ᠣᠯᠠᠷᠢᠯ ᠪᠦᠷᠢ ᠶᠢᠨ ᠡᠭᠢᠨ᠎ᠡ

ᠣᠯᠠᠷᠢᠯ ᠪᠦᠷᠢ ᠶᠢᠨ ᠡᠭᠢᠨ᠎ᠡ᠂

ᠣᠷᠮ᠎ᠠ ᠭᠦᠭ᠍ᠵᠢᠭᠡᠭ᠍ᠰᠡᠨ ᠰᠢᠯᠦᠭ᠌ ᠪᠢᠴᠢᠶ᠎ᠠ᠂

ᠣᠨᠠᠭᠠᠨ ᠳᠠᠭᠤ ᠣᠶᠠᠬᠠᠨ ᠡᠭᠡᠰᠢᠭ᠌ ᠲᠡᠶ

ᠣᠬᠠᠭᠠᠨ ᠰᠠᠷᠠᠯ ᠤᠨ ᠳᠤᠯᠭᠢᠰᠤᠯ ᠶᠢᠡᠨ ᠪᠢᠴᠢᠶ᠎ᠠ᠂

ᠠᠭᠢ ᠨᠢᠳᠤᠯᠠᠵᠤ ᠬᠠᠭᠳᠠ ᠰᠡᠷᠪᠠᠯᠵᠡᠭᠦᠯᠡᠷ

ᠠᠮᠢᠵᠢᠷᠠᠯ ᠳᠠᠭᠤᠳᠠᠭᠰᠠᠨ ᠢᠳᠡᠭᠡᠯ ᠶᠢᠡᠨ ᠪᠢᠴᠢᠶ᠎ᠠ᠃

ᠬᠠᠳᠠᠭ ᠤᠨ ᠴᠡᠩᠭᠡᠷ ᠵᠡᠷᠭᠡᠯᠭᠡᠨ ᠠᠯᠢᠶᠠᠯᠠᠬᠤᠯᠠᠷ

ᠬᠠᠯᠭᠢᠯᠠᠮ᠎ᠠ ᠴᠠᠯᠭᠢᠯᠠᠮ᠎ᠠ ᠣᠶᠠᠩᠭ᠋᠎ᠠ ᠪᠠᠨ ᠪᠢᠴᠢᠶ᠎ᠠ

ᠴᠡᠴᠡᠭ᠌ ᠤᠨ ᠵᠤᠨ᠂ ᠴᠠᠭ ᠤᠨ ᠰᠠᠢ᠌ᠬᠠᠨ ᠳᠤ

ᠴᠡᠩᠭᠡᠯ ᠴᠠᠴᠠᠨ ᠣᠷ᠎ᠠ ᠪᠠᠨ ᠪᠢᠴᠢᠶ᠎ᠠ᠃

ᠴᠡᠩᠭᠡᠷ ᠣᠰᠤᠨ ᠤ ᠳᠤᠷᠭᠠᠨ ᠠᠷ ᠰᠢᠭ᠌

ᠴᠠᠪᠠᠷ ᠠᠷᠢᠭᠤᠨ ᠳᠤᠷᠠᠯᠠᠯ ᠶᠢᠡᠨ ᠪᠢᠴᠢᠶ᠎ᠠ᠃

ᠣᠭᠤᠷᠠᠭ ᠰᠢᠷᠭᠠᠯ ᠨᠠᠮᠤᠷ ᠶᠢᠡᠨ ᠢᠷᠡᠭᠦᠯᠡᠷ

ᠣᠶᠠᠷᠠᠮ᠎ᠠ ᠬᠠᠢ᠌ᠯᠤᠮ᠎ᠠ ᠮᠦᠷᠦᠭᠡᠳᠦᠯ ᠶᠢᠡᠨ ᠪᠢᠴᠢᠶ᠎ᠠ᠃

ᠨᠠᠷᠠᠰᠤᠨ ᠳᠦᠭᠡᠯ ᠳᠤ ᠪᠣᠭᠤ ᠣᠷᠤᠮᠳᠠᠬᠤᠯᠠᠷ

ᠨᠠᠷᠠᠨ ᠳᠠᠯ᠎ᠠ ᠶᠢᠨ ᠶᠢᠡᠨ ᠰᠠᠯᠭᠢ ᠪᠢᠴᠢᠶ᠎ᠠ᠃

ᠡᠭᠢᠨ ᠨᠠᠮᠤᠷ ᠤᠨ ᠡᠳᠦᠷ

ᠳᠤᠭᠠᠯᠠᠨ ᠡᠵᠢ ᠶᠢᠨ ᠶᠢᠡᠨ ᠳᠤᠬᠠᠢ ᠳᠠᠭᠤᠤ ᠪᠢᠴᠢᠶ᠎ᠠ᠃

ᠠᠯᠳᠠᠨ ᠨᠠᠮᠤᠷ ᠤᠨ ᠬᠤᠩᠬᠤᠨ ᠳᠤᠤᠨᠢᠯ ᠴᠢᠩᠨᠠᠨ

ᠠᠠᠳᠠ ᠰᠤᠷᠤᠯᠭᠠᠳᠠᠨ ᠶᠢᠡᠨ ᠰᠠᠨᠠᠨ ᠨᠠᠢ᠌ᠷᠠᠭ ᠪᠢᠴᠢᠶ᠎ᠠ᠃

ᠪᠣᠭᠤᠷᠤᠯ ᠡᠪᠦᠯ ᠤᠨ ᠠᠩᠬᠠᠨ ᠤ ᠡᠳᠦᠷ ᠳᠤ

ᠪᠣᠳᠤᠯ ᠰᠡᠳᠭᠢᠯ ᠤᠨ ᠭᠦᠡᠳᠦᠴᠡ ᠪᠠᠨ ᠪᠢᠴᠢᠶ᠎ᠠ᠃

ᠪᠣᠳᠠᠷᠭᠠᠨ ᠲᠡᠶ ᠰᠢᠭᠤᠷᠭᠠᠨ ᠲᠡᠶ ᠬᠠᠳᠠᠭᠤ ᠶᠢ ᠴᠠᠷᠠᠵᠤ

ᠪᠣᠶᠠᠠᠳᠠᠢ ᠨᠠᠰᠤᠳᠠᠨ ᠳᠠᠭᠠᠨ ᠭᠦᠡᠳᠦᠳᠭᠡᠯ ᠪᠢᠴᠢᠶ᠎ᠠ᠃

ᠣᠯᠠᠷᠢᠯ ᠪᠦᠷᠢ ᠶᠢᠨ ᠡᠭᠢᠨ᠎ᠡ

ᠣᠷᠠᠢ ᠳᠠᠭᠤᠨ ᠤ ᠭᠦᠰᠡᠯ ᠶᠢᠡᠨ ᠪᠢᠴᠢᠶ᠎ᠠ᠃

ᠣᠶᠠᠩᠭ᠋᠎ᠠ ᠨᠠᠢ᠌ᠷᠠᠭ ᠤᠨ ᠶᠢᠡᠨ ᠪᠠᠭᠳᠠᠭᠠᠮᠵᠢ ᠳᠠᠯᠢᠨ

ᠣᠭᠳᠤᠬᠤ ᠮᠠᠷᠭᠠᠰᠢ ᠶᠢᠨ ᠶᠢᠡᠨ ᠵᠦᠩᠨᠠᠯ ᠶᠢᠡᠨ ᠪᠢᠴᠢᠶ᠎ᠠ᠃


ᠵᠤᠬᠢᠶᠠᠭᠴᠢ ᠶᠢᠨ ᠬᠠᠶ‍ᠢᠭ ᠄ ᠪᠠᠷᠠᠭᠤᠨ ᠦᠵᠦᠮᠤᠴᠢᠨ ᠬᠤᠰᠢᠭᠤ

ᠵᠤᠬᠢᠶᠠᠭᠴᠢ᠄ ᠪᠠᠶᠠᠠᠴᠠᠭᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1252
ᠴᠠᠭ᠄ 2010 ᠤᠨ ᠤ 05 ᠰᠠᠷ᠎ᠠ ᠶᠢᠨ 11
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ