ᠨᠠᠢ᠌ᠵᠢ ᠶᠢᠨ ᠳᠤᠷᠠᠰᠤᠮᠵᠢ

ᠰᠠᠷᠴᠢᠭᠢᠨᠠᠨ ᠰᠠᠷᠴᠢᠭᠢᠨᠠᠨ ᠢᠷᠠᠨ᠎ᠡ

ᠣᠷᠢᠬᠠᠨ ᠬᠠᠪᠣᠷ ᠤᠨ ᠰᠠᠯᠭᠢ ᠡ

ᠰᠡᠭᠡᠷᠡᠨ ᠳᠤᠮᠤᠭᠠᠷᠠᠵᠤ ᠣᠬᠠᠭᠠᠷᠠᠨ᠎ᠠ

ᠣᠬᠠᠭᠠᠠᠳᠤ ᠣᠯᠠᠨ ᠨᠠᠢ᠌ᠵᠢ ᠨᠡᠷ ᠡ︕

ᠵᠠᠳᠠᠷᠠᠨ ᠵᠠᠳᠠᠷᠠᠨ ᠳᠡᠯᠭᠡᠷᠡᠨ᠎ᠡ

ᠵᠢᠷᠭᠠᠯᠠᠩᠳᠤ ᠵᠤᠨ ᠤ ᠴᠡᠴᠡᠭᠡᠰ ᠡ

ᠵᠠᠪᠠᠯ ᠪᠦᠭᠦᠳᠡᠭᠡᠷ ᠣᠴᠠᠷᠠᠨ᠎ᠠ

ᠵᠠᠢ ᠦᠭᠡᠶ ᠢᠵᠢᠯᠢᠰᠢᠭ᠍ᠰᠡᠨ ᠨᠠᠢ᠌ᠵᠢ ᠨᠡᠷ ᠡ︕

ᠨᠠᠮᠠᠤᠬᠠᠨ ᠨᠠᠮᠠᠤᠬᠠᠨ ᠱᠠᠭᠢᠨ᠎ᠠ

ᠨᠠᠮᠤᠷ ᠤᠨ ᠰᠡᠷᠢᠭᠦᠨ ᠪᠣᠷᠤᠭᠠᠨ ᠡ

ᠨᠢ᠋ᠮᠠᠨ ᠵᠥᠭ᠌ ᠲᠤ ᠠᠶᠠᠷᠯᠠᠨ᠎ᠠ

ᠨᠠᠢ᠌ᠷᠠᠭ ᠤᠨ ᠣᠯᠠᠨ ᠨᠠᠢ᠌ᠵᠢ ᠨᠡᠷ ᠡ︕

ᠴᠠᠢ᠌ᠷᠠᠨ ᠴᠠᠢ᠌ᠷᠠᠨ ᠪᠠᠭᠤᠨ᠎ᠠ

ᠴᠠᠰᠤᠨ ᠤ ᠵᠥᠭᠡᠯᠡᠨ ᠬᠠᠶᠠᠯᠠᠭ᠎ᠠ

ᠴᠠᠭ ᠤᠨ ᠵᠠᠢ ᠳᠤ ᠴᠤ ᠳᠤᠷᠠᠰᠤᠭᠳᠠᠨ᠎ᠠ

ᠴᠠᠢ᠌ᠯᠭᠠᠨ ᠰᠡᠳᠭᠢᠯ ᠲᠡᠶ ᠨᠠᠢ᠌ᠵᠢ ᠨᠡᠷ ᠡ︕

ᠬᠠᠮᠤᠭ ᠤᠢ᠌ᠷ᠎ᠡ ᠪᠠᠢ᠌ᠳᠠᠭ

《ᠣᠬᠤᠷ ᠮᠡᠳᠡᠭᠡ》 ᠪᠠᠷ ᠳᠤᠳᠤᠨᠤᠴᠢᠯᠠᠵᠤ

ᠬᠠᠷᠠᠮᠰᠠᠯ ᠭᠤᠨᠢᠭ ᠶᠢᠡᠨ

ᠳᠠᠶᠠᠭᠳᠠᠨ ᠭᠦᠭᠡᠷᠡᠯᠳᠦᠭ᠍ᠰᠡᠨ

ᠬᠠᠮᠳᠤ ᠶᠢᠨ ᠳᠠᠭᠤᠤ ᠪᠠᠨ

ᠦᠨᠢᠳᠠ ᠬᠠᠩᠭᠢᠨᠠᠭᠤᠯᠵᠤ

ᠬᠠᠪᠰᠤᠷᠤᠯᠴᠠᠬᠤ ᠶᠢᠨ ᠰᠠᠢ᠌ᠬᠠᠨ ᠳᠤ

ᠬᠠᠮᠳᠤ ᠪᠠᠷ ᠵᠢᠷᠭᠠᠭᠰᠠᠨ

ᠬᠤᠯᠠ ᠶᠢᠨ ᠰᠠᠢ᠌ᠬᠠᠨ ᠨᠠᠢ᠌ᠵᠠ ᠤᠳ ᠮᠢᠨᠢ

ᠬᠤᠨᠤᠭ ᠤᠨ ᠵᠡᠭᠦᠳᠡᠨ ᠳᠤ ᠡᠷᠢᠭ᠍ᠳᠡᠭᠡᠳ ᠪᠠᠢ᠌ᠨ᠎ᠠ

ᠬᠤᠯᠠ ᠶᠢᠨ ᠰᠠᠢ᠌ᠬᠠᠨ ᠨᠠᠢ᠌ᠵᠠ ᠤᠳ ᠮᠢᠨᠢ

ᠬᠤᠪᠳᠤᠯ ᠵᠢᠷᠦᠭᠡᠨ ᠳᠤ ᠮᠢᠨᠢ ᠰᠠᠨᠠᠭᠳᠠᠭᠠᠤᠨ ᠪᠠᠢ᠌ᠨ᠎ᠠ

  

  2010.10.15 ᠬᠦᠬᠡᠬᠤᠲᠠᠨ᠎ᠡ


ᠵᠤᠬᠢᠶᠠᠭᠴᠢ ᠶᠢᠨ ᠬᠠ‍‌ᠶᠢᠭ ᠄ ᠬᠦᠬᠡᠬᠤᠲᠠ ᠦᠨᠳᠦᠰᠦᠳᠠᠨ ᠤ ᠳᠡᠭᠡᠳᠤ ᠰᠤᠷᠭᠠᠭᠤᠯᠢ ᠵᠢᠨ ᠰᠤᠨᠢᠨ ᠮᠡᠳᠡᠭᠡᠨ ᠤ ᠰᠠᠯᠪᠣᠷᠢ ᠶᠢᠨ 2009 ᠣᠨ ᠤ ᠰᠤᠷᠪᠣᠯᠵᠢᠯᠠᠭ᠎ᠠ᠂ ᠨᠠᠢ᠌ᠷᠠᠭᠤᠯᠭ᠎ᠠ ᠶᠢᠨ ᠨᠢᠭᠡᠳᠦᠭᠡᠷ ᠠᠩᠭᠢ

ᠵᠤᠬᠢᠶᠠᠭᠴᠢ᠄ ᠬᠦᠷᠡᠯ‍ᠤ᠋ᠨᠢᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1564
ᠴᠠᠭ᠄ 2010 ᠤᠨ ᠤ 12 ᠰᠠᠷ᠎ᠠ ᠶᠢᠨ 28
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁