ᠭᠦᠮᠤᠨ ᠮᠦᠰᠤ (ᠵᠥᠴᠦᠭᠡ)

ᠴᠠᠭ᠄ ᠣᠳᠤ ᠴᠠᠭ

ᠭᠠᠵᠠᠷ ᠣᠷᠤᠨ᠄ ᠨᠢᠭᠡᠨ ᠰᠤᠮᠤ ᠶᠢᠨ ᠬᠠᠤᠯᠢ ᠶᠢᠨ ᠳᠢᠩᠭᠢᠮ ᠳᠤ᠃

ᠭᠦᠮᠦᠰ᠄ ᠮᠸᠳᠡᠭ᠌  ᠊᠊᠊᠊᠊᠊᠊᠊᠊᠊᠊᠊᠊᠊᠊ ᠵᠢᠷᠠᠨ ᠭᠡᠳᠤᠨ ᠨᠠᠰᠤᠳᠠᠢ᠂ ᠡᠮᠡᠭ᠍ᠳᠡᠢ᠂ ᠳᠠᠷᠢᠶᠠᠴᠢᠨ ᠭᠠᠷᠤᠯ ᠲᠡᠶ᠃

ᠭᠦᠷᠵᠡᠪ ᠊᠊᠊᠊᠊᠊᠊᠊᠊᠊᠊᠊᠊᠊᠊ ᠭᠤᠴᠢ ᠭᠠᠷᠤᠢ ᠨᠠᠰᠤᠳᠠᠢ᠂ ᠡᠷᠡᠭ᠍ᠳᠡᠢ᠂ ᠬᠠᠤᠯᠢ ᠶᠢᠨ ᠳᠢᠩᠭᠢᠮ ᠤᠨ ᠳᠠᠷᠤᠭ᠎ᠠ᠃

ᠦᠨᠡᠠᠴᠢ ᠊᠊᠊᠊᠊᠊᠊᠊᠊᠊᠊᠊᠊᠊᠊ ᠬᠤᠷᠢᠨ ᠭᠡᠳᠤ ᠲᠡᠶ᠂ ᠡᠷᠡᠭ᠍ᠳᠡᠢ᠂ ᠬᠠᠤᠯᠢ ᠶᠢᠨ ᠳᠢᠩᠭᠢᠮ ᠤᠨ ᠠᠵᠢᠯᠳᠠᠨ᠃

ᠵᠢᠡᠵᠢᠭ᠍‍ᠮ᠎ᠡ ᠊᠊᠊᠊᠊᠊᠊᠊᠊᠊᠊᠊᠊᠊᠊ ᠭᠤᠴᠢᠨ ᠭᠡᠳᠤ ᠲᠡᠶ᠂ ᠡᠮᠡᠭ᠍ᠳᠡᠢ᠂ ᠳᠠᠷᠢᠶᠠᠴᠢᠨ ᠭᠠᠷᠤᠯ ᠲᠡᠶ᠃

ᠪᠠᠰᠠ ᠮᠸᠳᠡᠭ᠌ ᠤᠨ ᠡᠪᠦᠭᠡᠨ᠂ ᠵᠢᠡᠵᠢᠭ᠍‍ᠮ᠎ᠡ ᠶᠢᠨ ᠡᠷ᠎ᠡ ᠨᠥᠭᠦᠷ ᠵᠡᠷᠭᠡ ᠭᠦᠮᠦᠰ  ᠪᠠᠢ᠌ᠯᠴᠠᠨ᠎ᠠ᠃

ᠳᠠᠢ᠌ᠰᠠᠨ ᠵᠠᠰᠠᠯ᠄ ᠳᠠᠢ᠌ᠰᠠᠨ ᠤ ᠵᠡᠭᠦᠨ ᠳᠠᠯ᠎ᠠ ᠪᠠᠷ 《ᠬᠠᠤᠯᠢ ᠶᠢᠨ ᠳᠢᠩᠭᠢᠮ》 ᠭᠡᠰᠡᠨ ᠥᠰᠦᠭ᠌ ᠲᠡᠶ ᠫᠠᠢ᠌ᠰᠠ ᠡᠯᠭᠦᠭ᠍ᠰᠡᠨ ᠡᠭᠦᠳᠡ ᠬᠠᠷᠠᠭᠳᠠᠵᠤ᠂ ᠳᠤᠳᠤᠷ᠎ᠠ ᠳᠠᠯ᠎ᠠ ᠳ᠋ᠤᠨᠢ ᠡᠰᠡᠷᠭᠦᠯᠡᠵᠤ ᠳᠠᠯᠪᠢᠭᠰᠠᠨ ᠬᠤᠶᠠᠷ ᠠᠯᠪᠠᠨ ᠰᠢᠷᠡᠭᠡ ᠪᠠ ᠰᠠᠠᠳᠠᠯᠢ ᠪᠣᠢ᠃ ᠪᠠᠷᠠᠭᠤᠨ  ᠲ᠋ᠠᠯ᠎ᠠ ᠪᠠᠷ ᠨᠢ ᠭᠤᠷᠪᠠᠨ ᠭᠦᠮᠤᠨ ᠤ ᠱᠠᠹᠠ ᠵᠢᠴᠢ ᠴᠠᠢ ᠶᠢᠨ ᠰᠢᠷᠡᠭᠡ ᠳᠠᠯᠪᠢᠭᠳᠠᠵᠤ᠂ ᠴᠠᠢ ᠶᠢᠨ ᠰᠢᠷᠡᠭᠡᠨ ᠳᠡᠭᠡᠷ᠎ᠡ ᠨᠢ ᠨᠠᠩᠬᠤ᠂ ᠴᠤᠮᠤ ᠵᠡᠷᠭᠡ ᠳᠠᠯᠪᠢᠭᠠᠰᠤᠳᠠᠢ᠃ ᠬᠣᠢ᠌ᠳᠤ ᠬᠠᠶᠠᠭᠠᠨ ᠳᠡᠭᠡᠷ᠎ᠡ ᠨᠢ 《ᠠᠷᠢᠭᠤᠨ ᠴᠢᠭᠡᠴᠢ᠂ ᠲᠦᠪ ᠴᠢᠭᠢᠮᠠᠢ》 ᠭᠡᠰᠡᠨ ᠥᠰᠦᠭ᠌ ᠲᠡᠶ ᠰᠢᠯ ᠤᠨ ᠵᠢᠶᠠᠰᠠ ᠡᠯᠭᠦᠵᠤ ᠪᠣᠢ᠃

(ᠭᠦᠰᠢᠭᠡ ᠨᠡᠭᠡᠭᠡᠭ᠍ᠳᠡᠭᠦ ᠳᠤ᠂ ᠳᠢᠩᠭᠢᠮ ᠤᠨ ᠳᠠᠷᠤᠭ᠎ᠠ ᠭᠦᠷᠵᠡᠪ ᠰᠠᠷᠪᠠᠭᠠᠷ ᠮᠠᠯᠠᠭᠠᠢ ᠪᠠᠷ ᠨᠢᠭᠤᠷ ᠶᠢᠡᠨ ᠬᠠᠯᠬᠠᠯᠠᠴᠢᠬᠠᠭᠰᠠᠨ ᠬᠠᠮᠠᠷ ᠳᠠᠳᠠᠨ ᠣᠠᠳᠠᠨ᠎ᠠ)

ᠮᠸᠳᠡᠭ᠌᠄ (ᠮᠠᠢ᠌ᠵᠢᠭᠴᠢᠨ ᠠᠯᠬᠤᠯᠠᠭᠰᠠᠭᠠᠷ ᠳᠠᠢ᠌ᠰᠠᠨ ᠳᠤ ᠭᠠᠷᠴᠤ) ᠶᠤᠬᠤ᠂ ᠶᠤᠬᠤ︕ ᠥᠳᠡᠯᠭᠦ ᠳᠤ ᠠᠳᠠᠯᠢ ᠮᠠᠭᠤᠬᠠᠢ ᠶᠠᠭᠤᠮ᠎ᠠ ᠶ‍ᠢᠷᠳᠢᠠᠴᠤ ᠳᠤ ᠥᠭᠡᠷ᠎ᠡ ᠪᠠᠢ᠌ᠬᠤ ᠦᠭᠡᠶ᠂ ᠡᠨᠡᠭᠡᠨ ᠬᠤᠭᠤᠷᠤᠠᠳᠤ ᠠᠯᠬᠤᠭᠰᠠᠨ ᠴᠢᠨᠢ ᠠᠮᠢᠰᠬᠤᠯ ᠭᠦᠷᠳᠡᠯ᠎ᠡ ᠳᠡᠭᠡᠷᠡᠳᠡᠴᠢᠭᠡᠯ᠎ᠡ᠃ (ᠡᠭᠦᠳᠡᠨ ᠤ ᠳᠡᠷᠭᠡᠳᠡ ᠭᠦᠷᠴᠤ ᠫᠠᠢ᠌ᠰᠠᠨ ᠳᠡᠭᠡᠷᠡᠭᠢ ᠥᠰᠦᠭ᠌ ᠢ ᠨᠢᠳᠤ ᠰᠢᠭᠢᠯᠭᠡᠨ ᠰᠢᠷᠳᠠᠵᠤ ᠭᠡᠰᠡᠭ᠌ ᠵᠤᠭᠰᠤᠰᠭᠢᠭᠰᠠᠨ ᠶᠢᠡᠨ ᠳᠤᠳᠤᠭᠰᠢ ᠣᠷᠤᠨ᠎ᠠ᠂ ᠨᠠᠰᠤᠳᠠᠨ ᠱᠠᠹᠠ ᠳᠡᠭᠡᠷᠡᠭᠢ ᠬᠠᠮᠠᠷ ᠳᠠᠳᠠᠨ ᠣᠠᠳᠠᠭ᠎ᠠ ᠭᠦᠮᠤᠨ ᠢ ᠭᠡᠨᠡᠳᠲᠡ ᠣᠯᠵᠤ ᠬᠠᠷᠠᠭᠰᠠᠨ ᠶᠢᠡᠨ ᠶᠠᠭᠠᠭᠢᠬᠤ ᠪᠠᠨ ᠣᠯᠵᠤ ᠶᠠᠳᠠᠨ ᠭᠡᠰᠡᠭ᠌ ᠳᠠᠳᠠᠭᠠᠯᠵᠠᠨ ᠵᠤᠭᠰᠤᠭᠠᠤᠨ) ᠡᠩ ᠊᠊᠊᠊᠊᠊᠊᠊᠊᠊᠊᠊᠊᠊᠊ (ᠬᠤᠭᠤᠯᠠᠢ ᠵᠠᠰᠠᠨ᠎ᠠ)

ᠭᠦᠷᠵᠡᠪ᠄ ᠬᠤᠷ᠂ ᠬᠤᠷ ᠁ (ᠬᠠᠮᠠᠷ ᠳᠠᠳᠠᠨ᠎ᠠ)

ᠮᠸᠳᠡᠭ᠌᠄ ᠡᠩ ᠊᠊᠊᠊᠊᠊᠊᠊᠊᠊᠊᠊᠊᠊᠊ (ᠬᠤᠭᠤᠯᠠᠢ ᠪᠠᠨ ᠣᠯᠠᠮ ᠢᠳᠠ ᠲᠡᠶ ᠵᠠᠰᠠᠨ᠎ᠠ)

ᠭᠦᠷᠵᠡᠪ᠄ (ᠦᠷᠪᠦᠩᠭᠢᠨ ᠭᠦᠶᠤᠨ ᠪᠣᠰᠬᠤ ᠳᠠᠭᠠᠨ ᠮᠠᠯᠠᠭᠠᠢ ᠪᠠᠨ ᠭᠦᠰᠡᠷ ᠣᠨᠠᠭᠠᠵᠤ᠂  ᠰᠠᠠᠳᠤᠷᠤᠤᠬᠠᠨ ᠳᠡᠭᠦᠵᠤ ᠠᠪᠤᠨ᠂ ᠨᠣᠢ᠌ᠷᠮᠤᠭ ᠪᠠᠢ᠌ᠳᠠᠯ ᠲᠡᠶ ᠡᠪᠰᠢᠶᠡᠯᠭᠡᠭ᠍ᠰᠡᠭᠡᠷ ᠰᠠᠠᠳᠠᠯᠢ ᠳᠡᠭᠡᠷ᠎ᠡ ᠪᠠᠨ ᠣᠴᠢᠵᠤ ᠰᠠᠭᠤᠨ᠂ ᠬᠠᠷᠮᠠᠨ ᠡᠴᠡ ᠪᠠᠨ ᠶᠠᠩᠵᠤᠤᠷ ᠳᠠᠮᠠᠭᠢ ᠭᠠᠷᠭᠠᠨ ᠨᠤᠴᠤᠭᠠᠵᠤ᠂ ᠣᠳᠤᠭ᠎ᠠ ᠶᠢ ᠨᠢ ᠥᠯᠢᠶᠡᠭᠦ ᠳᠠᠭᠠᠤ) ᠶᠠᠮᠠᠷ ᠣᠴᠢᠷ ᠲᠡᠶ ᠪᠣᠢ︖ (ᠣᠴᠠᠭᠠᠷᠳᠠᠩᠭ᠋ᠤᠢ ᠪᠠᠷ)

ᠮᠸᠳᠡᠭ᠌᠄ (ᠣᠷᠤᠭᠰᠢ ᠪᠠᠨ ᠭᠡᠳᠤᠨ ᠠᠯᠬᠤᠮ ᠳᠦᠭᠦᠵᠤ) ᠳᠠ ᠁ ᠳᠠ ᠴᠢᠨᠢ ᠁ ᠦᠨᠦ ᠳᠢᠩᠭᠢᠮ ᠤᠨ ᠳᠠᠷᠤᠭ᠎ᠠ ᠭᠦᠷᠵᠡᠪ ᠮᠦᠨ ᠦᠦ︖ (ᠳᠤᠷᠴᠤ ᠳᠡᠭᠡᠭᠯᠡᠭ᠍ᠰᠡᠭᠡᠷ)

ᠭᠦᠷᠵᠡᠪ ᠄ ᠡᠩ ᠊᠊᠊᠊᠊᠊᠊᠊᠊᠊᠊᠊᠊᠊᠊ ᠶᠠᠭ ᠪᠢ ᠮᠦᠨ᠂ ᠣᠴᠢᠷ ᠲᠡᠶ ᠦᠦ︖ ᠣᠴᠢᠷ ᠲᠡᠶ ᠪᠣᠯ ᠳᠦᠷᠭᠡᠨ ᠭᠡᠯᠡ︕ ᠪᠢ ᠪᠠᠰᠠ ᠶᠠᠭᠠᠷᠠᠤ ᠪᠠᠢ᠌ᠨ᠎ᠠ᠃

ᠮᠧᠳᠡᠭ᠄ ᠡᠡᠱᠢᠭᠦᠢ᠂ ᠰᠠᠢ᠌ᠨ ᠪᠣᠯᠤᠯ᠎ᠠ᠂ ᠦᠨᠦ ᠮᠠᠭᠤ ᠭᠡᠦᠭᠡᠨ ᠵᠢᠡᠵᠢᠭ᠍‍ᠮ᠎ᠡ ᠵᠤᠭᠤᠰ ᠶᠢᠡᠨ ᠨᠡᠭᠡᠭᠦ ᠪᠠᠷ ᠣᠷᠤᠬᠤ ᠳᠤ ᠮᠠᠨᠢ ᠭᠦᠭ᠍ᠰᠢᠨ ᠮᠢᠨᠤ ᠳᠤᠯᠤᠭᠠᠢ ᠳᠡᠭᠡᠷ᠎ᠡ ᠨᠢᠯᠪᠣᠵᠤ᠂ ᠬᠠᠴᠠᠷ ᠢ ᠨᠢᠭᠡ ᠠᠯᠠᠭᠠᠳᠠᠭᠠᠤᠨ ᠳᠠᠪᠠ ᠨᠢ ᠪᠠᠰᠠᠴᠤ ᠬᠠᠨᠤᠭᠰᠠᠨ ᠥᠭᠡᠢ 《ᠭᠦᠭ᠍ᠰᠢᠨ ᠵᠥᠨᠦᠭ᠌ ᠴᠢ ᠵᠠᠭᠠᠯᠳᠤᠬᠤ ᠭᠡᠤᠨ ᠬᠠᠤᠯᠠᠢ ᠶᠢᠨ ᠳᠢᠩᠭᠢᠮ ᠤᠨ ᠡᠭᠦᠳᠡ ᠬᠠᠮᠢᠭᠠᠰᠢ ᠪᠠᠨ ᠬᠠᠠᠳᠤᠵᠤ ᠪᠠᠢ᠌ᠭ᠎ᠠ ᠶᠢ ᠮᠡᠳᠡᠭᠦ ᠶᠤᠮ ᠦᠦ︖》 ᠭᠡᠵᠤ ᠳᠤᠷᠤᠮᠵᠢᠯᠠᠭᠰᠠᠨ᠂ ᠦᠨᠦᠳᠤᠷ ᠪᠢ ᠶᠠᠭᠤ ᠭᠡᠰᠡᠨ ᠴᠤ ᠳᠠᠨ ᠲᠡᠶ ᠣᠯᠤᠭᠠᠤᠨ ᠵᠤᠯᠭᠠᠴᠢᠬᠠᠯ᠎ᠠ (ᠪᠠᠶᠠᠷᠳᠠᠢ ᠭᠡᠭ᠍ᠴᠢ ᠪᠠᠷ)

ᠭᠦᠷᠵᠡᠪ᠄ ᠣᠴᠢᠷ ᠶᠢᠡᠨ ᠬᠤᠷᠳᠤᠨ ᠭᠡᠯᠡᠴᠢᠭᠡ︕ ᠬᠨ ᠊᠊᠊᠊᠊᠊᠊᠊᠊᠊᠊᠊᠊᠊᠊ (ᠡᠪᠰᠢᠶᠡᠯᠭᠡᠨ᠎ᠡ)

ᠮᠸᠳᠡᠭ᠌᠄ ᠪᠦᠭᠡᠷ᠎ᠡ ᠡ᠂ ᠡᠵᠢ ᠨᠢ ᠨᠢᠭᠡ ᠭᠦᠮᠤᠨ ᠢ ᠵᠠᠭᠠᠯᠳᠤᠶ᠎ᠠ ᠭᠡᠰᠡᠨ ᠶᠤᠮ ᠃  (ᠵᠤᠪᠠᠭᠰᠠᠨ ᠶᠠᠩᠵᠤ ᠲᠡᠶ)

ᠭᠦᠷᠵᠡᠪ᠄ ᠳᠠᠨᠤᠰ ᠡᠳᠦᠷᠵᠢᠨ ᠵᠠᠭᠠᠯᠳᠤᠯᠭ᠎ᠠ᠂ ᠵᠠᠭᠠᠯᠳᠤᠯᠭ᠎ᠠ ᠭᠡᠤᠨ᠂ ᠵᠠᠭᠠᠯᠳᠤᠯᠭ᠎ᠠ ᠭᠢᠭᠦ ᠦᠭᠡᠶ ᠪᠣᠯ ᠠᠮᠢᠳᠤᠷᠠᠵᠤ ᠳᠡᠢ᠌ᠯᠭᠦ ᠦᠭᠡᠶ ᠶᠤᠮ ᠦᠦ︖ ᠪᠠᠰᠠ ᠭᠡᠨ ᠶᠢᠡᠨ ᠵᠠᠭᠠᠯᠳᠤᠬᠤ ᠭᠡᠤᠨ ᠁ (ᠭᠡᠭ᠍ᠵᠢᠭᠦᠨ ᠶᠢᠡᠷ)

ᠮᠸᠳᠡᠭ᠌᠄ ᠦᠨᠦ ᠳᠠᠷᠠ ᠮᠠᠨ ᠤ ᠵᠡᠷᠭᠡᠯᠳᠡᠭᠡ ᠭᠡᠷ ᠤᠨ ᠵᠢᠡᠵᠢᠭ᠍‍ᠮ᠎ᠡ ᠶᠢ ᠰᠢᠳᠠ᠃

ᠭᠦᠷᠵᠡᠪ᠄ (ᠭᠠᠢ᠌ᠬᠠᠨ ᠰᠤᠴᠢᠭᠰᠠᠨ ᠶᠠᠩᠵᠤ ᠲᠡᠶ) ᠬᠠᠮᠢᠭᠠᠭᠢ ᠵᠢᠡᠵᠢᠭ᠍‍ᠮ᠎ᠡ  ᠭᠡᠨ᠎ᠡ︖

ᠮᠸᠳᠡᠭ᠌᠄ ᠮᠠᠨ ᠤ ᠠᠢ᠌ᠯ ᠤᠨ ᠵᠢᠡᠵᠢᠭ᠍‍ᠮ᠎ᠡ᠃

ᠭᠦᠷᠵᠡᠪ᠄ (ᠠᠭᠤᠷᠯᠠᠵᠤ) ᠮᠠᠨ ᠤ ᠠᠢ᠌ᠯ᠂ ᠮᠠᠨ ᠤ ᠠᠢ᠌ᠯ ᠯᠠ ᠭᠡᠭᠦ ᠶᠤᠮ᠂  ᠲ᠋ᠠᠨ ᠤ ᠠᠢ᠌ᠯ ᠴᠢᠨᠢ ᠨᠠᠷ᠎ᠠ ᠦᠭᠡᠶ ᠶᠤᠮ ᠦᠦ︖

ᠮᠸᠳᠡᠭ᠌᠄ (ᠮᠠᠩᠨᠠᠢ ᠪᠠᠨ ᠭᠦᠩᠭᠡᠭᠡᠨ ᠠᠯᠠᠭᠠᠳᠠᠭᠠᠤᠨ) ᠶ‍ᠣ᠊᠂ ᠡᠵᠢ ᠨᠢ ᠦᠨᠦ ᠳᠡᠷᠭᠡᠨ ᠤ ᠣᠴᠢᠷ ᠲᠤ ᠵᠤᠪᠠᠭᠰᠠᠭᠠᠷ ᠪᠠᠢ᠌ᠭᠠᠤᠨ ᠳᠠᠷᠢᠭᠢ ᠳᠤᠯᠤᠭᠠᠢ ᠣᠯᠠᠮ ᠮᠤᠨᠤᠴᠢᠬᠠᠵᠠᠢ᠃  ᠠᠢ᠌ᠯ ᠤᠨ ᠶᠢᠡᠨ ᠨᠠᠷ᠎ᠠ ᠶᠢ ᠴᠤ ᠭᠡᠯᠡᠵᠤ ᠦᠭ‍ᠭᠦ ᠪᠠᠨ ᠮᠠᠷᠳᠠᠴᠢᠬᠠᠯ᠎ᠠ᠃ ᠡᠵᠢ ᠨᠢ ᠬᠠᠯᠢᠭᠤᠳᠤ ᠶᠢᠨ ᠭᠢ ᠰᠢᠤ᠃ ᠵᠢᠡᠵᠢᠭ᠍‍ᠮ᠎ᠡ ᠭᠡᠳᠡᠭ᠌ ᠴᠢᠨᠢ ᠬᠠᠷ᠎ᠠ ᠳᠤᠭᠤᠭ᠎ᠠ ᠶᠢᠨ ᠡᠭᠡᠨᠡᠷ ᠢ ᠭᠡᠯᠡᠳᠡᠭ᠌᠃

ᠭᠦᠷᠵᠡᠪ᠄ ᠳᠠᠷᠠ ᠳᠠᠨ ᠢ ᠶᠠᠭᠠᠭᠢᠭᠰᠠᠨ ᠪᠣᠢ︖

ᠮᠸᠳᠡᠭ᠌᠄ ᠳᠠᠳᠠᠨ ᠤ ᠭᠢ ᠣᠷᠵᠢᠨᠤᠨ ᠬᠠᠪᠣᠷ ᠪᠢᠳᠠᠨ ᠤ ᠴᠤᠷ ᠤᠨ ᠭᠠᠭᠴᠠ ᠭᠦᠷᠦᠩᠭᠡ ᠬᠤᠭᠰᠢᠯ ᠪᠣᠯᠵᠤ ᠪᠠᠢ᠌ᠭᠰᠠᠨ ᠳᠦᠷᠪᠡᠨ ᠭᠦᠷᠳᠦᠳᠤ ᠳᠷᠠᠺᠲ᠋ᠤᠷ ᠢ ᠨᠠᠮᠤᠷ ᠪᠣᠴᠠᠭᠠᠨ᠎ᠠ ᠭᠡᠵᠤ ᠳᠦᠷᠪᠡᠨ ᠮᠢᠩᠭ᠋ᠠᠨ ᠳᠦᠭᠦᠷᠢᠭ᠌ ᠶᠢᠡᠷ ᠱᠡᠭᠡᠯᠡᠵᠤ ᠠᠪᠠᠴᠢᠭᠠᠤᠨ ᠣᠳᠤ ᠪᠣᠯᠳᠠᠯ᠎ᠠ ᠰᠤᠬᠤᠷ ᠵᠤᠭᠤᠰ ᠴᠤ ᠦᠭ‍ᠭᠦᠭᠡᠳᠦᠢ ᠮᠥᠷᠳᠡᠭᠡᠨ ᠨᠢᠭᠡᠮᠦᠰᠤᠨ ᠦᠭ‍ᠭᠦ ᠦᠭᠡᠶ ᠯᠠᠢ ᠭᠡᠨ᠎ᠡ᠃ ᠬᠠᠮᠢᠭ᠎ᠠ ᠣᠴᠢᠵᠤ ᠵᠠᠭᠠᠯᠳᠤᠪᠠᠯ ᠵᠠᠭᠠᠯᠳᠤ ᠭᠡᠨ᠎ᠡ᠃ ᠡᠨᠡ ᠴᠢᠨᠢ ᠶᠠᠮᠠᠷ ᠥᠭᠡ ᠪᠣᠢ︖ ᠡᠪᠦᠭᠡᠨ ᠮᠢᠨᠢ ᠳᠠᠷᠢᠭᠢᠨ ᠳᠤ ᠴᠢᠰᠤ ᠬᠠᠷᠪᠣᠬᠤ ᠡᠪᠠᠦᠡᠴᠢᠨ ᠳᠤ ᠨᠡᠷᠪᠠᠭ᠍ᠳᠡᠭᠡᠤᠨ ᠦᠨᠦ ᠥᠵᠡᠭᠦᠯᠭᠦ ᠵᠤᠭᠤᠰ ᠦᠭᠡᠶ᠂ ᠥᠭᠦᠭᠦ ᠪᠠᠨ ᠭᠦᠯᠢᠶᠡᠭᠡᠤᠨ ᠬᠠᠠᠵᠤᠨ ᠳᠡᠭᠡᠷ᠎ᠡ ᠪᠠᠨ ᠶᠤᠤᠯᠠᠨ ᠭᠡᠪᠳᠡᠵᠤ ᠪᠠᠢ᠌ᠨ᠎ᠠ᠃ (ᠨᠢᠯᠪᠣᠰᠤ ᠪᠠᠨ ᠵᠥᠯᠭᠦᠨ᠎ᠡ)

ᠦᠨᠡᠠᠴᠢ᠄ (ᠠᠵᠢᠯ ᠤᠨ ᠬᠤᠪᠴᠠᠰᠤ ᠪᠠᠨ ᠳᠠᠷᠢ ᠳᠡᠭ᠍ᠰᠢᠭᠡᠨ ᠡᠮᠦᠰᠴᠢᠭᠡᠭ᠍ᠰᠡᠨ ᠳᠢᠩᠭᠢᠮ ᠳᠤ ᠣᠷᠤᠵᠤ ᠢᠷᠠᠨ ᠳᠠᠷᠤᠭ᠎ᠠ ᠲᠡᠶ ᠪᠠᠨ ᠮᠠᠠᠳᠤᠴᠢᠯᠠᠵᠤ᠂ ᠣᠷᠤᠨ ᠳᠠᠭᠠᠨ ᠣᠴᠢᠵᠤ ᠰᠠᠭᠤᠭᠰᠠᠨ ᠶᠢᠡᠨ) ᠳᠠᠷᠤᠭ᠎ᠠ ᠡ᠂ ᠡᠨᠡ ᠨᠠᠰᠤᠳᠠᠨ ᠶᠠᠭᠤᠨ ᠳᠤ ᠣᠭᠢᠯᠠᠵᠤ ᠪᠠᠢ᠌ᠭ᠎ᠠ ᠶᠤᠮ︖ (ᠦᠷᠦ ᠡᠪᠠᠳᠦᠩᠭᠡᠨ)

ᠭᠦᠷᠵᠡᠪ᠄ ᠬᠠᠢ︕ ᠳᠷᠠᠺᠲ᠋ᠤᠷ ᠶᠢᠡᠨ ᠪᠣᠰᠤᠳ ᠲᠤ ᠱᠡᠭᠡᠯᠡᠭᠡ ᠪᠠᠷ ᠦᠭ‍ᠭᠦᠭᠡᠤᠨ ᠭᠤᠷᠪᠠᠨ ᠵᠢᠯ ᠪᠣᠯᠳᠠᠯ᠎ᠠ ᠵᠤᠭᠤᠰ ᠢ ᠨᠢ ᠣᠯᠤᠭ᠎ᠠ ᠦᠭᠡᠶ ᠭᠡᠨ᠎ᠡ᠃

ᠦᠨᠡᠠᠴᠢ᠄ (ᠠᠭᠤᠷᠯᠠᠨ) ᠶᠠᠮᠠᠷ ᠶᠤᠰᠤ ᠭᠡᠯᠡᠭᠦ ᠦᠭᠡᠶ ᠠᠮᠢᠳᠠᠨ ᠨᠢ ᠢᠩᠭᠢᠵᠤ ᠠᠭᠠᠰᠢᠯᠠᠵᠤ ᠪᠠᠢ᠌ᠭ᠎ᠠ ᠶᠤᠮ︖ ᠨᠠᠰᠤᠳᠠᠨ ᠳᠠ ᠳᠡᠷᠭᠡ ᠪᠠᠨ ᠦᠭ‍ᠭᠦ ᠳᠡᠭᠡᠨ ᠭᠡᠷᠡᠴᠢ ᠪᠢᠴᠢᠭᠦᠯᠵᠤ ᠠᠪᠣᠭᠰᠠᠨ ᠦᠦ︖

ᠮᠸᠳᠡᠭ᠌᠄ ᠭᠦᠷᠰᠢ ᠵᠡᠷᠭᠡᠯᠡᠳᠡᠭᠡ ᠡᠷᠡᠭᠡ ᠵᠢᠷᠤᠭ᠎ᠠ ᠦᠭᠡᠶ ᠶᠠᠪᠣᠯᠴᠠᠳᠠᠭ ᠣᠯᠤᠰ ᠶᠤᠮ ᠴᠢᠨᠢ ᠬᠠᠮᠢᠭ᠎ᠠ ᠦᠭᠡᠶ ᠪᠠᠢ᠌ᠯᠭᠦᠢ ᠭᠡᠤᠨ ᠵᠥᠭᠡᠷ ᠯᠠ ᠳᠡᠭᠡᠭᠡᠤᠨ ᠦᠭ‍ᠭᠦᠭᠡᠤᠨ ᠶᠠᠪᠣᠭᠤᠯᠴᠢᠬᠠᠭᠰᠠᠨ᠂ ᠭᠡᠳᠡᠯ᠎ᠡ ᠣᠳᠤ ᠨᠤᠬᠠᠢ ᠪᠠᠨ ᠢᠳᠡᠭᠡᠭᠡᠤᠨ ᠬᠠᠠᠵᠤᠨ ᠳᠡᠭᠡᠷ᠎ᠡ ᠪᠠᠨ ᠪᠠᠭᠠᠭᠰᠠᠨ ᠭᠡᠷᠡᠭ᠌ ᠭᠠᠷᠴᠢᠬᠠᠵᠠᠢ᠃

ᠦᠨᠡᠠᠴᠢ᠄ (ᠪᠠᠴᠢᠮᠳᠠᠩᠬᠠᠨ) ᠭᠡᠷᠡᠴᠢ ᠪᠠᠢ᠌ᠬᠤ ᠳᠤ ᠭᠦᠷᠪᠠᠯ ᠵᠤᠭᠤᠰ ᠶᠢᠡᠨ ᠠᠪᠬᠤ ᠳᠤ ᠳᠦᠭᠦᠮ ᠪᠢᠰᠢᠤ︖ ᠣᠳᠤ ᠶᠠᠭᠠᠭᠢᠳᠠᠭ ᠪᠢᠯᠠ︖ ᠶᠠᠳᠠᠵᠤ ᠡᠨᠡ ᠣᠴᠢᠷ ᠢ ᠴᠢᠨᠢ ᠥᠵᠡᠭ᠍ᠰᠡᠨ ᠬᠠᠷᠠᠭᠰᠠᠨ ᠭᠦᠮᠤᠨ ᠴᠤ ᠦᠭᠡᠶ ᠦᠦ︖

ᠮᠸᠳᠡᠭ᠌᠄ ᠥᠵᠡᠭ᠍ᠰᠡᠨ ᠭᠦᠮᠤᠨ ᠦᠦ︖ ᠪᠠᠢ᠌ᠨ᠎ᠠ᠂ ᠪᠠᠢ᠌ᠨ᠎ᠠ᠃ ᠡᠪᠦᠭᠡᠨ ᠤ ᠨᠠᠢ᠌ᠵᠠ ᠨᠢ ᠳᠦᠭᠦᠷᠡᠩ ᠳᠠᠷᠠ ᠡᠳᠦᠷ ᠶᠠᠭ ᠮᠠᠨ ᠤ ᠳᠤ ᠣᠴᠢᠭᠠᠤᠨ ᠠᠷᠢᠭᠢᠳᠠᠵᠤ ᠪᠠᠢ᠌ᠵᠠᠢ᠃

ᠭᠦᠷᠵᠡᠪ᠄ ᠳᠡᠭᠡᠪᠠᠯ ᠳᠠ ᠣᠷᠢᠳᠠᠪᠠᠷ ᠬᠠᠷᠢᠵᠤ ᠪᠠᠢ᠌ᠭᠠᠷᠠᠢ︕ ᠳᠠᠷᠠᠭ᠎ᠠ ᠪᠠᠷ ᠴᠢᠮᠡᠭᠡ ᠦᠭ‍ᠭᠦᠶ᠎ᠡ᠃

ᠮᠸᠳᠡᠭ᠌᠄ ᠳᠡᠭᠡᠶ᠎ᠡ᠂ ᠭᠡᠦᠭᠡ ᠡ᠃ ᠳᠠᠨ ᠢ ᠵᠤᠪᠠᠭᠠᠯ᠎ᠠ ᠳ᠋ᠠ᠃ (ᠪᠠᠭᠤᠨ᠎ᠠ)

ᠦᠨᠡᠠᠴᠢ᠄ (ᠳᠠᠷᠤᠭ᠎ᠠ ᠥᠭᠡᠳᠡ ᠪᠠᠨ ᠬᠠᠠᠳᠤᠵᠤ) ᠳᠠ ᠡᠨᠡ ᠭᠡᠷᠡᠭ᠌ ᠢ ᠶᠠᠭᠠᠭᠢᠵᠤ ᠰᠢ᠌ᠦᠡᠪᠦᠷᠢᠯᠡᠭᠦ ᠭᠡᠵᠤ ᠪᠠᠢ᠌ᠭ᠎ᠠ ᠪᠣᠢ︖ (ᠵᠥᠪᠳᠡᠭᠦ ᠮᠠᠶ‍ᠢᠭ ᠶᠢᠡᠷ)

ᠭᠦᠷᠵᠡᠪ᠄ ᠡᠨᠡ ᠭᠦᠭ᠍ᠰᠢᠨ ᠴᠢᠨᠢ ᠭᠡᠷᠡᠴᠢ ᠪᠠᠷᠢᠮᠳᠠ ᠴᠤ ᠦᠭᠡᠶ ᠳᠡᠭᠡᠷ᠎ᠡ ᠪᠠᠨ ᠰᠥᠢᠦᠡᠭᠡᠯ ᠮᠥᠢᠦᠡᠭᠡᠯ ᠶᠢᠡᠨ ᠴᠤ ᠳᠤᠰᠢᠶᠠᠵᠤ ᠳᠡᠢ᠌ᠯᠭᠦ ᠦᠭᠡᠶ᠃ ᠳᠠᠷᠠ ᠭᠡᠨ ᠤ ᠭᠢᠨᠢ ᠨᠠᠭᠠᠴᠤ ᠡᠮᠡᠭᠡ ᠪᠣᠯᠴᠢᠬᠠᠭᠰᠠᠨ ᠪᠣᠢ︖ ᠪᠣᠯᠢᠭᠰᠠᠨ ᠳᠡᠭᠡᠷ᠎ᠡ᠃

ᠦᠨᠡᠠᠴᠢ᠄ ᠭᠦ ᠳᠠᠷᠤᠭ᠎ᠠ ᠡ᠂ ᠳᠠᠨ ᠤ ᠡᠨᠡ ᠴᠢᠨᠢ ᠳᠠᠭᠠᠷᠠᠬᠤ ᠦᠭᠡᠶ ᠰᠢᠤ᠂ ᠠᠷᠠᠤᠨ ᠲᠦᠮᠡᠨ ᠤ ᠠᠰᠢᠭ ᠳᠤᠰᠠ ᠶᠢ ᠬᠠᠮᠠᠭᠠᠯᠠᠬᠤ ᠪᠣᠯ ᠴᠢ ᠪᠢᠳᠠᠨ ᠤ ᠲᠦᠯᠬᠢᠵᠤ ᠪᠣᠯᠤᠰᠢ ᠦᠭᠡᠶ ᠳᠠᠷᠬᠠᠨ ᠬᠠᠷᠢᠭᠤᠴᠠᠯᠭ᠎ᠠ ᠮᠦᠨ᠃ ᠭᠤᠤᠯᠴᠢ ᠪᠣᠰᠤ ᠣᠢ᠌ᠯᠠ ᠶᠠᠪᠣᠳᠠᠯ ᠢ ᠨᠢᠳᠤ ᠪᠠᠨ ᠪᠦᠯᠳᠡᠢ᠌ᠳᠡᠯ᠎ᠡ ᠬᠠᠷᠠᠵᠤ ᠪᠠᠢ᠌ᠭᠠᠤᠨ ᠬᠠᠮᠢᠶᠠᠷᠬᠤ ᠦᠭᠡᠶ ᠪᠣᠯ ᠢᠳᠡᠭᠡᠵᠤ  ᠪᠢᠰᠢᠷᠡᠭ᠍ᠰᠡᠨ ᠠᠷᠠᠤᠨ ᠲᠦᠮᠡᠨ ᠳᠡᠭᠡᠨ ᠣᠰᠤᠯᠳᠠᠨ᠎ᠠ᠃

ᠰᠥᠢᠦᠡᠭᠡᠯ ᠳᠤᠰᠢᠶᠠᠵᠤ ᠳᠡᠢ᠌ᠯᠭᠦ ᠦᠭᠡᠶ ᠰᠢᠯᠳᠠᠭ ᠶᠢᠡᠷ ᠭᠡᠷᠡᠭ᠌ ᠢ ᠦᠯᠦ ᠬᠠᠢ᠌ᠬᠤᠷᠬᠤ ᠭᠡᠳᠡᠭ᠌ ᠴᠢᠨᠢ ᠶᠤᠰᠤᠨ ᠳᠤ ᠨᠡᠢ᠌ᠴᠡᠭᠦ ᠦᠭᠡᠶ ᠶᠠᠪᠣᠳᠠᠯ᠂ ᠴᠢᠨᠤ ᠭᠡᠯᠡᠭᠦ ᠪᠠᠷ ᠵᠤᠭᠤᠰ ᠦᠭᠡᠶ ᠭᠦᠮᠤᠨ ᠨᠢ ᠡᠭᠦᠷᠢᠳᠡ ᠪᠣᠰᠤᠳ ᠲᠤ ᠳᠤᠷᠤᠮᠵᠢᠯᠠᠭᠳᠠᠨ᠎ᠠ ᠭᠡᠰᠡᠨ ᠥᠭᠡ ᠦᠦ︖ ᠭᠡᠷᠡᠴᠢ ᠭᠡᠭᠦ ᠳᠤ ᠥᠵᠡᠭ᠍ᠰᠡᠨ ᠭᠦᠮᠤᠨ ᠪᠠᠢ᠌ᠭ᠎ᠠ ᠪᠢᠰᠢᠤ︖ (ᠠᠭᠤᠷᠳᠠᠢ᠌ᠬᠠᠨ ᠶᠢᠡᠷ)

ᠭᠦᠷᠵᠡᠪ᠄ ᠴᠢᠨᠤ ᠡᠨᠡ ᠴᠢᠨᠢ ᠶᠠᠭᠠᠭᠢᠵᠤ ᠠᠭᠠᠰᠢᠯᠠᠵᠤ ᠪᠠᠢ᠌ᠬᠤ ᠪᠣᠢ︖ ᠣᠳᠤᠷᠢᠳᠤᠯᠭ᠎ᠠ ᠶᠢᠨ ᠶᠢᠡᠨ ᠥᠭᠡᠳᠡ ᠡᠴᠡ ᠢᠩᠭᠢᠵᠤ ᠨᠢᠳᠤ ᠡᠷᠡᠢ᠌ᠭᠦ ᠭᠡᠳᠡᠭ᠌ ᠴᠢᠨᠢ᠃ ᠴᠢ ᠭᠡᠳᠥᠢᠪᠠᠷ ᠶᠡᠭᠡ ᠰᠤᠷᠭᠠᠭᠤᠯᠢ ᠳᠡᠭᠦᠰᠦᠭ᠍ᠰᠡᠨ ᠦᠨᠡᠮᠯᠠᠯ ᠲᠡᠶ ᠭᠡᠳᠡᠭ᠌ ᠪᠣᠯᠪᠠᠴᠤ ᠮᠢᠨᠤ ᠡᠷᠭᠡᠨ ᠳᠤᠤᠷ᠎ᠠ ᠠᠵᠢᠯᠯᠠᠵᠤ ᠪᠠᠢ᠌ᠨ᠎ᠠ ᠭᠡᠳᠡᠭ᠌ ᠶᠢᠡᠨ ᠪᠢᠳᠡᠭᠡᠢ ᠮᠠᠷᠳᠠ︕ ᠪᠢ ᠴᠢᠮᠢ᠋ᠢ ᠵᠠᠷᠤᠨ᠎ᠠ ᠭᠡᠪᠠᠯ ᠵᠠᠷᠤᠨ᠎ᠠ᠂ ᠵᠠᠷᠤᠬᠤ ᠦᠭᠡᠶ ᠭᠡᠪᠠᠯ ᠪᠦᠭ᠍ᠰᠡ ᠶᠢ ᠴᠢᠨᠢ ᠨᠢᠭᠡᠯᠡ ᠠᠯᠠᠭᠠᠳᠠᠭᠠᠤᠨ ᠥᠭᠡᠷ᠎ᠡ ᠭᠠᠵᠠᠷ ᠶᠠᠪᠣᠭᠤᠯᠴᠢᠬᠠᠨ᠎ᠠ᠃

ᠦᠨᠡᠠᠴᠢ᠄ ᠥᠭᠡᠷ᠎ᠡ ᠭᠠᠵᠠᠷ ᠶᠠᠪᠣᠳᠠᠭ ᠡᠴᠡ ᠠᠶᠤᠳᠠᠭ ᠭᠦᠮᠤᠨ ᠪᠢ ᠪᠢᠰᠢ᠂ ᠭᠡᠳᠡᠯ᠎ᠡ ᠴᠢ ᠡᠨᠡ ᠨᠠᠰᠤᠳᠠᠨ ᠤ ᠣᠴᠢᠷ ᠢ ᠬᠠᠮᠢᠶᠠᠷᠬᠤ ᠦᠭᠡᠶ ᠪᠠᠢ᠌ᠵᠤ ᠪᠣᠯᠬᠤ ᠦᠭᠡᠶ᠃

ᠭᠦᠷᠵᠡᠪ᠄ ᠬᠠᠮᠢᠶᠠᠷᠬᠤ ᠦᠭᠡᠶ ᠪᠣᠯ ᠶᠠᠭᠠᠭᠢᠳᠠᠭ ᠶᠤᠮ︖

ᠦᠨᠡᠠᠴᠢ᠄ ᠴᠢ ᠬᠠᠮᠢᠶᠠᠷᠬᠤ ᠦᠭᠡᠶ ᠴᠤ ᠪᠢ ᠡᠨᠡ ᠭᠡᠷᠡᠭ᠌ ᠢ ᠯᠠᠪ ᠰᠢ᠌ᠤᠠᠪᠣᠷᠢᠯᠠᠨ᠎ᠠ᠃

(ᠠᠭᠤᠷᠳᠠᠢ ᠭᠠᠷᠴᠤ ᠶᠠᠪᠣᠨ᠎ᠠ)

ᠭᠦᠷᠵᠡᠪ᠄ ᠴᠢ ᠁ (ᠭᠢᠯᠢᠩᠳᠠᠢ ᠬᠤᠴᠤᠷᠤᠨ᠎ᠠ)

ᠵᠢᠡᠵᠢᠭ᠍‍ᠮ᠎ᠡ᠄ (ᠵᠢᠠᠵᠠᠢ᠌ᠵᠤ ᠵᠠᠠᠵᠠᠢ᠌ᠳᠠᠯ᠎ᠠ ᠵᠠᠰᠠᠴᠢᠬᠠᠭᠰᠠᠨ ᠳᠠᠢ᠌ᠰᠠᠨ ᠳᠤ ᠭᠠᠷᠴᠤ) ᠳᠤᠭ᠂ ᠳᠤᠭ᠂ ᠳᠤᠭ ᠁ (ᠡᠭᠦᠳᠡ ᠳᠤᠭᠰᠢᠨ᠎ᠠ)

ᠭᠦᠷᠵᠡᠪ᠄ ᠣᠷᠤᠵᠤ ᠢᠷ᠎ᠠ︕ (ᠠᠭᠤᠷᠳᠠᠢ᠌ᠬᠠᠨ)

ᠵᠢᠡᠵᠢᠭ᠍‍ᠮ᠎ᠡ᠄ ᠶ‍ᠣ᠊᠂ ᠮᠢᠨᠤ ᠬᠦ᠊ ᠠᠬ᠎ᠠ ᠶᠢ ᠭᠡᠨ ᠠᠭᠤᠷᠯᠠᠭᠤᠯᠴᠢᠬᠠᠭᠰᠠᠨ ᠪᠣᠢ︖ ᠠᠬ᠎ᠠ ᠳᠠᠨ ᠢ ᠪᠠᠨ ᠡᠨᠡ ᠰᠠᠨᠠᠭᠰᠠᠨ ᠭᠡᠵᠢ ᠡ᠃ (ᠮᠤᠰᠭᠢᠯᠳᠤᠨ ᠢᠨᠢᠶᠡᠭ᠍ᠰᠡᠭᠡᠷ ᠱᠠᠹᠠ ᠳᠡᠭᠡᠷ᠎ᠡ ᠣᠴᠢᠵᠤ ᠰᠠᠭᠤᠨ᠎ᠠ)

ᠭᠦᠷᠵᠡᠪ᠄ (ᠴᠢᠷᠠᠢ ᠪᠠᠨ ᠳᠡᠭ᠍ᠰᠢᠯᠡᠵᠤ) ᠳᠤᠭᠤᠭ᠎ᠠ ᠳᠠᠨ ᠤ ᠬᠤᠶᠠᠷ ᠰᠢᠭᠡᠰᠤᠨ ᠭᠡᠷᠡᠭ᠌ ᠶᠢᠡᠨ ᠪᠠᠷᠠᠭᠠᠳᠤᠢ ᠪᠠᠷ ᠪᠠᠰᠠ ᠪᠠᠭᠠᠰᠤᠨ ᠭᠡᠷᠡᠭ᠌ ᠳᠠᠳᠠᠴᠢᠬᠠᠯ᠎ᠠ᠃ ᠪᠣᠰᠤᠳ ᠤᠨ ᠮᠤᠳᠤ ᠶᠢ ᠬᠤᠯᠠᠭᠠᠢ᠌ᠯᠠᠵᠤ ᠬᠤᠳᠠᠯᠳᠤᠭᠰᠠᠨ ᠣᠴᠢᠷ ᠢ ᠴᠢᠨᠢ ᠳᠦᠩᠭᠡᠵᠢ ᠨᠢᠭᠡ ᠳᠠᠷᠤᠵᠤ ᠳᠠᠯᠪᠢᠭᠰᠠᠨ ᠪᠠᠢ᠌ᠬᠤ ᠳᠤ ᠣᠳᠤ ᠪᠠᠰᠠ᠁ ᠡᠨᠡ ᠣᠳᠠᠭ᠎ᠠ ᠳᠠᠷᠠ ᠪᠠᠭ᠎ᠠ ᠡᠪᠦᠭᠡ ᠴᠢᠨᠢ ᠭᠡᠷᠡᠭ᠌ ᠢ ᠵᠠᠪᠠᠯ ᠪᠠᠢ᠌ᠴᠠᠭᠠᠨ᠎ᠠ ᠭᠡᠤᠨ ᠨᠠᠮᠢ᠋ᠢ ᠰᠠᠠᠳᠤᠷᠭᠠᠵᠤ ᠪᠠᠢ᠌ᠨ᠎ᠠ᠃ ᠨᠠᠭᠠᠴᠤ ᠡᠮᠡᠭᠡ ᠳᠠᠭᠤᠳᠠᠶ᠎ᠠ ᠳᠠᠨ ᠢ᠂ ᠳᠡᠷᠭᠡᠨ ᠵᠤᠭᠤᠰ ᠶᠢ ᠨᠢ ᠳᠦᠷᠭᠡᠨ ᠠᠪᠠᠴᠢᠭᠠᠤᠨ ᠥᠭ᠍ᠴᠢᠭᠡ᠂ ᠳᠠᠷᠠ ᠭᠦᠭ᠍ᠰᠢᠨ ᠳᠤ ᠭᠡᠷᠡᠴᠢ ᠭᠦᠮᠤᠨ ᠲᠡᠶ᠃

ᠵᠢᠡᠵᠢᠭ᠍‍ᠮ᠎ᠡ᠄ ᠠᠢ ᠶᠠ︕ ᠬᠦ᠊ ᠠᠬ᠎ᠠ ᠡ᠂ ᠡᠨᠡ ᠡᠪᠦᠭᠡᠨ ᠡᠮᠡᠭᠡᠨ ᠴᠤ ᠰᠥᠷᠡᠭᠡᠢ ᠭᠦᠮᠦᠰ ᠰᠢᠤ᠂ ᠡᠳᠡ ᠪᠠᠰᠠ ᠪᠢᠳᠠᠨ ᠳᠤ ᠣᠪᠣᠭ᠎ᠠ ᠦᠷᠢ ᠲᠡᠶ᠂ ᠳᠠᠷᠠ ᠵᠢᠯ ᠭᠤᠷᠪᠠᠨ ᠮᠠᠳᠠᠢ ᠡᠷᠳᠡᠨᠢ ᠰᠢᠰᠢ ᠶᠢ ᠵᠢᠭᠡᠯᠡᠵᠤ ᠢᠳᠡᠭᠡᠤᠨ ᠪᠣᠴᠠᠭᠠᠭᠰᠠᠨ ᠦᠭᠡᠶ᠂ ᠪᠠᠰᠠ ᠮᠠᠨ ᠤ᠁

ᠭᠦᠷᠵᠡᠪ᠄ (ᠥᠭᠡ ᠶᠢ ᠨᠢ ᠳᠠᠰᠤᠯᠵᠤ) ᠡᠭᠦᠨ ᠢ ᠴᠢᠨᠢ ᠭᠡᠨ ᠭᠡᠷᠡᠴᠢᠯᠡᠭᠦ ᠪᠣᠢ︖ ᠭᠡᠷᠡᠴᠢᠯᠡᠭᠦ ᠭᠦᠮᠤᠨ ᠦᠭᠡᠶ ᠪᠣᠯ ᠬᠠᠤᠯᠢ ᠳᠡᠭᠡᠷ᠎ᠡ ᠭᠦᠴᠤᠨ ᠦᠭᠡᠶ ᠰᠢᠤ ᠳ᠋ᠠ᠃  (ᠳᠤᠬᠤ ᠪᠠᠨ ᠮᠠᠭᠠᠵᠢᠵᠤ᠂ ᠭᠡᠰᠡᠭ᠌ ᠪᠣᠳᠤᠯᠭᠠᠷᠠᠰᠢᠭᠰᠠᠨ ᠶᠢᠡᠨ ᠭᠡᠨᠡᠳᠲᠡ) ᠣᠤᠬᠠᠢ︕ ᠡᠰᠡᠭᠦᠯ᠎ᠡ ᠴᠢ ᠳᠠᠷᠠ ᠡᠪᠦᠭᠡᠨ ᠳᠤ (ᠬᠤᠷᠤᠭᠤ ᠪᠠᠨ ᠢᠮᠠᠷᠴᠤ) ᠢᠩᠭᠢᠴᠢᠭᠡ︕

ᠵᠢᠡᠵᠢᠭ᠍‍ᠮ᠎ᠡ᠄ ᠳᠠᠷᠠ ᠡᠪᠦᠭᠡᠨ ᠴᠤ ᠶᠠᠭᠤ ᠪᠠᠢ᠌ᠬᠤᠪ︖ ᠭᠠᠭᠴᠠᠬᠦ ᠠᠬ᠎ᠠ ᠳᠠ ᠯᠠ ᠨᠢᠭᠡ ᠨᠢᠳᠤ ᠪᠠᠨ ᠠᠨᠢᠵᠤ ᠨᠢᠭᠡ ᠨᠢᠳᠤ ᠪᠠᠨ ᠨᠡᠭᠡᠭᠡᠤᠨ ᠥᠩᠭᠡᠷᠡᠭᠡᠴᠢᠭᠡᠳᠡᠭ᠌ ᠶᠤᠮ ᠪᠣᠯ ᠲᠦᠮᠡᠨ ᠭᠡᠷᠡᠭ᠌ ᠳᠡᠭᠦᠰ ᠪᠦᠳᠦᠴᠢᠭᠡᠭᠦ ᠨᠢ ᠳᠠᠷᠠ᠃ (ᠬᠠᠷᠮᠠᠨ ᠶᠢᠡᠨ ᠠᠭᠤᠳᠠᠯᠯᠠᠵᠤ᠂ ᠣᠯᠠᠭᠠᠨ ᠴᠠᠭᠠᠰᠤᠨ ᠪᠠᠭᠯᠠᠭ᠎ᠠ ᠭᠠᠷᠭᠠᠨ ᠭᠦᠷᠵᠡᠪ ᠤᠨ ᠡᠮᠦᠨ᠎ᠡ ᠳᠠᠯᠪᠢᠨ᠎ᠠ)

ᠭᠦᠷᠵᠡᠪ᠄ (ᠰᠠᠠᠳᠤᠷᠤᠨ ᠬᠤᠷᠢᠭᠯᠠᠵᠤ) ᠭᠦᠢ᠂ ᠭᠦᠢ᠂ ᠢᠩᠭᠢᠵᠤ ᠪᠣᠯᠬᠤ ᠦᠭᠡᠶ᠂ ᠴᠢᠨᠤ ᠡᠨᠡ ᠴᠢᠨᠢ ᠬᠠᠤᠯᠢ ᠶᠢ ᠵᠦᠷᠢᠴᠠᠵᠤ᠂ ᠠᠬ᠎ᠠ ᠨᠠᠮᠢ᠋ᠢ ᠪᠠᠨ ᠬᠤᠤᠷᠯᠠᠵᠤ ᠪᠠᠢ᠌ᠭ᠎ᠠ ᠶᠠᠪᠣᠳᠠᠯ ᠰᠢᠤ᠃

ᠵᠢᠡᠵᠢᠭ᠍‍ᠮ᠎ᠡ᠄ ᠪᠣᠯᠵᠠᠢ︕ ᠣᠪᠯᠠᠬᠤ ᠭᠡᠷᠡᠭ᠌ ᠦᠭᠡᠶ᠂ ᠠᠬ᠎ᠠ ᠳᠠᠨ ᠢ ᠶᠠᠮᠠᠷ ᠪᠢ ᠣᠢ᠌ᠯᠠᠭᠠᠬᠤ ᠦᠭᠡᠶ ᠪᠢᠰᠢ᠂ ᠳᠠ ᠶᠠᠮᠠᠷ ᠳᠠᠢ᠌ᠮᠤ ᠵᠤᠭᠤᠰ ᠤᠨ ᠨᠥᠭᠡᠨ ᠳᠤ ᠣᠨᠠᠭᠰᠠᠨ ᠭᠦᠮᠤᠨ ᠦᠦ︖ ᠭᠡᠳᠡᠯ᠎ᠡ ᠵᠤᠭᠤᠰ ᠦᠭᠡᠶ ᠪᠠᠷ ᠶᠠᠭᠠᠭᠢᠵᠤ ᠠᠮᠢᠳᠤᠷᠠᠬᠤ ᠪᠣᠢ︖ ᠳᠠᠢ᠌ᠮᠤ ᠦᠭᠡᠶ ᠦᠦ︖ (ᠭᠤᠬ᠎ᠠ ᠲᠡᠶ ᠨᠢᠳᠤ ᠪᠠᠷ ᠢᠮᠠᠷᠴᠤ) ᠭᠢ᠂ ᠭᠢ ᠁ (ᠵᠢᠰᠤᠷᠯᠠᠨ ᠢᠨᠢᠶᠠᠨ᠎ᠠ)

ᠦᠨᠡᠠᠴᠢ᠄ (ᠨᠠᠰᠤᠳᠠᠨ ᠢ ᠲᠦᠰᠢᠵᠤ᠂ ᠳᠠᠢ᠌ᠰᠠᠨ ᠳᠤ ᠭᠠᠷᠴᠤ᠂ ᠡᠭᠦᠳᠡᠨ ᠤ ᠳᠡᠷᠭᠡᠳᠡ ᠭᠦᠷᠦᠭᠡᠤᠨ ᠴᠢᠩᠨᠠᠨ᠎ᠠ)

ᠭᠦᠷᠵᠡᠪ᠄ ᠵᠠ᠂ ᠪᠣᠯᠵᠠᠢ᠂ ᠡᠨᠡ ᠪᠣᠯ ᠬᠠᠮᠤᠭ ᠰᠡᠭᠦᠯᠴᠢ ᠶᠢᠨ ᠣᠳᠠᠭ᠎ᠠ ᠰᠢᠤ᠂ ᠳᠠᠭᠢᠭᠠᠤᠨ ᠢᠩᠭᠢᠪᠠᠯ ᠪᠢ ᠬᠠᠮᠢᠶᠠᠷᠬᠤ ᠦᠭᠡᠶ᠃ ᠠᠬ᠎ᠠ ᠨᠢ ᠪᠠᠰᠠ ᠥᠷᠭᠡᠰᠤ (ᠦᠨᠡᠠᠴᠢ ᠶᠢᠨ ᠰᠢᠷᠡᠭᠡ ᠶᠢ ᠵᠢᠭᠠᠵᠤ) ᠢᠷᠡᠭ᠍ᠰᠡᠨ ᠡᠴᠡ ᠨᠠᠰᠢ ᠰᠠᠤᠠᠭᠢᠯ ᠠᠮᠤᠷ ᠦᠭᠡᠶ ᠪᠣᠯᠴᠢᠬᠠᠯ᠎ᠠ᠂ ᠡᠭᠦᠨ ᠢ ᠶᠠᠭᠠᠭᠢᠵᠤ ᠨᠢᠭᠡ ᠠᠷᠭᠠᠯᠠᠳᠠᠭ ᠪᠢᠯᠠ︖ (ᠵᠤᠪᠠᠯᠠᠩᠳᠠᠢ ᠴᠢᠷᠠᠢ ᠭᠠᠷᠭᠠᠨ᠎ᠠ)

ᠵᠢᠡᠵᠢᠭ᠍‍ᠮ᠎ᠡ᠄ (ᠡᠭᠦᠳᠡ ᠨᠡᠭᠡᠭᠡᠨ ᠬᠣᠢ᠌ᠰᠢ ᠬᠠᠠᠳᠤᠭᠰᠠᠨ ᠴᠢᠭ᠌ ᠲᠡᠭᠡᠨ) ᠪᠠᠢ᠂ ᠪᠠᠢ︕ (ᠭᠠᠷ ᠤᠨ ᠠᠯᠠᠭ᠎ᠠ ᠪᠠᠨ ᠣᠷᠤᠭᠤᠯ ᠳᠡᠭᠡᠷ᠎ᠡ ᠪᠠᠨ ᠨᠠᠭᠠᠨ᠎ᠠ)

ᠭᠦᠷᠵᠡᠪ᠄ (ᠣᠯᠠᠭᠠᠨ ᠴᠠᠭᠠᠰᠤᠨ ᠪᠠᠭᠯᠠᠭ᠎ᠠ ᠶᠢ ᠪᠠᠷᠢᠭᠰᠠᠨ ᠭᠡᠪ ᠶᠢᠡᠷ ᠡᠭᠦᠳᠡᠨ ᠳᠡᠭᠡᠷ᠎ᠡ ᠵᠤᠭᠰᠤᠭ᠎ᠠ ᠦᠨᠡᠠᠴᠢ ᠪᠣᠯᠤᠨ ᠭᠦᠭ᠍ᠰᠢᠨ ᠢ ᠬᠠᠷᠠᠭᠠᠤᠨ ᠠᠮᠠ ᠪᠠᠨ ᠠᠩᠭ᠋ᠠᠢ᠌ᠯᠭᠠᠨ ᠮᠠᠯᠠᠷᠠᠨ᠎ᠠ)

ᠦᠨᠡᠠᠴᠢ᠄ (ᠳᠤᠳᠤᠭᠰᠢ ᠳᠦᠷᠭᠡᠯᠡᠨ ᠠᠯᠬᠤᠵᠤ᠂ ᠪᠠᠭᠯᠠᠭ᠎ᠠ ᠲᠡᠶ ᠵᠤᠭᠤᠰ ᠢ ᠡᠷᠡᠤ ᠪᠠᠷ ᠵᠢᠭᠠᠭᠰᠠᠨ ᠶᠢᠡᠨ ᠶᠡᠭᠡᠳᠡ ᠢᠨᠢᠶᠠᠵᠤ) ᠭᠦ ᠳᠠᠷᠤᠭ᠎ᠠ ᠡ᠂ ᠵᠢᠡᠵᠢᠭ᠍‍ᠮ᠎ᠡ ᠪᠠᠷᠭᠡᠨ ᠳᠡᠷᠭᠡᠨ ᠤ ᠵᠤᠭᠤᠰ ᠶᠢᠡᠨ ᠡᠢ᠌ᠮᠤ ᠬᠤᠷᠳᠤᠨ ᠠᠪᠴᠢᠷᠠᠭᠠᠤᠨ ᠥᠭ᠍ᠴᠢᠭᠡᠵᠤ ᠦᠦ︖ ᠳᠠ ᠴᠢᠨᠢ ᠣᠷᠤᠨ ᠳᠠᠭᠠᠨ ᠰᠠᠭᠤᠵᠤ ᠪᠠᠢ᠌ᠭᠠᠤᠨ ᠭᠡᠷᠡᠭ᠌ ᠰᠢ᠌ᠦᠡᠭᠡᠴᠢᠭᠡᠭᠦ ᠠᠢ᠌ᠬᠤᠪᠳᠤᠷ ᠣᠪᠠᠳᠢᠰ ᠲᠡᠶ ᠭᠦᠮᠤᠨ ᠪᠠᠢ᠌ᠨ᠎ᠠ ᠰᠢᠳᠠ᠃ ᠬᠨ᠂ ᠬᠨ ᠁

ᠭᠦᠷᠵᠡᠪ᠄ (ᠵᠤᠭᠤᠰ ᠪᠠᠷᠢᠭᠰᠠᠨ ᠭᠠᠷ ᠨᠢ ᠰᠠᠯᠠᠭᠠᠨᠠᠨ ᠴᠠᠴᠠᠷᠭᠢᠯᠠᠵᠤ) ᠡᠨᠡ ᠁ ᠥ ᠁ ᠡᠨᠡ ᠦᠦ︖ ᠵᠢᠡᠵᠢᠭ᠍‍ᠮ᠎ᠡ ᠪᠣᠷᠤᠭᠤ ᠪᠠᠨ ᠮᠡᠳᠡᠭᠡᠤᠨ ᠵᠤᠭᠤᠰ ᠶᠢᠡᠨ ᠠᠪᠴᠢᠷᠠᠵᠤ ᠥᠭ᠍ᠴᠡᠢ᠃ ᠣᠷᠢᠳᠠᠪᠠᠷ ᠨᠢᠭᠡ ᠪᠦᠯᠦᠭ᠌ ᠢ ᠨᠢ ᠥᠭ᠍ᠴᠤ ᠪᠠᠢ᠌ᠶ᠎ᠠ ᠭᠡᠨ᠎ᠡ᠃

ᠵᠢᠡᠵᠢᠭ᠍‍ᠮ᠎ᠡ᠄ (ᠴᠢᠷᠠᠢ ᠬᠤᠵᠠᠢ᠌ᠯᠭᠠᠨ ᠵᠤᠭᠰᠤᠨ᠎ᠠ)

ᠮᠸᠳᠡᠭ᠌᠄ (ᠪᠠᠶᠠᠷᠯᠠᠨ) ᠬᠦ᠊ ᠳᠠᠷᠤᠭ᠎ᠠ ᠡ᠂ ᠳᠠᠨ ᠳᠤ ᠳᠠᠯᠠᠷᠬᠠᠯ᠎ᠠ᠂ ᠡᠵᠢ ᠨᠢ ᠡᠨᠡ ᠵᠤᠭᠤᠰ ᠢ ᠣᠯᠬᠤ ᠡᠴᠡ ᠭᠡᠳᠥᠢᠨ ᠥᠩᠭᠡᠷᠡᠵᠤ ᠳ᠋ᠠ ᠭᠡᠵᠤ ᠪᠣᠳᠤᠵᠤ ᠪᠠᠢ᠌ᠭᠰᠠᠨ ᠶᠤᠮ᠃ ᠥᠨᠡᠭᠡᠷ ᠶ‍ᠢᠷᠳᠢᠠᠴᠤ ᠳᠡᠭᠡᠷ᠎ᠡ ᠪᠠᠰᠠ ᠡᠭᠡᠯ ᠠᠷᠠᠤᠨ ᠪᠢᠳᠠᠨ ᠤ ᠶᠤᠰᠤ ᠭᠡᠯᠡᠭᠦ ᠭᠠᠵᠠᠷ ᠪᠠᠢ᠌ᠳᠠᠭ ᠶᠤᠮ ᠪᠠᠢ᠌ᠨ᠎ᠠ᠃ (ᠨᠢᠯᠪᠣᠰᠤ ᠪᠠᠨ ᠠᠷᠴᠢᠨ ᠭᠦᠷᠵᠡᠪ ᠤᠨ ᠭᠠᠷ ᠢ ᠪᠠᠷᠢᠨ᠎ᠠ)

ᠭᠦᠷᠵᠡᠪ᠄ ᠡᠨᠡ ᠁ ᠬᠠᠢ︕ (ᠰᠠᠨᠠᠭ᠎ᠠ ᠠᠯᠳᠠᠨ᠎ᠠ)

(ᠳᠡᠭᠦᠰᠦᠨ᠎ᠡ)

ᠵᠤᠬᠢᠶᠠᠭᠴᠢ᠄ ᠳ᠋ᠦ᠋ᠩ ᠴᠢᠩ
ᠢᠷᠡᠯᠲᠡ᠄ ᠳ᠋ᠦ᠋ᠩ ᠴᠢᠩ
ᠳᠠᠷᠤᠮ᠄ 4664
ᠴᠠᠭ᠄ 2005 ᠤᠨ ᠤ 11 ᠰᠠᠷ᠎ᠠ ᠶᠢᠨ 23
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠥᠭᠥᠯᠡᠯᠭᠡ - ᠭᠦᠮᠤᠨ ᠮᠦᠰᠤ (ᠵᠥᠴᠦᠭᠡ)