ᠪᠣᠯᠵᠤᠭᠠᠨ ᠤ ᠰᠠᠢ᠌ᠬᠠᠨ ᠪᠦᠰᠡᠭᠦᠢ
᠊᠊᠊᠊᠊᠊᠊᠊᠊᠊᠊᠊᠊᠊᠊ ᠨᠠᠷᠠᠠᠲ᠋ᠤᠤᠯᠠ ᠳ᠋ᠤ

ᠠᠭᠤᠯᠠᠨ ᠣᠷᠤᠢ ᠶᠢᠨ ᠮᠠᠨᠠᠨ ᠳᠡᠭ᠍ᠳᠡᠭᠦ ᠪᠠᠨ ᠮᠠᠷᠳᠠᠨ᠎ᠠ

ᠦᠷᠢᠯ ᠤᠨ ᠵᠢᠮᠢᠰ ᠪᠣᠯᠠᠬᠤ ᠪᠠᠨ ᠮᠠᠷᠳᠠᠨ᠎ᠠ

ᠥᠩᠭᠡ ᠶᠢᠨ ᠣᠯᠠᠨ ᠡᠷᠪᠠᠭᠡᠢ ᠴᠡᠴᠡᠭ᠌ ᠲᠤ ᠰᠠᠭᠤᠬᠤ ᠪᠠᠨ ᠮᠠᠷᠳᠠᠨ᠎ᠠ

ᠦᠪᠡᠷ ᠶᠢᠡᠨ ᠪᠢ ᠯᠠ ᠴᠢᠮ᠎ᠠ ᠶᠢ ᠬᠠᠷᠠᠵᠤ ᠵᠢᠷᠭᠠᠨ᠎ᠠ

ᠨᠠᠷᠠ ᠣᠨᠠᠬᠤ ᠪᠠᠨ ᠮᠠᠷᠳᠠᠨ᠎ᠠ

ᠨᠠᠭᠤᠷ ᠤᠨ ᠬᠤᠤᠰ ᠬᠤᠨ ᠡᠭᠦᠷ ᠲᠤ ᠪᠠᠨ ᠬᠠᠷᠢᠬᠤ ᠪᠠᠨ ᠮᠠᠷᠳᠠᠨ᠎ᠠ

ᠥᠷᠭᠡᠨ ᠳᠤᠤᠯᠠ ᠶᠢᠨ ᠣᠰᠤ ᠠᠮᠢᠰᠬᠤᠭ᠎ᠠ ᠪᠠᠨ ᠳᠠᠷᠤᠨ ᠮᠠᠯᠮᠠᠯᠵᠠᠨ᠎ᠠ

ᠦᠪᠡᠷ ᠤᠨ ᠡᠷᠭᠡ ᠦᠭᠡᠶ ᠪᠢ ᠴᠢᠨᠤ ᠰᠠᠢ᠌ᠬᠠᠨ ᠳᠤ ᠰᠤᠭᠳᠤᠨ᠎ᠠ

ᠨᠠᠷᠠ ᠵᠠᠪᠳᠤᠵᠤ ᠵᠤᠯᠠᠢ ᠳᠤ ᠴᠢᠨᠢ ᠦᠨᠦᠰᠤᠨ᠎ᠠ

ᠨᠠᠰᠢ ᠪᠠᠨ ᠭᠡᠢ᠌ᠰᠭᠦ ᠰᠠᠯᠭᠢᠨ ᠬᠠᠴᠠᠷ ᠢ ᠴᠢᠨᠢ ᠢᠯᠪᠢᠨ᠎ᠠ

ᠳᠡᠷᠳᠡᠭᠡ ᠭᠤᠪᠢ ᠶᠢᠨ ᠵᠡᠷᠭᠡᠯᠭᠡᠨ ᠳᠠᠪᠠᠯ ᠤᠨ ᠴᠢᠨᠢ ᠥᠩᠭᠡ ᠪᠠᠷ ᠪᠦᠵᠢᠭᠯᠡᠨ᠎ᠡ

ᠳᠡᠩᠳᠡᠭᠦᠤ ᠪᠢ ᠭᠦᠳᠦᠯᠵᠤ ᠴᠢᠳᠠᠬᠤ ᠦᠭᠡᠶ ᠵᠤᠪᠠᠨ᠎ᠠ

ᠪᠣᠯᠵᠤᠭ᠎ᠠ ᠵᠤᠷᠢᠭᠰᠠᠨ ᠪᠦᠰᠡᠭᠦᠢ ᠶᠢᠨ ᠰᠠᠢ᠌ᠬᠠᠨ ᠳ᠋ᠤ

ᠭᠦᠨᠦᠭ᠌ ᠲᠡᠶ ᠰᠥ᠋ ᠨᠢ ᠴᠤ ᠡᠭᠡᠳᠡᠭᠦ ᠪᠠᠨ ᠮᠠᠷᠳᠠᠨ᠎ᠠ

ᠬᠠᠢ᠌ᠷ᠎ᠠ ᠳᠠᠳᠠᠭᠰᠠᠨ ᠮᠣᠢ᠌ᠯ ᠬᠠᠷ᠎ᠠ ᠨᠢᠳᠤᠨ ᠳ᠋ᠤ

ᠬᠠᠯᠠᠭᠤᠨ ᠨᠠᠷᠠ ᠴᠤ ᠢᠯᠴᠢ ᠪᠠᠨ ᠬᠤᠷᠢᠶᠠᠨ ᠠᠭᠤᠯᠠᠨ ᠠᠷᠤ ᠳᠤ ᠣᠷᠤᠨ᠎ᠠ

ᠰᠠᠷᠠᠯ ᠮᠤᠷᠢ ᠲᠡᠶ ᠰᠠᠢ᠌ᠬᠠᠨ ᠪᠦᠰᠡᠭᠦᠢ ᠳᠠᠯ᠎ᠠ ᠪᠠᠨ ᠴᠢᠮᠠᠨ᠎ᠠ

ᠰᠠᠨᠠᠭᠠᠨ ᠤ ᠬᠤᠩᠭ᠋ᠤᠷ ᠲᠤ ᠪᠠᠨ ᠭᠦᠷᠦᠭᠡᠳ ᠯᠠ ᠢᠷᠠᠨ᠎ᠠ

ᠵᠤᠬᠢᠶᠠᠭᠴᠢ᠄ ᠨᠠᠮᠵᠢᠯ ᠤᠨ ᠮᠥᠩᠭᠡᠪᠠᠶᠡᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2226
ᠴᠠᠭ᠄ 2009 ᠤᠨ ᠤ 04 ᠰᠠᠷ᠎ᠠ ᠶᠢᠨ 21
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ