ᠭᠡᠯᠡᠭᠦ ᠶᠠᠭᠤᠨ

ᠨᠤᠮ ᠳᠠᠪᠳᠠᠷ ᠤᠨ

ᠨᠢᠭᠤᠷ ᠭᠠᠳᠠᠷ ᠨᠢ ᠥᠩᠭᠦᠭ᠍ᠳᠡᠵᠤ ᠣᠷᠠᠭᠳᠠᠭᠠᠤᠨ ᠭᠡᠵᠤ

ᠪᠢᠴᠢᠭ᠌ ᠤᠨ ᠪᠣᠭᠴᠤ ᠥᠭᠡᠢ

               ᠭᠦᠤ ᠪᠠᠨ ᠭᠡᠯᠡᠭᠦ ᠶᠠᠭᠤᠨ


ᠬᠤᠪᠴᠠᠰᠤ ᠬᠤᠨᠠᠷ ᠵᠢᠠᠨ

ᠦᠪᠠᠰᠤᠪᠠᠨ ᠣᠭᠢᠶᠠ ᠭᠡᠵᠤ

ᠣᠰᠤᠨ ᠰᠥᠢᠳᠭᠡᠯ ᠳᠤᠰᠢᠶᠠᠬᠤ ᠦᠭᠡᠶ ᠪᠠᠷ

              ᠭᠡᠦᠭᠡᠨ ᠶᠢᠡᠨ ᠭᠡᠯᠡᠭᠦ ᠶᠠᠭᠤᠨ


ᠭᠦᠮᠤᠨ ᠤ ᠪᠦᠰᠡᠭᠦᠢ ᠭᠡᠭ᠍ᠴᠢ

ᠭᠦᠷᠦᠭ᠌ ᠵᠢᠷᠤᠭ ᠰᠢᠭ᠌ ᠭᠡᠵᠤ

ᠭᠦᠯᠦᠰᠤᠨ ᠴᠠᠮᠴᠠ ᠡᠴᠠ ᠥᠭᠡᠷ᠎ᠡ ᠥᠭᠡᠢ

              ᠪᠦᠰᠡᠭᠦᠢ ᠪᠠᠨ ᠭᠡᠯᠡᠭᠦ ᠶᠠᠭᠤᠨ


ᠭᠦᠳᠡᠭᠡ ᠶᠢᠨ ᠪᠦᠰᠡᠭᠦᠢ

ᠭᠢᠳᠠᠤᠨ ᠥᠭᠡ ᠴᠤ ᠮᠡᠳᠡᠭᠦ ᠦᠭᠡᠶ ᠭᠡᠵᠤ

ᠮᠤᠩᠭ᠋ᠤᠯ ᠰᠤᠷᠳᠠᠬᠤᠨ ᠲᠡᠶ ᠭᠡᠷᠭᠡᠢ ᠪᠠᠨ

                  ᠪᠠᠯᠠᠢ ᠭᠡᠮᠡᠨ ᠭᠡᠯᠡᠭᠦ ᠶᠠᠭᠤᠨ


ᠰᠠᠷ᠎ᠠ ᠶᠢᠨ ᠬᠠᠷᠠᠮᠵᠢ ᠪᠠᠨ ᠠᠷᠭᠢᠳᠠᠵᠤ ᠪᠠᠷᠠᠴᠢᠬᠠᠭᠠᠤᠨ

ᠮᠠᠨ ᠤ ᠭᠡᠷ ᠤᠨ ᠠᠮᠢᠳᠤᠷᠠᠯ

ᠡᠵᠢ ᠶᠢᠨ ᠳᠤ ᠴᠤ ᠭᠦᠷᠭᠦ ᠦᠭᠡᠶ ᠭᠡᠵᠤ

                 ᠭᠡᠯᠡᠭᠦ ᠶᠠᠭᠤᠨ


ᠮᠠᠢ᠌ᠮᠠᠢ ᠭᠢᠨ᠎ᠡ ᠭᠡᠵᠤ

ᠮᠠᠯ ᠭᠦᠷᠦᠩᠭᠡ ᠶᠢᠨ ᠬᠠᠳᠠᠭᠠᠯᠠᠮᠵᠢ ᠶᠢ ᠨᠠᠭᠠᠳᠴᠤ ᠭᠦᠪᠠᠴᠢᠭᠡᠭᠡᠳ

ᠮᠠᠨ ᠤ ᠭᠡᠭ᠍ᠴᠢ ᠥᠭᠡᠳᠡᠯᠡᠳᠡᠭ᠌ ᠦᠭᠡᠶ ᠠᠢ᠌ᠯ ᠭᠡᠵᠤ

                          ᠭᠡᠯᠡᠭᠦ ᠶᠠᠭᠤᠨ᠃


ᠵᠤᠬᠢᠶᠠᠭᠴᠢ ᠶᠢᠨ ᠬᠠ‍‌ᠶᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠬᠠᠤᠯᠢ ᠴᠠᠭᠠᠵᠠ ᠶᠢᠨ ᠳᠤᠪᠴᠢᠶ᠎ᠠ

ᠵᠤᠬᠢᠶᠠᠭᠴᠢ᠄ ᠴᠤ᠋·ᠣᠷᠭᠢᠯᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1326
ᠴᠠᠭ᠄ 2012 ᠤᠨ ᠤ 06 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁