ᠮᠤᠩᠭ᠋ᠤᠯ ᠮᠢᠨᠢ

ᠬᠠᠰᠢᠶᠠᠯᠠᠵᠤ ᠴᠥᠭᠡᠳᠡᠭ᠍ᠰᠡᠨ ᠰᠥᠷᠦᠭ᠌ ᠤᠨ ᠳᠤᠭ᠎ᠠ

ᠬᠠᠭᠰᠠᠷᠠᠵᠤ ᠨᠢᠴᠦᠭᠦᠷᠡᠭ᠍ᠰᠡᠨ ᠡᠯᠡᠰᠤᠨ ᠰᠢᠭᠤᠷᠭ᠎ᠠ

ᠬᠠᠯᠴᠠᠭᠠᠢ᠌ᠷᠠᠵᠤ ᠴᠤᠭᠤᠷᠤᠭᠰᠠᠨ ᠳᠠᠯ᠎ᠠ ᠶᠢᠨ ᠭᠦᠷᠦᠰᠤ

ᠬᠠᠩᠭ᠋ᠠᠷᠠᠵᠤ ᠬᠤᠷᠪᠣᠢ᠌ᠭᠰᠠᠨ ᠣᠢ ᠶᠢᠨ ᠳᠦᠷᠭᠦ

ᠬᠠᠭᠠᠯᠪᠣᠷᠢᠯᠠᠵᠤ ᠰᠡᠭ᠍ᠴᠢᠭ᠍ᠳᠡᠭ᠍ᠰᠡᠨ ᠬᠠᠳᠤᠯᠠᠩ ᠪᠠᠯᠴᠢᠭᠡᠷ

ᠬᠠᠮᠰᠢ᠌ᠵᠤ ᠥᠭᠢᠷᠡᠭ᠍ᠰᠡᠨ ᠰᠢᠪᠠᠷ ᠪᠠᠢ᠌ᠰᠢᠩ

ᠬᠠᠯᠠᠭᠤᠷᠠᠵᠤ ᠳᠡᠷᠪᠠᠭ᠍ᠰᠡᠨ ᠳᠠᠸᠠᠷ ᠤᠨ ᠳᠠᠷᠢᠶᠠᠯᠠᠩ

ᠬᠠᠰᠢᠷᠠᠳᠠᠯ᠎ᠠ ᠡᠷᠢᠭ᠍ᠰᠡᠨ ᠭᠦᠯᠦᠭ᠌ ᠤᠨ ᠮᠢᠨᠢ ᠥᠤᠷᠰᠠᠯ

ᠬᠠᠢ᠌ᠷᠠᠯᠠᠵᠤ ᠭᠢᠮᠠᠭᠠᠳᠠᠮᠠᠷ ᠦᠪ ᠰᠤᠶᠤᠯ

ᠬᠠᠢ᠌ᠯᠤᠭᠳᠠᠵᠤ ᠮᠠᠷᠳᠠᠭᠳᠠᠭᠰᠠᠨ ᠵᠠᠩ ᠳᠠᠳᠬᠠᠯ

ᠬᠠᠮᠠᠭᠤᠷᠠᠵᠤ ᠭᠡᠯᠡᠭᠡᠢ᠌ᠷᠡᠭ᠍ᠰᠡᠨ ᠥᠭᠡ ᠭᠡᠯᠡ

ᠬᠠᠶᠠᠭᠳᠠᠵᠤ ᠬᠤᠴᠤᠷᠤᠭᠰᠠᠨ ᠦᠨᠳᠦᠰᠦᠳᠠᠨ ᠤ ᠵᠠᠶᠠᠭ᠎ᠠ

ᠬᠠᠠᠳᠠᠯ᠎ᠠ ᠳᠠᠭᠤᠯᠠᠮᠠᠷ ᠣᠷᠳᠤ ᠶᠢᠨ ᠳᠠᠭᠤᠤ

ᠬᠠᠯᠠᠰᠳᠠᠯ᠎ᠠ ᠣᠤᠭᠤᠮᠠᠷ ᠭᠠᠰᠢᠭᠤᠨ ᠠᠷᠢᠭᠢ

ᠬᠠᠮᠠᠷ ᠱᠠᠷᠭᠢᠷᠠᠮ᠎ᠠ ᠪᠣᠳᠠᠳᠤ ᠠᠬᠤᠢ

ᠬᠠᠢ᠌ᠷ᠎ᠠ ᠪᠠᠷ ᠭᠠᠩᠳᠠᠭ᠎ᠠ ᠮᠤᠩᠭ᠋ᠤᠯ ᠮᠢᠨᠢ ᠡ


ᠬᠠᠶ‍ᠢᠭ᠄ ᠲᠦᠩᠯᠢᠶᠤᠤ ᠬᠤᠳᠠ ᠶᠢᠨ ᠬᠤᠷᠴᠢᠨ ᠵᠡᠭᠦᠨ ᠭᠠᠷᠤᠨ ᠬᠣᠢ᠌ᠳᠤ ᠬᠤᠰᠢᠭᠤᠨ ᠤ ᠮᠤᠳᠤᠳᠤ ᠰᠤᠷᠭᠠᠭᠤᠯᠢ

ᠵᠤᠬᠢᠶᠠᠭᠴᠢ᠄ ᠪᠦᠷᠢᠠᠳᠤᠩᠭ᠋ᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 3198
ᠴᠠᠭ᠄ 2009 ᠤᠨ ᠤ 07 ᠰᠠᠷ᠎ᠠ ᠶᠢᠨ 01
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ