ᠰᠤᠷᠤᠭᠴᠢ ᠶᠢᠨ ᠦᠵᠡᠯ ᠰᠠᠨᠠᠭ᠎ᠠ ᠣᠯᠤᠰ ᠲᠦᠷᠦ ᠶᠢᠨ ᠭᠢᠴᠢᠶᠠᠯ ᠢ ᠰᠤᠷᠬᠤ ᠣᠷᠮᠠᠰᠢᠯ ᠢ ᠭᠡᠷᠭᠢᠨ ᠭᠦᠮᠦᠵᠢᠭᠦᠯᠭᠦ ᠳᠤᠬᠠᠢ ᠵᠥᠪᠯᠡᠯᠭᠡ

ᠰᠤᠷᠬᠤ ᠣᠷᠮᠠᠰᠢᠯ ᠪᠣᠯ ᠰᠤᠷᠤᠭᠴᠢᠳ ᠤᠨ ᠰᠤᠷᠬᠤ ᠶᠢᠨ ᠭᠡᠷᠡᠭ᠍ᠴᠡᠭᠡ ᠱᠠᠭᠠᠷᠳᠠᠯᠭ᠎ᠠ ᠪᠠᠷ ᠢᠯᠡᠷᠡᠭ᠍ᠰᠡᠨ ᠨᠢᠭᠡ ᠵᠣᠢ᠌ᠯ ᠤᠨ ᠳᠠᠨᠢᠯᠳᠠ ᠶᠢᠨ ᠴᠢᠭᠯᠡᠯ ᠪᠣᠯᠬᠤ ᠪᠦᠭᠡᠤᠨ ᠡᠨᠡ ᠨᠢ ᠰᠤᠷᠤᠭᠴᠢᠳ ᠤᠨ ᠮᠡᠳᠡᠯᠭᠡ ᠮᠠᠳᠠᠴᠠ ᠡᠵᠡᠮᠰᠢᠭᠦ ᠳᠤ ᠳᠤᠩ ᠴᠢᠬᠤᠯᠠ ᠣᠢ᠌ᠯᠠᠳᠤᠯ ᠭᠠᠷᠭᠠᠳᠠᠭ ᠶᠤᠮ᠃ 《ᠣᠷᠮᠠᠰᠢᠯ ᠢᠳᠠᠪᠭᠢᠵᠢᠯ ᠦᠭᠡᠶ ᠠᠯᠪᠠᠳᠠᠯᠭ᠎ᠠ ᠶᠢᠨ ᠴᠢᠨᠠᠷᠳᠠᠢ ᠰᠤᠷᠤᠯᠭ᠎ᠠ ᠨᠢ ᠰᠤᠷᠤᠭᠴᠢᠳ ᠤᠨ ᠰᠤᠳᠤᠯᠤᠨ ᠰᠥᠪᠠᠭ᠍ᠴᠢᠯᠡᠭᠦ ᠦᠨᠡᠨ ᠶᠤᠰᠤᠨ ᠤ ᠡᠷᠡᠮᠡᠯᠵᠢᠯᠡᠯ ᠢ ᠥᠯᠦᠭᠡᠢ ᠳᠤ ᠨᠢ ᠪᠣᠭᠤᠮᠢᠯᠠᠵᠤ᠂ ᠨᠢᠭᠡᠮᠦᠰᠤᠨ ᠣᠰᠠᠤᠠᠬᠠᠨ ᠥᠭᠡᠢ᠌ᠰᠭᠡᠵᠤ ᠪᠠᠢ᠌ᠭ᠎ᠠ ᠶᠠᠪᠣᠳᠠᠯ ᠮᠦᠨ》 ᠭᠡᠳᠡᠭ᠍ᠴᠢᠯᠡᠨ ᠰᠤᠷᠤᠭᠴᠢᠳ ᠤᠨ ᠪᠠᠶ᠎ᠠ ᠰᠠᠤᠠᠭᠢᠴᠠ ᠶᠢᠨ ᠣᠠᠴᠠᠯᠢᠭ ᠨᠢ ᠳᠠᠳᠠᠨ ᠤ ᠶᠠᠮᠠᠷ ᠨᠢᠭᠡᠨ ᠶᠠᠭᠤᠮ᠎ᠠ ᠶᠢ ᠭᠢᠵᠤ ᠣᠷᠤᠯᠳᠤᠬᠤ ᠳᠤ ᠪᠦᠷ ᠣᠷᠮᠠᠰᠢᠯ ᠡᠴᠡ ᠡᠭᠦᠰᠭᠦ ᠶᠢ ᠳᠤᠭᠳᠠᠭᠠᠵᠤ ᠪᠠᠢ᠌ᠳᠠᠭ ᠳᠤᠯᠠ ᠳᠠᠷᠠᠭᠦ ᠳᠠᠩ ᠴᠤᠯᠭᠤᠢ ᠠᠮᠢᠳᠤᠯᠢᠭ ᠪᠣᠰᠤ ᠪᠣᠯᠪᠠᠰᠤᠷᠠᠯ ᠪᠠ ᠣᠢ᠌ᠯᠠᠭᠠᠬᠤ ᠳᠤ ᠳᠦᠪᠠᠭ᠍ᠳᠡᠢ ᠣᠨᠤᠯ ᠤᠨ ᠮᠡᠳᠡᠯᠭᠡ ᠶᠢᠨ ᠳᠤᠬᠠᠢ ᠪᠠᠭᠰᠢᠯᠠᠭᠰᠠᠤᠨ ᠵᠢᠭᠠᠨ ᠰᠤᠷᠭᠠᠬᠤ ᠠᠷᠭ᠎ᠠ ᠪᠠᠷᠢᠯ ᠶᠢᠡᠨ ᠣᠠᠴᠠᠭᠠᠢ᠌ᠯᠠᠨ ᠠᠩᠬᠠᠷᠴᠤ᠂ ᠰᠤᠷᠤᠭᠴᠢᠳ ᠤᠨ ᠰᠤᠷᠬᠤ ᠣᠷᠮᠠᠰᠢᠯ ᠢ ᠳᠡᠭᠡᠭ᠍ᠰᠢᠯᠡᠭᠦᠯᠤᠨ ᠭᠦᠭ᠍ᠵᠢᠭᠦᠯᠭᠦ ᠭᠡᠷᠡᠭ᠍ᠳᠡᠢ᠃ ᠳᠡᠭᠡᠪᠠᠯ ᠵᠢᠭᠠᠨ ᠰᠤᠷᠭᠠᠯᠳᠠ ᠶᠢᠨ ᠥᠢᠯᠡᠳᠦᠯᠭᠡ ᠳᠤ ᠪᠠᠨ ᠰᠤᠷᠤᠭᠴᠢᠳ ᠤᠨ ᠰᠤᠷᠬᠤ ᠣᠷᠮᠠᠰᠢᠯ ᠢ ᠭᠡᠷᠭᠢᠨ ᠭᠦᠮᠦᠵᠢᠭᠦᠯᠵᠤ᠂ ᠳᠠᠳᠠᠨ ᠤ ᠰᠤᠷᠬᠤ ᠢᠳᠠᠪᠭᠢᠵᠢᠯ ᠢ ᠶᠠᠭᠠᠭᠢᠵᠤ ᠪᠠᠳᠠᠷᠠᠭᠤᠯᠵᠤ ᠭᠦᠭ᠍ᠵᠢᠭᠦᠯᠭᠦ ᠪᠣᠢ ︖ ᠭᠡᠪᠠᠯ ᠳᠤᠰ ᠭᠦᠮᠤᠨ ᠣᠳᠠᠭᠠᠨ ᠵᠢᠯ ᠤᠨ ᠵᠢᠭᠠᠨ ᠰᠤᠷᠭᠠᠯᠳᠠ ᠶᠢᠨ ᠪᠣᠳᠠᠳᠤ ᠥᠢᠯᠡᠳᠦᠯᠭᠡ ᠳᠤ ᠪᠠᠨ ᠪᠠᠶᠠᠴᠢᠯᠠᠨ ᠣᠢ᠌ᠯᠠᠭᠠᠵᠤ ᠳᠠᠨᠢᠭᠰᠠᠨ ᠶᠢᠡᠷ ᠪᠣᠯ ᠨᠢᠭᠡ ᠴᠠᠭ ᠤᠨ ᠭᠢᠴᠢᠶᠡᠯᠯᠡᠭᠡ ᠶᠢᠨ ᠨᠢᠭᠡᠳᠦᠭᠡᠷ ᠠᠯᠬᠤᠮ ᠳᠤ ᠪᠣᠳᠠᠳᠠᠢ ᠠᠮᠢᠳᠤᠯᠢᠭ ᠭᠢᠴᠢᠶᠡᠯᠯᠡᠭᠡ ᠶᠢᠨ ᠭᠦᠳᠦᠯᠦᠮᠵᠢ ᠥᠭᠡ ᠪᠠᠷ ᠰᠤᠷᠤᠭᠴᠢᠳ ᠤᠨ ᠰᠤᠷᠬᠤ ᠣᠷᠮᠠᠰᠢᠯ ᠢ ᠨᠡᠭᠡᠭᠡᠨ ᠠᠰᠢᠭᠯᠠᠨ᠎ᠠ ︔ ᠬᠤᠶᠠᠳᠤᠭᠠᠷ ᠠᠯᠬᠤᠮ ᠳᠤ ᠡᠳᠦᠷ ᠳᠤᠳᠤᠮ ᠤᠨ ᠵᠢᠭᠠᠨ ᠰᠤᠷᠭᠠᠯᠳᠠ ᠳᠤ ᠪᠠᠨ ᠣᠯᠠᠨ ᠠᠷᠪᠢᠨ ᠦᠷ᠎ᠡ ᠠᠰᠢᠭᠳᠠᠢ ᠭᠢᠴᠢᠶᠡᠯᠯᠡᠭᠡ ᠶᠢᠨ ᠠᠷᠭ᠎ᠠ ᠭᠡᠯᠪᠠᠷᠢ ᠭᠡᠷᠡᠭᠯᠡᠨ᠂ ᠰᠤᠷᠤᠭᠴᠢᠳ ᠤᠨ ᠰᠤᠷᠬᠤ ᠣᠷᠮᠠᠰᠢᠯ ᠢ ᠳᠠᠰᠤᠷᠠᠯᠳᠠ ᠦᠭᠡᠶ ᠪᠠᠳᠤᠤᠠᠬᠠᠨ᠎ᠠ ︔ ᠭᠤᠷᠪᠠᠳᠤᠭᠠᠷ ᠠᠯᠬᠤᠮ ᠳᠤ ᠭᠢᠴᠢᠶᠠᠯ ᠤᠨ ᠭᠡᠷ ᠲᠤ ᠭᠢ ᠭᠢᠴᠢᠶᠡᠯᠯᠡᠭᠡ ᠪᠠ ᠭᠢᠴᠢᠶᠠᠯ ᠤᠨ ᠭᠠᠳᠠᠭᠤᠷᠭᠢ ᠭᠦᠳᠡᠯᠭᠡᠭᠡᠨ ᠢ ᠨᠢᠭᠳᠠ ᠣᠶᠠᠯᠳᠤᠭᠤᠯᠵᠤ᠂ ᠰᠤᠷᠤᠭᠴᠢᠳ ᠤᠨ ᠰᠤᠷᠬᠤ ᠣᠷᠮᠠᠰᠢᠯ ᠢ ᠣᠯᠠᠮ ᠴᠢᠨᠠᠭᠰᠢᠳᠠ ᠭᠦᠭ᠍ᠵᠢᠭᠦᠯᠤᠨ᠎ᠡ᠃

ᠨᠢᠭᠡ᠂ ᠰᠤᠷᠬᠤ ᠣᠷᠮᠠᠰᠢᠯ ᠢ ᠭᠦᠭ᠍ᠵᠢᠭᠡᠨ᠎ᠡ

ᠠᠮᠢᠳᠤᠯᠢᠭ ᠪᠣᠳᠠᠳᠠᠢ ᠭᠢᠴᠢᠶᠡᠯᠯᠡᠭᠡ ᠶᠢᠨ ᠡᠭᠢᠯᠡᠯᠳᠡ ᠶᠢᠨ ᠭᠦᠳᠦᠯᠦᠮᠵᠢ ᠥᠭᠡ ᠪᠣᠯ ᠨᠢᠭᠡ ᠴᠠᠭ ᠤᠨ ᠭᠢᠴᠢᠶᠡᠯᠯᠡᠭᠡ ᠶᠢᠨ ᠠᠮᠵᠢᠯᠳᠠ ᠣᠯᠬᠤ ᠶᠢᠨ ᠪᠠᠳᠤᠯᠭ᠎ᠠ ᠪᠠ ᠣᠷᠢᠳᠠᠯ ᠪᠣᠯᠳᠠᠭ ᠶᠤᠮ᠃ ᠡᠨᠡ ᠨᠢ ᠶᠠᠭ ᠯᠠ ᠨᠢᠭᠡ ᠬᠤᠪᠢ ᠰᠤᠨᠤᠰᠪᠣᠷᠢᠳᠠᠢ ᠥᠯᠢᠭᠡᠷ ᠳᠤᠭᠤᠵᠢ ᠤᠨ ᠡᠭᠢᠯᠡᠯᠳᠡ ᠭᠡᠯᠳᠡᠢ᠃ ᠭᠡᠷᠪᠡ ᠥᠯᠢᠭᠡᠷ ᠳᠤᠭᠤᠵᠢ ᠶᠢᠨ ᠡᠭᠢᠯᠡᠯᠳᠡ ᠨᠢ ᠰᠠᠨᠠᠭ᠎ᠠ ᠰᠠᠤᠠᠭᠢᠯ ᠢ ᠰᠤᠷᠢᠠᠵᠢᠳᠠᠬᠤ ᠢᠯᠠᠭᠤᠨ ᠰᠤᠨᠤᠰᠪᠣᠷᠢᠳᠠᠢ ᠪᠣᠯ ᠰᠤᠨᠢᠷᠬᠠᠭᠴᠢᠳ ᠢ ᠦᠪᠡᠷ ᠤᠨ ᠡᠷᠭᠡ ᠦᠭᠡᠶ ᠥᠯᠢᠭᠡᠷ ᠤᠨ ᠣᠷᠴᠢᠨ ᠳᠤ ᠳᠠᠳᠠᠨ ᠣᠷᠤᠭᠤᠯᠳᠠᠭ ᠰᠢᠭ ᠶᠢᠡᠷ ᠰᠤᠷᠤᠭᠴᠢᠳ ᠲᠤ ᠰᠤᠨᠢᠨ ᠰᠡᠪᠠᠭᠦᠨ᠂ ᠠᠮᠢᠳᠤᠯᠢᠭ ᠭᠦᠭ᠍ᠵᠢᠶᠡᠨᠳᠡᠢ᠂ ᠣᠷᠮ᠎ᠠ ᠰᠤᠨᠢᠷᠬᠠᠯ ᠲᠡᠶ ᠭᠢᠴᠢᠶᠡᠯᠯᠡᠭᠡ ᠶᠢᠨ ᠭᠦᠳᠦᠯᠦᠮᠵᠢ ᠥᠭᠡ ᠶᠢ ᠠᠰᠢᠭᠯᠠᠪᠠᠯ ᠰᠤᠷᠬᠤ ᠠᠭᠤᠯᠭ᠎ᠠ ᠳᠤ ᠭᠢ ᠰᠤᠷᠤᠭᠴᠢᠳ ᠤᠨ ᠣᠷᠮ᠎ᠠ ᠰᠤᠨᠢᠷᠬᠠᠯ ᠤᠨ ᠭᠦᠪᠴᠢ ᠶᠢ ᠴᠢᠪᠬᠠᠳᠠᠨ ᠭᠦᠭ᠍ᠵᠢᠮᠳᠡᠵᠤ᠂ ᠳᠠᠳᠠᠨ ᠤ ᠣᠷᠮᠠᠰᠢᠯᠠᠯ ᠢ ᠭᠦᠭ᠍ᠵᠢᠭᠡᠨ᠂ ᠰᠤᠷᠴᠤ ᠡᠵᠡᠮᠰᠢᠭᠦ ᠡᠷᠡᠮᠡᠯᠵᠢᠯᠡᠯ ᠢ ᠨᠡᠮᠡᠭ᠍ᠳᠡᠭᠦᠯᠳᠡᠭ᠌᠃ ᠪᠠᠭᠰᠢᠯᠠᠭᠰᠠᠤᠨ ᠰᠤᠷᠤᠭᠴᠢᠳ ᠤᠨ ᠡᠢ᠌ᠮᠦᠷᠭᠦ ᠣᠷᠮ᠎ᠠ ᠰᠤᠨᠢᠷᠬᠠᠯ ᠤᠨ ᠳᠤᠯᠭᠢᠰᠤᠯ ᠢ ᠴᠠᠭ ᠠᠯᠳᠠᠯ ᠦᠭᠡᠶ ᠠᠤᠠᠬᠤᠨ ᠠᠪᠴᠤ ᠨᠢᠭᠡ ᠴᠠᠭ ᠤᠨ ᠭᠢᠴᠢᠶᠡᠯᠯᠡᠭᠡ ᠶᠢᠨ ᠭᠦᠳᠦᠯᠦᠮᠵᠢ ᠥᠭᠡ ᠶᠢ ᠣᠨᠤᠪᠴᠢᠳᠠᠢ ᠨᠢᠮᠪᠠᠢ ᠵᠢᠷᠤᠭᠯᠠᠨ ᠪᠦᠳᠦᠭᠡᠵᠤ ᠳᠠᠢ᠌ᠯᠪᠠᠯ ᠰᠤᠷᠤᠭᠴᠢᠳ ᠲᠤ ᠪᠠᠭᠰᠢ ᠶᠢᠨ ᠭᠢᠴᠢᠶᠡᠯᠯᠡᠭᠦ ᠨᠢ 《ᠦᠨᠦᠷ ᠠᠮᠳᠠᠳᠠᠢ》 ᠂ ᠰᠤᠷᠬᠤ ᠠᠭᠤᠯᠭ᠎ᠠ ᠨᠢ ᠣᠤᠠᠬ᠎ᠠ ᠠᠭᠤᠯᠭ᠎ᠠ ᠲᠡᠶ ᠰᠠᠨᠠᠭᠳᠠᠨ᠂ ᠳᠠᠳᠠᠨ ᠤ ᠰᠤᠷᠬᠤ ᠣᠷᠮᠠᠰᠢᠯ ᠪᠠ ᠰᠤᠷᠬᠤ ᠡᠷᠡᠮᠡᠯᠵᠢᠯᠡᠯ ᠢ ᠭᠦᠢᠴᠡᠳ ᠪᠠᠳᠠᠷᠠᠭᠤᠯᠵᠤ ᠴᠢᠳᠠᠨ᠎ᠠ᠃ ᠡᠨᠡ ᠨᠢ ᠬᠣᠢ᠌ᠰᠢᠳᠠ ᠶᠢᠨ ᠵᠢᠭᠠᠨ ᠰᠤᠷᠭᠠᠯᠳᠠ ᠳᠤ ᠣᠮᠳᠤᠭᠠᠢ᠌ᠯᠠᠵᠤ ᠪᠣᠯᠤᠰᠢ ᠦᠭᠡᠶ ᠬᠠᠪᠰᠤᠷᠤᠯᠭ᠎ᠠ ᠳᠡᠮᠵᠢᠯᠭᠡ ᠪᠣᠯᠳᠠᠭ ᠶᠤᠮ᠃ ᠳᠤᠰ ᠭᠦᠮᠤᠨ ᠣᠯᠤᠰ ᠲᠦᠷᠦ ᠦᠵᠡᠯ ᠰᠠᠨᠠᠭ᠎ᠠ ᠶᠢᠨ ᠭᠢᠴᠢᠶᠡᠯᠯᠡᠭᠡ ᠶᠢᠨ ᠶᠠᠪᠣᠴᠠ ᠳᠤ ᠰᠢᠨ᠎ᠠ ᠭᠢᠴᠢᠶᠠᠯ ᠤᠨ ᠥᠭᠡᠷᠡᠴᠢᠯᠡᠯᠳᠡ ᠶᠢᠨ ᠱᠠᠭᠠᠷᠳᠠᠯᠭ᠎ᠠ ᠪᠠ ᠰᠤᠷᠤᠭᠴᠢᠳ ᠤᠨ ᠪᠣᠳᠠᠳᠤ ᠪᠠᠢ᠌ᠳᠠᠯ ᠢ ᠦᠨᠳᠦᠰᠦᠯᠠᠨ᠂ ᠰᠢᠨ᠎ᠡ ᠭᠢᠴᠢᠶᠠᠯ ᠳᠤ ᠰᠤᠨᠢᠷᠬᠠᠯ ᠲᠡᠶ ᠭᠦᠳᠦᠯᠦᠮᠵᠢ ᠥᠭᠡ ᠶᠢ ᠵᠢᠷᠤᠭᠯᠠᠨ ᠳᠦᠯᠦᠪᠯᠡᠭᠦ ᠶᠢ ᠣᠠᠴᠠᠭᠠᠢ ᠠᠩᠬᠠᠷᠳᠠᠭ ᠪᠢᠯᠠ᠃ ᠵᠢᠱᠢᠶᠠᠯᠠᠪᠠᠯ᠂ ᠭᠢᠴᠢᠶᠡᠯᠯᠡᠭᠦ ᠡᠴᠡ ᠣᠷᠢᠳ ᠭᠢᠴᠢᠶᠠᠯ ᠤᠨ ᠠᠭᠤᠯᠭ᠎ᠠ ᠶᠢᠨ ᠬᠠᠮᠢᠶ᠎ᠠ ᠪᠦᠭᠦᠢ ᠴᠠᠭ ᠤᠨ ᠪᠠᠢ᠌ᠳᠠᠯ ᠤᠨ ᠬᠠᠯᠠᠮᠰᠢᠯᠠᠯ ᠠᠰᠠᠭᠤᠳᠠᠯ ᠤᠳ ᠢ ᠰᠤᠷᠤᠭᠴᠢᠳ ᠶᠢᠡᠷ ᠶᠠᠷᠢᠯᠴᠠᠭᠤᠯᠵᠤ᠂ ᠳᠤᠰ ᠭᠢᠴᠢᠶᠡᠯᠯᠡᠭᠡ ᠶᠢᠨ ᠰᠤᠷᠬᠤ ᠠᠭᠤᠯᠭ᠎ᠠ ᠳᠤ ᠭᠦᠳᠦᠯᠤᠨ ᠣᠷᠤᠭᠤᠯᠪᠠᠯ ᠨᠢᠭᠡ ᠴᠠᠭ ᠤᠨ ᠭᠢᠴᠢᠶᠡᠯᠯᠡᠭᠡ ᠶᠢᠨ 《ᠡᠭᠢᠯᠡᠯᠳᠡ ᠶᠢᠨ ᠫᠣᠤ》 ᠪᠠ 《ᠣᠳᠤᠷᠢᠤᠠᠬᠠᠯ ᠭᠦᠭ᠍ᠵᠢᠮ》 ᠢ ᠣᠨᠤᠪᠴᠢᠳᠠᠢ ᠭᠠᠷᠭᠠᠵᠤ᠂ ᠳᠤᠩ ᠶᠡᠭᠡ ᠭᠡᠮᠵᠢᠶ᠎ᠡ ᠪᠠᠷ ᠰᠤᠷᠤᠭᠴᠢᠳ ᠤᠨ ᠰᠤᠷᠴᠤ ᠡᠵᠡᠮᠰᠢᠭᠦ ᠬᠠᠯᠠᠭᠤᠨ ᠰᠡᠳᠬᠢᠯᠭᠡ ᠪᠠ ᠰᠤᠷᠬᠤ ᠣᠷᠮᠠᠰᠢᠯ ᠢᠳᠠᠪᠭᠢᠵᠢᠯ ᠢ ᠪᠠᠳᠠᠷᠠᠭᠤᠯᠤᠨ ᠭᠦᠭ᠍ᠵᠢᠭᠡᠵᠤ ᠴᠢᠳᠠᠬᠤ ᠶᠢᠨ ᠳᠠᠭᠠᠤ ᠳᠤᠰ ᠭᠢᠴᠢᠶᠡᠯᠯᠡᠭᠡ ᠶᠢᠨ ᠠᠭᠤᠷ ᠠᠮᠢᠰᠬᠤᠯ ᠢ ᠴᠤ ᠭᠦᠷ ᠨᠠᠷᠭᠢᠶᠠᠨ ᠲᠡᠶ ᠪᠣᠯᠭᠠᠳᠠᠭ ᠶᠤᠮ᠃

ᠬᠤᠶᠠᠷ᠂ ᠰᠤᠷᠬᠤ ᠣᠷᠮᠠᠰᠢᠯ ᠢ ᠪᠠᠳᠤᠤᠠᠬᠠᠨ᠎ᠠ

ᠨᠢᠭᠡ ᠴᠠᠭ ᠤᠨ ᠭᠢᠴᠢᠶᠡᠯᠯᠡᠭᠡ ᠶᠢᠨ ᠡᠭᠢᠯᠡᠯᠳᠡ ᠣᠳᠤᠷᠢᠤᠠᠬᠠᠯ ᠤᠨ ᠠᠮᠵᠢᠯᠳᠠ ᠲᠡᠶ ᠪᠠᠢ᠌ᠬᠤ ᠨᠢ ᠭᠢᠴᠢᠶᠡᠯᠡᠯᠭᠡ ᠶᠢᠨ ᠨᠢᠭᠡᠳᠦᠭᠡᠷ ᠠᠯᠬᠤᠮ ᠪᠣᠯᠬᠤ ᠳᠠᠳᠤᠢ᠂ ᠬᠠᠷᠢᠨ ᠰᠤᠷᠤᠭᠴᠢᠳ ᠢ ᠰᠤᠷᠬᠤ ᠭᠢᠴᠢᠶᠠᠯ ᠲᠦᠷᠦᠯ ᠳᠤ ᠪᠠᠨ ᠥᠷᠭᠦᠯᠵᠢ ᠶᠢᠨ ᠴᠢᠨᠠᠷᠳᠠᠢ ᠣᠷᠮᠠᠰᠢᠯ ᠢᠳᠠᠪᠭᠢᠵᠢᠯ ᠲᠡᠶ ᠪᠣᠯᠭᠠᠬᠤ ᠳᠤ ᠪᠠᠭᠰᠢᠯᠠᠭᠰᠠᠤᠨ ᠡᠷᠭᠡᠪᠰᠢ ᠡᠳᠦᠷ ᠳᠤᠳᠤᠮ ᠤᠨ ᠭᠢᠴᠢᠶᠡᠯᠯᠡᠭᠡ ᠳᠤ ᠪᠠᠨ ᠣᠯᠠᠨ ᠳᠠᠯ᠎ᠠ ᠶᠢᠨ ᠦᠷ᠎ᠡ ᠠᠰᠢᠭᠳᠠᠢ ᠵᠢᠭᠠᠨ ᠰᠤᠷᠭᠠᠯᠳᠠ ᠶᠢᠨ ᠠᠷᠭ᠎ᠠ ᠭᠡᠯᠪᠠᠷᠢ ᠶᠢ ᠰᠤᠯᠢᠪᠴᠠᠭᠤᠯᠤᠨ ᠭᠡᠷᠡᠭᠯᠡᠭᠦ ᠪᠠ ᠰᠤᠷᠤᠭᠴᠢᠳ ᠤᠨ ᠰᠤᠷᠤᠯᠴᠠᠯᠭ᠎ᠠ ᠶᠢᠨ 《ᠭᠤᠤᠯ ᠪᠠᠭᠠᠳᠤᠷ》 ᠤᠨ ᠣᠢ᠌ᠯᠠᠳᠤᠯ ᠢ ᠭᠦᠢᠴᠡᠳ ᠪᠠᠳᠠᠷᠠᠭᠤᠯᠬᠤ ᠳᠤ ᠪᠣᠢ᠃

1. ᠣᠯᠠᠨ ᠳᠠᠯ᠎ᠠ ᠶᠢᠨ ᠦᠷ᠎ᠡ ᠠᠰᠢᠭᠳᠠᠢ ᠵᠢᠭᠠᠨ ᠰᠤᠷᠭᠠᠯᠳᠠ ᠶᠢᠨ ᠠᠷᠭ᠎ᠠ ᠭᠡᠯᠪᠠᠷᠢ ᠶᠢ ᠰᠤᠯᠢᠪᠴᠠᠭᠤᠯᠤᠨ ᠭᠡᠷᠡᠭᠯᠡᠭᠦ ᠃

ᠰᠠᠤᠠᠭᠢᠴᠠ ᠶᠢᠨ ᠵᠦᠢ᠌ ᠶᠢᠨ ᠣᠬᠠᠭᠠᠳᠠᠤᠨ ᠤᠨ ᠢᠯᠡᠷᠡᠭᠦᠯᠦᠭ᠍ᠰᠡᠨ ᠶᠢᠡᠷ ᠪᠣᠯ ᠳᠠᠩ ᠴᠤᠯᠭᠤᠢ ᠳᠦᠭᠦᠮ ᠭᠢᠯᠪᠠᠷ ᠪᠦᠭᠡᠤᠨ ᠳᠠᠪᠳᠠᠮᠠᠯ ᠨᠤᠷᠱᠤᠮᠠᠯ ᠰᠤᠳᠤᠯᠤᠭᠳᠠᠬᠤᠨ ᠤ ᠰᠠᠳᠠᠯᠳᠠ ᠨᠢ ᠭᠦᠮᠤᠨ ᠤ ᠠᠩᠬᠠᠷᠤᠯ ᠤᠨ ᠴᠢᠳᠠᠪᠣᠷᠢ ᠶᠢ ᠪᠢᠳᠠᠭᠤ ᠮᠤᠩᠬᠠᠭ ᠪᠣᠯᠭᠠᠵᠤ᠂ ᠰᠠᠤᠠᠭᠢᠴᠠ ᠶᠢᠨ ᠳᠤᠰᠬᠠᠯ ᠭᠠᠷᠭᠠᠬᠤ ᠳᠤ ᠭᠦᠴᠢᠷ ᠲᠡᠶ ᠪᠠᠢ᠌ᠳᠠᠭ᠃ ᠡᠭᠦᠨ ᠤ ᠡᠰᠡᠷᠭᠦ ᠪᠠᠷ ᠰᠢᠨ᠎ᠠ ᠰᠤᠷᠭᠤᠭ ᠰᠤᠳᠤᠯᠤᠭᠳᠠᠬᠤᠨ ᠨᠢ ᠭᠦᠮᠤᠨ ᠤ ᠶᠡᠭᠡ ᠳᠠᠷᠢᠭᠢᠨ ᠤ ᠮᠠᠳᠠᠷᠠᠯ ᠤᠨ ᠰᠢᠰᠲ᠋ᠸᠮ ᠢ ᠠᠮᠠᠷᠬᠠᠨ ᠭᠦᠭᠡᠷᠦᠭᠦᠯᠵᠤ᠂ ᠠᠩᠬᠠᠷᠤᠯ ᠤᠨ ᠴᠢᠳᠠᠪᠣᠷᠢ ᠶᠢ ᠭᠢᠯᠪᠠᠷᠬᠠᠨ ᠭᠦᠭ᠍ᠵᠢᠭᠡᠳᠡᠭ᠌ ᠳᠤᠯᠠ ᠪᠠᠭᠰᠢᠯᠠᠭᠰᠠᠤᠨ ᠵᠢᠭᠠᠨ ᠰᠤᠷᠭᠠᠯᠳᠠ ᠶᠢᠨ ᠠᠷᠭ᠎ᠠ ᠪᠠᠷᠢᠯ ᠶᠢᠡᠨ ᠣᠯᠠᠨ ᠳᠠᠯᠠᠵᠢᠭᠤᠯᠬᠤ ᠶᠢ ᠱᠠᠭᠠᠷᠳᠠᠵᠤ ᠪᠣᠢ᠃ ᠰᠤᠷᠤᠭᠴᠢᠳ ᠲᠤ ᠨᠢᠭᠡᠮᠦᠰᠤᠨ ᠬᠠᠭᠤᠴᠢᠷᠠᠮᠠᠯ ᠭᠡᠪᠰᠢᠮᠡᠯ ᠰᠡᠳᠭᠢᠭ᠍ᠳᠡᠯ ᠣᠯᠭᠤᠬᠤ ᠡᠴᠡ ᠡᠷᠡᠰ ᠴᠡᠭᠡᠷᠯᠡᠭᠦ ᠭᠡᠷᠡᠭ᠍ᠳᠡᠢ᠃ ᠳᠠᠢ᠌ᠮᠤ ᠪᠢᠰᠢ ᠪᠣᠯ ᠰᠤᠷᠤᠭᠴᠢᠳ ᠤᠨ ᠠᠩᠬᠠᠷᠤᠯ ᠤᠨ ᠴᠢᠳᠠᠪᠣᠷᠢ ᠶᠢ ᠪᠠᠭᠤᠷᠠᠭᠤᠯᠬᠤ ᠪᠣᠶᠤ ᠴᠢᠨᠠᠭᠰᠢᠯᠠᠪᠠᠯ ᠳᠠᠳᠠᠨ ᠤ ᠡᠭ᠍ᠳᠡᠭᠦᠴᠡᠯ ᠣᠠᠳᠤᠭᠤᠴᠠᠯ ᠢ ᠭᠦᠭ᠍ᠵᠢᠭᠡᠨ᠂ ᠰᠤᠷᠬᠤ ᠣᠷᠮᠠᠰᠢᠯ ᠢ ᠪᠦᠷᠢᠮᠦᠰᠤᠨ ᠠᠯᠳᠠᠵᠤ ᠮᠠᠳᠠᠨ᠎ᠡ᠃ ᠡᠢ᠌ᠮᠤ ᠡᠴᠡ ᠪᠠᠭᠰᠢᠯᠠᠭᠰᠠᠤᠨ ᠭᠢᠴᠢᠶᠡᠯᠯᠡᠭᠡ ᠶᠢᠨ ᠠᠷᠭ᠎ᠠ ᠪᠠᠷᠢᠯ ᠶᠢᠡᠨ ᠣᠯᠠᠨ ᠳᠠᠯᠠᠵᠢᠭᠤᠯᠬᠤ ᠴᠢᠬᠤᠯᠠᠳᠠᠢ ᠪᠣᠢ᠃ ᠵᠢᠱᠢᠶᠠᠯᠠᠪᠠᠯ ᠪᠠᠭᠰᠢᠯᠠᠭᠰᠠᠤᠨ ᠭᠢᠴᠢᠶᠡᠯᠯᠡᠭᠡ ᠶᠢᠨ ᠠᠷᠭ᠎ᠠ ᠭᠡᠯᠪᠠᠷᠢ ᠳᠤ ᠪᠠᠨ ᠰᠢᠭᠤᠳ ᠳᠠᠢ᠌ᠯᠪᠣᠷᠢᠯᠠᠬᠤ ᠵᠢᠭᠠᠬᠤ ᠠᠷᠭ᠎ᠠ ᠡᠴᠡ ᠥᠭᠡᠷ᠎ᠡ ᠪᠠᠰᠠ ᠶᠠᠷᠢᠯᠴᠠᠭᠤᠯᠬᠤ᠂ ᠪᠣᠯᠪᠠᠰᠤᠷᠠᠭᠤᠯᠬᠤ᠂ ᠦᠪᠠᠰᠤᠪᠠᠨ ᠰᠤᠷᠬᠤ ᠵᠡᠷᠭᠡ ᠠᠷᠭ᠎ᠠ ᠶᠢ ᠭᠡᠷᠡᠭᠯᠡᠭᠦ ᠡᠴᠡ ᠭᠠᠳᠠᠨ᠎ᠠ ᠵᠢᠭᠠᠨ ᠰᠤᠷᠭᠠᠬᠤ ᠶᠠᠪᠣᠴᠠ ᠳᠤ ᠪᠠᠨ ᠳᠦᠷᠢ ᠳᠠᠭᠤ ᠰᠢᠩᠭᠡᠭᠡᠯᠳᠡ᠂ ᠳᠤᠰᠬᠠᠯ ᠹᠢᠯᠢᠮ᠂ ᠡᠯᠭᠦᠭᠡ ᠵᠢᠷᠤᠭ ᠵᠡᠷᠭᠡ ᠶᠢ ᠠᠰᠢᠭᠯᠠᠵᠤ᠂ ᠭᠢᠴᠢᠶᠡᠯᠯᠡᠭᠡ ᠶᠢᠨ ᠠᠭᠤᠷ ᠠᠮᠢᠰᠬᠤᠯ ᠢ ᠭᠦᠭ᠍ᠵᠢᠩᠭᠦᠢ᠂ ᠭᠦᠳᠡᠯᠦᠩᠭᠦᠢ ᠪᠣᠯᠭᠠᠨ᠎ᠠ᠃ ᠵᠢᠭᠠᠨ ᠰᠤᠷᠭᠠᠬᠤ ᠠᠷᠭ᠎ᠠ ᠪᠠᠷᠢᠯ ᠤᠨ ᠵᠢᠷᠤᠭᠯᠠᠯ ᠲᠦᠰᠤᠪᠯᠠᠯ ᠳᠤ ᠳᠤᠤᠷᠠᠭᠢ ᠮᠠᠳᠤ ᠬᠤᠶᠠᠷ ᠵᠣᠢ᠌ᠯ ᠢ ᠪᠣᠳᠤᠯᠭᠢᠯᠠᠵᠤ ᠣᠷᠤᠯᠳᠤᠵᠤ ᠪᠣᠯᠤᠮᠠᠷ ᠪᠣᠢ᠃ ① ᠡᠳᠦᠷ ᠪᠦᠷᠢ ᠶᠢᠨ ᠭᠢᠴᠢᠶᠡᠯᠯᠡᠭᠡ ᠳᠤ ᠪᠠᠨ ᠣᠯᠠᠨ ᠳᠠᠯ᠎ᠠ ᠶᠢᠨ ᠠᠷᠭ᠎ᠠ ᠪᠠᠷᠢᠯ ᠢ ᠰᠤᠯᠢᠪᠴᠠᠭᠤᠯᠤᠨ ᠭᠡᠷᠡᠭᠯᠡᠵᠤ ᠪᠣᠯᠤᠨ᠎ᠠ ︔ ② ᠠᠳᠠᠯᠢ ᠪᠣᠰᠤ ᠭᠡᠰᠡᠭ᠌ ᠪᠦᠯᠦᠭ᠌ ᠤᠨ ᠠᠭᠤᠯᠭ᠎ᠠ ᠳᠤ ᠮᠦᠨ ᠠᠳᠠᠯᠢ ᠪᠣᠰᠤ ᠭᠢᠴᠢᠶᠡᠯᠯᠡᠭᠦ ᠭᠡᠯᠪᠠᠷᠢ ᠶᠢ ᠭᠡᠷᠡᠭᠯᠡᠵᠤ ᠪᠣᠯᠤᠨ᠎ᠠ᠃ ᠢᠩᠭᠢᠪᠠᠯ ᠳᠤᠰ ᠭᠦᠮᠤᠨ ᠤ ᠥᠵᠡᠭᠦ ᠪᠠᠷ ᠰᠤᠷᠤᠭᠴᠢᠳ ᠲᠤ ᠭᠢᠴᠢᠶᠡᠯᠯᠡᠭᠡ ᠪᠦᠷᠢ ᠨᠢ ᠪᠦᠷ ᠰᠢᠨ᠎ᠠ ᠰᠤᠷᠭᠤᠭ ᠰᠠᠨᠠᠭᠳᠠᠨ᠂ ᠳᠠᠳᠠᠨ ᠤ ᠰᠤᠷᠬᠤ ᠣᠷᠮᠠᠰᠢᠯ ᠨᠢ ᠠᠶᠠᠳᠠᠭᠠᠨ ᠭᠦᠭ᠍ᠵᠢᠵᠤ ᠳᠠᠢ᠌ᠯᠤᠨ᠎ᠠ᠃ ᠡᠢ᠌ᠮᠤ ᠡᠴᠡ ᠵᠢᠭᠠᠨ ᠰᠤᠷᠭᠠᠬᠤ ᠠᠷᠭ᠎ᠠ ᠭᠡᠯᠪᠠᠷᠢ ᠪᠠᠨ ᠥᠷᠭᠦᠯᠵᠢ ᠬᠤᠪᠢᠷᠠᠭᠤᠯᠵᠤ ᠭᠦᠳᠡᠯᠦᠩᠭᠦᠢ ᠪᠣᠯᠭᠠᠬᠤ ᠨᠢ ᠰᠤᠷᠤᠭᠴᠢᠳ ᠤᠨ ᠰᠢᠨ᠎ᠠ ᠰᠡᠪᠠᠭᠦᠨ ᠢ ᠭᠦᠰᠡᠭᠦ ᠡᠷᠮᠡᠯᠵᠡᠯᠡᠯ ᠢ ᠬᠠᠩᠭ᠋ᠠᠵᠤ ᠳᠡᠢ᠌ᠯᠭᠦ ᠶᠢᠨ ᠬᠠᠮᠳᠤ ᠳᠠᠳᠠᠨ ᠤ ᠰᠤᠷᠬᠤ ᠣᠷᠮᠠᠰᠢᠯ ᠢ ᠳᠠᠰᠤᠷᠠᠯᠳᠠ ᠦᠭᠡᠶ ᠳᠡᠭᠡᠭ᠍ᠰᠢᠯᠡᠭᠦᠯᠵᠤ ᠴᠢᠳᠠᠨ᠎ᠠ᠃

2. ᠰᠤᠷᠤᠭᠴᠢᠳ ᠤᠨ ᠰᠤᠷᠤᠯᠴᠯᠠᠭ᠎ᠠ ᠶᠢᠨ 《ᠭᠤᠤᠯ ᠳᠤᠭᠯᠠᠭᠴᠢ》 ᠶᠢᠨ ᠳᠦᠷᠢ ᠶᠢ ᠭᠦᠢᠴᠡᠳ ᠪᠠᠳᠠᠷᠠᠭᠤᠯᠤᠨ᠎ᠠ᠃

ᠦᠨᠦᠳᠤᠷ ᠤᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠦᠵᠡᠯ ᠣᠬᠠᠮᠰᠠᠷ ᠨᠢ ᠳᠡᠭ᠍ᠵᠢᠨ ᠠᠮᠢᠳᠤᠯᠢᠭ᠂ ᠳᠠᠳᠠᠨ ᠤ ᠡᠵᠡᠨ ᠮᠡᠳᠡᠭᠦ ᠳᠠᠨᠢᠯᠳᠠ᠂ ᠣᠷᠤᠯᠳᠤᠬᠤ ᠴᠢᠳᠠᠪᠣᠷᠢ᠂ ᠦᠪᠡᠷ ᠢ ᠪᠠᠨ ᠡᠷᠡᠮᠡᠯᠵᠡᠯᠡᠭᠦ ᠳᠠᠨᠢᠯᠳᠠ ᠪᠠ ᠦᠪᠡᠷ ᠢ ᠪᠠᠨ ᠡᠷᠡᠮᠡᠯᠵᠡᠯᠡᠭᠦ ᠳᠠᠨᠢᠯᠳᠠ ᠦᠵᠡᠯᠳᠠ ᠨᠢ ᠪᠠᠭᠰᠢ ᠪᠣᠯᠤᠨ ᠬᠠᠮᠳᠤ ᠨᠥᠭᠦᠤᠨ ᠤᠨ ᠦᠨᠡᠯᠠᠯᠳᠠ ᠶᠢ ᠣᠯᠵᠤ ᠪᠠᠢ᠌ᠳᠠᠭ ᠰᠠᠨ᠃ ᠡᠢ᠌ᠮᠤ ᠡᠴᠡ ᠪᠠᠭᠰᠢᠯᠠᠭᠰᠠᠤᠨ ᠭᠢᠴᠢᠶᠡᠯᠯᠡᠭᠡ ᠳᠤ ᠪᠠᠨ ᠪᠠᠭᠰᠢ ᠶᠢᠨ 《ᠵᠢᠭᠠᠨ ᠵᠢᠯᠤᠭᠤᠳᠤᠭᠴᠢ》 ᠵᠢᠨ ᠳᠦᠷᠢ ᠪᠠ ᠰᠤᠷᠤᠭᠴᠢᠳ ᠤᠨ 《ᠭᠤᠤᠯ ᠳᠤᠭᠯᠠᠭᠴᠢ》 ᠶᠢᠨ ᠬᠠᠷᠢᠴᠠᠭ᠎ᠠ ᠶᠢ ᠰᠠᠢ᠌ᠳᠤᠷ ᠰᠢ᠌ᠦᠡᠪᠦᠷᠢᠯᠡᠭᠦ ᠭᠡᠷᠡᠭ᠍ᠳᠡᠢ ᠪᠣᠢ᠃ ᠣᠯᠠᠮᠵᠢᠯᠠᠯᠳᠤ ᠵᠢᠭᠠᠨ ᠰᠤᠷᠭᠠᠯᠳᠠ ᠶᠢᠨ ᠵᠠᠭᠪᠣᠷ ᠳᠤ ᠪᠠᠭᠰᠢ ᠪᠣᠯ 《ᠭᠤᠤᠯ ᠳᠤᠭᠯᠠᠭᠴᠢ》 ᠂ ᠰᠤᠷᠤᠭᠴᠢᠳ ᠪᠣᠯ 《ᠥᠵᠡᠭ᠍ᠴᠢᠳ》 ᠪᠠᠢ᠌ᠵᠤ᠂ ᠪᠠᠭᠰᠢ ᠠᠮᠠ ᠬᠠᠳᠠᠵᠤ᠂ ᠭᠡᠯᠡ ᠭᠦᠰᠢᠳᠡᠯ᠎ᠡ ᠶᠠᠷᠢᠵᠤ ᠳᠠᠢ᠌ᠯᠪᠣᠷᠢᠯᠠᠬᠤ ᠳᠤ ᠰᠤᠷᠤᠭᠴᠢᠳ ᠭᠢᠳᠠᠯ ᠥᠭᠡᠢ᠌ᠳᠡᠵᠤ᠂ ᠰᠠᠭᠤᠳᠠᠯ ᠠᠯᠳᠠᠨ᠂ ᠠᠮᠠ ᠨᠡᠭᠡᠭᠡᠳᠡᠯᠳᠡᠢ ᠠᠭᠤᠯᠠᠵᠤ ᠬᠤᠷᠠᠮᠳᠤᠭᠤᠯᠬᠤ 《ᠣᠭᠤᠳᠠ ᠰᠠᠪᠠ》 ᠪᠣᠯᠵᠤ ᠪᠠᠢ᠌ᠳᠠᠭ ᠡᠴᠡ ᠰᠤᠷᠤᠭᠴᠢᠳ ᠤᠨ ᠪᠠᠶᠠᠴᠢ ᠦᠵᠡᠯᠳᠠ ᠣᠢ᠌ᠯᠠᠭᠠᠯᠠᠯᠳᠠ ᠶᠢ ᠥᠯᠦᠭᠡᠢ ᠳᠤ ᠨᠢ ᠪᠣᠭᠤᠮᠢᠯᠠᠵᠤ᠂ ᠳᠠᠳᠠᠨ ᠤ ᠳᠤᠳᠤᠭᠠᠳᠤ ᠱᠠᠭᠠᠷᠳᠠᠯᠭ᠎ᠠ ᠨᠢ ᠦᠯᠦ ᠬᠠᠩᠭ᠋ᠠᠭᠳᠠᠵᠤ᠂ ᠰᠤᠷᠤᠭᠴᠢᠳ ᠶᠠᠪᠣᠭᠠᠨ ᠳᠤ ᠪᠠᠨ ᠰᠤᠷᠬᠤ ᠭᠢᠴᠢᠶᠠᠯ ᠲᠦᠷᠦᠯ ᠳᠤ ᠪᠠᠨ ᠣᠷᠮᠠᠰᠢᠯ ᠢᠳᠠᠪᠭᠢᠵᠠᠯ ᠪᠠᠭᠤᠷᠠᠳᠠᠭ ᠳᠤᠯᠠ ᠪᠠᠭᠰᠢ ᠶᠢᠨ 《ᠵᠢᠭᠠᠨ ᠵᠢᠯᠤᠭᠤᠳᠤᠭᠴᠢ》 ᠵᠢᠨ ᠳᠦᠷᠢ ᠶᠢᠨ ᠣᠢ᠌ᠯᠠᠳᠤᠯ ᠢ ᠢᠯᠡᠭᠦᠭᠡᠨ ᠪᠠᠳᠠᠷᠠᠭᠤᠯᠬᠤ ᠣᠷᠢᠳᠠᠯ ᠳᠤᠤᠷ᠎ᠠ ᠰᠤᠷᠤᠭᠴᠢᠳ ᠤᠨ ᠢᠳᠠᠪᠭᠢᠳᠠᠢ ᠭᠦᠳᠡᠯᠦᠩᠭᠦᠢ ᠪᠠ ᠣᠬᠠᠮᠰᠠᠷᠳᠠᠢ ᠣᠷᠤᠯᠳᠤᠨ ᠮᠡᠳᠡᠯᠭᠡ ᠴᠢᠳᠠᠪᠣᠷᠢ ᠡᠵᠡᠮᠰᠢᠭᠦ ᠳᠤ ᠨᠥᠭᠦᠴᠡᠯ ᠪᠦᠷᠢᠯᠳᠦᠭᠦᠯᠵᠤ ᠦᠭ‍ᠭᠦᠨ᠎ᠡ᠃ ᠵᠢᠭᠠᠨ ᠰᠤᠷᠭᠠᠯᠳᠠ ᠶᠢᠨ ᠥᠢᠯᠡᠳᠦᠯᠭᠡ ᠳᠤ ᠪᠠᠨ ᠳᠤᠰ ᠭᠦᠮᠤᠨ ᠭᠢᠴᠢᠶᠡᠯᠯᠡᠭᠡ ᠪᠦᠷᠢ ᠳᠤ ᠵᠤᠭᠢᠬᠤ ᠴᠠᠭ ᠵᠠᠷᠤᠴᠠᠭᠤᠯᠵᠤ᠂ ᠰᠤᠷᠤᠭᠴᠢᠳ ᠢ ᠭᠢᠴᠢᠶᠡᠯᠯᠡᠭᠡ ᠳᠤ ᠵᠤᠷᠢᠭᠳᠠᠢ ᠪᠠᠶᠠᠴᠢᠯᠠᠨ ᠣᠷᠤᠯᠴᠠᠬᠤ ᠶᠢ ᠴᠢᠬᠤᠯᠠᠴᠢᠯᠠᠳᠠᠭ᠃ ᠵᠢᠱᠢᠶᠠᠯᠠᠪᠠᠯ᠂ ᠭᠢᠴᠢᠶᠡᠯᠯᠡᠭᠡ ᠶᠢᠨ ᠡᠭᠢᠨ ᠤ ᠳᠠᠪᠤᠨ ᠮᠢᠨᠦ᠋ᠲ᠋ ᠲᠤ ᠳᠤᠰ ᠭᠦᠮᠤᠨ ᠰᠤᠷᠤᠭᠴᠢᠳ ᠲᠤ ᠴᠠᠭ ᠤᠨ ᠪᠠᠢ᠌ᠳᠠᠯ ᠤᠨ ᠣᠯᠤᠰ ᠲᠦᠷᠦ ᠶᠢᠨ ᠶᠠᠷᠢᠶ᠎ᠠ ᠢᠯᠠᠤᠠᠭᠢᠯ ᠭᠢᠯᠭᠡᠭᠦ ᠪᠣᠶᠤ ᠵᠤᠭᠢᠬᠤ ᠴᠠᠭ ᠵᠠᠷᠤᠴᠠᠭᠤᠯᠵᠤ ᠰᠤᠷᠤᠭᠴᠢᠳ ᠶᠢᠡᠷ ᠰᠤᠷᠬᠤ ᠠᠭᠤᠯᠭ᠎ᠠ ᠶᠢ ᠨᠢ ᠦᠪᠠᠰᠤᠪᠠᠨ ᠥᠵᠡᠭᠦᠯᠤᠨ᠎ᠡ᠃ ᠡᠰᠡᠭᠦᠯ᠎ᠡ ᠰᠤᠷᠤᠭᠴᠢᠳ ᠬᠤᠭᠤᠷᠤ ᠵᠠᠭᠤᠷ᠎ᠠ ᠪᠠᠨ ᠠᠰᠠᠭᠤᠳᠠᠯ ᠶᠠᠷᠢᠯᠴᠠᠬᠤ᠃ ᠭᠡᠭᠦ ᠳᠤ ᠪᠠᠨ ᠶᠠᠷᠢᠯᠴᠠᠭᠠᠨ ᠳᠤ ᠪᠠᠭᠰᠢ ᠰᠤᠷᠤᠭᠴᠢ ᠬᠠᠮᠳᠤ ᠣᠷᠤᠯᠴᠠᠬᠤ ᠪᠣᠶᠤ ᠡᠰᠡᠭᠦᠯ᠎ᠡ ᠰᠤᠷᠤᠭᠴᠢᠳ ᠭᠢᠴᠢᠶᠡᠯᠯᠡᠭᠦ ᠳᠠᠢ᠌ᠰᠠᠨ ᠳᠤ ᠭᠠᠷᠴᠤ 《ᠪᠠᠭᠰᠢᠯᠠᠵᠤ》 ᠭᠢᠴᠢᠶᠠᠯ ᠤᠨ ᠠᠭᠤᠯᠭ᠎ᠠ ᠶᠢ ᠳᠠᠢ᠌ᠯᠪᠣᠷᠢᠯᠠᠨ᠎ᠠ᠃ ᠡᠰᠡᠭᠦᠯ᠎ᠡ ᠰᠤᠨᠢᠷᠬᠠᠯ ᠬᠠᠴᠢᠷᠬᠠᠯ ᠲᠡᠶ ᠰᠠᠳᠤᠪ ᠤᠳ ᠢ ᠰᠤᠷᠤᠭᠴᠢᠳ ᠶᠢᠡᠷ ᠳᠤᠭᠣᠢ᠌ᠯᠠᠩ ᠬᠤᠪᠢᠶᠠᠨ ᠮᠠᠷᠭᠤᠨ ᠶᠠᠷᠢᠯᠴᠠᠭᠤᠯᠳᠠᠭ᠃ ᠢᠩᠭᠢᠭᠦ ᠨᠢ ᠭᠢᠴᠢᠶᠡᠯᠯᠡᠭᠡ ᠶᠢᠨ ᠳᠢᠩᠭᠢᠮ ᠨᠢ ᠳᠠᠳᠠᠨ ᠤ ᠠᠪᠢᠶᠠᠰ ᠪᠢᠯᠢᠭ᠌ ᠤᠨ ᠥᠵᠡᠭᠦᠯᠦᠯᠭᠡ ᠶᠢᠨ ᠳᠠᠪᠴᠢᠩ ᠪᠣᠯᠬᠤ ᠶᠢᠨ ᠳᠠᠭᠠᠤ ᠰᠤᠷᠤᠭᠴᠢᠳ ᠤᠨ ᠰᠤᠷᠤᠯᠭ᠎ᠠ ᠶᠢᠨ ᠬᠠᠪᠣ ᠴᠡᠩᠭᠡᠯ ᠤᠨ ᠣᠷᠳᠤᠨ ᠪᠣᠯᠳᠠᠭ ᠪᠠᠢ᠌ᠨ᠎ᠠ᠃

ᠭᠤᠷᠪᠠ᠂ ᠰᠤᠷᠬᠤ ᠣᠷᠮᠠᠰᠢᠯ ᠢ ᠭᠦᠭ᠍ᠵᠢᠭᠡᠨ᠎ᠡ᠃

ᠦᠵᠡᠯ ᠰᠠᠨᠠᠭ᠎ᠠ ᠣᠯᠤᠰ ᠲᠦᠷᠦ ᠶᠢᠨ ᠭᠢᠴᠢᠶᠡᠯᠯᠡᠭᠡ ᠶᠢᠨ ᠠᠮᠢ ᠨᠠᠰᠤ ᠪᠣᠯ ᠣᠨᠤᠯ ᠢ ᠥᠢᠯᠡᠳᠦᠯᠭᠡ ᠲᠡᠶ ᠣᠶᠠᠯᠳᠤᠭᠤᠯᠬᠤ ᠶᠠᠪᠣᠳᠠᠯ ᠪᠣᠯᠤᠨ᠎ᠠ᠃ ᠪᠠᠭᠰᠢᠯᠠᠭᠰᠠᠤᠨ ᠭᠢᠴᠢᠶᠡᠯᠯᠡᠭᠡ ᠶᠢᠨ ᠠᠷᠭ᠎ᠠ ᠵᠠᠮ ᠡᠴᠡ ᠥᠭᠡᠷ᠎ᠡ ᠪᠠᠰᠠ ᠦᠷ᠎ᠡ ᠠᠰᠢᠭᠳᠠᠢ ᠡᠯ᠎ᠡ ᠵᠣᠢ᠌ᠯ ᠤᠨ ᠭᠢᠴᠢᠶᠠᠯ ᠤᠨ ᠭᠠᠳᠠᠭᠤᠷᠭᠢ ᠭᠦᠳᠡᠯᠭᠡᠭᠡᠨ ᠢ ᠠᠰᠢᠭᠯᠠᠨ᠂ ᠰᠤᠷᠤᠭᠴᠢᠳ ᠢ ᠰᠤᠷᠬᠤ ᠳᠠᠪᠳᠠᠷ ᠤᠨ ᠭᠢᠵᠠᠭᠠᠷᠯᠠᠯ ᠪᠠ ᠭᠢᠴᠢᠶᠠᠯ ᠤᠨ ᠭᠡᠷ ᠡᠴᠡ ᠳᠠᠪᠠᠵᠤ ᠭᠠᠷᠭᠠᠨ᠂ ᠨᠡᠢ᠌ᠭᠡᠮ ᠵᠢᠷᠤᠮᠳᠤ ᠪᠦᠳᠦᠭᠡᠨ ᠪᠠᠢ᠌ᠭᠤᠯᠤᠯᠳᠠ ᠶᠢᠨ ᠥᠢᠯᠡᠳᠦᠯᠭᠡ ᠳᠤ ᠣᠷᠤᠯᠴᠠᠭᠤᠯᠤᠨ᠎ᠠ᠃ ᠦᠪᠡᠷ ᠤᠨ ᠣᠯᠠᠨ ᠳᠠᠯ᠎ᠠ ᠶᠢᠨ ᠥᠢᠯᠡᠳᠦᠯᠭᠡ ᠪᠠᠷ ᠶᠢᠡᠨ ᠰᠤᠷᠬᠤ ᠳᠠᠪᠳᠠᠷ ᠤᠨ ᠮᠡᠳᠡᠯᠭᠡ ᠶᠢᠨ ᠣᠢ᠌ᠯᠠᠭᠠᠯᠠᠯᠳᠠ ᠶᠢ ᠭᠦᠡᠵᠡᠭᠡᠢ᠌ᠷᠡᠭᠦᠯᠭᠦ ᠶᠢᠨ ᠳᠠᠭᠠᠤ ᠪᠠᠰᠠ ᠪᠣᠢ ᠪᠦᠭᠦᠢ ᠰᠤᠷᠤᠭᠰᠠᠨ ᠮᠡᠳᠡᠯᠭᠡ ᠪᠠᠷ ᠶᠢᠡᠨ ᠠᠰᠠᠭᠤᠳᠠᠯ ᠢ ᠳᠠᠨᠢᠵᠤ᠂ ᠠᠰᠠᠭᠤᠳᠠᠯ ᠢ ᠰᠢ᠌ᠦᠡᠪᠦᠷᠢᠯᠡᠳᠡᠭ᠌ ᠶᠤᠮ᠃ ᠢᠩᠭᠢᠭᠦ ᠨᠢ ᠣᠨᠤᠯ ᠤᠨ ᠮᠡᠳᠡᠯᠭᠡ ᠪᠠᠨ ᠥᠢᠯᠡᠳᠦᠯᠭᠡᠵᠢᠭᠦᠯᠭᠦ ᠵᠤᠷᠢᠯᠭ᠎ᠠ ᠳᠤ ᠪᠠᠨ ᠭᠦᠷᠴᠤ ᠳᠡᠢ᠌ᠯᠭᠦ ᠮᠥᠷᠳᠡᠭᠡᠨ ᠪᠠᠰᠠ ᠰᠤᠷᠤᠭᠴᠢᠳ ᠲᠤ ᠣᠯᠤᠰ ᠲᠦᠷᠦ ᠦᠵᠡᠯ ᠰᠠᠨᠠᠭ᠎ᠠ ᠶᠢᠨ ᠭᠢᠴᠢᠶᠠᠯ ᠨᠢ ᠦᠨ᠎ᠡ ᠥᠷᠳᠡᠭ᠌ ᠲᠡᠶ ᠮᠥᠷᠳᠡᠭᠡᠨ ᠣᠢ᠌ᠯᠠᠳᠤᠯ ᠭᠡᠷᠡᠭ᠍ᠴᠡᠭᠡ ᠲᠡᠶ ᠰᠠᠨᠠᠭᠳᠠᠨ᠂ ᠡᠭᠦᠨ ᠤ ᠣᠯᠠᠮ ᠡᠴᠡ ᠳᠤᠰ ᠲᠦᠷᠦᠯ ᠤᠨ ᠭᠢᠴᠢᠶᠠᠯ ᠢ ᠰᠤᠷᠬᠤ ᠳᠤᠷ᠎ᠠ ᠪᠠᠬ᠎ᠠ ᠲᠡᠶ ᠪᠣᠯᠳᠠᠭ ᠶᠤᠮ᠃ ᠵᠢᠭᠠᠨ ᠰᠤᠷᠭᠠᠯᠳᠠ ᠶᠢᠨ ᠥᠢᠯᠡᠳᠦᠯᠭᠡ ᠳᠤᠮᠳᠠ ᠪᠠᠨ ᠳᠤᠰ ᠭᠦᠮᠤᠨ ᠭᠢᠴᠢᠶᠡᠯᠯᠡᠭᠦ ᠠᠩᠭᠢ ᠶᠢᠨ ᠰᠤᠷᠤᠭᠴᠢᠳ ᠲᠤ ᠣᠷᠮ᠎ᠠ ᠪᠠᠬ᠎ᠠ ᠶᠢᠨ ᠳᠤᠭᠣᠢ᠌ᠯᠠᠩ ᠪᠠᠢ᠌ᠭᠤᠯᠬᠤ ᠪᠠ ᠨᠡᠢ᠌ᠭᠡᠮ ᠤᠨ ᠪᠠᠢ᠌ᠴᠠᠭᠠᠯᠳᠠ ᠭᠢᠯᠭᠡᠭᠦ ᠵᠡᠷᠭᠡ ᠠᠷᠭ᠎ᠠ ᠪᠠᠷᠢᠯ ᠢ ᠥᠷᠭᠦᠯᠵᠢ ᠭᠡᠷᠡᠭᠯᠡᠳᠡᠭ᠌ ᠰᠠᠨ᠃ ᠣᠷᠮ᠎ᠠ ᠪᠠᠬ᠎ᠠ ᠶᠢᠨ ᠳᠤᠭᠣᠢ᠌ᠯᠠᠩ ᠳᠤ ᠪᠠᠨ ᠰᠤᠷᠤᠭᠴᠢᠳ ᠢ ᠵᠤᠬᠢᠶᠠᠨ ᠪᠠᠢ᠌ᠭᠤᠯᠵᠤ ᠬᠠᠮᠢᠶ᠎ᠠ ᠪᠦᠭᠦᠢ ᠰᠤᠨᠢᠨ ᠰᠡᠳᠭᠦᠯ ᠰᠤᠷᠤᠯᠴᠠᠭᠤᠯᠤᠨ᠂ ᠰᠤᠷᠤᠭᠴᠢᠳ ᠲᠤ ᠣᠯᠤᠰ ᠤᠨ ᠳᠤᠳᠤᠭᠠᠳᠤ ᠭᠠᠳᠠᠭᠠᠳᠤ ᠶᠢᠨ ᠣᠠᠴᠠ ᠶᠡᠭᠡ ᠭᠡᠷᠡᠭ᠌ ᠪᠠ ᠨᠡᠢ᠌ᠭᠡᠮ ᠤᠨ ᠬᠠᠯᠠᠮᠰᠢᠯ ᠠᠰᠠᠭᠤᠳᠠᠯ ᠢ ᠣᠢ᠌ᠯᠠᠭᠠᠭᠤᠯᠵᠤ ᠳᠠᠨᠢᠭᠤᠯᠬᠤ ᠶᠢᠨ ᠬᠠᠮᠳᠤ ᠳᠠᠳᠠᠨ ᠳᠤ ᠴᠠᠭ ᠤᠨ ᠪᠠᠢ᠌ᠳᠠᠯ ᠤᠨ ᠣᠯᠤᠰ ᠲᠦᠷᠦ ᠶᠢᠨ ᠮᠡᠳᠡᠯᠭᠡ ᠶᠢᠨ ᠣᠶᠤᠨ ᠤ ᠮᠥᠷᠥᠢᠴᠡᠭᠡᠨ ᠪᠠ ᠰᠤᠨᠢᠨ ᠮᠡᠳᠡᠭᠡᠨ ᠤ ᠠᠬᠤᠢ ᠪᠠᠢ᠌ᠳᠠᠯ ᠢ ᠵᠠᠳᠠᠯᠤᠨ ᠰᠢᠡᠵᠢᠯᠡᠭᠦ ᠵᠡᠷᠭᠡ ᠭᠦᠳᠡᠯᠭᠡᠭᠡᠨ ᠢ ᠥᠷᠨᠢᠭᠦᠯᠳᠡᠭ᠌᠃ ᠡᠭᠦᠨ ᠡᠴᠡ ᠭᠠᠳᠠᠨ᠎ᠠ ᠨᠡᠢ᠌ᠭᠡᠮ ᠤᠨ ᠪᠠᠢ᠌ᠴᠠᠭᠠᠯᠳᠠ ᠶᠢᠨ ᠭᠦᠳᠡᠯᠭᠡᠭᠡᠨ ᠢ ᠥᠷᠨᠢᠭᠦᠯᠳᠡᠭ᠌᠃ ᠵᠢᠱᠢᠶᠠᠯᠠᠪᠠᠯ᠂ ᠮᠠᠨ ᠤ ᠣᠯᠤᠰ ᠤᠨ ᠠᠷᠠᠤᠨ ᠤᠨ ᠳᠦᠯᠦᠭᠡᠯᠡᠭ᠍ᠴᠢᠳ ᠤᠨ ᠶᠡᠭᠡ ᠬᠤᠷᠠᠯ ᠤᠨ ᠳᠦᠷᠢᠮ ᠪᠠ ᠮᠠᠨ ᠤ ᠣᠯᠤᠰ ᠤᠨ ᠲᠦᠷᠦ ᠶᠢᠨ ᠨᠠᠮ ᠤᠨ ᠪᠠᠢ᠌ᠭᠤᠯᠤᠯ ᠢ ᠳᠠᠢ᠌ᠯᠪᠣᠷᠢᠯᠠᠬᠤ ᠳᠤ ᠪᠠᠨ ᠳᠤᠰ ᠭᠦᠮᠤᠨ ᠰᠤᠷᠤᠭᠴᠢᠳ ᠢ ᠵᠤᠬᠢᠶᠠᠨ ᠪᠠᠢ᠌ᠭᠤᠯᠵᠤ᠂ ᠰᠠᠭᠤᠭ᠎ᠠ ᠭᠠᠵᠠᠷ ᠣᠷᠤᠨ ᠤ ᠠᠷᠠᠤᠨ ᠤᠨ ᠳᠦᠯᠦᠭᠡᠯᠡᠭ᠍ᠴᠢᠳ ᠪᠠ ᠣᠯᠤᠰ ᠲᠦᠷᠦ ᠶᠢᠨ ᠵᠥᠪᠯᠡᠯᠭᠡᠨ ᠤ ᠭᠡᠰᠢᠭᠦᠤᠨ ᠡᠴᠡ ᠰᠤᠩᠭ᠋ᠤᠨ ᠰᠤᠷᠪᠣᠯᠵᠢᠯᠠᠵᠤ᠂ ᠣᠢ᠌ᠯᠠᠭᠠᠯᠠᠯᠳᠠ ᠳᠦᠷᠦᠭ᠍ᠳᠡᠯ ᠶᠢᠡᠨ ᠳᠡᠮᠳᠡᠭᠯᠡᠭᠡᠤᠨ᠂ ᠭᠢᠴᠢᠶᠡᠯᠯᠡᠭᠡ ᠳᠤ ᠢᠯᠠᠤᠠᠭᠢᠯ ᠶᠠᠷᠢᠶ᠎ᠠ ᠭᠢᠨ᠎ᠠ᠃ ᠡᠢ᠌ᠮᠦᠷᠡᠭᠦ ᠭᠦᠳᠡᠯᠭᠡᠭᠡᠨ ᠶᠢᠡᠷ ᠳᠠᠮᠵᠢᠨ ᠣᠯᠠᠩᠭᠢ ᠰᠤᠷᠤᠭᠴᠢᠳ ᠨᠤᠮ ᠰᠤᠨᠢᠨ ᠣᠩᠰᠢᠬᠤ᠂ ᠣᠯᠤᠰ ᠤᠨ ᠳᠤᠳᠤᠭᠠᠳᠤ ᠭᠠᠳᠠᠭᠠᠳᠤ ᠶᠢᠨ ᠭᠡᠷᠡᠭ᠌ ᠣᠴᠢᠷ ᠲᠤ ᠰᠠᠨᠠᠭ᠎ᠠ ᠳᠠᠯᠪᠢᠬᠤ᠂ ᠢᠳᠠᠪᠭᠢᠳᠠᠢ ᠰᠠᠤᠠᠭᠢᠨ ᠰᠥᠪᠠᠭ᠍ᠴᠢᠯᠡᠭᠦ ᠵᠡᠷᠭᠡ ᠪᠣᠯᠪᠠᠰᠤᠨ ᠳᠠᠤᠠᠬᠠᠯ ᠲᠡᠶ ᠪᠣᠯᠳᠠᠭ᠃ ᠢᠩᠭᠢᠭᠡᠤᠨ ᠰᠤᠷᠤᠭᠴᠢᠳ ᠤᠨ ᠭᠢᠴᠢᠶᠠᠯ ᠲᠦᠷᠦᠯ ᠤᠨ ᠣᠷᠮᠠᠰᠢᠯ ᠢ ᠣᠷᠮ᠎ᠠ ᠰᠤᠨᠢᠷᠬᠠᠯ ᠲᠤ ᠭᠦᠭ᠍ᠵᠢᠭᠦᠯᠦᠭᠡᠤᠨ ᠣᠯᠤᠰ ᠲᠦᠷᠦ ᠦᠵᠡᠯ ᠰᠠᠨᠠᠭᠠᠨ ᠤ ᠭᠢᠴᠢᠶᠠᠯ ᠢ ᠰᠤᠷᠬᠤ ᠣᠷᠮᠠᠰᠢᠯ ᠢᠳᠠᠪᠭᠢᠵᠢᠯ ᠢ ᠳᠦᠯᠦᠪᠰᠢᠭᠦᠯᠤᠨ᠎ᠡ᠃

ᠪᠠᠭᠴᠠᠯᠠᠪᠠᠯ᠂ ᠪᠠᠭᠰᠢ ᠪᠦᠷᠢ ᠭᠠᠭᠴᠠ ᠭᠦ ᠰᠤᠷᠤᠭᠴᠢᠳ ᠤᠨ ᠰᠤᠷᠬᠤ ᠣᠷᠮᠠᠰᠢᠯ ᠢᠳᠠᠪᠭᠢᠵᠢᠯ ᠢ ᠪᠠᠳᠠᠷᠠᠭᠤᠯᠬᠤ ᠳᠤ ᠴᠢᠳᠠᠮᠠᠭᠠᠢ ᠪᠦᠭᠡᠤᠨ ᠣᠯᠠᠨ ᠳᠠᠯ᠎ᠠ ᠶᠢᠨ ᠠᠷᠭ᠎ᠠ ᠭᠡᠯᠪᠠᠷᠢ ᠪᠠᠷ ᠣᠷᠮᠠᠰᠢᠯ ᠢᠳᠠᠪᠭᠢᠵᠢᠯ ᠢ ᠳᠠᠰᠤᠷᠠᠯᠳᠠ ᠦᠭᠡᠶ ᠭᠦᠭ᠍ᠵᠢᠭᠦᠯᠤᠨ ᠪᠠᠳᠠᠷᠠᠭᠤᠯᠪᠠᠯ ᠣᠯᠤᠰ ᠲᠦᠷᠦ ᠦᠵᠡᠯ ᠰᠠᠨᠠᠭᠠᠨ ᠤ ᠵᠢᠭᠠᠨ ᠰᠤᠷᠭᠠᠯᠳᠠ ᠨᠢ ᠬᠤᠪᠢ ᠳᠠᠭᠢᠨ ᠦᠷ᠎ᠡ ᠠᠰᠢᠭ ᠢ ᠣᠯᠵᠤ ᠴᠢᠳᠠᠬᠤ ᠶᠤᠮ᠃

ᠵᠤᠬᠢᠶᠠᠭᠴᠢ ᠶᠢᠨ ᠬᠠᠶ‍ᠢᠭ ᠄ ᠭᠦᠭᠡᠨᠡᠭᠤᠷ ᠮᠤᠵᠢ ᠶᠢᠨ ᠳᠡᠯᠡᠭᠡᠢ ᠬᠤᠳᠠ ᠶᠢᠨ ᠦᠨᠳᠦᠰᠦᠳᠠᠨ ᠤ ᠬᠤᠯᠪᠣᠭᠠᠳᠤ ᠰᠤᠷᠭᠠᠭᠤᠯᠢ


ᠵᠤᠬᠢᠶᠠᠭᠴᠢ᠄ ᠸ·ᠦᠯᠵᠠᠢ
ᠬᠠᠷᠢᠶ᠎ᠠ᠄ ᠪᠠᠭᠰᠢ ᠶᠢᠨ ᠬᠠᠨᠢ
ᠳᠠᠷᠤᠮ᠄ 1625
ᠴᠠᠭ᠄ 2011 ᠤᠨ ᠤ 12 ᠰᠠᠷ᠎ᠠ ᠶᠢᠨ 18