ᠨᠠᠮᠤᠷ ᠤᠨ ᠬᠦᠰᠡᠯ

ᠨᠠᠪᠴᠢᠰ ᠠᠯᠠᠭᠯᠠᠨ ᠰᠢᠷᠭᠠᠯᠳᠤᠭᠠᠤᠨ ᠂ ᠬᠣᠢ᠌ᠯᠠᠷᠠᠬᠤ ᠰᠠᠯᠭᠢᠨ ᠳᠤ ᠠᠶᠠᠷ ᠠᠶᠠᠷ ᠭᠡᠢ᠌ᠰᠤᠨ ᠣᠨᠠᠬᠤ ᠨᠠᠪᠴᠢᠨ ᠤ ᠨᠠᠮᠤᠷ ᠢᠷᠠᠵᠤ᠂ ᠬᠤᠷᠸ᠎ᠠ ᠶᠢᠨ ᠡᠪᠦᠯ ᠣᠢ᠌ᠷᠠᠳᠤᠭᠰᠠᠨ ᠢ ᠮᠡᠳᠡᠭᠡᠯᠡᠨ᠎ᠡ᠃

ᠨᠠᠳᠠ ᠲᠡᠶ ᠬᠠᠷᠢᠯᠴᠠᠭᠰᠠᠨ ᠭᠦᠮᠦᠰ ᠪᠦᠷ ᠨᠠᠳᠡ ᠵᠢ ᠦᠨᠳᠦᠰᠦᠳᠠᠨ ᠤ ᠦᠵᠡᠯ ᠶᠢᠡᠷ ᠴᠢᠩᠭ᠋᠎ᠠ ᠭᠡᠳᠡᠭ᠌᠃ ᠦᠨᠡᠨ ᠳᠡᠭᠡᠨ ᠶᠠᠭᠤ ᠪᠠᠢ᠌ᠵᠤ ᠪᠢᠯᠠ ᠳ᠋ᠠ ᠂ ᠮᠤᠩᠭ᠋ᠤᠯ ᠥᠰᠦᠭ᠌ ᠪᠢᠴᠢᠭ᠌ ᠲᠡᠭᠡᠨ ᠬᠠᠢ᠌ᠷᠠᠳᠠᠢ ; ᠮᠤᠩᠭ᠋ᠤᠯ ᠵᠤᠬᠢᠶᠠᠯ ᠳᠡᠭᠠᠨ ᠪᠡᠬᠠᠳᠡᠢ ; ᠮᠤᠩᠭ᠋ᠤᠯ ᠦᠰᠦᠨ ᠪᠢᠷ ᠤᠨ ᠪᠢᠴᠢᠯᠭᠡ ᠪᠣᠯᠪᠠᠰᠤᠷᠠᠬᠤ ᠳᠤᠷᠠᠳᠠᠢ ; ᠮᠤᠩᠭ᠋ᠤᠯ ᠰᠡᠳᠭᠢᠯᠭᠡ ᠪᠠᠨ ᠰᠢᠯᠦᠭᠯᠡᠭᠦ ᠳᠤᠷᠠᠳᠠᠢ ; ᠮᠤᠩᠭ᠋ᠤᠯ ᠤᠨ ᠥᠩᠭᠡᠷᠡᠭ᠍ᠰᠡᠨ ᠢᠷᠡᠭᠡᠳᠦᠢ ᠳᠤ ᠰᠠᠤᠠᠭᠢᠯ ᠳᠠᠯᠪᠢᠭᠰᠠᠨ ᠯᠠ ᠳᠡᠳᠤᠢ ᠃ ᠡᠨᠡ ᠦᠨᠡᠨ ᠳᠡᠭᠡᠨ ᠮᠤᠩᠭ᠋ᠤᠯᠴᠤᠳ ᠨᠢᠭᠡᠪᠦᠷᠢ ᠶᠢᠨ ᠬᠠᠮᠤᠭ ᠨᠡᠭᠠᠳᠤ ᠵᠡᠬ᠎ᠡ ᠵᠢᠨ ᠵᠥᠢᠯ ᠪᠡᠢ᠌ᠵᠤ ᠳᠠᠭᠠᠷᠠᠨ᠎ᠠ᠃ ᠭᠢᠳᠠᠤᠨ ᠭᠦᠮᠤᠨ ᠨᠠᠳᠡ ᠪᠡᠨ ᠦᠨᠳᠦᠰᠦᠳᠠᠨ ᠤ ᠦᠵᠡᠯ ᠶᠢᠡᠷ ᠴᠢᠩᠭ᠋᠎ᠠ ᠭᠡᠪᠠᠯ ᠪᠢ ᠪᠠᠶᠠᠷᠯᠠᠵᠤ ᠮᠠᠳᠠᠨ᠎ᠠ᠂ ᠭᠡᠳᠡᠯ᠎ᠡ ᠮᠤᠩᠭ᠋ᠤᠯ ᠭᠦᠮᠤᠨ ᠡᠷᠡᠭᠡᠢ ᠭᠤᠵᠣᠢ᠌ᠯᠭᠠᠨ ᠨᠠᠳᠠ ᠳᠤ《ᠳᠠ ᠦᠨᠳᠦᠰᠦᠳᠠᠨ ᠤ ᠦᠵᠡᠯ ᠶᠢᠡᠷ ᠥᠨᠡᠭᠡᠷ ᠴᠢᠩᠭ᠋᠎ᠠ》ᠭᠡᠪᠠᠯ ᠪᠢ ᠦᠨᠡᠨ ᠰᠠᠤᠠᠭᠢᠯ ᠡᠴᠡ ᠪᠠᠨ ᠳᠤᠷ᠎ᠠ ᠦᠭᠡᠶ᠃ ᠭᠡᠷᠪᠡ ᠨᠢᠭᠡᠨ ᠣᠭᠰᠠᠭ᠎ᠠ ᠦᠨᠳᠦᠰᠦᠳᠠᠨ ᠤ ᠪᠦᠷᠢᠯᠳᠦᠭᠦᠨ ᠡᠰ ᠪᠣᠯᠤᠭᠰᠠᠨ ᠤ ᠬᠤᠪᠢ ᠳᠤ ᠦᠪᠡᠷ ᠤᠨ ᠦᠨᠳᠦᠰᠦᠳᠠᠨ ᠶᠢᠡᠨ ᠴᠤ ᠬᠠᠢ᠌ᠷᠠᠯᠠᠬᠤ ᠦᠭᠡᠶ; ᠦᠨᠳᠦᠰᠦᠳᠠᠨ ᠶᠢᠡᠨ ᠭᠦᠡᠳᠦᠦᠡᠭᠡᠭᠦ ᠦᠭᠡᠶ; ᠦᠨᠳᠦᠰᠦᠳᠠᠨ ᠶᠢᠡᠨ ᠭᠡᠵᠤ ᠳᠡᠮᠡᠴᠡᠭᠦ ᠦᠭᠡᠶ ᠪᠣᠯ ᠢᠳᠠᠵᠤ ᠣᠠᠳᠠᠬᠤ ᠡᠴᠡ ᠥᠭᠡᠷ᠎ᠡ ᠶᠢ ᠮᠡᠳᠡᠭᠦ ᠦᠭᠡᠶ ᠭᠠᠬᠠᠢ ᠡᠴᠡ ᠶᠠᠭᠤᠨ ᠥᠭᠡᠷ᠎ᠡ ᠠᠵᠠᠢ ᠃ ᠭᠡᠯᠡᠵᠤ ᠪᠠᠢ᠌ᠭ᠎ᠠ ᠭᠦᠮᠤᠨ ᠤ ᠦᠨᠳᠦᠰᠦᠳᠠᠨ ᠤ ᠦᠵᠡᠯ ᠢ ᠶᠠᠭᠤ ᠢᠳᠡᠴᠢᠭᠡᠭ᠍ᠰᠡᠨ ᠪᠣᠢ᠃

ᠮᠢᠨᠤ ᠡᠵᠢ ᠬᠡᠵᠤ ᠭᠢᠳᠠᠤᠨ ᠶᠢᠡᠷ ᠰᠤᠷᠭᠠᠭᠤᠯᠢ ᠳᠡᠭᠦᠰᠦᠭ᠍ᠰᠡᠨ ᠭᠦᠮᠤᠨ ᠂《ᠳᠠᠪᠤᠨ ᠭᠡᠦᠭᠡᠤᠨ ᠶᠢᠡᠨ ᠮᠤᠩᠭ᠋ᠤᠯ ᠶᠢᠡᠷ ᠥᠵᠡᠭᠦᠯᠦᠭᠡᠤᠨ ᠣᠳᠤ ᠶᠡᠭᠡ ᠭᠡᠮᠰᠢᠵᠤ ᠪᠠᠢ᠌ᠨ᠎ᠠ》ᠭᠡᠵᠤ ᠪᠢᠳᠠᠨ ᠳᠤ ᠥᠷᠭᠦᠯᠵᠢ ᠶᠠᠷᠢᠳᠠᠭ᠃ ᠡᠢ᠌ᠮᠤ ᠡᠴᠡ ᠣᠮᠪᠣᠯᠤ ᠦᠬᠢᠨ ᠶᠢᠡᠨ ᠭᠢᠳᠠᠤᠨ ᠶᠢᠡᠷ ᠥᠵᠡᠭᠦᠯᠦᠨ᠎ᠡ ᠭᠡᠤᠨ ᠭᠡᠳᠥᠴᠢᠨᠡᠭᠡᠨ ᠭᠦᠰᠡᠭ᠍ᠰᠡᠨ ᠢ ᠪᠣᠤ ᠮᠠᠳᠠ ᠂ ᠪᠢ ᠣᠭᠳᠤ ᠵᠥᠪᠰᠢᠶᠡᠷᠡᠭ᠍ᠰᠡᠨ ᠦᠭᠡᠶ᠂ ᠡᠵᠢ ᠶᠢᠨ ᠭᠡᠯᠡᠭᠦ ᠪᠠᠷ《ᠮᠤᠩᠭ᠋ᠤᠯ ᠥᠰᠦᠭ᠌ ᠢ ᠴᠢᠨᠢ ᠶᠠᠭᠤᠨ ᠳᠤ ᠭᠡᠷᠡᠭᠯᠡᠵᠤ ᠪᠠᠢ᠌ᠬᠤ ᠪᠣᠢ ︖ ᠦᠪᠣᠷ ᠮᠤᠩᠭ᠋ᠤᠯ ᠪᠠᠢ᠌ᠳᠠᠯ᠎ᠠ ᠴᠥᠭᠡᠨ ᠭᠡᠷᠡᠭᠯᠡᠵᠤ ᠂ ᠠᠯᠢ ᠣᠳᠤᠷᠢᠳᠤᠯᠭ᠎ᠠ ᠨᠢ ᠮᠤᠩᠭ᠋ᠤᠯ ᠶᠢᠡᠷ ᠶᠠᠷᠢᠶ᠎ᠠ ᠳᠠᠯᠪᠢᠵᠤ ᠪᠠᠢ᠌ᠬᠤ ᠪᠣᠢ ︖ ᠠᠯᠢ ᠣᠳᠠᠭᠠᠨ ᠤ ᠨᠠᠢ᠌ᠷ ᠨᠠᠭᠠᠳᠤᠮ ᠤᠨ ᠳᠸᠯᠸᠢᠰ ᠨᠡᠪᠳᠡᠷᠡᠭᠦᠯᠭᠡ ᠳ᠋ᠤ ᠮᠤᠩᠭ᠋ᠤᠯ ᠶᠢᠠᠷ ᠨᠠᠢ᠌ᠷ ᠡᠭᠢᠯᠡᠭ᠍ᠰᠡᠨ ᠢ ᠳᠤᠩᠬᠠᠭᠯᠠᠭᠰᠠᠨ ᠪᠣᠢ ︖ ᠮᠤᠩᠭ᠋ᠤᠯ ᠪᠢᠴᠢᠭ᠌ ᠢ ᠨᠢᠭᠡ ᠨᠠᠰᠤ ᠪᠠᠷ ᠵᠢᠡᠨ ᠥᠵᠡᠭᠡᠤᠨ ᠭᠢᠳᠡᠳ ᠪᠢᠴᠢᠭ᠌ ᠢ ᠳᠡᠭᠡᠳᠤ ᠳᠤᠮᠳᠠᠳᠤ ᠶᠢ ᠳᠡᠭᠦᠰᠦᠭ᠍ᠰᠡᠨ ᠢ ᠭᠦᠷᠭᠦ ᠦᠭᠡᠶ ︕ ᠮᠤᠩᠭ᠋ᠤᠯ ᠦᠨᠳᠦᠰᠦᠳᠠᠨ ᠳᠤ ᠶᠠᠮᠠᠷ ᠯᠠ ᠰᠠᠢ᠌ᠨ ᠵᠠᠮ ᠪᠠᠢ᠌ᠬᠤ ᠪᠣᠢ ︖ ᠬᠤᠵᠢᠮ ᠪᠦᠷ ᠯᠠ ᠬᠠᠢ᠌ᠯᠤᠭᠳᠠᠨ ᠭᠢᠳᠠᠤᠨ ᠪᠣᠯᠬᠤ ᠶᠤᠮ ︕》 ᠴᠤᠬᠤᠮ ᠴᠤ ᠮᠤᠰᠢᠭᠠᠢ ᠶᠠᠷᠢᠶ᠎ᠠ ᠪᠠᠢ᠌ᠨ᠎ᠠ ᠳ᠋ᠠ ᠭᠡᠵᠤ ᠪᠢ ᠡᠵᠢ ᠶᠢᠨ ᠡᠰᠡᠷᠭᠦ ᠡᠴᠡ《ᠮᠤᠩᠭ᠋ᠤᠯ ᠶᠢᠡᠷ ᠥᠵᠡᠭᠡᠤᠨ ᠠᠵᠢᠯ ᠣᠢ᠌ᠯᠠᠰ ᠪᠦᠳᠦᠭᠡᠵᠤ ᠂ ᠠᠯᠳᠠᠷ ᠨᠠᠷ᠎ᠠ ᠪᠠᠨ ᠳᠠᠭᠤᠷᠢᠰᠬᠠᠵᠤ ᠪᠠᠢ᠌ᠭ᠎ᠠ ᠭᠦᠮᠤᠨ ᠮᠤᠡᠭ ᠥᠬᠡᠢ ᠤᠯᠡᠨ ᠪᠤᠢ᠂ ᠳᠠᠨ ᠤ ᠳᠠᠨᠢᠬᠤ ᠡᠴᠡ ᠳᠤᠷᠠᠤᠠᠪᠠᠯ ᠳᠠᠤᠠᠮ᠎ᠠ᠂ ᠳᠡᠭ᠍ᠷᠢ ᠂ ᠴᠢ᠊ ᠪᠣᠯᠠᠭ ᠂ ᠰᠢᠭᠤᠷᠭᠠᠨ ᠁ ᠪᠦᠷ ᠯᠠ ᠮᠤᠩᠭ᠋ᠤᠯ ᠶᠢᠡᠷ ᠰᠤᠷᠴᠤ ᠣᠷᠤᠰᠤᠮ᠎ᠠ ᠰᠠᠢ᠌ᠬᠠᠨ ᠭᠡᠯᠡ ᠪᠠᠷ ᠶᠢᠡᠨ ᠣᠯᠠᠨ ᠤ ᠡᠮᠦᠨ᠎ᠡ ᠴᠤᠯᠭᠤᠷᠠᠵᠤ᠂ ᠳᠡᠯᠡᠭᠡᠢ ᠳ᠋ᠡᠭᠢᠨ᠎ᠠ ᠨᠠᠷ᠎ᠠ ᠠᠯᠳᠠᠷ ᠶᠢᠡᠨ ᠳᠠᠭᠤᠷᠢᠰᠤᠯᠵᠤ ᠪᠠᠢ᠌ᠨ᠎ᠠ᠃ ᠳᠠᠭᠢᠭᠠᠤᠨ ᠭᠡᠯᠡᠪᠠᠯ ᠮᠤᠩᠭ᠋ᠤᠯ ᠥᠰᠦᠭ᠌ ᠰᠤᠷᠤᠭᠰᠠᠨ ᠭᠡᠦᠭᠡᠤᠨ ᠤᠨ ᠭᠡᠯᠡ ᠵᠥᠭᠡᠯᠡᠨ ᠪᠠᠢ᠌ᠳᠠᠭ ᠰᠢᠤ ︕ ᠪᠣᠰᠤᠳ ᠬᠠᠷᠢ ᠭᠡᠯᠡ ᠶᠢ ᠰᠤᠷᠬᠤ ᠳᠤ ᠠᠮᠠᠷᠬᠠᠨ ᠪᠣᠯᠳᠠᠭ᠃ ᠮᠤᠩᠭ᠋ᠤᠯ ᠭᠦᠮᠤᠨ ᠤ ᠳᠤᠭ᠎ᠠ ᠶᠢ ᠡᠵᠡᠯᠡᠴᠢᠭᠡᠭᠡᠤᠨ ᠮᠤᠩᠭ᠋ᠤᠯ ᠥᠭᠡ ᠪᠠᠨ ᠴᠤ ᠮᠡᠳᠡᠭᠦ ᠦᠭᠡᠶ ᠪᠠᠷ ᠪᠣᠰᠤᠳ ᠤᠨ ᠡᠮᠦᠨ᠎ᠡ ᠶᠠᠭᠠᠭᠢᠵᠤ ᠦᠪᠡᠷ ᠪᠠᠶ᠎ᠠ ᠪᠠᠨ ᠮᠤᠩᠭ᠋ᠤᠯ ᠭᠦᠮᠤᠨ ᠭᠡᠵᠤ ᠭᠡᠯᠡᠭᠦ ᠪᠣᠢ ︖ ᠳᠠ ᠪᠠᠰᠠ ᠭᠡᠯᠡᠭᠦ ᠳᠡᠭᠡᠨ ᠮᠤᠩᠭ᠋ᠤᠯ ᠢᠷᠡᠭᠡᠳᠦᠢ ᠦᠭᠡᠶ ᠭᠡᠨ᠎ᠡ᠂ ᠳᠠ ᠵᠥᠪᠭᠡᠨ ᠦᠪᠣᠷ ᠮᠤᠩᠭ᠋ᠤᠯ ᠶᠢᠡᠨ ᠣᠯᠤᠭᠠᠤᠨ ᠭᠡᠯᠡᠵᠡᠢ᠃ ᠮᠤᠩᠭ᠋ᠤᠯ ᠭᠠᠭᠴᠠᠬᠠᠨ ᠭᠠᠵᠠᠷ ᠲᠤ ᠪᠠᠢ᠌ᠭ᠎ᠠ ᠪᠢᠰᠢ᠂ ᠮᠤᠩᠭ᠋ᠤᠯ ᠣᠯᠤᠰ ᠶᠢᠡᠷ ᠲᠦᠪ ᠪᠣᠯᠭᠠᠨ ᠳᠡᠯᠡᠭᠡᠢ ᠶᠢᠨ ᠳᠦᠷᠪᠡᠨ ᠵᠥᠭ᠌ ᠨᠢ᠋ᠮᠠᠨ ᠵᠤᠪᠭᠢᠰ ᠲᠤ ᠪᠦᠷ ᠳᠠᠷᠬᠠᠨ ᠣᠷᠤᠰᠢᠵᠤ᠂ ᠦᠪᠡᠷ ᠦᠪᠡᠷ ᠊ᠤᠨ ᠠᠮᠢᠳᠤᠷᠠᠯ ᠤᠨ ᠵᠠᠮ ᠶᠢᠡᠨ ᠭᠦᠭᠡᠭᠡᠵᠤ ᠶᠠᠪᠣᠨ᠎ᠠ᠃ ᠳᠤᠮᠳᠠᠳᠤ ᠣᠯᠤᠰ ᠤᠨ ᠳᠡᠳᠥᠴᠢᠨᠡᠭᠡᠨ ᠴᠥᠭᠡᠨ ᠳᠤᠭᠠᠳᠤ ᠦᠨᠳᠦᠰᠦᠳᠠᠨ ᠤ ᠪᠠᠢ᠌ᠭᠤᠯᠤᠭᠰᠠᠨ ᠲᠦᠷᠦ ᠪᠦᠷ ᠮᠥᠭᠦᠵᠤ ᠳᠠᠭᠤᠰᠤᠭᠰᠠᠨ ᠳᠤ ᠮᠠᠨ ᠤ ᠮᠤᠩᠭ᠋ᠤᠯ ᠯᠠ ᠨᠢ᠋ᠮᠠᠨ ᠵᠠᠭᠤᠭᠠᠤᠨ ᠵᠢᠯ ᠤᠨ ᠳᠡᠦᠭᠡ ᠪᠠᠨ ᠣᠯᠤᠰ ᠭᠦᠷᠤᠨ ᠂ ᠬᠠᠰ ᠳᠠᠮᠠᠭ᠎ᠠ ᠲᠡᠶ ᠪᠠᠨ ᠣᠯᠠᠮᠵᠢᠯᠠᠨ ᠬᠠᠳᠠᠭᠠᠯᠠᠵᠤ ᠶᠠᠪᠣᠭᠰᠠᠭᠠᠷ ︕ ᠮᠠᠨ ᠊ᠤ ᠮᠤᠩᠭ᠋ᠤᠯ ᠶᠠᠭᠠᠭᠢᠭᠠᠤᠨ ᠢᠷᠡᠭᠡᠳᠦᠢ ᠦᠭᠡᠶ ᠪᠣᠢ ︖ ᠮᠤᠩᠭ᠋ᠤᠯ ᠥᠰᠦᠭ᠌ ᠶᠢᠡᠨ ᠵᠠᠷᠤᠬᠤ ᠦᠭᠡᠶ ᠨᠢ ᠮᠤᠩᠭ᠋ᠤᠯᠴᠤᠳ ᠤᠨ ᠦᠪᠡᠷ ᠤᠨ ᠭᠢᠨᠢ ᠣᠴᠢᠷ᠂ ᠪᠣᠰᠤᠳ ᠭᠦᠮᠤᠨ ᠪᠣᠤ ᠵᠠᠷᠤ ᠭᠡᠵᠤ ᠭᠡᠯᠡᠭ᠍ᠰᠡᠨ ᠦᠭᠡᠶ ᠰᠢᠤ ︕ ᠬᠤᠷᠢᠭᠯᠠᠭᠰᠠᠨ ᠦᠭᠡᠶ ᠰᠢᠤ ︕ 》 ᠡᠵᠢ᠄《ᠪᠣᠯᠵᠠᠢ᠂ ᠪᠣᠯᠵᠠᠢ ᠁ ᠳᠤᠳᠠᠭᠤ ᠨᠢᠭᠡ ᠭᠡᠳᠤ ᠭᠡᠯᠡᠴᠢᠭᠡ ︕ ᠮᠤᠩᠭ᠋ᠤᠯ ᠶᠢᠡᠷ ᠥᠵᠡᠭᠦᠯᠡ ︕ ᠮᠤᠩᠭ᠋ᠤᠯ ᠶᠢᠡᠷ ᠥᠵᠡᠭᠦᠯᠠ ︕ ᠬᠤᠵᠢᠮ ᠭᠡᠮᠰᠢᠭᠦ ᠦᠭᠡᠶ ᠪᠣᠯ ᠪᠣᠯᠴᠢᠬᠠᠨ᠎ᠠ ︕ ᠪᠢ ᠴᠤ ᠳᠠᠨ ᠢ ᠭᠡᠯᠡᠨ ᠪᠠᠢ᠌ᠯᠳᠤᠭᠠᠨ ᠶᠢᠡᠷ ᠳᠡᠢ᠌ᠯᠭᠦ ᠦᠭᠡᠶ ︕》ᠭᠡᠤᠨ ᠦᠪᠡᠷ ᠤᠨ ᠬᠢ ᠪᠠᠨ ᠭᠢᠭᠦ ᠪᠠᠷ ᠶᠠᠪᠣᠨ᠎ᠠ᠃

ᠠᠰᠠᠷ ᠤᠨ ᠴᠤᠩᠬᠤ ᠪᠠᠷ ᠭᠠᠳᠠᠭᠰᠢ ᠪᠠᠨ ᠬᠠᠷᠠᠭ᠎ᠠ ᠰᠤᠩᠭ᠋ᠠᠨ ᠵᠠᠮ ᠣᠭᠳᠤᠯᠤᠨ ᠪᠠᠴᠢᠮᠬᠠᠨ ᠠᠯᠬᠤᠯᠠᠵᠤ ᠪᠠᠢ᠌ᠭ᠎ᠠ ᠭᠦᠭᠡᠷᠦᠭᠡᠨ ᠦᠬᠢᠨ ᠤ ᠪᠠᠨ ᠠᠷᠤ ᠶᠢᠨ ᠪᠠᠷ᠎ᠠ ᠶᠢ ᠥᠵᠡᠭᠦ ᠳᠤ᠂ ᠨᠢᠷᠠᠢ ᠪᠠᠶ᠎ᠠ ᠳᠡᠭᠡᠨ ᠨᠤᠭᠤᠭᠠᠨ ᠥᠩᠭᠡ ᠳᠡᠢ ᠭᠦᠪᠦᠩ ᠬᠤᠪᠴᠠᠰᠤ ᠪᠠᠨ ᠳᠩᠳᠠᠢ᠌ᠳᠠᠯ᠎ᠠ ᠡᠮᠦᠰᠴᠤ ᠂ ᠨᠤᠭᠤᠭᠠᠨ ᠥᠩᠭᠡᠳᠡᠢ ᠳᠤᠮᠤ ᠮᠥᠷᠦᠪᠴᠢᠯᠡᠭᠦ ᠪᠣᠭᠴᠤ ᠪᠠᠨ ᠳᠠᠭᠠᠭᠠᠵᠤ ᠶᠠᠳᠠᠨ ᠡᠭᠦᠷᠴᠤ ᠂ ᠭᠦᠳᠡᠭᠡ ᠵᠤᠷᠢᠬᠤ ᠮᠠᠰᠢᠨ ᠢ ᠴᠢᠭᠯᠡᠭᠦ ᠨᠢ ᠨᠠᠳᠠ ᠳᠤ ᠶᠠᠭ ᠵᠢᠭᠡᠭᠦᠨ ᠨᠠᠮᠤᠷ ᠤᠨ ᠬᠤᠪᠠᠬᠠᠢ ᠰᠢᠷ᠎ᠠ ᠶᠢᠨ ᠳᠤᠮᠳᠠ ᠰᠠᠯᠭᠢ ᠪᠣᠷᠤᠭᠠᠨ ᠢ ᠰᠦᠷᠤᠨ ᠢᠳᠡᠷᠡᠭᠦᠨ ᠶᠢᠡᠷ ᠪᠣᠢ᠌ᠵᠢᠵᠤ ᠪᠠᠢ᠌ᠭ᠎ᠠ ᠨᠢᠭᠡ ᠰᠠᠭᠤᠷᠢ ᠵᠤᠯᠵᠠᠭ᠎ᠠ ᠮᠤᠳᠤ ᠰᠢᠭ ᠰᠠᠨᠠᠭᠳᠠᠯ᠎ᠠ᠃ ᠮᠢᠨᠤ ᠦᠬᠢᠨ ᠣᠷᠤᠰᠬᠠᠯ ᠤᠨ ᠰᠠᠯᠭᠢᠨ ᠳᠤ ᠭᠡᠢ᠌ᠰᠭᠦ ᠨᠠᠪᠴᠢ ᠪᠢᠰᠢ ᠂ ᠮᠢᠨᠤ ᠦᠬᠢᠨ ᠣᠭ ᠦᠨᠳᠦᠰᠦ ᠲᠡᠶ᠂ ᠣᠷᠭᠤᠬᠤ ᠭᠦᠴᠤᠨ ᠲᠡᠶ᠂ ᠣᠮᠳᠠᠯᠠᠬᠤ ᠰᠢᠮ᠎ᠠ ᠲᠡᠶ ᠰᠢᠨ᠎ᠠ ᠡᠷᠡᠨ ᠤ ᠵᠢᠩᠭᠢᠨᠢ ᠮᠤᠩᠭ᠋ᠤᠯ ᠭᠡᠦᠭᠡᠤᠨ ; ᠮᠤᠩᠭ᠋ᠤᠯ ᠤᠨ ᠣᠳᠤᠮ ᠢ ᠵᠠᠯᠭᠠᠮᠵᠢᠯᠠᠵᠤ ᠂ ᠮᠤᠩᠭ᠋ᠤᠯ ᠤᠨ ᠭᠠᠯ ᠭᠤᠯᠤᠮᠳᠠ ᠶᠢ ᠪᠠᠳᠠᠷᠠᠭᠠᠬᠤ ᠦᠬᠢᠨ ᠳᠡᠭ᠍ᠷᠢ᠃

ᠨᠠᠮᠤᠷ ᠤᠨ ᠨᠠᠪᠴᠢ ᠭᠡᠢ᠌ᠰᠭᠦ ᠪᠠᠷ ᠶᠢᠡᠨ ᠭᠡᠢ᠌ᠰᠦᠭ᠌᠂ ᠮᠢᠨᠤ ᠦᠬᠢᠨ ᠬᠤᠷᠪᠣᠢ᠌ᠭᠰᠠᠨ ᠨᠠᠪᠴᠢ ᠶᠢ ᠭᠦᠯ ᠳᠤᠤᠷ᠎ᠠ ᠪᠠᠨ ᠭᠢᠰᠭᠢᠯᠠᠨ᠂ ᠮᠤᠩᠭ᠋ᠤᠯ ᠨᠤᠳᠤᠭ ᠤᠨ ᠭᠦᠳᠡᠭᠡ ᠶᠢ ᠵᠤᠷᠢᠨ ᠡᠷᠳᠡᠨᠢ ᠡᠪᠦᠷᠯᠡᠭᠦ ᠪᠠᠷ ᠪᠦᠮᠪᠦᠭᠡᠨᠡᠨ᠎ᠡ᠃


ᠵᠤᠬᠢᠶᠡᠬᠴᠢ᠄ ᠭᠢᠩᠭ᠋ᠠᠨ ᠠᠢ᠌ᠮᠠᠭ ᠤᠨ ᠵᠠᠯᠠᠢ᠌ᠳ ᠬᠤᠰᠢᠭᠤᠨ ᠤ ᠢᠠᠳᠠᠷ ᠵᠢᠷᠭᠤᠳᠤᠭᠠᠷ ᠳᠤᠮᠳᠠᠳᠤ ᠰᠤᠷᠭᠠᠭᠤᠯᠢ


ᠵᠤᠬᠢᠶᠠᠭᠴᠢ᠄ ᠲᠡᠭᠷᠢᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 5657
ᠴᠠᠭ᠄ 2009 ᠤᠨ ᠤ 09 ᠰᠠᠷ᠎ᠠ ᠶᠢᠨ 21
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ