ᠪᠠᠶᠠᠷ ᠪᠠᠶᠠᠰᠬᠤᠯᠠᠩ ᠲᠡᠶ ᠪᠠᠢ᠌ᠶ᠎ᠠ ᠭᠡᠪᠠᠯ

ᠪᠠᠶᠠᠷ ᠪᠠᠶᠠᠰᠬᠤᠯᠠᠩ ᠲᠡᠶ ᠪᠠᠢ᠌ᠬᠤ ᠪᠣᠯ ᠭᠦᠮᠦᠰ ᠤᠨ ᠳᠤᠳᠤᠭᠠᠳᠤ ᠶᠠᠷᠳᠢᠠᠴᠤ ᠶᠢᠨ ᠬᠠᠮᠤᠭ ᠤᠨ ᠭᠣᠢ᠌ᠳᠠ ᠰᠠᠢ᠌ᠬᠠᠨ ᠭᠦᠳᠡᠯᠭᠡᠭᠡᠨ ᠶᠤᠮ᠃ ᠪᠠᠶᠠᠷ ᠪᠠᠶᠠᠰᠬᠤᠯᠠᠩ ᠲᠡᠶ ᠶᠠᠪᠣᠬᠤ ᠭᠡᠵᠤ ᠭᠦᠮᠦᠰ ᠴᠠᠭ ᠥᠷᠭᠦᠯᠵᠢ ᠭᠦᠰᠡᠵᠤ ᠪᠠᠢ᠌ᠳᠠᠭ᠃ ᠨᠢᠭᠡ ᠨᠢᠭᠡᠨ ᠳᠡᠭᠡᠨ ᠵᠦᠩᠨᠠᠯ ᠢᠷᠦᠭᠡᠯ ᠳᠡᠪᠰᠢᠭᠦᠯᠭᠦ ᠪᠣᠯᠭᠠᠨ ᠪᠠᠶᠠᠷ ᠲᠡᠶ ᠪᠠᠢ᠌ᠬᠤ ᠶᠢ ᠡᠷᠭᠢᠮᠯᠡᠳᠡᠭ᠌᠂ ᠶᠡᠮᠡᠷ ᠨᠢᠭᠡ ᠪᠠᠶᠠᠷ ᠳᠤᠷᠠᠰᠬᠠᠯ ᠤᠨ ᠡᠳᠦᠷ ᠲᠤ ᠠᠯᠢ ᠨᠢᠭᠡᠨ ᠳᠡᠭᠡᠨ ᠣᠬᠤᠷ ᠮᠡᠳᠡᠭᠡ ᠢᠯᠡᠭᠡᠭ᠍ᠰᠡᠨ ᠴᠤ 《ᠠᠯᠢᠪᠠ ᠪᠠᠶᠠᠷ ᠪᠠᠶᠠᠰᠤᠯ ᠬᠠᠵᠠᠭᠤ ᠳᠤ ᠴᠢᠨᠢ ᠪᠠᠢ᠌ᠭᠠᠰᠠᠢ︕》᠂ 《ᠦᠨᠦᠳᠤᠷ ᠵᠦᠪᠭᠡᠨ ᠯᠠ ᠪᠠᠶᠠᠷᠳᠠᠢ ᠣᠴᠢᠷ ᠢ ᠪᠣᠳᠤᠬᠤ ᠭᠡᠷᠡᠭ᠍ᠳᠡᠢ》 ᠭᠡᠭᠦ ᠮᠡᠳᠦᠴᠢᠯᠡᠭ᠍ᠰᠡᠨ ᠨᠠᠩ ᠭᠤᠶᠤ ᠰᠠᠢ᠌ᠬᠠᠨ ᠥᠭᠡ ᠭᠡᠯᠡᠯᠭᠡ ᠲᠡᠶ ᠢᠷᠦᠭᠡᠯ ᠵᠦᠩᠨᠠᠯ ᠮᠤᠩ ᠦᠭᠡᠶ ᠪᠠᠢ᠌ᠳᠠᠭ ᠳᠡ᠃ ᠡᠳᠡᠭᠡᠷ ᠨᠢ ᠥᠨᠡᠨᠳᠡᠭᠡᠨ ᠥᠭᠡᠷ᠎ᠡ ᠪᠣᠰᠤᠳ ᠢ ᠪᠠᠶᠠᠷ ᠭᠦᠷ ᠲᠡᠶ ᠪᠠᠢ᠌ᠬᠤ ᠶᠢ ᠭᠦᠰᠡᠭ᠍ᠰᠡᠨ ᠮᠥᠷᠳᠡᠭᠡᠨ ᠦᠪᠡᠷ ᠶᠢᠠᠨ ᠪᠠᠰᠠ ᠭᠦᠰᠡᠵᠤ ᠪᠠᠢ᠌ᠭ᠎ᠠ ᠵᠥᠢᠯ᠃ ᠭᠡᠪᠠᠴᠤ ᠦᠨᠦ ᠶᠢᠨ ᠨᠡᠢ᠌ᠭᠡᠮ ᠳᠤ ᠡᠨᠡ ᠰᠠᠢ᠌ᠬᠠᠨ ᠵᠦᠩᠨᠠᠯ ᠢᠷᠦᠭᠡᠯ ᠤᠳ ᠥᠵᠡᠭᠦ ᠶᠢᠨ ᠳᠠᠳᠤᠢ ᠮᠡᠳᠡᠭᠡ ᠪᠣᠯᠤᠭᠰᠠᠨ ᠨᠢ ᠬᠠᠷᠠᠮᠰᠠᠯᠳᠠᠢ᠃ ᠣᠳᠤ ᠶᠢᠨ ᠭᠦᠮᠦᠰ ᠵᠦᠩᠨᠠᠯ ᠢᠷᠦᠭᠡᠯ ᠡᠴᠡ ᠪᠣᠰᠤᠳ ᠰᠠᠢ᠌ᠨ ᠰᠠᠢ᠌ᠬᠠᠨ ᠵᠣᠢ᠌ᠯ ᠢ ᠣᠯᠤᠭᠠᠤᠨ ᠪᠠᠰᠠ ᠬᠠᠭᠠᠷᠠᠳᠠᠯ᠎ᠠ ᠪᠠᠶᠠᠷᠯᠠᠬᠤ ᠪᠠᠨ ᠪᠣᠯᠢᠵᠠᠢ᠃ ᠠᠵᠤ ᠠᠬᠤᠢ ᠡᠳᠦᠷ ᠡᠴᠡ ᠡᠳᠦᠷ ᠥᠭᠡᠳᠡᠯᠡᠵᠤ᠂ ᠡᠡᠮᠢᠳᠦᠷᠡᠯ ᠡᠳ᠋ᠯᠡᠯ ᠰᠠᠢ᠌ᠵᠢᠷᠠᠵᠤ ᠳᠡᠭ᠍ᠵᠢᠷᠡᠭ᠍ᠰᠡᠨ ᠣᠳᠤ ᠶᠢᠨ ᠡᠩᠭᠡ ᠳᠠᠢ᠌ᠪᠣᠩ ᠡᠷᠡᠨ ᠳᠤ ᠭᠦᠮᠦᠰ ᠶᠠᠭᠠᠭᠢᠭᠠᠤᠨ ᠪᠠᠶᠠᠷᠯᠠᠬᠤ ᠪᠠᠨ ᠮᠠᠷᠳᠠᠴᠢᠬᠠᠭᠰᠠᠨ ᠪᠤᠢ︖ ᠥᠩᠭᠡᠷᠡᠭ᠍ᠰᠡᠨ ᠤ ᠳᠠᠢ᠌ᠨ ᠳᠠᠵᠢᠨ ᠥᠷᠭᠦᠯᠵᠢᠯᠡᠭ᠍ᠰᠡᠨ ᠭᠠᠴᠢᠭ ᠭᠡᠴᠡᠭᠦᠤ ᠴᠠᠭ ᠦᠶ᠎ᠡ ᠳᠤ ᠴᠤ ᠭᠦᠮᠦᠰ ᠪᠠᠶᠠᠷ ᠪᠠᠶᠠᠰᠤᠯ ᠣᠯᠵᠤ ᠭᠦᠰᠡᠯ ᠳᠠᠮᠠᠤᠯᠠᠯ ᠲᠡᠶ ᠶᠠᠪᠣᠳᠠᠭ ᠪᠠᠢ᠌ᠵᠡᠢ᠃ ᠭᠡᠳᠡᠯ᠎ᠡ ᠣᠳᠤ ᠢᠳᠠᠵᠤ ᠡᠮᠦᠰᠭᠦ ᠪᠠᠷ ᠡᠯᠪᠠᠭ᠌᠂ ᠭᠡᠷᠡᠭᠯᠡᠵᠤ ᠡᠳ᠋ᠯᠡᠭᠦ ᠪᠠᠷ ᠳᠤᠳᠠᠭᠤ ᠦᠭᠡᠶ ᠪᠠᠢ᠌ᠳᠠᠯ᠎ᠠ ᠣᠷᠤᠭᠤ ᠴᠢᠷᠠᠢ᠌ᠯᠠᠵᠤ ᠰᠠᠨᠠᠭ᠎ᠠ ᠠᠯᠳᠠᠨ ᠪᠠᠶᠠᠷ ᠪᠠᠶᠠᠰᠤᠯ ᠭᠡᠭᠦ ᠰᠠᠢ᠌ᠨ ᠰᠠᠢ᠌ᠬᠠᠨ ᠰᠡᠳᠭᠢᠯ ᠤᠨ ᠭᠦᠳᠡᠯᠭᠡᠭᠡᠨ ᠶᠢᠡᠨ ᠡᠳ᠋ᠯᠡᠵᠤ ᠴᠢᠳᠠᠬᠤ ᠦᠭᠡᠶ ᠪᠣᠯᠤᠭᠰᠠᠨ ᠭᠦᠮᠤᠨ ᠣᠯᠠᠰᠢᠷᠠᠵᠤ ᠪᠠᠢ᠌ᠬᠤ ᠨᠢ ᠭᠠᠢ᠌ᠬᠠᠯᠳᠠᠢ᠃

ᠭᠦᠮᠦᠰ ᠡᠳᠦᠷ ᠳᠤᠵᠢ ᠪᠠᠶᠡᠨ ᠡᠴᠡ ᠪᠠᠨ ᠰᠠᠢ᠌ᠨ ᠶᠠᠪᠣᠵᠤ ᠪᠠᠢ᠌ᠭ᠎ᠠ ᠨᠢᠭᠡ ᠪᠠᠨ ᠣᠯᠵᠤ ᠬᠠᠷᠠᠨ᠎ᠠ᠃ ᠦᠪᠡᠷ ᠤᠨ ᠡᠳ᠋ᠯᠡᠵᠤ ᠪᠠᠢ᠌ᠬᠤ ᠵᠣᠢ᠌ᠯ ᠶᠢᠠᠨ ᠭᠤᠯᠤᠨ᠎ᠠ᠃ ᠪᠣᠰᠤᠳ ᠤᠨ ᠭᠢ ᠶᠢ ᠭᠤᠷᠢᠯᠠᠨ᠎ᠠ᠃ ᠠᠯᠢᠪᠠ ᠠᠵᠢᠯ ᠳᠤᠰᠢᠶᠠᠯ ᠲᠡᠶ ᠨᠢ ᠨᠤᠶᠠᠨ ᠶᠢᠠᠨ ᠪᠢᠯᠳᠠᠤᠴᠢᠯᠠᠨ᠎ᠠ᠂ ᠪᠣᠷᠤᠭᠤ ᠭᠠᠷᠭᠠᠬᠤ ᠡᠴᠡ ᠡᠡᠶ‍ᠦᠨ᠎ᠡ᠂ ᠥᠴᠦᠭᠡᠨ ᠪᠣᠷᠤᠭᠤ ᠴᠤ ᠭᠠᠷᠭᠠᠬᠤ ᠦᠭᠡᠶ ᠪᠠᠷ ᠴᠢᠷᠮᠠᠢ᠌ᠨ᠎ᠠ᠃ ᠠᠯᠢᠪᠠ ᠳᠠᠯᠠᠪᠣᠷ ᠲᠤ ᠨᠤᠶᠠᠨ ᠯᠠ ᠪᠣᠯ ᠡᠷᠭᠡ ᠰᠦᠷᠳᠠᠢ ᠪᠠᠢ᠌ᠵᠤ᠂ ᠲ᠋ᠤᠤᠷᠠᠭᠢ ᠨᠢ ᠠᠶᠠᠯᠳᠤᠨ ᠳᠠᠭᠠᠨ᠎ᠠ᠃ ᠠᠯᠪᠠᠨ ᠠᠵᠢᠯ᠂ ᠬᠤᠷᠠᠯ ᠴᠤᠭᠯᠠᠭᠠᠨ ᠡᠴᠡ ᠪᠣᠰᠤᠳ ᠦᠶ᠎ᠡ ᠳᠤ ᠴᠤ ᠨᠤᠶᠠᠨ ᠪᠠᠢ᠌ᠬᠤ ᠭᠠᠵᠠᠷ ᠠᠯᠢᠪᠠ ᠭᠦᠳᠡᠯᠦᠯ ᠶᠢᠡᠨ ᠭᠢᠴᠢᠶᠡᠨ᠎ᠡ᠃ ᠭᠡᠷᠪᠡ ᠬᠠᠮᠳᠤ ᠬᠤᠭᠤᠯᠠᠯᠠᠪᠠᠯ ᠬᠤᠠᠳᠠᠭ᠎ᠠ ᠮᠥᠷᠭᠦᠭᠦ ᠳᠡᠭᠡᠨ ᠪᠠᠰᠠ ᠳᠤᠤᠭᠤᠷ ᠪᠠᠢ᠌ᠬᠤ ᠶᠢ ᠭᠢᠴᠢᠶᠡᠨ᠎ᠡ᠃ ᠥᠭᠡ ᠶᠠᠷᠢᠬᠤ ᠳᠠᠭᠠᠨ ᠭᠢᠴᠢᠶᠠᠨ᠎ᠠ᠃ ᠪᠣᠳᠠᠭ᠎ᠠ ᠢᠳᠡᠭᠦ ᠳᠡᠭᠡᠨ ᠭᠢᠴᠢᠶᠡᠨ᠎ᠡ᠃ ᠢᠨᠢᠶᠡᠵᠤ ᠨᠠᠭᠠᠳᠬᠤ ᠪᠠᠨ ᠭᠦᠷᠳᠡᠯ᠎ᠡ ᠭᠢᠴᠢᠶᠠᠨ᠎ᠠ (ᠥᠨᠡᠨ ᠳᠡᠭᠡᠨ ᠨᠤᠶᠠᠨ ᠪᠦᠭᠦᠨ ᠢᠩᠭᠢᠭᠦ ᠶᠢ ᠭᠦᠰᠡᠭᠦ ᠦᠭᠡᠶ ᠮᠠᠭᠠᠤᠨ)᠃ ᠵᠢᠵᠢᠭ᠌ ᠬᠤᠪᠢ ᠶᠢᠨ ᠡᠵᠡᠩᠨᠡᠭ᠍ᠴᠢ ᠨᠢ ᠮᠥᠩᠭᠦ ᠪᠠᠨ ᠵᠤᠵᠠᠭᠠᠳᠬᠠᠬᠤ ᠶᠢ ᠰᠠᠨᠠᠵᠤ ᠪᠣᠯᠬᠤ ᠪᠣᠯᠤᠯᠴᠠᠭ᠎ᠠ ᠲᠡᠶ ᠪᠣᠯ ᠪᠠᠢ᠌ᠳᠠᠭ ᠢ ᠣᠢ᠌ᠯᠠᠳᠴᠤ ᠬᠤᠳᠠᠯᠳᠤᠨ ᠠᠪᠣᠭᠴᠢᠳ ᠢ ᠮᠡᠭᠡᠯᠡᠨ᠎ᠡ᠃ ᠬᠤᠯᠢ ᠵᠥᠷᠢᠴᠡᠭ᠍ᠰᠡᠨ ᠶᠢᠡᠨ ᠳᠡᠯᠳᠡᠯᠡᠨ᠎ᠡ᠃ ᠭᠦᠯᠦᠰᠤᠨ ᠠᠵᠢᠯᠳᠠᠨ ᠶᠢᠠᠨ ᠭᠢᠬᠠᠨ᠎ᠠ᠃ ᠨᠢᠭᠡ ᠬᠤᠶᠠᠷ ᠨᠢ ᠮᠥᠩᠭᠦ ᠮᠥᠩᠭᠦ ᠭᠡᠭ᠍ᠰᠡᠭᠡᠷ ᠪᠠᠢ᠌ᠵᠤ ᠭᠦᠮᠤᠨ ᠴᠢᠨᠠᠷ ᠶᠢᠠᠨ ᠭᠡᠭᠡᠨ᠎ᠡ᠃ ᠪᠦᠷ ᠢᠩᠭᠢᠵᠤ ᠡᠯᠳᠡᠪ ᠠᠷᠪᠢᠨ ᠢ ᠪᠣᠳᠤᠵᠤ ᠡᠷᠭᠢᠴᠡᠭᠦᠯᠦᠭ᠍ᠰᠡᠭᠡᠷ ᠪᠠᠢ᠌ᠵᠤ ᠰᠡᠳᠭᠢᠯ ᠤᠨ ᠳᠠᠷᠤᠭᠠᠰᠤ ᠨᠢ ᠭᠦᠡᠳᠦᠷᠡᠨ᠎ᠡ᠃ ᠢᠩᠭᠢᠭ᠍ᠰᠡᠭᠡᠷ ᠢᠩᠭᠢᠭ᠍ᠰᠡᠭᠡᠷ ᠦᠪᠡᠷ ᠲᠤᠨᠢ ᠴᠤᠬᠤᠮ ᠶᠠᠭᠤ ᠭᠡᠷᠡᠭ᠍ᠳᠡᠢ ᠪᠠᠢ᠌ᠬᠤ ᠪᠠᠨ ᠮᠡᠳᠡᠭᠦ ᠦᠭᠡᠶ ᠮᠢᠡᠴᠦᠭᠦᠷᠡᠨ᠎ᠡ᠃

ᠲ᠋ᠡᠭᠡᠭᠡᠳ ᠭᠦᠮᠦᠰ ᠭᠡᠴᠢᠨᠡᠭᠡᠨ ᠭᠡᠴᠢᠨᠡᠭᠡᠨ ᠬᠤᠨᠤᠭ ᠶᠢᠠᠷ ᠰᠡᠳᠭᠢᠯ ᠵᠦᠳᠠᠵᠤ ᠶᠡᠪᠦᠨ᠎ᠡ᠂ ᠭᠡᠴᠢᠨᠡᠭᠡᠨ ᠭᠡᠴᠢᠨᠡᠭᠡᠨ ᠡᠳᠦᠷ ᠴᠤ ᠦᠪᠡᠷ ᠢ ᠪᠠᠨ ᠪᠠᠶᠠᠷᠯᠠᠭᠤᠯᠵᠤ ᠳᠡᠢ᠌ᠯᠭᠦ ᠭᠡᠷᠡᠭ᠌ ᠣᠴᠢᠷ ᠢ ᠨᠢᠭᠡ ᠴᠤ ᠰᠠᠷᠠᠵᠤ ᠮᠡᠳᠡᠭᠦ ᠦᠭᠡᠶ ᠥᠩᠭᠡᠷᠡᠨ᠎ᠡ᠃ ᠵᠡᠷᠢᠮ ᠨᠢᠭᠡ ᠨᠢ ᠠᠷᠭ᠎ᠠ ᠮᠤᠬᠤᠷᠳᠠᠬᠤ ᠳᠠᠭᠠᠨ ᠵᠤᠭᠤᠰ ᠶᠢᠠᠨ ᠵᠠᠷᠤᠵᠤ ᠵᠤᠭ᠎ᠠ ᠴᠡᠩᠭᠡᠯ ᠤᠨ ᠭᠠᠵᠠᠷ ᠶᠢᠠᠷ ᠡᠷᠭᠢᠴᠡᠨ᠎ᠡ᠂ ᠢᠩᠭᠢᠭᠡᠳ ᠪᠠᠰᠠ ᠪᠣᠯᠬᠤ ᠦᠭᠡᠶ ᠪᠣᠯ ᠠᠮᠢᠳᠤᠷᠠᠬᠤ ᠨᠢ ᠠᠳᠠᠭ ᠮᠠᠭᠤ ᠠᠵᠠ ᠪᠣᠯᠵᠤ ᠰᠠᠨᠠᠭᠳᠠᠨ᠎ᠠ᠃ ᠡᠨᠡ ᠨᠢ ᠠᠵᠤ ᠠᠬᠤᠢ ᠶᠢᠨ ᠨᠡᠢ᠌ᠭᠡᠮ ᠳᠡᠭᠢ ᠥᠷᠢᠰᠦᠯᠳᠦᠭᠡᠨ ᠤ ᠦᠷ᠎ᠡ ᠳ᠋ᠦ᠋ᠩ ᠪᠠᠢ᠌ᠬᠤ ᠨᠢ ᠵᠠᠢ᠌ᠯᠠᠰᠢ ᠦᠭᠡᠶ᠂ ᠭᠡᠳᠡᠯ᠎ᠡ ᠡᠨᠡ ᠪᠦᠭᠦᠨ ᠪᠦᠷ ᠨᠢᠭᠡ ᠭᠦᠮᠤᠨ ᠤ ᠳᠤᠳᠤᠭᠠᠳᠤ ᠶᠢᠷᠳᠢᠠᠴᠤ ᠶᠢᠨ ᠭᠢᠨᠢ ᠬᠠᠨᠤᠰᠢ ᠦᠭᠡᠶ ᠪᠠᠢ᠌ᠳᠡᠯ ᠡᠴᠡ ᠰᠢᠯᠳᠠᠡᠯᠠᠭᠳᠠᠨ᠎ᠠ᠃ ᠭᠦᠮᠤᠨ ᠭᠡᠳᠦᠷᠭᠡᠢ ᠬᠠᠨᠤᠰᠢ ᠦᠭᠡᠶ ᠪᠣᠯᠪᠠᠯ ᠰᠢᠨᠤᠬᠠᠢ᠌ᠷᠠᠬᠤ ᠵᠣᠢ᠌ᠯ ᠠᠷᠪᠢᠤᠠᠴᠤ ᠡᠡᠯᠢᠪᠡ ᠶᠢ ᠡᠵᠡᠷᠭᠡᠭᠦ ᠶᠢ ᠭᠤᠷᠢᠯᠠᠵᠤ᠂ ᠭᠦᠮᠤᠨ ᠴᠢᠨᠠᠷ ᠶᠢᠠᠨ ᠣᠷᠭᠢᠨ ᠭᠡᠷᠴᠡᠭᠡᠢ ᠪᠠᠯᠠᠮᠠᠤᠨ ᠡᠵᠡᠷᠭᠡᠭ᠌ ᠳᠦᠷᠢᠮᠡᠭᠡᠢ ᠪᠣᠯᠬᠤ ᠨᠢ ᠳᠠᠷᠠ᠃ ᠶᠠᠷᠤ ᠨᠢ ᠪᠠᠶᠠᠷ ᠪᠠᠶᠠᠰᠬᠤᠯᠠᠩ ᠭᠡᠵᠤ ᠭᠦᠮᠦᠰ ᠤᠨ ᠦᠪᠡᠷ ᠤᠨ ᠭᠢᠨᠢ ᠳᠤᠳᠤᠭᠠᠳᠤ ᠶᠢᠷᠳᠢᠠᠴᠤ ᠶᠢᠨ ᠭᠦᠳᠡᠯᠭᠡᠭᠡᠨ ᠤ ᠲᠤᠬᠢᠷᠠᠭᠤᠯᠤᠯᠲᠠ ᠡᠴᠡ ᠯᠠ ᠪᠤᠯᠳᠠᠭ᠃ ᠭᠡᠷᠪᠡ ᠨᠢᠭᠡ ᠭᠦᠮᠤᠨ ᠡᠳᠦᠷ ᠳᠤᠵᠢ ᠨᠡᠢ᠌ᠭᠡᠮ ᠳᠡᠭᠡᠷᠡᠭᠢ ᠰᠠᠢ᠌ᠨ ᠰᠠᠢ᠌ᠬᠠᠨ ᠢ ᠣᠯᠵᠤ ᠬᠠᠷᠠᠬᠤ ᠦᠭᠡᠶ᠂ ᠵᠦᠪᠭᠡᠨ ᠦᠪᠡᠷ ᠶᠢᠠᠨ ᠪᠣᠰᠤᠳ ᠡᠴᠡ ᠶᠠᠭᠤ ᠳᠤᠳᠠᠭᠤ ᠪᠠᠢ᠌ᠬᠤ ᠪᠠᠨ ᠠᠳᠠᠯᠢᠤᠠᠬᠠᠵᠤ᠂ 《ᠭᠠᠳᠠᠭᠠᠳᠤ ᠪᠣᠳᠠᠰ》 ᠊ᠤᠨ ᠳᠦᠯᠦᠭᠡ ᠠᠮᠢᠳᠤᠷᠠᠳᠠᠭ ᠶᠤᠮ ᠪᠣᠯ ᠪᠠᠶᠠᠷ ᠪᠠᠶᠠᠰᠤᠯ ᠭᠡᠵᠢᠶᠡᠳᠡ ᠣᠢ᠌ᠷ᠎ᠠ ᠪᠠᠢ᠌ᠵᠤ ᠴᠢᠳᠠᠬᠤ ᠦᠭᠡᠶ ᠶᠤᠮ᠃ 《ᠳᠡᠭ᠍ᠷᠢ ᠶᠢᠨ ᠴᠠᠭᠠᠨ᠎ᠠ ᠳᠡᠭ᠍ᠷᠢ ᠪᠠᠢ᠌ᠨ᠎ᠠ᠂ ᠲ᠋ᠠᠮᠤᠷ ᠤᠨ ᠴᠠᠭᠠᠨ᠎ᠠ ᠭᠦᠳᠡᠷ ᠪᠠᠢ᠌ᠨ᠎ᠡ》 ᠭᠡᠳᠡᠭ᠌ ᠶᠢᠡᠷ ᠴᠢ ᠦᠨᠦᠳᠤᠷ ᠮᠥᠩᠭᠦ ᠲᠡᠶ ᠪᠣᠯᠴᠢᠬᠠᠯ᠎ᠠ ᠭᠡᠭᠦ ᠳᠤ ᠬᠠᠵᠠᠭᠤ ᠳᠤ ᠴᠢᠨᠢ ᠴᠢᠮ᠎ᠡ ᠡᠴᠡ ᠢᠯᠡᠭᠦᠤ ᠮᠥᠩᠭᠦ ᠲᠡᠶ ᠭᠦᠮᠤᠨ ᠭᠠᠷᠤᠭᠠᠤᠨ ᠢᠷᠡᠨ᠎ᠡ᠃ ᠨᠡᠢ᠌ᠭᠡᠮ ᠳᠡᠭᠡᠷ᠎ᠡ ᠪᠠᠶᠠᠨ ᠶᠠᠳᠠᠭᠤ ᠶᠢᠨ ᠵᠦᠷᠢᠶ᠎ᠠ ᠭᠡᠵᠢᠶᠡᠳᠡ ᠣᠷᠤᠰᠢᠬᠤ ᠶᠤᠮ᠃ ᠬᠠᠷᠢᠨ ᠦᠪᠡᠷ ᠶᠢᠠᠨ ᠨᠡᠢ᠌ᠭᠡᠮ ᠳᠡᠭᠡᠷᠡᠭᠡᠢ ᠬᠠᠮᠤᠭ ᠳᠤᠤᠷᠠᠳᠤ ᠳᠠᠪᠬᠤᠷᠭ᠎ᠠ ᠶᠢᠨ ᠬᠠᠮᠤᠭ ᠶᠠᠳᠠᠭᠤ ᠭᠦᠮᠤᠨ ᠪᠠᠢ᠌ᠯ᠎ᠠ ᠴᠤ᠂ ᠪᠣᠰᠤᠳ ᠤᠨ ᠡᠳ᠋ᠯᠡᠵᠤ ᠪᠠᠢ᠌ᠭ᠎ᠠ ᠵᠣᠢ᠌ᠯ ᠭᠠᠷ ᠲᠤ ᠴᠢᠨᠢ ᠪᠠᠢ᠌ᠬᠤ ᠦᠭᠡᠶ ᠴᠤ ᠶᠠᠭᠠᠭᠢᠬᠤ ᠪᠣᠢ᠂ ᠠᠮᠢᠳᠤᠷᠠᠬᠤ ᠵᠢᠮ᠎ᠠ ᠪᠠᠷ ᠯᠠ ᠠᠮᠢᠳᠤᠷᠠᠵᠤ᠂ ᠠᠭᠤᠵᠢᠭᠤ ᠳᠠᠢ᠌ᠪᠣᠭᠤ᠂ ᠪᠣᠰᠤᠳ ᠡᠴᠡ ᠢᠯᠡᠭᠦᠤ ᠪᠠᠶᠠᠰᠴᠤ᠂ ᠦᠪᠡᠷ ᠤᠨ ᠣᠯᠤᠭᠰᠠᠨ ᠳᠠᠭᠠᠨ ᠰᠡᠳᠬᠢᠯ ᠳᠦᠭᠦᠷᠡᠩ ᠶᠠᠪᠣᠳᠠᠭ ᠪᠣᠯ ᠪᠠᠶᠠᠷ ᠪᠠᠶᠠᠰᠬᠤᠯᠠᠩ ᠬᠠᠷᠢᠨ ᠬᠠᠵᠠᠭᠤ ᠳᠤ ᠴᠢᠨᠢ ᠪᠠᠢ᠌ᠭᠠᠤᠨ ᠪᠠᠢ᠌ᠳᠠᠭ᠃

ᠠᠵᠢᠭᠯᠠᠯᠳᠠ ᠶᠢ ᠦᠨᠳᠦᠰᠦᠯᠠᠪᠠᠯ ᠶᠠᠳᠠᠭᠤ ᠭᠠᠵᠠᠷ ᠣᠷᠤᠨ ᠤ ᠭᠦᠮᠦᠰ ᠤᠨ ᠪᠠᠶᠠᠷᠯᠠᠬᠤ ᠨᠢ ᠪᠠᠶᠠᠨ ᠭᠠᠵᠠᠷ ᠣᠷᠤᠨ ᠤ ᠭᠢ ᠡᠴᠡ ᠬᠤᠷᠳᠤᠨ ᠪᠠᠢ᠌ᠵᠤ᠂ ᠭᠦᠳᠡᠭᠡ ᠶᠢᠨ ᠭᠦᠮᠤᠨ ᠨᠢ ᠬᠤᠳᠠ ᠶᠢᠨ ᠭᠦᠮᠤᠨ ᠡᠴᠡ ᠪᠠᠶᠠᠷᠯᠠᠬᠤ ᠨᠢ ᠣᠯᠠᠨ ᠪᠠᠢ᠌ᠳᠠᠭ᠃ ᠡᠨᠡ ᠨᠢ ᠶᠠᠳᠠᠭᠤ ᠭᠠᠵᠠᠷ ᠣᠷᠤᠨ ᠤ ᠭᠦᠮᠤᠨ ᠨᠢ ᠣᠯᠤᠭᠰᠠᠨ ᠳᠠᠭᠠᠨ ᠰᠠᠨᠠᠭ᠎ᠠ ᠬᠠᠩᠬᠤ ᠪᠦᠭᠡᠳ ᠭᠦᠳᠡᠭᠡ ᠶᠢᠨ ᠭᠦᠮᠤᠨ ᠤ ᠰᠠᠨᠠᠭ᠎ᠠ ᠰᠡᠳᠬᠢᠯᠭᠡ ᠠᠭᠤᠵᠢᠭᠤ ᠳᠠᠯᠪᠢᠭᠤ ᠪᠠᠢ᠌ᠳᠠᠭ ᠡᠴᠡ ᠪᠣᠯᠤᠭᠰᠠᠨ ᠪᠠᠢ᠌ᠬᠤ ᠡ᠃

ᠪᠠᠶᠠᠨ ᠪᠣᠯᠤᠨ ᠳᠠᠷᠭᠤᠨ ᠭᠡᠵᠤ ᠪᠦᠷ ᠯᠠ ᠭᠡᠷᠡᠭ᠍ᠴᠡᠭᠡᠨ ᠡᠴᠡ ᠢᠯᠡᠭᠦᠤ ᠬᠤᠷᠠᠮᠳᠤᠯ ᠳᠡᠳᠦᠢ᠃ ᠭᠡᠳᠦᠷᠭᠡᠢ ᠪᠠᠶᠠᠵᠢᠪᠠᠯ ᠬᠠᠷᠢᠨ ᠭᠡᠳᠤ ᠳᠠᠷᠭᠤᠯᠠᠭᠰᠠᠨ ᠰᠢᠭ᠌ ᠪᠠᠶᠠᠨ ᠳ᠋ᠤᠨᠢ ᠭᠡᠳᠡᠷᠭᠦ ᠳᠠᠷᠤᠭᠠᠰᠤ ᠠᠪᠴᠢᠷᠠᠬᠤ ᠶᠤᠮ᠃

ᠵᠤᠬᠢᠶᠠᠭᠴᠢ᠄ ᠨ·ᠷᠢᠠᠴᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠨᠠᠢᠷᠠᠭᠤᠯᠤᠯ
ᠳᠠᠷᠤᠮ᠄ 5656
ᠴᠠᠭ᠄ 2009 ᠤᠨ ᠤ 03 ᠰᠠᠷ᠎ᠠ ᠶᠢᠨ 30
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ