ᠳᠠᠷᠢᠶᠠᠴᠢᠳ ᠤᠨ ᠲᠤᠰᠬᠠᠢ ᠠᠵᠢᠯ ᠤᠨ ᠬᠤᠷᠰᠢᠶᠠᠨ ᠤ ᠬᠠᠤᠯᠢ

ᠪᠦᠭᠦᠳᠡ ᠨᠠᠢ᠌ᠷᠠᠮᠳᠠᠬᠤ ᠳᠤᠮᠳᠠᠳᠤ ᠠᠷᠠᠤᠨ ᠣᠯᠤᠰ ᠤᠨ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠬᠠᠤᠯᠢ


2006 ᠣᠨ ᠤ 10 ᠳ᠋ᠤᠭᠠᠷ ᠰᠠᠷ᠎ᠠ ᠶᠢᠨ 31 ᠊ᠤ ᠡᠳᠦᠷ ᠠᠷᠪᠠᠳᠤᠭᠠᠷ ᠬᠤᠭᠤᠴᠠᠭᠠᠨ ᠤ ᠪᠦᠭᠦ ᠣᠯᠤᠰ ᠤᠨ ᠠᠷᠠᠤᠨ ᠤᠨ ᠳᠦᠯᠦᠭᠡᠯᠡᠭ᠍ᠴᠢᠳ ᠤᠨ ᠶᠡᠭᠡ ᠬᠤᠷᠠᠯ ᠤᠨ ᠪᠠᠢ᠌ᠩᠭ᠋ᠤ ᠶᠢᠨ ᠬᠤᠷᠢᠶᠠᠨ ᠤ ᠬᠤᠷᠢᠨ ᠳᠦᠷᠪᠠᠳᠦᠭᠡᠷ ᠣᠳᠠᠭᠠᠨ ᠤ ᠬᠤᠷᠠᠯ ᠶᠢᠡᠷ ᠪᠠᠳᠤᠯᠠᠪᠠ


ᠨᠢᠭᠡᠳᠦᠭᠡᠷ ᠪᠦᠯᠦᠭ᠌   ᠶᠡᠷᠦᠩᠭᠡᠢ ᠳᠦᠷᠢᠮ


ᠨᠢᠭᠡᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠭᠦᠭ᠍ᠵᠢᠯᠳᠡ ᠶᠢ ᠳᠠᠮᠵᠢᠨ ᠭᠦᠳᠦᠯᠤᠨ ᠵᠢᠯᠤᠭᠤᠤᠠᠴᠤ᠂ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠵᠤᠬᠢᠶᠠᠨ ᠪᠠᠢ᠌ᠭᠤᠯᠤᠯᠳᠠ ᠪᠣᠯᠤᠨ ᠣᠢ᠌ᠯᠠ ᠠᠵᠢᠯᠯᠠᠭ᠎ᠠ ᠶᠢ ᠵᠢᠷᠤᠮᠵᠢᠭᠤᠯᠤᠨ᠂ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠵᠢᠴᠢ ᠳᠡᠭᠦᠨ ᠤ ᠪᠦᠷᠢᠯᠳᠦᠭᠦᠨ ᠨᠡᠷ ᠤᠨ ᠬᠠᠤᠯᠢ ᠶᠤᠰᠤᠨ ᠤ ᠡᠷᠭᠡ ᠠᠰᠢᠭ ᠢ ᠬᠠᠮᠠᠭᠠᠯᠠᠵᠤ᠂ ᠳᠠᠷᠢᠶᠠᠯᠠᠩ ᠪᠣᠯᠤᠨ ᠭᠦᠳᠡᠭᠡ ᠳᠤᠰᠬᠤᠨ ᠤ ᠠᠵᠤ ᠠᠬᠤᠢ ᠶᠢᠨ ᠭᠦᠭ᠍ᠵᠢᠯᠳᠡ ᠶᠢ ᠠᠭᠢᠭᠤᠯᠬᠤ ᠶᠢᠨ ᠳᠤᠰᠠᠳᠠ᠂ ᠳᠤᠰ ᠬᠠᠤᠯᠢ ᠶᠢ ᠳᠤᠭᠳᠠᠭᠠᠪᠠ᠃

ᠬᠤᠶᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠪᠣᠯ ᠭᠦᠳᠡᠭᠡ ᠳᠤᠰᠬᠤᠨ ᠤ ᠭᠡᠷ ᠪᠦᠯᠢ ᠶᠢᠨ ᠳᠠᠭᠠᠭᠠᠴᠢᠯᠠᠨ ᠡᠵᠡᠩᠨᠡᠭ᠍ᠰᠡᠨ ᠰᠠᠭᠤᠷᠢᠨ ᠳᠡᠭᠡᠷ᠎ᠡ᠂ ᠠᠳᠠᠯᠢ ᠲᠦᠷᠦᠯ ᠤᠨ ᠳᠠᠷᠢᠶᠠᠯᠠᠩ ᠤᠨ ᠪᠦᠳᠦᠭᠡᠭ᠍ᠳᠡᠭᠦᠨ ᠢ ᠣᠢ᠌ᠯᠠᠤᠠᠪᠣᠷᠢᠯᠠᠵᠤ ᠡᠵᠡᠩᠨᠡᠭ᠍ᠴᠢ ᠪᠣᠶᠤ ᠠᠳᠠᠯᠢ ᠲᠦᠷᠦᠯ ᠤᠨ ᠳᠠᠷᠢᠶᠠᠯᠠᠩ ᠤᠨ ᠣᠢ᠌ᠯᠠᠤᠠᠪᠣᠷᠢᠯᠠᠯ ᠡᠵᠡᠩᠨᠡᠯᠳᠡ ᠶᠢᠨ ᠥᠢᠯᠡᠴᠢᠯᠡᠭᠡᠨ ᠢ ᠬᠠᠩᠭ᠋ᠠᠭᠴᠢ᠂ ᠠᠰᠢᠭᠯᠠᠭᠴᠢ ᠰᠠᠢ᠌ᠨ ᠳᠤᠷ᠎ᠠ ᠡᠴᠡ ᠪᠠᠨ ᠬᠤᠯᠪᠣᠭᠠᠯᠠᠭᠰᠠᠨ᠂ ᠠᠷᠠᠤᠠᠴᠢᠯᠠᠯ ᠶᠢᠡᠷ ᠬᠠᠮᠢᠶᠠᠷᠤᠭᠰᠠᠨ ᠬᠠᠷᠢᠯᠴᠢᠨ ᠳᠤᠰᠠᠯᠠᠬᠤ ᠴᠢᠨᠠᠷᠳᠠᠢ ᠠᠵᠤ ᠠᠬᠤᠢ ᠶᠢᠨ ᠵᠤᠬᠢᠶᠠᠨ ᠪᠠᠢ᠌ᠭᠤᠯᠤᠯᠳᠠ ᠪᠣᠯᠤᠨ᠎ᠠ᠃

ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠪᠦᠷᠢᠯᠳᠦᠭᠦᠨ ᠶᠢᠡᠷ ᠶᠢᠡᠨ ᠭᠤᠤᠯ ᠥᠢᠯᠡᠴᠢᠯᠡᠭᠦ ᠡᠳᠡᠭᠡᠤᠨ ᠪᠣᠯᠭᠠᠨ᠂ ᠳᠠᠷᠢᠶᠠᠯᠠᠩ ᠤᠨ ᠣᠢ᠌ᠯᠠᠤᠠᠪᠣᠷᠢᠯᠠᠯ ᠤᠨ ᠭᠡᠷᠡᠭ᠍ᠰᠡᠯ ᠬᠤᠳᠠᠯᠳᠤᠨ ᠠᠪᠬᠤ᠂ ᠳᠠᠷᠢᠶᠠᠯᠠᠩ ᠤᠨ ᠪᠦᠳᠦᠭᠡᠭ᠍ᠳᠡᠭᠦᠨ ᠪᠣᠷᠤᠯᠠᠭᠤᠯᠤᠨ ᠬᠤᠳᠠᠯᠳᠤᠬᠤ᠂ ᠡᠳ᠋ᠰᠢᠭᠦᠯᠭᠦ᠂ ᠳᠡᠭᠡᠭᠡᠪᠦᠷᠢᠯᠡᠭᠦ᠂ ᠬᠠᠳᠠᠭᠠᠯᠠᠬᠤ ᠵᠢᠴᠢ ᠳᠠᠷᠢᠶᠠᠯᠠᠩ ᠤᠨ ᠣᠢ᠌ᠯᠠᠤᠠᠪᠣᠷᠢᠯᠠᠯ ᠤᠨ ᠡᠵᠡᠩᠨᠡᠯᠳᠡ ᠯᠦᠭᠡ ᠬᠤᠯᠪᠤᠭᠳᠡᠬᠤ ᠮᠡᠷᠭᠡᠵᠢᠯ᠂ ᠮᠡᠳᠡᠭᠡ ᠵᠠᠩᠭᠢ ᠵᠡᠷᠭᠡ ᠥᠢᠯᠡᠴᠢᠯᠡᠭᠡᠨ ᠢ ᠬᠠᠩᠭ᠋ᠠᠨ᠎ᠡ᠃

ᠭᠤᠷᠪᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠳᠤᠤᠷᠠᠭᠢ ᠵᠠᠷᠴᠢᠮ ᠢ ᠵᠢᠷᠤᠮᠯᠠᠬᠤ ᠭᠡᠷᠡᠭ᠍ᠳᠡᠢ

ᠨᠢᠭᠡ᠂ ᠪᠦᠷᠢᠯᠳᠦᠭᠦᠨ ᠶᠢᠡᠨ ᠳᠠᠷᠢᠶᠠᠴᠢᠳ ᠶᠢᠡᠷ ᠭᠤᠤᠯ ᠴᠤᠭᠴᠠ ᠪᠣᠯᠭᠠᠨ᠎ᠠ︔

ᠬᠤᠶᠠᠷ᠂ ᠪᠦᠷᠢᠯᠳᠦᠭᠦᠨ ᠳᠡᠭᠡᠨ ᠥᠢᠯᠡᠴᠢᠯᠡᠭᠦ ᠪᠠᠷ ᠵᠤᠷᠢᠯᠭ᠎ᠠ ᠪᠣᠯᠭᠠᠨ᠂ ᠪᠦᠭᠦ ᠪᠦᠷᠢᠯᠳᠦᠭᠦᠨ ᠤ ᠪᠠᠨ ᠬᠠᠮᠳᠤ ᠶᠢᠨ ᠠᠰᠢᠭ ᠳᠤᠰᠠ ᠶᠢ ᠡᠷᠢᠯᠭᠢᠯᠡᠨ᠎ᠡ︔

ᠭᠤᠷᠪᠠ᠂ ᠬᠤᠷᠰᠢᠶ᠎ᠠ ᠳᠤ ᠣᠷᠤᠬᠤ ᠳᠤ ᠰᠠᠢ᠌ᠨ ᠳᠤᠷ᠎ᠠ ᠡᠴᠡ ᠪᠠᠨ ᠪᠠᠢ᠌ᠵᠤ᠂ ᠬᠤᠷᠰᠢᠶ᠎ᠠ ᠡᠴᠡ ᠭᠠᠷᠬᠤ ᠳᠤ ᠴᠢᠯᠦᠭᠡᠳᠡᠢ ᠪᠠᠢ᠌ᠯᠭᠠᠨ᠎ᠠ︔

ᠳᠦᠷᠪᠡ᠂ ᠪᠦᠷᠢᠯᠳᠦᠭᠦᠨ ᠤ ᠪᠠᠢ᠌ᠷᠢ ᠰᠠᠭᠤᠷᠢ ᠶᠢ ᠡᠷᠭᠡ ᠳᠡᠭ᠍ᠰᠢ ᠪᠠᠢ᠌ᠯᠭᠠᠵᠤ᠂ ᠠᠷᠠᠤᠠᠴᠢᠯᠠᠭᠰᠠᠨ ᠬᠠᠮᠢᠶᠠᠷᠤᠯᠳᠠ ᠶᠢ ᠭᠡᠷᠡᠭ᠍ᠵᠢᠭᠦᠯᠦᠨ᠎ᠡ︔

ᠳᠠᠪᠣ᠂ ᠦᠯᠠᠳᠠᠪᠣᠷᠢ ᠶᠢ ᠭᠤᠤᠯᠳᠠᠭᠤ ᠪᠦᠷᠢᠯᠳᠦᠭᠦᠨ ᠭᠢᠭᠡᠤᠨ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠯᠤᠭ᠎ᠠ ᠶᠢᠨ ᠠᠷᠠᠯᠵᠢᠶᠠᠯᠠᠭᠰᠠᠨ ᠭᠡᠮᠵᠢᠶ᠎ᠡ ᠳᠤᠭ᠎ᠠ ᠶᠢᠨ ᠬᠠᠷᠢᠴᠠᠯ ᠶᠢᠡᠷ ᠡᠭᠡᠭᠦᠯᠤᠨ ᠪᠣᠴᠠᠭᠠᠨ᠎ᠠ᠃

ᠳᠦᠷᠪᠠᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠳᠤᠰ ᠬᠠᠤᠯᠢ ᠶᠢᠨ ᠶᠤᠰᠤᠭᠠᠷ ᠳᠠᠩᠰᠠᠯᠠᠭᠤᠯᠵᠤ᠂ ᠬᠠᠤᠯᠢ ᠶᠢᠨ ᠡᠷᠭᠡᠳᠡᠨ ᠤ ᠭᠢᠷᠢ ᠭᠡᠮ ᠢ ᠣᠯᠬᠤ ᠭᠡᠷᠡᠭ᠍ᠳᠡᠢ᠃

ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠪᠦᠷᠢᠯᠳᠦᠭᠦᠨ ᠤ ᠪᠠᠯᠠ ᠭᠠᠷᠭᠠᠬᠤ᠂ ᠨᠠᠢ᠌ᠳᠠ ᠶᠢᠨ ᠬᠤᠷᠠᠮᠳᠤᠭᠤᠯᠭ᠎ᠠ ᠶᠢᠨ ᠮᠥᠩᠭᠦ᠂ ᠣᠯᠤᠰ ᠤᠨ ᠡᠳ᠋ ᠤᠨ ᠵᠠᠰᠠᠭ ᠡᠴᠡ ᠰᠢᠭᠤᠳ ᠳᠤᠰᠠᠯᠠᠬᠤ᠂ ᠪᠣᠰᠤᠳ ᠤᠨ ᠳᠤᠰᠠᠯᠠᠨ ᠭᠦᠷᠭᠡᠭ᠍ᠰᠡᠨ ᠵᠢᠴᠢ ᠬᠠᠤᠯᠢ ᠶᠤᠰᠤᠭᠠᠷ ᠣᠯᠤᠭᠰᠠᠨ ᠪᠣᠰᠤᠳ ᠡᠳ᠋ ᠭᠦᠷᠦᠩᠭᠡ ᠪᠠᠷ ᠪᠣᠢ ᠪᠣᠯᠤᠭᠰᠠᠨ ᠡᠳ᠋ ᠭᠦᠷᠦᠩᠭᠡ ᠶᠢ ᠡᠵᠡᠮᠰᠢᠭᠦ᠂ ᠭᠡᠷᠡᠭᠯᠡᠭᠦ ᠪᠠ ᠰᠢ᠌ᠤᠠᠪᠣᠷᠢᠯᠠᠨ ᠳᠤᠭᠢᠷᠠᠭᠤᠯᠬᠤ ᠡᠷᠭᠡ ᠲᠡᠶ ᠪᠠᠢ᠌ᠬᠤ ᠶᠢᠨ ᠬᠠᠮᠳᠤ ᠳᠡᠭᠡᠷ᠎ᠡ ᠳᠤᠷᠠᠳᠤᠭᠰᠠᠨ ᠡᠳ᠋ ᠭᠦᠷᠦᠩᠭᠡ ᠪᠠᠷ ᠦᠷᠢ ᠰᠢᠷᠢ ᠶᠢᠨ ᠬᠠᠷᠢᠭᠤᠴᠠᠯᠭ᠎ᠠ ᠶᠢ ᠡᠭᠦᠷᠭᠡᠯᠡᠨ᠎ᠡ᠃

ᠳᠠᠪᠣᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠨᠢ ᠳᠡᠭᠦᠨ ᠤ ᠳᠠᠩᠰᠠᠨ ᠳᠤᠳᠤᠷ᠎ᠠ ᠳᠡᠮᠳᠡᠭᠯᠡᠭ᠍ᠰᠡᠨ ᠪᠠᠯᠠ ᠭᠠᠷᠭᠠᠭᠰᠠᠨ ᠳᠤᠭ᠎ᠠ ᠪᠣᠯᠤᠨ ᠨᠠᠢ᠌ᠳᠠ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠬᠤᠪᠢ ᠳᠤᠭ᠎ᠠ ᠪᠠᠷ ᠭᠢᠵᠠᠭᠠᠷᠯᠠᠯ ᠪᠣᠯᠭᠠᠨ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠳᠤ ᠬᠠᠷᠢᠭᠤᠴᠠᠯᠭ᠎ᠠ ᠡᠭᠦᠷᠭᠡᠯᠡᠨ᠎ᠡ᠃

ᠵᠢᠷᠭᠤᠳᠤᠭᠠᠷ ᠵᠣᠢ᠌ᠯ ᠣᠯᠤᠰ ᠡᠴᠡ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠵᠢᠴᠢ ᠪᠦᠷᠢᠯᠳᠦᠭᠦᠨ ᠤ ᠭᠢᠨᠢ ᠬᠠᠤᠯᠢ ᠶᠤᠰᠤᠨ ᠤ ᠡᠷᠭᠡ ᠠᠰᠢᠭ ᠢ ᠬᠠᠮᠠᠭᠠᠯᠠᠨ᠎ᠠ᠂ ᠶᠠᠮᠠᠷᠪᠠ ᠨᠢᠭᠡᠴᠡ ᠪᠣᠯᠤᠨ ᠬᠤᠪᠢ ᠭᠦᠮᠤᠨ ᠭᠡᠤᠨ ᠬᠠᠯᠳᠠᠵᠤ ᠪᠣᠯᠬᠤ ᠦᠭᠡᠶ᠃

ᠳᠤᠯᠤᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠣᠢ᠌ᠯᠠᠤᠠᠪᠣᠷᠢᠯᠠᠯ ᠡᠵᠡᠩᠨᠡᠯᠳᠡ ᠶᠢᠨ ᠠᠵᠢᠯᠯᠠᠭ᠎ᠠ ᠭᠢᠭᠦ ᠳᠤ ᠬᠠᠤᠯᠢ ᠴᠠᠭᠠᠵᠠ᠂ ᠵᠠᠰᠠᠭ ᠵᠠᠭᠢᠷᠭᠠᠨ ᠤ ᠬᠠᠤᠯᠢ ᠳᠤᠭᠳᠠᠭᠠᠯ ᠢ ᠵᠢᠷᠤᠮᠯᠠᠬᠤ ᠭᠡᠷᠡᠭ᠍ᠳᠡᠢ᠂ ᠨᠡᠢ᠌ᠭᠡᠮ ᠨᠠᠢ᠌ᠳᠠ ᠶᠢᠨ ᠶᠤᠰᠤ ᠮᠤᠷᠠᠯ᠂ ᠬᠤᠳᠠᠯᠳᠤᠭᠠᠨ ᠤ ᠶᠤᠰᠤ ᠮᠤᠷᠠᠯ ᠢ ᠵᠢᠷᠤᠮᠯᠠᠵᠤ᠂ ᠦᠨᠡᠠᠴᠢ ᠢᠳᠡᠭᠡᠮᠵᠢᠳᠡᠢ ᠪᠠᠢ᠌ᠬᠤ ᠭᠡᠷᠡᠭ᠍ᠳᠡᠢ᠃

ᠨᠢ᠋ᠮᠠᠳᠤᠭᠠᠷ ᠵᠣᠢ᠌ᠯ ᠣᠯᠤᠰ ᠡᠴᠡ ᠡᠳ᠋ ᠤᠨ ᠵᠠᠰᠠᠭ ᠤᠨ ᠳᠡᠮᠵᠢᠯᠭᠡ᠂ ᠭᠠᠢ᠌ᠯᠢ ᠳᠠᠳᠠᠪᠣᠷᠢ ᠶᠢᠨ ᠬᠠᠷᠠᠭᠠᠯᠵᠠᠯ ᠪᠣᠯᠤᠨ ᠮᠥᠩᠭᠦᠨ ᠭᠦᠢᠯᠭᠡᠭᠡ᠂ ᠰᠢᠡᠵᠢᠯᠡᠭᠦ ᠣᠬᠠᠭᠠᠨ ᠮᠡᠷᠭᠡᠵᠢᠯ᠂ ᠴᠢᠳᠠᠪᠣᠷᠢᠳᠠᠨ ᠤ ᠲᠡᠳᠬᠦᠮᠵᠢ ᠵᠢᠴᠢ ᠠᠵᠤ ᠣᠢ᠌ᠯᠠᠰ ᠤᠨ ᠲᠦᠷᠦ ᠶᠢᠨ ᠪᠣᠳᠤᠯᠭ᠎ᠠ ᠪᠠᠷ ᠭᠦᠳᠦᠯᠤᠨ ᠵᠢᠯᠤᠭᠤᠤᠠᠬᠤ ᠵᠡᠷᠭᠡ ᠠᠷᠭ᠎ᠠ ᠭᠡᠮᠵᠢᠶ᠎ᠡ ᠪᠠᠷ ᠳᠠᠮᠵᠢᠭᠤᠯᠤᠨ᠂ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠭᠦᠭ᠍ᠵᠢᠯᠳᠡ ᠶᠢ ᠠᠭᠢᠭᠤᠯᠤᠨ᠎ᠠ᠃

ᠣᠯᠤᠰ ᠡᠴᠡ ᠨᠡᠢ᠌ᠭᠡᠮ ᠤᠨ ᠡᠯ᠎ᠡ ᠡᠳᠡᠭᠡᠤᠨ ᠤᠨ ᠭᠦᠴᠤᠨ ᠢ ᠵᠤᠷᠢᠭᠵᠢᠭᠤᠯᠤᠨ ᠳᠠᠮᠵᠢᠵᠤ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠳᠤ ᠥᠢᠯᠡᠴᠢᠯᠡᠭᠡᠨ ᠬᠠᠩᠭ᠋ᠠᠯᠠᠭᠠᠨ᠎ᠠ᠃

ᠶ‍ᠢᠰᠦᠳᠦᠭᠡᠷ ᠵᠣᠢ᠌ᠯ ᠰᠢᠶᠠᠨ ᠤ ᠱᠠᠳᠤᠨ ᠡᠴᠡ ᠳᠡᠭᠡᠭ᠍ᠰᠢᠭᠢ ᠡᠯ᠎ᠡ ᠱᠠᠳᠤᠨ ᠤ ᠠᠷᠠᠤᠨ ᠤᠨ ᠵᠠᠰᠠᠭ ᠤᠨ ᠣᠷᠳᠤᠨ ᠨᠤᠭᠤᠳ ᠳᠠᠷᠢᠶᠠᠯᠠᠩ ᠤᠨ ᠵᠠᠰᠠᠭ ᠵᠠᠭᠢᠷᠭᠠᠨ ᠤ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠪᠣᠯᠤᠨ ᠪᠣᠰᠤᠳ ᠬᠤᠯᠪᠣᠭᠳᠠᠯ ᠪᠦᠭᠦᠢ ᠰᠠᠯᠠᠭ᠎ᠠ ᠮᠦᠴᠢᠷ ᠵᠢᠴᠢ ᠬᠤᠯᠪᠣᠭᠳᠠᠯ ᠪᠦᠭᠦᠢ ᠵᠤᠬᠢᠶᠠᠨ ᠪᠠᠢ᠌ᠭᠤᠯᠤᠯᠳᠠ ᠶᠢ ᠵᠤᠬᠢᠶᠠᠨ ᠪᠠᠢ᠌ᠭᠤᠯᠤᠨ᠂ ᠳᠤᠰ ᠬᠠᠤᠯᠢ ᠶᠢᠨ ᠳᠤᠭᠳᠠᠭᠠᠯ ᠶᠤᠰᠤᠭᠠᠷ ᠳᠤᠰ ᠳᠤᠰ ᠤᠨ ᠳᠤᠰᠢᠶᠠᠯ ᠬᠠᠷᠢᠭᠤᠴᠠᠯᠭ᠎ᠠ ᠪᠠᠨ ᠦᠨᠳᠦᠰᠦᠯᠠᠨ᠂ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠳᠦᠭᠡᠨ ᠪᠠᠢ᠌ᠭᠤᠯᠤᠯᠳᠠ ᠪᠣᠯᠤᠨ ᠭᠦᠭ᠍ᠵᠢᠯᠳᠡ ᠳᠤ ᠵᠢᠯᠤᠭᠤᠳᠤᠯᠭ᠎ᠠ᠂ ᠳᠡᠮᠵᠢᠯᠭᠡ ᠪᠣᠯᠤᠨ ᠥᠢᠯᠡᠴᠢᠯᠡᠭᠡᠨ ᠥᠵᠡᠭᠦᠯᠭᠦ ᠭᠡᠷᠡᠭ᠍ᠳᠡᠢ᠃


ᠬᠤᠶᠠᠳᠤᠭᠠᠷ ᠪᠦᠯᠦᠭ᠌   ᠪᠠᠢ᠌ᠭᠤᠯᠬᠤ ᠪᠠ ᠳᠠᠩᠰᠠᠯᠠᠭᠤᠯᠬᠤ


ᠠᠷᠪᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠶᠢ ᠪᠠᠢ᠌ᠭᠤᠯᠬᠤ ᠳᠤ ᠳᠤᠤᠷᠠᠭᠢ ᠨᠥᠭᠦᠴᠡᠯ ᠢ ᠪᠦᠷᠢᠯᠳᠦᠭᠦᠯᠭᠦ ᠭᠡᠷᠡᠭ᠍ᠳᠡᠢ

ᠨᠢᠭᠡ᠂ ᠳᠤᠰ ᠬᠠᠤᠯᠢ ᠶᠢᠨ ᠠᠷᠪᠠᠨ ᠳᠦᠷᠪᠠᠳᠦᠭᠡᠷ ᠵᠣᠢ᠌ᠯ᠂ ᠠᠷᠪᠠᠨ ᠳᠠᠪᠣᠳᠤᠭᠠᠷ ᠵᠣᠢ᠌ᠯ ᠤᠨ ᠳᠤᠭᠳᠠᠭᠠᠯ ᠳᠤ ᠨᠡᠢ᠌ᠴᠡᠭᠦ ᠳᠠᠪᠤᠨ ᠨᠠᠷᠠᠰ ᠡᠴᠡ ᠳᠡᠭᠡᠭ᠍ᠰᠢ ᠪᠦᠷᠢᠯᠳᠦᠭᠦᠨ ᠲᠡᠶ ᠪᠠᠢ᠌ᠬᠤ ᠭᠡᠷᠡᠭ᠍ᠳᠡᠢ︔

ᠬᠤᠶᠠᠷ᠂ ᠳᠤᠰ ᠬᠠᠤᠯᠢ ᠶᠢᠨ ᠳᠤᠭᠳᠠᠭᠠᠯ ᠳᠤ ᠨᠡᠢ᠌ᠴᠡᠭᠦ ᠳᠦᠷᠢᠮ ᠲᠡᠶ ᠪᠠᠢ᠌ᠬᠤ ᠭᠡᠷᠡᠭ᠍ᠳᠡᠢ︔

ᠭᠤᠷᠪᠠ᠂ ᠳᠤᠰ ᠬᠠᠤᠯᠢ ᠶᠢᠨ ᠳᠤᠭᠳᠠᠭᠠᠯ ᠳᠤ ᠨᠡᠢ᠌ᠴᠡᠭᠦ ᠵᠤᠬᠢᠶᠠᠨ ᠪᠠᠢ᠌ᠭᠤᠯᠤᠯᠳᠠ ᠶᠢᠨ ᠪᠠᠢ᠌ᠭᠤᠯᠤᠮᠵᠢ ᠲᠡᠶ ᠪᠠᠢ᠌ᠬᠤ ᠭᠡᠷᠡᠭ᠍ᠳᠡᠢ︔

ᠳᠦᠷᠪᠡ᠂ ᠬᠠᠤᠯᠢ ᠴᠠᠭᠠᠵᠠ᠂ ᠵᠠᠰᠠᠭ ᠵᠠᠭᠢᠷᠭᠠᠨ ᠤ ᠬᠠᠤᠯᠢ ᠳᠤᠭᠳᠠᠭᠠᠯ ᠳᠤ ᠨᠡᠢ᠌ᠴᠡᠭᠦ ᠨᠠᠷᠠᠢ᠌ᠳᠤᠯ ᠪᠣᠯᠤᠨ ᠳᠦᠷᠢᠮ ᠳᠡᠭᠡᠨ ᠳᠤᠭᠳᠠᠭᠠᠭᠰᠠᠨ ᠰᠠᠭᠤᠭ᠎ᠠ ᠭᠠᠵᠠᠷ ᠲᠡᠶ ᠪᠠᠢ᠌ᠬᠤ ᠭᠡᠷᠡᠭ᠍ᠳᠡᠢ︔

ᠳᠠᠪᠣ᠂ ᠳᠦᠷᠢᠮ ᠤᠨ ᠳᠤᠭᠳᠠᠭᠠᠯ ᠳᠤ ᠨᠡᠢ᠌ᠴᠡᠭᠦ ᠪᠦᠷᠢᠯᠳᠦᠭᠦᠨ ᠤ ᠭᠠᠷᠭᠠᠭᠰᠠᠨ ᠪᠠᠯᠠ ᠲᠡᠶ ᠪᠠᠢ᠌ᠬᠤ ᠭᠡᠷᠡᠭ᠍ᠳᠡᠢ᠃

ᠠᠷᠪᠠᠨ ᠨᠢᠭᠡᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠪᠠᠢ᠌ᠭᠤᠯᠬᠤ ᠳᠤ ᠬᠤᠷᠰᠢᠶ᠎ᠠ ᠪᠠᠢ᠌ᠭᠤᠯᠬᠤ ᠪᠦᠭᠦᠳᠡ ᠭᠦᠮᠤᠨ ᠣᠷᠤᠯᠴᠠᠭᠰᠠᠨ ᠬᠤᠷᠰᠢᠶ᠎ᠠ ᠪᠠᠢ᠌ᠭᠤᠯᠬᠤ ᠶᠡᠭᠡ ᠬᠤᠷᠠᠯ ᠬᠤᠷᠠᠯᠳᠤᠭᠤᠯᠬᠤ ᠭᠡᠷᠡᠭ᠍ᠳᠡᠢ᠃ ᠬᠤᠷᠰᠢᠶ᠎ᠠ ᠪᠠᠢ᠌ᠭᠤᠯᠬᠤ ᠳᠤ ᠰᠠᠢ᠌ᠨ ᠳᠤᠷ᠎ᠠ ᠡᠴᠡ ᠪᠠᠨ ᠳᠤᠰ ᠬᠤᠷᠰᠢᠶᠠᠨ ᠤ ᠪᠦᠷᠢᠯᠳᠦᠭᠦᠨ ᠪᠣᠯᠬᠤ ᠭᠦᠮᠤᠨ ᠪᠣᠯ ᠬᠤᠷᠰᠢᠶ᠎ᠠ ᠪᠠᠢ᠌ᠭᠤᠯᠤᠭᠴᠢ ᠪᠣᠯᠤᠨ᠎ᠠ᠃

ᠬᠤᠷᠰᠢᠶ᠎ᠠ ᠪᠠᠢ᠌ᠭᠤᠯᠬᠤ ᠶᠡᠭᠡ ᠬᠤᠷᠠᠯ ᠳᠤᠤᠷᠠᠭᠢ ᠮᠠᠳᠤ ᠡᠷᠭᠡ ᠳᠤᠰᠢᠶᠠᠯ ᠢ ᠭᠦᠢᠴᠡᠳᠭᠡᠨ᠎ᠡ᠄

ᠨᠢᠭᠡ᠂ ᠳᠤᠰ ᠬᠤᠷᠰᠢᠶᠠᠨ ᠤ ᠳᠦᠷᠢᠮ ᠶᠢᠡᠨ ᠪᠠᠳᠤᠯᠠᠨ᠎ᠠ᠂ ᠳᠦᠷᠢᠮ ᠢ ᠬᠤᠷᠰᠢᠶ᠎ᠠ ᠪᠠᠢ᠌ᠭᠤᠯᠬᠤ ᠪᠦᠭᠦᠳᠡ ᠭᠦᠮᠤᠨ ᠰᠠᠨᠠᠯ ᠨᠢᠭᠡᠳᠤᠨ ᠪᠠᠳᠤᠯᠠᠨ᠎ᠠ︔

ᠬᠤᠶᠠᠷ᠂ ᠭᠡᠷᠡᠭ᠌ ᠡᠷᠭᠢᠯᠡᠭ᠍ᠴᠢᠳ ᠤᠨ ᠳᠠᠷᠤᠭ᠎ᠠ᠂ ᠭᠡᠷᠡᠭ᠌ ᠡᠷᠭᠢᠯᠡᠭ᠍ᠴᠢᠳ᠂ ᠭᠦᠢᠴᠡᠳᠭᠡᠭᠦ ᠭᠢᠨᠠᠯᠳᠠ ᠳᠠᠯᠪᠢᠭᠴᠢ ᠪᠣᠶᠤ ᠭᠢᠨᠠᠯᠳᠠ ᠳᠠᠯᠪᠢᠭᠴᠢᠳ ᠤᠨ ᠺᠤᠮᠢᠰ ᠤᠨ ᠪᠦᠷᠢᠯᠳᠦᠭᠦᠨ ᠢ ᠰᠤᠩᠭ᠋ᠤᠵᠤ ᠭᠠᠷᠭᠠᠨ᠎ᠠ︔

ᠭᠤᠷᠪᠠ᠂ ᠪᠣᠰᠤᠳ ᠴᠢᠬᠤᠯᠠ ᠶᠡᠭᠡ ᠣᠴᠢᠷ ᠤᠳ ᠢ ᠭᠢᠨᠠᠨ ᠵᠦᠪᠯᠠᠨ᠎ᠠ᠃

ᠠᠷᠪᠠᠨ ᠬᠤᠶᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠳᠦᠷᠢᠮ ᠳᠤ ᠳᠤᠤᠷᠠᠭᠢ ᠮᠠᠳᠤ ᠵᠣᠢ᠌ᠯ ᠤᠳ ᠢ ᠳᠤᠳᠤᠷᠬᠠᠢ᠌ᠯᠠᠬᠤ ᠭᠡᠷᠡᠭ᠍ᠳᠡᠢ᠄

ᠨᠢᠭᠡ᠂ ᠨᠠᠷᠠᠢ᠌ᠳᠤᠯ ᠪᠣᠯᠤᠨ ᠰᠠᠭᠤᠭ᠎ᠠ ᠭᠠᠵᠠᠷ︔

ᠬᠤᠶᠠᠷ᠂ ᠳᠤᠬᠠᠢ᠌ᠯᠠᠭᠰᠠᠨ ᠠᠵᠢᠯ ᠤᠨ ᠭᠡᠪᠴᠢᠶ᠎ᠡ︔

ᠭᠤᠷᠪᠠ᠂ ᠪᠦᠷᠢᠯᠳᠦᠭᠦᠨ ᠨᠡᠷ ᠤᠨ ᠭᠢᠷᠢ ᠭᠡᠮ ᠵᠢᠴᠢ ᠬᠤᠷᠰᠢᠶᠠᠨ ᠳᠤ ᠣᠷᠤᠬᠤ᠂ ᠬᠤᠷᠰᠢᠶ᠎ᠠ ᠡᠴᠡ ᠭᠠᠷᠬᠤ ᠪᠠ ᠨᠠᠷ᠎ᠠ ᠶᠢ ᠨᠢ ᠬᠠᠰᠤᠬᠤ︔

ᠳᠦᠷᠪᠡ᠂ ᠪᠦᠷᠢᠯᠳᠦᠭᠦᠨ ᠤ ᠡᠷᠭᠡ ᠪᠣᠯᠤᠨ ᠡᠭᠦᠷᠭᠡ︔

ᠳᠠᠪᠣ᠂ ᠵᠤᠬᠢᠶᠠᠨ ᠪᠠᠢ᠌ᠭᠤᠯᠤᠯᠳᠠ ᠶᠢᠨ ᠪᠠᠢ᠌ᠭᠤᠯᠤᠮᠵᠢ ᠵᠢᠴᠢ ᠳᠡᠭᠦᠨ ᠢ ᠪᠣᠢ ᠪᠣᠯᠭᠠᠭᠰᠠᠨ ᠠᠷᠭ᠎ᠠ᠂ ᠡᠷᠭᠡ ᠳᠤᠰᠢᠶᠠᠯ᠂ ᠳᠤᠰᠢᠶᠠᠯ ᠤᠨ ᠬᠤᠭᠤᠴᠠᠭ᠎ᠠ᠂ ᠭᠡᠷᠡᠭ᠌ ᠵᠥᠪᠯᠡᠭᠦ ᠳᠦᠷᠢᠮ︔

ᠵᠢᠷᠭᠤᠭ᠎ᠠ᠂ ᠪᠦᠷᠢᠯᠳᠦᠭᠦᠨ ᠤ ᠪᠠᠯᠠ ᠭᠠᠷᠭᠠᠬᠤ ᠠᠷᠭ᠎ᠠ ᠮᠠᠶ‍ᠢᠭ᠂ ᠪᠠᠯᠠ ᠭᠠᠷᠭᠠᠬᠤ ᠳᠤᠭ᠎ᠠ︔

ᠳᠤᠯᠤᠭ᠎ᠠ᠂ ᠡᠳ᠋ ᠤᠨ ᠶᠠᠪᠣᠳᠠᠯ ᠢ ᠬᠠᠮᠢᠶᠠᠷᠬᠤ ᠪᠠ ᠦᠯᠠᠳᠠᠪᠣᠷᠢ ᠶᠢ ᠬᠤᠪᠢᠶᠠᠷᠢᠯᠠᠬᠤ᠂ ᠠᠯᠳᠠᠯ ᠬᠤᠷᠤᠭᠳᠠᠯ ᠢ ᠰᠢ᠌ᠦᠡᠪᠦᠷᠢᠯᠡᠭᠦ︔

ᠨᠢ᠋ᠮᠠ᠂ ᠳᠦᠷᠢᠮ ᠳᠤ ᠵᠠᠰᠠᠪᠣᠷᠢ ᠣᠷᠤᠭᠤᠯᠬᠤ ᠳᠠᠰ ᠳᠠᠷᠠᠭᠠᠯᠠᠯ︔

ᠶ‍ᠢᠰᠤ᠂ ᠳᠠᠷᠬᠠᠭᠠᠬᠤ ᠣᠴᠢᠷ ᠰᠢᠯᠳᠠᠭᠠᠨ ᠪᠠ ᠢᠯᠭᠠᠷᠠᠭᠤᠯᠤᠨ ᠪᠣᠳᠤᠬᠤ ᠠᠷᠭ᠎ᠠ︔

ᠠᠷᠪᠠ᠂ ᠵᠠᠷᠯᠠᠨ ᠮᠡᠳᠡᠭ᠍ᠳᠡᠭᠦ ᠵᠣᠢ᠌ᠯ ᠵᠢᠴᠢ ᠨᠡᠢ᠌ᠳᠡᠯᠡᠭᠦ ᠠᠷᠭ᠎ᠠ ᠮᠠᠶ‍ᠢᠭ︔

ᠠᠷᠪᠠᠨ ᠨᠢᠭᠡ᠂ ᠳᠤᠭᠳᠠᠭᠠᠬᠤ ᠴᠢᠬᠤᠯᠠ ᠲᠡᠶ ᠪᠣᠰᠤᠳ ᠵᠣᠢ᠌ᠯ ᠤᠳ᠃

ᠠᠷᠪᠠᠨ ᠭᠤᠷᠪᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠪᠠᠢ᠌ᠭᠤᠯᠬᠤ ᠳᠤ ᠠᠵᠤ ᠣᠢ᠌ᠯᠠᠤᠠᠪᠣᠷᠢ ᠬᠤᠳᠠᠯᠳᠤᠭ᠎ᠠ ᠶᠢᠨ ᠵᠠᠰᠠᠭ ᠵᠠᠭᠢᠷᠭᠠᠨ ᠤ ᠬᠠᠮᠢᠶᠠᠷᠤᠯᠳᠠ ᠶᠢᠨ ᠰᠠᠯᠠᠭ᠎ᠠ ᠮᠦᠴᠢᠷ ᠲᠤ ᠳᠤᠤᠷᠠᠭᠢ ᠮᠠᠳᠤ ᠪᠢᠴᠢᠭ᠌ ᠮᠠᠲ᠋ᠸᠷᠢᠶᠠᠯ ᠢ ᠳᠡᠪᠰᠢᠭᠦᠯᠤᠨ ᠳᠤᠰᠢᠶᠠᠵᠤ᠂ ᠬᠤᠷᠰᠢᠶ᠎ᠠ ᠪᠠᠢ᠌ᠭᠤᠯᠬᠤ ᠪᠠᠨ ᠳᠠᠩᠰᠠᠯᠠᠭᠤᠯᠬᠤ ᠪᠠᠷ ᠭᠤᠶᠤᠴᠢᠯᠠᠬᠤ ᠭᠡᠷᠡᠭ᠍ᠳᠡᠢ᠄

ᠨᠢᠭᠡ᠂ ᠳᠠᠩᠰᠠᠯᠠᠭᠤᠯᠬᠤ ᠭᠤᠶᠤᠴᠢᠯᠠᠯ ᠤᠨ ᠪᠢᠴᠢᠭ᠌︔

ᠬᠤᠶᠠᠷ᠂ ᠬᠤᠷᠰᠢᠶ᠎ᠠ ᠪᠠᠢ᠌ᠭᠤᠯᠬᠤ ᠪᠦᠭᠦᠳᠡ ᠭᠦᠮᠤᠨ ᠤ ᠭᠠᠷ ᠤᠨ ᠥᠰᠦᠭ᠌ ᠵᠢᠷᠤᠵᠤ᠂ ᠳᠠᠮᠠᠭ᠎ᠠ ᠳᠠᠷᠤᠭᠰᠠᠨ ᠬᠤᠷᠰᠢᠶ᠎ᠠ ᠪᠠᠢ᠌ᠭᠤᠯᠬᠤ ᠶᠡᠭᠡ ᠬᠤᠷᠠᠯ ᠤᠨ ᠳᠤᠪᠴᠢ︔

ᠭᠤᠷᠪᠠ᠂ ᠬᠤᠷᠰᠢᠶ᠎ᠠ ᠪᠠᠢ᠌ᠭᠤᠯᠬᠤ ᠪᠦᠭᠦᠳᠡ ᠭᠦᠮᠤᠨ ᠤ ᠭᠠᠷ ᠤᠨ ᠥᠰᠦᠭ᠌ ᠵᠢᠷᠤᠵᠤ᠂ ᠳᠠᠮᠠᠭ᠎ᠠ ᠳᠠᠷᠤᠭᠰᠠᠨ ᠳᠦᠷᠢᠮ︔

ᠳᠦᠷᠪᠡ᠂ ᠬᠠᠤᠯᠢ ᠪᠠᠷ ᠳᠤᠭᠳᠠᠭᠠᠭᠰᠠᠨ ᠳᠦᠯᠦᠭᠡᠯᠡᠭ᠍ᠴᠢ᠂ ᠭᠡᠷᠡᠭ᠌ ᠡᠷᠭᠢᠯᠡᠭ᠍ᠴᠢᠳ ᠢ ᠳᠤᠰᠢᠶᠠᠯ ᠳᠤ ᠳᠤᠮᠢᠯᠠᠭᠰᠠᠨ ᠪᠢᠴᠢᠭ᠌ ᠮᠠᠲ᠋ᠸᠷᠢᠶᠠᠯ ᠵᠢᠴᠢ ᠪᠠᠶ᠎ᠠ ᠶᠢᠨ ᠭᠢᠷᠢ ᠭᠡᠮ ᠤᠨ ᠭᠡᠷᠡᠴᠢ︔

ᠳᠠᠪᠣ᠂ ᠪᠠᠯᠠ ᠭᠠᠷᠭᠠᠭᠰᠠᠨ ᠪᠦᠷᠢᠯᠳᠦᠭᠦᠨ ᠨᠡᠷ ᠤᠨ ᠭᠠᠷ ᠤᠨ ᠥᠰᠦᠭ᠌ ᠵᠢᠷᠤᠵᠤ᠂ ᠳᠠᠮᠠᠭ᠎ᠠ ᠳᠠᠷᠤᠭᠰᠠᠨ ᠪᠠᠯᠠ ᠭᠠᠷᠭᠠᠭᠰᠠᠨ ᠨᠠᠷᠢᠨ ᠳᠠᠩᠰᠠ︔

ᠵᠢᠷᠭᠤᠭ᠎ᠠ᠂ ᠰᠠᠭᠤᠭ᠎ᠠ ᠭᠠᠵᠠᠷ ᠢ ᠭᠡᠷᠡᠭᠯᠡᠭᠦ ᠭᠡᠷᠡᠴᠢ︔

ᠳᠤᠯᠤᠭ᠎ᠠ᠂ ᠬᠠᠤᠯᠢ ᠴᠠᠭᠠᠵᠠ᠂ ᠵᠠᠰᠠᠭ ᠵᠠᠭᠢᠷᠭᠠᠨ ᠤ ᠬᠠᠤᠯᠢ ᠳᠤᠭᠳᠠᠭᠠᠯ ᠶᠢᠡᠷ ᠳᠤᠭᠳᠠᠭᠠᠭᠰᠠᠨ ᠪᠣᠰᠤᠳ ᠪᠢᠴᠢᠭ᠌ ᠮᠠᠲ᠋ᠸᠷᠢᠶᠠᠯ᠃

ᠳᠠᠩᠰᠠᠯᠠᠭᠤᠯᠬᠤ ᠪᠠᠢ᠌ᠭᠤᠯᠤᠯᠭ᠎ᠠ ᠳᠠᠩᠰᠠᠯᠠᠭᠤᠯᠬᠤ ᠭᠤᠶᠤᠴᠢᠯᠠᠯ ᠢ ᠭᠦᠯᠢᠶᠡᠨ ᠠᠪᠣᠭᠰᠠᠨ ᠡᠳᠦᠷ ᠡᠴᠡ ᠡᠭᠢᠯᠡᠨ ᠬᠤᠷᠢᠨ ᠡᠳᠦᠷ ᠤᠨ ᠳᠤᠳᠤᠷ᠎ᠠ ᠰᠢ᠌ᠤᠠᠪᠣᠷᠢᠯᠠᠵᠤ ᠳᠠᠭᠤᠰᠬᠠᠨ᠂ ᠳᠠᠩᠰᠠᠯᠠᠭᠤᠯᠬᠤ ᠨᠥᠭᠦᠴᠡᠯ ᠳᠤ ᠨᠡᠢ᠌ᠴᠡᠭ᠍ᠰᠡᠨ ᠭᠤᠶᠤᠴᠢᠯᠠᠭᠴᠢ ᠳᠤ ᠡᠵᠡᠩᠨᠡᠯᠳᠡ ᠶᠢᠨ ᠦᠨᠡᠮᠯᠠᠯ ᠣᠯᠭᠤᠬᠤ ᠭᠡᠷᠡᠭ᠍ᠳᠡᠢ᠃

ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠬᠠᠤᠯᠢ ᠪᠠᠷ ᠳᠤᠭᠳᠠᠭᠠᠭᠰᠠᠨ ᠳᠠᠩᠰᠠᠯᠠᠭᠤᠯᠬᠤ ᠵᠣᠢ᠌ᠯ ᠢ ᠬᠤᠪᠢᠷᠠᠭᠠᠬᠤ ᠳᠤ᠂ ᠬᠤᠪᠢᠷᠠᠭᠠᠨ ᠳᠠᠩᠰᠠᠯᠠᠭᠤᠯᠬᠤ ᠪᠠᠷ ᠭᠤᠶᠤᠴᠢᠯᠠᠬᠤ ᠭᠡᠷᠡᠭ᠍ᠳᠡᠢ᠃

ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠳᠠᠩᠰᠠᠯᠠᠭᠤᠯᠬᠤ ᠠᠷᠭ᠎ᠠ ᠶᠢ ᠲᠦᠷᠦ ᠶᠢᠨ ᠶᠠᠪᠣᠳᠠᠯ ᠤᠨ ᠬᠤᠷᠢᠶᠠᠨ ᠡᠴᠡ ᠳᠤᠭᠳᠠᠭᠠᠨ᠎ᠠ᠃ ᠳᠠᠩᠰᠠᠯᠠᠭᠤᠯᠬᠤ ᠭᠠᠷᠳᠠᠮ ᠭᠦᠢᠴᠡᠳᠭᠡᠭᠦ ᠳᠤ ᠰᠥᠢᠦᠡᠭᠡᠯ ᠬᠤᠷᠢᠶᠠᠵᠤ ᠪᠣᠯᠬᠤ ᠦᠭᠡᠶ᠃


ᠭᠤᠷᠪᠠᠳᠤᠭᠠᠷ ᠪᠦᠯᠦᠭ᠌    ᠪᠦᠷᠢᠯᠳᠦᠭᠦᠨ


ᠠᠷᠪᠠᠨ ᠳᠦᠷᠪᠠᠳᠦᠭᠡᠷ ᠵᠣᠢ᠌ᠯ ᠢᠷᠭᠡᠨ ᠤ ᠭᠡᠷᠡᠭ᠌ ᠤᠨ ᠣᠢ᠌ᠯᠠ ᠠᠵᠢᠯᠯᠠᠭ᠎ᠠ ᠶᠢᠨ ᠴᠢᠳᠠᠪᠣᠷᠢ ᠲᠡᠶ ᠠᠷᠠᠤᠨ ᠢᠷᠭᠡᠨ ᠵᠢᠴᠢ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠳᠤᠬᠠᠢ᠌ᠯᠠᠭᠰᠠᠨ ᠠᠵᠢᠯ ᠯᠤᠭ᠎ᠠ ᠰᠢᠭᠤᠳ ᠬᠠᠮᠢᠶᠠᠳᠠᠢ ᠣᠢ᠌ᠯᠠᠤᠠᠪᠣᠷᠢᠯᠠᠯ ᠡᠵᠡᠩᠨᠡᠯᠳᠡ ᠶᠢᠨ ᠠᠵᠢᠯᠯᠠᠭ᠎ᠠ ᠭᠢᠭᠦ ᠠᠵᠤ ᠠᠬᠤᠢ᠌ᠯᠠᠯ᠂ ᠠᠵᠢᠯ ᠣᠢ᠌ᠯᠠᠰ ᠤᠨ ᠨᠢᠭᠡᠴᠡ ᠪᠣᠶᠤ ᠨᠡᠢ᠌ᠭᠡᠮ ᠤᠨ ᠪᠦᠯᠭᠦᠮ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠡᠴᠡ ᠬᠠᠩᠭ᠋ᠠᠭᠰᠠᠨ ᠥᠢᠯᠡᠴᠢᠯᠡᠭᠡᠨ ᠢ ᠠᠰᠢᠭᠯᠠᠨ᠂ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠳᠦᠷᠢᠮ ᠢ ᠮᠡᠳᠡᠷᠡᠭᠦ ᠮᠥᠷᠳᠡᠭᠡᠨ ᠵᠢᠷᠤᠮᠯᠠᠵᠤ᠂ ᠳᠦᠷᠢᠮ ᠳᠤ ᠳᠤᠭᠳᠠᠭᠠᠭᠰᠠᠨ ᠬᠤᠷᠰᠢᠶ᠎ᠠ ᠳᠤ ᠣᠷᠤᠬᠤ ᠭᠠᠷᠳᠠᠮ ᠢ ᠭᠦᠢᠴᠡᠳᠭᠡᠪᠠᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠪᠣᠯᠵᠤ ᠪᠣᠯᠤᠨ᠎ᠠ᠃ ᠭᠡᠭᠦ ᠳᠡᠭᠡᠨ᠂ ᠣᠯᠠᠨ ᠨᠠᠢ᠌ᠳᠠ ᠶᠢᠨ ᠭᠡᠷᠡᠭ᠌ ᠶᠠᠪᠣᠳᠠᠯ ᠢ ᠬᠠᠮᠢᠶᠠᠷᠠᠬᠤ ᠡᠭᠦᠷᠭᠡ ᠴᠢᠳᠠᠪᠣᠷᠢ ᠲᠡᠶ ᠨᠢᠭᠡᠴᠡ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠳᠤ ᠣᠷᠤᠵᠤ ᠪᠣᠯᠬᠤ ᠦᠭᠡᠶ᠃

ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠪᠦᠷᠢᠯᠳᠦᠭᠦᠨ ᠤ ᠨᠠᠷ᠎ᠠ ᠶᠢᠨ ᠳᠠᠩᠰᠠ ᠪᠡᠯᠡᠳᠭᠡᠭᠦ ᠶᠢᠨ ᠬᠠᠮᠳᠤ ᠳᠠᠩᠰᠠᠯᠠᠭᠤᠯᠬᠤ ᠪᠠᠢ᠌ᠭᠤᠯᠤᠯᠭ᠎ᠠ ᠳᠤ ᠮᠡᠳᠡᠭᠦᠯᠭᠦ ᠭᠡᠷᠡᠭ᠍ᠳᠡᠢ᠃

ᠠᠷᠪᠠᠨ ᠳᠠᠪᠣᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠤ ᠳᠤᠳᠤᠷ᠎ᠠ᠂ ᠳᠠᠷᠢᠶᠠᠴᠢᠳ ᠠᠳᠠᠭ ᠲᠠᠭᠠᠨ ᠪᠦᠷᠢᠯᠳᠦᠭᠦᠨ ᠤ ᠶᠡᠷᠦᠩᠭᠡᠢ ᠳᠤᠭ᠎ᠠ ᠶᠢᠨ ᠵᠠᠭᠤᠨ ᠤ ᠨᠠᠶᠠ ᠶᠢ ᠡᠵᠡᠯᠡᠭ᠍ᠰᠡᠨ ᠪᠠᠢ᠌ᠬᠤ ᠭᠡᠷᠡᠭ᠍ᠳᠡᠢ᠃

ᠪᠦᠷᠢᠯᠳᠦᠭᠦᠨ ᠤ ᠶᠡᠷᠦᠩᠭᠡᠢ ᠳᠤᠭ᠎ᠠ ᠨᠢ ᠬᠤᠷᠢᠨ ᠭᠦᠮᠤᠨ ᠡᠴᠡ ᠳᠤᠷᠤᠭᠰᠢ ᠪᠠᠢ᠌ᠪᠠᠯ ᠨᠢᠭᠡ ᠠᠵᠤ ᠠᠬᠤᠢ᠌ᠯᠠᠯ᠂ ᠠᠵᠢᠯ ᠣᠢ᠌ᠯᠠᠰ ᠤᠨ ᠨᠢᠭᠡᠴᠡ ᠪᠣᠶᠤ ᠨᠡᠢ᠌ᠭᠡᠮ ᠤᠨ ᠪᠦᠯᠭᠦᠮ ᠤᠨ ᠪᠦᠷᠢᠯᠳᠦᠭᠦᠨ ᠲᠡᠶ ᠪᠠᠢ᠌ᠵᠤ ᠪᠣᠯᠤᠨ᠎ᠠ︔ ᠪᠦᠷᠢᠯᠳᠦᠭᠦᠨ ᠤ ᠶᠡᠷᠦᠩᠭᠡᠢ ᠳᠤᠭ᠎ᠠ ᠨᠢ ᠬᠤᠷᠢᠨ ᠭᠦᠮᠤᠨ ᠢ ᠳᠠᠪᠠᠭᠰᠠᠨ ᠪᠠᠢ᠌ᠪᠠᠯ ᠠᠵᠤ ᠠᠬᠤᠢ᠌ᠯᠠᠯ᠂ ᠠᠵᠢᠯ ᠣᠢ᠌ᠯᠠᠰ ᠤᠨ ᠨᠢᠭᠡᠴᠡ ᠪᠣᠯᠤᠨ ᠨᠡᠢ᠌ᠭᠡᠮ ᠤᠨ ᠪᠦᠯᠭᠦᠮ ᠤᠨ ᠪᠦᠷᠢᠯᠳᠦᠭᠦᠨ ᠢ ᠪᠦᠷᠢᠯᠳᠦᠭᠦᠨ ᠤ ᠶᠡᠷᠦᠩᠭᠡᠢ ᠳᠤᠭ᠎ᠠ ᠶᠢᠨ ᠵᠠᠭᠤᠨ ᠤ ᠳᠠᠪᠣ ᠡᠴᠡ ᠳᠠᠪᠠᠭᠤᠯᠵᠤ ᠪᠣᠯᠬᠤ ᠦᠭᠡᠶ᠃

ᠠᠷᠪᠠᠨ ᠵᠢᠷᠭᠤᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠳᠤᠤᠷᠠᠭᠢ ᠮᠠᠳᠤ ᠡᠷᠭᠡ ᠲᠡᠶ᠄

ᠨᠢᠭᠡ᠂ ᠪᠦᠷᠢᠯᠳᠦᠭᠦᠨ ᠨᠡᠷ ᠤᠨ ᠶᠡᠭᠡ ᠬᠤᠷᠠᠯ ᠳᠤ ᠣᠷᠤᠯᠴᠠᠬᠤ ᠶᠢᠨ ᠬᠠᠮᠳᠤ ᠪᠠᠳᠤᠯᠠᠬᠤ ᠡᠷᠭᠡ᠂ ᠰᠤᠩᠭ᠋ᠤᠬᠤ ᠡᠷᠭᠡ ᠪᠠ ᠰᠤᠩᠭ᠋ᠤᠭᠳᠠᠬᠤ ᠡᠷᠭᠡ ᠲᠡᠶ ᠪᠦᠭᠡᠤᠨ ᠳᠦᠷᠢᠮ ᠤᠨ ᠳᠤᠭᠳᠠᠭᠠᠯ ᠶᠤᠰᠤᠭᠠᠷ ᠳᠤᠰ ᠬᠤᠷᠰᠢᠶ᠎ᠠ ᠳᠠᠭᠠᠨ ᠠᠷᠠᠤᠠᠴᠢᠯᠠᠭᠰᠠᠨ ᠬᠠᠮᠢᠶᠠᠷᠤᠯᠳᠠ ᠶᠢ ᠭᠡᠷᠡᠭ᠍ᠵᠢᠭᠦᠯᠦᠨ᠎ᠡ︔

ᠬᠤᠶᠠᠷ᠂ ᠳᠤᠰ ᠬᠤᠷᠰᠢᠶᠠᠨ ᠤ ᠬᠠᠩᠭ᠋ᠠᠭᠰᠠᠨ ᠥᠢᠯᠡᠴᠢᠯᠡᠭᠡᠨ ᠪᠠ ᠣᠢ᠌ᠯᠠᠤᠠᠪᠣᠷᠢᠯᠠᠯ ᠡᠵᠡᠩᠨᠡᠯᠳᠡ ᠶᠢᠨ ᠪᠡᠯᠡᠳᠭᠡᠮᠵᠢ ᠶᠢ ᠠᠰᠢᠭᠯᠠᠨ᠎ᠠ︔

ᠭᠤᠷᠪᠠ᠂ ᠳᠦᠷᠢᠮ ᠤᠨ ᠳᠤᠭᠳᠠᠭᠠᠯ ᠪᠣᠶᠤ ᠪᠦᠷᠢᠯᠳᠦᠭᠦᠨ ᠨᠡᠷ ᠤᠨ ᠶᠡᠭᠡ ᠬᠤᠷᠠᠯ ᠤᠨ ᠰᠢ᠌ᠤᠠᠪᠣᠷᠢ ᠶᠢᠨ ᠶᠤᠰᠤᠭᠠᠷ ᠦᠯᠠᠳᠠᠪᠣᠷᠢ ᠶᠢ ᠬᠤᠪᠢᠶᠠᠨ ᠡᠳ᠋ᠯᠡᠨ᠎ᠡ︔

ᠳᠦᠷᠪᠡ᠂ ᠳᠤᠰ ᠬᠤᠷᠰᠢᠶᠠᠨ ᠤ ᠪᠠᠨ ᠳᠦᠷᠢᠮ᠂ ᠪᠦᠷᠢᠯᠳᠦᠭᠦᠨ ᠤ ᠨᠠᠷ᠎ᠠ ᠶᠢᠨ ᠳᠠᠩᠰᠠ᠂ ᠪᠦᠷᠢᠯᠳᠦᠭᠦᠨ ᠨᠡᠷ ᠤᠨ ᠶᠡᠭᠡ ᠬᠤᠷᠠᠯ ᠪᠣᠶᠤ ᠪᠦᠷᠢᠯᠳᠦᠭᠦᠨ ᠤ ᠳᠦᠯᠦᠭᠡᠯᠡᠭ᠍ᠴᠢᠳ ᠤᠨ ᠶᠡᠭᠡ ᠬᠤᠷᠠᠯ ᠤᠨ ᠳᠡᠮᠳᠡᠭᠯᠡᠯ᠂ ᠭᠡᠷᠡᠭ᠌ ᠡᠷᠭᠢᠯᠡᠭ᠍ᠴᠢᠳ ᠤᠨ ᠺᠤᠮᠢᠰ ᠤᠨ ᠬᠤᠷᠠᠯᠳᠤᠭᠠᠨ ᠤ ᠰᠢ᠌ᠤᠠᠪᠣᠷᠢ᠂ ᠭᠢᠨᠠᠯᠳᠠ ᠳᠠᠯᠪᠢᠭᠴᠢᠳ ᠤᠨ ᠺᠤᠮᠢᠰ ᠤᠨ ᠬᠤᠷᠠᠯᠳᠤᠭᠠᠨ ᠤ ᠰᠢ᠌ᠤᠠᠪᠣᠷᠢ᠂ ᠡᠳ᠋ ᠤᠨ ᠶᠠᠪᠣᠳᠠᠯ ᠨᠢᠠᠠᠳᠠᠯᠠᠨ ᠪᠣᠳᠤᠯᠳᠠ ᠶᠢᠨ ᠳᠠᠩᠰᠠ ᠳᠠᠪᠳᠠᠷ ᠢ ᠪᠠᠢ᠌ᠴᠠᠭᠠᠵᠤ ᠦᠵᠡᠨ᠎ᠠ︔

ᠳᠠᠪᠣ᠂ ᠳᠦᠷᠢᠮ ᠳᠤ ᠳᠤᠭᠳᠠᠭᠠᠭᠰᠠᠨ ᠪᠣᠰᠤᠳ ᠡᠷᠭᠡ᠃

ᠠᠷᠪᠠᠨ ᠳᠤᠯᠤᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠨᠡᠷ ᠤᠨ ᠶᠡᠭᠡ ᠬᠤᠷᠠᠯ ᠶᠢᠡᠷ ᠰᠤᠩᠭ᠋ᠤᠬᠤ ᠪᠠ ᠪᠠᠳᠤᠯᠠᠬᠤ ᠳᠤ ᠨᠢᠭᠡ ᠭᠦᠮᠤᠨ ᠳᠤ ᠨᠢᠭᠡ ᠪᠢᠯᠸᠲ᠋ ᠪᠠᠢ᠌ᠬᠤ ᠳᠦᠷᠢᠮ ᠢ ᠭᠡᠷᠡᠭ᠍ᠵᠢᠭᠦᠯᠵᠤ᠂ ᠪᠦᠷᠢᠯᠳᠦᠭᠦᠨ ᠨᠡᠷ ᠳᠤᠰ ᠳᠤᠰ ᠨᠢᠭᠡ ᠪᠢᠯᠸᠲ᠋ ᠲᠡᠶ ᠪᠠᠢ᠌ᠬᠤ ᠦᠨᠳᠦᠰᠦᠨ ᠪᠠᠳᠤᠯᠠᠬᠤ ᠡᠷᠭᠡ ᠶᠢ ᠡᠳ᠋ᠯᠡᠨ᠎ᠡ᠃

ᠪᠠᠯᠠ ᠭᠠᠷᠭᠠᠭᠰᠠᠨ ᠳᠤᠭ᠎ᠠ ᠪᠣᠶᠤ ᠳᠤᠰ ᠬᠤᠷᠰᠢᠶ᠎ᠠ ᠯᠤᠭ᠎ᠠ ᠠᠷᠠᠯᠵᠢᠶᠠᠯᠠᠭᠰᠠᠨ ᠭᠡᠮᠵᠢᠶ᠎ᠡ ᠳᠤᠭ᠎ᠠ ᠪᠠᠷ ᠨᠠᠯᠢᠶᠠᠤᠨ ᠶᠡᠭᠡ ᠪᠠᠢ᠌ᠬᠤ ᠪᠦᠷᠢᠯᠳᠦᠭᠦᠨ ᠪᠣᠯ ᠳᠦᠷᠢᠮ ᠤᠨ ᠳᠤᠭᠳᠠᠭᠠᠯ ᠶᠤᠰᠤᠭᠠᠷ ᠨᠠᠮᠠᠯᠳᠠ ᠪᠠᠳᠤᠯᠠᠬᠤ ᠡᠷᠭᠡ ᠲᠡᠶ ᠪᠠᠢ᠌ᠵᠤ ᠪᠣᠯᠤᠨ᠎ᠠ᠃ ᠳᠤᠰ ᠬᠤᠷᠰᠢᠶᠠᠨ ᠤ ᠨᠠᠮᠠᠯᠳᠠ ᠪᠠᠳᠤᠯᠠᠬᠤ ᠡᠷᠭᠡ ᠶᠢᠨ ᠶᠡᠷᠦᠩᠭᠡᠢ ᠳᠤᠭ᠎ᠠ ᠶᠢ ᠳᠤᠰ ᠬᠤᠷᠰᠢᠶᠠᠨ ᠤ ᠪᠦᠷᠢᠯᠳᠦᠭᠦᠨ ᠤ ᠦᠨᠳᠦᠰᠦᠨ ᠪᠠᠳᠤᠯᠠᠬᠤ ᠡᠷᠭᠡ ᠶᠢᠨ ᠶᠡᠷᠦᠩᠭᠡᠢ ᠪᠢᠯᠸᠲ᠋ ᠤᠨ ᠳᠤᠭ᠎ᠠ ᠶᠢᠨ ᠵᠠᠭᠤᠨ ᠤ ᠬᠤᠷᠢ ᠡᠴᠡ ᠳᠠᠪᠠᠭᠤᠯᠵᠤ ᠪᠣᠯᠬᠤ ᠦᠭᠡᠶ᠃ ᠨᠠᠮᠠᠯᠳᠠ ᠡᠷᠭᠡ ᠶᠢ ᠡᠳ᠋ᠯᠡᠭᠦ ᠪᠦᠷᠢᠯᠳᠦᠭᠦᠨ ᠵᠢᠴᠢ ᠳᠡᠭᠦᠨ ᠤ ᠡᠳ᠋ᠯᠡᠭᠦ ᠨᠠᠮᠠᠯᠳᠠ ᠪᠠᠳᠤᠯᠠᠬᠤ ᠡᠷᠭᠡ ᠶᠢᠨ ᠳᠤᠭ᠎ᠠ ᠶᠢ ᠣᠳᠠᠭ᠎ᠠ ᠪᠦᠷᠢ ᠶᠢᠨ ᠪᠦᠷᠢᠯᠳᠦᠭᠦᠨ ᠨᠡᠷ ᠤᠨ ᠶᠡᠭᠡ ᠬᠤᠷᠠᠯ ᠢ ᠬᠤᠷᠠᠯᠳᠤᠭᠤᠯᠬᠤ ᠦᠶ᠎ᠡ ᠳᠤ ᠬᠤᠷᠠᠯ ᠳᠤ ᠣᠷᠤᠯᠴᠠᠬᠤ ᠪᠦᠷᠢᠯᠳᠦᠭᠦᠨ ᠨᠡᠷ ᠲᠤ ᠮᠡᠳᠡᠭ᠍ᠳᠡᠭᠦ ᠭᠡᠷᠡᠭ᠍ᠳᠡᠢ᠃

ᠨᠠᠮᠠᠯᠳᠠ ᠪᠠᠳᠤᠯᠠᠬᠤ ᠡᠷᠭᠡ ᠶᠢᠨ ᠭᠦᠢᠴᠡᠳᠭᠡᠭᠦ ᠭᠡᠪᠴᠢᠶ᠎ᠡ ᠶᠢ ᠳᠦᠷᠢᠮ ᠶᠢᠡᠷ ᠭᠢᠵᠠᠭᠠᠷᠯᠠᠵᠤ ᠪᠣᠯᠤᠨ᠎ᠠ᠃

ᠠᠷᠪᠠᠨ ᠨᠢ᠋ᠮᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠳᠤᠤᠷᠠᠭᠢ ᠮᠠᠳᠤ ᠡᠭᠦᠷᠭᠡ ᠶᠢ ᠡᠭᠦᠷᠭᠡᠯᠡᠨ᠎ᠡ᠄

ᠨᠢᠭᠡ᠂ ᠪᠦᠷᠢᠯᠳᠦᠭᠦᠨ ᠨᠡᠷ ᠤᠨ ᠶᠡᠭᠡ ᠬᠤᠷᠠᠯ᠂ ᠪᠦᠷᠢᠯᠳᠦᠭᠦᠨ ᠨᠡᠷ ᠤᠨ ᠳᠦᠯᠦᠭᠡᠯᠡᠭ᠍ᠴᠢᠳ ᠤᠨ ᠶᠡᠭᠡ ᠬᠤᠷᠠᠯ ᠪᠣᠯᠤᠨ ᠭᠡᠷᠡᠭ᠌ ᠡᠷᠭᠢᠯᠡᠭ᠍ᠴᠢᠳ ᠤᠨ ᠺᠤᠮᠢᠰ ᠤᠨ ᠰᠢ᠌ᠤᠠᠪᠣᠷᠢ ᠶᠢ ᠭᠡᠷᠡᠭ᠍ᠵᠢᠭᠦᠯᠦᠨ᠎ᠡ︔

ᠬᠤᠶᠠᠷ᠂ ᠳᠦᠷᠢᠮ ᠤᠨ ᠳᠤᠭᠳᠠᠭᠠᠯ ᠶᠤᠰᠤᠭᠠᠷ ᠳᠤᠰ ᠬᠤᠷᠰᠢᠶ᠎ᠠ ᠳᠠᠭᠠᠨ ᠪᠠᠯᠠ ᠭᠠᠷᠭᠠᠨ᠎ᠠ︔

ᠭᠤᠷᠪᠠ᠂ ᠳᠦᠷᠢᠮ ᠤᠨ ᠳᠤᠭᠳᠠᠭᠠᠯ ᠶᠤᠰᠤᠭᠠᠷ ᠳᠤᠰ ᠬᠤᠷᠰᠢᠶ᠎ᠠ ᠯᠤᠭ᠎ᠠ ᠪᠠᠨ ᠠᠷᠠᠯᠵᠢᠶ᠎ᠠ ᠭᠢᠨ᠎ᠠ︔

ᠳᠦᠷᠪᠡ᠂ ᠳᠦᠷᠢᠮ ᠤᠨ ᠳᠤᠭᠳᠠᠭᠠᠯ ᠶᠤᠰᠤᠭᠠᠷ ᠠᠯᠳᠠᠯ ᠬᠤᠷᠤᠭᠳᠠᠯ ᠢ ᠡᠭᠦᠷᠭᠡᠯᠡᠨ᠎ᠡ︔

ᠳᠠᠪᠣ᠂ ᠳᠦᠷᠢᠮ ᠳᠤ ᠳᠤᠭᠳᠠᠭᠠᠭᠰᠠᠨ ᠪᠣᠰᠤᠳ ᠡᠭᠦᠷᠭᠡ᠃

ᠠᠷᠪᠠ ᠶ‍ᠢᠰᠦᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠬᠤᠷᠰᠢᠶ᠎ᠠ ᠡᠴᠡ ᠭᠠᠷᠬᠤ ᠪᠠᠷ ᠱᠠᠭᠠᠷᠳᠠᠪᠠᠯ᠂ ᠡᠳ᠋ ᠤᠨ ᠶᠠᠪᠣᠳᠠᠯ ᠤᠨ ᠣᠨ ᠳᠠᠭᠤᠰᠬᠤ ᠡᠴᠡ ᠭᠤᠷᠪᠠᠨ ᠰᠠᠷ᠎ᠠ ᠶᠢᠨ ᠡᠮᠦᠨ᠎ᠡ ᠭᠡᠷᠡᠭ᠌ ᠡᠷᠭᠢᠯᠡᠭ᠍ᠴᠢᠳ ᠤᠨ ᠳᠠᠷᠤᠭ᠎ᠠ ᠪᠣᠶᠤ ᠭᠡᠷᠡᠭ᠌ ᠡᠷᠭᠢᠯᠡᠭ᠍ᠴᠢᠳ ᠤᠨ ᠺᠤᠮᠢᠰ ᠲᠤ ᠳᠤᠷᠠᠤᠠᠬᠤ ᠭᠡᠷᠡᠭ᠍ᠳᠡᠢ︔ ᠡᠭᠦᠨ ᠳᠤ ᠠᠵᠤ ᠠᠬᠤᠢ᠌ᠯᠠᠯ᠂ ᠠᠵᠢᠯ ᠣᠢ᠌ᠯᠠᠰ ᠤᠨ ᠨᠢᠭᠡᠴᠡ ᠪᠣᠶᠤ ᠨᠡᠢ᠌ᠭᠡᠮ ᠤᠨ ᠪᠦᠯᠭᠦᠮ ᠤᠨ ᠪᠦᠷᠢᠯᠳᠦᠭᠦᠨ ᠬᠤᠷᠰᠢᠶ᠎ᠠ ᠡᠴᠡ ᠭᠠᠷᠬᠤ ᠳᠤ ᠡᠳ᠋ ᠤᠨ ᠶᠠᠪᠣᠳᠠᠯ ᠤᠨ ᠣᠨ ᠳᠠᠭᠤᠰᠬᠤ ᠡᠴᠡ ᠵᠢᠷᠭᠤᠭᠠᠨ ᠰᠠᠷ᠎ᠠ ᠶᠢᠨ ᠡᠮᠦᠨ᠎ᠡ ᠳᠤᠷᠠᠤᠠᠬᠤ ᠭᠡᠷᠡᠭ᠍ᠳᠡᠢ︔ ᠳᠦᠷᠢᠮ ᠳᠤ ᠠᠰᠳᠠᠭᠠᠨ ᠳᠤᠭᠳᠠᠭᠠᠯ ᠲᠡᠶ ᠪᠣᠯ ᠳᠠᠷᠠ ᠳᠤᠭᠳᠠᠭᠠᠯ ᠶᠢᠡᠷ ᠭᠢᠭᠦ ᠭᠡᠷᠡᠭ᠍ᠳᠡᠢ᠃ ᠬᠤᠷᠰᠢᠶ᠎ᠠ ᠡᠴᠡ ᠭᠠᠷᠬᠤ ᠪᠦᠷᠢᠯᠳᠦᠭᠦᠨ ᠤ ᠭᠢᠷᠢ ᠭᠡᠮ ᠨᠢ ᠡᠳ᠋ ᠤᠨ ᠶᠠᠪᠣᠳᠠᠯ ᠤᠨ ᠣᠨ ᠳᠠᠭᠤᠰᠬᠤ ᠪᠠᠷ ᠡᠴᠦᠰᠯᠡᠨ᠎ᠡ᠃

ᠬᠤᠷᠢᠳᠤᠭᠠᠷ ᠵᠣᠢ᠌ᠯ ᠪᠦᠷᠢᠯᠳᠦᠭᠦᠨ ᠨᠢ ᠭᠢᠷᠢ ᠭᠡᠮ ᠶᠢᠡᠨ ᠡᠴᠦᠰᠯᠡᠭᠦᠯᠭᠦ ᠡᠴᠡ ᠡᠮᠦᠨ᠎ᠡ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠯᠤᠭ᠎ᠠ ᠳᠤᠭᠳᠠᠭᠰᠠᠨ ᠭᠡᠷ᠎ᠡ ᠪᠠᠨ ᠥᠷᠭᠦᠯᠵᠢᠯᠡᠭᠦᠯᠤᠨ ᠭᠦᠢᠴᠡᠳᠭᠡᠭᠦ ᠭᠡᠷᠡᠭ᠍ᠳᠡᠢ︔ ᠳᠦᠷᠢᠮ ᠳᠤ ᠠᠰᠳᠠᠭᠠᠨ ᠳᠤᠭᠳᠠᠭᠠᠯ ᠲᠡᠶ ᠪᠣᠶᠤ ᠳᠤᠰ ᠬᠤᠷᠰᠢᠶ᠎ᠠ ᠯᠤᠭ᠎ᠠ ᠠᠰᠳᠠᠭᠠᠨ ᠪᠣᠯᠵᠤᠭᠰᠠᠨ ᠨᠢ ᠡᠭᠦᠨ ᠳᠤ ᠪᠠᠭᠳᠠᠬᠤ ᠦᠭᠡᠶ᠃

ᠬᠤᠷᠢᠨ ᠨᠢᠭᠡᠳᠦᠭᠡᠷ ᠵᠣᠢ᠌ᠯ ᠪᠦᠷᠢᠯᠳᠦᠭᠦᠨ ᠤ ᠭᠢᠷᠢ ᠭᠡᠮ ᠶᠢᠡᠨ ᠡᠴᠦᠰᠯᠡᠭᠦᠯᠦᠭ᠍ᠰᠡᠨ ᠪᠣᠯ᠂ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠳᠦᠷᠢᠮ ᠳᠤᠭᠳᠠᠭᠠᠯ ᠤᠨ ᠠᠷᠭ᠎ᠠ ᠮᠠᠶ‍ᠢᠭ ᠪᠣᠯᠤᠨ ᠬᠤᠭᠤᠴᠠᠭ᠎ᠠ ᠭᠢᠵᠠᠭᠠᠷ ᠤᠨ ᠶᠤᠰᠤᠭᠠᠷ ᠳᠤᠰ ᠪᠦᠷᠢᠯᠳᠦᠭᠦᠨ ᠤ ᠳᠠᠩᠰᠠ ᠳᠤ ᠳᠡᠮᠳᠡᠭᠯᠡᠭ᠍ᠰᠡᠨ ᠪᠠᠯᠠ ᠭᠠᠷᠭᠠᠭᠰᠠᠨ ᠳᠤᠭ᠎ᠠ ᠪᠣᠯᠤᠨ ᠨᠠᠢ᠌ᠳᠠ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠬᠤᠪᠢ ᠳᠤᠭ᠎ᠠ ᠶᠢ ᠪᠣᠴᠠᠭᠠᠬᠤ ᠭᠡᠷᠡᠭ᠍ᠳᠡᠢ︔ ᠪᠦᠷᠢᠯᠳᠦᠭᠦᠨ ᠤ ᠭᠢᠷᠢ ᠭᠡᠮ ᠶᠢᠡᠨ ᠡᠴᠦᠰᠯᠡᠭᠦᠯᠭᠦ ᠡᠴᠡ ᠡᠮᠦᠨᠡᠭᠢ ᠬᠤᠪᠢᠶᠠᠷᠢᠯᠠᠵᠤ ᠪᠣᠯᠬᠤ ᠦᠯᠠᠳᠠᠪᠣᠷᠢ ᠶᠢ ᠳᠤᠰ ᠬᠠᠤᠯᠢ ᠶᠢᠨ ᠭᠤᠴᠢᠨ ᠳᠤᠯᠤᠳᠤᠭᠠᠷ ᠵᠣᠢ᠌ᠯ ᠤᠨ ᠬᠤᠶᠠᠳᠤᠭᠠᠷ ᠵᠤᠷᠪᠣᠰ ᠤᠨ ᠳᠤᠭᠳᠠᠭᠠᠯ ᠶᠤᠰᠤᠭᠠᠷ ᠳᠡᠭᠦᠨ ᠳᠤ ᠪᠣᠴᠠᠭᠠᠬᠤ ᠭᠡᠷᠡᠭ᠍ᠳᠡᠢ᠃

ᠭᠢᠷᠢ ᠭᠡᠮ ᠶᠢᠡᠨ ᠡᠴᠦᠰᠯᠡᠭᠦᠯᠦᠭ᠍ᠰᠡᠨ ᠪᠦᠷᠢᠯᠳᠦᠭᠦᠨ ᠨᠢ ᠭᠢᠷᠢ ᠭᠡᠮ ᠶᠢᠡᠨ ᠡᠴᠦᠰᠯᠡᠭᠦᠯᠭᠦ ᠡᠴᠡ ᠡᠮᠦᠨᠡᠭᠢ ᠳᠤᠰ ᠬᠤᠷᠰᠢᠶ᠎ᠠ ᠶᠢᠨ ᠠᠯᠳᠠᠯ ᠬᠤᠷᠤᠭᠳᠠᠯ ᠵᠢᠴᠢ ᠦᠷᠢ ᠰᠢᠷᠢ ᠶᠢ ᠳᠦᠷᠢᠮ ᠤᠨ ᠳᠤᠭᠳᠠᠭᠠᠯ ᠶᠤᠰᠤᠭᠠᠷ ᠬᠤᠪᠢᠶᠠᠨ ᠳᠠᠭᠠᠭᠠᠬᠤ ᠭᠡᠷᠡᠭ᠍ᠳᠡᠢ᠃


ᠳᠦᠷᠪᠠᠳᠦᠭᠡᠷ ᠪᠦᠯᠦᠭ᠌   ᠵᠤᠬᠢᠶᠠᠨ ᠪᠠᠢ᠌ᠭᠤᠯᠤᠯᠳᠠ ᠶᠢᠨ ᠪᠠᠢ᠌ᠭᠤᠯᠤᠮᠵᠢ


ᠬᠤᠷᠢᠨ ᠬᠤᠶᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠨᠡᠷ ᠤᠨ ᠶᠡᠭᠡ ᠬᠤᠷᠠᠯ ᠪᠣᠯ ᠪᠦᠭᠦᠳᠡ ᠪᠦᠷᠢᠯᠳᠦᠭᠦᠨ ᠶᠢᠡᠷ ᠪᠦᠷᠢᠯᠳᠦᠭ᠍ᠰᠡᠨ ᠳᠤᠰ ᠬᠤᠷᠰᠢᠶ᠎ᠠ ᠶᠢᠨ ᠡᠷᠭᠡᠳᠤ ᠪᠠᠢ᠌ᠭᠤᠯᠤᠮᠵᠢ ᠪᠣᠯᠬᠤ ᠪᠦᠭᠡᠤᠨ ᠳᠤᠤᠷᠠᠭᠢ ᠮᠠᠳᠤ ᠡᠷᠭᠡ ᠳᠤᠰᠢᠶᠠᠯ ᠢ ᠭᠦᠢᠴᠡᠳᠭᠡᠨ᠎ᠡ᠄

ᠨᠢᠭᠡ᠂ ᠳᠦᠷᠢᠮ ᠳᠤ ᠵᠠᠰᠠᠪᠣᠷᠢ ᠣᠷᠤᠭᠤᠯᠤᠨ᠎ᠠ︔

ᠬᠤᠶᠠᠷ᠂ ᠭᠡᠷᠡᠭ᠌ ᠡᠷᠭᠢᠯᠡᠭ᠍ᠴᠢᠳ ᠤᠨ ᠳᠠᠷᠤᠭ᠎ᠠ᠂ ᠭᠡᠷᠡᠭ᠌ ᠡᠷᠭᠢᠯᠡᠭ᠍ᠴᠢ᠂ ᠭᠦᠢᠴᠡᠳᠭᠡᠭᠦ ᠭᠢᠨᠠᠯᠳᠠ ᠳᠠᠯᠪᠢᠭᠴᠢ ᠪᠣᠶᠤ ᠭᠢᠨᠠᠯᠳᠠ ᠳᠠᠯᠪᠢᠭᠴᠢᠳ ᠤᠨ ᠺᠤᠮᠢᠰ ᠤᠨ ᠪᠦᠷᠢᠯᠳᠦᠭᠦᠨ ᠢ ᠰᠤᠩᠭ᠋ᠤᠬᠤ ᠪᠠ ᠣᠭᠴᠠᠷᠠᠭᠤᠯᠤᠨ᠎ᠠ︔

ᠭᠤᠷᠪᠠ᠂ ᠴᠢᠬᠤᠯᠠ ᠶᠡᠭᠡ ᠡᠳ᠋ ᠭᠦᠷᠦᠩᠭᠡ ᠶᠢ ᠰᠢ᠌ᠦᠡᠪᠦᠷᠢᠯᠡᠭᠦ᠂ ᠭᠠᠳᠠᠭᠰᠢ ᠪᠠᠨ ᠪᠠᠯᠠ ᠣᠷᠤᠭᠤᠯᠬᠤ᠂ ᠭᠠᠳᠠᠭᠰᠢ ᠪᠠᠨ ᠳᠠᠭᠠᠭᠠᠯᠳᠠ ᠭᠢᠭᠦ ᠪᠠ ᠣᠢ᠌ᠯᠠᠤᠠᠪᠣᠷᠢᠯᠠᠯ ᠡᠵᠡᠩᠨᠡᠯᠳᠡ ᠶᠢᠨ ᠳᠤᠮᠳᠠᠭᠢ ᠪᠣᠰᠤᠳ ᠴᠢᠬᠤᠯᠠ ᠶᠡᠭᠡ ᠶᠠᠪᠣᠳᠠᠯ ᠤᠳ ᠢ ᠳᠤᠭᠳᠠᠭᠠᠨ᠎ᠠ︔

ᠳᠦᠷᠪᠡ᠂ ᠣᠨ ᠤ ᠳᠤᠬᠠᠢ᠌ᠯᠠᠭᠰᠠᠨ ᠠᠵᠢᠯ ᠤᠨ ᠮᠡᠳᠡᠭᠦᠯᠦᠯᠳᠡ᠂ ᠦᠯᠠᠳᠠᠪᠣᠷᠢ ᠶᠢ ᠬᠤᠪᠢᠶᠠᠷᠢᠯᠠᠬᠤ ᠲᠦᠰᠤᠯ᠂ ᠠᠯᠳᠠᠯ ᠬᠤᠷᠤᠭᠳᠠᠯ ᠢ ᠰᠢ᠌ᠦᠡᠪᠦᠷᠢᠯᠡᠭᠦ ᠲᠦᠰᠤᠯ ᠢ ᠵᠦᠪᠰᠢᠶᠠᠷᠠᠨ᠎ᠠ︔

ᠳᠠᠪᠣ᠂ ᠨᠡᠢ᠌ᠯᠡᠭᠦᠯᠭᠦ᠂ ᠰᠠᠯᠭᠠᠨ ᠪᠠᠢ᠌ᠭᠤᠯᠬᠤ᠂ ᠳᠠᠷᠬᠠᠭᠠᠬᠤ᠂ ᠢᠯᠭᠠᠷᠠᠭᠤᠯᠤᠨ ᠪᠣᠳᠤᠬᠤ ᠶᠠᠪᠣᠳᠠᠯ ᠳᠤ ᠰᠢ᠌ᠤᠠᠪᠣᠷᠢ ᠭᠠᠷᠭᠠᠨ᠎ᠠ︔

ᠵᠢᠷᠭᠤᠭ᠎ᠠ᠂ ᠡᠵᠡᠩᠨᠡᠯᠳᠡ ᠬᠠᠮᠢᠶᠠᠷᠤᠯᠳᠠ ᠶᠢᠨ ᠠᠵᠢᠯᠳᠠᠨ ᠪᠣᠯᠤᠨ ᠳᠤᠰᠬᠠᠢ ᠮᠡᠷᠭᠡᠵᠢᠯ ᠤᠨ ᠠᠵᠢᠯᠳᠠᠨ ᠣᠷᠢᠵᠤ ᠭᠡᠷᠡᠭᠯᠡᠭᠦ ᠳᠤᠭ᠎ᠠ ᠭᠡᠮᠵᠢᠶ᠎ᠡ᠂ ᠭᠢᠷᠢ ᠭᠡᠮ ᠪᠣᠯᠤᠨ ᠳᠤᠰᠢᠶᠠᠯ ᠤᠨ ᠬᠤᠭᠤᠴᠠᠭ᠎ᠠ ᠶᠢ ᠳᠤᠭᠳᠠᠭᠠᠨ᠎ᠠ︔

ᠳᠤᠯᠤᠭ᠎ᠠ᠂ ᠪᠦᠷᠢᠯᠳᠦᠭᠦᠨ ᠤ ᠬᠤᠪᠢᠷᠠᠯᠳᠠ ᠶᠢᠨ ᠪᠠᠢ᠌ᠳᠠᠯ ᠤᠨ ᠳᠤᠬᠠᠢ ᠭᠡᠷᠡᠭ᠌ ᠡᠷᠭᠢᠯᠡᠭ᠍ᠴᠢᠳ ᠤᠨ ᠳᠠᠷᠤᠭ᠎ᠠ ᠪᠣᠶᠤ ᠭᠡᠷᠡᠭ᠌ ᠡᠷᠭᠢᠯᠡᠭ᠍ᠴᠢᠳ ᠤᠨ ᠺᠤᠮᠢᠰ ᠤᠨ ᠮᠡᠳᠡᠭᠦᠯᠦᠯᠳᠡ ᠶᠢ ᠰᠤᠨᠤᠰᠤᠨ᠎ᠠ︔

ᠨᠢ᠋ᠮᠠ᠂ ᠳᠦᠷᠢᠮ ᠳᠤ ᠳᠤᠭᠳᠠᠭᠠᠭᠰᠠᠨ ᠪᠣᠰᠤᠳ ᠡᠷᠭᠡ ᠳᠤᠰᠢᠶᠠᠯ᠃

ᠬᠤᠷᠢᠨ ᠭᠤᠷᠪᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠪᠦᠷᠢᠯᠳᠦᠭᠦᠨ ᠨᠡᠷ ᠤᠨ ᠶᠡᠭᠡ ᠬᠤᠷᠠᠯ ᠢ ᠬᠤᠷᠠᠯᠳᠤᠭᠤᠯᠬᠤ ᠳᠤ ᠬᠤᠷᠠᠯ ᠳᠤ ᠣᠷᠤᠯᠴᠠᠬᠤ ᠭᠦᠮᠤᠨ ᠤ ᠳᠤᠭ᠎ᠠ ᠶᠢ ᠪᠦᠷᠢᠯᠳᠦᠭᠦᠨ ᠤ ᠶᠡᠷᠦᠩᠭᠡᠢ ᠳᠤᠭ᠎ᠠ ᠶᠢᠨ ᠭᠤᠷᠪᠠᠨ ᠤ ᠬᠤᠶᠠᠷ ᠬᠤᠪᠢ ᠡᠴᠡ ᠳᠡᠭᠡᠭ᠍ᠰᠢ ᠳᠤ ᠭᠦᠷᠦᠭᠦᠯᠭᠦ ᠭᠡᠷᠡᠭ᠍ᠳᠡᠢ᠃

ᠪᠦᠷᠢᠯᠳᠦᠭᠦᠨ ᠨᠡᠷ ᠤᠨ ᠶᠡᠭᠡ ᠬᠤᠷᠠᠯ ᠶᠢᠡᠷ ᠰᠤᠩᠭ᠋ᠤᠬᠤ ᠪᠣᠶᠤ ᠰᠢ᠌ᠤᠠᠪᠣᠷᠢ ᠭᠠᠷᠭᠠᠬᠤ ᠳᠤ ᠳᠤᠰ ᠬᠤᠷᠰᠢᠶᠠᠨ ᠤ ᠪᠦᠷᠢᠯᠳᠦᠭᠦᠨ ᠨᠡᠷ ᠡᠴᠡ ᠪᠠᠳᠤᠯᠠᠬᠤ ᠡᠷᠭᠡ ᠶᠢᠨ ᠶᠡᠷᠦᠩᠭᠡᠢ ᠳᠤᠭ᠎ᠠ ᠶᠢᠨ ᠬᠠᠭᠠᠰ ᠳᠤᠭ᠎ᠠ ᠡᠴᠡ ᠳᠠᠪᠠᠭᠤᠯᠤᠨ ᠪᠠᠳᠤᠯᠠᠬᠤ ᠭᠡᠷᠡᠭ᠍ᠳᠡᠢ︔ ᠳᠦᠷᠢᠮ ᠳᠤ ᠵᠠᠰᠠᠪᠣᠷᠢ ᠣᠷᠤᠭᠤᠯᠬᠤ ᠪᠣᠶᠤ ᠨᠡᠢ᠌ᠯᠡᠭᠦᠯᠭᠦ᠂ ᠰᠠᠯᠭᠠᠨ ᠪᠠᠢ᠌ᠭᠤᠯᠬᠤ᠂ ᠳᠠᠷᠬᠠᠭᠠᠬᠤ ᠰᠢ᠌ᠤᠠᠪᠣᠷᠢ ᠭᠠᠷᠭᠠᠬᠤ ᠳᠤ ᠳᠤᠰ ᠬᠤᠷᠰᠢᠶᠠᠨ ᠤ ᠪᠦᠷᠢᠯᠳᠦᠭᠦᠨ ᠨᠡᠷ ᠡᠴᠡ ᠪᠠᠳᠤᠯᠠᠬᠤ ᠡᠷᠭᠡ ᠶᠢᠨ ᠶᠡᠷᠦᠩᠭᠡᠢ ᠳᠤᠭ᠎ᠠ ᠶᠢᠨ ᠭᠤᠷᠪᠠᠨ ᠤ ᠬᠤᠶᠠᠷ ᠡᠴᠡ ᠳᠡᠭᠡᠭ᠍ᠰᠢ ᠪᠠᠷ ᠪᠠᠳᠤᠯᠠᠬᠤ ᠭᠡᠷᠡᠭ᠍ᠳᠡᠢ᠃ ᠪᠠᠳᠤᠯᠠᠬᠤ ᠡᠷᠭᠡ ᠶᠢᠨ ᠳᠤᠭ᠎ᠠ ᠶᠢ ᠳᠦᠷᠢᠮ ᠳᠤ ᠨᠠᠯᠢᠶᠠᠤᠨ ᠦᠨᠳᠦᠷ ᠳᠤᠭᠳᠠᠭᠠᠭᠰᠠᠨ ᠪᠣᠯ ᠳᠠᠷᠠ ᠳᠤᠭᠳᠠᠭᠠᠯ ᠶᠢᠡᠷ ᠶᠢᠡᠨ ᠭᠢᠭᠦ ᠭᠡᠷᠡᠭ᠍ᠳᠡᠢ᠃

ᠬᠤᠷᠢᠨ ᠳᠦᠷᠪᠠᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠨᠡᠷ ᠤᠨ ᠶᠡᠭᠡ ᠬᠤᠷᠠᠯ ᠢ ᠵᠢᠯ ᠪᠦᠷᠢ ᠠᠳᠠᠭ ᠲᠠᠭᠠᠨ ᠨᠢᠭᠡ ᠣᠳᠠᠭ᠎ᠠ ᠬᠤᠷᠠᠯᠳᠤᠭᠤᠯᠵᠤ᠂ ᠬᠤᠷᠠᠯ ᠬᠤᠷᠠᠯᠳᠤᠭᠤᠯᠬᠤ ᠶᠢ ᠳᠦᠷᠢᠮ ᠳᠡᠭᠡᠨ ᠳᠤᠭᠳᠠᠭᠠᠬᠤ ᠭᠡᠷᠡᠭ᠍ᠳᠡᠢ᠃ ᠳᠤᠤᠷᠠᠭᠢ ᠪᠠᠢ᠌ᠳᠠᠯ ᠤᠨ ᠨᠢᠭᠡ ᠨᠢ ᠪᠠᠢ᠌ᠪᠠᠯ ᠬᠤᠷᠢᠨ ᠡᠳᠦᠷ ᠤᠨ ᠳᠤᠳᠤᠷ᠎ᠠ ᠪᠦᠷᠢᠯᠳᠦᠭᠦᠨ ᠨᠡᠷ ᠤᠨ ᠲᠦᠷ ᠴᠠᠭ ᠤᠨ ᠶᠡᠭᠡ ᠬᠤᠷᠠᠯ ᠢ ᠬᠤᠷᠠᠯᠳᠤᠭᠤᠯᠬᠤ ᠭᠡᠷᠡᠭ᠍ᠳᠡᠢ᠄

ᠨᠢᠭᠡ᠂ ᠵᠠᠭᠤᠨ ᠤ ᠭᠤᠴᠢ ᠡᠴᠡ ᠳᠡᠭᠡᠭ᠍ᠰᠢ ᠪᠦᠷᠢᠯᠳᠦᠭᠦᠨ ᠳᠤᠷᠠᠳᠤᠯᠭ᠎ᠠ ᠭᠠᠷᠭᠠᠭᠰᠠᠨ︔

ᠬᠤᠶᠠᠷ᠂ ᠭᠦᠢᠴᠡᠳᠭᠡᠭᠦ ᠭᠢᠨᠠᠯᠳᠠ ᠳᠠᠯᠪᠢᠬᠤ ᠪᠣᠶᠤ ᠭᠢᠨᠠᠯᠳᠠ ᠳᠠᠯᠪᠢᠭᠴᠢᠳ ᠤᠨ ᠺᠤᠮᠢᠰ ᠳᠤᠷᠠᠳᠤᠯᠭ᠎ᠠ ᠭᠠᠷᠭᠠᠭᠰᠠᠨ︔

ᠭᠤᠷᠪᠠ᠂ ᠳᠦᠷᠢᠮ ᠳᠤ ᠳᠤᠭᠳᠠᠭᠠᠭᠰᠠᠨ ᠪᠣᠰᠤᠳ ᠪᠠᠢ᠌ᠳᠠᠯ᠃

ᠬᠤᠷᠢᠨ ᠳᠠᠪᠣᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠨᠢ ᠵᠠᠭᠤ ᠳᠠᠪᠢᠨ ᠭᠦᠮᠤᠨ ᠡᠴᠡ ᠳᠠᠪᠠᠭᠰᠠᠨ ᠪᠠᠢ᠌ᠪᠠᠯ ᠳᠦᠷᠢᠮ ᠤᠨ ᠳᠤᠭᠳᠠᠭᠠᠯ ᠶᠤᠰᠤᠭᠠᠷ ᠪᠦᠷᠢᠯᠳᠦᠭᠦᠨ ᠨᠡᠷ ᠤᠨ ᠳᠦᠯᠦᠭᠡᠯᠡᠭ᠍ᠴᠢᠳ ᠤᠨ ᠶᠡᠭᠡ ᠬᠤᠷᠠᠯ ᠢ ᠪᠠᠢ᠌ᠭᠤᠯᠵᠤ ᠪᠣᠯᠤᠨ᠎ᠠ᠃ ᠪᠦᠷᠢᠯᠳᠦᠭᠦᠨ ᠨᠡᠷ ᠤᠨ ᠶᠡᠭᠡ ᠬᠤᠷᠠᠯ ᠨᠢ ᠳᠦᠷᠢᠮ ᠤᠨ ᠳᠤᠭᠳᠠᠭᠠᠯ ᠶᠤᠰᠤᠭᠠᠷ ᠪᠦᠷᠢᠯᠳᠦᠭᠦᠨ ᠨᠡᠷ ᠤᠨ ᠶᠡᠭᠡ ᠬᠤᠷᠠᠯ ᠤᠨ ᠭᠡᠰᠡᠭ᠌ ᠵᠠᠷᠢᠮ ᠪᠣᠶᠤ ᠪᠦᠭᠦ ᠡᠷᠭᠡ ᠳᠤᠰᠢᠶᠠᠯ ᠢ ᠭᠦᠢᠴᠡᠳᠭᠡᠵᠤ ᠪᠣᠯᠤᠨ᠎ᠠ᠃

ᠬᠤᠷᠢᠨ ᠵᠢᠷᠭᠤᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠳᠤ ᠨᠢᠭᠡ ᠨᠠᠷ᠎ᠠ ᠭᠡᠷᠡᠭ᠌ ᠡᠷᠭᠢᠯᠡᠭ᠍ᠴᠢ ᠭᠠᠷᠭᠠᠵᠤ᠂ ᠭᠡᠷᠡᠭ᠌ ᠡᠷᠭᠢᠯᠡᠭ᠍ᠴᠢᠳ ᠤᠨ ᠺᠤᠮᠢᠰ ᠪᠠᠢ᠌ᠭᠤᠯᠵᠤ ᠪᠣᠯᠤᠨ᠎ᠠ᠃ ᠭᠡᠷᠡᠭ᠌ ᠡᠷᠭᠢᠯᠡᠭ᠍ᠴᠢᠳ ᠤᠨ ᠳᠠᠷᠤᠭ᠎ᠠ ᠪᠣᠯ ᠳᠤᠰ ᠬᠤᠷᠰᠢᠶᠠᠨ ᠤ ᠬᠠᠤᠯᠢ ᠪᠠᠷ ᠳᠤᠭᠳᠠᠭᠠᠭᠰᠠᠨ ᠳᠦᠯᠦᠭᠡᠯᠡᠭ᠍ᠴᠢ ᠪᠣᠯᠤᠨ᠎ᠠ᠃

ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠭᠦᠢᠴᠡᠳᠭᠡᠭᠦ ᠭᠢᠨᠠᠯᠳᠠ ᠳᠠᠯᠪᠢᠭᠴᠢ ᠪᠣᠶᠤ ᠭᠢᠨᠠᠯᠳᠠ ᠳᠠᠯᠪᠢᠭᠴᠢᠳ ᠤᠨ ᠺᠤᠮᠢᠰ ᠪᠠᠢ᠌ᠭᠤᠯᠵᠤ ᠪᠣᠯᠤᠨ᠎ᠠ᠃ ᠭᠡᠷᠡᠭ᠌ ᠡᠷᠭᠢᠯᠡᠭ᠍ᠴᠢᠳ ᠤᠨ ᠳᠠᠷᠤᠭ᠎ᠠ᠂ ᠭᠡᠷᠡᠭ᠌ ᠡᠷᠭᠢᠯᠡᠭ᠍ᠴᠢ᠂ ᠳᠠᠭᠠᠭᠠᠮᠠᠯ ᠪᠣᠯᠤᠨ ᠡᠳ᠋ ᠤᠨ ᠶᠠᠪᠣᠳᠠᠯ ᠤᠨ ᠨᠢᠠᠠᠳᠠᠯᠠᠨ ᠪᠣᠳᠤᠬᠤ ᠠᠵᠢᠯᠳᠠᠨ ᠪᠣᠯ ᠭᠢᠨᠠᠯᠳᠠ ᠳᠠᠯᠪᠢᠭᠴᠢ ᠶᠢᠨ ᠳᠤᠰᠢᠶᠠᠯ ᠢ ᠬᠠᠪᠰᠤᠷᠭᠠᠨ ᠡᠭᠦᠷᠭᠡᠯᠡᠵᠤ ᠪᠣᠯᠬᠤ ᠦᠭᠡᠶ᠃

ᠭᠡᠷᠡᠭ᠌ ᠡᠷᠭᠢᠯᠡᠭ᠍ᠴᠢᠳ ᠤᠨ ᠳᠠᠷᠤᠭ᠎ᠠ᠂ ᠭᠡᠷᠡᠭ᠌ ᠡᠷᠭᠢᠯᠡᠭ᠍ᠴᠢ᠂ ᠭᠦᠢᠴᠡᠳᠭᠡᠭᠦ ᠭᠢᠨᠠᠯᠳᠠ ᠳᠠᠯᠪᠢᠭᠴᠢ ᠪᠣᠶᠤ ᠭᠢᠨᠠᠯᠳᠠ ᠳᠠᠯᠪᠢᠭᠴᠢᠳ ᠤᠨ ᠺᠤᠮᠢᠰ ᠤᠨ ᠪᠦᠷᠢᠯᠳᠦᠭᠦᠨ ᠢ ᠪᠦᠷᠢᠯᠳᠦᠭᠦᠨ ᠨᠡᠷ ᠤᠨ ᠶᠡᠭᠡ ᠬᠤᠷᠠᠯ ᠶᠢᠡᠷ ᠳᠤᠰ ᠬᠤᠷᠰᠢᠶᠠᠨ ᠤ ᠪᠦᠷᠢᠯᠳᠦᠭᠦᠨ ᠨᠡᠷ ᠤᠨ ᠳᠤᠳᠤᠷ᠎ᠠ ᠡᠴᠡ ᠰᠤᠩᠭ᠋ᠤᠨ ᠭᠠᠷᠭᠠᠵᠤ᠂ ᠳᠤᠰ ᠬᠠᠤᠯᠢ ᠪᠣᠯᠤᠨ ᠳᠦᠷᠢᠮ ᠤᠨ ᠳᠤᠭᠳᠠᠭᠠᠯ ᠶᠤᠰᠤᠭᠠᠷ ᠡᠷᠭᠡ ᠳᠤᠰᠢᠶᠠᠯ ᠶᠢᠡᠨ ᠭᠦᠢᠴᠡᠳᠭᠡᠵᠤ᠂ ᠪᠦᠷᠢᠯᠳᠦᠭᠦᠨ ᠨᠡᠷ ᠤᠨ ᠶᠡᠭᠡ ᠬᠤᠷᠠᠯ ᠳᠤ ᠬᠠᠷᠢᠭᠤᠴᠠᠬᠤ ᠭᠡᠷᠡᠭ᠍ᠳᠡᠢ᠃

ᠭᠡᠷᠡᠭ᠌ ᠡᠷᠭᠢᠯᠡᠭ᠍ᠴᠢᠳ ᠤᠨ ᠺᠤᠮᠢᠰ ᠤᠨ ᠬᠤᠷᠠᠯ᠂ ᠭᠢᠨᠠᠯᠳᠠ ᠳᠠᠯᠪᠢᠬᠤ ᠺᠤᠮᠢᠰ ᠤᠨ ᠬᠤᠷᠠᠯ ᠶᠢᠡᠷ ᠪᠠᠳᠤᠯᠠᠬᠤ ᠳᠤ ᠨᠢᠭᠡ ᠭᠦᠮᠤᠨ ᠳᠤ ᠨᠢᠭᠡ ᠪᠢᠯᠸᠲ᠋ ᠪᠠᠢ᠌ᠬᠤ ᠶᠢ ᠭᠡᠷᠡᠭ᠍ᠵᠢᠭᠦᠯᠦᠨ᠎ᠡ᠃

ᠬᠤᠷᠢᠨ ᠳᠤᠯᠤᠳᠤᠭᠠᠷ ᠵᠣᠢ᠌ᠯ ᠳᠠᠷᠢᠶ‍ᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠨᠡᠷ ᠤᠨ ᠶᠡᠭᠡ ᠬᠤᠷᠠᠯ᠂ ᠭᠡᠷᠡᠭ᠌ ᠡᠷᠭᠢᠯᠡᠭ᠍ᠴᠢᠳ ᠤᠨ ᠺᠤᠮᠢᠰ᠂ ᠭᠢᠨᠠᠯᠳᠠ ᠳᠠᠯᠪᠢᠭᠴᠢᠳ ᠤᠨ ᠺᠤᠮᠢᠰ ᠨᠢ ᠵᠥᠪᠯᠡᠭ᠍ᠰᠡᠨ ᠵᠣᠢ᠌ᠯ ᠤᠳ ᠤᠨ ᠰᠢ᠌ᠤᠠᠪᠣᠷᠢ ᠪᠠᠨ ᠬᠤᠷᠠᠯ ᠤᠨ ᠳᠡᠮᠳᠡᠭᠯᠡᠯ ᠪᠣᠯᠭᠠᠵᠤ᠂ ᠬᠤᠷᠠᠯ ᠳᠤ ᠣᠷᠤᠯᠴᠠᠭᠰᠠᠨ ᠪᠦᠷᠢᠯᠳᠦᠭᠦᠨ᠂ ᠭᠡᠷᠡᠭ᠌ ᠡᠷᠭᠢᠯᠡᠭ᠍ᠴᠢ᠂ ᠭᠢᠨᠠᠯᠳᠠ ᠳᠠᠯᠪᠢᠭᠴᠢ ᠨᠡᠷ ᠬᠤᠷᠠᠯ ᠤᠨ ᠳᠡᠮᠳᠡᠭᠯᠡᠯ ᠳᠡᠭᠡᠷ᠎ᠡ ᠭᠠᠷ ᠤᠨ ᠥᠰᠦᠭ᠌ ᠶᠢᠡᠨ ᠵᠢᠷᠤᠬᠤ ᠭᠡᠷᠡᠭ᠍ᠳᠡᠢ᠃

ᠬᠤᠷᠢᠨ ᠨᠢ᠋ᠮᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠭᠡᠷᠡᠭ᠌ ᠡᠷᠭᠢᠯᠡᠭ᠍ᠴᠢᠳ ᠤᠨ ᠳᠠᠷᠤᠭ᠎ᠠ ᠪᠣᠶᠤ ᠭᠡᠷᠡᠭ᠌ ᠡᠷᠭᠢᠯᠡᠭ᠍ᠴᠢᠳ ᠤᠨ ᠺᠤᠮᠢᠰ ᠨᠢ ᠪᠦᠷᠢᠯᠳᠦᠭᠦᠨ ᠨᠡᠷ ᠤᠨ ᠶᠡᠭᠡ ᠬᠤᠷᠠᠯ ᠤᠨ ᠳᠤᠭᠳᠠᠭᠠᠯ ᠶᠤᠰᠤᠭᠠᠷ ᠳᠠᠭᠠᠭᠠᠮᠠᠯ ᠪᠣᠯᠤᠨ ᠡᠳ᠋ ᠤᠨ ᠶᠠᠪᠣᠳᠠᠯ ᠤᠨ ᠨᠢᠠᠠᠳᠠᠯᠠᠨ ᠪᠣᠳᠤᠬᠤ ᠠᠵᠢᠯᠳᠠᠨ ᠢ ᠣᠷᠢᠵᠤ ᠳᠤᠮᠢᠯᠠᠵᠤ ᠪᠣᠯᠤᠨ᠎ᠠ᠂ ᠭᠡᠷᠡᠭ᠌ ᠡᠷᠭᠢᠯᠡᠭ᠍ᠴᠢᠳ ᠤᠨ ᠳᠠᠷᠤᠭ᠎ᠠ ᠪᠣᠶᠤ ᠭᠡᠷᠡᠭ᠌ ᠡᠷᠭᠢᠯᠡᠭ᠍ᠴᠢ ᠨᠢ ᠳᠠᠭᠠᠭᠠᠮᠠᠯ ᠤᠨ ᠳᠤᠰᠢᠶᠠᠯ ᠢ ᠬᠠᠪᠰᠤᠷᠭᠠᠨ ᠡᠭᠦᠷᠭᠡᠯᠡᠵᠤ ᠪᠣᠯᠤᠨ᠎ᠠ᠃ ᠳᠠᠭᠠᠭᠠᠮᠠᠯ ᠨᠢ ᠳᠦᠷᠢᠮ ᠤᠨ ᠳᠤᠭᠳᠠᠭᠠᠯ ᠪᠣᠶᠤ ᠭᠡᠷᠡᠭ᠌ ᠡᠷᠭᠢᠯᠡᠭ᠍ᠴᠢᠳ ᠤᠨ ᠺᠤᠮᠢᠰ ᠤᠨ ᠳᠤᠭᠳᠠᠭᠠᠯ ᠶᠤᠰᠤᠭᠠᠷ ᠪᠣᠰᠤᠳ ᠭᠦᠮᠦᠰ ᠢ ᠣᠷᠢᠵᠤ ᠳᠤᠮᠢᠯᠠᠵᠤ ᠪᠣᠯᠤᠨ᠎ᠠ᠃

ᠳᠠᠭᠠᠭᠠᠮᠠᠯ ᠨᠢ ᠳᠦᠷᠢᠮ ᠤᠨ ᠳᠤᠭᠳᠠᠭᠠᠯ ᠪᠣᠯᠤᠨ ᠭᠡᠷᠡᠭ᠌ ᠡᠷᠭᠢᠯᠡᠭ᠍ᠴᠢᠳ ᠤᠨ ᠳᠠᠷᠤᠭ᠎ᠠ ᠪᠣᠶᠤ ᠭᠡᠷᠡᠭ᠌ ᠡᠷᠭᠢᠯᠡᠭ᠍ᠴᠢᠳ ᠤᠨ ᠺᠤᠮᠢᠰ ᠤᠨ ᠣᠯᠭᠤᠭᠰᠠᠨ ᠡᠷᠭᠡ ᠶᠢᠨ ᠶᠤᠰᠤᠭᠠᠷ ᠪᠣᠳᠠᠳᠠᠢ ᠣᠢ᠌ᠯᠠᠤᠠᠪᠣᠷᠢᠯᠠᠯ ᠡᠵᠡᠩᠨᠡᠯᠳᠡ ᠶᠢᠨ ᠠᠵᠢᠯᠯᠠᠭ᠎ᠠ ᠶᠢ ᠬᠠᠷᠢᠭᠤᠴᠠᠨ᠎ᠠ᠃

ᠬᠤᠷᠢ ᠶ‍ᠢᠰᠦᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠭᠡᠷᠡᠭ᠌ ᠡᠷᠭᠢᠯᠡᠭ᠍ᠴᠢᠳ ᠤᠨ ᠳᠠᠷᠤᠭ᠎ᠠ᠂ ᠭᠡᠷᠡᠭ᠌ ᠡᠷᠭᠢᠯᠡᠭ᠍ᠴᠢ ᠪᠣᠯᠤᠨ ᠬᠠᠮᠢᠶᠠᠷᠤᠯᠳᠠ ᠶᠢᠨ ᠠᠵᠢᠯᠳᠠᠨ ᠳᠤᠤᠷᠠᠭᠢ ᠮᠠᠳᠤ ᠣᠢ᠌ᠯᠠ ᠠᠵᠢᠯᠯᠠᠭ᠎ᠠ ᠲᠡᠶ ᠪᠠᠢ᠌ᠵᠤ ᠪᠣᠯᠬᠤ ᠦᠭᠡᠶ∶

ᠨᠢᠭᠡ᠂ ᠳᠤᠰ ᠬᠤᠷᠰᠢᠶᠠᠨ ᠤ ᠡᠳ᠋ ᠭᠦᠷᠦᠩᠭᠡ ᠶᠢ ᠡᠵᠡᠯᠡᠭᠦ᠂ ᠨᠡᠭᠦᠯᠭᠡᠨ ᠭᠡᠷᠡᠭᠯᠡᠭᠦ ᠪᠠ ᠬᠤᠪᠢᠨ ᠳᠠᠭᠠᠨ ᠬᠤᠪᠢᠶᠠᠬᠤ︔

ᠬᠤᠶᠠᠷ᠂ ᠳᠦᠷᠢᠮ ᠤᠨ ᠳᠤᠭᠳᠠᠭᠠᠯ ᠡᠴᠡ ᠵᠥᠷᠢᠴᠡᠭᠦ ᠪᠣᠶᠤ ᠪᠦᠷᠢᠯᠳᠦᠭᠦᠨ ᠨᠡᠷ ᠤᠨ ᠶᠡᠭᠡ ᠬᠤᠷᠠᠯ ᠶᠢᠡᠷ ᠵᠥᠪᠰᠢᠶᠡᠷᠡᠭᠦᠯᠦᠭᠡᠳᠦᠢ ᠪᠠᠷ ᠳᠤᠰ ᠬᠤᠷᠰᠢᠶᠠᠨ ᠤ ᠪᠠᠯᠠ ᠮᠥᠩᠭᠦ ᠶᠢ ᠪᠣᠰᠤᠳ ᠲᠤ ᠵᠢᠭᠡᠯᠡᠭᠦᠯᠭᠦ ᠪᠣᠶᠤ ᠳᠤᠰ ᠬᠤᠷᠰᠢᠶᠠᠨ ᠤ ᠡᠳ᠋ ᠭᠦᠷᠦᠩᠭᠡ ᠪᠠᠷ ᠪᠣᠰᠤᠳ ᠲᠤ ᠳᠠᠭᠠᠭᠠᠯᠳᠠ ᠬᠠᠩᠭ᠋ᠠᠬᠤ︔

ᠭᠤᠷᠪᠠ᠂ ᠪᠣᠰᠤᠳ ᠡᠴᠡ ᠳᠤᠰ ᠬᠤᠷᠰᠢᠶ᠎ᠠ ᠯᠤᠭ᠎ᠠ ᠠᠷᠠᠯᠵᠢᠶᠠᠯᠠᠭᠰᠠᠨ ᠦᠨ᠎ᠡ ᠵᠠᠰᠠᠬᠤ ᠵᠤᠭᠤᠰ ᠢ ᠭᠦᠯᠢᠶᠡᠨ ᠠᠪᠣᠭᠠᠤᠨ ᠦᠪᠡᠷ ᠤᠨ ᠭᠢ ᠪᠠᠨ ᠪᠣᠯᠭᠠᠬᠤ︔

ᠳᠦᠷᠪᠡ᠂ ᠳᠤᠰ ᠬᠤᠷᠰᠢᠶᠠᠨ ᠤ ᠠᠵᠤ ᠠᠬᠤᠢ ᠶᠢᠨ ᠠᠰᠢᠭ ᠳᠤᠰᠠ ᠶᠢ ᠬᠤᠭᠢᠷᠠᠭᠤᠯᠬᠤ ᠪᠣᠰᠤᠳ ᠠᠵᠢᠯᠯᠠᠭ᠎ᠠ ᠭᠢᠭᠦ᠃

ᠭᠡᠷᠡᠭ᠌ ᠡᠷᠭᠢᠯᠡᠭ᠍ᠴᠢᠳ ᠤᠨ ᠳᠠᠷᠤᠭ᠎ᠠ᠂ ᠭᠡᠷᠡᠭ᠌ ᠡᠷᠭᠢᠯᠡᠭ᠍ᠴᠢ ᠪᠣᠯᠤᠨ ᠬᠠᠮᠢᠶᠠᠷᠤᠯᠳᠠ ᠶᠢᠨ ᠠᠵᠢᠯᠳᠠᠨ ᠡᠮᠦᠨᠡᠭᠢ ᠵᠤᠷᠪᠣᠰ ᠤᠨ ᠳᠤᠭᠳᠠᠭᠠᠯ ᠡᠴᠡ ᠵᠦᠷᠢᠴᠠᠨ ᠣᠯᠤᠭᠰᠠᠨ ᠣᠷᠤᠯᠭ᠎ᠠ ᠶᠢ ᠳᠤᠰ ᠬᠤᠷᠰᠢᠶ᠎ᠠ ᠳᠤ ᠳᠤᠰᠢᠶᠠᠨ ᠥᠮᠴᠢᠯᠡᠭᠦᠯᠭᠦ ᠭᠡᠷᠡᠭ᠍ᠳᠡᠢ᠃ ᠳᠤᠰ ᠬᠤᠷᠰᠢᠶ᠎ᠠ ᠳᠤ ᠬᠤᠭᠢᠷᠠᠯ ᠣᠴᠠᠷᠠᠭᠤᠯᠤᠭᠰᠠᠨ ᠪᠣᠯ ᠳᠦᠯᠦᠭᠦ ᠬᠠᠷᠢᠭᠤᠴᠠᠯᠭ᠎ᠠ ᠡᠭᠦᠷᠭᠡᠯᠡᠭᠦ ᠭᠡᠷᠡᠭ᠍ᠳᠡᠢ᠃

ᠭᠤᠴᠢᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠭᠡᠷᠡᠭ᠌ ᠡᠷᠭᠢᠯᠡᠭ᠍ᠴᠢᠳ ᠤᠨ ᠳᠠᠷᠤᠭ᠎ᠠ᠂ ᠭᠡᠷᠡᠭ᠌ ᠡᠷᠭᠢᠯᠡᠭ᠍ᠴᠢ᠂ ᠳᠠᠭᠠᠭᠠᠮᠠᠯ ᠳᠤᠬᠠᠢ᠌ᠯᠠᠭᠰᠠᠨ ᠠᠵᠢᠯ ᠤᠨ ᠰᠢᠠᠵᠢ ᠴᠢᠨᠠᠷ ᠶᠢᠡᠷ ᠠᠳᠠᠯᠢ ᠪᠣᠰᠤᠳ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠭᠡᠷᠡᠭ᠌ ᠡᠷᠭᠢᠯᠡᠭ᠍ᠴᠢᠳ ᠤᠨ ᠳᠠᠷᠤᠭ᠎ᠠ᠂ ᠭᠡᠷᠡᠭ᠌ ᠡᠷᠭᠢᠯᠡᠭ᠍ᠴᠢ᠂ ᠭᠢᠨᠠᠯᠳᠠ ᠳᠠᠯᠪᠢᠭᠴᠢ᠂ ᠳᠠᠭᠠᠭᠠᠮᠠᠯ ᠤᠨ ᠳᠤᠰᠢᠶᠠᠯ ᠢ ᠬᠠᠪᠰᠤᠷᠭᠠᠨ ᠡᠭᠦᠷᠭᠡᠯᠡᠵᠤ ᠪᠣᠯᠬᠤ ᠦᠭᠡᠶ᠃

ᠭᠤᠴᠢᠨ ᠨᠢᠭᠡᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠳᠤᠬᠠᠢ᠌ᠯᠠᠭᠰᠠᠨ ᠠᠵᠢᠯ ᠯᠤᠭ᠎ᠠ ᠬᠠᠮᠢᠶᠠᠳᠠᠢ ᠠᠯᠪᠠᠨ ᠶᠠᠪᠣᠳᠠᠯ ᠢ ᠭᠦᠢᠴᠡᠳᠭᠡᠭᠦ ᠭᠦᠮᠦᠰ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠭᠡᠷᠡᠭ᠌ ᠡᠷᠭᠢᠯᠡᠭ᠍ᠴᠢᠳ ᠤᠨ ᠳᠠᠷᠤᠭ᠎ᠠ᠂ ᠭᠡᠷᠡᠭ᠌ ᠡᠷᠭᠢᠯᠡᠭ᠍ᠴᠢ᠂ ᠳᠠᠭᠠᠭᠠᠮᠠᠯ ᠪᠣᠶᠤ ᠡᠳ᠋ ᠤᠨ ᠶᠠᠪᠣᠳᠠᠯ ᠤᠨ ᠨᠢᠠᠠᠳᠠᠯᠠᠨ ᠪᠣᠳᠤᠬᠤ ᠠᠵᠢᠯᠳᠠᠨ ᠤ ᠳᠤᠰᠢᠶᠠᠯ ᠢ ᠡᠭᠦᠷᠭᠡᠯᠡᠵᠤ ᠪᠣᠯᠬᠤ ᠦᠭᠡᠶ᠃


ᠳᠠᠪᠣᠳᠤᠭᠠᠷ ᠪᠦᠯᠦᠭ᠌    ᠡᠳ᠋ ᠤᠨ ᠶᠠᠪᠣᠳᠠᠯ ᠤᠨ ᠬᠠᠮᠢᠶᠠᠷᠤᠯᠳᠠ


ᠭᠤᠴᠢᠨ ᠬᠤᠶᠠᠳᠤᠭᠠᠷ ᠵᠣᠢ᠌ᠯ ᠲᠦᠷᠦ ᠶᠢᠨ ᠶᠠᠪᠣᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠡᠴᠡ ᠣᠯᠤᠰ ᠤᠨ ᠬᠤᠯᠪᠣᠭᠳᠠᠯ ᠪᠦᠭᠦᠢ ᠬᠠᠤᠯᠢ ᠴᠠᠭᠠᠵᠠ᠂ ᠵᠠᠰᠠᠭ ᠵᠠᠭᠢᠷᠭᠠᠨ ᠤ ᠬᠠᠤᠯᠢ ᠳᠤᠭᠳᠠᠭᠠᠯ ᠤᠨ ᠶᠤᠰᠤᠭᠠᠷ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠡᠳ᠋ ᠤᠨ ᠶᠠᠪᠣᠳᠠᠯ ᠤᠨ ᠨᠢᠠᠠᠳᠠᠯᠠᠨ ᠪᠣᠳᠤᠬᠤ ᠳᠦᠷᠢᠮ ᠢ ᠳᠤᠭᠳᠠᠭᠠᠨ᠎ᠠ᠃ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠲᠦᠷᠦ ᠤᠨ ᠶᠠᠪᠣᠳᠠᠯ ᠤᠨ ᠬᠤᠷᠢᠶᠠᠨ ᠤ ᠡᠳ᠋ ᠤᠨ ᠵᠠᠰᠠᠭ ᠤᠨ ᠰᠠᠯᠠᠭ᠎ᠠ ᠮᠦᠴᠢᠷ ᠤᠨ ᠳᠤᠭᠳᠠᠭᠠᠭᠰᠠᠨ ᠡᠳ᠋ ᠤᠨ ᠶᠠᠪᠣᠳᠠᠯ ᠤᠨ ᠨᠢᠠᠠᠳᠠᠯᠠᠨ ᠪᠣᠳᠤᠬᠤ ᠳᠦᠷᠢᠮ ᠤᠨ ᠶᠤᠰᠤᠭᠠᠷ ᠨᠢᠠᠠᠳᠠᠯᠠᠨ ᠪᠣᠳᠤᠯᠳᠠ ᠶᠢᠨ ᠳᠤᠭᠠᠴᠠᠭ᠎ᠠ ᠭᠢᠭᠦ ᠭᠡᠷᠡᠭ᠍ᠳᠡᠢ᠃

ᠭᠤᠴᠢᠨ ᠭᠤᠷᠪᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠭᠡᠷᠡᠭ᠌ ᠡᠷᠭᠢᠯᠡᠭ᠍ᠴᠢᠳ ᠤᠨ ᠳᠠᠷᠤᠭ᠎ᠠ ᠪᠣᠶᠤ ᠭᠡᠷᠡᠭ᠌ ᠡᠷᠭᠢᠯᠡᠭ᠍ᠴᠢᠳ ᠤᠨ ᠺᠤᠮᠢᠰ ᠨᠢ ᠳᠦᠷᠢᠮ ᠤᠨ ᠳᠤᠭᠳᠠᠭᠠᠯ ᠶᠤᠰᠤᠭᠠᠷ ᠣᠨ ᠤ ᠳᠤᠬᠠᠢ᠌ᠯᠠᠭᠰᠠᠨ ᠠᠵᠢᠯ ᠤᠨ ᠮᠡᠳᠡᠭᠦᠯᠦᠯᠳᠡ᠂ ᠦᠯᠠᠳᠠᠪᠣᠷᠢ ᠶᠢ ᠬᠤᠪᠢᠶᠠᠷᠢᠯᠠᠬᠤ ᠲᠦᠰᠤᠯ᠂ ᠠᠯᠳᠠᠯ ᠬᠤᠷᠤᠭᠳᠠᠯ ᠢ ᠰᠢ᠌ᠦᠡᠪᠦᠷᠢᠯᠡᠭᠦ ᠲᠦᠰᠤᠯ ᠵᠢᠴᠢ ᠡᠳ᠋ ᠤᠨ ᠶᠠᠪᠣᠳᠠᠯ ᠤᠨ ᠨᠢᠠᠠᠳᠠᠯᠠᠨ ᠪᠣᠳᠤᠯᠳᠠ ᠶᠢᠨ ᠮᠡᠳᠡᠭᠦᠯᠦᠯᠳᠡ ᠶᠢ ᠵᠤᠬᠢᠶᠠᠨ ᠪᠠᠢ᠌ᠭᠤᠯᠤᠨ ᠨᠠᠢ᠌ᠷᠠᠭᠤᠯᠤᠨ ᠵᠤᠬᠢᠶᠠᠵᠤ᠂ ᠪᠦᠷᠢᠯᠳᠦᠭᠦᠨ ᠨᠡᠷ ᠤᠨ ᠬᠤᠷᠠᠯ ᠢ ᠬᠤᠷᠠᠯᠳᠤᠭᠤᠯᠬᠤ ᠡᠴᠡ ᠠᠷᠪᠠᠨ ᠳᠠᠪᠤᠨ ᠡᠳᠦᠷ ᠤᠨ ᠡᠮᠦᠨ᠎ᠡ᠂ ᠠᠵᠢᠯᠯᠠᠬᠤ ᠭᠠᠵᠠᠷ ᠢ ᠨᠢ ᠪᠡᠯᠡᠳᠭᠡᠵᠤ᠂ ᠪᠦᠷᠢᠯᠳᠦᠭᠦᠨ ᠨᠡᠷ ᠤᠨ ᠪᠠᠢ᠌ᠴᠠᠭᠠᠨ ᠥᠵᠡᠭᠦ ᠳᠤ ᠬᠠᠩᠭ᠋ᠠᠬᠤ ᠭᠡᠷᠡᠭ᠍ᠳᠡᠢ᠃

ᠭᠤᠴᠢᠨ ᠳᠦᠷᠪᠠᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠪᠦᠷᠢᠯᠳᠦᠭᠦᠨ ᠯᠦᠭᠡ ᠪᠠᠨ ᠭᠢᠭ᠍ᠰᠡᠨ ᠠᠷᠠᠯᠵᠢᠶᠠᠯᠠᠭ᠎ᠠ᠂ ᠳᠡᠭᠦᠨ ᠤ ᠬᠠᠩᠭ᠋ᠠᠭᠰᠠᠨ ᠥᠢᠯᠡᠴᠢᠯᠡᠭᠡᠨ ᠢ ᠠᠰᠢᠭᠯᠠᠨ ᠪᠦᠷᠢᠯᠳᠦᠭᠦᠨ ᠪᠣᠰᠤ ᠡᠳᠡᠭᠡᠤᠨ ᠲᠡᠶ ᠭᠢᠭ᠍ᠰᠡᠨ ᠠᠷᠠᠯᠵᠢᠶᠠᠯᠠᠭ᠎ᠠ ᠳᠤ ᠳᠤᠰ ᠳᠤᠰ ᠳᠤᠨᠢ ᠳᠤᠭᠠᠴᠠᠭ᠎ᠠ ᠭᠢᠭᠦ ᠭᠡᠷᠡᠭ᠍ᠳᠡᠢ᠃

ᠭᠤᠴᠢᠨ ᠳᠠᠪᠣᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠳᠦᠷᠢᠮ ᠤᠨ ᠳᠤᠭᠳᠠᠭᠠᠯ ᠪᠣᠶᠤ ᠪᠦᠷᠢᠯᠳᠦᠭᠦᠨ ᠨᠡᠷ ᠤᠨ ᠶᠡᠭᠡ ᠬᠤᠷᠠᠯ ᠤᠨ ᠰᠢ᠌ᠤᠠᠪᠣᠷᠢ ᠶᠢᠨ ᠶᠤᠰᠤᠭᠠᠷ ᠳᠤᠰ ᠵᠢᠯ ᠤᠨ ᠦᠯᠠᠳᠠᠪᠣᠷᠢ ᠶᠢᠨ ᠳᠤᠳᠤᠷ᠎ᠠ ᠡᠴᠡ ᠨᠠᠢ᠌ᠳᠠ ᠶᠢᠨ ᠬᠤᠷᠠᠮᠳᠤᠭᠤᠯᠭ᠎ᠠ ᠶᠢᠨ ᠮᠥᠩᠭᠦ ᠭᠠᠷᠭᠠᠨ ᠠᠪᠴᠤ ᠪᠣᠯᠤᠨ᠎ᠠ᠃ ᠨᠠᠢ᠌ᠳᠠ ᠶᠢᠨ ᠬᠤᠷᠠᠮᠳᠤᠭᠤᠯᠭ᠎ᠠ ᠶᠢᠨ ᠮᠥᠩᠭᠦ ᠶᠢ ᠠᠯᠳᠠᠯ ᠬᠤᠷᠤᠭᠳᠠᠯ ᠢ ᠨᠥᠭᠦᠪᠦᠷᠢᠯᠡᠭᠦ᠂ ᠣᠢ᠌ᠯᠠᠤᠠᠪᠣᠷᠢᠯᠠᠯ ᠡᠵᠡᠩᠨᠡᠯᠳᠡ ᠪᠠᠨ ᠦᠷᠭᠡᠳᠭᠡᠭᠦ ᠪᠣᠶᠤ ᠪᠦᠷᠢᠯᠳᠦᠭᠦᠨ ᠨᠡᠷ ᠤᠨ ᠭᠠᠷᠭᠠᠭᠰᠠᠨ ᠪᠠᠯᠠ ᠪᠣᠯᠭᠠᠨ ᠰᠢᠯᠵᠢᠭᠦᠯᠭᠦ ᠳᠤ ᠭᠡᠷᠡᠭᠯᠡᠨ᠎ᠡ᠃

ᠵᠢᠯ ᠪᠦᠷᠢ ᠶᠢᠨ ᠭᠠᠷᠭᠠᠨ ᠠᠪᠣᠭᠰᠠᠨ ᠨᠠᠢ᠌ᠳᠠ ᠶᠢᠨ ᠬᠤᠷᠠᠮᠳᠤᠭᠤᠯᠭ᠎ᠠ ᠶᠢᠨ ᠮᠥᠩᠭᠦ ᠶᠢ ᠳᠦᠷᠢᠮ ᠤᠨ ᠳᠤᠭᠳᠠᠭᠠᠯ ᠶᠤᠰᠤᠭᠠᠷ ᠪᠦᠷᠢᠯᠳᠦᠭᠦᠨ ᠨᠢᠭᠡᠪᠦᠷᠢ ᠶᠢᠨ ᠬᠤᠪᠢ ᠳᠤᠭ᠎ᠠ ᠪᠣᠯᠭᠠᠨ ᠭᠡᠮᠵᠢᠶᠡᠯᠡᠨ᠎ᠡ᠃

ᠭᠤᠴᠢᠨ ᠵᠢᠷᠭᠤᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠪᠦᠷᠢᠯᠳᠦᠭᠦᠨ ᠨᠢᠭᠡᠪᠦᠷᠢ ᠳᠡᠭᠡᠨ ᠪᠦᠷᠢᠯᠳᠦᠭᠦᠨ ᠤ ᠳᠠᠩᠰᠠ ᠪᠠᠢ᠌ᠭᠤᠯᠤᠨ ᠥᠭ᠍ᠴᠤ᠂ ᠭᠤᠤᠯᠳᠠᠭᠤ ᠳᠤᠤᠷᠠᠭᠢ ᠮᠠᠳᠤ ᠶᠢᠨ ᠠᠭᠤᠯᠭ᠎ᠠ ᠶᠢ ᠳᠡᠮᠳᠡᠭᠯᠡᠭᠦ ᠭᠡᠷᠡᠭ᠍ᠳᠡᠢ᠄

ᠨᠢᠭᠡ᠂ ᠳᠤᠰ ᠪᠦᠷᠢᠯᠳᠦᠭᠦᠨ ᠤ ᠭᠠᠷᠭᠠᠭᠰᠠᠨ ᠪᠠᠯᠠ ᠶᠢᠨ ᠳᠤᠭ᠎ᠠ︔

ᠬᠤᠶᠠᠷ᠂ ᠳᠤᠰ ᠪᠦᠷᠢᠯᠳᠦᠭᠦᠨ ᠤ ᠨᠠᠢ᠌ᠳᠠ ᠶᠢᠨ ᠬᠤᠷᠠᠮᠳᠤᠭᠤᠯᠭ᠎ᠠ ᠶᠢᠨ ᠮᠥᠩᠭᠦ ᠪᠣᠯᠭᠠᠨ ᠭᠡᠮᠵᠢᠶᠡᠯᠡᠭ᠍ᠰᠡᠨ ᠬᠤᠪᠢ ᠳᠤᠭ᠎ᠠ︔

ᠭᠤᠷᠪᠠ᠂ ᠳᠤᠰ ᠪᠦᠷᠢᠯᠳᠦᠭᠦᠨ ᠤ ᠳᠤᠰ ᠬᠤᠷᠰᠢᠶ᠎ᠠ ᠯᠤᠭ᠎ᠠ ᠠᠷᠠᠯᠵᠢᠶᠠᠯᠠᠭᠰᠠᠨ ᠭᠡᠮᠵᠢᠶ᠎ᠡ ᠳᠤᠭ᠎ᠠ᠃

ᠭᠤᠴᠢᠨ ᠳᠤᠯᠤᠳᠤᠭᠠᠷ ᠵᠣᠢ᠌ᠯ ᠠᠯᠳᠠᠯ ᠬᠤᠷᠤᠭᠳᠠᠯ ᠢ ᠨᠥᠭᠦᠪᠦᠷᠢᠯᠡᠨ᠂ ᠨᠠᠢ᠌ᠳᠠ ᠶᠢᠨ ᠬᠤᠷᠠᠮᠳᠤᠭᠤᠯᠭ᠎ᠠ ᠶᠢᠨ ᠮᠥᠩᠭᠦ ᠶᠢ ᠭᠠᠷᠭᠠᠨ ᠠᠪᠣᠭᠰᠠᠨ ᠤ ᠳᠠᠷᠠᠭᠠᠭᠢ ᠳᠤᠰ ᠵᠢᠯ ᠤᠨ ᠦᠯᠠᠳᠠᠪᠣᠷᠢ ᠪᠣᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠬᠤᠪᠢᠶᠠᠷᠢᠯᠠᠵᠤ ᠪᠣᠯᠬᠤ ᠦᠯᠠᠳᠠᠪᠣᠷᠢ ᠪᠣᠯᠤᠨ᠎ᠠ᠃

ᠬᠤᠪᠢᠶᠠᠷᠢᠯᠠᠵᠤ ᠪᠣᠯᠬᠤ ᠦᠯᠠᠳᠠᠪᠣᠷᠢ ᠶᠢ ᠳᠤᠤᠷᠠᠭᠢ ᠳᠤᠭᠳᠠᠭᠠᠯ ᠤᠨ ᠶᠤᠰᠤᠭᠠᠷ ᠪᠦᠷᠢᠯᠳᠦᠭᠦᠨ ᠨᠡᠷ ᠲᠤ ᠪᠣᠴᠠᠭᠠᠬᠤ ᠪᠣᠶᠤ ᠬᠤᠪᠢᠶᠠᠷᠢᠯᠠᠵᠤ ᠦᠭ‍ᠭᠦ ᠭᠡᠷᠡᠭ᠍ᠳᠡᠢ᠂ ᠪᠣᠳᠠᠳᠠᠢ ᠬᠤᠪᠢᠶᠠᠷᠢᠯᠠᠬᠤ ᠠᠷᠭ᠎ᠠ ᠶᠢ ᠳᠦᠷᠢᠮ ᠤᠨ ᠳᠤᠭᠳᠠᠭᠠᠯ ᠶᠤᠰᠤᠭᠠᠷ ᠪᠦᠷᠢᠯᠳᠦᠭᠦᠨ ᠨᠡᠷ ᠤᠨ ᠶᠡᠭᠡ ᠬᠤᠷᠠᠯ ᠤᠨ ᠰᠢ᠌ᠤᠠᠪᠣᠷᠢ ᠭᠠᠷᠭᠠᠬᠤ ᠪᠠᠷ ᠳᠠᠮᠵᠢᠨ ᠳᠤᠭᠳᠠᠭᠠᠨ᠎ᠠ᠃

ᠨᠢᠭᠡ᠂ ᠪᠦᠷᠢᠯᠳᠦᠭᠦᠨ ᠭᠢᠭᠡᠤᠨ ᠳᠤᠰ ᠬᠤᠷᠰᠢᠶ᠎ᠠ ᠯᠤᠭ᠎ᠠ ᠠᠷᠠᠯᠵᠢᠶᠠᠯᠠᠭᠰᠠᠨ ᠭᠡᠮᠵᠢᠶ᠎ᠡ ᠳᠤᠭ᠎ᠠ ᠶᠢᠨ ᠬᠠᠷᠢᠴᠠᠯ ᠶᠢᠡᠷ ᠡᠭᠡᠭᠦᠯᠤᠨ ᠪᠣᠴᠠᠭᠠᠬᠤ ᠳᠤ ᠡᠭᠡᠭᠦᠯᠤᠨ ᠪᠣᠴᠠᠭᠠᠬᠤ ᠶᠡᠷᠦᠩᠭᠡᠢ ᠳᠤᠭ᠎ᠠ ᠶᠢ ᠬᠤᠪᠢᠶᠠᠷᠢᠯᠠᠵᠤ ᠪᠣᠯᠬᠤ ᠦᠯᠠᠳᠠᠪᠣᠷᠢ ᠶᠢᠨ ᠵᠠᠭᠤᠨ ᠤ ᠵᠢᠷᠠ ᠡᠴᠡ ᠳᠤᠷᠤᠭᠰᠢ ᠪᠠᠢ᠌ᠯᠭᠠᠵᠤ ᠪᠣᠯᠬᠤ ᠦᠭᠡᠶ︔

ᠬᠤᠶᠠᠷ᠂ ᠡᠮᠦᠨᠡᠭᠢ ᠵᠤᠷᠪᠣᠰ ᠤᠨ ᠳᠤᠭᠳᠠᠭᠠᠯ ᠶᠤᠰᠤᠭᠠᠷ ᠡᠭᠡᠭᠦᠯᠤᠨ ᠪᠣᠴᠠᠭᠠᠭᠰᠠᠨ ᠤ ᠳᠠᠷᠠᠭᠠᠭᠢ ᠥᠯᠡᠳᠡᠭ᠍ᠰᠡᠨ ᠭᠡᠰᠡᠭ᠌ ᠢ ᠪᠦᠷᠢᠯᠳᠦᠭᠦᠨ ᠤ ᠳᠠᠩᠰᠠ ᠳᠤ ᠳᠡᠮᠳᠡᠭᠯᠡᠭ᠍ᠰᠡᠨ ᠭᠠᠷᠭᠠᠭᠰᠠᠨ ᠪᠠᠯᠠ ᠶᠢᠨ ᠳᠤᠭ᠎ᠠ ᠪᠣᠯᠤᠨ ᠨᠠᠢ᠌ᠳᠠ ᠶᠢᠨ ᠬᠤᠷᠠᠮᠳᠤᠭᠤᠯᠭ᠎ᠠ ᠶᠢᠨ ᠮᠥᠩᠭᠦ ᠶᠢᠨ ᠬᠤᠪᠢ ᠳᠤᠭ᠎ᠠ ᠵᠢᠴᠢ ᠳᠤᠰ ᠬᠤᠷᠰᠢᠶᠠᠨ ᠤ ᠭᠦᠯᠢᠶᠡᠨ ᠠᠪᠣᠭᠰᠠᠨ ᠣᠯᠤᠰ ᠤᠨ ᠡᠳ᠋ ᠤᠨ ᠵᠠᠰᠠᠭ ᠤᠨ ᠰᠢᠭᠤᠳ ᠳᠤᠰᠠᠯᠠᠮᠵᠢ ᠪᠣᠯᠤᠨ ᠪᠣᠰᠤᠳ ᠤᠨ ᠳᠤᠰᠠᠯᠠᠨ ᠭᠦᠷᠭᠡᠭᠡᠤᠨ ᠪᠣᠢ ᠪᠣᠯᠤᠭᠰᠠᠨ ᠡᠳ᠋ ᠭᠦᠷᠦᠩᠭᠡ ᠪᠠᠷ ᠪᠦᠷᠢᠯᠳᠦᠭᠦᠨ ᠨᠡᠷ ᠤᠨ ᠬᠤᠪᠢ ᠳᠤᠭ᠎ᠠ ᠳᠤ ᠭᠦᠷᠳᠡᠯ᠎ᠡ ᠳᠤᠮᠳᠠᠴᠢᠯᠠᠨ ᠭᠡᠮᠵᠢᠶᠡᠯᠡᠵᠤ᠂ ᠳᠤᠰ ᠬᠤᠷᠰᠢᠶᠠᠨ ᠤ ᠪᠦᠷᠢᠯᠳᠦᠭᠦᠨ ᠨᠡᠷ ᠲᠤ ᠬᠠᠷᠢᠴᠠᠯ ᠶᠤᠰᠤᠭᠠᠷ ᠬᠤᠪᠢᠶᠠᠷᠢᠯᠠᠵᠤ ᠦᠭ‍ᠭᠦ ᠭᠡᠷᠡᠭ᠍ᠳᠡᠢ᠃

ᠭᠤᠴᠢᠨ ᠨᠢ᠋ᠮᠠᠳᠤᠭᠠᠷ ᠵᠣᠢ᠌ᠯ ᠭᠦᠢᠴᠡᠳᠭᠡᠭᠦ ᠭᠢᠨᠠᠯᠳᠠ ᠳᠠᠯᠪᠢᠭᠴᠢ ᠪᠣᠶᠤ ᠭᠢᠨᠠᠯᠳᠠ ᠳᠠᠯᠪᠢᠭᠴᠢᠳ ᠤᠨ ᠺᠤᠮᠢᠰ ᠪᠠᠢ᠌ᠭᠤᠯᠤᠭᠰᠠᠨ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠪᠣᠯ ᠭᠦᠢᠴᠤᠨᠭᠡᠭᠦ ᠭᠢᠨᠠᠯᠳᠠ ᠳᠠᠯᠪᠢᠭᠴᠢ ᠪᠣᠶᠤ ᠭᠢᠨᠠᠯᠳᠠ ᠳᠠᠯᠪᠢᠭᠴᠢᠳ ᠤᠨ ᠺᠤᠮᠢᠰ ᠡᠴᠡ ᠳᠤᠰ ᠬᠤᠷᠰᠢᠶᠠᠨ ᠤ ᠡᠳ᠋ ᠤᠨ ᠶᠠᠪᠣᠳᠠᠯ ᠳᠤ ᠳᠤᠳᠤᠭᠠᠳᠤ ᠭᠢᠨᠠᠨ ᠪᠣᠳᠤᠯᠳᠠ ᠭᠢᠵᠤ᠂ ᠭᠢᠨᠠᠨ ᠪᠣᠳᠤᠭᠰᠠᠨ ᠦᠷ᠎ᠡ ᠳ᠋ᠦ᠋ᠩ ᠶᠢᠡᠨ ᠪᠦᠷᠢᠯᠳᠦᠭᠦᠨ ᠨᠡᠷ ᠤᠨ ᠶᠡᠭᠡ ᠬᠤᠷᠠᠯ ᠳᠤ ᠮᠡᠳᠡᠭᠦᠯᠭᠦ ᠭᠡᠷᠡᠭ᠍ᠳᠡᠢ᠃

ᠪᠦᠷᠢᠯᠳᠦᠭᠦᠨ ᠨᠡᠷ ᠤᠨ ᠶᠡᠭᠡ ᠬᠤᠷᠠᠯ ᠨᠢ ᠪᠠᠰᠠ ᠭᠢᠨᠠᠨ ᠪᠣᠳᠤᠬᠤ ᠪᠠᠢ᠌ᠭᠤᠯᠤᠮᠵᠢ ᠳᠤ ᠨᠠᠢ᠌ᠳᠠᠨ ᠳᠤᠰ ᠬᠤᠷᠰᠢᠶᠠᠨ ᠤ ᠪᠠᠨ ᠡᠳ᠋ ᠤᠨ ᠶᠠᠪᠣᠳᠠᠯ ᠳᠤ ᠭᠢᠨᠠᠨ ᠪᠣᠳᠤᠯᠳᠠ ᠭᠢᠯᠭᠡᠵᠤ ᠪᠣᠯᠤᠨ᠎ᠠ᠃


ᠵᠢᠷᠭᠤᠳᠤᠭᠠᠷ ᠪᠦᠯᠦᠭ᠌    ᠨᠡᠢ᠌ᠯᠡᠭᠦᠯᠭᠦ᠂ ᠰᠠᠯᠭᠠᠵᠤ ᠪᠠᠢ᠌ᠭᠤᠯᠬᠤ᠂ ᠳᠠᠷᠬᠠᠭᠠᠬᠤ ᠪᠠ ᠢᠯᠭᠠᠷᠠᠭᠤᠯᠤᠨ ᠪᠣᠳᠤᠬᠤ


ᠭᠤᠴᠢ ᠶ‍ᠢᠰᠦᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠶᠢ ᠨᠡᠢ᠌ᠯᠡᠭᠦᠯᠭᠦ ᠳᠤ᠂ ᠨᠡᠢ᠌ᠯᠡᠭᠦᠯᠭᠦ ᠰᠢ᠌ᠤᠠᠪᠣᠷᠢ ᠭᠠᠷᠭᠠᠭᠰᠠᠨ ᠡᠳᠦᠷ ᠡᠴᠡ ᠡᠭᠢᠯᠡᠨ ᠠᠷᠪᠠᠨ ᠡᠳᠦᠷ ᠤᠨ ᠳᠤᠳᠤᠷ᠎ᠠ ᠠᠪᠴᠠᠭᠠᠳᠠᠨ ᠳᠤ ᠮᠡᠳᠡᠭ᠍ᠳᠡᠭᠦ ᠭᠡᠷᠡᠭ᠍ᠳᠡᠢ᠃ ᠨᠡᠢ᠌ᠯᠡᠭᠦ ᠡᠯ᠎ᠡ ᠡᠳᠡᠭᠡᠤᠨ ᠤᠨ ᠠᠪᠴᠠᠭ᠎ᠠ᠂ ᠥᠭ᠍ᠴᠡᠭᠡ ᠶᠢ ᠨᠡᠢ᠌ᠯᠡᠭᠦᠯᠦᠭ᠍ᠰᠡᠨ ᠤ ᠳᠠᠷᠠᠭ᠎ᠠ ᠣᠷᠤᠰᠢᠨ ᠳᠤᠭᠳᠠᠨᠢᠬᠤ ᠪᠣᠶᠤ ᠰᠢᠨ᠎ᠠ ᠪᠠᠷ ᠪᠠᠢ᠌ᠭᠤᠯᠤᠭᠰᠠᠨ ᠵᠤᠬᠢᠶᠠᠨ ᠪᠠᠢ᠌ᠭᠤᠯᠤᠯᠳᠠ ᠡᠴᠡ ᠵᠠᠯᠭᠠᠮᠵᠢᠯᠠᠨ᠎ᠠ᠃

ᠳᠦᠴᠢᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠶᠢ ᠰᠠᠯᠭᠠᠵᠤ ᠪᠠᠢ᠌ᠭᠤᠯᠬᠤ ᠳᠤ᠂ ᠡᠳ᠋ ᠭᠦᠷᠦᠩᠭᠡ ᠶᠢ ᠨᠢ ᠵᠤᠭᠢᠴᠠᠩᠭ᠋ᠤᠢ ᠪᠠᠷ ᠬᠤᠪᠢᠶᠠᠨ ᠰᠠᠯᠭᠠᠬᠤ ᠶᠢᠨ ᠬᠠᠮᠳᠤ ᠰᠠᠯᠭᠠᠵᠤ ᠪᠠᠢ᠌ᠭᠤᠯᠬᠤ ᠰᠢ᠌ᠤᠠᠪᠣᠷᠢ ᠭᠠᠷᠭᠠᠭᠰᠠᠨ ᠡᠳᠦᠷ ᠡᠴᠡ ᠡᠭᠢᠯᠡᠨ ᠠᠷᠪᠠᠨ ᠡᠳᠦᠷ ᠤᠨ ᠳᠤᠳᠤᠷ᠎ᠠ ᠠᠪᠴᠠᠭᠠᠳᠠᠨ ᠳᠤ ᠮᠡᠳᠡᠭ᠍ᠳᠡᠭᠦ ᠭᠡᠷᠡᠭ᠍ᠳᠡᠢ᠃ ᠰᠠᠯᠭᠠᠵᠤ ᠪᠠᠢ᠌ᠭᠤᠯᠬᠤ ᠡᠴᠡ ᠡᠮᠦᠨᠡᠭᠢ ᠥᠭ᠍ᠴᠡᠭᠡ ᠳᠤ ᠪᠣᠯ ᠰᠠᠯᠭᠠᠵᠤ ᠪᠠᠢ᠌ᠭᠤᠯᠤᠭᠰᠠᠨ ᠤ ᠳᠠᠷᠠᠭᠠᠭᠢ ᠵᠤᠬᠢᠶᠠᠨ ᠪᠠᠢ᠌ᠭᠤᠯᠤᠯᠳᠠ ᠬᠤᠯᠪᠣᠭᠳᠠᠬᠤ ᠬᠠᠷᠢᠭᠤᠴᠠᠯᠭ᠎ᠠ ᠶᠢ ᠡᠭᠦᠷᠭᠡᠯᠡᠨ᠎ᠡ᠃ ᠭᠡᠭᠦ ᠳᠡᠭᠡᠨ᠂ ᠰᠠᠯᠭᠠᠵᠤ ᠪᠠᠢ᠌ᠭᠤᠯᠬᠤ ᠡᠴᠡ ᠡᠮᠦᠨ᠎ᠡ ᠠᠪᠴᠠᠭᠠᠳᠠᠨ ᠯᠤᠭ᠎ᠠ ᠥᠭ᠍ᠴᠡᠭᠡ ᠶᠢ ᠢᠯᠭᠠᠷᠠᠭᠤᠯᠤᠨ ᠳᠦᠯᠦᠭᠦ ᠳᠤᠬᠠᠢ ᠭᠡᠯᠡᠯᠴᠡᠨ ᠳᠤᠭᠢᠷᠠᠭᠰᠠᠨ ᠪᠢᠴᠢᠭᠯᠡᠭ᠍ᠰᠡᠨ ᠵᠥᠪᠳᠡᠯᠴᠡᠭᠡᠷ ᠲᠤ ᠠᠰᠳᠠᠭᠠᠨ ᠪᠣᠯᠵᠤᠨ ᠳᠤᠭᠳᠠᠭᠰᠠᠨ ᠨᠢ ᠡᠭᠦᠨ ᠳᠤ ᠪᠠᠭᠳᠠᠬᠤ ᠦᠭᠡᠶ᠃

ᠳᠦᠴᠢᠨ ᠨᠢᠭᠡᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠳᠤ ᠳᠤᠤᠷᠠᠭᠢ ᠰᠢᠯᠳᠠᠭᠠᠨ ᠲᠡᠶ ᠪᠣᠯ ᠳᠠᠷᠬᠠᠭᠠᠨ᠎ᠠ᠄

ᠨᠢᠭᠡ᠂ ᠳᠦᠷᠢᠮ ᠳᠤ ᠳᠤᠭᠳᠠᠭᠠᠭᠰᠠᠨ ᠳᠠᠷᠬᠠᠭᠠᠬᠤ ᠣᠴᠢᠷ ᠰᠢᠯᠳᠠᠭᠠᠨ ᠭᠠᠷᠤᠭᠰᠠᠨ︔

ᠬᠤᠶᠠᠷ᠂ ᠪᠦᠷᠢᠯᠳᠦᠭᠦᠨ ᠨᠡᠷ ᠤᠨ ᠶᠡᠭᠡ ᠬᠤᠷᠠᠯ ᠤᠨ ᠰᠢ᠌ᠤᠠᠪᠣᠷᠢ ᠪᠠᠷ ᠳᠠᠷᠬᠠᠭᠠᠬᠤ︔

ᠭᠤᠷᠪᠠ᠂ ᠨᠡᠢ᠌ᠯᠡᠭᠦᠯᠭᠦ ᠪᠣᠶᠤ ᠰᠠᠯᠭᠠᠵᠤ ᠪᠠᠢ᠌ᠭᠤᠯᠬᠤ ᠭᠡᠷᠡᠭ᠍ᠴᠡᠭᠡ ᠡᠴᠡ ᠪᠣᠯᠤᠭᠠᠤᠨ ᠳᠠᠷᠬᠠᠭᠠᠬᠤ︔

ᠳᠦᠷᠪᠡ᠂ ᠡᠵᠡᠩᠨᠡᠯᠳᠡ ᠶᠢᠨ ᠦᠨᠡᠮᠯᠠᠯ ᠶᠢᠡᠨ ᠬᠠᠤᠯᠢ ᠶᠤᠰᠤᠭᠠᠷ ᠬᠤᠷᠢᠶᠠᠯᠭᠠᠭᠠᠤᠨ ᠭᠦᠴᠤᠨ ᠦᠭᠡᠶ ᠪᠣᠯᠭᠠᠭᠳᠠᠭᠰᠠᠨ ᠪᠣᠶᠤ ᠥᠭᠡᠢ᠌ᠰᠭᠡᠭ᠍ᠳᠡᠭ᠍ᠰᠡᠨ᠃

ᠡᠮᠦᠨᠡᠭᠢ ᠵᠤᠷᠪᠣᠰ ᠤᠨ ᠨᠢᠭᠡᠳᠦᠭᠡᠷ᠂ ᠬᠤᠶᠠᠳᠤᠭᠠᠷ᠂ ᠳᠦᠷᠪᠠᠳᠦᠭᠡᠷ ᠵᠣᠢ᠌ᠯ ᠤᠨ ᠰᠢᠯᠳᠠᠭᠠᠨ ᠡᠴᠡ ᠪᠣᠯᠵᠤ ᠳᠠᠷᠬᠠᠭᠠᠬᠤ ᠳᠤ᠂ ᠳᠠᠷᠬᠠᠭᠠᠬᠤ ᠣᠴᠢᠷ ᠰᠢᠯᠳᠠᠭᠠᠨ ᠭᠠᠷᠤᠭᠰᠠᠨ ᠡᠳᠦᠷ ᠡᠴᠡ ᠡᠭᠢᠯᠡᠨ ᠠᠷᠪᠠᠨ ᠳᠠᠪᠤᠨ ᠡᠳᠦᠷ ᠤᠨ ᠳᠤᠳᠤᠷ᠎ᠠ ᠪᠦᠷᠢᠯᠳᠦᠭᠦᠨ ᠨᠡᠷ ᠤᠨ ᠶᠡᠭᠡ ᠬᠤᠷᠠᠯ ᠡᠴᠡ ᠪᠦᠷᠢᠯᠳᠦᠭᠦᠨ ᠨᠡᠷ ᠶᠢᠡᠷ ᠪᠦᠷᠢᠯᠳᠦᠭ᠍ᠰᠡᠨ ᠢᠯᠭᠠᠷᠠᠭᠤᠯᠤᠨ ᠪᠣᠳᠤᠬᠤ ᠳᠤᠭᠣᠢ᠌ᠯᠠᠩ ᠢ ᠰᠤᠩᠭ᠋ᠤᠨ ᠭᠠᠷᠭᠠᠵᠤ᠂ ᠳᠠᠷᠬᠠᠭᠠᠬᠤ ᠶᠢᠨ ᠢᠯᠭᠠᠷᠠᠭᠤᠯᠤᠨ ᠪᠣᠳᠤᠬᠤ ᠠᠵᠢᠯ ᠢ ᠡᠭᠢᠯᠡᠭᠦᠯᠦᠨ᠎ᠡ᠃ ᠬᠤᠭᠤᠴᠠᠭ᠎ᠠ ᠥᠩᠭᠡᠷᠡᠳᠡᠯ᠎ᠡ ᠢᠯᠭᠠᠷᠠᠭᠤᠯᠤᠨ ᠪᠣᠳᠤᠬᠤ ᠳᠤᠭᠣᠢ᠌ᠯᠠᠩ ᠢ ᠪᠦᠷᠢᠯᠳᠦᠭᠦᠯᠵᠤ ᠳᠡᠢ᠌ᠯᠭᠦ ᠦᠭᠡᠶ ᠪᠣᠯ ᠪᠦᠷᠢᠯᠳᠦᠭᠦᠨ᠂ ᠠᠪᠴᠠᠭᠠᠳᠠᠨ ᠨᠡᠷ ᠠᠷᠠᠤᠨ ᠤᠨ ᠰᠢᠭᠦᠭᠦ ᠬᠤᠷᠢᠶ᠎ᠠ ᠳᠤ ᠭᠤᠶᠤᠴᠢᠯᠠᠯ ᠭᠠᠷᠭᠠᠵᠤ ᠪᠠᠢ᠌ᠭᠠᠤᠨ ᠪᠦᠷᠢᠯᠳᠦᠭᠦᠨ ᠢ ᠵᠢᠭᠠᠨ ᠳᠤᠭᠳᠠᠭᠠᠯᠭᠠᠵᠤ ᠢᠯᠭᠠᠷᠠᠭᠤᠯᠤᠨ ᠪᠣᠳᠤᠬᠤ ᠳᠤᠭᠣᠢ᠌ᠯᠠᠩ ᠶᠢ ᠪᠦᠷᠢᠯᠳᠦᠭᠦᠯᠦᠭᠡᠤᠨ ᠢᠯᠭᠠᠷᠠᠭᠤᠯᠤᠨ ᠪᠣᠳᠤᠭᠤᠯᠵᠤ ᠪᠣᠯᠤᠨ᠎ᠠ᠂ ᠠᠷᠠᠤᠨ ᠤᠨ ᠰᠢᠭᠦᠭᠦ ᠬᠤᠷᠢᠶ᠎ᠠ ᠨᠢ ᠳᠤᠰ ᠭᠤᠶᠤᠴᠢᠯᠠᠯ ᠢ ᠭᠦᠯᠢᠶᠡᠨ ᠠᠪᠴᠤ ᠰᠢ᠌ᠦᠡᠪᠦᠷᠢᠯᠡᠭᠦ ᠭᠡᠷᠡᠭ᠍ᠳᠡᠢ ᠪᠦᠭᠡᠤᠨ ᠴᠠᠭ ᠳᠤᠬᠠᠢ ᠳ᠋ᠤᠨᠢ ᠪᠦᠷᠢᠯᠳᠦᠭᠦᠨ ᠢ ᠵᠢᠭᠠᠨ ᠳᠤᠭᠳᠠᠭᠠᠵᠤ ᠢᠯᠭᠠᠷᠠᠭᠤᠯᠤᠨ ᠪᠣᠳᠤᠬᠤ ᠳᠤᠭᠣᠢ᠌ᠯᠠᠩ ᠢ ᠪᠦᠷᠢᠯᠳᠦᠭᠦᠯᠤᠨ ᠢᠯᠭᠠᠷᠠᠭᠤᠯᠤᠨ ᠪᠣᠳᠤᠭᠤᠯᠬᠤ ᠭᠡᠷᠡᠭ᠍ᠳᠡᠢ᠃

ᠳᠦᠴᠢᠨ ᠬᠤᠶᠠᠳᠤᠭᠠᠷ ᠵᠣᠢ᠌ᠯ ᠢᠯᠠᠭᠠᠷᠠᠭᠤᠯᠤᠨ ᠪᠣᠳᠤᠬᠤ ᠳᠤᠭᠣᠢ᠌ᠯᠠᠩ ᠨᠢ ᠪᠠᠢ᠌ᠭᠤᠯᠤᠭᠳᠠᠭᠰᠠᠨ ᠡᠳᠦᠷ ᠡᠴᠡ ᠡᠭᠢᠯᠡᠨ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠶᠢ ᠭᠦᠯᠢᠶᠡᠨ ᠠᠪᠴᠤ ᠬᠠᠮᠢᠶᠠᠷᠤᠨ᠂ ᠢᠯᠭᠠᠷᠠᠭᠤᠯᠤᠨ ᠪᠣᠳᠤᠬᠤ ᠯᠤᠭ᠎ᠠ ᠬᠠᠮᠢᠶᠠᠳᠠᠢ ᠳᠠᠭᠤᠰᠬᠠᠭᠠᠳᠤᠢ ᠳᠤᠬᠠᠢ᠌ᠯᠠᠭᠰᠠᠨ ᠠᠵᠢᠯ ᠢ ᠬᠠᠷᠢᠭᠤᠴᠠᠨ ᠰᠢ᠌ᠤᠠᠪᠣᠷᠢᠯᠠᠵᠤ᠂ ᠡᠳ᠋ ᠭᠦᠷᠦᠩᠭᠡ ᠪᠣᠯᠤᠨ ᠠᠪᠴᠠᠭ᠎ᠠ᠂ ᠥᠭ᠍ᠴᠡᠭᠡ ᠶᠢ ᠢᠯᠭᠠᠷᠠᠭᠤᠯᠵᠤ᠂ ᠥᠭ᠍ᠴᠡᠭᠡ ᠶᠢ ᠲᠦᠯᠦᠵᠤ ᠳᠠᠭᠤᠰᠬᠠᠭᠰᠠᠨ ᠤ ᠳᠠᠷᠠᠭᠠᠭᠢ ᠦᠯᠠᠳᠠᠪᠣᠷᠢ ᠡᠳ᠋ ᠭᠦᠷᠦᠩᠭᠡ ᠶᠢ ᠬᠤᠪᠢᠶᠠᠷᠢᠯᠠᠵᠤ᠂ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠶᠢ ᠳᠦᠯᠦᠭᠡᠯᠡᠨ ᠵᠠᠷᠭᠤ ᠭᠢᠭᠦ᠂ ᠭᠦᠡᠳᠡᠯᠡᠨ ᠡᠴᠡ ᠳᠠᠰᠤᠯᠬᠤ ᠪᠣᠶᠤ ᠬᠠᠤᠯᠢ ᠴᠠᠭᠠᠵᠠ ᠶᠢᠨ ᠪᠣᠰᠤᠳ ᠳᠠᠰ ᠳᠠᠷᠠᠭᠠᠯᠠᠯ ᠳᠤ ᠣᠷᠤᠯᠴᠠᠬᠤ ᠶᠢᠨ ᠬᠠᠮᠳᠤ ᠢᠯᠭᠠᠷᠠᠭᠤᠯᠤᠨ ᠪᠣᠳᠤᠵᠤ ᠳᠠᠭᠤᠰᠬᠤ ᠦᠶ᠎ᠡ ᠳᠤ ᠳᠠᠩᠰᠠᠯᠠᠭᠤᠯᠤᠭᠰᠠᠨ ᠢ ᠨᠢ ᠭᠦᠴᠤᠨ ᠦᠭᠡᠶ ᠪᠣᠯᠭᠠᠬᠤ ᠭᠡᠷᠡᠭ᠍ᠳᠡᠢ᠃

ᠳᠦᠴᠢᠨ ᠭᠤᠷᠪᠠᠳᠤᠭᠠᠷ ᠵᠣᠢ᠌ᠯ ᠢᠯᠭᠠᠷᠠᠭᠤᠯᠤᠨ ᠪᠣᠳᠤᠬᠤ ᠳᠤᠭᠣᠢ᠌ᠯᠠᠩ ᠨᠢ ᠪᠠᠢ᠌ᠭᠤᠯᠤᠭᠳᠠᠭᠰᠠᠨ ᠡᠳᠦᠷ ᠡᠴᠡ ᠡᠭᠢᠯᠡᠨ ᠠᠷᠪᠠᠨ ᠡᠳᠦᠷ ᠤᠨ ᠳᠤᠳᠤᠷ᠎ᠠ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠪᠣᠯᠤᠨ ᠠᠪᠴᠠᠭᠠᠳᠠᠨ ᠳᠤ ᠮᠡᠳᠡᠭ᠍ᠳᠡᠭᠦ ᠶᠢᠨ ᠬᠠᠮᠳᠤ ᠵᠢᠷᠠᠨ ᠡᠳᠦᠷ ᠤᠨ ᠳᠤᠳᠤᠷ᠎ᠠ ᠰᠤᠨᠢᠨ ᠳᠡᠭᠡᠷ᠎ᠡ ᠠᠯᠪᠠᠨ ᠳᠤ ᠵᠠᠷᠯᠠᠬᠤ ᠭᠡᠷᠡᠭ᠍ᠳᠡᠢ᠃ ᠠᠪᠴᠠᠭᠠᠳᠠᠨ ᠨᠢ ᠮᠠᠳᠠᠭᠳᠠᠯ ᠢ ᠭᠦᠯᠢᠶᠡᠨ ᠠᠪᠣᠭᠰᠠᠨ ᠡᠳᠦᠷ ᠡᠴᠡ ᠡᠭᠢᠯᠡᠨ ᠭᠤᠴᠢᠨ ᠡᠳᠦᠷ ᠤᠨ ᠳᠤᠳᠤᠷ᠎ᠠ᠂ ᠮᠡᠳᠡᠭ᠍ᠳᠡᠯ ᠢ ᠣᠯᠵᠤ ᠠᠪᠣᠭᠰᠠᠨ ᠦᠭᠡᠶ ᠨᠢ ᠠᠯᠪᠠᠨ ᠳᠤ ᠵᠠᠷᠯᠠᠭᠰᠠᠨ ᠡᠳᠦᠷ ᠡᠴᠡ ᠡᠭᠢᠯᠡᠨ ᠳᠦᠴᠢᠨ ᠳᠠᠪᠤᠨ ᠡᠳᠦᠷ ᠤᠨ ᠳᠤᠳᠤᠷ᠎ᠠ ᠢᠯᠭᠠᠷᠠᠭᠤᠯᠤᠨ ᠪᠣᠳᠤᠬᠤ ᠳᠤᠭᠣᠢ᠌ᠯᠠᠩ ᠳᠤ ᠠᠪᠴᠠᠭ᠎ᠠ ᠪᠠᠨ ᠮᠡᠳᠡᠭᠦᠯᠭᠦ ᠭᠡᠷᠡᠭ᠍ᠳᠡᠢ᠃ ᠭᠡᠷᠪᠡ ᠳᠤᠭᠳᠠᠭᠠᠭᠰᠠᠨ ᠬᠤᠭᠤᠴᠠᠭᠠᠨ ᠳᠤᠳᠤᠷ᠎ᠠ ᠪᠦᠭᠦ ᠪᠦᠷᠢᠯᠳᠦᠭᠦᠨ᠂ ᠠᠪᠴᠠᠭᠠᠳᠠᠨ ᠴᠦᠮ ᠮᠡᠳᠡᠭ᠍ᠳᠡᠯ ᠢ ᠣᠯᠤᠭᠰᠠᠨ ᠪᠠᠢ᠌ᠪᠠᠯ ᠢᠯᠭᠠᠷᠠᠭᠤᠯᠤᠨ ᠪᠣᠳᠤᠬᠤ ᠳᠤᠭᠣᠢ᠌ᠯᠠᠩ ᠤᠨ ᠠᠯᠪᠠᠨ ᠳᠤ ᠵᠠᠷᠯᠠᠬᠤ ᠡᠭᠦᠷᠭᠡ ᠶᠢ ᠭᠡᠯᠳᠦᠷᠢᠭᠦᠯᠦᠨ᠎ᠡ᠃

ᠠᠪᠴᠠᠭᠠᠳᠠᠨ ᠠᠪᠴᠠᠭ᠎ᠠ ᠪᠠᠨ ᠮᠡᠳᠡᠭᠦᠯᠭᠦ ᠳᠤ ᠠᠪᠴᠠᠭ᠎ᠠ ᠶᠢᠨ ᠬᠠᠮᠢᠶᠠᠳᠠᠢ ᠣᠴᠢᠷ ᠶᠠᠪᠣᠳᠠᠯ ᠶᠢᠡᠨ ᠳᠤᠳᠤᠷᠬᠠᠢ᠌ᠯᠠᠬᠤ ᠶᠢᠨ ᠬᠠᠮᠳᠤ ᠭᠡᠷᠡᠴᠢ ᠮᠠᠲ᠋ᠸᠷᠢᠶᠠᠯ ᠶᠢᠡᠨ ᠬᠠᠩᠭ᠋ᠠᠬᠤ ᠭᠡᠷᠡᠭ᠍ᠳᠡᠢ᠃ ᠢᠯᠭᠠᠷᠠᠭᠤᠳ ᠪᠣᠳᠤᠬᠤ ᠳᠤᠭᠣᠢ᠌ᠯᠠᠩ ᠠᠪᠴᠠᠭ᠎ᠠ ᠶᠢ ᠨᠢ ᠳᠠᠩᠰᠠᠯᠠᠨ ᠳᠡᠮᠳᠡᠭᠯᠡᠭᠦ ᠭᠡᠷᠡᠭ᠍ᠳᠡᠢ᠃

ᠠᠪᠴᠠᠭ᠎ᠠ ᠪᠠᠨ ᠮᠡᠳᠡᠭᠦᠯᠭᠦ ᠬᠤᠭᠤᠴᠠᠭᠠᠨ ᠳᠤ᠂ ᠢᠯᠭᠠᠷᠠᠭᠤᠯᠤᠨ ᠪᠣᠳᠤᠬᠤ ᠳᠤᠭᠣᠢ᠌ᠯᠠᠩ ᠨᠢ ᠠᠪᠴᠠᠭᠠᠳᠠᠨ ᠳᠤ ᠲᠦᠯᠦᠵᠤ ᠳᠠᠭᠤᠰᠬᠠᠵᠤ ᠪᠣᠯᠬᠤ ᠦᠭᠡᠶ᠃

ᠳᠦᠴᠢᠨ ᠳᠦᠷᠪᠠᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠳᠤᠰ ᠬᠠᠤᠯᠢ ᠶᠢᠨ ᠳᠦᠴᠢᠨ ᠨᠢᠭᠡᠳᠦᠭᠡᠷ ᠵᠣᠢ᠌ᠯ ᠤᠨ ᠨᠢᠭᠡᠳᠦᠭᠡᠷ ᠵᠤᠷᠪᠣᠰ ᠤᠨ ᠰᠢᠯᠳᠠᠭᠠᠨ ᠡᠴᠡ ᠪᠣᠯᠤᠭᠠᠤᠨ ᠳᠠᠷᠬᠠᠬᠤ᠂ ᠡᠰᠡᠭᠦᠯ᠎ᠡ ᠳᠠᠮᠫᠣᠷᠠᠭᠤᠯᠬᠤ ᠭᠤᠶᠤᠴᠢᠯᠠᠯ ᠢ ᠠᠷᠠᠤᠨ ᠤᠨ ᠰᠢᠭᠦᠭᠦ ᠬᠤᠷᠢᠶ᠎ᠠ ᠭᠦᠯᠢᠶᠡᠨ ᠠᠪᠴᠤ ᠰᠢ᠌ᠦᠡᠪᠦᠷᠢᠯᠡᠭᠦ ᠳᠡᠭᠡᠨ ᠪᠦᠷᠢᠯᠳᠦᠭᠦᠨ ᠨᠡᠷ ᠲᠤ ᠬᠤᠷᠰᠢᠶ᠎ᠠ ᠡᠴᠡ ᠭᠠᠷᠬᠤ ᠭᠠᠷᠳᠠᠮ ᠭᠦᠢᠴᠡᠳᠭᠡᠨ ᠥᠭ᠍ᠴᠤ ᠪᠣᠯᠬᠤ ᠦᠭᠡᠶ᠃

ᠳᠦᠴᠢᠨ ᠳᠠᠪᠣᠳᠤᠭᠠᠷ ᠵᠣᠢ᠌ᠯ ᠢᠯᠭᠠᠷᠠᠭᠤᠯᠤᠨ ᠪᠣᠳᠤᠬᠤ ᠳᠤᠭᠣᠢ᠌ᠯᠠᠩ ᠨᠢ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠠᠵᠢᠯᠳᠠᠨ ᠠᠵᠢᠯᠴᠢᠨ ᠤ ᠴᠠᠯᠢᠩ ᠵᠢᠴᠢ ᠨᠡᠢ᠌ᠭᠡᠮ ᠤᠨ ᠪᠠᠲᠤᠯᠠᠭ᠎ᠠ ᠶᠢᠨ ᠰᠥᠢᠦᠡᠭᠡᠯ ᠢ ᠲᠦᠯᠦᠵᠤ ᠳᠠᠭᠤᠰᠬᠠᠬᠤ᠂ ᠦᠷᠢᠳᠤᠵᠤ ᠪᠠᠢ᠌ᠭᠰᠠᠨ ᠭᠠᠢ᠌ᠯᠢ ᠶᠢᠨ ᠵᠤᠭᠤᠰ ᠪᠣᠯᠤᠨ ᠪᠣᠰᠤᠳ ᠡᠯ᠎ᠡ ᠵᠣᠢ᠌ᠯ ᠤᠨ ᠥᠭ᠍ᠴᠡᠭᠡ ᠶᠢ ᠲᠦᠯᠦᠵᠤ ᠳᠠᠭᠤᠰᠬᠠᠬᠤ ᠵᠢᠴᠢ ᠦᠯᠠᠳᠠᠪᠣᠷᠢ ᠡᠳ᠋ ᠭᠦᠷᠦᠩᠭᠡ ᠶᠢ ᠬᠤᠪᠢᠶᠠᠷᠢᠯᠠᠬᠤ ᠶᠢ ᠪᠠᠭᠳᠠᠭᠠᠭᠰᠠᠨ ᠢᠯᠭᠠᠷᠠᠭᠤᠯᠤᠨ ᠪᠣᠳᠤᠬᠤ ᠲᠦᠰᠤᠯ ᠢ ᠬᠠᠷᠢᠭᠤᠴᠠᠨ ᠳᠤᠭᠳᠠᠭᠠᠵᠤ᠂ ᠪᠦᠷᠢᠯᠳᠦᠭᠦᠨ ᠨᠡᠷ ᠤᠨ ᠶᠡᠭᠡ ᠬᠤᠷᠠᠯ ᠶᠢᠡᠷ ᠪᠠᠳᠤᠯᠠᠭᠤᠯᠬᠤ ᠪᠣᠶᠤ ᠠᠷᠠᠤᠨ ᠤᠨ ᠰᠢᠭᠦᠭᠦ ᠬᠤᠷᠢᠶ᠎ᠠ ᠳᠤ ᠭᠤᠶᠤᠴᠢᠯᠠᠨ ᠨᠤᠳᠠᠯᠠᠭᠤᠯᠤᠭᠰᠠᠨ ᠤ ᠳᠠᠷᠠᠭ᠎ᠠ ᠭᠡᠷᠡᠭ᠍ᠵᠢᠭᠦᠯᠭᠦ ᠭᠡᠷᠡᠭ᠍ᠳᠡᠢ᠃

ᠢᠯᠭᠠᠷᠠᠭᠤᠯᠤᠨ ᠪᠣᠳᠤᠬᠤ ᠳᠤᠭᠣᠢ᠌ᠯᠠᠩ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠡᠳ᠋ ᠭᠦᠷᠦᠩᠭᠡ ᠨᠢ ᠥᠭ᠍ᠴᠡᠭᠡ ᠪᠠᠨ ᠲᠦᠯᠦᠵᠤ ᠳᠠᠭᠤᠰᠬᠠᠬᠤ ᠳᠤ ᠭᠦᠷᠦᠯᠴᠡᠭᠦ ᠦᠭᠡᠶ ᠪᠠᠢ᠌ᠬᠤ ᠶᠢ ᠣᠯᠵᠤ ᠮᠠᠳᠠᠪᠠᠯ ᠬᠠᠤᠯᠢ ᠶᠤᠰᠤᠭᠠᠷ ᠠᠷᠠᠤᠨ ᠤᠨ ᠰᠢᠭᠦᠭᠦ ᠬᠤᠷᠢᠶᠠᠨ ᠳᠤ ᠭᠤᠶᠤᠴᠢᠯᠠᠯ ᠭᠠᠷᠭᠠᠨ ᠳᠠᠮᠫᠣᠷᠠᠭᠤᠯᠬᠤ ᠭᠡᠷᠡᠭ᠍ᠳᠡᠢ᠃

ᠳᠦᠴᠢᠨ ᠵᠢᠷᠭᠤᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠣᠯᠤᠰ ᠤᠨ ᠡᠳ᠋ ᠤᠨ ᠵᠠᠰᠠᠭ ᠤᠨ ᠰᠢᠭᠤᠳ ᠳᠤᠰᠠᠯᠠᠮᠵᠢ ᠶᠢ ᠭᠦᠯᠢᠶᠡᠨ ᠠᠪᠣᠭᠠᠤᠨ ᠪᠣᠢ ᠪᠣᠯᠤᠭᠰᠠᠨ ᠡᠳ᠋ ᠭᠦᠷᠦᠩᠭᠡ ᠶᠢ ᠳᠠᠷᠬᠠᠭᠠᠬᠤ᠂ ᠳᠠᠮᠫᠣᠷᠠᠭᠤᠯᠬᠤ ᠶᠢᠨ ᠢᠯᠭᠠᠷᠠᠭᠤᠯᠤᠨ ᠪᠣᠳᠤᠯᠳᠠ ᠭᠢᠭᠦ ᠦᠶ᠎ᠡ ᠳᠤ ᠬᠤᠪᠢᠶᠠᠷᠢᠯᠠᠵᠤ ᠪᠣᠯᠬᠤ ᠦᠯᠠᠳᠠᠪᠣᠷᠢ ᠡᠳ᠋ ᠭᠦᠷᠦᠩᠭᠡ ᠪᠣᠯᠭᠠᠨ ᠪᠦᠷᠢᠯᠳᠦᠭᠦᠨ ᠨᠡᠷ ᠲᠤ ᠬᠤᠪᠢᠶᠠᠷᠢᠯᠠᠨ ᠥᠭ᠍ᠴᠤ ᠪᠣᠯᠬᠤ ᠦᠭᠡᠶ᠂ ᠰᠢ᠌ᠦᠡᠪᠦᠷᠢᠯᠡᠭᠦ ᠠᠷᠭ᠎ᠠ ᠶᠢ ᠲᠦᠷᠦ ᠶᠢᠨ ᠶᠠᠪᠣᠳᠠᠯ ᠤᠨ ᠬᠤᠷᠢᠶ᠎ᠠ ᠡᠴᠡ ᠳᠤᠭᠳᠠᠭᠠᠨ᠎ᠠ᠃

ᠳᠦᠴᠢᠨ ᠳᠤᠯᠤᠳᠤᠭᠠᠷ ᠵᠣᠢ᠌ᠯ ᠢᠯᠭᠠᠷᠠᠭᠤᠯᠤᠨ ᠪᠣᠳᠤᠬᠤ ᠳᠤᠭᠣᠢ᠌ᠯᠠᠩ ᠤᠨ ᠪᠦᠷᠢᠯᠳᠦᠭᠦᠨ ᠨᠡᠷ ᠳᠤᠰᠢᠶᠠᠯ ᠳᠠᠭᠠᠨ ᠦᠨᠡᠠᠴᠢ ᠰᠢᠳᠤᠷᠭᠤ ᠪᠠᠢ᠌ᠵᠤ᠂ ᠢᠯᠭᠠᠷᠠᠭᠤᠯᠤᠨ ᠪᠣᠳᠤᠬᠤ ᠡᠭᠦᠷᠭᠡ ᠪᠠᠨ ᠬᠠᠤᠯᠢ ᠶᠤᠰᠤᠭᠠᠷ ᠭᠦᠢᠴᠡᠳᠭᠡᠭᠦ ᠭᠡᠷᠡᠭ᠍ᠳᠡᠢ᠂ ᠵᠤᠷᠢᠭᠤᠳᠠ ᠪᠣᠶᠤ ᠴᠢᠬᠤᠯᠠ ᠶᠡᠭᠡ ᠡ᠊ᠨᠳᠡᠯ ᠡᠴᠡ ᠪᠣᠯᠵᠤ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠪᠦᠷᠢᠯᠳᠦᠭᠦᠨ ᠵᠢᠴᠢ ᠠᠪᠴᠠᠭᠠᠳᠠᠨ ᠳᠤ ᠬᠤᠭᠢᠷᠠᠯ ᠣᠴᠠᠷᠠᠭᠤᠯᠤᠭᠰᠠᠨ ᠪᠣᠯ ᠳᠦᠯᠦᠭᠦ ᠬᠠᠷᠢᠭᠤᠴᠠᠯᠭ᠎ᠠ ᠶᠢ ᠡᠭᠦᠷᠭᠡᠯᠡᠭᠦ ᠭᠡᠷᠡᠭ᠍ᠳᠡᠢ᠃

ᠳᠦᠴᠢᠨ ᠨᠢ᠋ᠮᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠶᠢ ᠳᠠᠮᠫᠣᠷᠠᠭᠤᠯᠬᠤ ᠳᠤ ᠠᠵᠤ ᠠᠬᠤᠢ᠌ᠯᠠᠯ ᠢ ᠳᠠᠮᠫᠣᠷᠠᠭᠤᠯᠬᠤ ᠬᠠᠤᠯᠢ ᠶᠢᠨ ᠬᠤᠯᠪᠣᠭᠳᠠᠯ ᠪᠦᠭᠦᠢ ᠳᠤᠭᠳᠠᠭᠠᠯ ᠳᠤᠭᠢᠷᠠᠨ᠎ᠠ᠂ ᠭᠡᠭᠦ ᠳᠡᠭᠡᠨ᠂ ᠡᠳ᠋ ᠭᠦᠷᠦᠩᠭᠡ ᠶᠢ ᠨᠢ ᠳᠠᠮᠫᠣᠷᠠᠭᠤᠯᠬᠤ ᠳᠤ ᠳᠠᠮᠫᠣᠷᠠᠭᠤᠯᠤᠭᠰᠠᠨ ᠤ ᠵᠠᠷᠤᠳᠠᠯ ᠪᠣᠯᠤᠨ ᠨᠠᠢ᠌ᠳᠠ ᠶᠢᠨ ᠠᠰᠠᠷᠠᠮᠵᠢ ᠶᠢᠨ ᠥᠭ᠍ᠴᠡᠭᠡ ᠶᠢ ᠲᠦᠯᠦᠵᠤ ᠳᠠᠭᠤᠰᠬᠠᠭᠰᠠᠨ ᠤ ᠳᠠᠷᠠᠭ᠎ᠠ᠂ ᠳᠠᠮᠫᠣᠷᠠᠭᠤᠯᠬᠤ ᠡᠴᠡ ᠡᠮᠦᠨ᠎ᠡ ᠳᠠᠷᠢᠶᠠᠴᠢᠨ ᠪᠦᠷᠢᠯᠳᠦᠭᠦᠨ ᠯᠦᠭᠡ ᠨᠢᠭᠡᠨᠲᠡ ᠠᠷᠠᠯᠵᠢᠶᠠᠯᠠᠭᠰᠠᠨ ᠪᠣᠯᠪᠠᠴᠤ ᠳ᠋ᠦ᠋ᠩᠨᠠᠨ ᠪᠣᠳᠤᠵᠤ ᠳᠠᠭᠤᠰᠠᠠᠠᠭᠠᠳᠤᠢ ᠵᠤᠭᠤᠰ ᠢ ᠣᠷᠢᠳᠠᠪᠠᠷ ᠲᠦᠯᠦᠵᠤ ᠳᠠᠭᠤᠰᠬᠠᠬᠤ ᠭᠡᠷᠡᠭ᠍ᠳᠡᠢ᠃


ᠳᠤᠯᠤᠳᠤᠭᠠᠷ ᠪᠦᠯᠦᠭ᠌    ᠲᠡᠳᠬᠦᠭᠦ ᠲᠦᠷᠦ ᠶᠢᠨ ᠪᠣᠳᠤᠯᠭ᠎ᠠ


ᠳᠦᠴᠢ ᠶ‍ᠢᠰᠦᠳᠦᠭᠡᠷ ᠵᠣᠢ᠌ᠯ ᠣᠯᠤᠰ ᠡᠴᠡ ᠳᠠᠷᠢᠶᠠᠯᠠᠩ ᠪᠣᠯᠤᠨ ᠭᠦᠳᠡᠭᠡ ᠳᠤᠰᠬᠤᠨ ᠤ ᠠᠵᠤ ᠠᠬᠤᠢ ᠶᠢᠨ ᠪᠦᠳᠦᠭᠡᠨ ᠪᠠᠢ᠌ᠭᠤᠯᠤᠯᠳᠠ ᠶᠢ ᠳᠠᠮᠵᠢᠨ ᠭᠦᠭ᠍ᠵᠢᠭᠦᠯᠭᠦ ᠲᠦᠷᠦᠯ ᠵᠣᠢ᠌ᠯ ᠶᠢᠡᠨ ᠨᠥᠭᠦᠴᠡᠯ ᠲᠡᠶ ᠬᠤᠯᠪᠣᠭᠳᠠᠯ ᠪᠦᠭᠦᠢ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠳᠤ ᠨᠠᠢ᠌ᠳᠠᠨ ᠳᠤᠭᠢᠷᠠᠭᠤᠯᠵᠤ ᠪᠠᠢ᠌ᠭᠠᠤᠨ ᠭᠡᠷᠡᠭ᠍ᠵᠢᠭᠦᠯᠵᠤ ᠪᠣᠯᠤᠨ᠎ᠠ᠃

ᠳᠠᠪᠢᠳᠤᠭᠠᠷ ᠵᠣᠢ᠌ᠯ ᠲᠦᠪ ᠪᠣᠯᠤᠨ ᠣᠷᠤᠨ ᠨᠤᠳᠤᠭ ᠤᠨ ᠡᠳ᠋ ᠤᠨ ᠵᠠᠰᠠᠭ ᠨᠢ ᠳᠤᠰᠪᠣᠷᠢ ᠪᠠᠯᠠ ᠮᠥᠩᠭᠦ ᠳᠤᠭᠢᠷᠠᠭᠤᠯᠤᠨ᠂ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠮᠡᠳᠡᠭᠡ ᠵᠠᠩᠭᠢ᠂ ᠪᠣᠯᠪᠠᠰᠤᠷᠠᠭᠤᠯᠤᠯ᠂ ᠳᠠᠷᠢᠶᠠᠯᠠᠩ ᠤᠨ ᠪᠦᠳᠦᠭᠡᠭ᠍ᠳᠡᠭᠦᠨ ᠤ ᠶᠠᠰᠤ ᠴᠢᠨᠠᠷ ᠤᠨ ᠪᠠᠷᠢᠮᠵᠢᠶ᠎ᠠ ᠪᠣᠯᠤᠨ ᠭᠡᠷᠡᠴᠢᠯᠡᠯᠳᠡ᠂ ᠳᠠᠷᠢᠶᠠᠯᠠᠩ ᠤᠨ ᠣᠢ᠌ᠯᠠᠤᠠᠪᠣᠷᠢᠯᠠᠯ ᠤᠨ ᠰᠠᠭᠤᠷᠢ ᠪᠡᠯᠡᠳᠭᠡᠮᠵᠢ ᠶᠢᠨ ᠪᠦᠳᠦᠭᠡᠨ ᠪᠠᠢ᠌ᠭᠤᠯᠤᠯᠳᠠ᠂ ᠵᠠᠬ᠎ᠠ ᠳᠡᠯᠭᠡᠭᠦᠷ ᠤᠨ ᠡᠵᠡᠩᠨᠡᠯᠳᠡ ᠪᠣᠷᠤᠯᠠᠭᠤᠯᠤᠯᠳᠠ ᠪᠣᠯᠤᠨ ᠮᠡᠷᠭᠡᠵᠢᠯ ᠳᠡᠯᠭᠡᠷᠡᠭᠦᠯᠭᠦ ᠵᠡᠷᠭᠡ ᠥᠢᠯᠡᠴᠢᠯᠡᠭᠡᠨ ᠥᠷᠨᠢᠭᠦᠯᠭᠦ ᠶᠢ ᠳᠡᠮᠵᠢᠭᠦ ᠭᠡᠷᠡᠭ᠍ᠳᠡᠢ᠃ ᠦᠨᠳᠦᠰᠦᠳᠠᠨ ᠤ ᠭᠠᠵᠠᠷ ᠣᠷᠤᠨ᠂ ᠠᠯᠤᠰ ᠭᠢᠵᠠᠭᠠᠷ ᠭᠠᠵᠠᠷ ᠣᠷᠤᠨ ᠪᠣᠯᠤᠨ ᠶᠠᠳᠠᠭᠤ ᠭᠦᠴᠢᠷᠳᠡᠯᠳᠡᠢ ᠭᠠᠵᠠᠷ ᠣᠷᠤᠨ ᠤ ᠳᠠᠷᠢᠶᠠᠴᠢᠳ ᠤᠨ ᠳᠤᠬᠠᠢ ᠠᠵᠢᠯ ᠤᠨ ᠬᠤᠷᠰᠢᠶ᠎ᠠ ᠪᠣᠯᠤᠨ ᠣᠯᠤᠰ ᠭᠢᠭᠡᠤᠨ ᠨᠡᠢ᠌ᠭᠡᠮ ᠤᠨ ᠪᠠᠴᠢᠮ ᠭᠡᠷᠡᠭ᠍ᠴᠡᠭᠡ ᠲᠡᠶ ᠴᠢᠬᠤᠯᠠ ᠳᠠᠷᠢᠶᠠᠯᠠᠩ ᠤᠨ ᠪᠦᠳᠦᠭᠡᠭ᠍ᠳᠦᠭᠦᠨ ᠢ ᠥᠢᠯᠤᠨᠪᠦᠷᠢᠯᠡᠭᠦ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠶᠢ ᠡᠩ ᠳᠡᠷᠢᠭᠦᠨ ᠳᠤ ᠲᠡᠳᠬᠦᠭᠦ ᠭᠡᠷᠡᠭ᠍ᠳᠡᠢ᠃

ᠳᠠᠪᠢᠨ ᠨᠢᠭᠡᠳᠦᠭᠡᠷ ᠵᠣᠢ᠌ᠯ ᠣᠯᠤᠰ ᠤᠨ ᠲᠦᠷᠦ ᠶᠢᠨ ᠪᠣᠳᠤᠯᠭ᠎ᠠ ᠶᠢᠨ ᠴᠢᠨᠠᠷᠳᠠᠢ ᠮᠥᠩᠭᠦᠨ ᠭᠦᠢᠯᠭᠡᠭᠡᠨ ᠤ ᠪᠠᠢ᠌ᠭᠤᠯᠤᠮᠵᠢ ᠨᠤᠭᠤᠳ ᠣᠯᠠᠨ ᠵᠣᠢ᠌ᠯ ᠤᠨ ᠭᠡᠯᠪᠠᠷᠢ ᠶᠢ ᠠᠪᠴᠤ ᠪᠠᠢ᠌ᠭᠠᠤᠨ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠳᠤ ᠣᠯᠠᠨ ᠠᠷᠭ᠎ᠠ ᠵᠠᠮ ᠶᠢᠡᠷ ᠪᠠᠯᠠ ᠮᠥᠩᠭᠦ ᠶᠢᠨ ᠳᠡᠮᠵᠢᠯᠭᠡ ᠬᠠᠩᠭ᠋ᠠᠬᠤ ᠭᠡᠷᠡᠭ᠍ᠳᠡᠢ᠃ ᠪᠣᠳᠠᠳᠠᠢ ᠳᠡᠮᠵᠢᠭᠦ ᠲᠦᠷᠦ ᠶᠢᠨ ᠪᠣᠳᠤᠯᠭ᠎ᠠ ᠶᠢ ᠲᠦᠷᠦ ᠶᠢᠨ ᠶᠠᠪᠣᠳᠠᠯ ᠤᠨ ᠬᠤᠷᠢᠶ᠎ᠠ ᠡᠴᠡ ᠳᠤᠭᠳᠠᠭᠠᠨ᠎ᠠ᠃

ᠬᠤᠳᠠᠯᠳᠤᠭᠠᠨ ᠤ ᠴᠢᠨᠠᠷᠳᠠᠢ ᠮᠥᠩᠭᠦᠨ ᠭᠦᠢᠯᠭᠡᠭᠡᠨ ᠤ ᠪᠠᠢ᠌ᠭᠤᠯᠤᠮᠵᠢ ᠨᠤᠭᠤᠳ ᠤᠨ ᠣᠯᠠᠨ ᠵᠣᠢ᠌ᠯ ᠤᠨ ᠭᠡᠯᠪᠠᠷᠢ ᠶᠢ ᠠᠪᠴᠤ ᠪᠠᠢ᠌ᠭᠠᠤᠨ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠳᠤ ᠮᠥᠩᠭᠦᠨ ᠭᠦᠢᠯᠭᠡᠭᠡᠨ ᠤ ᠥᠢᠯᠡᠴᠢᠯᠡᠭᠡᠨ ᠬᠠᠩᠭ᠋ᠠᠬᠤ ᠶᠢ ᠣᠯᠤᠰ ᠡᠴᠡ ᠵᠤᠷᠢᠭᠵᠢᠭᠤᠯᠤᠨ᠎ᠠ᠃

ᠳᠠᠪᠢᠨ ᠬᠤᠶᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠣᠯᠤᠰ ᠡᠴᠡ ᠳᠤᠭᠳᠠᠭᠠᠭᠰᠠᠨ ᠳᠠᠷᠢᠶᠠᠯᠠᠩ ᠤᠨ ᠣᠢ᠌ᠯᠠᠤᠠᠪᠣᠷᠢᠯᠠᠯ᠂ ᠡᠳ᠋ᠰᠢᠭᠦᠯᠭᠦ᠂ ᠭᠦᠢᠯᠭᠡᠭᠡᠨ᠂ ᠥᠢᠯᠡᠴᠢᠯᠡᠭᠡᠨ ᠪᠣᠯᠤᠨ ᠳᠠᠷᠢᠶᠠᠯᠠᠩ ᠲᠡᠶ ᠬᠤᠯᠪᠣᠭᠳᠠᠬᠤ ᠪᠣᠰᠤᠳ ᠠᠵᠤ ᠠᠬᠤᠢ ᠶᠢᠨ ᠠᠵᠢᠯᠯᠠᠭ᠎ᠠ ᠶᠢᠨ ᠵᠤᠭᠢᠴᠠᠩᠭ᠋ᠤᠢ ᠪᠦᠭᠦᠢ ᠭᠠᠢ᠌ᠯᠢ ᠳᠠᠳᠠᠪᠣᠷᠢ ᠶᠢᠨ ᠬᠠᠷᠠᠭᠠᠯᠵᠠᠯ ᠢ ᠭᠦᠷᠳᠡᠨ᠎ᠡ᠃

ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶᠠᠨ ᠤ ᠭᠦᠭ᠍ᠵᠢᠯᠳᠡ ᠶᠢ ᠳᠡᠮᠵᠢᠭᠦ ᠪᠣᠰᠤᠳ ᠭᠠᠢ᠌ᠯᠢ ᠳᠠᠳᠠᠪᠣᠷᠢ ᠶᠢᠨ ᠬᠠᠷᠠᠭᠠᠯᠵᠠᠯ ᠤᠨ ᠲᠦᠷᠦ ᠶᠢᠨ ᠪᠣᠳᠤᠯᠭ᠎ᠠ ᠶᠢ ᠲᠦᠷᠦ ᠶᠢᠨ ᠶᠠᠪᠣᠳᠠᠯ ᠤᠨ ᠬᠤᠷᠶ᠎ᠠ ᠡᠴᠡ ᠳᠤᠭᠳᠠᠭᠠᠨ᠎ᠠ᠃


ᠨᠢ᠋ᠮᠠᠳᠤᠭᠠᠷ ᠪᠦᠯᠦᠭ᠌    ᠬᠠᠤᠯᠢ ᠴᠠᠭᠠᠵᠠ ᠶᠢᠨ ᠬᠠᠷᠢᠭᠤᠴᠠᠯᠭ᠎ᠠ


ᠳᠠᠪᠢᠨ ᠭᠤᠷᠪᠠᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠵᠢᠴᠢ ᠪᠦᠷᠢᠯᠳᠦᠭᠦᠨ ᠤ ᠭᠢᠨᠢ ᠬᠠᠤᠯᠢ ᠶᠤᠰᠤᠨ ᠤ ᠡᠳ᠋ ᠭᠦᠷᠦᠩᠭᠡ ᠶᠢ ᠡᠵᠡᠯᠡᠵᠤ᠂ ᠨᠡᠭᠦᠯᠭᠡᠨ ᠭᠡᠷᠡᠭᠯᠡᠵᠤ᠂ ᠳᠤᠮᠳᠠ ᠡᠴᠡ ᠨᠢ ᠥᠯᠡᠳᠡᠭᠡᠨ ᠠᠪᠴᠤ᠂ ᠬᠤᠪᠢᠨ ᠳᠠᠭᠠᠨ ᠬᠤᠪᠢᠶᠠᠭᠰᠠᠨ ᠪᠣᠶᠤ ᠪᠣᠰᠤᠳ ᠭᠡᠯᠪᠠᠷᠢ ᠪᠠᠷ ᠬᠠᠯᠳᠠᠵᠤ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠵᠢᠴᠢ ᠪᠦᠷᠢᠯᠳᠦᠭᠦᠨ ᠤ ᠭᠢᠨᠢ ᠣᠢ᠌ᠯᠠᠤᠠᠪᠣᠷᠢᠯᠠᠯ ᠡᠵᠩᠨᠡᠯᠳᠡ ᠶᠢᠨ ᠠᠵᠢᠯᠯᠠᠭ᠎ᠠ ᠳᠤ ᠬᠠᠤᠯᠢ ᠪᠣᠰᠤ ᠪᠠᠷ ᠭᠠᠷ ᠲᠦᠷᠦᠵᠤ᠂ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠵᠢᠴᠢ ᠪᠦᠷᠢᠯᠳᠦᠭᠦᠨ ᠳ᠋ᠤᠨᠢ ᠳᠡᠰᠭᠡᠨ ᠨᠤᠭᠳᠠᠭᠤᠯᠵᠤ᠂ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠵᠢᠴᠢ ᠪᠦᠷᠢᠯᠳᠦᠭᠦᠨ ᠢ ᠨᠢ ᠠᠯᠪᠠᠳᠠᠵᠤ ᠪᠠᠢ᠌ᠭᠠᠤᠨ ᠲᠦᠯᠦᠪᠣᠷᠢ ᠲᠡᠶ ᠥᠢᠯᠡᠴᠢᠯᠡᠭᠡᠨ ᠢ ᠭᠦᠯᠢᠶᠡᠨ ᠠᠪᠣᠭᠤᠯᠤᠭᠠᠤᠨ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠳᠤ ᠠᠵᠤ ᠠᠬᠤᠢ ᠶᠢᠨ ᠬᠤᠭᠢᠷᠠᠯ ᠣᠴᠠᠷᠠᠭᠤᠯᠤᠭᠰᠠᠨ ᠪᠣᠯ ᠬᠠᠤᠯᠢ ᠴᠠᠭᠠᠵᠠ ᠶᠢᠨ ᠬᠠᠷᠢᠭᠤᠴᠠᠯᠭ᠎ᠠ ᠶᠢ ᠬᠠᠤᠯᠢ ᠶᠤᠰᠤᠭᠠᠷ ᠨᠡᠭᠡᠮᠵᠢᠯᠡᠨ᠎ᠡ᠃

ᠳᠠᠪᠢᠨ ᠳᠦᠷᠪᠠᠳᠦᠭᠡᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠳᠠᠩᠰᠠᠯᠠᠬᠤ ᠪᠠᠢ᠌ᠭᠤᠯᠤᠯᠭ᠎ᠠ ᠳᠤ ᠳᠠᠩᠰᠠᠯᠠᠭᠤᠯᠬᠤ ᠬᠤᠳᠠᠯ ᠬᠠᠭᠤᠷᠮᠠᠭ ᠮᠠᠲ᠋ᠸᠷᠢᠶᠠᠯ ᠬᠠᠩᠭ᠋ᠠᠭᠰᠠᠨ ᠪᠣᠶᠤ ᠪᠣᠰᠤᠳ ᠮᠡᠭᠡᠯᠡᠭᠦ ᠠᠷᠭ᠎ᠠ ᠪᠠᠷᠢᠯ ᠶᠢᠡᠷ ᠳᠠᠩᠰᠠᠯᠠᠭᠤᠯᠤᠭᠰᠠᠨ ᠪᠣᠯ ᠳᠠᠩᠰᠠᠯᠠᠬᠤ ᠪᠠᠢ᠌ᠭᠤᠯᠤᠯᠭ᠎ᠠ ᠨᠢ ᠵᠠᠷᠯᠢᠭᠳᠠᠵᠤ ᠪᠠᠢ᠌ᠭᠠᠤᠨ ᠵᠠᠯᠠᠷᠠᠭᠤᠯᠬᠤ ᠭᠡᠷᠡᠭ᠍ᠳᠡᠢ︔ ᠣᠢ᠌ᠯᠠ ᠪᠠᠢ᠌ᠳᠠᠯ ᠨᠢ ᠭᠦᠡᠳᠤ ᠨᠤᠴᠢᠳᠠᠢ ᠪᠣᠯ ᠳᠠᠩᠰᠠᠯᠠᠭᠤᠯᠤᠭᠰᠠᠨ ᠢ ᠨᠢ ᠭᠦᠴᠤᠨ ᠦᠭᠡᠶ ᠪᠣᠯᠭᠠᠬᠤ ᠭᠡᠷᠡᠭ᠍ᠳᠡᠢ᠃

ᠳᠠᠪᠢᠨ ᠳᠠᠪᠣᠳᠤᠭᠠᠷ ᠵᠣᠢ᠌ᠯ ᠳᠠᠷᠢᠶᠠᠴᠢᠳ ᠤᠨ ᠳᠤᠰᠬᠠᠢ ᠠᠵᠢᠯ ᠤᠨ ᠬᠤᠷᠰᠢᠶ᠎ᠠ ᠨᠢ ᠬᠤᠯᠪᠣᠭᠳᠠᠯ ᠪᠦᠭᠦᠢ ᠭᠤᠤᠯᠴᠢᠯᠠᠨ ᠬᠠᠮᠢᠶᠠᠷᠬᠤ ᠰᠠᠯᠠᠭ᠎ᠠ ᠮᠦᠴᠢᠷ ᠲᠤ ᠬᠠᠩᠭ᠋ᠠᠬᠤ ᠡᠳ᠋ ᠤᠨ ᠶᠠᠪᠣᠳᠠᠯ ᠤᠨ ᠮᠡᠳᠡᠭᠦᠯᠦᠯᠳᠡ ᠶᠢᠨ ᠮᠠᠲ᠋ᠸᠷᠢᠶᠠᠯ ᠳᠠᠭᠠᠨ ᠬᠤᠳᠠᠯ ᠬᠠᠭᠤᠷᠮᠠᠭ ᠶᠢᠡᠷ ᠳᠡᠮᠳᠡᠭᠯᠡᠯ ᠭᠢᠭ᠍ᠰᠡᠨ ᠪᠣᠶᠤ ᠴᠢᠬᠤᠯᠠ ᠪᠣᠳᠠᠳᠤ ᠭᠡᠷᠡᠭ᠌ ᠶᠢᠡᠨ ᠨᠢᠭᠤᠵᠤ ᠳᠠᠯᠳᠠᠯᠠᠭᠰᠠᠨ ᠪᠠᠢ᠌ᠪᠠᠯ ᠬᠠᠤᠯᠢ ᠴᠠᠭᠠᠵᠠ ᠶᠢᠨ ᠬᠠᠷᠢᠭᠤᠴᠠᠯᠭ᠎ᠠ ᠶᠢ ᠬᠠᠤᠯᠢ ᠶᠤᠰᠤᠭᠠᠷ ᠨᠡᠭᠡᠮᠵᠢᠯᠡᠨ᠎ᠡ᠃


ᠶ‍ᠢᠰᠦᠳᠦᠭᠡᠷ ᠪᠦᠯᠦᠭ᠌    ᠳᠠᠭᠠᠯᠳᠤᠭᠤᠯᠤᠯ ᠳᠦᠷᠢᠮ


ᠳᠠᠪᠢᠨ ᠵᠢᠷᠭᠤᠳᠤᠭᠠᠷ ᠵᠣᠢ᠌ᠯ ᠳᠤᠰ ᠬᠠᠤᠯᠢ ᠶᠢ 2007 ᠣᠨ ᠤ 7 ᠳ᠋ᠤᠭᠠᠷ ᠰᠠᠷ᠎ᠠ ᠶᠢᠨ 1 ᠊ᠤ ᠡᠳᠦᠷ ᠡᠴᠡ ᠡᠭᠢᠯᠡᠨ ᠭᠡᠷᠡᠭ᠍ᠵᠢᠭᠦᠯᠦᠨ᠎ᠡ᠃



ᠵᠤᠬᠢᠶᠠᠭᠴᠢ᠄
ᠢᠷᠡᠯᠲᠡ᠄ ᠲᠤᠭᠳᠠᠭᠠᠴᠢ ᠬᠠᠩᠭᠠᠪᠠ
ᠳᠠᠷᠤᠮ᠄ 3129
ᠴᠠᠭ᠄ 2010 ᠤᠨ ᠤ 02 ᠰᠠᠷ᠎ᠠ ᠶᠢᠨ 27
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠬᠠᠤᠯᠢ ᠳᠦᠷᠢᠮ - ᠳᠠᠷᠢᠶᠠᠴᠢᠳ ᠤᠨ ᠲᠤᠰᠬᠠᠢ ᠠᠵᠢᠯ ᠤᠨ ᠬᠤᠷᠰᠢᠶᠠᠨ ᠤ ᠬᠠᠤᠯᠢ