ᠰᠢᠭᠦᠰᠤᠨ ᠤ ᠢᠷᠦᠭᠡᠯ

ᠣᠮ ᠰᠠᠢ᠌ᠨ ᠠᠮᠤᠭᠤᠯᠠᠩ ᠲᠦᠮᠡᠨ ᠪᠣᠯᠳᠤᠭᠠᠢ

ᠡᠩᠭᠡ ᠰᠠᠢ᠌ᠨ ᠵᠢᠷᠭᠠᠯᠠᠩ ᠲᠦᠮᠡᠨ ᠪᠣᠯᠳᠤᠭᠠᠢ

ᠠᠯᠳᠠᠨ ᠥᠯᠦᠭᠡᠢ ᠨᠤᠳᠤᠭ ᠵᠢᠠᠷ

ᠪᠠᠯᠴᠢᠭᠡᠷ ᠶᠤᠭᠡᠨ ᠪᠣᠯᠭᠠᠠᠠᠰᠠᠨ

ᠷᠠᠰᠢᠶᠠᠨ ᠪᠣᠯᠠᠭ ᠤᠨ ᠣᠰᠤ ᠪᠠᠷ

ᠣᠮᠳᠠᠭᠠᠨ ᠶᠤᠭᠠᠨ  ᠪᠣᠯᠭᠠᠠᠠᠰᠠᠨ

ᠲᠦᠮᠡᠨ ᠬᠤᠨᠢᠨ ᠤ ᠳᠤᠳᠤᠷ᠎ᠠ ᠡᠴᠡ

ᠳᠦᠷᠦᠭᠦᠯᠤᠨ ᠳᠦᠯᠵᠢᠵᠤ ᠦᠰᠦᠩᠰᠠᠨ

ᠥᠭᠡᠭᠦᠨ ᠪᠦᠮᠪᠦᠭᠡ ᠮᠠᠳᠤ ᠳᠠᠷᠭᠤᠯᠠᠠᠠᠰᠠᠨ

ᠥᠡᠳᠡᠭᠡᠨ ᠴᠠᠭᠠᠨ ᠬᠤᠨᠢ ᠮᠢᠨᠢ

ᠣᠷᠠᠨ ᠰᠠᠢ᠌ᠬᠠᠨ ᠬᠤᠩᠰᠢᠶᠠᠷ ᠲᠡᠶ

ᠦᠨᠦᠰᠤᠮ᠎ᠠ ᠰᠠᠢ᠌ᠬᠠᠨ ᠬᠠᠮᠠᠷ ᠲᠡᠶ

ᠳᠡᠭᠡᠭᠡ ᠡᠪᠠᠷ ᠲᠡᠶ

ᠳᠡᠪᠢᠭᠡᠷ ᠴᠢᠭᠢ ᠲᠡᠶ

ᠠᠯᠠᠭ ᠨᠤᠮᠢᠨ ᠨᠢᠳᠤ ᠲᠡᠶ

ᠠᠴᠢᠳᠤ ᠳᠦᠷᠪᠡᠨ ᠳᠤᠭᠤᠷᠠᠢ ᠲᠡᠶ

ᠬᠠᠨ᠎ᠠ ᠶᠢᠨ ᠴᠢᠨᠡᠭᠡᠨ ᠪᠠᠶ᠎ᠠ ᠲᠡᠶ

ᠬᠠᠪᠬᠠᠭᠠᠰᠤ ᠴᠢᠨᠡᠭᠡᠨ ᠰᠡᠭᠦᠯ ᠲᠡᠶ

ᠠᠮᠠ ᠵᠢᠷᠭᠤᠭᠠᠨ ᠭᠦᠵᠦᠭᠦᠤ ᠲᠡᠶ

ᠠᠷᠪᠠᠨ ᠬᠤᠶᠠᠷ ᠰᠡᠭᠡᠷ ᠲᠡᠶ

ᠬᠤᠷᠢᠨ ᠳᠦᠷᠪᠡᠨ ᠬᠠᠪᠢᠷᠭ᠎ᠠ ᠲᠡᠶ

ᠬᠤᠳᠤᠭᠤᠷ ᠨᠢ᠋ᠮᠠᠨ ᠨᠢᠷᠤᠭᠤ ᠲᠡᠶ

ᠣᠬᠤᠷ ᠳᠦᠷᠪᠡᠨ ᠰᠥᠪᠠᠷᠭᠡ ᠲᠡᠶ

ᠬᠤᠯᠤᠭᠠᠨ᠎ᠠ ᠵᠢᠯ ᠬᠤᠷᠠᠭᠠᠯᠠᠵᠤ

ᠥᠭᠡᠷ ᠵᠢᠯ ᠥᠡᠵᠢᠭ᠍ᠰᠡᠨ

ᠪᠠᠷᠰ ᠵᠢᠯ ᠪᠠᠷᠢᠵᠤ

ᠳᠠᠤᠯᠠᠢ ᠵᠢᠯ ᠳᠠᠮᠠᠭᠠᠯᠠᠠᠠᠰᠠᠨ

ᠰᠢᠯᠢ ᠭᠠᠵᠠᠷ ᠪᠠᠯᠴᠢᠭᠡᠷ ᠲᠡᠶ

ᠰᠡᠷᠢᠭᠦᠨ ᠣᠰᠤ ᠪᠠᠷ ᠣᠰᠤᠯᠠᠠᠠᠰᠠᠨ

ᠭᠦᠪᠳᠤ ᠭᠠᠵᠠᠷ ᠪᠠᠯᠴᠢᠭᠡᠷ ᠲᠡᠶ

ᠭᠦᠢᠳᠡᠨ ᠣᠰᠤ ᠪᠠᠷ ᠣᠰᠤᠯᠠᠠᠠᠰᠠᠨ

ᠭᠦᠭᠡᠨ᠎ᠡ ᠳᠡᠭᠡᠷ᠎ᠡ ᠣᠶᠠᠭ᠎ᠠ ᠦᠭᠡᠶ

ᠬᠡᠦᠬᠡᠳ ᠪᠠᠭᠠᠴᠤᠳ ᠬᠠᠪᠢᠳᠠᠭ᠎ᠠ ᠦᠭᠡᠶ

ᠮᠢᠩᠭ᠋ᠠᠨ ᠬᠤᠨᠢᠨ ᠤ

ᠮᠡᠡᠭᠯᠡᠢ ᠳᠤ ᠶᠠᠪᠣᠳᠠᠭ

ᠲᠦᠮᠡᠨ ᠬᠤᠨᠢᠨ ᠤ

ᠳᠦᠷᠦᠭᠦᠨ ᠳᠤ ᠶᠠᠪᠣᠳᠠᠭ

ᠮᠠᠩᠬᠠᠨ ᠴᠠᠭᠠᠨ ᠬᠤᠨᠢᠨ ᠤ ᠪᠠᠨ

ᠮᠠᠩᠨᠠᠢ ᠴᠠᠭᠠᠨ ᠵᠤᠮ᠎ᠠ ᠪᠣᠯᠭᠠᠵᠤ

ᠪᠣᠶᠠᠨ ᠳᠡᠯᠭᠡᠷ ᠳᠤᠭᠤᠭᠠᠨ ᠳᠤ ᠪᠠᠨ

ᠪᠣᠷᠤᠯᠭᠤᠯᠠᠨ ᠴᠢᠨᠠᠵᠤ

ᠵᠢᠶᠠᠭᠠᠨ ᠭᠡᠭ᠍ᠰᠢᠳᠤ ᠳᠠᠪᠰᠢ ᠳᠤ ᠪᠠᠨ

ᠵᠢᠠᠠᠰᠠᠭᠠᠨ ᠦᠷᠦᠵᠤ ᠵᠢᠠᠠᠰᠠᠵᠤ ᠴᠢᠮᠡᠭᠡᠳ

ᠽᠠᠠᠳᠠᠨ ᠰᠢᠷᠡᠭᠡᠨ ᠳᠡᠭᠡᠷ᠎ᠡ ᠪᠠᠨ

ᠡᠷᠭᠦᠨ ᠳᠠᠯᠪᠢᠵᠤ ᠰᠥᠭᠦᠷᠡᠭᠡᠳ

ᠣᠭᠤᠷᠠᠭ ᠰᠡᠭᠦᠯ ᠤᠨ ᠣᠷᠳᠤᠭᠤᠷ

ᠬᠤᠨ ᠱᠠᠭᠠᠠᠳᠤ ᠶᠢᠨ ᠬᠣᠢ᠌ᠭᠤᠷ

ᠳᠤᠷᠭᠠᠨ ᠢᠷ ᠲᠡᠶ ᠬᠢᠲᠤᠭ᠎ᠠ ᠪᠠᠷ

ᠳᠦᠭᠡᠯᠡᠨ ᠡᠰᠭᠡᠵᠤ ᠭᠦᠡᠳᠡᠭᠡᠳ

ᠡᠷᠳᠡ ᠳᠡᠭᠡᠳᠤ ᠶᠢᠨ ᠢᠷᠦᠭᠡᠯ ᠶᠢᠡᠷ

ᠡ᠊ᠨᠳᠡ ᠴᠤᠠᠠᠯᠠᠷᠠᠨ ᠵᠤᠯᠭᠠᠵᠤ

ᠠᠪᠣ ᠡᠵᠢ ᠳᠦᠷᠦᠭᠦᠳᠡᠢ

ᠠᠬᠠᠮᠠᠤᠨ ᠶᠡᠭᠡᠰ ᠳᠠ ᠨᠡᠷ ᠲᠤ

ᠠᠬ᠎ᠠ ᠳᠡᠭᠦᠤ ᠡᠭᠡᠴᠢ ᠳᠡᠭᠦᠤ ᠳᠠᠶᠠᠭᠠᠷ ᠲᠤ

ᠠᠶᠠᠯᠠᠵᠤ ᠢᠷᠡᠭ᠍ᠰᠡᠨ ᠪᠦᠭᠦᠨ ᠳᠤ

ᠡᠵᠡᠨ ᠴᠢᠩᠭᠡᠰ ᠲᠤ ᠳᠡᠭᠡᠵᠢ ᠪᠣᠯᠤᠠᠠᠰᠠᠨ

ᠡᠡᠭ᠌ ᠤᠨ ᠭᠦᠮᠦᠰ ᠲᠤ ᠨᠠᠩᠴᠢᠳ ᠪᠣᠯᠤᠠᠠᠰᠠᠨ

ᠪᠣᠠᠠᠳᠠ ᠰᠠᠷᠠᠠᠤᠳ ᠶᠢᠡᠷ ᠭᠦᠴᠤᠨ ᠪᠣᠯᠭᠠᠵᠤ

ᠪᠣᠯᠭᠤᠠᠠᠰᠠᠨ ᠢᠷᠡᠭᠡᠨ ᠤ ᠳᠡᠭᠡᠵᠢ ᠪᠠᠨ ᠡᠷᠭᠦᠶ᠎ᠡ

ᠬᠤᠷᠤᠢ ᠬᠤᠷᠤᠢ ᠬᠤᠷᠤᠢ

ᠬᠤᠷᠤᠢ ᠬᠤᠷᠤᠢ ᠬᠤᠷᠤᠢ

ᠬᠤᠷᠤᠢ ᠬᠤᠷᠤᠢ ᠬᠤᠷᠤᠢ


ᠵᠤᠬᠢᠶᠠᠭᠴᠢ ᠶᠢᠨ ᠬᠠᠶ‍ᠢᠭ ᠄ ᠪᠠᠶᠠᠨᠠᠭᠠᠤᠷ ᠬᠤᠳᠠ ᠶᠢᠨ ᠣᠷᠠᠤᠨ ᠤᠨ ᠬᠣᠢ᠌ᠳᠤ ᠬᠤᠰᠢᠭᠤᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠨᠠᠰᠤᠠᠪᠠᠭᠠᠳᠤᠷ ᠡᠮᠭᠡᠳᠭᠡᠪᠡ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2191
ᠴᠠᠭ᠄ 2010 ᠤᠨ ᠤ 02 ᠰᠠᠷ᠎ᠠ ᠶᠢᠨ 03
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠵᠠᠩ ᠤᠢ᠌ᠯᠠ - ᠰᠢᠭᠦᠰᠤᠨ ᠤ ᠢᠷᠦᠭᠡᠯ