ᠥᠡᠳᠦᠷᠯᠢᠭ᠌ ᠤᠨ ᠬᠠᠷ᠎ᠠ ᠰᠠᠯᠭᠢ

ᠥᠣᠷ ᠶᠢᠡᠷ ᠭᠦᠳᠡᠯᠦᠭ᠍ᠰᠡᠨ ᠰᠠᠯᠭᠢ

ᠥᠭᠡᠳᠡ ᠣᠷᠤᠭᠤ ᠦᠭᠡᠶ ᠭᠤᠶᠠᠳᠠᠵᠤ

ᠥᠵᠡᠭᠦ ᠨᠢᠳᠤ ᠨᠡᠭᠡᠭᠡᠭᠦ ᠠᠷᠠᠭ᠎ᠠ ᠦᠭᠡᠶ᠁

ᠠᠷᠵᠠᠭ ᠮᠠᠩᠭ᠋ᠤᠰ ᠤᠨ ᠰᠠᠪᠠᠷ ᠰᠢᠭ

ᠠᠳᠠᠷ ᠳᠠᠯ᠎ᠠ ᠶᠢ ᠬᠠᠭᠠᠯᠪᠣᠷᠢᠯᠠᠭᠰᠠᠨ

ᠠᠠᠵᠢᠰᠤᠨ ᠬᠤᠰᠢᠭᠤ ᠨᠤᠭᠤᠳ

ᠠᠶᠤᠯ ᠭᠠᠮᠰᠢᠭ ᠳᠠᠷᠢᠵᠠᠢ

ᠭᠦᠡᠳᠡᠢ ᠳᠠᠯ᠎ᠠ ᠦᠭᠡᠶ ᠰᠢᠭᠤᠷᠤᠭᠰᠠᠨ

ᠭᠦᠴᠦᠳᠤ ᠰᠠᠯᠭᠢ ᠳᠡᠭ᠍ᠳᠡᠭᠡᠵᠤ

ᠭᠦᠮᠤᠨ ᠠᠷᠠᠤᠨ ᠤᠨ ᠠᠮᠢᠳᠤᠷᠠᠯ ᠳ᠋ᠤ

ᠭᠦᠡᠳᠤ ᠭᠦᠨᠦᠭᠡᠯ ᠣᠴᠠᠷᠠᠭᠤᠯᠵᠠᠢ

ᠥᠡᠳᠦᠷᠯᠢᠭ᠌ ᠤᠨ ᠰᠠᠯᠭᠢ ᠨᠠᠮᠳᠠᠬᠤ ᠶᠢᠨ ᠭᠢᠷᠢ

ᠥᠯᠦᠭᠡᠢ ᠨᠤᠳᠤᠭ ᠮᠢᠨᠢ ᠬᠤᠪᠢᠷᠠᠴᠢᠬᠠᠭᠰᠠᠨ ᠪᠠᠢ᠌ᠪᠠ

ᠥᠩᠭᠡ ᠵᠢᠰᠤ ᠪᠠᠨ ᠠᠯᠳᠠᠴᠢᠬᠠᠭᠰᠠᠨ ᠪᠠᠢ᠌ᠪᠠ

ᠨᠤᠮᠢᠨ ᠨᠤᠭᠤᠭᠠᠨ ᠳᠠᠯ᠎ᠠ ᠶᠢ ᠪᠦᠷ

ᠨᠤᠷ᠎ᠠ ᠡᠯᠡᠰᠤ ᠡᠵᠡᠯᠡᠴᠢᠭᠡᠭ᠍ᠰᠡᠨ ᠪᠠᠢ᠌ᠪᠠ᠁


ᠵᠤᠬᠢᠶᠠᠭᠴᠢ ᠶᠢᠨ ᠬᠠᠶ‍ᠢᠭ ᠄ ᠣᠷᠳᠤᠰ ᠬᠤᠳᠠ ᠶᠢᠨ ᠬᠠᠩᠭᠢᠨ ᠬᠤᠰᠢᠭᠤᠨ ᠤ ᠭᠦᠭᠡᠮᠦᠳᠤ ᠰᠤᠷᠭᠠᠭᠤᠯᠢ

ᠵᠤᠬᠢᠶᠠᠭᠴᠢ᠄ ᠰᠣ᠊·ᠦᠨᠡᠠᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2583
ᠴᠠᠭ᠄ 2009 ᠤᠨ ᠤ 12 ᠰᠠᠷ᠎ᠠ ᠶᠢᠨ 27
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ