ᠳᠤᠳᠠᠭᠤ ᠣᠬᠠᠭᠠᠨ

ᠦᠪᠡᠷ ᠢ ᠪᠠᠨ ᠵᠥᠩᠳᠡᠭᠡᠨ

ᠪᠣᠰᠤᠳ ᠡᠴᠡ

ᠣᠬᠠᠭᠠᠯᠢᠭ᠂ ᠴᠢᠳᠠᠪᠣᠷᠢᠯᠢᠭ

ᠣᠷᠠᠨ ᠠᠪᠢᠶᠠᠰᠤᠯᠢᠭ ᠭᠡᠵᠤ ᠥᠵᠡᠳᠡᠭ᠌᠂

ᠡᠭᠦᠨ ᠢ ᠪᠠᠨ᠂

ᠣᠯᠠᠨ ᠳᠤ ᠮᠡᠳᠡᠭᠦᠯᠭᠦ ᠭᠡᠵᠤ

ᠦᠪᠡᠷ ᠢ ᠪᠠᠨ ᠮᠠᠭᠳᠠᠳᠠᠭ

ᠦᠷᠦᠭᠡᠯ ᠢ ᠪᠣᠯᠬᠤᠷ ᠮᠠᠭᠤᠯᠠᠳᠠᠭ

ᠬᠤᠳᠠᠯ ᠮᠠᠭᠳᠠᠭᠠᠯ ᠳᠤ ᠪᠠᠶᠠᠰᠳᠠᠭ

ᠬᠤᠪ ᠵᠢᠪ ᠢᠳᠡᠭᠡᠳᠡᠭ᠌᠂

ᠭᠡᠷᠡᠭ᠌ ᠳᠠᠢ

ᠭᠡᠷᠡᠭ᠌ ᠦᠭᠡᠶ ᠶᠠᠭᠤᠮ᠎ᠠ

ᠣᠷᠤᠯᠳᠤᠵᠤ

ᠡᠳᠦᠷ ᠢ ᠨᠥᠭ᠍ᠴᠢᠭᠡᠨ᠎ᠡ᠂

ᠡᠳ᠋ ᠨᠢ ᠪᠦᠳᠦᠭᠦ ᠪᠠᠷ

ᠣᠯᠠᠨ ᠳᠤ ᠭᠠᠢ᠌ᠬᠠᠭᠤᠯᠤᠨ᠎ᠠ᠂

ᠡᠪᠳᠡᠷᠡᠭᠡᠳ ᠦᠭ‍ᠭᠦ ᠪᠠᠷ

ᠣᠯᠠᠨ ᠠᠷᠪᠢᠨ ᠰᠢᠯᠳᠠᠭ ᠡᠷᠢᠵᠤ

ᠳᠠᠢᠷᠢ ᠶᠢ ᠵᠢᠮᠠᠯᠠᠨ᠎ᠠ

ᠡᠭᠡᠨᠡᠷ ᠶᠢᠡᠨ ᠮᠠᠭᠤᠯᠠᠨ᠎ᠠ

ᠬᠡᠦᠬᠡᠳ ᠶᠢᠡᠨ ᠵᠠᠩᠨᠠᠨ᠎ᠠ᠃

ᠠᠯᠢᠪᠠ ᠰᠠᠢ᠌ᠨ᠂ ᠰᠠᠢ᠌ᠬᠠᠨ

ᠵᠦᠪ ᠪᠣᠯᠭᠠᠨ᠂

ᠦᠪᠡᠷ ᠤᠨ ᠭᠢᠨᠢ ᠭᠠᠪᠢᠶ᠎ᠠ ᠪᠣᠯᠵᠤ

ᠠᠳᠠᠭ ᠤᠨ ᠳᠤᠤᠷᠠᠳᠤ ᠮᠠᠭᠤ᠂ ᠮᠠᠭᠤᠬᠠᠢ

ᠵᠢᠰᠤᠷ ᠪᠢᠯᠳᠤᠤᠴᠢ ᠪᠦᠭᠦᠨ

ᠪᠣᠰᠤᠳ ᠤᠨ ᠪᠣᠷᠤᠭᠤ ᠪᠣᠯᠳᠠᠭ᠂

ᠭᠠᠵᠠᠷ ᠳᠡᠭᠡᠷ᠎ᠡ

ᠭᠠᠭᠴᠠᠬᠠᠨ᠂ ᠪᠢ ᠣᠬᠠᠭᠠᠠᠳᠠᠨ ᠭᠡᠳᠡᠭ᠌ ᠲᠡᠭᠡᠨ ᠢᠳᠡᠭᠡᠳᠡᠭ᠌

ᠭᠠᠪᠢᠶ᠎ᠠ᠂ ᠠᠯᠳᠠᠷ

ᠭᠠᠭᠴᠠ᠂ ᠦᠪᠡᠷ ᠤᠨ ᠶᠢᠡᠨ ᠲᠦᠯᠦᠭᠡ ᠪᠣᠳᠤᠳᠠᠭ

ᠡᠷ᠎ᠡ ᠭᠦᠮᠤᠨ ᠭᠡᠯᠡᠭ᠍ᠰᠡᠨ ᠳᠡᠭᠡᠨ ᠭᠡᠵᠤ

ᠡᠭᠡᠷᠡᠮ᠎ᠡ ᠳᠠᠯ᠎ᠠ ᠶᠢᠨ ᠰᠠᠯᠭᠢᠨ ᠳᠤ ᠴᠤ ᠠᠮᠠᠯᠠᠳᠠᠭ ᠴᠤ

ᠦᠨᠡᠨ ᠳᠠᠷᠠ ᠴᠠᠭ᠂ ᠳᠠᠷᠠ ᠦᠶ᠎ᠡ ᠨᠢ ᠪᠣᠯᠬᠤᠷ

ᠥᠭᠡᠷ᠎ᠡ ᠰᠢᠯᠳᠠᠭ᠂ ᠥᠭᠡᠷ᠎ᠡ ᠰᠢᠯᠳᠠᠭᠠᠨ ᠵᠢᠠᠷ

ᠥᠭᠡᠨ ᠳᠡᠭᠡᠨ ᠡᠰᠡ ᠭᠦᠷᠳᠡᠭ᠌

ᠡᠭᠦᠨ ᠢ ᠪᠠᠨ᠂ ᠣᠬᠠᠭᠠᠨ ᠭᠡᠵᠤ ᠪᠣᠳᠤᠳᠠᠭ᠃

ᠳᠡᠨᠡᠭ᠌ ᠭᠡᠵᠤ ᠭᠦᠮᠤᠨ ᠪᠣᠯᠭᠠᠨ ᠢ ᠭᠡᠯᠡᠨ᠎ᠡ

ᠳᠡᠭᠡᠷᠡᠩᠭᠦᠢ ᠵᠠᠩ ᠶᠢᠡᠷ᠂ ᠭᠦᠮᠤᠨ ᠪᠣᠯᠭᠠᠨ ᠢ

ᠳᠡᠢ᠌ᠯᠭᠦ ᠭᠡᠵᠤ ᠣᠷᠤᠯᠳᠤᠨ᠎ᠠ᠂

ᠠᠯᠳᠠᠭ᠎ᠠ᠂ ᠡ᠊ᠨᠳᠡᠭᠦᠷᠦᠯ ᠬᠤᠶᠠᠷ ᠵᠢᠠᠨ

ᠦᠪᠡᠷ ᠶᠢᠡᠨ ᠮᠡᠳᠡᠭᠦ ᠥᠭᠡᠢ

ᠦᠨᠡᠨ ᠶᠢᠡᠨ ᠣᠯᠬᠤ ᠭᠡᠵᠤ ᠮᠤᠵᠢᠭᠤᠳᠠᠯᠠᠳᠠᠭ᠂

ᠭᠦᠮᠦᠰ ᠢᠯᠳᠠᠷ ᠬᠠᠶᠠᠬᠤ ᠵᠢ

ᠦᠪᠡᠷ ᠢ ᠪᠠᠨ ᠳᠠᠢ᠌ᠯᠤᠯ᠎ᠠ ᠭᠡᠵᠤ ᠪᠣᠳᠤᠳᠠᠭ᠂

ᠳᠠᠷᠠ ᠢᠯᠠᠯᠳᠠ ᠪᠠᠨ ᠪᠣᠰᠤᠳ ᠤᠨ ᠡᠮᠦᠨ᠎ᠡ ᠳᠤᠭᠠᠴᠠᠵᠤ

ᠳᠡᠨᠡᠭ᠌ ᠶᠢᠡᠨ ᠮᠡᠳᠡᠭ᠍ᠳᠡᠳᠡᠭ᠌᠂

ᠦᠪᠡᠷ ᠢ ᠪᠠᠨ᠂ ᠮᠡᠷᠭᠡᠨ ᠯᠠ ᠭᠡᠵᠤ ᠥᠵᠡᠳᠡᠭ᠌

ᠦᠵᠡᠯ ᠪᠣᠳᠤᠯ ᠳᠠᠢ

ᠦᠨᠡᠨ ᠳᠡᠭᠡᠨ ᠮᠡᠷᠭᠡᠨ ᠳᠡᠭᠡᠨ ᠡᠰᠡ ᠭᠦᠷᠭᠦ

ᠣᠬᠠᠭᠠᠨ ᠪᠢᠯᠢᠭ᠌ ᠳᠠᠢ

ᠳᠠᠢ᠌ᠮᠤ ᠨᠢᠭᠡ ᠪᠦᠯᠦᠭ᠌ ᠭᠦᠮᠦᠰ᠄

ᠭᠠᠵᠠᠷ ᠳᠡᠭᠡᠷ᠎ᠡ᠂

ᠭᠠᠭᠴᠠᠬᠠᠨ᠂ ᠪᠢ ᠣᠬᠠᠭᠠᠠᠳᠠᠨ ᠭᠡᠳᠡᠭ᠌ ᠲᠡᠭᠡᠨ ᠢᠳᠡᠭᠡᠳᠡᠭ᠌ ᠡ᠃


  2009.9.4


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1599
ᠴᠠᠭ᠄ 2011 ᠤᠨ ᠤ 01 ᠰᠠᠷ᠎ᠠ ᠶᠢᠨ 07
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ