᠦᠭᠡᠶ᠂ ᠵᠥᠪᠭᠡᠨ ᠬᠠᠳᠠᠮ ᠤᠨ ᠭᠡᠷ ᠤᠨ ᠠᠵᠤ ᠠᠮᠢᠳᠤᠷᠠᠯ ᠤᠨ ᠵᠠᠩ ᠵᠠᠩᠰᠢᠯ᠂ ᠪᠠᠢ᠌ᠳᠠᠯ ᠲᠦᠯᠤᠪ ᠵᠡᠷᠭᠡ ᠶᠢ ᠠᠩᠬᠠᠷᠤᠨ ᠠᠵᠢᠭᠯᠠᠵᠤ ᠰᠠᠭᠤᠳᠠᠭ᠃ ᠭᠤᠷᠪᠠᠳᠤᠭᠠᠷ ᠦᠷᠯᠦᠭᠡ ᠨᠢ ᠰᠢᠨ᠎ᠠ ᠪᠠᠷᠢ ᠦᠷ ᠶᠢᠡᠷ ᠪᠣᠰᠴᠤ᠂ ᠬᠠᠳᠠᠮ ᠡᠭᠡ ᠶᠢᠨ ᠭᠤᠯᠤᠮᠳᠠ ᠵᠤᠤᠬ᠎ᠠ ᠡᠴᠡ ᠮᠠᠯᠳᠠᠵᠤ ᠭᠠᠷᠭᠠᠭᠰᠠᠨ ᠦᠨᠡᠰᠤ ᠶᠢ ᠰᠠᠭᠰᠤᠯᠠᠵᠤ ᠲᠤᠬᠤᠢ᠌ᠯᠠᠨ᠂ ᠭᠡᠷ ᠤᠨ ᠪᠠᠷᠠᠭᠤᠨ ᠡᠮᠦᠨ᠎ᠡ ᠦᠨᠡᠰᠤᠨ ᠣᠪᠣᠭᠠᠨ ᠳᠡᠭᠡᠷ᠎ᠡ ᠠᠪᠠᠴᠢᠵᠤ ᠠᠰᠬᠠᠳᠠᠭ᠃ ᠬᠤᠷᠴᠢᠨ ᠮᠤᠩᠭ᠋ᠤᠯᠴᠤᠳ ᠭᠠᠯ ᠢ ᠡᠷᠭᠢᠮ ᠳᠤ ᠥᠵᠡᠳᠡᠭ᠌ ᠪᠣᠯᠬᠤᠷ ᠦᠨᠡᠰᠤ ᠪᠠᠨ ᠮᠦᠨ ᠡᠷᠦᠢ ᠬᠤᠷᠤᠢ ᠦᠭᠡᠶ ᠬᠠᠶᠠᠳᠠᠭ ᠦᠭᠡᠶ᠃ ᠮᠤᠩᠭ᠋ᠤᠯᠴᠤᠳ ᠤᠨ ᠳᠡᠭᠡᠷ᠎ᠡ ᠳᠠᠯ᠎ᠠ᠂ ᠪᠣᠷᠬᠠᠨ ᠤ ᠣᠷᠤᠨ ᠭᠡᠵᠤ ᠥᠵᠡᠳᠡᠭ᠌ ᠭᠡᠷ ᠤᠨ ᠪᠠᠷᠠᠭᠤᠨ ᠡᠮᠦᠨ᠎ᠡ ᠳᠠᠯ᠎ᠠ ᠳᠤ ᠪᠠᠨ ᠭᠠᠯ ᠤᠨ ᠦᠨᠡᠰᠤ ᠪᠠᠨ ᠠᠰᠬᠠᠳᠠᠭ ᠶᠤᠰᠤ ᠲᠡᠶ᠃ ᠦᠨᠡᠰᠤᠨ ᠣᠪᠣᠭ᠎ᠠ ᠶᠢᠨ ᠶᠡᠭᠡ ᠪᠠᠭ᠎ᠠ ᠪᠠᠷ ᠡᠨᠡ ᠭᠡᠷ ᠤᠨ ᠠᠵᠤ ᠠᠮᠢᠳᠤᠷᠠᠯ᠂ ᠦᠪ ᠭᠦᠷᠦᠩᠭᠡ ᠶᠢᠨ ᠵᠤᠵᠠᠭᠠᠨ ᠨᠢᠮᠭᠡᠨ ᠤ ᠪᠠᠢ᠌ᠳᠠᠯ ᠢ ᠦᠵᠡᠵᠤ ᠭᠠᠷᠤᠨ᠎ᠠ ᠭᠡᠨ᠎ᠡ᠃ ᠦᠨᠡᠰᠤ ᠪᠠᠨ ᠬᠠᠶᠠᠬᠤ ᠳᠤ ᠪᠠᠨ ᠪᠣᠰᠤᠳ ᠬᠤᠭ ᠨᠤᠪᠰᠢ ᠲᠡᠶ ᠬᠠᠮᠳᠤ ᠬᠠᠶᠠᠳᠠᠭ ᠦᠭᠡᠶ᠃ ᠭᠠᠯ ᠲᠡᠶ ᠦᠨᠡᠰᠤ ᠬᠠᠶᠠᠳᠠᠭ ᠦᠭᠡᠶ᠃ ᠦᠨᠡᠰᠤᠨ ᠣᠪᠣᠭᠠᠨ ᠳᠡᠭᠡᠷ᠎ᠡ ᠪᠠᠨ ᠪᠣᠵᠠᠷ ᠪᠣᠷᠳᠤᠭ ᠲᠡᠶ ᠵᠣᠢ᠌ᠯ ᠢ ᠭᠦᠷᠭᠡᠳᠡᠭ᠌ ᠦᠭᠡᠶ᠃ ᠬᠡᠦᠬᠡᠳ ᠤᠳ ᠤᠨ ᠦᠨᠡᠰᠤᠨ ᠣᠪᠣᠭᠠᠨ ᠳᠡᠭᠡᠷ᠎ᠡ ᠨᠠᠭᠠᠳᠬᠤ ᠶᠢ ᠴᠡᠭᠡᠷᠯᠡᠨ᠎ᠡ᠃ ᠭᠡᠷᠪᠡ ᠨᠠᠭᠠᠳᠤᠪᠠᠯ ᠭᠡᠰᠢᠭ᠌ ᠪᠣᠶᠠᠨ ᠵᠠᠢ᠌ᠯᠠᠵᠤ᠂ ᠭᠡᠢ ᠮᠤᠷᠢ ᠭᠡᠪᠳᠡᠨ᠎ᠡ ᠭᠡᠨ᠎ᠡ᠃

ᠭᠠᠯ ᠭᠤᠯᠤᠮᠳᠠ ᠪᠣᠯ ᠮᠤᠩᠭ᠋ᠤᠯ ᠭᠦᠮᠤᠨ ᠤ ᠨᠢᠭᠡ ᠭᠡᠷ ᠪᠦᠯᠢ ᠶᠢᠨ ᠲᠦᠯᠦᠭᠡᠯᠡᠯ ᠮᠦᠨ᠃ ᠡᠢ᠌ᠮᠤ ᠡᠴᠡ ᠰᠢᠨ᠎ᠠ ᠪᠠᠷᠢ ᠪᠠᠷ ᠦᠨᠡᠰᠤ ᠠᠰᠬᠠᠭᠤᠯᠵᠤ ᠪᠠᠢ᠌ᠭ᠎ᠠ ᠪᠣᠯ ᠡᠨᠡ ᠭᠦᠮᠤᠨ ᠪᠣᠯ ᠮᠠᠨ ᠤ ᠣᠪᠣᠭᠳᠠᠨ ᠤ ᠵᠢᠩᠭᠢᠨᠢ ᠨᠢᠭᠡ ᠭᠡᠰᠢᠭᠦᠨ ᠪᠣᠯᠵᠠᠢ ᠭᠡᠰᠡᠨ ᠢ ᠢᠯᠡᠷᠭᠡᠢ᠌ᠯᠡᠵᠤ ᠪᠠᠢ᠌ᠭ᠎ᠠ ᠪᠦᠭᠡᠳ ᠨᠢᠭᠡᠨᠲᠡ ᠳᠤᠰ ᠭᠡᠷ ᠡᠷᠦᠭᠡ ᠶᠢᠨ ᠠᠵᠢᠯ ᠠᠮᠢᠳᠤᠷᠠᠯ ᠢ ᠡᠭᠢᠯᠡᠨ ᠭᠢᠭᠦ ᠪᠣᠯᠵᠠᠢ ᠭᠡᠰᠡᠨ ᠢ ᠳᠤᠩᠬᠠᠭᠯᠠᠵᠤ ᠪᠠᠢ᠌ᠭ᠎ᠠ ᠶᠠᠪᠣᠳᠠᠯ ᠮᠦᠨ᠃ ᠦᠨᠦᠳᠤᠷ ᠰᠢᠨ᠎ᠠ ᠪᠠᠷᠢ ᠦᠨᠡᠰᠤ ᠠᠰᠬᠠᠬᠤ ᠳᠤ ᠪᠠᠨ ᠵᠠᠮ ᠳᠤ ᠪᠠᠨ ᠰᠠᠳᠠᠷᠠᠭᠤᠯᠵᠤ ᠴᠤᠪᠣᠭᠤᠯᠵᠤ ᠪᠠᠢ᠌ᠪᠠᠯ ᠭᠡᠰᠢᠭ᠌ ᠪᠣᠶᠠᠨ ᠶᠢᠡᠨ ᠰᠠᠳᠠᠷᠠᠭᠤᠯᠵᠤ ᠪᠠᠢ᠌ᠨ᠎ᠠ ᠭᠡᠵᠤ ᠥᠵᠡᠳᠡᠭ᠌᠃ ᠰᠢᠨ᠎ᠠ ᠪᠠᠷᠢ ᠦᠨᠡᠰᠤ ᠪᠠᠨ ᠠᠪᠣᠭᠠᠤᠨ ᠭᠡᠷ ᠡᠴᠡ ᠭᠠᠷᠴᠤ ᠦᠨᠡᠰᠤᠨ ᠣᠪᠣᠭ᠎ᠠ ᠵᠥᠭ᠌ ᠶᠠᠪᠣᠬᠤ ᠳᠤ ᠪᠠᠨ ᠡᠷᠭᠢᠵᠤ ᠭᠡᠷ ᠵᠥᠭ᠌ ᠶᠢᠡᠨ ᠬᠠᠷᠠᠵᠤ ᠪᠣᠯᠬᠤ ᠦᠭᠡᠶ᠃ ᠬᠤᠷᠢᠮ ᠨᠠᠢ᠌ᠷ ᠭᠢᠭ᠍ᠰᠡᠨ ᠡᠳᠦᠷ ᠤᠳ ᠲᠤ ᠵᠥᠭ᠌ ᠪᠦᠷᠢ ᠶᠢᠨ ᠴᠢᠳᠭᠦᠷ ᠰᠢᠮᠨᠤᠰ ᠡ᠊ᠨᠳᠡ ᠴᠤᠭᠯᠠᠷᠠᠵᠤ ᠭᠦᠷᠢᠶ᠎ᠡ ᠬᠠᠰᠢᠶ᠎ᠠ ᠶᠢᠨ ᠪᠣᠯᠤᠩ ᠳᠤᠬᠤᠢ ᠪᠠᠷ ᠡᠷᠭᠢᠴᠡᠵᠤ᠂ ᠭᠡᠷ ᠤᠨ ᠡᠭᠦᠳᠡ ᠶᠢ ᠣᠯᠬᠤ ᠦᠭᠡᠶ ᠥᠩᠭᠡᠯᠵᠡᠵᠤ ᠪᠠᠢ᠌ᠭ᠎ᠠ ᠪᠣᠯᠬᠤᠷ ᠰᠢᠨ᠎ᠠ ᠪᠠᠷᠢ ᠦᠨᠡᠰᠤ ᠬᠠᠶᠠᠬᠤ ᠪᠠᠷ ᠶᠠᠪᠣᠭᠠᠤᠨ᠂ ᠭᠡᠷ ᠵᠥᠭ᠌ ᠶᠢᠡᠨ ᠡᠷᠭᠢᠵᠤ ᠬᠠᠷᠠᠪᠠᠯ᠂ ᠴᠢᠳᠭᠦᠷ ᠱᠤᠯᠤᠮ ᠤᠳ ᠣᠷᠤᠬᠤ ᠡᠭᠦᠳᠡ ᠪᠠᠨ ᠣᠯᠴᠢᠨ᠎ᠠ ᠭᠡᠨ᠎ᠡ᠃ ᠦᠨᠡᠰᠤ ᠪᠠᠨ ᠬᠠᠶᠠᠭᠠᠤᠨ ᠪᠣᠴᠠᠬᠤ ᠵᠠᠮ ᠳᠤ ᠪᠠᠨ ᠮᠦᠨ ᠡᠷᠭᠢᠵᠤ ᠬᠠᠷᠠᠬᠤ ᠦᠭᠡᠶ᠃ ᠦᠭᠡᠶ ᠪᠣᠯ ᠦᠨᠡᠰᠤ ᠲᠡᠶ ᠬᠠᠮᠳᠤ ᠬᠠᠶᠠᠭᠳᠠᠭᠰᠠᠨ ᠴᠢᠳᠭᠦᠷ ᠤᠳ ᠬᠣᠢ᠌ᠨ᠎ᠠ ᠡᠴᠡ ᠨᠢ ᠳᠠᠭᠠᠵᠤ ᠢᠷᠡᠭᠡᠳ᠂ ᠰᠢᠨ᠎ᠠ ᠭᠡᠷ ᠲᠤ ᠣᠷᠤᠵᠤ᠂ ᠠᠵᠤ ᠠᠮᠢᠳᠤᠷᠠᠯ ᠳ᠋ᠤᠨᠢ ᠬᠠᠷᠰᠢ ᠰᠠᠭᠠᠤᠨ ᠪᠣᠯᠤᠨ᠎ᠠ ᠭᠡᠵᠤ ᠥᠵᠡᠳᠡᠭ᠌᠃ ᠰᠢᠨ᠎ᠠ ᠪᠠᠷᠢ ᠶᠢ ᠡᠭᠦᠳᠡᠨ ᠭᠠᠳᠠᠨ᠎ᠠ ᠢᠷᠠᠵᠤ᠂ ᠭᠡᠷ ᠲᠤ ᠣᠷᠤᠬᠤ ᠡᠴᠡ ᠡᠮᠦᠨ᠎ᠡ᠂ ᠬᠠᠳᠠᠮ ᠡᠵᠢ ᠨᠢ ᠪᠠᠷᠢ ᠪᠠᠨ ᠭᠠᠳᠠᠭᠰᠢ ᠬᠠᠠᠳᠤᠭᠤᠯᠤᠨ ᠵᠤᠭᠰᠤᠭᠠᠵᠤ᠂ ᠳᠤᠤᠵᠤ ᠪᠠᠷ ᠪᠠᠶ᠎ᠠ ᠳᠡᠭᠡᠷᠡᠭᠢ ᠦᠨᠡᠰᠤ ᠬᠤᠭ ᠢ ᠭᠦᠩᠭᠡᠭᠡᠨ ᠭᠦᠪᠢᠵᠤ

ᠡᠪᠦᠭᠡ ᠳᠡᠭᠡᠳᠦᠰ ᠤᠨ ᠪᠣᠶᠠᠨ ᠶᠢᠡᠷ

ᠡᠨᠡ ᠡᠭᠦᠳᠡᠨ ᠳᠤ ᠵᠠᠶᠠᠭᠠᠭᠰᠠᠨ

ᠡᠷᠭᠡ ᠵᠢᠷᠭᠠᠯᠳᠠᠢ ᠪᠠᠷᠢ ᠳᠤ ᠪᠠᠨ

ᠡᠷᠭᠢᠯᠡᠭᠦ ᠠᠵᠢᠯ ᠢ ᠨᠢ ᠳᠤᠰᠢᠶᠠᠶ᠎ᠠ

ᠣᠳᠤᠮ ᠰᠠᠢ᠌ᠳᠠᠢ ᠪᠠᠷᠢ ᠮᠢᠨᠢ

ᠣᠯᠠᠨ ᠳᠤ ᠪᠠᠨ ᠮᠠᠭᠳᠠᠭᠠᠯᠳᠠᠢ ᠠᠮᠢᠳᠤᠷᠠᠭᠠᠷᠠᠢ ︕ ᠭᠡᠵᠤ ᠢᠷᠦᠭᠡᠳᠡᠭ᠌᠃ ᠡᠨᠡ ᠦᠶ᠎ᠡ ᠳᠡᠭᠦᠤ ᠨᠡᠷ ᠭᠡᠳᠥᠢᠨ ᠪᠣᠰᠴᠠᠭᠠᠵᠤ ᠡᠭᠦᠳᠡ ᠶᠢ ᠳᠤᠳᠤᠷ᠎ᠠ ᠡᠴᠡ ᠨᠢ ᠳᠠᠷᠤᠭᠠᠤᠨ᠂ ᠪᠠᠷᠭᠡᠨ ᠵᠢᠡᠨ ᠭᠡᠷ ᠲᠤ ᠣᠷᠤᠭᠤᠯᠬᠤ ᠦᠭᠡᠶ ᠭᠡᠵᠤ ᠮᠠᠶ‍ᠢᠭᠯᠠᠬᠤ ᠳᠤ᠂ ᠪᠠᠷᠭᠡᠨ ᠨᠢ ᠠᠷᠭ᠎ᠠ ᠦᠭᠡᠶ ᠱᠠᠬᠠᠢ ᠭᠤᠳᠤᠯ ᠦᠭ‍ᠭᠦᠶ᠎ᠡ︕ ᠭᠡᠵᠤ ᠭᠡᠯᠡᠪᠠᠯ ᠰᠠ‍‌ᠶᠢ ᠡᠭᠦᠳᠡ ᠳᠠᠢ᠌ᠯᠵᠤ᠂ ᠪᠠᠷᠭᠡᠨ ᠶᠢᠡᠨ ᠣᠷᠤᠭᠤᠯᠤᠨ᠎ᠠ᠃ ᠰᠢᠨ᠎ᠠ ᠪᠠᠷᠢ ᠭᠤᠷᠪᠠ ᠬᠤᠨᠤᠳᠠᠯ᠎ᠠ ᠭᠦᠡᠳᠡᠯᠡᠨ ᠵᠠᠮ ᠣᠭᠳᠤᠯᠬᠤ ᠶᠢ ᠴᠡᠭᠡᠷᠯᠡᠨ᠎ᠡ᠃ ᠭᠤᠷᠪᠠ ᠬᠤᠨᠤᠬᠤ ᠡᠴᠡ ᠡᠮᠦᠨ᠎ᠡ᠂ ᠰᠢᠨ᠎ᠠ ᠭᠦᠮᠤᠨ ᠤ ᠰᠠᠨᠠᠭ᠎ᠠ ᠰᠡᠳᠭᠢᠯ ᠨᠢ ᠳᠤᠭᠳᠠᠪᠣᠷᠢ ᠥᠢᠭᠡᠢ ᠪᠠᠢ᠌ᠳᠠᠭ ᠪᠣᠯᠬᠤᠷ ᠭᠦᠡᠳᠡᠯᠡᠨ ᠵᠠᠮ ᠣᠭᠳᠤᠯᠪᠠᠯ ᠰᠦᠨᠠᠰᠤ ᠨᠢ ᠳᠦᠭᠡᠷᠡᠨ᠎ᠡ ᠭᠡᠳᠡᠭ᠌᠃ ᠰᠢᠨ᠎ᠠ ᠣᠷᠤᠭᠯᠠᠭᠰᠠᠨ ᠬᠤᠶᠠᠷ ᠪᠠᠷᠢ ᠵᠠᠭᠤ ᠬᠤᠨᠤᠭ ᠤᠨ ᠳᠤᠳᠤᠷ᠎ᠠ ᠠᠭᠤᠯᠵᠠᠵᠤ ᠪᠣᠯᠬᠤ ᠦᠭᠡᠶ᠃ ᠭᠡᠢ ᠮᠤᠷᠢ ᠭᠡᠪᠳᠡᠨ᠎ᠡ ᠭᠡᠭᠦ᠃ ᠶᠠᠭ ᠠᠭᠤᠯᠵᠠᠬᠤ ᠴᠢᠬᠤᠯᠠᠳᠠᠢ ᠪᠣᠯ ᠬᠤᠸᠠᠷ ᠰᠤᠯᠢᠯᠴᠠᠬᠤ ᠭᠡᠷᠡᠭ᠍ᠳᠡᠢ᠃

ᠡᠷ᠎ᠡ ᠨᠢ ᠭᠡᠷ ᠤᠨ ᠬᠠᠮᠤᠭ ᠢ ᠮᠡᠳᠡᠭ᠍ᠴᠢ᠂ ᠡᠮ᠎ᠡ ᠨᠢ ᠭᠠᠯ ᠳᠤᠭᠤᠭᠠᠨ ᠤ ᠡᠵᠡᠨ᠂ ᠠᠶᠠᠭ᠎ᠠ ᠰᠢᠨᠠᠭ᠎ᠠ ᠶᠢᠨ ᠮᠡᠳᠡᠭ᠍ᠴᠢ ᠪᠣᠯᠳᠠᠭ ᠨᠢ ᠡᠷᠳᠡᠨ ᠡᠴᠡ ᠣᠯᠠᠮᠵᠢᠯᠠᠭᠰᠠᠨ ᠮᠤᠩᠭ᠋ᠤᠯᠴᠤᠳ ᠤᠨ ᠭᠡᠷᠯᠡᠯᠳᠡ ᠶᠢᠨ ᠵᠢᠷᠤᠮ ᠪᠠᠢ᠌ᠪᠠ᠃ ᠭᠡᠪᠠᠴᠤ ᠭᠦᠮᠤᠨ ᠤ ᠠᠮᠢᠳᠤᠷᠠᠯ ᠤᠨ ᠳᠤᠮᠳᠠ ᠶᠠᠷᠤᠨᠢ ᠣᠵᠤᠭᠤᠷ ᠦᠶ᠎ᠡ ᠶᠢᠨ ᠡᠭᠡᠴᠢᠯᠡᠯ ᠤᠪᠤᠭ ᠤᠨ ᠦᠶ᠎ᠡ ᠶᠢᠨ ᠣᠯᠠ ᠮᠦᠷ ᠬᠠᠶᠠ ᠬᠠᠷᠠᠭᠳᠠᠭᠠᠤᠨ ᠯᠠ ᠪᠠᠢ᠌ᠳᠠᠭ᠃ 《ᠶᠠᠪᠣᠭᠠᠨ ᠳᠤ ᠪᠠᠨ ᠡᠨᠡ ᠭᠡᠷ ᠤᠨ ᠨᠠᠢ᠌ᠨᠠᠢ ᠨᠢ ᠰᠠᠭᠤᠴᠢᠬᠠᠨ᠎ᠠ》 ᠭᠡᠳᠡᠭ᠍ᠴᠢᠯᠡᠨ ᠭᠡᠳᠤᠨ ᠵᠢᠯ ᠪᠣᠯᠤᠭᠰᠠᠨ ᠤ ᠰᠡᠭᠦᠯᠡᠷ ᠬᠠᠳᠠᠮ ᠡᠵᠢ ᠨᠢ ᠡᠨᠡ ᠪᠠᠷᠢ ᠪᠠᠨ ᠰᠠᠢ᠌ᠨ ᠪᠠᠷᠢ᠂ ᠪᠣᠯᠬᠤ ᠪᠠᠷᠢ ᠭᠡᠵᠤ ᠳᠤᠭᠤᠪᠠᠯ ᠠᠪᠳᠠᠷ᠎ᠠ ᠬᠤᠷᠭᠤ᠂ ᠰᠠᠩ ᠤᠨ ᠭᠡᠷ ᠤᠨ ᠪᠦᠭᠦᠢᠯᠡ ᠲᠦᠯᠭᠢᠭᠦᠷ ᠶᠢᠡᠨ ᠳᠤᠰᠢᠶᠠᠵᠤ᠂ 《ᠳ᠋ᠠᠩᠵᠢᠶᠠᠳᠠ ᠪᠠᠷᠢ》 ᠭᠡᠵᠤ ᠨᠠᠷᠠᠯᠠᠨ᠎ᠠ᠃ ᠡᠨᠡ ᠦᠶ᠎ᠡ ᠡᠨᠡ ᠪᠠᠷᠢ ᠶᠢᠨ ᠡᠷᠭᠡ ᠵᠡᠷᠭᠡ᠂ ᠪᠠᠢ᠌ᠷᠢ ᠰᠠᠭᠤᠷᠢ ᠨᠢ ᠣᠠᠳᠤᠤ ᠪᠣᠯᠵᠤ᠂ ᠣᠯᠠᠨ ᠠᠷᠪᠢᠨ ᠭᠦᠯᠢᠶᠡᠰᠦᠯ ᠡᠴᠡ ᠠᠩᠭᠢᠵᠢᠷᠠᠵᠤ᠂ ᠡᠷᠭᠡ ᠴᠢᠯᠦᠭᠡ᠂ ᠡᠷᠭᠡ ᠮᠠᠳᠠᠯ ᠲᠡᠶ ᠪᠣᠯᠳᠠᠭ᠃ ᠳᠠᠷᠤᠢ ᠬᠠᠳᠠᠮ ᠠᠪᠣ᠂ ᠠᠬ᠎ᠠ ᠲᠡᠶ ᠬᠠᠮᠳᠤ ᠰᠠᠭᠤᠵᠤ ᠪᠣᠳᠠᠭ᠎ᠠ ᠢᠳᠠᠵᠤ ᠪᠣᠯᠬᠤ ᠦᠭᠡᠶ᠂ ᠬᠠᠳᠠᠮ ᠠᠪᠣ᠂ ᠠᠬ᠎ᠠ ᠳᠤ ᠰᠢᠭᠤᠳ ᠶᠠᠭᠤᠮ᠎ᠠ ᠭᠠᠷᠳᠠᠭᠤᠯᠬᠤ ᠦᠭᠡᠶ᠂ ᠬᠠᠷᠢᠨ ᠡᠵᠢ ᠪᠠᠷ ᠳᠠᠮᠵᠢᠭᠤᠯᠬᠤ ᠪᠣᠶᠤ ᠰᠤᠯᠠ ᠳᠠᠯᠪᠢᠵᠤ ᠦᠭ‍ᠭᠦ᠃ ᠬᠠᠳᠠᠮ ᠠᠪᠣ᠂ ᠠᠬ᠎ᠠ ᠶᠢᠨ ᠣᠷᠢᠳᠠᠭᠤᠷ ᠭᠡᠷᠦᠵᠤ ᠭᠠᠷᠬᠤ ᠦᠭᠡᠶ᠁ ᠮᠠᠳᠤ ᠶᠢᠨ ᠣᠯᠠᠨ ᠠᠷᠪᠢᠨ ᠴᠡᠭᠡᠷᠯᠡᠯ ᠪᠦᠷ ᠳᠠᠢ᠌ᠯᠤᠭᠳᠠᠨ᠎ᠠ᠃

ᠬᠤᠷᠴᠢᠨ ᠮᠤᠩᠭ᠋ᠤᠯᠴᠤᠳ ᠤᠨ ᠨᠠᠰᠤᠳᠠᠨ ᠶᠢᠡᠨ ᠭᠦᠡᠳᠦᠯᠡᠵᠤ᠂ ᠨᠢᠯᠬ᠎ᠠ ᠪᠠᠨ ᠬᠠᠢ᠌ᠷᠠᠯᠠᠬᠤ ᠰᠢᠯᠢᠳᠡᠭ᠌ ᠣᠳᠤᠮᠰᠢᠯ ᠭᠡᠵᠢᠶᠡᠳᠡ ᠴᠢᠩᠭ᠋᠎ᠠ ᠳᠤᠤᠱᠯᠠᠭᠳᠠᠵᠤ ᠪᠠᠢ᠌ᠳᠠᠭ᠃ ᠬᠠᠳᠠᠮ ᠡᠴᠢᠭᠡ ᠡᠭᠡ ᠪᠣᠯᠤᠨ ᠦᠪᠡᠷ ᠡᠴᠡ ᠨᠢ ᠠᠬᠠᠮᠠᠤᠨ ᠪᠣᠰᠤᠳ ᠳᠦᠷᠤᠯ ᠰᠠᠳᠤᠨ ᠤ ᠭᠦᠮᠦᠰ ᠤᠨ ᠨᠠᠷ᠎ᠠ ᠶᠢ ᠰᠢᠨ᠎ᠠ ᠪᠠᠷᠢ ᠭᠦᠮᠤᠨ ᠰᠢᠭᠤᠳ ᠭᠡᠯᠡᠵᠤ ᠪᠣᠯᠳᠠᠭ ᠦᠭᠡᠶ᠃ ᠶᠠᠮᠠᠷ ᠨᠢᠭᠡ ᠥᠭᠡᠷ᠎ᠡ ᠥᠭᠡ ᠪᠠᠷ ᠣᠷᠤᠯᠠᠭᠤᠯᠵᠤ ᠴᠡᠭᠡᠷᠯᠡᠨ ᠳᠠᠭᠤᠳᠠᠳᠠᠭ ᠵᠠᠩᠰᠢᠯ ᠲᠡᠶ᠃ ᠡᠷ᠎ᠡ ᠡᠮ᠎ᠡ ᠬᠤᠶᠠᠭᠤᠯᠠ ᠪᠠᠨ ᠮᠦᠨ ᠰᠢᠭᠤᠳ ᠨᠠᠷᠠᠯᠠᠨ ᠳᠠᠭᠤᠳᠠᠳᠠᠭ ᠦᠭᠡᠶ ᠬᠠᠷᠢᠨ 《ᠮᠠᠨ ᠤ ᠭᠦᠮᠤᠨ》᠂ 《ᠭᠡᠷ ᠤᠨ ᠡᠵᠡᠨ》᠂ 《ᠬᠠᠷ᠎ᠠ ᠭᠦᠮᠤᠨ》 ᠭᠡᠭᠦᠴᠢᠯᠡᠨ ᠭᠡᠯᠡᠳᠡᠭ᠌ ᠶ‍ᠦᠮ᠃ ᠡᠨᠡ ᠨᠢ ᠡᠴᠢᠭᠡ ᠶᠢᠨ ᠡᠷᠭᠡᠳᠤ ᠶᠤᠰᠤᠨ ᠦᠶ᠎ᠡ ᠶᠢᠨ ᠡᠷᠡᠴᠦᠳ ᠤᠨ ᠨᠠᠷ᠎ᠠ ᠭᠦᠡᠳᠤ ᠡᠷᠡᠰ ᠳᠡᠭᠡᠭ᠍ᠰᠢᠯᠡᠵᠤ᠂ ᠨᠡᠷ᠎ᠡ ᠪᠠᠷ ᠨᠢ ᠰᠢᠭᠤᠳ ᠨᠠᠷᠠᠯᠠᠨ ᠭᠡᠯᠡᠭᠦ ᠶᠢ ᠴᠤ ᠴᠡᠭᠡᠷᠯᠡᠭᠦ ᠵᠠᠩᠰᠢᠯ ᠲᠡᠶ ᠪᠣᠯᠵᠠᠢ᠃ ᠡᠭᠦᠨ ᠤ ᠳᠤᠬᠠᠢ ᠨᠢᠭᠡᠨ ᠰᠠᠴᠠᠨ ᠮᠡᠷᠭᠡᠨ ᠰᠢᠨ᠎ᠠ ᠪᠠᠷᠢ ᠶᠢᠨ ᠡᠢ᠌ᠮᠤ ᠨᠢᠭᠡᠨ ᠥᠯᠢᠭᠡᠷ ᠭᠠᠷᠤᠭᠰᠠᠨ ᠪᠢᠯᠠ ︕ ᠳᠠᠷᠤᠢ 《ᠣᠷᠤᠰᠬᠠᠯ ᠤᠨ ᠡᠭᠢᠨ ᠳᠤ᠂ ᠣᠷᠭᠤᠭ᠎ᠠ ᠶᠢᠨ ᠬᠠᠵᠠᠭᠤ ᠳᠤ᠂ ᠮᠠᠢ᠌ᠯᠠᠮᠠᠢ ᠶᠢᠨ ᠳᠠᠷᠳᠠᠮᠠᠢ ᠶᠢ ᠣᠢ᠌ᠯᠠᠮᠠᠢ ᠢᠷᠡᠭᠡᠳ ᠱᠠᠮᠰᠢᠵᠤ ᠣᠷᠭᠢᠵᠤ ᠳᠠ ᠳᠡᠯᠳᠡᠭᠡᠷ ᠶᠢᠡᠨ ᠣᠨᠤᠭᠠᠤᠨ ᠰᠡᠷᠡᠭᠡᠷ ᠶᠢᠡᠨ ᠡᠭᠦᠷᠦᠭᠡᠳ ᠶᠠᠪᠣᠬᠤ ᠦᠭᠡᠶ ᠦᠦ ︖》 ᠭᠡᠵᠤ ᠣᠰᠤ᠂ ᠮᠤᠳᠤ᠂ ᠬᠤᠨᠢ᠂ ᠬᠤᠴᠠ᠂ ᠴᠢᠨ᠋ᠸ᠎ᠡ᠂ ᠡᠯᠵᠢᠭᠡ᠂ ᠨᠤᠮᠤ ᠭᠡᠭᠦ ᠮᠠᠳᠤ ᠶᠢᠨ ᠨᠠᠷᠠᠳᠠᠢ ᠬᠠᠳᠠᠮ ᠤᠨ ᠠᠬᠠᠮᠠᠤᠨ ᠤᠨ ᠶᠢᠡᠨ ᠨᠠᠷ᠎ᠠ ᠶᠢ ᠭᠡᠯᠡᠭᠡ ᠦᠭᠡᠶ ᠪᠠᠷ ᠴᠡᠭᠡᠷᠯᠡᠨ ᠢᠯᠡᠳᠭᠡᠭ᠍ᠰᠡᠨ ᠪᠠᠢ᠌ᠨ᠎ᠠ᠃

ᠬᠠᠳᠠᠮ ᠡᠵᠢ ᠶᠢᠨ ᠰᠤᠷᠭᠠᠯ ᠪᠣᠯ ᠶᠠᠷᠤᠨᠢ ᠴᠢᠩᠭ᠋᠎ᠠ ᠬᠠᠳᠠᠭᠤ ᠪᠠᠢ᠌ᠳᠠᠭ᠃ ᠭᠡᠷ ᠤᠨ ᠶᠤᠰᠤ᠂ ᠠᠳᠠᠯ ᠠᠮᠢᠳᠤᠷᠠᠯ᠂ ᠭᠦᠳᠡᠯᠮᠦᠷᠢ ᠣᠢ᠌ᠯᠠᠳᠪᠣᠷᠢᠯᠠᠯ ᠳᠤ ᠯᠠᠪᠳᠠᠭᠤᠨ ᠭᠢᠨᠠᠮᠠᠭᠠᠢ ᠪᠠᠢ᠌ᠬᠤ ᠶᠢ ᠴᠢᠩᠭ᠋᠎ᠠ ᠱᠠᠭᠠᠷᠳᠠᠵᠤ ᠣᠭᠳᠤᠬᠠᠨ ᠴᠤ ᠣᠰᠤᠯᠳᠤᠵᠤ ᠪᠣᠯᠬᠤ ᠦᠭᠡᠶ ᠭᠡᠵᠤ ᠱᠠᠭᠠᠷᠳᠠᠳᠠᠭ᠃ ᠡᠢ᠌ᠮᠤ ᠡᠴᠡ ᠬᠤᠷᠴᠢᠨ ᠳᠤ ᠨᠢᠭᠡᠨ ᠴᠢᠩᠭ᠋᠎ᠠ ᠱᠠᠭᠠᠷᠳᠠᠵᠤ᠂ ᠬᠠᠳᠠᠭᠤ ᠣᠷᠤᠳᠠᠭ ᠭᠦᠮᠤᠨ ᠢ 《ᠬᠠᠯᠠ ᠲᠡᠶ ᠬᠠᠳᠠᠮ ᠡᠵᠢ》 ᠠᠳᠠᠯᠢ ᠭᠡᠵᠤ ᠭᠡᠯᠡᠳᠡᠭ᠌ ᠴᠤ ᠪᠣᠢ᠃

26.ᠰᠠᠪᠠᠤᠨ ᠰᠢᠳᠭᠦᠯ ᠤᠨ ᠪᠠᠯᠡᠭ᠌ ᠪᠡᠯᠡᠳᠭᠡᠭᠦ ᠶᠤᠰᠤᠨ

ᠰᠢᠨ᠎ᠠ ᠪᠠᠷᠢ ᠬᠠᠳᠠᠮ ᠠᠪᠣ ᠡᠵᠢ ᠵᠡᠷᠭᠡ ᠶᠢᠨ ᠬᠠᠳᠠᠮ ᠤᠨ ᠠᠬᠠᠮᠠᠤᠨ ᠲᠤ ᠪᠠᠨ ᠵᠤᠯᠭᠠᠬᠤ ᠪᠠᠯᠡᠭ᠌ ᠤᠨ ᠵᠣᠢ᠌ᠯ ᠱᠠᠬᠠᠢ ᠭᠤᠳᠤᠯ᠂ ᠣᠭᠤᠳᠠ ᠬᠠᠪᠳᠠᠭ᠎ᠠ᠂ ᠬᠤᠪᠴᠠᠰᠤ ᠬᠤᠨᠠᠷ ᠵᠡᠷᠭᠡ ᠶᠢ ᠰᠠᠪᠠᠤᠨ ᠭᠡᠨ᠎ᠡ᠃ 《ᠮᠤᠩᠭ᠋ᠤᠯ ᠤᠨ ᠵᠠᠩ ᠰᠤᠷᠳᠠᠬᠤᠨ ᠤ ᠳᠡᠮᠳᠡᠭᠯᠡᠯ》 ᠣᠷᠤᠭ ᠪᠠᠷᠢᠯᠳᠤᠬᠤ ᠵᠣᠢ᠌ᠯ ᠳᠤ 《ᠰᠢᠨ᠎ᠠ ᠪᠠᠷᠢ ᠶᠢ ᠭᠡᠷ ᠳᠤ ᠣᠳᠤᠷᠢᠳᠤᠨ ᠣᠷᠤᠭᠤᠯᠵᠤ᠂ ᠵᠤᠤᠤᠬᠠᠨ ᠳᠤ ᠪᠠᠨ ᠭᠤᠷᠪᠠᠠᠳᠠ ᠮᠦᠷᠭᠦᠭᠦᠯᠦᠭᠡᠳ᠂ ᠭᠤᠷᠪᠠᠨ ᠭᠡᠰᠡᠭ᠌ ᠬᠤᠨᠢᠨ ᠤ ᠣᠭᠤᠷᠠᠭ ᠢ ᠭᠤᠯᠤᠮᠳᠠ ᠳᠤ ᠡᠷᠭᠦᠭᠦᠯᠭᠦ ᠢᠨᠤ ᠵᠤᠤᠬ᠎ᠠ ᠳᠠᠭᠢᠬᠤ ᠯᠤᠭ᠎ᠠ ᠠᠳᠠᠯᠢ ᠰᠢᠭ ᠪᠠᠢ᠌ᠨ᠎ᠠ᠃ ᠳᠠᠷᠠᠭ᠎ᠠ ᠪᠠᠷ ᠬᠠᠳᠠᠮ ᠡᠴᠢᠭᠡ ᠡᠭᠡ᠂ ᠶᠡᠭᠡ ᠪᠠᠭ᠎ᠠ ᠠᠪᠠᠭ᠎ᠠ ᠨᠡᠷ ᠲᠤ ᠮᠦᠷᠭᠦᠨ ᠵᠤᠯᠭᠠᠵᠤ᠂ ᠶᠤᠰᠤᠯᠠᠯ ᠳᠡᠭᠦᠰᠦᠭ᠍ᠰᠡᠨ ᠤ ᠬᠣᠢ᠌ᠨ᠎ᠠ ᠭᠦᠮᠤᠨ ᠪᠦᠷᠢ ᠳᠤ ᠨᠢᠵᠡᠭᠡᠳ ᠵᠠᠬ᠎ᠠ ᠬᠤᠪᠴᠠᠰᠤᠨ ᠤ ᠪᠠᠯᠡᠭ᠌ ᠪᠠᠷᠢᠳᠠᠭ》 ᠭᠡᠵᠡᠢ᠃

ᠬᠤᠷᠴᠢᠨ ᠮᠤᠩᠭ᠋ᠤᠯ ᠭᠡᠦᠭᠡᠡᠴᠦᠳ ᠣᠷᠤᠭ ᠳᠤᠭᠳᠠᠭᠰᠠᠨ ᠴᠠᠭ ᠡᠴᠡ ᠡᠭᠢᠯᠡᠨ ᠭᠡᠦᠭᠡᠨ ᠭᠦᠮᠤᠨ ᠤ ᠣᠶᠤᠳᠠᠯ ᠣᠳᠠᠰᠤᠨ ᠤ ᠠᠵᠢᠯ ᠶᠠᠭᠠᠷᠠᠯᠳᠠᠢ ᠪᠣᠯᠤᠭᠠᠤᠨ᠂ ᠴᠠᠪᠣᠭ ᠬᠠᠳᠠᠭᠠᠨ᠂ ᠣᠯᠠ ᠵᠤᠯᠤᠭ ᠵᠤᠬᠢᠶᠠᠨ᠂ ᠱᠠᠬᠠᠢ ᠭᠤᠳᠤᠯ᠂ ᠣᠭᠤᠳᠠ ᠬᠠᠪᠳᠠᠭ᠎ᠠ ᠵᠡᠷᠭᠡ ᠶᠢ ᠣᠶᠤᠵᠤ ᠣᠷᠠᠯᠠᠨ ᠪᠦᠳᠦᠭᠡᠵᠤ᠂ ᠬᠠᠳᠠᠮ ᠤᠨ ᠭᠠᠵᠠᠷ ᠣᠴᠢᠭᠰᠠᠨ ᠤ ᠳᠠᠷᠠᠭ᠎ᠠ᠂ ᠬᠠᠳᠠᠮ ᠤᠨ ᠭᠦᠮᠦᠰ ᠲᠤ ᠪᠠᠨ ᠣᠴᠠᠷᠠᠨ ᠵᠤᠯᠭᠠᠬᠤ ᠶᠢᠨ ᠪᠠᠯᠡᠭ᠌ ᠪᠣᠯᠭᠠᠨ ᠪᠠᠷᠢᠬᠤ ᠶᠤᠰᠤ ᠲᠡᠶ᠃ ᠦᠬᠢᠳ ᠶᠢᠡᠨ ᠣᠶᠤᠳᠠᠯ ᠠᠳᠠᠯ ᠳᠤ ᠰᠤᠷᠭᠠᠬᠤ ᠪᠣᠯ ᠡᠵᠢ ᠪᠣᠯᠤᠭᠰᠠᠨ ᠭᠦᠮᠤᠨ ᠤ ᠳᠠᠷᠬᠠᠨ ᠡᠭᠦᠷᠭᠡ ᠬᠠᠷᠢᠭᠤᠴᠠᠯᠭ᠎ᠠ ᠮᠦᠨ᠃ ᠭᠡᠦᠭᠡᠨ ᠶᠢᠡᠨ ᠠᠷᠪᠠᠭᠠᠤᠨ ᠨᠠᠰᠤᠯᠠᠮᠠᠭᠴᠠ ᠡᠵᠢ ᠨᠢ ᠣᠳᠠᠰᠤ ᠰᠦᠪᠡᠯᠠᠨ᠂ ᠵᠡᠭᠦᠤ ᠠᠳᠬᠤᠬᠤ ᠡᠴᠡ ᠡᠭᠢᠯᠡᠨ ᠵᠢᠵᠢᠭ᠌ ᠵᠡᠭᠦᠪᠴᠢ ᠬᠠᠪᠳᠠᠭ᠎ᠠ ᠪᠣᠶᠤ ᠣᠢ᠌ᠮᠤᠰᠤᠨ ᠣᠯᠠ ᠵᠡᠷᠭᠡ ᠵᠢ ᠣᠶᠤᠬᠤ ᠳᠤ ᠭᠦᠷᠳᠡᠯ᠎ᠡ ᠪᠦᠷ ᠵᠢᠭᠠᠵᠤ ᠰᠤᠷᠭᠠᠳᠠᠭ᠃ ᠠᠷᠪᠠᠨ ᠳᠠᠪᠣ ᠵᠢᠷᠭᠤᠭᠠᠨ ᠨᠠᠰᠤᠯᠠᠪᠠᠯ ᠬᠤᠸᠠᠷ ᠣᠶᠤᠬᠤ᠂ ᠦᠮᠦᠳᠦ ᠳᠠᠪᠠᠯ᠂ ᠱᠠᠬᠠᠢ ᠭᠤᠳᠤᠯ ᠢ ᠬᠠᠢ᠌ᠴᠢ ᠪᠠᠷᠢᠵᠤ ᠡᠰᠭᠡᠭᠦ ᠡᠴᠡ ᠣᠶᠤᠬᠤ ᠳᠤ ᠭᠦᠷᠳᠡᠯ᠎ᠡ ᠪᠦᠷ ᠵᠢᠭᠠᠵᠤ ᠰᠤᠷᠭᠠᠳᠠᠭ᠃ ᠡᠢ᠌ᠮᠤ ᠰᠤᠷᠭᠠᠯ ᠪᠠᠢ᠌ᠬᠤ ᠪᠣᠯᠬᠤᠷ ᠬᠠᠷᠢ ᠳᠤ ᠮᠤᠷᠳᠠᠬᠤ ᠦᠶ᠎ᠡ ᠶᠢᠨ ᠭᠡᠦᠭᠡᠨ ᠡᠷᠭᠡᠪᠰᠢ ᠰᠠᠪᠠᠤᠨ ᠤᠨ ᠵᠣᠢ᠌ᠯ ᠢ ᠣᠯᠠᠨ ᠠᠷᠪᠢᠨ ᠪᠡᠯᠡᠳᠭᠡᠵᠤ᠂ ᠭᠡᠳᠦᠢ ᠣᠯᠠᠨ ᠪᠣᠯ ᠳᠠᠳᠤᠢ ᠰᠠᠢ᠌ᠨ ᠭᠡᠵᠤ ᠦᠵᠡᠨ᠎ᠠ᠃ 《ᠳᠦᠷᠦᠭ᠍ᠰᠡᠨ ᠰᠠᠢ᠌ᠨ ᠡᠴᠡ ᠰᠤᠷᠤᠭᠰᠠᠨ ᠰᠠᠢ᠌ᠨ》 ᠭᠡᠵᠤ ᠭᠡᠯᠡᠳᠡᠭ᠌ ᠪᠣᠯᠬᠤᠷ ᠭᠡᠦᠭᠡᠨ ᠤ ᠡᠵᠢ ᠨᠢ ᠭᠡᠦᠭᠡᠨ ᠶᠢᠡᠨ ᠰᠠᠢ᠌ᠨ ᠰᠤᠷᠭᠠᠬᠤ ᠶᠢ ᠣᠰᠤᠯᠳᠤᠵᠤ ᠪᠣᠯᠬᠤ ᠦᠭᠡᠶ᠃ 《ᠣᠬᠠᠭᠠᠨ ᠰᠠᠨᠠᠭ᠎ᠠ ᠲᠡᠶ᠂ ᠣᠶᠤᠳᠠᠯ ᠠᠳᠠᠯ ᠲᠡᠶ》 ᠭᠡᠳᠡᠭ᠌ ᠨᠢ ᠭᠦᠳᠡᠭᠡ ᠨᠤᠳᠤᠭ ᠤᠨ ᠰᠠᠢ᠌ᠨ ᠦᠬᠢᠨ ᠤ ᠳᠤᠭᠠᠨ ᠳᠤ ᠪᠠᠭᠳᠠᠨ᠎ᠠ᠃ ᠣᠷᠤᠭ ᠳᠤᠷᠠᠰᠬᠤ ᠭᠦᠮᠤᠨ ᠣᠯᠠᠨ ᠪᠣᠯᠳᠠᠭ᠃ ᠡᠢ᠌ᠮᠤ ᠡᠴᠡ ᠰᠠᠢ᠌ᠨ ᠭᠡᠦᠭᠡᠨ ᠢ ᠪᠣᠯ 《ᠮᠢᠩᠭ᠋ᠠᠨ ᠭᠠᠵᠠᠷ ᠳᠤ ᠳᠤᠷᠠᠰᠤᠭᠠᠤᠨ᠂ ᠨᠢᠭᠡ ᠭᠠᠵᠠᠷ ᠲᠤ ᠳᠤᠭᠳᠠᠨ᠎ᠠ》 ᠭᠡᠵᠤ ᠳᠤᠮᠢᠶᠠᠴᠢᠯᠠᠨ ᠥᠭᠦᠯᠡᠳᠡᠭ᠌᠃ ᠰᠠᠢ᠌ᠨ ᠭᠡᠦᠭᠡᠨ ᠴᠤ ᠰᠠᠢ᠌ᠨ ᠭᠦᠤ ᠶᠢ ᠰᠤᠩᠭ᠋ᠤᠬᠤ ᠨᠥᠭᠦᠴᠡᠯ ᠲᠡᠶ ᠪᠣᠯᠳᠠᠭ ᠶᠤᠮ᠃

ᠭᠤᠳᠤᠯ ᠣᠶᠤᠬᠤ ᠣᠢ᠌ᠯᠠ ᠪᠣᠯ ᠬᠤᠷᠴᠢᠨ ᠮᠤᠩᠭ᠋ᠤᠯ ᠦᠬᠢᠳ ᠪᠠᠷᠢᠶᠠᠤᠨ ᠤᠨ ᠣᠷᠠᠨ ᠣᠢ᠌ᠯᠠ ᠶᠢᠨ ᠨᠢᠭᠡᠨ ᠶᠡᠭᠡ ᠭᠢᠨᠠᠭᠴᠢ ᠦᠭᠡᠶ ᠮᠦᠷᠥᠢ᠌ᠴᠡᠭᠡᠨ ᠪᠣᠯᠤᠨ᠎ᠠ᠃ ᠪᠦᠰ ᠭᠤᠳᠤᠯ ᠶᠢᠡᠨ ᠥᠭᠡᠳᠡᠩ ᠭᠤᠳᠤᠯ᠂ ᠣᠷᠢᠶᠠᠮᠠᠯ ᠭᠤᠳᠤᠯ᠂ ᠬᠠᠳᠬᠤᠮᠠᠯ ᠭᠤᠳᠤᠯ᠂ ᠰᠢᠷᠠᠮᠠᠯ ᠭᠤᠳᠤᠯ ᠭᠡᠭᠦ ᠮᠠᠳᠤ ᠪᠠᠷ ᠨᠡᠷᠡᠯᠡᠳᠡᠭ᠌᠃ ᠭᠤᠳᠤᠯ ᠤᠨ ᠣᠷᠠᠯᠠᠯ ᠳᠤ ᠭᠤᠳᠤᠯ ᠤᠨ ᠣᠯᠠ᠂ ᠵᠤᠯᠠᠭ᠂ ᠲᠦᠷᠡᠢ᠂ ᠬᠠᠪᠴᠢᠶᠠᠷᠢ ᠶᠢᠨ ᠥᠩᠭᠡ᠂ ᠡᠮᠵᠢᠶᠡᠷᠢ᠂ ᠦᠷᠭᠡᠨ ᠨᠠᠷᠢᠨ᠂ ᠨᠢᠮᠭᠡᠨ ᠵᠤᠵᠠᠭᠠᠨ᠂ ᠬᠤᠪᠢ ᠳᠡᠩᠴᠡᠭᠦᠯᠭᠦ᠂ ᠭᠤᠳᠤᠯ ᠤᠨ ᠶᠠᠩᠵᠤ ᠭᠡᠪ ᠢ ᠵᠤᠭᠢᠴᠠᠭᠤᠯᠬᠤ᠂ ᠵᠤᠯᠤᠭ ᠲᠦᠷᠡᠢ ᠳᠤ ᠣᠷᠠᠯᠠᠬᠤ ᠣᠭᠠᠯᠵᠠ᠂ ᠭᠡ᠂ ᠬᠤᠸᠠᠷ᠂ ᠴᠡᠴᠡᠭ᠌᠂ ᠡᠷᠪᠠᠭᠡᠢ᠂ ᠪᠠᠭᠪᠠᠬᠠᠢ᠂ ᠣᠰᠤᠨ ᠳᠠᠪᠠᠯᠭᠠᠨ᠂ ᠡᠭᠦᠯᠡᠨ ᠨᠡᠭᠦᠮᠡᠯ᠁ ᠮᠠᠳᠤ ᠶᠢᠨ ᠵᠢᠷᠤᠭ ᠲᠦᠯᠦᠪᠯᠡᠭᠡ ᠶᠢ ᠪᠦᠷ ᠨᠢᠭᠡᠳ ᠨᠢᠭᠡ ᠪᠠᠷ ᠨᠠᠷᠢᠨ ᠨᠢᠮᠪᠠᠢ ᠭᠢᠨᠠᠨ ᠳᠤᠭᠳᠠᠭᠠᠨ᠎ᠠ᠃ ᠠᠷᠠᠰᠤᠨ ᠭᠤᠳᠤᠯ ᠶᠢᠡᠨ ᠪᠣᠯᠢᠭᠠᠷᠢᠨ ᠭᠤᠳᠤᠯ᠂ ᠰᠢᠷᠢ ᠭᠤᠳᠤᠯ᠂ ᠪᠠᠭᠠᠷᠳᠠᠭ ᠭᠤᠳᠤᠯ ᠵᠡᠷᠭᠡ ᠪᠣᠢ᠃

ᠣᠷᠤᠭ ᠳᠤᠭᠳᠠᠭᠰᠠᠨ ᠴᠠᠭ ᠡᠴᠡ ᠡᠭᠢᠯᠡᠨ ᠭᠡᠦᠭᠡᠨ ᠭᠦᠮᠤᠨ ᠤ ᠣᠶᠤᠳᠠᠯ ᠣᠳᠠᠰᠤᠨ ᠤ ᠠᠵᠢᠯ ᠶᠠᠭᠠᠷᠠᠯᠳᠠᠢ ᠪᠣᠯᠵᠤ ᠣᠯᠠᠨ ᠠᠷᠪᠢᠨ ᠱᠠᠬᠠᠢ ᠭᠤᠳᠤᠯ᠂ ᠬᠠᠪᠳᠠᠭ᠎ᠠ ᠣᠭᠤᠳᠠ ᠵᠡᠷᠭᠡ ᠶᠢ ᠣᠶᠤᠵᠤ ᠣᠷᠠᠯᠠᠨ ᠪᠦᠳᠦᠭᠡᠵᠤ ᠬᠠᠳᠠᠮ ᠤᠨ ᠭᠠᠵᠠᠷ ᠣᠴᠢᠭᠰᠠᠨ ᠤ ᠳᠠᠷᠠᠭ᠎ᠠ ᠬᠠᠳᠠᠮ ᠤᠨ ᠭᠦᠮᠦᠰ ᠲᠤ ᠪᠠᠨ ᠪᠠᠯᠡᠭ᠌ ᠪᠣᠯᠭᠠᠨ ᠭᠦᠷᠭᠡᠭᠦ ᠶᠤᠰᠤᠨ᠃ ᠦᠬᠢᠳ ᠶᠢᠡᠨ ᠣᠶᠤᠳᠠᠯ ᠠᠳᠠᠯ ᠲᠡᠶ ᠰᠤᠷᠭᠠᠬᠤ ᠪᠣᠯ ᠪᠦᠷ ᠡᠵᠢ ᠪᠣᠯᠤᠭᠰᠠᠨ ᠭᠦᠮᠤᠨ ᠤ ᠳᠠᠷᠬᠠᠨ ᠡᠭᠦᠷᠭᠡ ᠬᠠᠷᠢᠭᠤᠴᠠᠯᠭ᠎ᠠ ᠮᠦᠨ᠃ ᠭᠡᠦᠭᠡᠨ ᠶᠢᠡᠨ ᠠᠷᠪᠠᠭᠠᠤᠨ ᠨᠠᠰᠤᠯᠠᠮᠠᠭᠴᠠ ᠡᠵᠢ ᠨᠢ ᠣᠳᠠᠰᠤ ᠰᠦᠪᠡᠯᠠᠨ᠂ ᠵᠡᠭᠦᠦ ᠠᠳᠬᠤᠬᠤ ᠡᠴᠡ ᠡᠭᠢᠯᠡᠨ ᠵᠢᠵᠢᠭ᠌ ᠵᠡᠭᠦᠪᠴᠢ ᠬᠠᠪᠳᠠᠭ᠎ᠠ ᠪᠣᠶᠤ ᠣᠢ᠌ᠮᠤᠰᠤᠨ ᠣᠯᠠ ᠵᠡᠷᠭᠡ ᠶᠢ ᠣᠶᠤᠵᠤ ᠬᠠᠳᠬᠤᠬᠤ ᠶᠢ ᠨᠠᠷᠢᠨ ᠨᠢᠮᠪᠠᠢ ᠵᠢᠭᠠᠵᠤ ᠰᠤᠷᠭᠠᠳᠠᠭ᠃ ᠮᠤᠩᠭ᠋ᠤᠯ ᠭᠦᠮᠤᠨ ᠤ ᠵᠡᠭᠦᠦ ᠬᠠᠳᠬᠤᠬᠤ ᠭᠡᠯᠪᠠᠷᠢ ᠨᠢ ᠭᠢᠳᠠᠤᠨ ᠭᠦᠮᠤᠨ ᠤ ᠭᠢ ᠡᠴᠡ ᠣᠠᠳᠤᠤ ᠪᠠᠢ᠌ᠳᠠᠭ᠃ ᠳᠠᠷᠤᠢ ᠮᠤᠩᠭ᠋ᠤᠯ ᠭᠦᠮᠤᠨ ᠵᠡᠭᠦᠦ ᠪᠠᠨ ᠪᠠᠶ᠎ᠠ ᠵᠥᠭ᠌ ᠶᠢᠡᠨ ᠬᠠᠠᠳᠤᠭᠤᠯᠵᠤ ᠬᠠᠳᠬᠤᠵᠤ ᠣᠶᠤᠬᠤ ᠳᠤ ᠭᠢᠳᠠᠤᠨ ᠭᠦᠮᠤᠨ ᠬᠠᠷᠢᠨ ᠪᠠᠶ᠎ᠠ ᠡᠴᠡ ᠭᠠᠳᠠᠭᠰᠢ ᠬᠠᠠᠳᠤᠭᠤᠯᠵᠤ ᠬᠠᠳᠬᠤᠵᠤ ᠣᠶᠤᠳᠠᠭ᠃ ᠭᠡᠦᠭᠡᠨ ᠶᠢᠡᠨ ᠠᠷᠪᠠᠨ ᠳᠠᠪᠣ ᠵᠢᠷᠭᠤᠭᠠᠨ ᠨᠠᠰᠤᠯᠠᠪᠠᠯ ᠬᠤᠸᠠᠷ ᠣᠶᠤᠬᠤ᠂ ᠦᠮᠦᠳᠦ ᠳᠠᠪᠠᠯ᠂ ᠱᠠᠬᠠᠢ ᠭᠤᠳᠤᠯ ᠢ ᠬᠠᠢ᠌ᠴᠢ ᠪᠠᠷᠢᠵᠤ ᠡᠰᠭᠡᠭᠦ ᠡᠴᠡ ᠣᠶᠤᠬᠤ ᠳᠤ ᠭᠦᠷᠳᠡᠯ᠎ᠡ ᠪᠦᠷ ᠵᠢᠭᠠᠵᠤ ᠰᠤᠷᠭᠠᠳᠠᠭ᠃ ᠡᠢ᠌ᠮᠤ ᠰᠤᠷᠭᠠᠯ ᠪᠠᠢ᠌ᠬᠤ ᠪᠣᠯᠬᠤᠷ ᠭᠦᠷᠭᠡᠨ ᠳᠤ ᠭᠠᠷᠬᠤ ᠦᠶ᠎ᠡ ᠶᠢᠨ ᠭᠡᠦᠭᠡᠨ ᠡᠷᠭᠡᠪᠰᠢ ᠳᠠᠪᠢ ᠵᠢᠷᠠᠨ ᠱᠠᠬᠠᠢ ᠭᠤᠳᠤᠯ᠂ ᠣᠭᠤᠳᠠ ᠬᠠᠪᠳᠠᠭ᠎ᠠ ᠣᠶᠤᠵᠤ ᠪᠡᠯᠡᠳᠭᠡᠭ᠍ᠰᠡᠨ ᠪᠠᠢ᠌ᠬᠤ ᠭᠡᠷᠡᠭ᠍ᠳᠡᠢ᠃ ᠦᠬᠢᠨ ᠤ ᠭᠠᠷ ᠤᠨ ᠣᠢ᠌ᠯᠠ ᠣᠳᠠᠰᠤᠨ ᠤ ᠣᠷᠠᠯᠢᠭ ᠰᠠᠢ᠌ᠨ ᠪᠣᠯᠪᠠᠰᠤ ᠡᠷᠭᠡᠪᠰᠢ ᠰᠠᠢ᠌ᠨ ᠡᠷᠦᠭᠡ ᠭᠡᠷ ᠤᠨ ᠭᠦᠮᠤᠨ ᠰᠤᠩᠭ᠋ᠤᠵᠤ ᠭᠤᠶᠤᠨ ᠪᠠᠷᠢ ᠪᠣᠯᠭᠠᠨ ᠠᠪᠬᠤ ᠣᠴᠢᠷ ᠦᠬᠢᠨ ᠲᠡᠶ ᠭᠡᠷ ᠤᠨ ᠡᠵᠢ ᠡᠷᠭᠡᠪᠰᠢ ᠦᠬᠢᠨ ᠶᠢᠡᠨ ᠰᠠᠢ᠌ᠨ ᠰᠤᠷᠭᠠᠬᠤ ᠶᠢ ᠡᠷᠭᠢᠮᠯᠡᠭᠦ ᠭᠡᠷᠡᠭ᠍ᠳᠡᠢ᠃ ᠭᠤᠳᠤᠯ ᠣᠶᠤᠬᠤ ᠪᠣᠯ ᠮᠤᠩᠭ᠋ᠤᠯ ᠦᠬᠢᠳ ᠪᠠᠷᠢᠶᠠᠤᠨ ᠤᠨ ᠣᠷᠠᠨ ᠣᠢ᠌ᠯᠠ ᠶᠢᠨ ᠶᠡᠭᠡ ᠮᠦᠷᠥᠢᠴᠡᠭᠡᠨ ᠭᠡᠵᠤ ᠭᠡᠯᠡᠵᠤ ᠪᠣᠯᠤᠨ᠎ᠠ᠃ ᠪᠦᠰ ᠭᠤᠳᠤᠯ ᠶᠢᠡᠨ ᠥᠭᠡᠳᠡᠩ ᠭᠤᠳᠤᠯ᠂ ᠣᠷᠢᠶᠠᠮᠠᠯ ᠭᠤᠳᠤᠯ᠂ ᠬᠠᠳᠬᠤᠮᠠᠯ ᠭᠤᠳᠤᠯ᠂ ᠰᠢᠷᠠᠮᠠᠯ ᠭᠤᠳᠤᠯ ᠭᠡᠭᠦ ᠮᠠᠳᠤ ᠪᠠᠷ ᠨᠡᠷᠡᠯᠡᠳᠡᠭ᠌᠃

ᠭᠦᠷᠭᠡᠨ ᠭᠦᠤ ᠶᠢᠨ ᠭᠦᠴᠤ ᠴᠢᠳᠠᠯ᠂ ᠣᠬᠠᠭᠠᠨ ᠰᠠᠨᠠᠭ᠎ᠠ᠂ ᠠᠷᠭ᠎ᠠ ᠳᠠᠮ ᠢ ᠳᠡᠩᠰᠡᠭ᠍ᠰᠡᠨ ᠵᠣᠢ᠌ᠯᠠᠰ ᠨᠢ ᠡᠭᠡ ᠶᠢᠨ ᠡᠷᠭᠡᠳᠤ ᠶᠤᠰᠤᠨ ᠤ ᠦᠶ᠎ᠡ ᠳᠤ ᠡᠭᠦᠰᠦᠭ᠍ᠰᠡᠨ ᠭᠡᠵᠤ ᠥᠵᠡᠭᠦ ᠶᠤᠮ ᠪᠣᠯ ᠪᠠᠷᠢ ᠶᠢ ᠰᠤᠷᠢᠭᠰᠠᠨ ᠰᠤᠷᠢᠯᠳᠠ ᠨᠤᠭᠤᠳ ᠨᠢ ᠡᠴᠢᠭᠡ ᠶᠢᠨ ᠡᠷᠭᠡᠳᠤ ᠶᠤᠰᠤᠨ ᠤ ᠦᠶ᠎ᠡ ᠳᠤ ᠭᠠᠷᠤᠯ ᠲᠡᠶ ᠪᠠᠢ᠌ᠵᠤ ᠳᠠᠭᠠᠷᠠᠨ᠎ᠠ᠃ ᠰᠠᠪᠠᠤᠨ ᠲᠤ ᠢᠷᠡᠭ᠍ᠰᠡᠨ ᠶᠠᠭᠤᠮ᠎ᠠ ᠨᠢ ᠪᠦᠷ ᠶᠠᠮᠠᠷ ᠨᠢᠭᠡᠨ ᠣᠶᠤᠵᠤ ᠣᠷᠠᠯᠠᠵᠤ ᠪᠦᠳᠦᠭᠡᠭ᠍ᠰᠡᠨ ᠵᠣᠢ᠌ᠯ ᠪᠣᠯᠬᠤᠷ ᠰᠢᠨ᠎ᠠ ᠪᠠᠷᠢ ᠶᠢᠨ ᠣᠶᠤᠳᠠᠯ ᠠᠳᠠᠯ ᠤᠨ ᠭᠢᠷᠢ ᠭᠡᠮ ᠢ ᠬᠠᠳᠠᠮ ᠤᠨ ᠭᠠᠵᠠᠷ ᠢᠯᠡᠷᠡᠭᠦᠯᠦᠨ᠎ᠡ᠃ ᠡᠢ᠌ᠮᠤ ᠡᠴᠡ ᠡᠨᠡᠭᠦ ᠶᠤᠰᠤ ᠨᠢ ᠰᠢᠨ᠎ᠠ ᠪᠠᠷᠢ ᠶᠢᠨ ᠣᠶᠤᠵᠤ ᠣᠷᠠᠯᠠᠬᠤ ᠵᠡᠷᠭᠡ ᠠᠵᠢᠯ ᠭᠦᠳᠡᠯᠮᠦᠷᠢ ᠶᠢᠨ ᠴᠢᠳᠠᠪᠣᠷᠢ ᠶᠢ ᠰᠢᠯᠭᠠᠬᠤ ᠵᠤᠷᠢᠭᠤᠯᠤᠯᠳᠠ ᠲᠡᠶ᠃

ᠰᠢᠨ᠎ᠠ ᠪᠠᠷᠢ ᠬᠠᠳᠠᠮ ᠤᠨ ᠭᠡᠷ ᠤᠨ ᠠᠪᠣ ᠡᠵᠢ ᠵᠡᠷᠭᠡ ᠠᠬᠠᠮᠠᠳ ᠲᠤ ᠵᠤᠯᠭᠠᠬᠤ ᠳᠤ ᠪᠠᠨ ᠣᠷᠢᠳᠴᠢᠯᠠᠨ ᠪᠡᠯᠡᠳᠭᠡᠭ᠍ᠰᠡᠨ ᠰᠠᠪᠠᠤᠨ ᠤᠨ ᠵᠣᠢ᠌ᠯ ᠶᠢᠡᠨ ᠨᠢᠭᠡ ᠠᠮᠠ ᠬᠠᠳᠠᠭ ᠲᠡᠶ ᠪᠠᠯᠡᠭᠯᠡᠨ ᠪᠠᠷᠢᠨ᠎ᠠ᠃ ᠭᠦᠷᠢ ᠳᠡᠭᠦᠤ᠂ ᠭᠦᠷᠢ ᠦᠬᠢᠨ ᠳᠡᠭᠦᠤ ᠨᠡᠷ ᠲᠤ ᠪᠠᠨ ᠪᠠᠰᠠ ᠱᠠᠬᠠᠢ ᠭᠤᠳᠤᠯ ᠡᠴᠡ ᠪᠠᠨ ᠨᠢᠵᠢᠭᠡᠳ ᠪᠠᠯᠡᠭᠯᠡᠵᠤ ᠠᠬ᠎ᠠ ᠳᠡᠭᠦᠤ ᠶᠢᠨ ᠨᠠᠢ᠌ᠷ ᠰᠡᠳᠬᠢᠯᠭᠡ ᠪᠠᠨ ᠵᠤᠵᠠᠭᠠᠯᠠᠳᠠᠭ᠃ ᠪᠠᠰᠠ ᠠᠬᠠᠮᠠᠤᠨ ᠪᠣᠯᠤᠭᠰᠠᠤᠨ ᠰᠢᠨ᠎ᠠ ᠪᠠᠷᠢ ᠶᠢᠨ ᠰᠠᠪᠠᠤᠨ ᠤᠨ ᠬᠠᠷᠢᠭᠤ ᠳᠤ ᠰᠢᠨ᠎ᠠ ᠭᠦᠤ ᠪᠠᠷᠢ ᠪᠠᠨ ᠢᠷᠦᠭᠡᠵᠤ ᠬᠠᠢ᠌ᠷᠠᠯᠠᠨ᠂ ᠦᠪᠡᠷ ᠤᠨ ᠠᠮᠢᠳᠤᠷᠠᠯ ᠤᠨ ᠪᠠᠢ᠌ᠳᠠᠯ ᠶᠢᠡᠨ ᠦᠨᠳᠦᠰᠦᠯᠠᠵᠤ᠂ ᠵᠤᠭᠤᠰ ᠮᠥᠩᠭᠦ ᠱᠠᠩᠨᠠᠬᠤ ᠪᠣᠶᠤ ᠳᠤᠭᠤᠯ ᠲᠡᠶ ᠦᠨᠢᠶ᠎ᠡ᠂ ᠣᠨᠠᠭ᠎ᠠ ᠲᠡᠶ ᠭᠡᠭᠦᠤ᠂ ᠬᠤᠷᠠᠭ᠎ᠠ ᠲᠡᠶ ᠬᠤᠨᠢ ᠭᠡᠭᠦ ᠮᠠᠳᠤᠴᠢᠯᠠᠨ ᠬᠠᠷᠢᠭᠤ ᠪᠠᠯᠡᠭᠯᠡᠳᠡᠭ᠌ ᠶᠤᠰᠤ ᠲᠡᠶ᠃ ᠪᠠᠭᠠᠳᠤᠷ ᠤᠨ ᠳᠤᠤᠯᠢ 《ᠪᠣᠮ ᠡᠷᠳᠡᠨᠢ》 ᠳ᠋ᠤ ᠪᠣᠮ ᠡᠷᠳᠡᠨᠢ ᠶᠢᠨ ᠵᠠᠶᠠᠭᠠᠨ ᠤ ᠳᠠᠭᠢᠨᠢ ᠠᠭᠤ ᠪᠣᠭᠤᠷᠤᠯ ᠬᠠᠭᠠᠨ ᠤ ᠦᠬᠢᠨ ᠡᠭᠦᠯᠡᠨ ᠰᠤᠯᠤᠩᠭ᠋᠎ᠠ ᠡᠴᠡ ᠬᠠᠳᠠᠮ ᠡᠴᠢᠭᠡ ᠡᠭᠡ ᠳᠤ ᠪᠠᠨ ᠮᠦᠷᠭᠦᠵᠤ᠄

ᠪᠣᠷᠮᠠᠨ ᠬᠠᠭᠠᠨ ᠠᠪᠣ ᠳᠤ ᠪᠠᠨ

ᠡᠭᠦᠯᠡᠨ ᠰᠤᠯᠤᠩᠭ᠋᠎ᠠ ᠪᠠᠷᠢ ᠨᠢ

ᠮᠤᠷᠢᠨ ᠤ ᠳᠤᠯᠤᠭᠠᠢ ᠶᠢᠨ ᠴᠢᠨᠡᠭᠡ

ᠮᠤᠯᠤᠷ ᠴᠠᠭᠠᠨ ᠡᠷᠳᠡᠨᠢ ᠪᠠᠨ

᠊ᠭ᠍ᠭᠢᠪ ᠳᠤᠷᠭᠠᠨ ᠬᠠᠳᠠᠭ ᠳᠡᠭᠡᠷ᠎ᠡ ᠳᠠᠯᠪᠢᠭᠠᠤᠨ ᠮᠦᠷᠭᠦᠪᠠᠢ᠃

ᠦᠵᠦᠮᠠᠨ ᠬᠠᠳᠤᠨ ᠡᠵᠢ ᠳᠤ ᠪᠠᠨ

ᠠᠮᠢᠳᠤ ᠴᠢᠠᠳᠠᠮᠤᠨᠢ ᠶᠢᠨ ᠡᠷᠳᠡᠨᠢ ᠵᠢ

ᠠᠷᠢᠭᠤᠨ ᠴᠠᠭᠠᠨ ᠬᠠᠳᠠᠭ ᠳᠡᠭᠡᠷ᠎ᠡ ᠳᠠᠯᠪᠢᠭᠠᠤᠨ ᠮᠦᠷᠭᠦᠪᠠᠢ ᠭᠡᠵᠤ ᠰᠢᠨ᠎ᠠ ᠪᠠᠷᠢ ᠨᠢ ᠬᠠᠳᠠᠮ ᠠᠪᠣ ᠡᠵᠢ ᠳᠤ ᠪᠠᠨ ᠰᠠᠪᠠᠤᠨ ᠤᠨ ᠵᠣᠢ᠌ᠯ ᠪᠠᠯᠡᠭᠯᠡᠵᠤ ᠪᠠᠢ᠌ᠭ᠎ᠠ ᠪᠠᠷ ᠭᠠᠷᠳᠠᠭ᠃ ᠡᠨᠡ ᠰᠠᠪᠠᠤᠨ ᠪᠣᠯ ᠶᠤᠰᠤᠳᠠᠢ ᠦᠨ᠎ᠡ ᠪᠠᠨ᠎ᠠ ᠲᠡᠶ ᠶᠡᠭᠡ ᠪᠠᠯᠡᠭ᠌ ᠪᠣᠯᠤᠨ᠎ᠠ᠃ ᠬᠠᠳᠠᠮ ᠠᠪᠣ ᠡᠵᠢ ᠵᠢᠴᠢ ᠪᠣᠰᠤᠳ ᠠᠬᠠᠮᠠᠤᠨ ᠨᠢ ᠰᠢᠨ᠎ᠠ ᠪᠠᠷᠢ ᠶᠢᠨ ᠰᠠᠪᠠᠤᠨ ᠤᠨ ᠵᠣᠢ᠌ᠯ ᠢ ᠵᠥᠭᠡᠷ ᠳᠤᠰᠳᠠᠭ ᠦᠭᠡᠶ᠂ ᠡᠷᠭᠡᠪᠰᠢ ᠬᠠᠷᠢᠭᠤ ᠪᠠᠯᠡᠭ᠌ ᠪᠠᠯᠡᠭᠯᠡᠳᠡᠭ᠌᠃ ᠬᠠᠳᠠᠮ ᠠᠪᠣ ᠡᠵᠢ ᠨᠢ ᠰᠢᠨ᠎ᠠ ᠪᠠᠷᠢ ᠡᠭᠦᠯᠡᠨ ᠰᠤᠯᠤᠩᠭ᠋᠎ᠠ ᠳᠤ ᠪᠠᠨ

ᠨᠢᠭᠡ ᠵᠢᠯ ᠤᠨ ᠲᠦᠯ᠂ ᠨᠢᠭᠡ ᠬᠤᠳᠠᠨ ᠤ ᠬᠤᠷᠠᠭ᠎ᠠ᠂ ᠨᠢ᠋ᠮᠠᠨ ᠵᠠᠭᠤᠨ ᠰᠢᠷ᠎ᠠ ᠳᠤᠯᠤᠭᠠᠢ ᠲᠡᠶ ᠬᠤᠨᠢ

ᠨᠢᠭᠡ ᠵᠢᠯ ᠤᠨ ᠲᠦᠯ᠂ ᠨᠢᠭᠡ ᠠᠵᠢᠷᠭ᠎ᠠ ᠶᠢᠨ ᠢᠵᠢᠯᠢ᠂ ᠨᠢ᠋ᠮᠠᠨ ᠵᠠᠭᠤᠨ ᠭᠦᠭᠡ ᠪᠣᠷᠤ ᠣᠨᠠᠭ᠎ᠠ ᠲᠡᠶ ᠭᠡᠭᠦᠤ

ᠨᠢᠭᠡ ᠵᠢᠯ ᠤᠨ ᠲᠦᠯ᠂ ᠨᠢᠭᠡ ᠪᠣᠬ᠎ᠠ ᠶᠢᠨ ᠰᠦᠷᠦᠭ᠌᠂ ᠨᠢ᠋ᠮᠠᠨ ᠵᠠᠭᠤᠨ ᠴᠤᠬᠤᠷ ᠳᠤᠭᠤᠯ ᠲᠡᠶ ᠥᠭᠡᠷ

ᠨᠢᠭᠡ ᠵᠢᠯ ᠤᠨ ᠲᠦᠯ᠂ ᠨᠢᠭᠡ ᠪᠣᠤᠷ᠎ᠠ ᠶᠢᠨ ᠦᠷ᠎ᠡ᠂ ᠨᠢ᠋ᠮᠠᠨ ᠵᠠᠭᠤᠨ ᠰᠢᠷ᠎ᠠ ᠮᠠᠩᠬᠠᠨ ᠪᠣᠳᠤᠭᠤ ᠲᠡᠶ ᠢᠩᠭᠡ ᠶᠢ ᠠᠯᠳᠠ ᠲᠡᠶ ᠮᠠᠩᠨᠤᠭ ᠳᠠᠪᠠᠯ ᠲᠡᠶ ᠬᠠᠮᠳᠤ ᠠᠯᠳᠠᠨ ᠠᠶᠠᠭ᠎ᠠ ᠲᠡᠶ ᠢᠳᠡᠭᠡ ᠵᠡᠷᠭᠡ ᠶ‍ᠢᠰᠤᠨ ᠠᠮᠳᠠᠳᠤ ᠢᠳᠡᠭᠡᠨ ᠤ ᠳᠡᠭᠡᠵᠢ ᠪᠠᠷ ᠪᠠᠯᠡᠭ᠌ ᠪᠠᠷᠢᠭᠰᠠᠨ ᠭᠡᠵᠤ ᠳᠡᠮᠳᠡᠭᠯᠡᠵᠤ ᠭᠠᠷᠳᠠᠭ᠃ ᠣᠳᠤ ᠬᠤᠷᠴᠢᠨ ᠮᠤᠩᠭ᠋ᠤᠯᠴᠤᠳ ᠴᠤ ᠰᠢᠨ᠎ᠠ ᠪᠠᠷᠢ ᠶᠢᠨ ᠰᠠᠪᠠᠤᠨ ᠤᠨ ᠬᠠᠷᠢᠭᠤ ᠰᠦᠪᠡ ᠲᠡᠶ ᠮᠠᠯ ᠲᠦᠯᠵᠢᠯ ᠤᠨ ᠪᠠᠯᠭᠡᠳᠤ ᠡᠮ᠎ᠡ ᠭᠦᠢᠰᠦᠳᠤ ᠮᠠᠯ ᠵᠢᠭᠠᠳᠠᠭ ᠶᠤᠰᠤ ᠲᠡᠶ᠃ 《ᠮᠤᠩᠭ᠋ᠤᠯ ᠤᠨ ᠨᠢᠭᠤᠴᠠ ᠳᠤᠪᠴᠢᠶᠠᠨ》 §94·96 ᠵᠣᠢ᠌ᠯ ᠳᠤ ᠳᠠᠮᠤᠵᠢᠨ ᠪᠦᠷᠳᠡ ᠦᠵᠢᠨ ᠢ ᠪᠠᠭᠤᠯᠭᠠᠵᠤ ᠢᠷᠡᠭᠦ ᠳᠤ 《ᠴᠤᠳᠠᠨ ᠡᠭᠡ ᠶᠢᠨ ᠰᠢᠳᠭᠦᠯ ᠭᠡᠮᠡᠨ ᠬᠠᠷ᠎ᠠ ᠪᠣᠯᠠᠭᠠᠨ ᠳᠠᠬᠤ ᠠᠪᠴᠢᠷᠠᠵᠤ ᠪᠦᠯᠦᠭᠡ》 ᠭᠡᠳᠡᠭ᠌ ᠪᠠ ᠪᠠᠰᠡ 《ᠭᠡᠷᠭᠡᠢ ᠪᠠᠭᠤᠯᠵᠤ ᠡᠮᠦᠰᠭᠡᠯ ᠴᠢᠮᠠᠳᠠ ᠠᠪᠴᠢᠷᠠᠪᠠ》 ᠭᠡᠵᠤ ᠭᠠᠷᠳᠠᠭ᠃ ᠳᠠᠷᠤᠢ ᠪᠦᠷᠳᠡ ᠬᠠᠳᠤᠨ ᠡᠴᠡ ᠡᠭᠡ ᠴᠤᠳᠠᠨ ᠤ ᠦᠭ‍ᠭᠦᠭ᠍ᠰᠡᠨ ᠬᠠᠷ᠎ᠠ ᠪᠣᠯᠭᠠᠨ ᠳᠠᠬᠤ ᠶᠢ ᠬᠠᠳᠠᠮ ᠡᠭᠡ ᠥᠭᠡᠯᠤᠨ ᠳᠤ ᠪᠠᠨ ᠪᠠᠯᠭᠡᠯᠡᠭ᠍ᠰᠡᠨ ᠶᠤᠮ᠃ ᠰᠢᠨ᠎ᠠ ᠪᠠᠷᠢ ᠶᠢᠨ ᠬᠠᠳᠠᠮ ᠤᠨ ᠭᠦᠮᠦᠰ ᠲᠤ ᠪᠠᠨ ᠵᠤᠯᠭᠠᠬᠤ ᠪᠠᠯᠡᠭ᠌ ᠤᠨ ᠡᠳ᠋ ᠶᠢ 《ᠨᠢᠭᠤᠴᠠ ᠳᠤᠪᠴᠢᠶᠠᠨ》 ᠳ᠋ᠤ 《ᠰᠢᠳᠭᠦᠯ》 ᠭᠡᠵᠤ᠂ 《ᠯᠣ᠊·ᠠᠯᠳᠠᠨ ᠳᠤᠪᠴᠢ》 ᠳ᠋ᠤ 《ᠡᠮᠦᠰᠭᠡᠯ》 ᠭᠡᠵᠡᠢ᠃ ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠶᠤᠰᠤᠨ ᠳᠤ 《ᠰᠠᠪᠠᠤᠨ》 ᠭᠡᠳᠡᠭ᠌᠃

27.ᠡᠷᠭᠢᠯᠳᠡ ᠶᠢᠨ ᠶᠤᠰᠤᠨ

ᠡᠷᠭᠢᠯᠳᠡ ᠳᠤ ᠬᠤᠶᠠᠷ ᠵᠣᠢ᠌ᠯ ᠪᠠᠢ᠌ᠳᠠᠭ᠃ ᠨᠢᠭᠡ ᠨᠢ 《ᠦᠭᠢᠨ ᠡᠷᠭᠢᠭᠦ》᠃ ᠨᠥᠭᠦᠭᠡ ᠨᠢ 《ᠬᠠᠷᠢᠭᠤ ᠡᠷᠭᠢᠯᠳᠡ》 ᠭᠢᠭᠦ᠃ ᠪᠠᠰᠠ 《ᠳᠤᠭᠤᠷᠢᠯᠳᠠ》 ᠭᠡᠳᠡᠭ᠌᠃ ᠬᠠᠷᠢ ᠳᠤ ᠮᠤᠷᠳᠠᠭᠰᠠᠨ ᠭᠡᠦᠭᠡᠨ ᠤ ᠭᠤᠷᠪᠠ ᠬᠤᠨᠤᠭ ᠳᠡᠭᠡᠷ᠎ᠡ ᠨᠢ ᠳᠦᠷᠭᠦᠮ ᠤᠨ ᠭᠡᠷ ᠤᠨ ᠠᠪᠣ ᠠᠪᠠᠭ᠎ᠠ ᠨᠡᠷ᠂ ᠨᠠᠭᠠᠴᠤ ᠠᠪᠣ ᠡᠵᠢ ᠨᠡᠷ ᠵᠢᠴᠢ ᠠᠬ᠎ᠠ ᠳᠡᠭᠦᠤ ᠨᠡᠷ ᠨᠢ ᠭᠡᠦᠭᠡᠨ ᠶᠢᠡᠨ ᠡᠷᠭᠢᠨ᠎ᠡ ᠭᠡᠵᠤ ᠨᠠᠩᠭᠢ ᠪᠣᠤᠪᠣ᠂ ᠦᠷᠤᠮ᠎ᠠ ᠰᠢᠷ᠎ᠠ ᠳᠤᠰᠤ᠂ ᠬᠠᠭᠤᠷᠠᠢ ᠪᠣᠳᠠᠭ᠎ᠠ᠂ ᠡᠭᠡᠵᠡᠭᠡᠢ ᠬᠤᠷᠤᠳ᠂ ᠠᠯᠢᠮ᠎ᠠ ᠵᠢᠮᠢᠰ᠂ ᠰᠢᠭᠢᠷ ᠪᠣᠭᠤᠷᠰᠤᠭ᠂ ᠣᠯᠠᠭᠠᠨ ᠴᠢᠪᠠᠭ᠎ᠠ᠂ ᠵᠡᠷᠯᠢᠭ᠌ ᠴᠢᠪᠠᠭ᠎ᠠ ᠵᠡᠷᠭᠡ ᠪᠠᠨ ᠠᠪᠴᠤ ᠭᠡᠦᠭᠡᠨ ᠶᠢᠡᠨ ᠡᠷᠭᠢᠭᠦ ᠪᠠᠷ ᠣᠴᠢᠳᠠᠭ᠃ ᠡᠭᠦᠨ ᠤ ᠭᠤᠤᠯ ᠰᠠᠨᠠᠭ᠎ᠠ ᠨᠢ ᠭᠡᠦᠭᠡᠨ ᠮᠢᠨᠢ ᠴᠤᠬᠤᠮ ᠬᠠᠳᠠᠮ ᠤᠨ ᠭᠠᠵᠠᠷ ᠲᠤ ᠪᠠᠨ ᠳᠠᠰᠤᠭᠰᠠᠨ ᠡᠰᠡᠭᠦ ᠶᠢ ᠥᠵᠡᠭᠦ ᠪᠣᠯᠤᠨ᠎ᠠ᠃ ᠡᠷᠭᠢᠯᠳᠡ ᠳᠤ ᠤᠯᠡᠩᠭᠢ ᠳᠤ ᠪᠠᠨ ᠡᠵᠢ ᠨᠢ ᠢᠷᠡᠳᠡᠭ᠌ ᠦᠭᠡᠶ᠂ ᠠᠪᠣ ᠨᠢ ᠢᠷᠡᠳᠡᠭ᠌ ᠶᠤᠰᠤ ᠲᠡᠶ᠃ ᠡᠭᠦᠨ ᠢ ᠪᠠᠨ 《ᠡᠵᠢ ᠨᠢ ᠮᠤᠷᠳᠠᠭᠤᠯᠵᠤ᠂ ᠠᠪᠣ ᠨᠢ ᠡᠷᠭᠢᠳᠡᠭ᠌》 ᠭᠡᠨ᠎ᠡ᠃ ᠭᠡᠪᠠᠴᠤ ᠭᠤᠤᠯ ᠵᠤᠬᠢᠶᠠᠨ ᠪᠠᠢ᠌ᠭᠤᠯᠤᠭᠴᠢ ᠨᠢ ᠪᠣᠯ ᠬᠠᠰᠢᠯᠠ ᠨᠠᠭᠠᠴᠤ ᠨᠢ ᠪᠣᠯᠤᠨ᠎ᠠ᠃ ᠨᠠᠭᠠᠴᠤ ᠶᠢᠨ ᠡᠵᠡᠨ ᠳᠤᠯᠤᠭᠠᠢ ᠮᠠᠳᠠᠵᠤ ᠪᠠᠢ᠌ᠭ᠎ᠠ ᠪᠣᠯ ᠮᠦᠨ ᠡᠭᠡ ᠶᠢᠨ ᠡᠷᠭᠡᠳᠤ ᠶᠤᠰᠤᠨ ᠤ ᠥᠯᠡᠳᠡᠭ᠍ᠳᠡᠯ ᠰᠤᠶᠤᠯ ᠪᠣᠯᠬᠤ ᠶᠤᠮ᠃

ᠭᠦᠷᠭᠡᠨ ᠳᠠᠯ᠎ᠠ ᠶᠢᠨ ᠭᠢᠨ ᠰᠢᠷᠡᠭᠡ ᠪᠣᠳᠠᠭ᠎ᠠ ᠪᠡᠯᠡᠳᠭᠡᠨ ᠡᠷᠭᠢᠯᠳᠡ ᠶᠢᠨ ᠬᠤᠷᠢᠮ ᠳᠠᠯᠪᠢᠳᠠᠭ᠃ ᠦᠬᠢᠨ ᠭᠦᠷᠭᠡᠨ ᠳᠡᠷᠢᠭᠦᠯᠡᠨ᠂ ᠬᠤᠯᠠ ᠡᠴᠡ ᠡᠷᠭᠢᠯᠳᠡ ᠶᠢᠨ ᠣᠯᠤᠰ ᠶᠢᠡᠨ ᠣᠭᠳᠤᠨ ᠠᠪᠴᠤ᠂ ᠬᠠᠯᠠᠭᠤᠨ ᠭᠦᠢᠳᠡᠨ᠂ ᠠᠮᠤᠷ ᠰᠠᠢ᠌ᠨ ᠶᠢᠡᠨ ᠠᠰᠠᠭᠤᠯᠴᠠᠵᠤ ᠴᠠᠢ ᠶᠢᠨ ᠰᠢᠷᠡᠭᠡ ᠳᠠᠯᠪᠢᠨ᠎ᠠ᠃ ᠴᠠᠢ ᠶᠢᠨ ᠰᠢᠷᠡᠭᠡ ᠶᠢᠨ ᠳᠠᠷᠠᠭ᠎ᠠ ᠠᠷᠢᠭᠢᠨ ᠰᠢᠷᠡᠭᠡ ᠣᠷᠤᠭᠤᠯᠬᠤ ᠡᠴᠡ ᠡᠮᠦᠨ᠎ᠡ᠂ ᠭᠡᠦᠭᠡᠨ ᠤ ᠨᠢᠭᠡᠨ ᠨᠠᠭᠠᠴᠤ ᠡᠴᠡ ᠡᠷᠭᠢᠯᠳᠡ ᠪᠠᠯᠡᠭ᠌ ᠤᠨ ᠶᠠᠭᠤᠮ᠎ᠠ ᠪᠠᠨ ᠳᠤᠰᠢᠶᠠᠨ᠎ᠠ᠃ ᠭᠡᠨ ᠭᠡᠨ ᠶᠠᠭᠤ ᠶᠠᠭᠤ ᠪᠠᠷ ᠡᠷᠭᠢᠭ᠍ᠰᠡᠨ ᠭᠡᠵᠤ ᠨᠢᠭᠡᠳ ᠨᠢᠭᠡ ᠪᠠᠷ ᠳᠤᠰᠢᠶᠠᠳᠠᠭ᠃ ᠪᠦᠭᠦᠳᠡ ᠪᠠᠯᠡᠭ᠌ ᠤᠨ ᠶᠠᠭᠤᠮ᠎ᠠ ᠪᠠᠨ ᠠᠭᠤᠳᠠᠯᠠᠵᠤ ᠠᠪᠴᠤ ᠭᠠᠷᠭᠠᠭᠰᠠᠨ ᠤ ᠳᠠᠷᠠᠭ᠎ᠠ᠂ ᠬᠤᠷᠢᠮ ᠤᠨ ᠳᠠᠯ᠎ᠠ ᠶᠢᠨ ᠳᠠᠭᠠᠭᠠᠮᠠᠯ ᠡᠴᠡ ᠭᠦᠷᠭᠡᠨ ᠤ ᠠᠪᠣ ᠡᠵᠢ ᠶᠢ ᠲᠦᠯᠦᠭᠡᠯᠡᠵᠤ᠂ ᠪᠠᠯᠡᠭ᠌ ᠠᠭᠤᠳᠠᠯᠠᠭᠰᠠᠨ ᠰᠠᠪᠠ ᠳ᠋ᠤᠨᠢ ᠨᠢᠭᠡ ᠪᠦᠭᠦᠯᠢ ᠬᠠᠢ᠌ᠷᠴᠠᠭ ᠲᠡᠶ ᠳᠠᠮᠠᠭᠢ ᠪᠣᠶᠤ ᠭᠡᠰᠡᠭ᠌ ᠲᠡᠶ ᠬᠤᠷᠤᠳ ᠭᠢᠵᠤ ᠪᠣᠴᠠᠭᠠᠨ᠎ᠠ᠃ ᠮᠠᠨ ᠤ ᠮᠤᠩᠭ᠋ᠤᠯ ᠭᠦᠮᠤᠨ ᠪᠣᠰᠤᠳ ᠳᠤ ᠬᠤᠭᠤᠰᠤᠨ ᠰᠠᠪᠠ ᠪᠣᠴᠠᠭᠠᠳᠠᠭ ᠵᠠᠩ ᠦᠭᠡᠶ᠃ ᠡᠷᠭᠡᠪᠰᠢ ᠶᠠᠭᠤᠮ᠎ᠠ ᠭᠢᠵᠤ ᠥᠭ᠍ᠳᠡᠭ᠌ ᠪᠣᠯᠪᠠᠰᠤᠨ ᠮᠤᠷᠠᠯ ᠲᠡᠶ᠃

ᠰᠢᠨ᠎ᠠ ᠪᠠᠷᠢ ᠣᠳᠤ ᠭᠡᠷ ᠤᠨ ᠡᠵᠡᠨ ᠤ ᠶᠤᠰᠤ ᠪᠠᠷ ᠳᠦᠷᠭᠦᠮ ᠤᠨ ᠭᠦᠮᠦᠰ ᠶᠢᠡᠨ ᠢᠨᠢᠶᠡᠮᠰᠦᠭ᠌ ᠴᠢᠷᠠᠢ ᠪᠠᠷ ᠳᠠᠢ᠌ᠯᠠᠵᠤ ᠵᠤᠴᠢᠯᠠᠨ ᠭᠦᠮᠤᠨ ᠤ ᠭᠠᠵᠠᠷ ᠭᠦᠡᠳᠡᠯᠡᠨ ᠤ ᠨᠤᠳᠤᠭ ᠲᠤ ᠭᠡᠦᠭᠡᠨ ᠴᠢᠨᠢ ᠶᠡᠭᠡ ᠰᠠᠢ᠌ᠬᠠᠨ ᠠᠮᠢᠳᠤᠷᠠᠵᠤ ᠪᠠᠢ᠌ᠨ᠎ᠠ᠃ ᠠᠪᠣ ᠡᠵᠢ ᠳᠦᠷᠤᠯ ᠳᠦᠷᠦᠭ᠍ᠰᠡᠳ ᠮᠢᠨᠢ ᠰᠡᠳᠭᠢᠯ ᠶᠢᠡᠨ ᠠᠮᠤᠷ ᠪᠠᠢ᠌ᠭᠠᠷᠠᠢ ︕ ᠭᠡᠰᠡᠨ ᠰᠠᠨᠠᠭ᠎ᠠ ᠪᠠᠨ ᠵᠠᠪᠠᠯ ᠢᠯᠡᠷᠡᠭᠦᠯᠭᠦ ᠭᠡᠷᠡᠭ᠍ᠳᠡᠢ᠃

ᠡᠷᠭᠢᠯᠳᠡ ᠶᠢᠨ ᠭᠦᠮᠦᠰ ᠪᠣᠴᠠᠬᠤ ᠪᠣᠯᠬᠤ ᠳᠤ ᠡᠭᠡ ᠳᠤ ᠰᠠᠭᠤᠭᠴᠢ ᠭᠦᠮᠤᠨ ᠨᠢ ᠪᠠᠰᠠ ᠳᠠᠭᠠᠭᠠᠤᠨ ᠶᠠᠪᠣᠨ᠎ᠠ᠃ ᠳᠠᠷᠠᠭ᠎ᠠ ᠡᠳᠦᠷ ᠡᠴᠡ ᠨᠢ ᠡᠭᠢᠯᠡᠭᠡᠳ ᠰᠢᠨ᠎ᠠ ᠭᠦᠤ ᠪᠠᠷᠢ ᠮᠦᠨ ᠬᠠᠷᠢᠭᠤ ᠡᠷᠭᠢᠯᠳᠡ ᠭᠢᠨ᠎ᠠ᠃ ᠭᠤᠤᠯᠳᠠᠭᠤ ᠡᠷᠭᠢᠯᠳᠡ ᠳᠤ ᠢᠷᠡᠭ᠍ᠰᠡᠨ ᠤᠢ᠌ᠷ᠎ᠡ ᠰᠠᠳᠤᠨ ᠶᠢᠡᠨ ᠬᠠᠷᠢᠭᠤ ᠡᠷᠭᠢᠳᠡᠭ᠌᠃ ᠬᠠᠳᠠᠮ ᠡᠵᠢ ᠨᠢ ᠭᠦᠤ ᠪᠠᠷᠢ ᠳᠤ ᠪᠠᠨ ᠣᠯᠠᠨ ᠠᠷᠪᠢᠨ ᠡᠷᠭᠢᠯᠳᠡ ᠶᠢᠨ ᠵᠣᠢ᠌ᠯᠠᠰ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠠᠷᠢᠭᠢ ᠳᠠᠷᠠᠰᠤ᠂ ᠪᠣᠤᠪᠣ ᠪᠣᠭᠤᠷᠰᠤᠭ ᠵᠡᠷᠭᠡ ᠶᠢ ᠪᠡᠯᠡᠳᠭᠡᠨ ᠥᠭ᠍ᠴᠤ ᠶᠠᠪᠣᠭᠤᠯᠤᠨ᠎ᠠ᠃ ᠭᠡᠦᠭᠡᠨ ᠤ ᠡᠷᠭᠢᠯᠳᠡ ᠶᠢ ᠳᠤᠰᠤᠭᠰᠠᠨ ᠳᠦᠷᠤᠯ ᠰᠠᠳᠤᠨ ᠠᠬᠠᠮᠠᠤᠨ ᠨᠡᠷ ᠨᠢ ᠦᠬᠢᠨ ᠭᠦᠷᠭᠡᠨ ᠳᠤ ᠪᠠᠨ ᠵᠤᠭᠢᠬᠤ ᠭᠡᠮᠵᠢᠶᠡᠨ ᠤ ᠵᠤᠭᠤᠰ ᠮᠥᠩᠭᠦ ᠱᠠᠩᠨᠠᠵᠤ᠂ 《ᠵᠤᠭᠤᠰ ᠲᠤ ᠠᠳᠠᠯᠢ ᠮᠥᠩᠭᠡ ᠶᠠᠪᠣ ︕》 ᠢᠷᠦᠭᠡᠭᠦ ᠪᠣᠶᠤ ᠮᠠᠯ ᠣᠨᠤᠭ᠎ᠠ ᠵᠢᠭᠠᠵᠤ᠂ 《ᠭᠦᠷᠢᠶ᠎ᠡ ᠳᠦᠭᠦᠷᠡᠩ ᠮᠠᠯ ᠲᠡᠶ ᠪᠣᠯ ︕》 ᠭᠡᠳᠡᠭ᠌᠃

ᠦᠬᠢᠨ ᠡᠷᠭᠢᠭᠦ ᠪᠣᠯ ᠡᠩ ᠤᠨ ᠪᠠᠢ᠌ᠳᠠᠯ ᠳᠤ ᠵᠢᠯ ᠪᠦᠷᠢ ᠶᠢᠨ ᠡᠴᠦᠰ ᠪᠣᠶᠤ ᠳᠠᠷᠠᠭ᠎ᠠ ᠵᠢᠯ ᠤᠨ ᠡᠭᠢᠨ ᠳᠤ 《ᠬᠠᠭᠤᠴᠢᠨ ᠵᠢᠯ ᠤᠨ ᠡᠷᠭᠢᠯᠳᠡ》 ᠪᠠ 《ᠰᠢᠨ᠎ᠠ ᠵᠢᠯ ᠤᠨ ᠡᠷᠭᠢᠯᠳᠡ》 ᠭᠡᠵᠤ ᠬᠤᠶᠠᠷ ᠣᠳᠠᠭ᠎ᠠ ᠡᠷᠭᠢᠳᠡᠭ᠌ ᠶᠤᠰᠤ ᠲᠡᠶ᠃ ᠵᠠᠷᠢᠮ ᠠᠪᠣ ᠡᠵᠢ ᠨᠢ ᠦᠬᠢᠨ ᠶᠢᠡᠨ ᠡᠷᠭᠢᠭᠦ ᠥᠭᠡᠢ ᠪᠤᠶᠤ ᠬᠤᠯᠠ ᠭᠠᠵᠠᠷ ᠦᠭ‍ᠭᠦᠭᠡᠳ ᠡᠷᠭᠢᠵᠤ ᠳᠡᠢ᠌ᠯᠭᠦ ᠦᠭᠡᠶ ᠪᠣᠯᠪᠠᠯ ᠦᠬᠢᠨ ᠨᠢ ᠭᠡᠷ ᠡᠷᠦᠭᠡ᠂ ᠠᠪᠣ ᠡᠵᠢ ᠪᠠᠨ ᠰᠠᠨᠠᠭᠠᠤᠨ ᠶᠡᠭᠡ ᠪᠠᠷ ᠭᠤᠮᠤᠳᠠᠳᠠᠭ ᠪᠢᠯᠠ ︕ ᠬᠤᠷᠴᠢᠨ ᠠᠷᠠᠤᠨ ᠤᠨ ᠳᠠᠭᠤᠤ 《ᠨᠠᠪᠴᠢ ᠭᠦᠩᠵᠤ》᠂ 《ᠠᠯᠠᠭ ᠳᠤᠩᠬᠤᠢ》᠂ 《ᠠᠰᠢᠮ᠎ᠠ》᠂ 《ᠠᠯᠲᠠᠨ‍ᠴᠡᠴᠡᠭ》 ᠳᠤ ᠪᠦᠷ ᠡᠷᠭᠢᠯᠳᠡ ᠶᠢᠨ ᠣᠴᠢᠷ ᠡᠴᠡ ᠡᠭᠦᠰᠦᠭ᠍ᠰᠡᠨ ᠳᠠᠭᠤᠤ ᠶᠤᠮ᠃ 《ᠠᠯᠲᠠᠨ‍ᠴᠡᠴᠡᠭ》 ᠲᠤ᠄

ᠠᠪᠴᠤ ᠦᠭ‍ᠭᠦᠭᠡᠳ ᠠᠷᠪᠠᠭᠠᠤᠨ ᠣᠨ ᠪᠣᠯᠵᠠᠢ

ᠠᠭ᠎ᠠ ᠶᠢᠨ ᠪᠣᠤᠪᠣ ᠶᠢᠨ ᠡᠷᠭᠢᠯᠳᠡ ᠦᠭᠡᠶ

ᠠᠭ᠎ᠠ ᠶᠢᠨ ᠪᠣᠤᠪᠣ ᠶᠢ ᠴᠢᠨᠢ ᠰᠠᠨᠠᠭᠰᠠᠨ ᠦᠭᠡᠶ ᠶᠤᠮ ᠰᠢᠤ ᠭᠦᠢ ︕

ᠠᠪᠣ ᠪᠣᠯᠤᠨ ᠮᠥᠮᠥ ᠪᠠᠨ ᠰᠠᠨᠠᠭᠰᠠᠨ ᠶᠤᠨ ᠡ ᠭᠦᠢ ︕ ᠭᠡᠵᠤ ᠳᠠᠭᠤᠯᠠᠵᠤ ᠪᠠᠢ᠌ᠬᠤ ᠳᠤ 《ᠠᠰᠢᠮ᠎ᠠ》 ᠳ᠋ᠤ᠄

ᠠᠯᠠᠭ ᠦᠨᠢᠶ᠎ᠡ ᠴᠢᠨᠢ ᠠᠷᠤ ᠶᠢᠨ ᠳᠠᠯ᠎ᠠ ᠳᠤ ᠪᠠᠨ ᠮᠥᠭᠡᠷᠡᠨ᠎ᠡ᠂

ᠠᠯᠠᠭ ᠡᠷᠢᠶᠡᠨ ᠳᠤᠭᠤᠯ ᠲᠡᠶ ᠨᠡᠢ᠌ᠯᠡᠭᠦᠯᠭᠦ ᠭᠦᠮᠤᠨ ᠭᠡᠵᠤ ᠪᠠᠢ᠌ᠨ᠎ᠠ ᠤᠤ ᠳ᠋ᠠ︕

ᠠᠩᠭ᠋᠎ᠠ ᠪᠠᠭ᠎ᠠ ᠠᠰᠢᠮ᠎ᠠ ᠠᠯᠤᠰ ᠤᠨ ᠭᠠᠵᠠᠷ ᠲᠤ ᠪᠠᠨ ᠣᠭᠢᠯᠠᠨ᠎ᠠ᠂

ᠠᠪᠣ ᠮᠥᠮᠥ ᠲᠡᠶ ᠨᠢ ᠣᠴᠠᠷᠠᠭᠤᠯᠬᠤ ᠭᠦᠮᠤᠨ ᠪᠠᠢ᠌ᠨ᠎ᠠ ᠦᠦ ᠳ᠋ᠡ︕ ᠭᠡᠵᠤ ᠳᠠᠭᠤᠯᠠᠳᠠᠭ ᠪᠠᠢ᠌ᠨ᠎ᠠ᠃

28.ᠭᠡᠦᠭᠡᠨ ᠵᠢᠭᠡᠯᠡᠭᠦ ᠶᠤᠰᠤᠨ

ᠭᠡᠦᠭᠡᠨ ᠬᠤᠷᠢᠮᠯᠠᠭᠠᠤᠨ ᠰᠠᠷ᠎ᠠ ᠭᠠᠷᠤᠢ ᠪᠣᠯᠤᠭᠰᠠᠨ ᠤ ᠳᠠᠷᠠᠭ᠎ᠠ ᠳᠦᠷᠭᠦᠮ ᠤᠨ ᠭᠡᠷ ᠤᠨ ᠠᠪᠣ ᠡᠵᠢ ᠪᠣᠶᠤ ᠡᠰᠡᠭᠦᠯ᠎ᠡ ᠠᠪᠠᠭ᠎ᠠ᠂ ᠨᠠᠭᠠᠴᠤ᠂ ᠠᠬ᠎ᠠ ᠡᠭᠡᠴᠢ ᠶᠢᠨ ᠠᠯᠢ ᠨᠢᠭᠡ ᠨᠢ ᠭᠡᠦᠭᠡᠨ ᠶᠢᠡᠨ ᠵᠢᠭᠡᠯᠡᠵᠤ ᠠᠪᠠᠴᠢᠨ ᠭᠡᠷ ᠲᠤ ᠪᠠᠨ ᠨᠢᠭᠡᠨ ᠦᠶ᠎ᠡ ᠠᠪᠴᠤ ᠰᠠᠭᠤᠳᠠᠭ᠃ ᠵᠢᠭᠡᠯᠡᠭᠦ ᠡᠳᠦᠷ ᠤᠨ ᠳᠤᠭ᠎ᠠ ᠪᠠᠨ ᠬᠠᠳᠠᠮ ᠤᠨ ᠭᠠᠵᠠᠷ ᠤᠨ ᠡᠭᠡ ᠳᠤ ᠮᠡᠳᠡᠭᠦᠯᠵᠤ ᠵᠥᠪᠰᠢᠶᠡᠷᠡᠭᠦᠯᠤᠨ ᠠᠪᠠᠴᠢᠳᠠᠭ᠃ ᠡᠭᠢᠯᠡᠭᠡᠳ ᠠᠪᠣ ᠡᠵᠢ ᠨᠢ ᠵᠢᠭᠡᠯᠡᠭ᠍ᠰᠡᠨ ᠪᠣᠯ ᠳᠠᠷᠠᠭᠠᠴᠢ ᠪᠠᠷ ᠠᠪᠠᠭ᠎ᠠ ᠨᠠᠭᠠᠴᠤ ᠨᠢ ᠵᠠᠯᠭᠠᠭᠠᠤᠨ ᠵᠢᠭᠡᠯᠡᠶ᠎ᠡ ᠭᠡᠪᠠᠯ ᠳᠠᠭᠢᠨ ᠬᠠᠳᠠᠮ ᠡᠵᠢ ᠳ᠋ᠤᠨᠢ ᠭᠡᠯᠡᠵᠤ ᠳᠠᠭᠢᠨ ᠵᠥᠪᠰᠢᠶᠡᠷᠡᠭᠦᠯᠭᠦ ᠭᠡᠷᠡᠭ᠍ᠳᠡᠢ᠃ ᠵᠢᠭᠡᠯᠡᠭᠡᠨ ᠳᠤ ᠰᠠᠭᠤᠭᠰᠠᠨ ᠭᠡᠦᠭᠡᠨ ᠶᠠᠮᠠᠷ ᠴᠤ ᠠᠵᠢᠯ ᠭᠢᠳᠡᠭ᠌ ᠦᠭᠡᠶ ᠶᠤᠰᠤ ᠲᠡᠶ᠃ ᠭᠡᠦᠭᠡᠨ ᠦᠪᠡᠷ ᠶᠢᠡᠨ ᠳᠤᠷᠠᠳᠠᠢ ᠪᠣᠯ ᠣᠶᠤᠳᠠᠯ ᠣᠳᠠᠰᠤᠨ ᠤ ᠠᠵᠢᠯ ᠪᠠᠭ᠎ᠠ ᠰᠠᠭ᠎ᠠ ᠭᠢᠳᠡᠭ᠌᠃ ᠡᠢ᠌ᠮᠤ ᠡᠴᠡ ᠬᠤᠷᠴᠢᠨ ᠤ ᠠᠮᠠᠨ ᠶᠠᠷᠢᠶᠠᠨ ᠳᠤ ᠭᠡᠷ ᠲᠤ ᠪᠠᠨ ᠶᠠᠭᠤ ᠴᠤ ᠭᠢᠭᠦ ᠦᠭᠡᠶ ᠭᠡᠦᠭᠡᠨ ᠭᠦᠮᠤᠨ ᠢ 《ᠵᠢᠭᠡᠯᠡᠭᠡᠨ ᠳᠤ ᠢᠷᠡᠭ᠍ᠰᠡᠨ ᠭᠡᠦᠭᠡᠨ ᠰᠢᠭ᠌》 ᠭᠡᠵᠤ ᠥᠯᠢᠳᠭᠡᠨ ᠭᠡᠯᠡᠳᠡᠭ᠌ ᠭᠡᠯᠡᠴᠡ ᠪᠣᠢ᠃ ᠬᠠᠳᠠᠮ ᠭᠡᠷ ᠪᠠ ᠳᠦᠷᠭᠦᠮ ᠤᠨ ᠭᠡᠷ ᠭᠡᠳᠦᠢ ᠤᠢ᠌ᠷ᠎ᠡ ᠪᠠᠢ᠌ᠯ᠎ᠠ ᠭᠡᠰᠡᠨ ᠴᠤ ᠵᠢᠭᠡᠯᠡᠭᠡᠨ ᠳᠤ ᠰᠠᠭᠤᠭ᠎ᠠ ᠭᠡᠦᠭᠡᠨ ᠬᠠᠳᠠᠮ ᠤᠨ ᠭᠡᠷ ᠲᠤ ᠣᠴᠢᠵᠤ ᠪᠣᠯᠬᠤ ᠦᠭᠡᠶ᠃ ᠵᠢᠭᠡᠯᠡᠭᠡᠨ ᠤ ᠬᠤᠭᠤᠴᠠᠭ᠎ᠠ ᠨᠢ ᠭᠦᠢᠴᠡᠭ᠍ᠰᠡᠨ ᠤ ᠰᠡᠭᠦᠯᠡᠷ ᠰᠠ‍‌ᠶᠢ ᠳᠦᠷᠭᠦᠮ ᠤᠨ ᠭᠢᠨ ᠭᠡᠦᠭᠡᠨ ᠶᠢᠡᠨ ᠬᠠᠳᠠᠮ ᠳ᠋ᠤᠨᠢ ᠭᠦᠷᠭᠡᠵᠤ ᠦᠭ‍ᠭᠦᠨ ᠬᠠᠳᠠᠮ ᠡᠵᠢ ᠳ᠋ᠤᠨᠢ ᠳᠤᠰᠢᠶᠠᠵᠤ ᠡᠷᠡᠭᠦᠯ ᠡᠩᠭᠡ ᠪᠣᠴᠠᠭᠠᠵᠤ ᠦᠭ‍ᠭᠦᠭ᠍ᠰᠡᠨ ᠶᠢᠡᠨ ᠳᠤᠳᠤᠷᠬᠠᠢ᠌ᠯᠠᠳᠠᠭ᠃ ᠬᠤᠷᠴᠢᠨ ᠠᠷᠠᠤᠨ ᠤᠨ ᠳᠠᠭᠤᠤ 《ᠵᠢᠠᠵᠤᠷ》 ᠲᠤ᠄

ᠵᠢᠶᠠᠩᠰᠠᠨ ᠳᠤ ᠪᠠᠨ ᠳᠠᠷᠢᠭᠰᠠᠨ ᠵᠠᠩᠰᠸᠯᠠᠢ ᠬᠤᠸᠠᠷ ᠶᠢᠡᠨ

ᠵᠠᠳᠠᠷᠠᠭᠠᠤᠨ ᠳᠡᠯᠭᠡᠷᠡᠭᠦ ᠶᠢ ᠨᠢ ᠭᠦᠯᠢᠶᠡᠶ᠎ᠡ ᠡᠨ ᠬᠨ ᠬᠨ ᠭᠦᠢ ︕

ᠵᠢᠶᠠᠩᠨᠠᠨ ᠳᠤ ᠪᠠᠨ ᠮᠤᠷᠳᠠᠭᠰᠠᠨ ᠵᠢᠠᠵᠤᠷ ᠠᠩᠭ᠋᠎ᠠ ᠶᠢᠨ ᠶᠢᠡᠨ

ᠵᠢᠭᠡᠯᠡᠭᠡᠨ ᠢᠷᠡᠭᠦ ᠶᠢ ᠭᠦᠯᠢᠶᠡᠶ᠎ᠡ ᠭᠦᠢ ︕ ᠭᠡᠵᠤ ᠳᠠᠭᠤᠯᠠᠳᠠᠭ᠃

29. ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠳᠦᠷᠤᠯ ᠵᠣᠢ᠌ᠯ

ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠳᠦᠷᠤᠯ ᠵᠣᠢ᠌ᠯ ᠤᠨ ᠪᠦᠷᠢᠯᠳᠦᠯ ᠨᠢ ᠳᠤᠬᠠᠢ ᠶᠢᠨ ᠭᠠᠵᠠᠷ ᠣᠷᠤᠨ ᠤ ᠣᠯᠤᠰ ᠳᠦᠷᠤ᠂ ᠠᠵᠤ ᠠᠬᠤᠢ᠂ ᠠᠬᠤᠢ ᠠᠮᠢᠳᠤᠷᠠᠯ᠂ ᠣᠷᠴᠢᠨ ᠳᠤᠭᠤᠷᠢᠨ ᠤ ᠨᠥᠯᠦᠭᠡᠯᠡᠯ ᠳᠤ ᠰᠢᠳᠠᠭᠠᠯᠠᠭᠰᠠᠨ ᠶᠤᠮ᠃ ᠭᠡᠯᠪᠠᠷᠢ ᠮᠠᠶ‍ᠢᠭ ᠤᠨ ᠭᠤᠤᠯ ᠳᠦᠷᠤᠯ ᠵᠣᠢ᠌ᠯ ᠳᠤ᠄

ᠡᠩ ᠤᠨ ᠣᠷᠤᠭ᠄ ᠭᠦᠤ ᠦᠬᠢᠨ ᠤ ᠬᠤᠶᠠᠷ ᠳᠠᠯ᠎ᠠ ᠶᠢᠨ ᠭᠢᠨ ᠵᠠᠭᠤᠴᠢ ᠶᠢᠨ ᠵᠠᠭᠤᠴᠢᠯᠠᠯ ᠶᠢᠡᠷ ᠣᠷᠤᠭ ᠤᠨ ᠶᠠᠪᠣᠳᠠᠯ ᠪᠦᠳᠦᠵᠤ ᠰᠢᠨ᠎ᠠ ᠣᠷᠤᠭ ᠰᠠᠳᠤᠨ ᠪᠣᠯᠤᠭᠰᠠᠨ ᠢ ᠡᠩ ᠤᠨ ᠣᠷᠤᠭ ᠭᠡᠨ᠎ᠡ᠃

ᠥᠡᠳᠡᠭᠡᠨ ᠰᠦᠢ᠌᠄ ᠬᠠᠷᠢᠴᠠᠭ᠎ᠠ ᠬᠠᠮᠤᠭ ᠰᠠᠢ᠌ᠨ ᠬᠤᠶᠠᠷ ᠭᠡᠷ ᠪᠦᠯᠢ ᠶᠢᠨ ᠠᠪᠣ ᠡᠵᠢ ᠨᠢ ᠬᠡᠦᠬᠡᠳ ᠶᠢᠡᠨ ᠵᠢᠷᠮᠦᠰᠦᠯᠡᠭᠡᠳ᠂ ᠬᠤᠶᠠᠷ ᠬᠡᠦᠬᠡᠳ ᠨᠢ ᠠᠳᠠᠯᠢ ᠪᠣᠰᠤ ᠭᠦᠢᠰᠦᠳᠡᠨ ᠪᠣᠯ ᠣᠷᠤᠭ ᠪᠠᠷᠢᠯᠳᠤᠭᠤᠯᠤᠨ᠎ᠠ᠃ ᠭᠡᠷᠪᠡ ᠠᠳᠠᠯᠢ ᠭᠦᠢᠰᠦᠳᠡᠨ ᠪᠣᠯ ᠠᠬ᠎ᠠ ᠳᠡᠭᠦᠤ᠂ ᠡᠭᠡᠴᠢ ᠳᠡᠭᠦᠤ ᠪᠠᠷᠢᠯᠳᠤᠭᠤᠯᠤᠨ᠎ᠠ ᠭᠡᠵᠤ ᠭᠡᠯᠡᠯᠴᠡᠭᠡᠳ᠂ ᠬᠤᠵᠢᠮ ᠬᠡᠦᠬᠡᠳ ᠨᠢ ᠨᠠᠰᠤᠨ ᠳᠤ ᠭᠦᠷᠦᠭ᠍ᠰᠡᠨ ᠤ ᠰᠡᠭᠦᠯᠡᠷ ᠭᠡᠯᠡᠯᠴᠡᠭᠡ ᠶᠤᠰᠤ ᠪᠠᠷ ᠭᠢᠨ᠎ᠠ᠃

ᠳᠡᠵᠢᠭᠡᠮᠡᠯ ᠣᠷᠤᠭ᠄ ᠥᠩᠭᠡᠷᠡᠭ᠍ᠰᠡᠨ ᠨᠡᠢ᠌ᠭᠡᠮ ᠳᠤ᠂ ᠦᠬᠢᠨ ᠢ ᠪᠠᠭ᠎ᠠ ᠪᠠᠢ᠌ᠬᠤ ᠳᠤ ᠭᠦᠤ ᠶᠢᠨ ᠠᠪᠣ ᠡᠵᠢ ᠨᠢ ᠳᠡᠵᠢᠭᠡᠵᠤ ᠦᠰᠭᠡᠭᠡᠳ᠂ ᠳᠤᠮᠤ ᠪᠣᠯᠤᠭᠰᠠᠨ ᠤ ᠰᠡᠭᠦᠯᠡᠷ ᠦᠪᠡᠷ ᠤᠨ ᠭᠦᠪᠠᠭᠦᠨ ᠳᠤ ᠪᠠᠨ ᠪᠠᠷᠢ ᠪᠣᠯᠭᠠᠨ ᠠᠪᠬᠤ ᠣᠷᠤᠭ ᠢ ᠭᠡᠯᠡᠨ᠎ᠡ᠃

ᠪᠣᠯᠢᠶᠠᠮᠠᠯ ᠣᠷᠤᠭ᠄ ᠣᠵᠤᠭᠤᠷ ᠡᠷᠳᠡᠨ ᠤ ᠣᠷᠤᠭ ᠤᠨ ᠨᠢᠭᠡᠨ ᠭᠡᠯᠪᠢᠷᠢ ᠶᠤᠮ᠃ ᠳᠠᠷᠤᠢ ᠡᠭᠡᠴᠢᠯᠡᠯ ᠤᠨ ᠣᠪᠣᠭ ᠳᠦᠷᠤᠯ ᠤᠨ ᠱᠠᠳᠤᠨ ᠡᠴᠡ ᠡᠴᠢᠭᠡᠴᠢᠯᠡᠯ ᠤᠨ ᠣᠪᠣᠭ ᠤᠨ ᠱᠠᠳᠤᠨ ᠳᠤ ᠰᠢᠯᠵᠢᠭᠦ ᠦᠶ᠎ᠡ ᠶᠢᠨ ᠪᠦᠳᠦᠭᠡᠭ᠍ᠳᠡᠭᠦᠨ ᠮᠦᠨ᠃ ᠭᠦᠷᠭᠡᠨ ᠳᠠᠯ᠎ᠠ ᠶᠢᠨ ᠭᠢᠨ ᠦᠵᠡᠵᠤ ᠳᠤᠭᠤᠭᠰᠠᠨ ᠭᠡᠦᠭᠡᠨ ᠪᠣᠶᠤ ᠪᠣᠰᠤᠳ ᠤᠨ ᠪᠠᠷᠢ ᠶᠢ ᠪᠣᠯᠢᠶᠠᠵᠤ ᠠᠪᠴᠢᠷᠠᠨ ᠣᠷᠤᠭᠯᠠᠳᠠᠭ ᠪᠠᠯᠠᠷᠯᠢᠭ ᠣᠷᠤᠭ ᠤᠨ ᠶᠤᠰᠤ ᠪᠣᠯᠤᠨ᠎ᠠ᠃

ᠴᠠᠭ ᠦᠶ᠎ᠡ ᠶᠢᠨ ᠭᠦᠭ᠍ᠵᠢᠯᠳᠡ ᠶᠢ ᠳᠠᠭᠠᠭᠠᠤᠨ ᠡᠨᠡᠭᠦ ᠭᠡᠯᠪᠠᠷᠢ ᠠᠭᠠᠵᠢᠮ ᠶᠢᠡᠷ ᠴᠥᠭᠡᠭᠡᠷᠡᠵᠤ ᠣᠰᠠᠳᠴᠠᠢ᠃ ᠭᠡᠪᠠᠴᠤ ᠭᠦᠮᠦᠰ ᠮᠦᠨ ᠡᠷᠳᠡᠨ ᠤ ᠣᠷᠤᠭᠯᠠᠯ ᠤᠨ ᠭᠡᠪ ᠰᠢᠠᠵᠢ ᠪᠠᠨ ᠪᠦᠷᠢᠮᠦᠰᠤᠨ ᠮᠠᠷᠳᠠᠬᠤ ᠦᠭᠡᠶ ᠪᠠᠢ᠌ᠵᠤ᠂ ᠵᠠᠷᠢᠮ ᠳᠠᠯ᠎ᠠ ᠪᠠᠷ ᠪᠠᠢ᠌ᠨ ᠪᠠᠢ᠌ᠨ ᠣᠯᠠ ᠮᠦᠷ ᠨᠢ ᠬᠠᠷᠠᠭᠳᠠᠵᠤ ᠪᠠᠢ᠌ᠳᠠᠭ᠃

ᠣᠷᠭᠤᠮᠠᠯ ᠣᠷᠤᠭ᠄ ᠭᠦᠤ ᠦᠬᠢᠨ ᠬᠤᠶᠠᠭᠤᠯᠠ ᠪᠠᠨ ᠰᠠᠢ᠌ᠨ ᠳᠤᠷ᠎ᠠ ᠶᠢᠨ ᠣᠷᠤᠭ ᠲᠤ᠂ ᠬᠤᠶᠠᠷ ᠳᠠᠯ᠎ᠠ ᠶᠢᠨ ᠪᠣᠶᠤ ᠠᠯᠢ ᠨᠢᠭᠡ ᠳᠠᠯ᠎ᠠ ᠨᠢ ᠳᠠᠰᠤ ᠵᠥᠪᠰᠢᠶᠡᠷᠡᠭᠦ ᠦᠭᠡᠶ ᠦᠶ᠎ᠡ ᠳᠤ᠂ ᠡᠰᠡᠭᠦᠯ᠎ᠡ ᠦᠬᠢᠨ ᠤ ᠭᠡᠷ ᠤᠨ ᠠᠪᠬᠤ ᠪᠠᠯᠡᠭ᠌ ᠨᠢ ᠭᠡᠳᠦᠷᠭᠡᠢ ᠠᠬᠠᠳᠤᠭᠠᠤᠨ᠂ ᠭᠦᠤ ᠶᠢᠨ ᠳᠠᠯ᠎ᠠ ᠡᠭᠦᠷᠭᠡᠯᠡᠵᠤ ᠳᠡᠢ᠌ᠯᠭᠦ ᠦᠭᠡᠶ ᠪᠣᠯᠵᠤ᠂ ᠬᠠᠢ᠌ᠷ᠎ᠠ ᠰᠡᠳᠬᠢᠯᠭᠡᠳᠤ ᠬᠤᠶᠠᠭᠤᠯᠠ ᠰᠠᠯᠵᠤ ᠪᠣᠯᠬᠤ ᠳᠤ ᠭᠦᠷᠭᠦ ᠦᠶ᠎ᠡ ᠳᠤ᠂ ᠭᠦᠤ ᠦᠬᠢᠨ ᠬᠤᠶᠠᠭᠤᠯᠠ ᠪᠠᠨ ᠬᠤᠶᠠᠷ ᠳᠠᠯ᠎ᠠ ᠶᠢᠨ ᠠᠬᠠᠮᠠᠤᠨ ᠲᠤ ᠪᠠᠨ ᠭᠡᠯᠡᠯ ᠦᠭᠡᠶ᠂ ᠪᠣᠰᠤᠳ ᠭᠠᠵᠠᠷ ᠣᠷᠭᠤᠵᠤ ᠣᠴᠢᠭᠠᠤᠨ ᠣᠷᠤᠭᠯᠠᠬᠤ ᠶᠢ ᠭᠡᠯᠡᠨ᠎ᠡ᠃

ᠵᠤᠯᠢᠶ᠎ᠠ ᠣᠷᠤᠭ᠄ ᠵᠤᠯᠢᠶ᠎ᠠ ᠣᠷᠤᠭ ᠲᠤ《ᠰᠢᠭᠤᠳ ᠵᠤᠯᠢᠶ᠎ᠠ》᠂ 《ᠭᠤᠷᠪᠠᠯᠵᠢᠨ ᠵᠤᠯᠢᠶ᠎ᠠ》 ᠭᠡᠭᠦ ᠬᠤᠶᠠᠷ ᠵᠣᠢ᠌ᠯ ᠪᠠᠢ᠌ᠨ᠎ᠠ᠃ 《ᠰᠢᠭᠤᠳ ᠵᠤᠯᠢᠶ᠎ᠠ》 ᠪᠣᠯ ᠠ ᠭᠡᠷ ᠤᠨ ᠭᠦᠤ ᠨᠢ ᠡ ᠭᠡᠷ ᠤᠨ ᠭᠡᠦᠭᠡᠨ ᠢ ᠪᠠᠷᠢ ᠪᠣᠯᠭᠠᠨ ᠠᠪᠣᠭᠠᠤᠨ᠂ ᠳᠠᠭᠢᠨ ᠠ ᠭᠡᠷ ᠤᠨ ᠦᠬᠢᠨ ᠵᠢᠡᠨ ᠡ ᠭᠡᠷ ᠤᠨ ᠭᠦᠤ ᠳᠤ ᠪᠠᠷᠢ ᠪᠣᠯᠭᠠᠨ ᠦᠭ‍ᠭᠦᠨ᠎ᠡ᠃ 《ᠭᠤᠷᠪᠠᠯᠵᠢᠨ ᠵᠤᠯᠢᠶ᠎ᠠ》 ᠪᠣᠯ ᠠ ᠭᠡᠷ ᠭᠡᠦᠭᠡᠨ ᠶᠢᠡᠨ ᠡ ᠭᠡᠷ ᠤᠨ ᠭᠦᠤ ᠳᠤ ᠣᠷᠤᠭᠯᠠᠵᠤ᠂ ᠡ ᠭᠡᠷ ᠤᠨ ᠭᠡᠦᠭᠡᠨ ᠶᠢᠡᠨ ᠢ ᠭᠡᠷ ᠤᠨ ᠭᠦᠤ ᠳᠤ ᠣᠷᠤᠭᠯᠠᠵᠤ᠂ ᠳᠠᠭᠢᠭᠠᠤᠨ ᠢ ᠭᠡᠷ ᠤᠨ ᠭᠡᠦᠭᠡᠨ ᠶᠢᠡᠨ ᠠ ᠭᠡᠷ ᠤᠨ ᠭᠦᠤ ᠳᠤ ᠣᠷᠤᠭᠯᠠᠬᠤ ᠪᠣᠯᠤᠨ᠎ᠠ᠃ ᠡᠨᠡᠭᠦ 《ᠰᠢᠭᠤᠳ ᠵᠤᠯᠢᠶ᠎ᠠ》᠂ 《ᠭᠤᠷᠪᠠᠯᠵᠢᠨ ᠵᠤᠯᠢᠶ᠎ᠠ》 ᠭᠡᠭᠦ ᠣᠷᠤᠭ ᠤᠨ ᠭᠡᠯᠪᠠᠷᠢ ᠨᠢ ᠪᠣᠢ ᠪᠣᠯᠤᠭᠰᠠᠨ ᠰᠢᠯᠳᠠᠭᠠᠨ ᠨᠢ ᠨᠢᠭᠡ ᠳᠤ᠂ ᠬᠤᠶᠠᠷ ᠭᠤᠷᠪᠠᠨ ᠳᠠᠯ᠎ᠠ ᠶᠢᠨ ᠣᠷᠤᠭ ᠬᠤᠷᠢᠮ ᠤᠨ ᠳᠠᠷᠤᠭᠠᠰᠤ ᠪᠠᠨ ᠭᠦᠩᠭᠡᠯᠡᠭᠦ ᠶᠢᠨ ᠲᠦᠯᠦᠭᠡ᠃ ᠬᠤᠶᠠᠷ ᠲᠤ᠂ ᠣᠷᠤᠭ ᠰᠠᠳᠤᠨ ᠤ ᠬᠠᠷᠢᠴᠠᠭ᠎ᠠ ᠪᠠᠨ ᠣᠯᠠᠮ ᠨᠢᠭᠳᠠᠷᠠᠭᠤᠯᠵᠤ᠂ ᠬᠤᠶᠠᠷ ᠭᠡᠷ ᠤᠨ ᠶᠠᠪᠣᠯᠴᠠᠭ᠎ᠠ ᠪᠠᠨ ᠣᠯᠠᠮ ᠢᠨᠠᠭ ᠠᠮᠠᠷᠠᠭ ᠪᠣᠯᠭᠠᠬᠤ ᠶᠢᠨ ᠲᠦᠯᠦᠭᠡ᠃ ᠭᠤᠷᠪᠠ ᠳᠤ᠂ ᠶᠠᠮᠠᠷ ᠨᠢᠭᠡᠨ ᠰᠢᠯᠳᠠᠭᠠᠨ ᠡᠴᠡ ᠪᠣᠯᠤᠭᠠᠤᠨ ᠬᠤᠶᠠᠷ ᠭᠤᠷᠪᠠᠨ ᠭᠡᠷ ᠤᠨ ᠭᠦᠤ ᠨᠢ ᠪᠦᠷ ᠪᠠᠷᠢ ᠣᠯᠬᠤ ᠦᠭᠡᠶ ᠪᠣᠯᠵᠤ ᠠᠷᠭ᠎ᠠ ᠦᠭᠡᠶ ᠡᠨᠡᠭᠦ 《ᠵᠤᠯᠢᠶ᠎ᠠ ᠣᠷᠤᠭ》 ᠊ᠤᠨ ᠭᠡᠯᠪᠠᠷᠢ ᠪᠠᠷ ᠣᠷᠤᠭ ᠤᠨ ᠠᠰᠠᠭᠤᠳᠠᠯ ᠶᠢᠡᠨ ᠰᠢ᠌ᠳᠪᠦᠷᠢᠯᠡᠳᠡᠭ᠌᠃

ᠭᠦᠴᠤᠨ ᠭᠦᠷᠭᠡᠨ ᠤ ᠣᠷᠤᠭ᠄ ᠭᠡᠦᠭᠡᠨ ᠤ ᠳᠠᠯ᠎ᠠ ᠨᠢ ᠭᠦᠪᠠᠭᠦᠨ ᠦᠭᠡᠶ ᠪᠣᠶᠤ ᠭᠦᠪᠠᠭᠦᠨ ᠨᠢ ᠭᠡᠳᠦᠷᠭᠡᠢ ᠪᠠᠭ᠎ᠠ ᠦᠶ᠎ᠡ ᠳᠤ᠂ ᠣᠷᠤᠭᠯᠠᠬᠤ ᠨᠠᠰᠤᠨ ᠳᠤ ᠭᠦᠷᠦᠭ᠍ᠰᠡᠨ ᠭᠡᠦᠭᠡᠨ ᠳᠤ ᠪᠠᠨ ᠭᠦᠴᠤᠨ ᠤ ᠭᠦᠷᠭᠡᠨ ᠭᠡᠵᠤ ᠠᠪᠣᠨ᠎ᠠ᠃ ᠭᠡᠪᠠᠴᠤ ᠡᠷᠭᠡᠪᠰᠢ ᠭᠦᠤ ᠶᠢᠨ ᠳᠠᠯ᠎ᠠ ᠶᠢᠨ ᠵᠦᠪᠰᠢᠶᠠᠷᠠᠯ ᠢ ᠣᠯᠬᠤ ᠭᠡᠷᠡᠭ᠍ᠳᠡᠢ᠃ ᠭᠦᠷᠭᠡᠨ ᠣᠷᠤᠭᠰᠠᠨ ᠭᠦᠤ ᠶᠠᠮᠠᠷ ᠴᠤ ᠳᠠᠯ᠎ᠠ ᠪᠠᠯᠡᠭ᠌ ᠦᠭ‍ᠭᠦᠯ ᠦᠭᠡᠶ ᠪᠠᠷ ᠣᠷᠤᠭᠯᠠᠵᠤ ᠪᠣᠯᠤᠨ᠎ᠠ᠃ ᠣᠪᠣᠭ ᠨᠠᠷ᠎ᠠ ᠪᠠᠨ ᠪᠠᠨ ᠪᠠᠰᠠ ᠰᠤᠯᠢᠬᠤ ᠴᠢᠬᠤᠯᠠ ᠦᠭᠡᠶ᠃ ᠭᠡᠷᠪᠡ ᠭᠦᠷᠭᠡᠨ ᠤ ᠨᠠᠷ᠎ᠠ ᠨᠢ ᠭᠡᠦᠭᠡᠨ ᠤ ᠳᠠᠯ᠎ᠠ ᠶᠢᠨ ᠠᠯᠢ ᠨᠢᠭᠡᠨ ᠠᠬᠠᠮᠠᠤᠨ ᠲᠡᠶ ᠨᠢ ᠳᠠᠪᠬᠤᠷᠳᠠᠬᠤ ᠦᠶ᠎ᠡ ᠳᠤ ᠰᠠ‍‌ᠶᠢ ᠨᠠᠷ᠎ᠠ ᠪᠠᠨ ᠰᠤᠯᠢᠨ᠎ᠠ᠃ ᠡᠨᠡ ᠨᠢ ᠬᠠᠳᠠᠮ ᠤᠨ ᠭᠠᠵᠠᠷ ᠤᠨ ᠠᠬᠠᠮᠠᠤᠨ ᠶᠢᠡᠨ ᠭᠦᠡᠳᠦᠯᠡᠵᠤ ᠪᠠᠢ᠌ᠭ᠎ᠠ ᠶᠢᠨ ᠢᠯᠠᠷᠠᠯ ᠪᠣᠯᠤᠨ᠎ᠠ᠃

ᠵᠠᠯᠭᠠᠮᠠᠯ ᠣᠷᠤᠭ᠄ ᠵᠠᠯᠭᠠᠮᠠᠯ ᠣᠷᠤᠭ ᠪᠣᠯ ᠡᠷᠳᠡᠨ ᠤ ᠣᠷᠤᠭ ᠤᠨ ᠶᠤᠰᠤᠨ ᠤ ᠥᠯᠡᠳᠡᠭ᠍ᠳᠡᠮᠡᠯ ᠪᠣᠯᠤᠨ᠎ᠠ᠃ ᠵᠠᠯᠭᠠᠮᠠᠯ ᠣᠷᠤᠭ ᠭᠤᠤᠯᠳᠠᠭᠤ ᠬᠤᠶᠠᠷ ᠵᠣᠢ᠌ᠯ ᠪᠠᠢ᠌ᠨ᠎ᠠ᠃ ᠨᠢᠭᠡ ᠨᠢ᠂ ᠠᠬ᠎ᠠ ᠨᠢ ᠥᠭᠦᠪᠠᠯ᠂ ᠪᠠᠷᠭᠡᠨ ᠨᠢ ᠭᠦᠷᠢ ᠳᠡᠭᠦᠤ ᠳᠤ ᠪᠠᠨ ᠵᠠᠯᠭᠠᠬᠤ ᠣᠷᠤᠭ᠃ ᠬᠡᠦᠬᠡᠳ ᠨᠢ ᠨᠠᠰᠤ ᠪᠠᠭ᠎ᠠ ᠳᠤᠯᠠ ᠪᠣᠰᠤᠳ ᠭᠠᠵᠠᠷ ᠶᠠᠪᠣᠪᠠᠯ ᠵᠤᠭᠢᠬᠤ ᠦᠭᠡᠶ ᠭᠡᠵᠤ ᠭᠡᠷ ᠪᠦᠯᠢ ᠶᠢᠨ ᠳᠤᠳᠤᠷ᠎ᠠ ᠦᠶ᠎ᠡ ᠵᠡᠷᠭᠡ ᠶᠢᠨ ᠡᠷᠡᠭ᠍ᠳᠡᠢ ᠳᠤ ᠵᠠᠯᠭᠠᠨ ᠰᠠᠭᠤᠨ᠎ᠠ᠃ ᠡᠢ᠌ᠮᠤ ᠣᠷᠤᠭ ᠤᠨ ᠭᠤᠤᠯ ᠰᠢᠯᠳᠠᠭᠠᠨ ᠨᠢ ᠬᠤᠶᠠᠷ ᠳᠠᠯ᠎ᠠ ᠪᠠᠷ ᠶᠢᠡᠨ ᠳᠤᠷᠠᠳᠠᠢ ᠪᠠᠢ᠌ᠬᠤ ᠭᠡᠷᠡᠭ᠍ᠳᠡᠢ᠃ ᠳᠠᠭᠢᠭᠠᠤᠨ ᠭᠡᠯᠡᠪᠠᠯ᠂ ᠳᠤᠰ ᠭᠡᠷ ᠨᠢ ᠪᠠᠰᠠ ᠳᠠᠢ᠌ᠮᠤ ᠪᠠᠶᠠᠯᠢᠭ ᠪᠢᠰᠢ᠂ ᠭᠡᠷᠪᠡ ᠪᠠᠷᠭᠡᠨ ᠶᠢᠡᠨ ᠵᠠᠯᠭᠠᠭᠠᠤᠨ ᠰᠠᠭᠤᠪᠠᠯ ᠵᠤᠭᠤᠰ ᠵᠠᠷᠤᠬᠤ ᠦᠭᠡᠶ ᠪᠠᠷ ᠪᠣᠯᠴᠢᠬᠠᠨ᠎ᠠ᠃ ᠡᠭᠦᠨ ᠡᠴᠡ ᠪᠣᠰᠤᠳ᠂ ᠪᠠᠷᠭᠡᠨ ᠪᠠᠰᠠ ᠥᠭᠡᠷ᠎ᠡ ᠭᠠᠵᠠᠷ ᠶᠠᠪᠣᠬᠤ ᠳᠤᠷ᠎ᠠ ᠦᠭᠡᠶ᠃ 《ᠮᠤᠩᠭ᠋ᠤᠯ ᠤᠨ ᠨᠢᠭᠤᠴᠠ ᠳᠤᠪᠴᠢᠶᠠᠨ》 §47 ᠳ᠋ᠤ 《ᠴᠠᠷᠬᠠᠢ ᠯᠢᠩᠬᠤ ᠶᠢᠨ ᠪᠠᠷᠭᠡᠨ ᠡᠮ᠎ᠡ ᠡᠴᠡ ᠳᠦᠷᠦᠭ᠍ᠰᠡᠨ ᠪᠠᠰᠤᠳᠠᠢ ᠨᠠᠷᠠᠳᠤ ᠪᠦᠯᠦᠭᠡ᠃》 ᠭᠡᠵᠤ ᠭᠠᠷᠳᠠᠭ᠃ ᠬᠤᠶᠠᠷ ᠲᠤ᠂ ᠡᠭᠡᠴᠢ ᠨᠢ ᠥᠭᠦᠪᠠᠯ ᠦᠬᠢᠨ ᠳᠡᠭᠦᠤ ᠨᠢ ᠭᠦᠷᠭᠡᠨ ᠠᠬ᠎ᠠ ᠳᠤ ᠪᠠᠨ ᠵᠠᠯᠭᠠᠨ ᠰᠠᠭᠤᠬᠤ ᠣᠷᠤᠭ᠃ ᠡᠭᠦᠨ ᠳᠤ ᠨᠢᠯᠬ᠎ᠠ ᠪᠠᠭ᠎ᠠ ᠵᠢᠭᠡ ᠬᠡᠦᠬᠡᠳ ᠤᠨ ᠬᠣᠢ᠌ᠳᠤ ᠡᠶ‍ᠧ ᠶᠢᠨ ᠬᠠᠯᠠ ᠶᠢ ᠠᠮᠰᠠᠭᠤᠯᠬᠤ ᠡᠴᠡ ᠠᠶᠤᠬᠤ ᠪᠣᠶᠤ ᠬᠠᠳᠠᠮ ᠤᠨ ᠭᠦᠮᠦᠰ ᠵᠢᠴᠢ ᠭᠦᠷᠢ ᠦᠬᠢᠨ ᠳᠡᠭᠦᠤ ᠨᠢ ᠪᠦᠷ ᠭᠦᠷᠭᠡᠨ ᠢ ᠮᠠᠰᠢ ᠳᠤᠭᠤᠭᠰᠠᠨ ᠡᠴᠡ ᠪᠣᠯᠤᠨ᠎ᠠ᠃ ᠬᠤᠷᠴᠢᠨ ᠠᠷᠠᠤᠨ ᠤᠨ ᠳᠠᠭᠤᠤ 《ᠭᠤᠤ ᠰᠢᠶᠤᠤ ᠯᠢᠩ》 ᠳ᠋ᠤ ᠳᠠᠷᠬᠠᠨ ᠬᠤᠰᠢᠭᠤᠨ ᠤ ᠪᠣᠷᠬᠠᠠᠳᠤ ᠶᠢᠨ ᠠᠢ᠌ᠯ ᠤᠨ ᠭᠤᠤ ᠰᠢᠶᠤᠤ ᠯᠢᠩ ᠭᠡᠦᠭᠡᠨ ᠢ ᠬᠠᠷ᠎ᠠ ᠪᠣᠯᠤᠩ ᠠᠢ᠌ᠯ ᠳᠤ ᠭᠦᠷᠭᠡᠵᠤ ᠦᠭ‍ᠭᠦ ᠵᠠᠮ ᠳᠤᠮᠳᠠ ᠨᠢ ᠭᠤᠤ ᠰᠢᠶᠤᠤ ᠯᠢᠩ ᠨᠠᠭᠠᠳᠤᠮ ᠤᠨ ᠥᠭᠡᠨ ᠳᠤ ᠣᠷᠤᠵᠤ᠂ ᠪᠠᠶ᠎ᠠ ᠪᠠᠨ ᠬᠤᠤᠷᠯᠠᠵᠠᠢ᠃ ᠭᠦᠷᠭᠡᠵᠤ ᠶᠠᠪᠣᠭ᠎ᠠ ᠡᠵᠢ ᠨᠢ᠂ ᠭᠦᠷᠭᠡᠨ ᠤ ᠪᠠᠨ ᠣᠭᠢᠯᠠᠵᠤ ᠣᠠᠵᠢᠬᠤ ᠶᠢ ᠥᠵᠡᠭᠡᠳ

ᠠᠷᠠᠯᠳᠤ ᠳᠡᠷᠭᠡ ᠪᠠᠨ ᠠᠷᠤᠠᠰᠢ ᠡᠷᠭᠢᠭᠦᠯ ᠳ᠋ᠠ

ᠡᠨ ᠭᠦᠢ ᠭᠦᠷᠭᠡᠨ ᠭᠦᠢ

ᠠᠩᠭ᠋᠎ᠠ ᠪᠠᠭ᠎ᠠ ᠭᠦᠷᠢ ᠦᠬᠢᠨ ᠳᠡᠭᠦᠤ ᠶᠢ ᠴᠢᠨᠢ

ᠪᠣᠭᠳᠤᠯᠠᠭᠠᠤᠨ ᠦᠭ‍ᠭᠦᠶ᠎ᠡ ᠭᠦᠢ

ᠭᠦᠷᠳᠦᠳᠤ ᠶᠡᠭᠡ ᠳᠡᠷᠭᠡ ᠪᠠᠨ ᠬᠣᠢ᠌ᠰᠢ ᠪᠠᠨ ᠡᠷᠭᠢᠭᠦᠯ ᠳ᠋ᠠ

ᠡᠨ ᠭᠦᠢ ᠭᠦᠷᠭᠡᠨ ᠭᠦᠢ

ᠭᠡᠦᠭᠡᠨ ᠪᠠᠭ᠎ᠠ ᠭᠦᠷᠢ ᠦᠬᠢᠨ ᠳᠡᠭᠦᠤ ᠶᠢ ᠴᠢᠨᠢ

ᠮᠦᠷᠭᠦᠭᠦᠯᠦᠭᠡᠳ ᠦᠭ‍ᠭᠦᠶ᠎ᠡ ᠭᠦᠢ ᠢᠩᠭᠢᠵᠤ ᠳᠠᠭᠤᠯᠠᠵᠠᠢ᠃

ᠪᠠᠯᠠᠨ ᠣᠷᠤᠭ᠄ ᠡᠷ᠎ᠡ ᠨᠢ ᠥᠭᠦᠪᠠᠯ ᠡᠮ᠎ᠡ ᠨᠢ ᠪᠣᠰᠤᠳ ᠡᠷ᠎ᠡ ᠳᠤ ᠣᠷᠤᠭᠯᠠᠵᠤ᠃ ᠡᠰᠡᠭᠦᠯ᠎ᠡ ᠡᠮ᠎ᠡ ᠨᠢ ᠥᠭᠦᠪᠠᠯ ᠡᠷ᠎ᠡ ᠨᠢ ᠪᠣᠰᠤᠳ ᠡᠮ᠎ᠡ ᠠᠪᠬᠤ᠃ ᠡᠭᠦᠨ ᠢ ᠪᠠᠯᠠᠨ ᠣᠷᠤᠭ ᠭᠡᠳᠡᠭ᠌᠃ ᠡᠷᠡᠭ᠍ᠳᠡᠢ ᠶᠢᠨ ᠳᠠᠯ᠎ᠠ ᠳᠤ ᠣᠴᠢᠬᠤ ᠪᠣᠶᠤ ᠡᠮᠡᠭ᠍ᠳᠡᠢ ᠶᠢᠨ ᠳᠠᠯ᠎ᠠ ᠢᠷᠡᠭᠦ ᠶᠢ ᠬᠤᠶᠠᠭᠤᠯᠠ ᠪᠠᠨ ᠭᠡᠯᠡᠯᠴᠡᠵᠤ ᠳᠤᠭᠳᠠᠨ᠎ᠠ᠃ ᠭᠡᠪᠠᠴᠤ ᠣᠯᠠᠩᠭᠢ ᠭᠦᠮᠤᠨ ᠪᠠᠯᠠᠨ ᠣᠷᠤᠭ ᠲᠤ ᠳᠤᠷ᠎ᠠ ᠦᠭᠡᠶ ᠪᠠᠢ᠌ᠳᠠᠭ᠃ ᠬᠤᠷᠴᠢᠨ ᠮᠤᠩᠭ᠋ᠤᠯ ᠭᠡᠯᠡᠴᠡ ᠳᠤ 《ᠪᠠᠯᠠᠨ ᠪᠣᠳᠠᠭ᠎ᠠ ᠠᠮᠳᠠ ᠦᠭᠡᠶ᠂ ᠪᠠᠯᠠᠨ ᠡᠮ᠎ᠡ ᠳᠤᠯᠠᠭ᠎ᠠ ᠦᠭᠡᠶ》 ᠭᠡᠳᠡᠭ᠌᠃

ᠳᠠᠪᠬᠤᠷ ᠣᠷᠤᠭ᠄ ᠠᠬ᠎ᠠ ᠳᠡᠭᠦᠤ ᠬᠤᠶᠠᠭᠤᠯᠠ ᠪᠠᠨ ᠡᠭᠡᠴᠢ ᠳᠡᠭᠦᠤ ᠲᠡᠶ ᠣᠷᠤᠭᠯᠠᠬᠤ ᠶᠢ ᠭᠡᠯᠡᠨ᠎ᠡ᠃ ᠡᠢ᠌ᠮᠦᠷᠭᠦ ᠣᠷᠤᠭ ᠪᠣᠯ ᠶᠤᠰᠤᠳᠠᠢ ᠡᠭᠡ ᠶᠢᠨ ᠡᠷᠭᠡᠳᠤ ᠶᠤᠰᠤᠨ ᠤ ᠦᠯᠠᠳᠠᠴᠠ ᠰᠤᠶᠤᠯ ᠪᠣᠯᠬᠤ ᠶᠤᠮ᠃ ᠬᠤᠷᠴᠢᠨ ᠮᠤᠩᠭ᠋ᠤᠯᠴᠤᠳ ᠤᠨ ᠳᠤᠮᠳᠠ ᠣᠳᠤ ᠪᠣᠯᠳᠠᠯ᠎ᠠ ᠣᠷᠤᠰᠢᠵᠤ ᠪᠠᠢ᠌ᠳᠠᠭ᠃

ᠵᠢᠭᠠᠮᠠᠯ ᠣᠷᠤᠭ᠄ ᠡᠨᠡ ᠪᠣᠯ ᠮᠤᠩᠭ᠋ᠤᠯ ᠤᠨ ᠪᠣᠭᠤᠯᠳᠤ ᠨᠡᠢ᠌ᠭᠡᠮ ᠤᠨ ᠦᠶ᠎ᠡ ᠡᠴᠡ ᠥᠯᠡᠳᠡᠭ᠍ᠳᠡᠵᠤ ᠢᠷᠡᠭ᠍ᠰᠡᠨ ᠨᠢᠭᠡ ᠲᠤᠢ᠌ᠯ ᠤᠨ ᠬᠠᠷᠠᠰᠠᠯᠳᠤ ᠣᠷᠤᠭ ᠤᠨ ᠶᠤᠰᠤ ᠪᠣᠯᠤᠨ᠎ᠠ᠃ ᠡᠭᠦᠨ ᠳᠤ ᠬᠤᠶᠠᠷ ᠵᠣᠢ᠌ᠯ ᠪᠠᠢ᠌ᠳᠠᠭ᠃ ᠨᠢᠭᠡ ᠨᠢ᠂ ᠪᠣᠳᠠᠰ ᠲᠤ ᠵᠢᠭᠠᠵᠤ ᠣᠷᠤᠭᠯᠠᠭᠤᠯᠳᠠᠭ᠃ ᠨᠥᠭᠦᠭᠡ ᠨᠢ᠂ ᠳᠤᠷ᠎ᠠ ᠶᠢᠨ ᠨᠢᠭᠡᠨ ᠡᠷᠡᠭ᠍ᠳᠡᠢ ᠳᠤ ᠵᠢᠭᠠᠵᠤ ᠬᠤᠷᠢᠮᠯᠠᠭᠤᠯᠳᠠᠭ᠃ ᠥᠩᠭᠡᠷᠡᠭ᠍ᠰᠡᠨ ᠨᠡᠢ᠌ᠭᠡᠮ ᠳᠤ ᠸᠠᠩ ᠭᠦᠩ ᠤᠨ ᠣᠷᠳᠤᠨ ᠤ ᠳᠤᠳᠤᠷᠠᠭᠢ ᠵᠠᠷᠤᠳᠠᠰᠤ ᠦᠬᠢᠨ ᠨᠢ ᠠᠯᠳᠠᠭ᠎ᠠ ᠭᠠᠷᠭᠠᠭᠰᠠᠨ ᠢ ᠳᠤᠷᠭᠠᠬᠤ ᠭᠡᠰᠡᠨ ᠪᠣᠶᠤ ᠰᠠᠢ᠌ᠬᠠᠨ ᠳᠦᠷᠦᠭ᠍ᠰᠡᠨ ᠪᠣᠭᠤᠯ ᠦᠬᠢᠨ ᠶᠢᠡᠨ ᠪᠣᠰᠤᠳ ᠲᠤ ᠦᠭ‍ᠭᠦ ᠦᠭᠡᠶ ᠦᠪᠡᠷ ᠶᠢᠡᠨ ᠡᠵᠡᠯᠡᠭᠦ ᠶᠢᠨ ᠲᠦᠯᠦᠭᠡ ᠡᠢ᠌ᠮᠦᠷᠭᠦ ᠣᠷᠤᠭ ᠤᠨ ᠶᠤᠰᠤ ᠭᠠᠷᠳᠠᠭ᠃ ᠪᠣᠳᠠᠰ ᠲᠤ ᠵᠢᠭᠠᠭᠰᠠᠨ ᠨᠢ ᠰᠥᠭᠡ᠂ ᠳᠡᠭᠡᠷᠮ᠎ᠡ᠂ ᠪᠣᠯᠠᠭ᠎ᠠ ᠶᠢᠨ ᠮᠤᠳᠤ ᠵᠡᠷᠭᠡ ᠶᠢ ᠳᠡᠪᠠᠷᠢᠭᠦᠯᠵᠤ᠂ ᠳᠡᠭᠦᠨ ᠤ ᠭᠦᠷᠭᠡᠨ ᠨᠢ ᠪᠣᠯᠭᠠᠳᠠᠭ᠃ ᠬᠡᠦᠬᠡᠳ ᠭᠠᠷᠴᠤ ᠪᠣᠯᠬᠤ ᠶᠢ ᠵᠥᠪᠰᠢᠶᠡᠷᠡᠳᠡᠭ᠌᠃ ᠭᠠᠷᠤᠭᠰᠠᠨ ᠬᠡᠦᠬᠡᠳ ᠨᠢ ᠪᠠᠰᠠ ᠨᠤᠶᠠᠨ ᠤ ᠪᠣᠭᠤᠯ ᠪᠣᠯᠬᠤ ᠪᠦᠭᠡᠳ ᠳᠡᠭᠦᠨ ᠢ ᠨᠢ 《ᠭᠦᠪᠦᠤᠨ ᠪᠣᠭᠤᠯ》 ᠭᠡᠳᠡᠭ᠌᠃ 《ᠭᠦᠪᠦᠤᠨ ᠪᠣᠭᠤᠯ》 ᠪᠣᠯ ᠬᠠᠮᠤᠭ ᠤᠨ ᠳᠤᠤᠷᠠᠳᠤ ᠪᠣᠭᠤᠯ ᠪᠣᠯᠤᠨ᠎ᠠ᠃ ᠶᠠᠮᠠᠷᠴᠤ ᠡᠷᠭᠡ ᠮᠠᠳᠠᠯ ᠦᠭᠡᠶ᠃

ᠳᠡᠭᠡᠷᠡᠭᠢ ᠳᠤᠷᠠᠳᠤᠭᠰᠠᠨ ᠡᠳᠡᠭᠡᠷ ᠵᠣᠢ᠌ᠯ ᠤᠨ ᠣᠷᠤᠭ ᠤᠨ ᠭᠡᠯᠪᠠᠷᠢ ᠳᠤ᠂ ᠵᠠᠷᠢᠮ ᠨᠢ ᠬᠤᠵᠢᠮ ᠤᠨ ᠭᠦᠮᠦᠰ ᠲᠤ ᠶᠤᠰᠤ ᠮᠤᠷᠠᠯ ᠤᠨ ᠭᠦᠮᠦᠵᠢᠯ ᠪᠣᠯᠬᠤ ᠪᠣᠶᠤ ᠵᠠᠷᠢᠮ ᠨᠢ ᠨᠢᠭᠡᠨ ᠦᠨᠳᠦᠰᠦᠳᠠᠨ ᠤ ᠣᠠᠴᠠᠯᠢᠭ᠂ ᠵᠠᠩ ᠵᠠᠩᠰᠢᠯ ᠪᠣᠯᠵᠤ᠂ ᠠᠷᠠᠤᠨ ᠤᠨ ᠳᠤᠮᠳᠠ ᠤᠯᠠᠮᠵᠢᠯᠠᠭᠳᠠᠵᠤ ᠢᠷᠡᠭ᠍ᠰᠡᠨ᠂ ᠪᠠᠰᠠ ᠵᠠᠷᠢᠮ ᠨᠢ ᠴᠠᠭ ᠦᠶ᠎ᠡ ᠶᠢᠨ ᠣᠷᠭᠢᠭᠳᠠᠮᠠᠯ ᠪᠣᠯᠵᠤ ᠭᠡᠭᠡᠭ᠍ᠳᠡᠭ᠍ᠰᠡᠨ ᠪᠠᠢ᠌ᠨ᠎ᠠ᠃ ᠣᠳᠤ ᠬᠤᠷᠴᠢᠨ ᠮᠤᠩᠭ᠋ᠤᠯᠴᠤᠳ ᠤᠨ ᠣᠷᠤᠭ ᠬᠤᠷᠢᠮ ᠤᠨ ᠵᠠᠩ ᠵᠠᠩᠰᠢᠯ ᠨᠢ ᠪᠠᠰᠠ ᠬᠤᠪᠢᠷᠠᠯᠳᠠ ᠳᠠᠢ ᠪᠣᠯᠵᠤ ᠪᠠᠢ᠌ᠨ᠎ᠠ᠃ ᠳᠠᠷᠠ ᠨᠢ ᠦᠪᠡᠷ ᠤᠨ ᠦᠨᠳᠦᠰᠦᠳᠠᠨ ᠤ ᠪᠠᠨ ᠰᠢᠯᠢᠳᠡᠭ᠌ ᠦᠪ ᠣᠯᠠᠮᠵᠢᠯᠠᠯ᠂ ᠣᠷᠤᠭ ᠳᠦᠷᠤᠯ ᠤᠨ ᠬᠠᠷᠢᠴᠠᠭ᠎ᠠ ᠶᠢᠨ ᠠᠰᠢᠭᠳᠠᠢ ᠳᠠᠯ᠎ᠠ ᠶᠢ ᠵᠠᠯᠭᠠᠮᠵᠢᠯᠠᠭᠰᠠᠨ ᠶᠢᠡᠷ ᠪᠠᠷᠠᠬᠤ ᠦᠭᠡᠶ ᠪᠠᠰᠠ ᠦᠪᠡᠷ ᠤᠨ ᠦᠨᠳᠦᠰᠦᠳᠠᠨ ᠤ ᠳᠡᠦᠭᠡ ᠰᠤᠶᠤᠯ᠂ ᠠᠵᠤ ᠠᠬᠤᠢ᠂ ᠣᠷᠤᠨ ᠰᠠᠭᠤᠴᠠ ᠶᠢᠨ ᠣᠠᠴᠠᠯᠢᠭ ᠲᠤ ᠵᠤᠭᠢᠴᠠᠭᠰᠠᠨ ᠣᠷᠤᠭ ᠬᠤᠷᠢᠮ ᠤᠨ ᠭᠡᠪ ᠵᠠᠩᠰᠢᠯ ᠢ ᠪᠦᠷᠢᠯᠳᠦᠭᠦᠯᠦᠭ᠍ᠰᠡᠨ ᠪᠠᠢ᠌ᠨ᠎ᠠ᠃ ᠣᠷᠤᠭ ᠬᠤᠷᠢᠮ ᠤᠨ ᠶᠤᠰᠤᠯᠠᠯ ᠳᠤ ᠭᠡᠳᠤ ᠨᠠᠷᠢᠨ ᠪᠣᠳᠤᠯᠢᠶᠠᠠᠳᠠᠢ ᠠᠯᠬᠤᠮ ᠶᠠᠪᠣᠴᠠ ᠶᠢ ᠬᠠᠶᠠᠭᠰᠠᠨ ᠪᠠ ᠭᠡᠳᠦᠷᠭᠡᠢ ᠪᠦᠷᠢᠯᠭᠡᠨ ᠰᠥᠢᠳᠭᠡᠭᠦ ᠮᠠᠳᠤ ᠶᠢᠨ ᠠᠵᠢᠯᠯᠠᠭ᠎ᠠ ᠡᠴᠡ ᠳᠠᠪᠴᠢᠵᠤ ᠳᠡᠢ᠌ᠯᠭᠦ ᠪᠣᠯᠤᠭᠰᠠᠨ ᠪᠠᠢ᠌ᠨ᠎ᠠ᠃ ᠭᠡᠪᠠᠴᠤ ᠨᠠᠭᠠᠳᠤᠮ ᠱᠤᠭ ᠭᠠᠷᠭᠠᠬᠤ᠂ ᠳᠠᠭᠤᠤ ᠳᠠᠭᠤᠯᠠᠵᠤ᠂ ᠪᠦᠵᠢᠭ᠌ ᠦᠰᠦᠷᠭᠦ᠂ ᠭᠦᠷᠭᠡᠨ ᠤ ᠭᠠᠵᠠᠷ ᠭᠡᠳᠤ ᠬᠤᠯᠠ ᠪᠣᠯ ᠪᠣᠭᠳᠤᠯᠠᠨ ᠣᠷᠤᠭᠯᠠᠵᠤ ᠪᠣᠯᠬᠤ ᠮᠠᠳᠤ ᠶᠢᠨ ᠦᠨᠳᠦᠰᠦᠳᠠᠨ ᠤ ᠣᠠᠴᠠᠯᠢᠭ ᠶᠢᠡᠨ ᠬᠠᠳᠠᠭᠠᠯᠠᠭᠰᠠᠨ᠂ ᠪᠣᠳᠠᠳᠤ ᠪᠠᠢ᠌ᠳᠠᠯ ᠡᠴᠡ ᠡᠭᠦᠰᠦᠭ᠍ᠰᠡᠨ ᠮᠠᠳᠤ ᠶᠢᠨ ᠰᠢᠯᠢᠳᠡᠭ᠌ ᠵᠣᠢ᠌ᠯ ᠨᠢ ᠮᠦᠨ ᠣᠯᠠᠮᠵᠢᠯᠠᠭᠳᠠᠭᠰᠠᠭᠠᠷ ᠪᠠᠢ᠌ᠨ᠎ᠠ᠃

ᠵᠠᠩ ᠵᠠᠩᠰᠢᠯ ᠪᠣᠯ ᠣᠷᠳᠤ ᠬᠤᠭᠤᠴᠠᠭᠠᠨ ᠤ ᠨᠡᠢ᠌ᠭᠡᠮ ᠤᠨ ᠥᠯᠡᠳᠡᠭ᠍ᠳᠡᠯ ᠳᠤᠮᠳᠠ ᠠᠮᠢᠳᠤᠷᠠᠯ ᠤᠨ ᠭᠡᠷᠡᠭ᠍ᠴᠡᠭᠡ ᠪᠠᠷ ᠭᠡᠪᠰᠢᠨ ᠳᠤᠭᠳᠠᠭᠠᠤᠨ᠂ ᠭᠦᠮᠦᠰ ᠤᠨ ᠥᠭᠡ ᠶᠠᠷᠢᠶ᠎ᠠ᠂ ᠣᠢ᠌ᠯᠠ ᠠᠵᠢᠯᠠᠯᠠᠭᠠᠨ ᠶᠢᠡᠷ ᠢᠯᠠᠷᠠᠨ᠂ ᠠᠮᠢᠳᠤᠷᠠᠯ ᠠᠬᠤᠢ ᠶᠢᠨ ᠦᠪᠡᠷᠮᠢᠴᠠ ᠣᠠᠴᠠᠯᠢᠭ ᠢ ᠳᠤᠰᠬᠠᠭᠰᠠᠨ᠂ ᠰᠤᠶᠤᠯ ᠢᠷᠭᠡᠡᠰᠢᠯ ᠤᠨ ᠦᠪ ᠭᠦᠷᠦᠩᠭᠡ ᠪᠣᠯᠬᠤ ᠶᠤᠮ᠃ ᠮᠤᠩᠭ᠋ᠤᠯ ᠤᠨ ᠡᠪᠦᠭᠡ ᠳᠡᠭᠡᠳᠦᠰ ᠡᠴᠡ ᠬᠣᠢ᠌ᠴᠢᠰ ᠪᠢᠳᠠᠨ ᠳᠤ ᠪᠠᠨ ᠥᠯᠡᠳᠡᠭᠡᠭ᠍ᠰᠡᠨ ᠬᠤᠤᠰ ᠦᠭᠡᠶ ᠡᠷᠭᠢᠮ ᠶᠡᠭᠡ ᠦᠪ ᠤᠨ ᠨᠢᠭᠡ ᠪᠣᠯᠬᠤ᠂ ᠣᠷᠤᠭ ᠬᠤᠷᠢᠮ ᠤᠨ ᠪᠣᠯᠪᠠᠰᠤᠨ ᠰᠠᠢ᠌ᠬᠠᠨ ᠶᠤᠰᠤ ᠵᠠᠩᠰᠢᠯ ᠨᠢ ᠣᠯᠠᠨ ᠮᠢᠩᠭ᠋ᠠᠨ ᠵᠢᠯ ᠤᠨ ᠳᠤᠷᠰᠢ ᠦᠶ᠎ᠡ ᠶᠢᠨ ᠦᠶ᠎ᠡ᠂ ᠠᠴᠢ ᠶᠢᠨ ᠠᠴᠢ ᠳᠤ ᠣᠯᠠᠮᠵᠢᠯᠠᠭᠳᠠᠭᠰᠠᠭᠠᠷ ᠪᠦᠭᠡᠳ ᠭᠦᠮᠤᠨ ᠳᠦᠷᠤᠯᠭᠢᠳᠠᠨ ᠤ ᠰᠤᠶᠤᠯ ᠤᠨ ᠰᠠᠩ ᠳᠤ ᠬᠤᠷᠴᠢᠠᠴᠤᠳ ᠤᠨ ᠨᠡᠮᠡᠷᠢᠯᠡᠭ᠍ᠰᠡᠨ ᠨᠢᠭᠡᠨ ᠮᠥᠭᠦᠯᠢᠭ᠌ ᠭᠡᠷᠡᠯᠳᠤ ᠰᠤᠪᠣᠤᠨ ᠪᠣᠯᠬᠤ ᠶᠤᠮ᠃ ᠳᠠᠶᠠᠩ ᠳᠡᠯᠡᠭᠡᠢ ᠶᠢᠨ ᠦᠨᠳᠦᠰᠦᠳᠠᠨ ᠶᠠᠰᠤᠳᠠᠨ ᠢ ᠱᠠᠭᠰᠢᠨ ᠪᠢᠰᠢᠷᠡᠭᠦᠯᠦᠭ᠍ᠰᠡᠭᠡᠷ ᠪᠦᠭᠦᠢ ᠡᠨᠡ ᠶᠡᠭᠡ ᠦᠪ ᠰᠤᠶᠤᠯ ᠶᠢᠡᠨ ᠭᠡᠭᠡᠵᠤ ᠣᠷᠭᠢᠭᠳᠠᠭᠤᠯᠤᠯ ᠦᠭᠡᠶ ᠪᠠᠷ ᠦᠪᠯᠠᠨ ᠭᠦᠷᠦᠩᠭᠡᠯᠡᠵᠤ᠂ ᠭᠦᠭ᠍ᠵᠢᠭᠦᠯᠵᠤ ᠠᠰᠢᠭᠯᠠᠨ᠂ ᠡᠭᠦᠨ ᠶᠢᠡᠨ ᠪᠢᠳᠠ ᠦᠨᠡᠨ ᠭᠦ ᠡᠪᠦᠭᠡ ᠳᠡᠭᠡᠳᠦᠰ ᠤᠨ ᠦᠪ᠂ ᠦᠨᠦ ᠪᠢᠳᠠᠨ ᠤ ᠦᠪ᠂ ᠦᠰᠦᠭᠡᠢ ᠵᠠᠯᠭᠠᠬᠤ ᠬᠣᠢ᠌ᠴᠢ ᠦᠶ᠎ᠡ ᠶᠢᠨ ᠭᠢᠨ ᠳᠤ ᠪᠠᠨ ᠴᠤ ᠦᠨᠢᠳᠠ ᠶᠢᠨ ᠦᠪ ᠪᠣᠯᠭᠠᠵᠤ ᠶᠠᠪᠣᠬᠤ ᠪᠣᠯ ᠮᠤᠩᠭ᠋ᠤᠯ ᠭᠦᠮᠤᠨ ᠨᠢᠭᠡᠪᠦᠷᠢ ᠶᠢᠨ ᠵᠠᠢ᠌ᠯᠠᠭᠤᠯᠵᠤ ᠪᠣᠯᠤᠰᠢ ᠦᠭᠡᠶ ᠡᠷᠭᠢᠮ ᠳᠡᠭᠡᠳᠤ᠂ ᠳᠡᠦᠭᠡᠳᠤ ᠴᠢᠨᠠᠷᠳᠠᠢ ᠡᠭᠦᠷᠭᠡ ᠬᠠᠷᠢᠭᠤᠴᠠᠯᠭ᠎ᠠ ᠪᠣᠯᠬᠤ ᠶᠤᠮ᠃ ᠭᠡᠭᠡᠭ᠍ᠳᠡᠵᠤ ᠪᠠᠢ᠌ᠬᠤ ᠶᠢ ᠨᠢ ᠴᠤᠭᠯᠠᠭᠤᠯᠵᠤ᠂ ᠮᠠᠷᠳᠠᠭᠳᠠᠵᠤ ᠪᠠᠢ᠌ᠬᠤ ᠶᠢ ᠨᠢ ᠰᠡᠷᠭᠦᠭᠡᠨ᠂ ᠭᠠᠵᠢᠵᠤ ᠪᠠᠢ᠌ᠬᠤ ᠶᠢ ᠨᠢ ᠵᠠᠯᠠᠷᠠᠭᠤᠯᠵᠤ᠂ ᠪᠣᠯᠠᠭᠳᠠᠵᠤ ᠪᠠᠢ᠌ᠬᠤ ᠶᠢ ᠨᠢ ᠮᠠᠯᠳᠠᠭᠠᠤᠨ ᠪᠠᠢ᠌ᠬᠤ ᠪᠣᠯ ᠡᠭᠡ ᠰᠤᠶᠤᠯ ᠶᠢᠡᠨ ᠠᠰᠢᠭᠯᠠᠵᠤ᠂ ᠥᠭᠡᠳᠡᠯᠡᠨ ᠳᠠᠪᠰᠢᠬᠤ ᠶᠢᠨ ᠴᠢᠬᠤᠯᠠ ᠠᠷᠭ᠎ᠠ ᠵᠠᠮ ᠮᠦᠨ ᠭᠡᠵᠤ ᠡᠷᠳᠡᠭᠡᠨ ᠣᠬᠠᠮᠰᠠᠷᠠᠵᠤ᠂ ᠡᠷᠳᠡᠭᠡᠨ ᠭᠦᠳᠡᠯᠦᠯᠴᠡᠭᠦ ᠨᠢ ᠣᠳᠤ ᠶᠢᠨ ᠨᠡᠢ᠌ᠭᠡᠮ ᠤᠨ ᠭᠦᠭ᠍ᠵᠢᠯᠳᠡ ᠶᠢᠨ ᠱᠠᠭᠠᠷᠳᠠᠯᠭ᠎ᠠ ᠳᠤ ᠵᠤᠭᠢᠴᠠᠭᠰᠠᠨ ᠳᠤᠩ ᠴᠢᠬᠤᠯᠠ ᠠᠴᠢ ᠬᠤᠯᠪᠣᠭᠳᠠᠯ ᠲᠡᠶ ᠠᠵᠢᠯᠯᠠᠭ᠎ᠠ ᠪᠣᠯᠬᠤ ᠶᠤᠮ᠃

《ᠦᠪᠡᠷ ᠤᠨ ᠠᠪᠳᠠᠷ᠎ᠠ ᠳᠤ ᠠᠯᠳᠠ ᠮᠥᠩᠭᠦ ᠲᠡᠶ ᠪᠠᠢ᠌ᠭᠠᠤᠨ᠂ ᠦᠷᠦᠭᠡᠯ ᠤᠨ ᠬᠤᠷᠤᠭᠠᠨ ᠤ ᠠᠷᠭᠠᠯ ᠭᠦᠷᠵᠡᠩ ᠢ ᠬᠤᠯᠠᠭᠠᠢ᠌ᠯᠠᠬᠤ》 ᠣᠢ᠌ᠯᠠ ᠡᠴᠡ ᠵᠡᠢ᠌ᠯᠡᠰᠭᠢᠭᠦ ᠭᠡᠷᠡᠭ᠍ᠳᠡᠢ᠃ ᠡᠳ᠋ ᠤᠨ ᠪᠣᠰᠤ ᠰᠤᠶᠤᠯ ᠢ ᠡᠳ᠋ ᠤᠨ ᠰᠤᠶᠤᠯ ᠪᠣᠯᠭᠠᠨ ᠠᠰᠢᠭᠯᠠᠵᠤ ᠰᠤᠶᠤᠯ ᠰᠤᠳᠤᠯᠭᠠᠨ ᠤ ᠨᠡᠢ᠌ᠭᠡᠮ ᠤᠨ ᠦᠷ᠎ᠡ ᠠᠰᠢᠭ ᠪᠠ ᠭᠡᠷᠡᠭᠯᠡᠭᠡᠨ ᠤ ᠦᠨ᠎ᠡ ᠦᠷᠳᠡᠭ᠌ ᠢ ᠴᠢᠬᠤᠯᠴᠢᠯᠠᠨ᠎ᠠ᠃

ᠮᠤᠩᠭ᠋ᠤᠯ ᠦᠨᠳᠦᠰᠦᠳᠠᠨ ᠤ ᠣᠷᠤᠭ ᠬᠤᠷᠢᠮ ᠣᠯᠠᠮᠵᠢᠯᠠᠯᠳᠤ ᠵᠠᠩ ᠵᠠᠩᠰᠢᠯ ᠨᠢ ᠬᠤᠷᠴᠢᠨ ᠤ ᠳᠡᠦᠭᠡᠨ ᠳᠤ ᠦᠨᠢ ᠣᠳᠠᠭᠠᠨ ᠬᠠᠳᠠᠭᠠᠯᠠᠭᠳᠠᠵᠤ᠂ ᠦᠶ᠎ᠡ ᠶᠢᠨ ᠦᠶ᠎ᠡ ᠳᠤ ᠵᠠᠯᠭᠠᠮᠵᠢᠯᠠᠭᠳᠠᠵᠤ ᠢᠷᠠᠵᠠᠢ᠃ ᠳᠠᠷᠠ ᠨᠢ ᠥᠪᠠᠳᠡᠭ᠍ᠰᠢ ᠶᠡᠭᠡ ᠬᠤᠷᠢᠮ ᠤᠨ ᠶᠤᠰᠤᠯᠠᠯ ᠶᠢᠡᠷ ᠲᠥᠪ ᠪᠣᠯᠭᠠᠵᠤ᠂ ᠪᠦᠭᠦᠢᠯᠡ ᠶᠠᠪᠣᠴᠠ ᠪᠠᠨ ᠳᠠᠭᠤᠤ ᠭᠦᠭ᠍ᠵᠢᠮ ᠶᠢᠡᠷ ᠭᠡᠯᠭᠢᠨ ᠬᠤᠯᠪᠣᠵᠤ᠂ ᠵᠤᠴᠢᠨ ᠶᠢᠡᠨ ᠣᠭᠳᠤᠵᠤ ᠮᠤᠷᠳᠠᠭᠤᠯᠬᠤ ᠶᠤᠰᠤ᠂ ᠭᠠᠯ ᠳᠡᠭ᠍ᠷᠢ ᠪᠠᠨ ᠮᠦᠷᠭᠦᠵᠤ ᠳᠠᠭᠢᠬᠤ ᠳᠦᠷᠢᠮ᠂ ᠣᠴᠠᠷᠠᠬᠤ ᠰᠠᠯᠬᠤ ᠶᠢᠨ ᠭᠤᠨᠢᠭ ᠪᠠᠶᠠᠰᠤᠯ᠂ ᠣᠷᠠᠨ ᠰᠠᠢ᠌ᠬᠠᠨ ᠨᠠᠭᠠᠳᠤᠮ ᠳᠤᠭᠯᠠᠭᠠᠮ ᠵᠡᠷᠭᠡ ᠶᠢᠨ ᠡᠯᠪᠠᠭ᠌ ᠪᠠᠶᠠᠯᠢᠭ ᠠᠭᠤᠯᠭ᠎ᠠ ᠨᠤᠭᠤᠳ ᠢ ᠬᠠᠪᠰᠤᠷᠭᠠᠵᠤ᠂ ᠣᠵᠤᠭᠤᠷ ᠡᠷᠳᠡᠨ ᠤ ᠪᠦᠭᠡᠳ ᠦᠪᠡᠷᠮᠢᠴᠠ ᠣᠠᠴᠠᠯᠢᠭ ᠪᠦᠭᠦᠢ᠂ ᠨᠢᠭᠡ ᠪᠦᠷᠢᠨ ᠪᠦᠳᠤᠨ ᠬᠤᠷᠴᠢᠨ ᠳᠡᠦᠭᠡ ᠶᠢᠨ ᠰᠢᠰᠲ᠋ᠸᠮ ᠢ ᠪᠦᠷᠢᠯᠳᠦᠭᠦᠯᠦᠭᠡᠳ᠂ ᠬᠤᠷᠴᠢᠨ ᠨᠤᠳᠤᠭ ᠤᠨ ᠰᠤᠶᠤᠯ ᠤᠨ ᠨᠢᠭᠡᠨ ᠭᠢᠯᠠᠰ ᠴᠡᠭ᠌ ᠪᠣᠯᠭᠠᠵᠠᠢ᠃ 2008 ᠣᠨ ᠳᠤ ᠮᠤᠩᠭ᠋ᠤᠯ ᠦᠨᠳᠦᠰᠦᠳᠠᠨ ᠤ ᠣᠷᠤᠭ ᠬᠤᠷᠢᠮ ᠤᠨ ᠵᠠᠩ ᠵᠠᠩᠰᠢᠯ ᠢ ᠣᠯᠤᠰ ᠤᠨ ᠳᠠᠰ ᠤᠨ ᠬᠤᠶᠠᠳᠤᠭᠠᠷ ᠪᠦᠯᠦᠭ᠌ 《ᠪᠣᠳᠠᠰ ᠤᠨ ᠪᠣᠰᠤ ᠰᠤᠶᠤᠯ ᠤᠨ ᠦᠪ ᠭᠦᠷᠦᠩᠭᠡ》 ᠶ᠋ᠢᠨ ᠬᠠᠮᠠᠭᠠᠯᠠᠯᠳᠠ ᠶᠢᠨ ᠵᠣᠢ᠌ᠯ ᠪᠣᠯᠭᠠᠭᠰᠠᠨ ᠪᠠᠢ᠌ᠨ᠎ᠠ᠃


ᠵᠡᠭᠦᠯᠳᠡ

① ᠠᠷᠭᠤᠨ ᠭᠡᠮᠡᠭ᠍ᠴᠢ ᠪᠣᠯᠪᠠᠰᠤ ᠠᠪᠠᠬ᠎ᠠ ᠶᠢᠨ ᠭᠦᠪᠠᠭᠦᠨ᠂ ᠥᠯᠡᠭᠦ ᠶᠢᠨ ᠠᠴᠢ ᠣᠮᠪᠣᠯ᠂ ᠢᠯ ᠬᠠᠨ ᠣᠯᠤᠰ ᠤᠨ ᠳᠦᠳᠡᠭᠡᠷ ᠦᠶ᠎ᠡ ᠶᠢᠨ ᠬᠠᠨ ᠪᠣᠯᠠᠢ᠃ 1284᠊᠊᠊᠊᠊᠊᠊᠊᠊᠊᠊᠊᠊᠊᠊᠊᠊᠊᠊᠊᠊᠊᠊᠊᠊᠊᠊᠊1291 ᠣᠨ ᠰᠠᠭᠤᠷᠢᠨ᠎ᠠ ᠪᠠᠢ᠌ᠪᠠ᠃

② ᠮᠠᠷᠺᠦ ᠫᠣᠯᠤ ᠡ᠊ᠨᠳᠡ ᠳᠤᠮᠳᠠᠳᠤ ᠣᠯᠤᠰ ᠤᠨ ᠬᠠᠳᠤᠨ ᠭᠤᠤᠯ ᠡᠴᠡ ᠣᠮᠠᠷᠠᠰᠢᠭᠢ ᠮᠤᠵᠢ ᠨᠤᠭᠤᠳ ᠢ ᠶᠡᠷᠦᠩᠭᠡᠢ᠌ᠯᠡᠨ ᠵᠢᠭᠠᠵᠠᠢ᠃

③ 《ᠨᠠᠭᠠᠴᠤ ᠡᠴᠡ ᠠᠪᠣᠪᠠᠯ ᠨᠠᠷᠠ ᠭᠠᠷᠬᠤ》᠊᠊᠊᠊᠊᠊᠊᠊᠊᠊᠊᠊᠊᠊᠊᠊᠊᠊᠊᠊᠊᠊᠊ ᠨᠠᠭᠠᠴᠤ ᠶᠢᠨ ᠦᠬᠢᠨ ᠶᠢᠡᠨ ᠠᠪᠣᠨ᠎ᠠ ᠭᠡᠰᠡᠨ ᠥᠭᠡ ᠪᠢᠰᠢ ᠨᠠᠭᠠᠴᠤ ᠶᠢᠨ ᠨᠤᠳᠤᠭ ᠡᠴᠡ ᠪᠠᠷᠢ ᠠᠪᠣᠨ᠎ᠠ ᠭᠡᠵᠤ ᠣᠢ᠌ᠯᠠᠭᠠᠪᠠᠯ ᠵᠤᠭᠢᠨ᠎ᠠ᠃ ᠣᠴᠢᠷ ᠨᠢ ᠳᠠᠮᠤᠵᠢᠨ ᠤ ᠬᠠᠳᠤᠨ ᠪᠦᠷᠳᠡ ᠪᠣᠯ ᠨᠠᠭᠠᠴᠤ ᠶᠢᠨ ᠨᠤᠳᠤᠭ ᠤᠨ ᠭᠡᠦᠭᠡᠨ ᠪᠣᠯᠬᠤ ᠡᠴᠡ ᠪᠢᠰᠢ ᠳᠤᠰᠬᠠᠢ ᠨᠠᠭᠠᠴᠤ ᠶᠢᠨ ᠭᠢᠨᠢ ᠦᠬᠢᠨ ᠪᠢᠰᠢ ᠶᠤᠮ᠃

④ 《ᠮᠤᠯᠤᠷ ᠤᠨ ᠰᠢᠷᠡᠭᠡ》 ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠭᠡᠦᠭᠡᠨ ᠤ ᠡᠵᠢ ᠵᠢᠴᠢ ᠠᠬᠠᠮᠠᠤᠨ ᠨᠢ ᠭᠡᠦᠭᠡᠨ ᠶᠢᠡᠨ ᠬᠠᠳᠠᠮ ᠠᠪᠣ ᠡᠵᠢ ᠳ᠋ᠤᠨᠢ ᠳᠤᠰᠢᠶᠠᠵᠤ ᠦᠭ‍ᠭᠦ ᠳᠤᠰᠬᠠᠢ ᠪᠡᠯᠡᠳᠭᠡᠭ᠍ᠰᠡᠨ ᠰᠢᠷᠡᠭᠡ ᠪᠣᠯᠤᠨ᠎ᠠ᠃ ⑤ ᠱᠠᠭᠠᠷᠠᠭᠤᠯᠤᠭᠠᠤᠨ ᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊᠊ ᠬᠤᠷᠴᠢᠨ ᠮᠤᠩᠭ᠋ᠤᠯᠴᠤᠳ 《ᠴᠠ᠊ · ᠱᠠ᠊》 ᠬᠤᠶᠠᠷ ᠠᠪᠢᠶ᠎ᠠ ᠶᠢ ᠢᠯᠭᠠᠬᠤ ᠥᠭᠡᠢ ᠭᠡᠯᠡᠳᠡᠭ᠌᠃

ᠠᠰᠢᠭᠯᠠᠭᠰᠠᠨ ᠮᠠᠲ᠋ᠸᠷᠢᠶᠠᠯ᠄

1. ᠮᠠᠠᠰᠠᠩ ᠤᠨ ᠰᠢᠨ᠎ᠠ ᠪᠠᠷ ᠣᠷᠴᠢᠭᠤᠯᠵᠤ ᠳᠠᠢ᠌ᠯᠪᠣᠷᠢᠯᠠᠭᠰᠠᠨ 《ᠮᠤᠩᠭ᠋ᠤᠯ ᠤᠨ ᠨᠢᠭᠤᠴᠠ ᠳᠤᠪᠴᠢᠶᠠᠨ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1985 ᠣᠨ᠃

2. 《ᠮᠤᠩᠭ᠋ᠤᠯ ᠵᠠᠩ ᠣᠢ᠌ᠯᠠ ᠶᠢᠨ ᠨᠡᠪᠳᠡᠷᠭᠡᠢ ᠳᠤᠯᠢ》 ᠣᠶᠤᠨ ᠤ ᠪᠣᠳᠢ᠂ ᠦᠪᠣᠷ ᠮᠤᠩᠭ᠋ᠤᠯ ᠤᠨ ᠰᠢᠡᠵᠢᠯᠡᠭᠦ ᠣᠬᠠᠭᠠᠨ ᠳᠸᠭ᠍ᠨᠢᠭ᠌ ᠮᠡᠷᠭᠡᠵᠢᠯ ᠤᠨ ᠭᠡᠪᠯᠡᠯ ᠤᠨ ᠬᠤᠷᠢᠶ᠎ᠠ᠂ 1999 ᠣᠨ᠃

3. ᠰᠢᠶᠤᠤ ᠳ᠋ᠠ ᠾᠸᠩ᠂ 《ᠮᠤᠩᠭ᠋ᠤᠯ ᠤᠨ ᠵᠠᠩ ᠰᠤᠷᠳᠠᠬᠤᠨ ᠤ ᠳᠡᠮᠳᠡᠭᠯᠡᠯ》᠂ ᠠᠰᠠᠷᠠᠯᠳᠤ ᠣᠷᠴᠢᠭᠤᠯᠪᠠ᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1979 ᠣᠨ᠃

4. ᠫᠧᠩ ᠳ᠋ᠠ ᠶᠠ᠂ ᠰᠢᠤᠢ ᠳᠢᠩ᠂ 《ᠬᠠᠷ᠎ᠠ ᠳᠠᠲ᠋ᠠᠷ ᠤᠨ ᠳᠤᠬᠠᠢ ᠭᠡᠷᠡᠭ᠌ ᠤᠨ ᠳᠤᠪᠴᠢ》᠂ ᠬᠠᠷᠠᠮᠦᠷᠠᠨ ᠤ ᠠᠷᠠᠤᠨ ᠤᠨ ᠭᠡᠪᠯᠡᠯ ᠤᠨ ᠬᠤᠷᠢᠶ᠎ᠠ᠂ 1979 ᠣᠨ᠃

5. ᠬᠠ᠊·ᠳ᠋ᠠᠮᠪᠢᠵᠠᠯᠰᠠᠨ ᠡᠷᠭᠢᠯᠡᠨ ᠨᠠᠢ᠌ᠷᠠᠭᠤᠯᠪᠠ᠂ 《ᠮᠤᠩᠭ᠋ᠤᠯ ᠵᠠᠩ ᠣᠢ᠌ᠯᠠ ᠶᠢᠨ ᠵᠦᠢ》᠂ ᠯᠢᠶᠤᠤᠨᠢᠩ ᠤᠨ ᠦᠨᠳᠦᠰᠦᠳᠠᠨ ᠤ ᠭᠡᠪᠯᠡᠯ ᠤᠨ ᠬᠤᠷᠢᠶ᠎ᠠ᠂ 1995 ᠣᠨ᠃

6. ᠭᠦᠷᠡᠯᠪᠠᠭᠠᠳᠤᠷ᠂ ᠤᠷᠠᠡᠴᠢᠮᠡᠭ ᠡᠮᠭᠢᠳᠭᠡᠨ ᠨᠠᠢ᠌ᠷᠠᠭᠤᠯᠪᠠ᠂ 《ᠬᠤᠷᠴᠢᠨ ᠤ ᠵᠠᠩ ᠠᠭᠠᠯᠢ》᠂ ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1988 ᠣᠨ᠃

7. ᠯᠤᠪᠰᠠᠩᠴᠣᠢ᠌ᠳᠠᠨ ᠤ ᠵᠤᠬᠢᠶᠠᠭᠰᠠᠨ 《ᠮᠤᠩᠭ᠋ᠤᠯ ᠤᠨ ᠵᠠᠩ ᠠᠭᠠᠯᠢ ᠶᠢᠨ ᠣᠢ᠌ᠯᠠᠪᠣᠷᠢ》 ᠦᠪᠣᠷ ᠮᠤᠩᠭ᠋ᠤᠯ ᠤᠨ ᠠᠷᠠᠤᠨ ᠤᠨ ᠭᠡᠪᠯᠡᠯ ᠤᠨ ᠬᠤᠷᠢᠶ᠎ᠠ᠂ 1981 ᠣᠨ᠃

8. ᠴ·ᠴᠠᠳᠠᠠᠵᠠᠪ ᠤᠨ ᠳᠡᠮᠳᠡᠭᠯᠡᠭ᠍ᠰᠡᠨ ᠬᠤᠪᠢᠯᠪᠣᠷᠢ 《ᠪᠣᠮ ᠡᠷᠳᠡᠨᠢ》᠂ ᠣᠯᠠᠭᠠᠠᠪᠠᠭᠠᠳᠤᠷ᠂ 1947 ᠣᠨ᠃

9. ᠮᠠᠠᠳᠤᠬᠤ᠂ ᠬᠠᠰᠴᠢᠮᠡᠭ᠌ ᠤᠨ 《ᠮᠤᠩᠭ᠋ᠤᠯ ᠤᠨ ᠵᠠᠩ ᠣᠢ᠌ᠯᠠ ᠶᠢᠨ ᠥᠯᠢᠭᠡᠷ》᠂ ᠦᠪᠣᠷ ᠮᠤᠩᠭ᠋ᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 1997 ᠣᠨ᠃



ᠵᠤᠬᠢᠶᠠᠭᠴᠢ ᠶᠢᠨ ᠬᠠ‍‌ᠶᠢᠭ ᠄ ᠬᠤᠷᠴᠢᠨ ᠵᠡᠭᠦᠨ ᠭᠠᠷᠤᠨ ᠳᠤᠮᠳᠠᠳᠤ ᠬᠤᠰᠢᠭᠤᠨ ᠤ ᠱᠸᠪᠠᠷᠳᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠳᠠᠩᠨᠤᠳ ᠬᠠᠢ᠌ᠬᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠵᠠᠩ ᠤᠢ᠌ᠯᠠ
ᠳᠠᠷᠤᠮ᠄ 3438
ᠴᠠᠭ᠄ 2012 ᠤᠨ ᠤ 05 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ