ᠡᠵᠡᠨ ᠪᠣᠭᠳᠠ ᠶᠢᠨ ᠡᠷ᠎ᠡ ᠬᠤᠶᠠᠷ ᠵᠠᠭᠠᠯ ᠤᠨ ᠳᠤᠭᠤᠵᠢ ᠣᠷᠤᠰᠢᠪᠠ

ᠡᠷᠳᠡ ᠣᠷᠢᠳᠤ ᠶᠢᠨ ᠴᠠᠭ ᠲᠤ ᠴᠢᠩᠭᠢᠰ ᠬᠠᠭᠠᠨ ᠤ ᠪᠣᠮᠠᠨ ᠰᠦᠷᠦᠭ᠌ ᠤᠨ ᠳᠤᠳᠤᠷᠠᠭᠢ ᠪᠣᠭᠤᠷᠤᠯ ᠣᠯᠠᠭᠠᠨ ᠠᠵᠢᠷᠭ᠎ᠠ᠂ ᠡᠷᠡᠮᠡᠭ᠌ ᠴᠠᠭᠠᠭᠴᠢᠨ ᠭᠡᠭᠦᠤ ᠡᠴᠡ ᠡᠷ᠎ᠡ ᠬᠤᠶᠠᠷ ᠵᠠᠭᠠᠯ ᠣᠨᠠᠭ᠎ᠠ ᠳᠦᠷᠤᠪᠠ ᠭᠡᠨ᠎ᠡ᠃ ᠳᠤᠩᠭ᠋ᠠᠯᠠᠭ ᠮᠦᠷᠠᠨ ᠤ ᠵᠠᠬ᠎ᠠ ᠳᠤ᠂ ᠳᠤᠪᠣᠴᠠᠭ ᠠᠭᠤᠯᠠ ᠶᠢᠨ ᠣᠷᠭᠢᠯ ᠳᠡᠭᠡᠷ᠎ᠡ᠂ ᠳᠤᠭᠰᠢᠨ ᠪᠣᠷᠤᠭᠠᠨ ᠲᠡᠶ ᠡᠳᠦᠷ ᠳᠦᠷᠦᠭ᠍ᠰᠡᠨ ᠢᠭᠢᠷ᠎ᠠ ᠬᠤᠶᠠᠷ ᠵᠠᠭᠠᠯ ᠭᠡᠨ᠎ᠡ᠃ ᠳᠦᠷᠪᠠᠨ ᠳᠤᠭᠤᠷᠠᠢ ᠠᠨᠤ ᠠᠭᠰᠢᠭᠠᠳᠤᠢ ᠡᠳᠦᠷ᠂ ᠡᠷᠡᠮᠡᠭ᠌ ᠴᠠᠭᠠᠭᠴᠢᠨ ᠡᠭᠡ ᠪᠠᠨ ᠳᠤᠭᠤᠷᠢᠨ ᠳᠤᠭᠯᠠᠵᠤ ᠶᠠᠪᠣᠬᠤᠢ ᠳᠤᠷ ᠳᠦᠩᠭᠡᠷᠴᠡᠭ᠌ ᠤᠨ ᠴᠢᠨᠡᠭᠡᠨ ᠴᠢᠯᠠᠭᠤᠨ ᠢ ᠲᠦᠯᠭᠢᠨ ᠣᠨᠠᠭᠠᠵᠤ ᠠᠶᠠᠭ᠎ᠠ ᠶᠢᠨ ᠴᠢᠨᠡᠭᠡᠨ ᠴᠢᠯᠠᠭᠤᠨ ᠢ ᠠᠯᠤᠰ ᠬᠠᠶᠠᠯᠠᠨ ᠨᠠᠭᠠᠳᠴᠤ ᠪᠠᠢ᠌ᠨ᠎ᠠ ᠭᠡᠨ᠎ᠡ᠃ ᠡᠭᠦᠨ ᠢ ᠡᠵᠡᠨ ᠴᠢᠩᠭᠢᠰ ᠬᠠᠭᠠᠨ ᠠᠪᠠ ᠳᠠᠯᠪᠢᠵᠤ ᠶᠠᠪᠣᠬᠤᠢ ᠳᠠᠭᠠᠨ ᠣᠯᠵᠤ ᠥᠵᠡᠭᠡᠳ ᠶᠡᠭᠡᠳᠡ ᠪᠠᠶᠠᠰᠴᠤ ᠰᠢᠠᠵᠢᠯᠠᠨ ᠥᠵᠡᠭᠡᠳ ᠰᠠᠢ᠌ᠨ ᠵᠠᠶᠠᠭᠠᠳᠤ ᠭᠦᠯᠦᠭ᠌ ᠭᠡᠮᠡᠨ ᠰᠠᠢ᠌ᠰᠢᠶᠠᠵᠤ᠂ ᠡᠴᠢᠭᠡ ᠳᠡᠭ᠍ᠷᠢ ᠶᠢᠨ ᠮᠢᠨᠤ ᠬᠠᠢ᠌ᠷᠠᠯᠠᠭᠰᠠᠨ ᠡᠷ᠎ᠡ ᠬᠤᠶᠠᠷ ᠵᠠᠭᠠᠯ ᠭᠡᠮᠡᠨ ᠮᠠᠭᠳᠠᠵᠤ᠂ ᠶ‍ᠢᠰᠤ ᠶ‍ᠢᠰᠤᠨ ᠭᠡᠭᠦᠨ ᠳᠤᠷ ᠭᠦᠭᠦᠭᠦᠯᠵᠤ ᠥᠰᠭᠡᠭᠡᠳ ᠣᠨᠠᠭ᠎ᠠ ᠠᠬᠤ ᠴᠠᠭᠳᠤᠷ ᠣᠶᠠᠵᠤ᠂ ᠳᠠᠭ᠎ᠠ ᠠᠬᠤ ᠴᠠᠭᠳᠤᠷ ᠳᠠᠪᠳᠠᠵᠤ᠂ ᠰᠤᠶᠤᠯᠠᠩ ᠴᠠᠭᠳᠤᠷ ᠬᠤᠶᠠᠭᠯᠠᠵᠤ ᠵᠢᠭᠰᠠᠭᠠᠨ ᠭᠤᠷᠪᠠᠨ ᠵᠢᠯ ᠬᠠᠭᠰᠠᠭᠠᠵᠠᠢ᠃ ᠨᠢᠭᠡᠨ ᠡᠳᠦᠷ ᠡᠵᠡᠨ ᠵᠠᠷᠯᠢᠭ ᠪᠣᠯᠤᠷᠤᠨ᠄ 《ᠡᠨᠡ ᠬᠤᠶᠠᠷ ᠵᠠᠭᠠᠯ ᠮᠤᠷᠢ ᠪᠠᠨ ᠡᠨᠡ ᠡᠳᠦᠷ ᠰᠤᠷᠢᠵᠤ ᠦᠵᠡᠶ᠎ᠠ》 ᠭᠡᠮᠡᠨ ᠶᠡᠭᠡ ᠴᠡᠷᠢᠭ᠌ ᠠᠪᠠ ᠪᠠᠨ ᠭᠦᠳᠡᠯᠭᠡᠨ ᠶᠠᠪᠣᠬᠤᠢ ᠳᠤᠷ᠂ ᠭᠦᠭᠡ ᠴᠢᠨ᠋ᠸ᠎ᠠ ᠨᠢᠭᠡ ᠪᠦᠯᠦᠭ᠌ ᠳᠠᠭᠠᠷᠢᠯᠳᠤᠭᠰᠠᠨ ᠢ ᠭᠦᠳᠡᠯᠭᠡᠯ ᠦᠭᠡᠶ ᠴᠦᠮ ᠳᠠᠭᠠᠷᠢᠨ ᠣᠨᠠᠭᠠᠵᠤ ᠭᠠᠷᠪᠠ᠃ ᠠᠷᠭᠠᠯᠢ ᠣᠭᠠᠯᠵᠠ ᠶᠢ ᠠᠩᠨᠠᠨ ᠭᠦᠭᠡᠭᠡᠪᠠᠰᠤ ᠠᠷᠭ᠎ᠠ ᠦᠭᠡᠶ ᠬᠤᠶᠠᠷ ᠵᠠᠭᠠᠯ ᠳᠤ ᠭᠦᠢᠴᠡᠭ᠍ᠳᠡᠵᠤ ᠠᠯᠠᠭᠤᠯᠪᠠ᠃ ᠥᠭᠡᠷ᠎ᠡ ᠪᠣᠰᠤᠳ ᠠᠪᠠᠴᠢᠨ ᠰᠠᠢ᠌ᠨ ᠮᠤᠷᠢ ᠣᠨᠤᠵᠤ ᠭᠦᠭᠡᠭᠡᠪᠠᠴᠤ ᠡᠰᠡ ᠭᠦᠢᠴᠡᠪᠡ ᠭᠡᠨ᠎ᠡ᠃ ᠬᠤᠶᠠᠷ ᠵᠠᠭᠠᠯ ᠭᠦᠵᠢᠷᠯᠡᠵᠤ ᠣᠨᠤᠭᠤᠯᠤᠭᠰᠠᠨ ᠳᠠᠭᠠᠨ ᠭᠤᠮᠤᠳᠠᠬᠤ ᠰᠡᠳᠭᠢᠯ ᠳᠦᠷᠤᠵᠤ ᠨᠢᠯᠪᠣᠰᠤ ᠠᠰᠬᠠᠷᠠᠭᠤᠯᠤᠨ ᠣᠭᠢᠯᠠᠯᠴᠠᠪᠠ ᠭᠡᠨ᠎ᠡ᠃ ᠠᠪᠠᠯᠠᠵᠤ ᠥᠩᠭᠡᠷᠡᠭᠡᠳ ᠬᠠᠷᠢᠵᠤ ᠢᠷᠡᠭ᠍ᠰᠡᠨ ᠤ ᠳᠠᠷᠠᠭ᠎ᠠ ᠪᠠᠭ᠎ᠠ ᠵᠠᠭᠠᠯ ᠳᠡᠭᠦᠤ ᠠᠨᠤ ᠶᠡᠭᠡ ᠵᠠᠭᠠᠯ ᠠᠬ᠎ᠠ ᠳᠠᠭᠠᠨ ᠭᠡᠯᠡᠪᠡ᠄

《ᠠᠬ᠎ᠠ ᠮᠢᠨᠤ᠂ ᠴᠢ ᠪᠢᠳᠠ ᠬᠤᠶᠠᠷ ᠶᠠᠪᠣᠵᠠᠭᠠᠶ᠎ᠠ ︕

ᠬᠠᠢ᠌ᠷᠠᠯᠠᠵᠤ ᠣᠨᠤᠳᠠᠭ ᠨᠢ ᠬᠠᠷ᠎ᠠ ᠬᠤᠯᠠᠨ ᠪᠠᠢ᠌ᠨ᠎ᠠ ᠰᠢᠤ᠂

ᠬᠠᠳᠠᠭᠤ ᠰᠢᠷᠦᠭᠦᠨ ᠣᠨᠤᠳᠠᠭ ᠨᠢ ᠴᠢ ᠪᠢᠳᠠ ᠬᠤᠶᠠᠷ ᠪᠠᠢ᠌ᠨ᠎ᠠ ᠰᠢᠤ ︕

ᠠᠰᠠᠷᠠᠵᠤ ᠣᠨᠤᠳᠠᠭ ᠨᠢ ᠡᠷᠭᠡ ᠵᠡᠭᠡᠷᠳᠡ ᠪᠢᠰᠢᠤ ︖

ᠠᠯᠠᠨ ᠪᠣᠯᠠᠨ ᠣᠨᠤᠳᠠᠭ ᠨᠢ ᠴᠢ ᠪᠢᠳᠠ ᠬᠤᠶᠠᠷ ᠪᠠᠢ᠌ᠨ᠎ᠠ ᠰᠢᠤ ︕

ᠡᠮᠡᠭᠡᠨ ᠶᠢᠡᠨ ᠮᠠᠳᠤ ᠰᠠᠨᠠᠳᠠᠭ ᠨᠢ ᠡᠷᠭᠡ ᠵᠡᠭᠡᠷᠳᠡ ᠪᠢᠰᠢᠤ ︖

ᠡᠡᠭ᠌ ᠤᠨ ᠮᠠᠳᠤ ᠰᠠᠨᠠᠳᠠᠭ ᠨᠢ ᠴᠢ ᠪᠢᠳᠠ ᠬᠤᠶᠠᠷ ᠪᠠᠢ᠌ᠨ᠎ᠠ ᠰᠢᠤ ︕

ᠬᠠᠳᠤᠨ ᠶᠢᠡᠨ ᠮᠠᠳᠤ ᠰᠠᠨᠠᠳᠠᠭ ᠨᠢ ᠬᠠᠷ᠎ᠠ ᠬᠤᠯᠠᠨ ᠪᠢᠰᠢᠤ ︖

ᠬᠠᠷ᠎ᠠ ᠲᠡᠶ ᠮᠠᠳᠤ ᠰᠠᠨᠠᠳᠠᠭ ᠨᠢ ᠴᠢ ᠪᠢᠳᠠ ᠬᠤᠶᠠᠷ ᠪᠠᠢ᠌ᠨ᠎ᠠ ᠰᠢᠤ ︕

ᠠᠪᠠᠬᠠᠢ ᠪᠠᠨ ᠮᠠᠳᠤ ᠰᠠᠨᠠᠳᠠᠭ ᠨᠢ ᠠᠯ ᠵᠤᠯᠠ ᠪᠣᠷᠤ ᠮᠤᠷᠢ ᠪᠢᠰᠢᠤ ︖

ᠠᠯᠠᠨ ᠪᠣᠯᠠᠨ ᠠᠰᠭᠠᠯᠴᠠᠳᠠᠭ ᠨᠢ ᠴᠢ ᠪᠢᠳᠠ ᠬᠤᠶᠠᠷ ᠪᠠᠢ᠌ᠨ᠎ᠠ ᠰᠢᠤ ︕

ᠠᠬ᠎ᠠ ᠴᠢ ᠪᠢᠳᠠ ᠬᠤᠶᠠᠭᠤᠯᠠ ᠶᠠᠪᠣᠵᠠᠭᠠᠶ᠎ᠠ᠃

ᠠᠯᠳᠠᠢ ᠬᠠᠨ ᠭᠡᠭ᠍ᠴᠢ ᠭᠠᠵᠠᠷ ᠪᠠᠢ᠌ᠨᠠᠮ᠂

ᠠᠭᠢ ᠰᠢᠪᠠᠭ ᠡᠪᠠᠰᠤ ᠲᠡᠶ ᠭᠡᠨᠡᠮ᠂

ᠠᠷᠤ ᠦᠪᠣᠷ ᠦᠭᠡᠶ ᠣᠰᠤ ᠲᠡᠶ ᠭᠡᠨᠡᠮ᠂

ᠠᠯᠳᠠᠭᠤᠯᠤᠨ ᠭᠦᠷᠴᠤ ᠠᠮᠵᠢᠵᠤ ᠭᠡᠪᠳᠡᠶ᠎ᠡ᠃

ᠭᠦᠭᠡᠢ ᠬᠠᠨ ᠭᠡᠭ᠍ᠴᠢ ᠭᠠᠵᠠᠷ ᠪᠠᠢ᠌ᠳᠠᠭ ᠭᠡᠨᠡᠮ᠂

ᠭᠦᠪᠳᠤ ᠪᠦᠷᠢ ᠭᠦᠭᠡ ᠡᠪᠠᠰᠤ ᠲᠡᠶ ᠭᠡᠨᠡᠮ᠂

ᠭᠦᠭᠡᠷᠡᠭᠦ ᠪᠦᠷᠢ ᠶᠢᠨ ᠣᠰᠤ ᠲᠡᠶ ᠭᠡᠨᠡᠮ᠂

ᠭᠦᠶ‍ᠦᠵᠤ ᠭᠦᠷᠴᠤ ᠭᠦᠷᠪᠠᠵᠤ ᠣᠷᠪᠠᠵᠤ ᠠᠮᠠᠷᠠᠶ᠎ᠠ ︕

ᠠᠬ᠎ᠠ ᠮᠢᠨᠤ ︕

ᠬᠠᠯᠠᠭᠤᠨ ᠡᠳᠦᠷ ᠪᠠᠷᠢᠨᠠᠮ ᠪᠢᠰᠢᠤ ︖

ᠬᠠᠳᠠᠳᠠᠷ ᠴᠢᠯᠠᠳᠠᠷ ᠣᠶᠠᠳᠠᠭ ᠪᠢᠰᠢᠤ ︖

ᠬᠠᠷ᠎ᠠ ᠰᠢᠷ᠎ᠠ ᠳᠤᠬᠤᠮ ᠳᠤᠬᠤᠳᠠᠭ ᠪᠢᠰᠢᠤ ︖

ᠬᠠᠢ᠌ᠷ ᠴᠢᠯᠠᠭᠤ ᠡᠮᠭᠦᠭᠦᠯᠳᠡᠭ᠌ ᠪᠢᠰᠢᠤ ︖

ᠠᠬ᠎ᠠ ᠮᠢᠨᠤ᠂ ᠶᠠᠪᠣᠵᠠᠭᠠᠶ᠎ᠠ ︕

ᠭᠦᠢᠳᠡᠨ ᠡᠳᠦᠷ ᠪᠠᠷᠢᠨᠠᠮ ᠪᠢᠰᠢᠤ ︖

ᠭᠦᠭᠡ ᠳᠠᠮᠤᠷ ᠡᠮᠭᠦᠭᠦᠯᠳᠡᠭ᠌ ᠪᠢᠰᠢᠤ ︖

ᠭᠦᠰᠢᠮ ᠳᠤᠬᠤᠮ ᠳᠤᠬᠤᠨᠠᠮ ᠪᠢᠰᠢᠤ ︖

ᠭᠦᠢᠳᠡᠨ ᠴᠠᠰᠤ ᠡᠮᠭᠦᠭᠦᠯᠳᠡᠭ᠌ ᠪᠢᠰᠢᠤ ︖

ᠶᠠᠭᠠᠭᠢᠪᠠᠴᠤ ᠠᠬ᠎ᠠ ᠮᠢᠨᠤ ᠶᠠᠪᠣᠵᠠᠭᠠᠶ᠎ᠠ ︕》 ᠭᠡᠵᠤ ᠳᠡᠭᠦᠤ ᠵᠠᠭᠠᠯ ᠨᠢ ᠠᠬ᠎ᠠ ᠵᠠᠭᠠᠯ ᠳᠠᠭᠠᠨ ᠭᠡᠯᠡᠭᠦᠯᠡᠷ ᠠᠬ᠎ᠠ ᠵᠠᠭᠠᠯ ᠨᠢ ᠳᠡᠭᠦᠤ ᠵᠠᠭᠠᠯ ᠳᠠᠭᠠᠨ ᠭᠡᠯᠡᠪᠡ᠄

《ᠠᠢ᠂ ᠢᠨᠠᠭ ᠪᠣᠷᠤ ᠵᠠᠭᠠᠯ ᠮᠢᠨᠤ ︕

ᠶᠠᠭᠤᠨ ᠳᠤ ᠢᠩᠭᠢᠵᠤ ᠭᠤᠮᠤᠳᠠᠨ᠎ᠠ ᠪᠣᠢ ᠴᠢ ︖

ᠡᠷ᠎ᠡ ᠭᠦᠮᠤᠨ ᠪᠠᠶᠠᠷᠯᠠᠪᠠᠴᠤ ᠮᠠᠩᠨᠠᠢ ᠦᠯᠤ ᠬᠠᠭᠠᠷᠠᠨᠠᠮ ᠭᠡᠨ᠎ᠡ ᠯᠠᠢ᠂

ᠠᠭᠳᠠ ᠮᠤᠷᠢ ᠳᠠᠷᠭᠤᠯᠠᠪᠠᠴᠤ ᠰᠠᠭᠠᠷᠢ ᠦᠯᠤ ᠢᠵᠠᠷᠠᠨᠠᠮ ᠭᠡᠨ᠎ᠡ ᠯᠠᠢ᠃

ᠠᠢ᠂ ᠢᠨᠠᠭ ᠪᠣᠷᠤ ᠵᠠᠭᠠᠯ ᠮᠢᠨᠤ᠂ ᠶᠠᠭᠤᠨ ᠭᠢᠨᠠᠮ᠃

ᠬᠠᠳᠠᠨ ᠤ ᠡᠪᠠᠰᠤ ᠬᠠᠭᠳᠠ ᠲᠡᠶ ᠴᠤ ᠪᠣᠯᠪᠠ᠂ ᠬᠠᠯᠠᠭᠤᠷᠠᠮ ᠪᠠᠢ᠌ᠵᠤ ᠢᠳᠠᠶ᠎ᠠ᠃

ᠪᠣᠳᠠᠨ ᠤ ᠡᠪᠠᠰᠤ ᠪᠣᠭ ᠲᠡᠶ ᠴᠤ ᠪᠣᠯᠪᠠ᠂ ᠪᠣᠯᠭᠤᠷᠠᠮ ᠪᠠᠢ᠌ᠵᠤ ᠢᠳᠠᠶ᠎ᠠ᠃

ᠠᠢ᠂ ᠢᠨᠠᠭ ᠪᠣᠷᠤ ᠮᠢᠨᠤ ︕ ᠶᠠᠪᠣᠬᠤ ᠪᠠᠨ ᠪᠠᠢ᠌ᠴᠢᠬᠠᠶ᠎ᠠ ︕

ᠮᠠᠨ ᠢ ᠥᠵᠡᠭ᠍ᠰᠡᠨ ᠭᠦᠮᠤᠨ᠂

ᠭᠦᠮᠤᠨ ᠤ ᠭᠢ ᠭᠡᠵᠤ ᠭᠦᠭᠡᠭᠡᠵᠤ ᠡᠯᠳᠡᠭᠦ ᠪᠢᠵᠠ᠂

ᠳᠠᠢ᠌ᠰᠤᠨ ᠤ ᠭᠡᠵᠤ ᠳᠠᠶᠠᠭᠠᠷ ᠡᠯᠳᠡᠭᠦ ᠪᠢᠵᠠ ︖

ᠵᠡᠷᠯᠢᠭ᠌ ᠭᠡᠵᠤ ᠵᠠᠪᠡ ᠪᠠᠷ ᠬᠠᠷᠪᠣᠬᠤ ᠪᠢᠵᠠ ︖

ᠠᠢ᠂ ᠢᠨᠠᠭ ᠪᠣᠷᠤ ᠵᠠᠭᠠᠯ ᠳᠡᠭᠦᠤ ᠮᠢᠨᠤ ᠡᠭᠦᠨ ᠢ ᠰᠠᠨᠠᠬᠤᠢ ᠶᠢ ᠪᠠᠨ ᠪᠠᠢ᠌ᠴᠢᠬ᠎ᠠ ︕

ᠡᠵᠡᠨ ᠭᠡᠵᠤ ᠴᠢᠩᠭᠢᠰ ᠬᠠᠭᠠᠨ ᠯᠤᠭ᠎ᠠ ᠠᠳᠠᠯᠢ ᠡᠵᠡᠨ ᠣᠯᠳᠠᠬᠤ ᠪᠣᠶᠤ᠂

ᠡᠵᠢ ᠭᠡᠵᠤ ᠡᠷᠡᠮᠡᠭ᠌ ᠴᠠᠭᠠᠭᠴᠢᠨ ᠭᠡᠭᠦᠨ ᠳᠤᠷ ᠠᠳᠠᠯᠢ ᠡᠵᠢ ᠣᠯᠳᠠᠬᠤ ᠪᠣᠶᠤ ︖

ᠢᠩᠭᠢᠭᠦᠯ᠎ᠡ ᠪᠠᠢ᠌ᠴᠢᠬ᠎ᠠ ︕

ᠠᠷᠪᠠᠨ ᠰᠠᠷ᠎ᠠ ᠪᠣᠯᠳᠠᠯ᠎ᠠ ᠭᠡᠳᠡᠰᠤᠨ ᠳᠡᠭᠡᠨ ᠳᠡᠪᠠᠷᠢᠭ᠍ᠰᠡᠨ

ᠠᠩᠭᠢᠷ ᠰᠢᠷ᠎ᠠ ᠣᠭᠤᠷᠠᠭ ᠶᠢᠡᠨ ᠭᠦᠭᠦᠯᠦᠭ᠍ᠰᠡᠨ᠂

ᠬᠤᠳᠤᠭᠤᠷ ᠨᠢᠷᠤᠭᠤᠨ ᠳᠠᠭᠠᠨ ᠴᠢᠯᠠᠳᠠᠯ᠎ᠠ ᠡᠭᠦᠷᠦᠭ᠍ᠰᠡᠨ᠂

ᠬᠤᠩᠭ᠋ᠤᠷ ᠰᠢᠷ᠎ᠠ ᠣᠭᠤᠷᠠᠭ ᠶᠢᠡᠨ ᠭᠦᠭᠦᠯᠵᠤ ᠥᠰᠭᠡᠭ᠍ᠰᠡᠨ

ᠡᠷᠡᠮᠡᠭ᠌ ᠴᠠᠭᠠᠭᠴᠢᠨ ᠡᠵᠢ ᠶᠤᠭᠡᠨ ᠶᠠᠭᠠᠭᠢᠵᠤ ᠮᠠᠷᠳᠠᠬᠤ ᠭᠡᠨᠡᠮ᠃

ᠥᠰᠭᠡᠨ ᠳᠦᠷᠦᠭᠦᠯᠦᠭ᠍ᠰᠡᠨ ᠣᠯᠠᠭᠠᠨ ᠪᠣᠭᠤᠷᠤᠯ ᠠᠪᠣ ᠶᠤᠭᠠᠨ ᠶᠠᠭᠠᠭᠢᠵᠤ ᠮᠠᠷᠳᠠᠬᠤ ᠭᠡᠨᠡᠮ᠃

ᠨᠠᠢ᠌ᠯᠠᠵᠤ ᠥᠰᠦᠭ᠍ᠰᠡᠨ ᠣᠯᠠᠨ ᠨᠥᠭᠦᠷ ᠶᠤᠭᠡᠨ ᠶᠠᠭᠠᠭᠢᠵᠤ ᠮᠠᠷᠳᠠᠬᠤ ᠭᠡᠨᠡᠮ᠃

ᠠᠢ ᠢᠨᠠᠭ ᠪᠣᠷᠤ ᠵᠠᠭᠠᠯ ᠮᠢᠨᠤ ᠶᠠᠭᠤ ᠪᠠᠨ ᠢᠩᠭᠢᠨᠠᠮ ︕》 ᠭᠡᠵᠤ ᠬᠤᠷᠢᠳᠠᠯ᠎ᠠ ᠡᠰᠡ ᠳᠤᠭᠳᠠᠵᠤ ᠦᠨᠳᠦᠷ ᠬᠤᠧᠨ ᠳᠤᠪᠤᠨ ᠳᠡᠭᠡᠷ᠎ᠡ ᠭᠠᠷᠴᠤ ᠭᠤᠷᠪᠠᠨ ᠳᠠᠪᠠᠭ ᠣᠯᠢᠶᠠᠰᠤᠨ ᠮᠤᠳᠤᠨ ᠤ ᠰᠡᠭᠦᠳᠡᠷ ᠲᠤ ᠰᠡᠭᠦᠳᠡᠷᠯᠡᠭᠦ ᠳᠤ ᠳᠦᠷᠪᠠᠨ ᠵᠥᠭ᠌ ᠤᠨ ᠳᠦᠷᠪᠠᠨ ᠥᠩᠭᠡ ᠶᠢᠨ ᠠᠯᠳᠠᠨ ᠭᠤᠷᠭᠤᠤᠯᠳᠠᠢ ᠪᠣᠰᠤᠨ ᠵᠢᠷᠭᠢᠪᠠ᠄

《ᠣᠷᠢᠳᠤ ᠭᠠᠵᠠᠷ ᠤᠨ ᠡᠪᠠᠰᠤ ᠢᠨᠤ ᠣᠨᠠᠭ᠎ᠠ ᠳᠠᠭ᠎ᠠ ᠴᠢᠮᠭᠢᠭᠦ ᠮᠠᠳᠤ ᠰᠠᠢ᠌ᠬᠠᠨ ᠪᠠᠢ᠌ᠨᠠᠮ᠂

ᠬᠣᠢ᠌ᠳᠤ ᠭᠠᠵᠠᠷ ᠤᠨ ᠡᠪᠠᠰᠤ ᠢᠨᠤ ᠬᠤᠷᠠᠭ᠎ᠠ ᠴᠢᠮᠭᠢᠭᠦ ᠮᠠᠳᠤ ᠮᠠᠭᠤᠬᠠᠢ ᠪᠠᠢ᠌ᠨᠠᠮ᠃

ᠣᠷᠢᠳᠤ ᠭᠠᠵᠠᠷ ᠤᠨ ᠣᠰᠤ ᠠᠨᠤ ᠨᠠᠭᠤᠷ ᠳᠠᠯᠠᠢ ᠳᠤᠷ ᠠᠳᠠᠯᠢ ᠪᠠᠢ᠌ᠨᠠᠮ᠂

ᠬᠣᠢ᠌ᠳᠤ ᠭᠠᠵᠠᠷ ᠤᠨ ᠣᠰᠤ ᠠᠨᠤ ᠬᠣᠢ᠌ᠭ ᠤᠨ ᠰᠢᠪᠠᠷ ᠡᠴᠡ ᠭᠠᠷᠤᠭᠰᠠᠨ ᠱᠠᠯᠴᠢᠭ ᠠᠳᠠᠯᠢ ᠪᠠᠢ᠌ᠨᠠᠮ᠃

ᠣᠷᠢᠳᠤ ᠭᠠᠵᠠᠷ ᠤᠨ ᠡᠷ᠎ᠡ ᠶᠢᠨ ᠭᠡᠵᠢᠭᠡ ᠢᠨᠤ ᠠᠯᠳᠠ ᠭᠢᠭᠡᠳ ᠳᠠᠯᠢᠮ ᠰᠠᠢ᠌ᠬᠠᠨ ᠪᠠᠢ᠌ᠨᠠᠮ᠂

ᠬᠣᠢ᠌ᠳᠤ ᠭᠠᠵᠠᠷ ᠤᠨ ᠡᠷ᠎ᠡ ᠶᠢᠨ ᠭᠡᠵᠢᠭᠡ ᠢᠨᠤ ᠢᠮᠠᠭᠠᠨ ᠤ ᠰᠡᠭᠦᠯ ᠲᠡᠶ ᠠᠳᠠᠯᠢ ᠪᠠᠢ᠌ᠨᠠᠮ᠃

ᠣᠷᠢᠳᠤ ᠭᠠᠵᠠᠷ ᠤᠨ ᠠᠭᠳᠠ ᠶᠢᠨ ᠭᠤᠶ᠎ᠠ ᠳᠠᠪᠠᠷᠢᠵᠤ ᠪᠠᠭᠳᠠᠬᠤ ᠦᠭᠡᠶ ᠪᠦᠳᠦᠭᠦᠨ ᠪᠠᠢ᠌ᠨᠠᠮ᠂

ᠬᠣᠢ᠌ᠳᠤ ᠭᠠᠵᠠᠷ ᠤᠨ ᠠᠭᠳᠠ ᠶᠢᠨ ᠭᠤᠶ᠎ᠠ ᠴᠠᠷᠴᠠᠬᠠᠢ ᠶᠢᠨ ᠭᠤᠶ᠎ᠠ ᠳᠤᠷ ᠠᠳᠠᠯᠢ ᠪᠠᠢ᠌ᠨᠠᠮ》 ᠭᠡᠵᠤ ᠵᠢᠷᠭᠢᠪᠠ᠃ ᠬᠠᠷᠴᠠᠭᠠᠢ ᠰᠢᠪᠠᠭᠤᠨ ᠬᠠᠳᠠᠨ ᠳᠡᠭᠡᠷ᠎ᠡ ᠭᠠᠷᠴᠤ ᠵᠢᠷᠭᠢᠪᠠ᠃ ᠬᠠᠭᠠᠨ ᠡᠵᠡᠨ ᠤ ᠬᠤᠶᠠᠷ ᠵᠠᠭᠠᠯ ᠭᠠᠵᠠᠷᠯᠠᠬᠤ ᠶᠤᠰᠤᠨ ᠳᠡᠭᠦᠨ ᠡᠴᠡ ᠪᠣᠯᠪᠠ᠃ ᠪᠣᠭᠰᠢᠷᠭ᠎ᠠ ᠰᠢᠪᠠᠭᠤ ᠪᠣᠰᠤᠨ ᠵᠢᠷᠭᠢᠪᠠ᠃ ᠪᠣᠭᠳᠠ ᠡᠵᠡᠨ ᠤ ᠬᠤᠶᠠᠷ ᠵᠠᠭᠠᠯ ᠭᠠᠵᠠᠷᠯᠠᠬᠤ ᠶᠤᠰᠤᠨ ᠳᠡᠭᠦᠨ ᠡᠴᠡ ᠪᠣᠯᠪᠠ᠃ ᠠᠯᠳᠠᠨ ᠭᠤᠷᠭᠤᠤᠯᠳᠠᠢ ᠣᠯᠢᠶᠠᠰᠤᠨ ᠮᠤᠳᠤᠨ ᠤ ᠮᠦᠴᠢᠷ ᠳᠡᠭᠡᠷ᠎ᠡ ᠢᠷᠠᠵᠤ ᠵᠢᠷᠭᠢᠪᠠ᠃ ᠠᠭᠳᠠ ᠬᠤᠶᠠᠷ ᠵᠠᠭᠠᠯ ᠭᠠᠵᠠᠷᠯᠠᠬᠤ ᠶᠤᠰᠤᠨ ᠳᠡᠭᠦᠨ ᠡᠴᠡ ᠪᠣᠯᠪᠠ᠃ ᠭᠦᠭᠡᠢ ᠬᠠᠨ ᠤ ᠠᠷᠤ ᠳ᠋ᠠᠭᠢ ᠭᠦᠭᠦᠭᠡ ᠰᠢᠪᠠᠭᠤᠨ ᠭᠦᠷᠴᠤ ᠢᠷᠠᠨ ᠵᠢᠷᠭᠢᠪᠠ᠃ ᠭᠦᠭᠡᠷᠦᠭᠦᠢ ᠬᠤᠶᠠᠷ ᠵᠠᠭᠠᠯ ᠭᠠᠵᠠᠷᠯᠠᠬᠤ ᠶᠤᠰᠤᠨ ᠳᠡᠭᠦᠨ ᠡᠴᠡ ᠪᠣᠯᠪᠠ᠃ ᠳᠡᠳᠡᠭᠡᠷ ᠣᠯᠠᠨ ᠰᠢᠪᠠᠭᠤᠨ ᠳᠦᠷᠪᠠᠨ ᠵᠥᠭ᠌ ᠡᠴᠡ ᠵᠢᠷᠭᠢᠭᠦᠢ ᠳᠤᠷ ᠳᠠᠷᠠ ᠬᠤᠶᠠᠷ ᠵᠠᠭᠠᠯ ᠴᠢᠭᠢ ᠪᠠᠨ ᠰᠡᠷᠳᠡᠢ᠌ᠯᠭᠡᠵᠤ᠂ ᠰᠡᠭᠦᠯ ᠶᠢᠡᠨ ᠰᠠᠭᠰᠠᠢ᠌ᠯᠭᠠᠵᠤ᠂ ᠬᠠᠮᠠᠷ ᠶᠢᠡᠨ ᠬᠤᠤᠭᠢᠷᠠᠨ ᠴᠢᠩᠨᠠᠨ ᠪᠠᠢ᠌ᠭᠠᠤᠨ ᠬᠠᠢ᠌ᠷᠠᠳᠤ ᠪᠠᠭ᠎ᠠ ᠵᠠᠭᠠᠯ ᠭᠠᠵᠠᠷᠯᠠᠨ ᠶᠠᠪᠣᠪᠠ᠃

ᠳᠦᠷᠭᠡᠨ ᠳᠦᠷᠭᠡᠨ ᠶᠠᠪᠣᠬᠤᠢ ᠳᠤᠷ

ᠳᠦᠩᠭᠦᠷᠴᠡᠭ᠌ ᠤᠨ ᠳᠦᠴᠢᠨᠠᠨ ᠴᠢᠯᠠᠭᠤ ᠶᠢ ᠭᠦᠳᠡᠯᠭᠡᠵᠤ᠂

ᠠᠯᠭᠤᠷ ᠠᠯᠭᠤᠷ ᠶᠠᠪᠣᠬᠤᠢ ᠳᠤᠷ

ᠠᠷᠠᠭ᠎ᠠ ᠶᠢᠨ ᠳᠦᠴᠢᠨᠠᠨ ᠴᠢᠯᠠᠭᠤ ᠶᠢ ᠴᠤᠭᠢᠨ ᠭᠦᠳᠡᠯᠭᠡᠵᠤ

ᠬᠤᠤᠬᠠᠢ ᠶᠢᠨ ᠭᠤᠷᠪᠠᠨ ᠴᠠᠪᠴᠢᠭᠤᠷ ᠵᠤᠷᠢᠨ ᠶᠠᠪᠣᠵᠤ ᠪᠠᠢ᠌ᠳᠠᠯ᠎ᠠ᠂ ᠶᠡᠭᠡ ᠵᠠᠭᠠᠯ ᠠᠬ᠎ᠠ ᠠᠨᠤ ᠪᠠᠭ᠎ᠠ ᠳᠡᠭᠦᠤ ᠵᠠᠭᠠᠯ ᠤᠨ ᠶᠢᠡᠨ ᠳᠤᠭᠤᠰᠤᠨ ᠢ ᠬᠠᠷᠠᠨ ᠪᠠᠢ᠌ᠭᠠᠤᠨ ᠡᠰᠡ ᠳᠠᠰᠤᠨ ᠬᠣᠢ᠌ᠨ᠎ᠠ ᠡᠴᠡ ᠨᠢ ᠭᠦᠭᠡᠭᠡᠵᠤ᠂ ᠭᠦᠭᠡᠢ ᠬᠠᠳᠠᠨ ᠤ ᠦᠯᠭᠡ ᠳᠤ ᠭᠦᠢᠴᠡᠨ ᠢᠷᠡᠭᠦ ᠳᠤ ᠬᠠᠷ᠎ᠠ ᠭᠦᠯᠦᠰᠤ ᠠᠯᠳᠠᠵᠤ ᠬᠠᠮᠠᠷ ᠶᠢᠡᠨ ᠰᠡᠷᠳᠡᠢ᠌ᠯᠭᠡᠵᠤ ᠠᠷᠠᠢ᠌ᠬᠠᠨ ᠠᠮᠢ ᠳᠠᠮᠠᠴᠠᠨ ᠭᠦᠢᠴᠡᠵᠤ ᠢᠷᠠᠪᠠ᠃

ᠳᠠᠷᠠ ᠰᠦᠨᠢ ᠬᠠᠭᠠᠨ ᠡᠵᠡᠨ ᠨᠣᠢ᠌ᠷᠰᠤᠭᠰᠠᠨ ᠬᠣᠢ᠌ᠨ᠎ᠠ ᠪᠠᠨ ᠬᠤᠶᠠᠷ ᠵᠠᠭᠠᠯ ᠶᠢᠡᠨ ᠭᠠᠵᠠᠷᠯᠠᠪᠠ ᠭᠡᠵᠤ ᠵᠡᠭᠦᠳᠦᠯᠡᠪᠡ᠃ ᠦᠷᠯᠦᠭᠡ ᠡᠷᠳᠡ ᠪᠣᠰᠴᠤ ᠪᠣᠭᠤᠯ ᠮᠠᠴᠢᠨ ᠳᠡᠭᠡᠨ ᠵᠠᠷᠯᠢᠭ ᠪᠣᠯᠪᠠ᠄ ᠡᠴᠢᠭᠡ ᠳᠡᠭ᠍ᠷᠢ ᠡᠴᠡ ᠡᠰᠢ ᠲᠡᠶ ᠳᠦᠷᠦᠭ᠍ᠰᠡᠨ ᠡᠷ᠎ᠡ ᠬᠤᠶᠠᠷ ᠵᠠᠭᠠᠯ ᠮᠢᠨᠤ ᠡᠢ᠌ᠯᠤᠨ ᠭᠠᠵᠠᠷᠯᠠᠪᠠ ᠭᠡᠵᠤ ᠵᠡᠭᠦᠳᠦᠯᠡᠪᠡ ᠪᠢ᠃ ᠬᠠᠭᠠᠨ ᠳᠡᠭ᠍ᠷᠢ ᠡᠴᠢᠭᠡ ᠶᠢᠨ ᠵᠠᠶᠠᠭ᠎ᠠ ᠲᠡᠶ ᠳᠦᠷᠦᠭ᠍ᠰᠡᠨ ᠬᠠᠢ᠌ᠷᠠᠳᠤ ᠬᠤᠶᠠᠷ ᠵᠠᠭᠠᠯ ᠮᠢᠨᠤ ᠬᠠᠷᠢ ᠶᠢᠨ ᠪᠣᠯᠤᠨ ᠭᠠᠵᠠᠷᠯᠠᠪᠠ ᠭᠡᠵᠤ ᠵᠡᠭᠦᠳᠦᠯᠡᠪᠡ ᠪᠢ᠃ ᠠᠢ ᠪᠣᠭᠤᠯ ᠮᠠᠴᠢᠨ ᠮᠢᠨᠤ᠂ ᠠᠳᠤᠭᠤᠨ ᠳᠤᠷ ᠣᠷᠤᠵᠤ ᠦᠵᠡ᠃ ᠦᠨᠡᠨ ᠪᠣᠶᠤ ᠬᠤᠳᠠᠯ ᠪᠣᠶᠤ᠃ ᠦᠨᠡᠨ ᠪᠦᠭᠡᠰᠤ ᠳᠠᠪᠤᠨ ᠥᠩᠭᠡ ᠳᠦᠷᠪᠠᠨ ᠬᠠᠷᠢ ᠶᠢᠨ ᠣᠯᠤᠰ ᠲᠤ ᠮᠢᠨᠤ ᠳᠤᠩᠬᠠᠭ ᠥᠭ᠍ᠴᠤ ᠴᠤᠭᠯᠠᠭᠤᠯᠵᠤ ᠢᠷ᠎ᠠ ︕ ᠭᠡᠪᠡ᠃

ᠳᠠᠳᠤᠢ ᠪᠣᠭᠤᠯ ᠮᠠᠴᠢᠨ ᠠᠳᠤᠭᠤᠨ ᠳᠤᠷ ᠣᠷᠤᠵᠤ ᠦᠵᠡᠪᠠᠰᠤ᠂ ᠬᠤᠶᠠᠷ ᠵᠠᠭᠠᠯ ᠦᠭᠡᠶ ᠠᠵᠠᠢ᠃ ᠡᠷᠡᠮᠡᠭ᠌ ᠴᠠᠭᠠᠭᠴᠢᠨ ᠭᠡᠭᠦᠨ ᠢᠨᠤ ᠡᠢ᠌ᠰᠢ ᠳᠠᠢ᠌ᠰᠢ ᠬᠠᠷᠠᠵᠤ᠂ ᠬᠤᠶᠠᠷ ᠨᠢᠳᠤᠨ ᠡᠴᠡ ᠨᠢᠯᠪᠣᠰᠤᠨ ᠢᠨᠤ ᠴᠤᠪᠣᠷᠠᠵᠤ᠂ ᠬᠤᠶᠠᠷ ᠭᠦᠭᠦᠨ ᠡᠴᠡ ᠢᠨᠤ ᠰᠥ᠋ ᠴᠤᠪᠣᠷᠢᠭᠤᠯᠵᠤ ᠪᠠᠢ᠌ᠪᠠ᠃ ᠳᠠᠳᠤᠢ ᠪᠣᠭᠤᠯ ᠮᠠᠴᠢᠨ ᠶᠠᠪᠣᠵᠤ ᠳᠠᠪᠤᠨ ᠥᠩᠭᠡ ᠳᠦᠷᠪᠠᠨ ᠬᠠᠷᠢ ᠶᠢᠨ ᠣᠯᠤᠰ ᠶᠢᠡᠨ ᠴᠤᠭᠯᠠᠭᠤᠯᠵᠤ ᠢᠷᠡᠭ᠍ᠰᠡᠨ ᠬᠣᠢ᠌ᠨ᠎ᠠ ᠠᠴᠢᠳᠤ ᠬᠠᠭᠠᠨ ᠡᠵᠡᠨ ᠠᠯ ᠵᠤᠯᠠ ᠪᠣᠷᠤ ᠮᠤᠷᠢᠨ ᠳᠠᠭᠠᠨ ᠠᠯᠳᠠᠨ ᠡᠮᠡᠭᠡᠯ ᠳᠤᠬᠤᠮ ᠶᠢᠡᠨ ᠳᠤᠬᠤᠵᠤ᠂ ᠠᠯᠳᠠᠨ ᠰᠠᠭᠠᠳᠠᠭ ᠶᠢᠡᠨ ᠪᠦᠰᠡᠯᠡᠵᠤ᠂ ᠠᠯᠠᠩᠭᠢᠷ ᠴᠠᠭᠠᠨ ᠨᠤᠮᠤᠨ ᠶᠢᠡᠨ ᠳᠦᠷᠤᠵᠤ᠂ ᠠᠯ ᠨᠠᠴᠢᠨ ᠬᠠᠷᠴᠠᠭᠠᠢ ᠪᠠᠨ ᠪᠠᠷᠢᠭᠤᠯᠵᠤ᠂ ᠠᠮᠠ ᠴᠠᠭᠠᠨ ᠰᠢᠷ᠎ᠠ ᠨᠤᠬᠠᠢ ᠪᠠᠨ ᠭᠦᠳᠦᠯᠵᠤ᠂ ᠠᠭᠳᠠ ᠬᠤᠶᠠᠷ ᠵᠠᠭᠠᠯ ᠢ ᠪᠠᠨ ᠡᠷᠢᠭᠦᠢ ᠳᠤᠷ ᠠᠪᠠ ᠶᠢᠨ ᠶᠡᠭᠡ ᠣᠯᠤᠰ ᠲᠠᠭᠠᠨ ᠵᠠᠷᠯᠢᠭ ᠪᠣᠯᠪᠠᠢ᠄《ᠳᠠᠷᠠ ᠬᠤᠶᠠᠷ ᠵᠠᠭᠠᠯ ᠢ ᠮᠢᠨᠤ ᠭᠡᠨ ᠭᠦᠮᠤᠨ ᠭᠦᠢᠴᠡᠪᠠᠰᠤ ᠪᠢᠳᠡᠭᠡᠢ ᠬᠠᠷᠪᠣ ︕ ᠳᠠᠮ ᠳᠠᠮ ᠶᠢᠡᠷ ᠣᠭᠳᠤᠵᠤ ᠳᠤᠰᠴᠤ ᠪᠠᠷᠢ᠃ ᠳᠠᠷᠠ ᠪᠠᠷᠢᠭᠰᠠᠨ ᠭᠦᠮᠤᠨ ᠳᠤ᠂ ᠳᠦᠷᠪᠠᠨ ᠬᠤᠰᠢᠭᠤ ᠮᠠᠯ ᠡᠴᠡ ᠳᠡᠭ᠍ᠰᠢ ᠬᠤᠪᠢᠶᠠᠵᠤ ᠦᠭ‍ᠭᠦᠶ᠎ᠡ᠃ ᠭᠦᠭᠡᠢ ᠬᠠᠨ ᠤ ᠦᠯᠭᠡ ᠪᠠᠷ᠂ ᠠᠯᠳᠠᠢ ᠬᠠᠨ ᠤ ᠠᠷᠤ ᠪᠠᠷ ᠠᠪᠠᠯᠠᠵᠠᠭᠠᠶ᠎ᠠ ︕ ᠲᠦᠪ ᠤᠨ ᠭᠦᠮᠤᠨ ᠳᠦᠷᠭᠡᠨ ᠶᠠᠪᠣ ︕ ᠥᠵᠦᠭᠦᠷ ᠤᠨ ᠭᠦᠮᠤᠨ ᠣᠷᠢᠳᠤ ᠶᠠᠪᠣ ︕ ᠳᠠᠭᠢᠮ ᠤᠨ ᠭᠦᠮᠤᠨ ᠳᠠᠰᠤᠷᠠᠵᠤ ᠪᠢᠳᠡᠭᠡᠢ ᠬᠤᠴᠤᠷᠤ ︕ 》ᠭᠡᠵᠤ ᠵᠠᠷᠯᠢᠭ ᠪᠣᠯᠪᠠ᠃

ᠵᠨ᠂ ᠳᠠᠷᠠ ᠣᠯᠠᠨ ᠠᠪᠠᠴᠢᠨ ᠭᠦᠭᠡᠢ ᠬᠠᠨ ᠤ ᠦᠯᠭᠡ ᠪᠠᠷ᠂ ᠠᠯᠳᠠᠢ ᠬᠠᠨ ᠤ ᠠᠷᠤ ᠪᠠᠷ ᠭᠦᠷᠴᠤ ᠢᠷᠡᠭᠦ ᠳᠤ ᠶᠡᠭᠡ ᠵᠠᠭᠠᠯ ᠠᠨᠤ ᠪᠠᠭ᠎ᠠ ᠵᠠᠭᠠᠯ ᠳᠡᠭᠦᠤ ᠳᠤᠷ ᠶᠢᠡᠨ᠄ 《ᠠᠪᠠ ᠶᠢᠨ ᠣᠯᠤᠰ ᠢᠷᠠᠯ᠎ᠠ ᠪᠢᠰᠢᠤ ︖》 ᠭᠡᠵᠤ ᠳᠠᠭᠢᠨ ᠳᠠᠭᠢᠨ ᠭᠡᠯᠡᠭᠦᠢ ᠳᠤᠷ ᠪᠠᠭ᠎ᠠ ᠵᠠᠭᠠᠯ ᠭᠡᠯᠡᠪᠡ ᠄ 《ᠠᠢ ︕ ᠠᠬ᠎ᠠ ᠮᠢᠨᠤ᠂ ᠴᠢ ᠶᠠᠭᠠᠭᠢᠭᠰᠠᠨ ᠡᠮ᠎ᠡ ᠭᠦᠮᠤᠨ ᠮᠠᠳᠤ ᠠᠬᠤᠷᠬᠠᠨ ᠪᠣᠳᠤᠯ ᠲᠡᠶ ᠪᠠᠢ᠌ᠳᠠᠭ ᠶᠤᠮ ᠪᠣᠢ ︖ ᠴᠢ ᠪᠢᠳᠠ ᠬᠤᠶᠠᠷ ᠢ ᠭᠦᠢᠴᠡᠭᠦ ᠪᠠᠢ᠌ᠳᠤᠭᠠᠢ᠂ ᠮᠠᠨ ᠤ ᠪᠠᠷ᠎ᠠ ᠶᠢ ᠬᠠᠷᠠᠬᠤ ᠮᠤᠷᠢ ᠳᠠᠠᠳᠠ ᠪᠠᠢ᠌ᠬᠤ ᠪᠢᠯᠢᠤ ︖ ᠠᠯ ᠵᠤᠯᠠ ᠮᠤᠷᠢ ᠶᠠᠭᠤ ᠶᠤᠮ ᠪᠢᠯᠠ ︖ ᠴᠢᠩᠭᠢᠪᠠᠴᠤ ᠭᠠᠢ ᠦᠭᠡᠶ ᠠᠬ᠎ᠠ ᠮᠢᠨᠤ ᠶᠠᠪᠣᠵᠠᠭᠠᠶ᠎ᠠ ︕ ᠲᠦᠪ ᠤᠨ ᠭᠦᠮᠤᠨ ᠳᠤ ᠳᠤᠭᠤᠰᠤᠨ ᠶᠢᠡᠨ ᠥᠵᠡᠭᠦᠯᠦᠶ᠎ᠡ᠂ ᠥᠵᠦᠭᠦᠷ ᠤᠨ ᠭᠦᠮᠤᠨ ᠳᠤ ᠪᠠᠷ᠎ᠠ ᠪᠠᠨ ᠥᠵᠡᠭᠦᠯᠦᠶ᠎ᠡ᠃ ᠭᠦᠭᠡᠢ ᠬᠠᠨ ᠤ ᠦᠪᠣᠷ ᠢ ᠳᠠᠪᠠᠵᠤ ᠭᠠᠷᠬᠤ ᠳᠠᠭᠠᠨ ᠦᠯᠤ ᠬᠠᠯᠵᠠᠨ ᠪᠣᠭᠤ ᠶᠢ ᠢᠰᠭᠦᠴᠡᠨ ᠣᠨᠠᠭᠠᠵᠤ ᠪᠠᠭᠤᠶ᠎ᠠ᠂ ᠠᠯᠳᠠᠢ ᠬᠠᠨ ᠤ ᠠᠷᠤ ᠣᠷᠤᠭᠤ ᠪᠠᠭᠤᠬᠤ ᠳᠠᠭᠠᠨ ᠠᠷᠭᠠᠯᠢ ᠣᠭᠠᠯᠵᠠ ᠶᠢ ᠳᠠᠭᠠᠷᠢᠨ ᠣᠨᠠᠭᠠᠵᠤ ᠪᠠᠭᠤᠶ᠎ᠠ ︕ 》ᠭᠡᠵᠤ ᠭᠡᠯᠡᠭ᠍ᠰᠡᠭᠡᠷ ᠳᠠᠷᠠ ᠶᠤᠰᠤᠭᠠᠷ ᠢᠰᠭᠦᠴᠡᠨ ᠣᠨᠠᠭᠠᠵᠤ ᠶᠠᠪᠣᠪᠠ ᠭᠡᠨ᠎ᠡ᠃

ᠬᠠᠭᠠᠨ ᠭᠦᠭᠡᠢ ᠬᠠᠨ ᠤ ᠣᠷᠤᠢ ᠳᠡᠭᠡᠷ᠎ᠡ ᠭᠠᠷᠴᠤ᠂ ᠪᠠᠷ᠎ᠠ ᠶᠢ ᠨᠢ ᠳᠠᠰᠤᠷᠠᠳᠠᠯ᠎ᠠ ᠬᠠᠷᠠᠵᠤ ᠪᠠᠢ᠌ᠭᠠᠤᠨ ᠡᠰᠡ ᠭᠦᠢᠴᠡᠭ᠍ᠰᠡᠨ ᠳᠤ ᠪᠣᠯᠳᠤ ᠶᠢᠨ ᠪᠣᠷᠤ ᠳᠠᠯ᠎ᠠ ᠳᠡᠭᠡᠷ᠎ᠡ ᠪᠠᠭᠤᠵᠤ ᠭᠠᠵᠠᠷ ᠳᠡᠭᠡᠷ᠎ᠡ ᠳᠤᠬᠤᠮ ᠶᠢᠡᠨ ᠳᠡᠯᠭᠡᠵᠤ᠂ ᠪᠦᠰᠡ ᠪᠠᠨ ᠳᠠᠢ᠌ᠯᠵᠤ ᠭᠦᠵᠦᠭᠦᠨ ᠳᠡᠭᠡᠨ ᠡᠯᠭᠦᠵᠤ᠂ ᠳᠡᠭ᠍ᠷᠢ ᠡᠴᠢᠭᠡ ᠳᠡᠭᠡᠨ ᠮᠦᠷᠭᠦᠵᠤ᠄

《ᠬᠠᠷ᠎ᠠ ᠪᠠᠭ᠎ᠠ ᠶᠢᠨ ᠰᠠᠢ᠌ᠨ ᠶᠢᠡᠷ ᠬᠠᠭᠠᠨ ᠪᠣᠯᠤᠭᠰᠠᠨ ᠦᠭᠡᠶ ᠪᠢ᠂

ᠬᠠᠨ ᠳᠡᠭ᠍ᠷᠢ ᠶᠢᠨ ᠬᠠᠢ᠌ᠷ᠎ᠠ ᠪᠠᠷ ᠬᠠᠭᠠᠨ ᠪᠣᠯᠤᠯ᠎ᠠ ᠪᠢ᠃

ᠬᠠᠵᠠᠭᠠᠷ ᠶᠢᠡᠨ ᠶᠠᠭᠠᠭᠢᠵᠤ ᠡᠭᠡᠯᠳᠦᠷᠴᠤ ᠬᠠᠷᠢᠶ᠎ᠠ ᠪᠣᠢ ︖

ᠡᠷ᠎ᠡ ᠶᠢᠨ ᠰᠠᠢ᠌ᠨ ᠶᠢᠡᠷ ᠬᠠᠭᠠᠨ ᠪᠣᠯᠤᠭᠰᠠᠨ ᠦᠭᠡᠶ ᠪᠢ᠂

ᠡᠷᠭᠡᠳᠤ ᠳᠡᠭ᠍ᠷᠢ ᠡᠴᠢᠭᠡ ᠶᠢᠨ ᠵᠠᠶᠠᠭᠠᠨ ᠶᠢᠡᠷ ᠬᠠᠭᠠᠨ ᠪᠣᠯᠪᠠ ᠪᠢ᠃

ᠡᠮᠡᠭᠡᠯ ᠶᠢᠡᠨ ᠶᠠᠭᠠᠭᠢᠵᠤ ᠡᠭᠦᠷᠴᠤ ᠬᠠᠷᠢᠶ᠎ᠠ ᠪᠢ ︖

ᠣᠯᠠᠨ ᠶᠡᠭᠡ ᠠᠪᠠ ᠪᠣᠯᠤᠨᠠᠮ ᠪᠢᠵᠠ᠂

ᠶᠠᠭᠤᠨ ᠳᠠᠭᠠᠨ ᠡᠮᠡᠭᠡᠯ ᠶᠢᠡᠨ ᠳᠤᠬᠤᠨᠠᠮ ︖

ᠣᠴᠢᠷᠳᠤ ᠶᠡᠭᠡ ᠣᠷᠤᠯᠳᠤᠭᠠᠨ ᠪᠣᠯᠤᠨᠠᠮ ᠪᠢᠵᠠ᠂

ᠶᠠᠭᠤᠨ ᠶᠢᠡᠨ ᠵᠢᠭᠰᠠᠭᠠᠨ ᠬᠠᠭᠰᠠᠭᠠᠶ᠎ᠠ ︖

ᠭᠦᠷ ᠶᠡᠭᠡ ᠠᠪᠠ ᠪᠣᠯᠤᠨᠠᠮ ᠪᠢᠵᠠ᠂

ᠶᠠᠭᠤᠨ ᠶᠢᠡᠨ ᠡᠮᠡᠭᠡᠯᠡᠶ᠎ᠡ ᠪᠢ ︖

ᠭᠦᠡᠳᠤ ᠶᠡᠭᠡ ᠴᠡᠷᠢᠭ᠌ ᠪᠣᠯᠤᠨᠠᠮ ᠪᠢᠵᠠ᠂

ᠶᠠᠭᠤᠨ ᠶᠢᠡᠨ ᠬᠤᠶᠠᠭᠯᠠᠶ᠎ᠠ ᠪᠢ ︖

ᠬᠠᠷᠢ ᠶᠢᠨ ᠳᠠᠢ᠌ᠰᠤᠨ ᠪᠣᠯᠤᠨᠠᠮ ᠪᠢᠵᠠ᠂

ᠶᠠᠭᠤᠨ ᠶᠢᠡᠨ ᠣᠨᠤᠶ᠎ᠠ ᠪᠢ ︖

ᠬᠠᠢ᠌ᠷᠠᠨ ᠬᠤᠶᠠᠷ ᠵᠠᠭᠠᠯ ᠮᠢᠨᠤ ᠭᠠᠵᠠᠷᠯᠠᠵᠤ ᠶᠠᠪᠣᠪᠠ ︕》 ᠭᠡᠵᠤ ᠬᠠᠢ᠌ᠯᠠᠪᠠ᠃ ᠳᠠᠳᠤᠢ ᠡᠰᠡ ᠭᠦᠢᠴᠡᠭ᠍ᠰᠡᠨ ᠣᠴᠢᠷ ᠪᠣᠭᠳᠠ ᠡᠵᠡᠨ ᠭᠡᠷ ᠲᠡᠭᠡᠨ ᠥᠭᠡᠳᠡ ᠪᠣᠯᠵᠤ ᠬᠠᠷᠢᠪᠠ᠃

ᠬᠤᠶᠠᠷ ᠵᠠᠭᠠᠯ ᠬᠤᠤᠬᠠᠢ ᠶᠢᠨ ᠭᠤᠷᠪᠠᠨ ᠴᠠᠪᠴᠢᠭᠤᠷ ᠲᠤ ᠭᠦᠷᠴᠤ ᠨᠤᠳᠤᠭᠯᠠᠪᠠ᠃ ᠭᠤᠷᠪᠠᠨ ᠵᠢᠯ ᠪᠣᠯᠬᠤ ᠳᠤ ᠪᠠᠭ᠎ᠠ ᠵᠠᠭᠠᠯ ᠠᠨᠤ ᠰᠠᠭᠠᠷᠢ ᠨᠢ ᠢᠵᠠᠷᠠᠳᠠᠯ᠎ᠠ ᠳᠠᠷᠭᠤᠯᠠᠪᠠ᠃ ᠶᠡᠭᠡ ᠵᠠᠭᠠᠯ ᠠᠨᠤ ᠬᠠᠳᠠᠵᠤ ᠵᠤᠭᠰᠤᠭᠰᠠᠨ ᠮᠤᠷᠢᠨ ᠮᠠᠳᠤ ᠡᠴᠡᠩᠭᠡᠷ᠃ ᠳᠡᠭᠡᠵᠤ ᠪᠠᠢ᠌ᠳᠠᠯ᠎ᠠ ᠪᠠᠭ᠎ᠠ ᠵᠠᠭᠠᠯ ᠳᠡᠭᠦᠤ ᠢᠨᠤ ᠶᠡᠭᠡ ᠵᠠᠭᠠᠯ ᠠᠬ᠎ᠠ ᠡᠴᠡᠭᠡᠨ ᠠᠰᠠᠭᠤᠪᠠ᠄ 《ᠠᠬ᠎ᠠ ᠮᠢᠨᠤ ᠴᠢ ᠶᠠᠭᠠᠭᠢᠭᠰᠠᠨ ᠪᠢᠯᠠ ︖ ᠡᠪᠦᠯ ᠤᠨ ᠴᠠᠭ ᠪᠣᠯᠬᠤᠯᠠᠷ ᠬᠤᠶᠠᠷ ᠬᠠᠴᠠᠷ ᠲᠤ ᠴᠢᠨᠢ ᠠᠶᠠᠭ᠎ᠠ ᠶᠢᠨ ᠳᠦᠴᠢᠨᠠᠨ ᠮᠦᠰᠤ ᠭᠦᠷᠦᠵᠤ ᠶᠠᠪᠣᠳᠠᠭ᠂ ᠵᠤᠨ ᠴᠠᠭ ᠪᠣᠯᠬᠤ ᠳᠤ ᠬᠤᠶᠠᠷ ᠬᠠᠴᠠᠷ ᠴᠢᠨᠤ ᠬᠠᠯᠴᠠᠭᠠᠢ᠌ᠷᠠᠭᠰᠠᠨ ᠮᠠᠳᠤ ᠶᠠᠪᠣᠬᠤ ᠴᠢᠨᠢ ᠶᠠᠭᠤᠨ ᠪᠣᠢ ︖ ᠡᠪᠠᠰᠤᠨ ᠢ ᠪᠣᠯᠪᠠᠰᠤ ᠡᠷᠡᠤ ᠪᠠᠷ ᠠᠳᠠᠯᠢᠬᠠᠨ ᠢᠳᠠᠵᠤ᠂ ᠣᠰᠤᠨ ᠢ ᠪᠣᠯᠪᠠᠰᠤ ᠣᠷᠤᠭᠤᠯ ᠶᠢᠡᠷ ᠠᠳᠠᠯᠢᠬᠠᠨ ᠣᠤᠭᠤᠵᠤ ᠪᠠᠢ᠌ᠳᠠᠯ᠎ᠠ ᠢᠩᠭᠢᠵᠤ ᠠᠷᠠᠰᠤ ᠰᠢᠷᠪᠣᠰᠤ ᠲᠡᠶ ᠪᠠᠨ ᠠᠭᠵᠠᠢ᠌ᠵᠤ ᠠᠳᠤᠷᠢᠭᠰᠠᠨ ᠴᠢᠨᠤ ᠶᠠᠭᠤᠨ ᠪᠣᠢ ︖ ᠠᠴᠢᠳᠤ ᠠᠬ᠎ᠠ ᠮᠢᠨᠤ᠂ ᠴᠢᠮ᠎ᠠ ᠶᠢ ᠥᠭᠦᠭᠦᠯᠡᠮᠡᠡᠵᠢᠨ ᠠᠷᠠᠰᠤ ᠶᠢ ᠴᠢᠨᠢ ᠪᠢ ᠡᠮᠦᠰᠭᠦ ᠶᠤᠮ ᠪᠢᠰᠢ ᠳ᠋ᠤᠤ᠂ ᠮᠢᠬ᠎ᠠ ᠶᠢ ᠴᠢᠨᠢ ᠪᠢ ᠢᠳᠡᠭᠦ ᠶᠤᠮ ᠪᠢᠰᠢ ᠳ᠋ᠤᠤ᠃ ᠠᠬ᠎ᠠ ᠮᠢᠨᠤ ᠰᠠᠨᠠᠭ᠎ᠠ ᠪᠠᠨ ᠨᠠᠳᠠ ᠳᠤ ᠭᠡᠯᠡᠭᠡᠰᠡᠢ ︕》 ᠭᠡᠭᠦᠯᠡᠷ ᠶᠡᠭᠡ ᠵᠠᠭᠠᠯ ᠭᠡᠯᠡᠪᠡ᠄ 《ᠢᠨᠠᠭ ᠪᠣᠷᠤ ᠵᠠᠭᠠᠯ ᠮᠢᠨᠤ᠂ ᠣᠮᠤᠭ ᠶᠢᠡᠨ ᠳᠠᠷᠤ ︕ ᠪᠢ ᠴᠢᠮ᠎ᠠ ᠳᠤ ᠰᠠᠨᠠᠭ᠎ᠠ ᠪᠠᠨ ᠭᠡᠯᠡᠶ᠎ᠡ᠃ ᠳᠡᠭᠦᠤ ᠮᠢᠨᠤ᠂ ᠥᠰᠭᠡᠵᠤ ᠳᠦᠷᠦᠭᠦᠯᠦᠭ᠍ᠰᠡᠨ ᠡᠷᠡᠮᠡᠭ᠌ ᠴᠠᠭᠠᠭᠴᠢᠨ ᠡᠵᠢ ᠶᠢ ᠪᠠᠨ ᠰᠠᠨᠠᠬᠤᠯᠠᠷ ᠡᠪᠠᠰᠤᠨ ᠳᠤ ᠡᠷᠡᠤ ᠭᠦᠷᠭᠦ ᠦᠭᠡᠶ ᠪᠠᠢ᠌ᠨ᠎ᠠ᠂ ᠣᠰᠤᠨ ᠳᠤ ᠣᠷᠤᠭᠤᠯ ᠭᠦᠷᠭᠦ ᠦᠭᠡᠶ ᠪᠠᠢ᠌ᠨ᠎ᠠ᠃ ᠢᠨᠠᠭ ᠪᠣᠷᠤ ᠵᠠᠭᠠᠯ ᠮᠢᠨᠤ ︕ ᠣᠯᠠᠨ ᠶᠡᠭᠡ ᠠᠪᠠ ᠪᠣᠯᠤᠨᠠᠮ ᠪᠢᠯᠠ᠂ ᠣᠯᠤᠰ ᠤᠨ ᠤᠷᠢᠳ ᠵᠢᠭᠰᠠᠭᠠᠵᠤ ᠬᠠᠭᠰᠠᠭᠠᠳᠠᠭ ᠪᠢᠯᠠ᠃ ᠣᠯᠠᠭᠠᠨ ᠡᠮᠡᠭᠡᠯ ᠶᠢᠡᠨ ᠳᠤᠬᠤᠵᠤ ᠣᠯᠤᠰ ᠮᠤᠩᠭ᠋ᠤᠯ ᠤᠨ ᠶᠢᠡᠨ ᠡᠮᠦᠨ᠎ᠡ ᠭᠠᠢ᠌ᠬᠠᠭᠤᠯᠳᠠᠭ ᠪᠢᠯᠠ᠃ ᠭᠦᠭᠡᠢ ᠬᠠᠨ ᠤ ᠦᠯᠭᠡ ᠪᠠᠷ ᠪᠠᠭᠤᠨ ᠢᠷᠡᠭᠦ ᠳᠤ ᠭᠦᠭᠡ ᠬᠠᠯᠵᠠᠨ ᠣᠭᠠᠯᠵᠠ ᠶᠢ ᠪᠠᠭᠤᠯᠭᠠᠨ ᠢᠷᠡᠭᠡᠳ ᠣᠭᠳᠤᠯᠵᠤ ᠬᠠᠷᠪᠣᠨᠠᠮ ᠪᠢᠯᠠ᠂ ᠭᠦᠪᠴᠢᠨ ᠣᠯᠤᠰ ᠮᠢᠨᠤ ᠭᠦᠷᠵᠡ ᠶᠢᠨ ᠴᠢᠨᠡᠭᠡᠨ ᠴᠠᠭᠠᠨ ᠰᠢᠳᠤ ᠶᠢ ᠮᠢᠨᠢ ᠳᠠᠳᠠᠵᠤ ᠥᠵᠡᠭᠡᠳ ᠭᠠᠢ᠌ᠬᠠᠳᠠᠭ ᠪᠢᠯᠠ᠃ ᠡᠪᠠᠰᠤᠨ ᠤ ᠰᠤᠷ ᠢ ᠢᠳᠠᠪᠠᠴᠤ᠂ ᠣᠰᠤᠨ ᠤ ᠳᠤᠩᠭ᠋ᠠᠯᠠᠭ ᠢ ᠣᠤᠭᠤᠪᠠᠴᠤ ᠶᠠᠭᠤᠨ ᠳᠤᠰᠠ ᠪᠠᠢ᠌ᠬᠤ ᠳ᠋ᠤᠤ ︕》 ᠭᠡᠵᠤ ᠭᠡᠯᠡᠭᠡᠳ ᠣᠭᠢᠯᠠᠬᠤᠢ ᠳᠤᠷ ᠪᠠᠭ᠎ᠠ ᠵᠠᠭᠠᠯ ᠭᠡᠯᠡᠪᠡ᠄ 《ᠠᠢ᠂ ᠠᠬ᠎ᠠ ᠮᠢᠨᠤ ︕ ᠡᠷ᠎ᠡ ᠭᠦᠮᠤᠨ ᠰᠢᠠᠳᠠᠢ ᠢᠷᠵᠠᠰ ᠢᠷᠵᠠᠰ ᠭᠡᠵᠤ ᠢᠨᠢᠶᠠᠵᠤ ᠶᠠᠪᠣᠬᠤ ᠪᠢᠵᠠ᠂ ᠡᠮ᠎ᠡ ᠭᠦᠮᠤᠨ ᠰᠢᠠᠳᠠᠢ ᠢᠷᠪᠠᠰ ᠢᠷᠪᠠᠰ ᠭᠡᠵᠤ ᠣᠭᠢᠯᠠᠬᠤ ᠠᠨᠤ ᠶᠠᠭᠤᠨ ︖》 ᠭᠡᠵᠤ ᠭᠡᠯᠡᠭᠡᠳ ᠨᠠᠰᠢ ᠪᠠᠨ ᠬᠠᠠᠳᠤᠨ ᠢᠨᠢᠶᠠᠵᠤ ᠴᠠᠰᠢ ᠪᠠᠨ ᠬᠠᠠᠳᠤᠨ ᠣᠭᠢᠯᠠᠵᠤ ᠡᠪᠠᠰᠤ ᠶᠢ ᠨᠢᠭᠡ ᠬᠤᠶᠠᠷ ᠳᠠᠳᠠᠯᠵᠤ᠂ ᠣᠰᠤ ᠶᠢ ᠨᠢᠭᠡ ᠬᠤᠶᠠᠷ ᠣᠭᠤᠴᠢᠯᠠᠵᠤ ᠭᠡᠨᠡᠳᠲᠡ ᠣᠶᠠᠷᠠᠬᠤ ᠰᠡᠳᠭᠢᠯ ᠳᠦᠷᠤᠨ᠄ 《ᠠᠢ᠂ ᠠᠬ᠎ᠠ ᠮᠢᠨᠤ ︕ ᠡᠪᠠᠰᠤ ᠶᠢ ᠰᠠᠢ᠌ᠨ ᠢᠳᠠ᠂ ᠣᠰᠤᠨ ᠢ ᠰᠠᠢ᠌ᠨ ᠣᠤᠭᠤ ︕ ᠰᠠᠨᠠᠭ᠎ᠠ ᠠᠮᠤᠷᠴᠤ ᠰᠠᠭᠠᠷᠢ ᠳᠦᠭᠦᠷᠡᠳᠡᠯ᠎ᠡ ᠳᠠᠷᠭᠤᠯᠠᠪᠠᠯ ᠴᠢ ᠪᠢᠳᠠ ᠬᠤᠶᠠᠷ ᠨᠤᠳᠤᠭ ᠲᠠᠭᠠᠨ ᠪᠣᠴᠠᠵᠤ ᠬᠠᠷᠢᠵᠠᠭᠠᠶ᠎ᠠ ︕》 ᠭᠡᠵᠤ ᠭᠡᠯᠡᠭᠦ ᠳᠤᠷ ᠶᠡᠭᠡ ᠵᠠᠭᠠᠯ ᠠᠨᠤ ᠪᠠᠶᠠᠷᠯᠠᠨ ᠬᠠᠳᠤᠷᠢᠪᠠ᠃ ᠪᠠᠭ᠎ᠠ ᠵᠠᠭᠠᠯ ᠬᠣᠢ᠌ᠨ᠎ᠠ ᠡᠴᠡ ᠨᠢ ᠳᠠᠭᠠᠵᠤ ᠰᠥᠭ᠌ ᠰᠥᠭ᠌ ᠱᠤᠭᠰᠢᠪᠠ᠃ ᠦᠪᠡᠷᠤᠨ ᠨᠤᠳᠤᠭ ᠤᠢ᠌ᠷᠠᠳᠤᠬᠤ ᠳᠤ ᠪᠠᠭ᠎ᠠ ᠵᠠᠭᠠᠯ ᠠᠨᠤ ᠭᠡᠯᠡᠪᠡ᠄

《ᠠᠢ᠂ ᠠᠬ᠎ᠠ ᠮᠢᠨᠤ ︕

ᠭᠤᠷᠪᠠᠨ ᠰᠠᠷᠠᠢ᠌ᠨ ᠭᠠᠵᠠᠷ ᠢ ᠭᠤᠷᠪᠠᠨ ᠬᠤᠨᠤᠭ ᠲᠤ ᠭᠦᠷᠦᠶ᠎ᠡ᠃

ᠪᠣᠷᠤ ᠪᠢᠯᠵᠤᠤᠬᠠᠢ ᠵᠢᠷᠭᠢᠭᠦ ᠶᠢᠨ ᠤᠷᠢᠳ᠂

ᠪᠣᠭᠳᠠ ᠡᠵᠡᠨ ᠳᠡᠭᠡᠭ᠍ᠰᠢᠯᠡᠭᠦ ᠶᠢᠨ ᠤᠷᠢᠳ ᠭᠦᠷᠦᠶ᠎ᠡ᠃

ᠬᠠᠷᠢᠶᠠᠴᠠᠢ ᠰᠢᠪᠠᠭᠤ ᠵᠢᠷᠭᠢᠭᠦ ᠶᠢᠨ ᠤᠷᠢᠳ᠂

ᠬᠠᠭᠠᠨ ᠡᠵᠡᠨ ᠳᠡᠭᠡᠭ᠍ᠰᠢᠯᠡᠭᠦ ᠶᠢᠨ ᠤᠷᠢᠳ ᠭᠦᠷᠦᠶ᠎ᠡ᠃

ᠠᠯᠳᠠᠨ ᠭᠤᠷᠭᠤᠤᠯᠳᠠᠢ ᠵᠢᠷᠭᠢᠭᠦ ᠶᠢᠨ ᠤᠷᠢᠳ᠂

ᠠᠴᠢᠳᠤ ᠡᠵᠡᠨ ᠳᠡᠭᠡᠭ᠍ᠰᠢᠯᠡᠭᠦ ᠶᠢᠨ ᠤᠷᠢᠳ ᠭᠦᠷᠦᠶ᠎ᠡ᠃

ᠣᠯᠠᠭᠠᠨ ᠨᠠᠷᠠᠨ ᠮᠠᠠᠳᠤᠬᠤ ᠶᠢᠨ ᠤᠷᠢᠳ᠂

ᠣᠨᠠᠭ᠎ᠠ ᠳᠠᠭ᠎ᠠ ᠪᠠᠷᠢᠯᠠᠬᠤᠢ ᠶᠢᠨ ᠤᠷᠢᠳ ᠭᠦᠷᠦᠶ᠎ᠡ᠃

ᠥᠰᠭᠡᠵᠤ ᠳᠦᠷᠦᠭᠦᠯᠦᠭ᠍ᠰᠡᠨ ᠣᠯᠠᠭᠠᠨ ᠪᠣᠭᠤᠷᠤᠯ ᠠᠪᠣ ᠳᠠᠭᠠᠨ᠂

ᠡᠷᠭᠦᠵᠤ ᠳᠦᠷᠦᠭ᠍ᠰᠡᠨ ᠡᠷᠡᠮᠡᠭ᠌ ᠴᠠᠭᠠᠭᠴᠢᠨ ᠡᠵᠢ ᠳᠡᠭᠡᠨ᠂

ᠡᠳᠦᠢ ᠳᠠᠳᠤᠢ ᠣᠯᠠᠨ ᠬᠠᠨᠢᠯᠠᠭᠰᠠᠨ ᠨᠥᠭᠦᠤᠨ ᠳᠠᠢ᠌ᠭᠠᠨ

ᠦᠷ ᠰᠤᠪᠣᠷᠠᠬᠤ ᠶᠢᠨ ᠤᠷᠢᠳ ᠭᠦᠷᠴᠤ ᠵᠤᠯᠭᠠᠶ᠎ᠠ》 ᠭᠡᠵᠤ ᠭᠡᠯᠡᠯᠴᠡᠨ ᠵᠡᠷᠭᠡᠳᠡ ᠬᠠᠳᠠᠷᠢᠨ ᠭᠤᠷᠪᠠᠨ ᠬᠤᠨᠤᠭ ᠲᠤ ᠭᠦᠷᠴᠤ ᠢᠷᠠᠪᠠ᠃

ᠬᠤᠶᠠᠷ ᠵᠠᠭᠠᠯ ᠭᠦᠷᠴᠤ ᠢᠷᠡᠭ᠍ᠰᠡᠨ ᠳᠠᠷᠠ ᠰᠦᠨᠢ ᠪᠣᠭᠳᠠ ᠡᠵᠡᠨ ᠬᠤᠶᠠᠷ ᠵᠠᠭᠠᠯ ᠢ ᠪᠠᠨ ᠭᠦᠷᠴᠤ ᠢᠷᠠᠪᠠ ᠭᠡᠮᠡᠨ ᠵᠡᠭᠦᠳᠦᠯᠡᠪᠡ᠃ ᠬᠠᠭᠠᠨ ᠡᠵᠡᠨ ᠮᠠᠷᠭᠠᠰᠢ ᠨᠢ ᠡᠷᠳᠡ ᠪᠣᠰᠴᠤ ᠪᠣᠭᠤᠯ ᠮᠠᠴᠢᠨ ᠲᠡᠭᠡᠨ ᠵᠠᠷᠯᠢᠭ ᠪᠣᠯᠪᠠ᠄ 《ᠬᠠᠨ ᠳᠡᠭ᠍ᠷᠢ ᠡᠴᠡ ᠵᠠᠶᠠᠭᠠᠳᠠᠢ ᠳᠦᠷᠦᠭ᠍ᠰᠡᠨ ᠬᠤᠶᠠᠷ ᠵᠠᠭᠠᠯ ᠮᠢᠨᠤ ᠬᠠᠷᠢᠵᠤ ᠢᠷᠡᠭ᠍ᠰᠡᠨ ᠢ ᠬᠠᠵᠠᠭᠠᠷᠯᠠᠵᠤ ᠪᠠᠢ᠌ᠨ᠎ᠠ ᠭᠡᠮᠡᠨ ᠵᠡᠭᠦᠳᠦᠯᠡᠪᠡ ᠪᠢ (ᠡᠷᠭᠢᠵᠤ ᠢᠷᠡᠭ᠍ᠰᠡᠨ ᠢ ᠡᠮᠡᠭᠡᠯᠯᠡᠵᠤ ᠪᠠᠢ᠌ᠨ᠎ᠠ ᠭᠡᠮᠡᠨ ᠵᠡᠭᠦᠳᠦᠯᠡᠪᠡ ᠪᠢ)᠂ ᠦᠨᠡᠨ ᠪᠣᠶᠤ ᠬᠤᠳᠠᠯ ᠪᠣᠶᠤ ︖ ᠠᠳᠤᠭᠤᠨ ᠳᠤᠷ ᠣᠷᠤᠵᠤ ᠦᠵᠡ ︕》 ᠭᠡᠵᠤ ᠵᠠᠷᠯᠢᠭ ᠪᠣᠯᠪᠠ᠃ ᠡᠵᠡᠨ ᠤ ᠵᠠᠷᠯᠢᠭ ᠶᠢᠡᠷ ᠪᠣᠭᠤᠯ ᠮᠠᠴᠢᠨ ᠠᠳᠤᠭᠤᠨ ᠳᠤᠷ ᠣᠷᠤᠵᠤ ᠦᠵᠡᠪᠠᠰᠤ ᠡᠷᠡᠮᠡᠭ᠌ ᠴᠠᠭᠠᠭᠴᠢᠨ ᠡᠭᠡ ᠨᠢ ᠬᠤᠶᠠᠷ ᠵᠠᠭᠠᠯ ᠤᠨ ᠶᠢᠡᠨ ᠢᠷᠡᠭ᠍ᠰᠡᠨ ᠢ ᠦᠵᠡᠵᠤ ᠡ᠊ᠨᠳᠡ ᠳᠠᠠᠳᠠ ᠨᠢ ᠬᠠᠷᠠᠵᠤ ᠬᠤᠶᠠᠷ ᠭᠦᠭᠦᠨ ᠡᠴᠡ ᠪᠠᠨ ᠰᠥ᠋ ᠴᠤᠪᠣᠷᠠᠭᠤᠯᠵᠤ ᠬᠤᠶᠠᠷ ᠨᠢᠳᠤᠨ ᠡᠴᠡ ᠪᠠᠨ ᠨᠢᠯᠪᠣᠰᠤᠨ ᠴᠤᠪᠣᠷᠠᠭᠤᠯᠵᠤ ᠪᠠᠢ᠌ᠨᠠᠮ᠃ ᠬᠤᠶᠠᠷ ᠵᠠᠭᠠᠯ ᠨᠢ ᠡᠷᠡᠮᠡᠭ᠌ ᠴᠠᠭᠠᠭᠴᠢᠨ ᠡᠭᠡ ᠶᠢᠨ ᠶᠢᠡᠨ ᠨᠠᠭᠠᠳᠠᠢ ᠴᠠᠭᠠᠳᠠᠢ ᠨᠢ ᠭᠠᠷᠴᠤ ᠰᠡᠢ᠌ᠭᠦᠷᠴᠤ ᠪᠠᠢ᠌ᠪᠠ᠃ ᠳᠠᠳᠤᠢ ᠪᠣᠭᠤᠯ ᠮᠠᠴᠢᠨ ᠪᠠᠷᠢᠶ᠎ᠠ ᠭᠡᠭᠦᠯᠡᠷ ᠪᠠᠷᠢᠭᠳᠠᠭᠰᠠᠨ ᠦᠭᠡᠶ ᠳᠤᠯᠠ ᠣᠯᠠᠭᠠᠨ ᠪᠣᠭᠤᠷᠤᠯ ᠡᠴᠢᠭᠡ ᠡᠷᠡᠮᠡᠭ᠌ ᠴᠠᠭᠠᠭᠴᠢᠨ ᠡᠭᠡ ᠲᠡᠶ ᠨᠢ ᠨᠡᠢ᠌ᠯᠡᠭᠦᠯᠵᠤ ᠳᠠᠭᠤᠨ ᠢᠷᠡᠭᠡᠳ ᠡᠵᠡᠨ ᠳᠤᠷ ᠶᠢᠡᠨ᠄ 《ᠬᠤᠶᠠᠷ ᠵᠠᠭᠠᠯ ᠳᠠᠨᠢ ᠢᠷᠠᠪᠠ ︕》 ᠭᠡᠵᠤ ᠮᠤᠷᠢᠨ ᠳᠡᠭᠡᠷ᠎ᠡ ᠡᠴᠡ ᠪᠠᠷᠳᠠᠮᠨᠠᠭᠰᠠᠭᠠᠷ ᠢᠷᠠᠪᠠ᠃ ᠬᠠᠭᠠᠨ ᠰᠤᠨᠤᠰᠤᠭᠠᠤᠨ ᠨᠥᠮᠦᠭᠡᠨ ᠳᠠᠪᠠᠯ ᠶᠢᠡᠨ ᠶᠠᠪᠤᠨ ᠶᠠᠪᠤᠨ ᠬᠠᠠᠴᠣᠢ᠌ᠯᠠᠭᠰᠠᠭᠠᠷ ᠬᠤᠶᠠᠷ ᠵᠠᠭᠠᠯ ᠤᠨ ᠶᠢᠡᠨ ᠡᠮᠦᠨ᠎ᠡ ᠡᠴᠡ ᠣᠭᠳᠤᠨ ᠣᠴᠢᠭᠠᠤᠨ᠄ 《ᠵᠠ᠂ ᠰᠠᠢ᠌ᠨ ᠰᠠᠢ᠌ᠨ ︕ ᠬᠤᠶᠠᠷ ᠵᠠᠭᠠᠯ ᠮᠢᠨᠤ ᠮᠠᠠᠳᠤ ᠢᠷᠠᠪᠠᠤ ︖》 ᠭᠡᠵᠤ ᠵᠠᠷᠯᠢᠭ ᠪᠣᠯᠬᠤᠯᠠᠷ ᠶᠡᠭᠡ ᠵᠠᠭᠠᠯ ᠠᠨᠤ ᠭᠡᠯᠡᠪᠡ᠄ 《ᠬᠤᠤᠬᠠᠢ ᠶᠢᠨ ᠭᠤᠷᠪᠠᠨ ᠴᠠᠪᠴᠢᠭᠤᠷ ᠲᠤ ᠭᠠᠵᠠᠷᠯᠠᠨ ᠶᠠᠪᠣᠭᠰᠠᠨ ᠬᠤᠶᠠᠷ ᠵᠠᠭᠠᠯ ᠳᠤ ᠴᠤ ᠶᠠᠭᠤ ᠪᠠᠢ᠌ᠬᠤ ᠪᠢᠯᠠ ︖ ᠭᠤᠴᠢᠨ ᠲᠦᠮᠡᠨ ᠣᠯᠠᠨ ᠶᠢᠡᠨ ᠡᠵᠡᠯᠡᠨ ᠰᠠᠭᠤᠭᠰᠠᠨ ᠬᠠᠭᠠᠨ ᠡᠵᠡᠨ ᠮᠢᠨᠤ ᠮᠠᠠᠳᠤ ᠪᠣᠶ᠎ᠠ ︖ ᠭᠦᠭᠡᠢ ᠬᠠᠨ ᠳᠤ ᠭᠠᠵᠠᠷᠯᠠᠨ ᠶᠠᠪᠣᠭᠰᠠᠨ ᠬᠤᠶᠠᠷ ᠵᠠᠭᠠᠯ ᠳᠤ ᠴᠤ ᠶᠠᠭᠤᠨ ᠪᠢᠯᠠ ︖ ᠭᠦᠷ ᠶᠡᠭᠡ ᠣᠯᠤᠰ ᠶᠢᠡᠨ ᠡᠵᠡᠯᠡᠨ ᠰᠠᠭᠤᠭᠰᠠᠨ ᠬᠠᠭᠠᠨ ᠡᠵᠡᠨ ᠮᠢᠨᠤ ᠬᠠᠷᠢᠨ ᠮᠠᠠᠳᠤ ᠪᠣᠶ᠎ᠠ ︖ ᠠᠯᠳᠠᠢ ᠬᠠᠨ ᠳᠤ ᠭᠠᠵᠠᠷᠯᠠᠨ ᠶᠠᠪᠣᠭᠰᠠᠨ ᠬᠤᠶᠠᠷ ᠵᠭᠠᠯ ᠳᠤ ᠴᠤ ᠶᠠᠭᠤᠨ ᠪᠢᠯᠠ ︖ ᠠᠷᠪᠠᠨ ᠲᠦᠮᠡᠨ ᠣᠯᠤᠰ ᠶᠢᠡᠨ ᠡᠵᠡᠯᠡᠨ ᠰᠠᠭᠤᠭᠰᠠᠨ ᠬᠠᠭᠠᠨ ᠡᠵᠡᠨ ᠮᠢᠨᠤ ᠬᠠᠷᠢᠨ ᠴᠤ ᠮᠠᠠᠳᠤ ᠪᠣᠶ᠎ᠠ ︖》 ᠭᠡᠵᠤ ᠠᠮᠤᠷ ᠮᠠᠠᠳᠤ ᠶᠢ ᠠᠰᠠᠭᠤᠭᠰᠠᠨ ᠳᠤᠷ ᠬᠠᠭᠠᠨ ᠡᠵᠡᠨ ᠮᠦᠰᠢᠶᠠᠨ ᠪᠠᠶᠠᠰᠴᠤ᠄ 《ᠳᠠ ᠬᠤᠶᠠᠷ ᠢ ᠮᠢᠨᠤ ᠪᠣᠰᠤ ᠭᠦᠮᠤᠨ ᠣᠨᠤᠭᠰᠠᠨ ᠦᠦ ︖》 ᠭᠡᠵᠤ ᠠᠰᠠᠭᠤᠬᠤᠯᠠᠷ ᠪᠠᠭ᠎ᠠ ᠵᠠᠭᠠᠯ ᠠᠨᠤ ᠭᠡᠯᠡᠪᠡ ᠄ ᠬᠤᠤᠬᠠᠢ ᠶᠢᠨ ᠭᠤᠷᠪᠠᠨ ᠴᠠᠪᠴᠢᠭᠤᠷ ᠭᠡᠭ᠍ᠴᠢ ᠬᠤᠯᠠ ᠪᠣᠢ᠂ ᠭᠤᠳᠤᠯᠳᠤ ᠭᠦᠮᠤᠨ ᠮᠠᠨ ᠢ ᠶᠠᠭᠠᠭᠢᠵᠤ ᠪᠠᠷᠢᠵᠤ ᠣᠨᠤᠬᠤ ᠪᠢᠯᠠ ︖ ᠭᠦᠭᠡᠢ ᠬᠠᠨ ᠭᠡᠭ᠍ᠴᠢ ᠦᠨᠳᠦᠷ ᠪᠣᠢ᠂ ᠭᠦᠯᠳᠤ ᠭᠦᠮᠤᠨ ᠮᠠᠨ ᠢ ᠶᠠᠭᠠᠭᠢᠨ ᠪᠠᠷᠢᠵᠤ ᠣᠨᠤᠬᠤ ᠪᠢᠯᠠ ︖ ᠠᠯᠳᠠᠢ ᠬᠠᠨ ᠭᠡᠭ᠍ᠴᠢ ᠦᠨᠳᠦᠷ ᠪᠣᠢ᠂ ᠠᠯᠠᠳᠤ ᠭᠦᠮᠤᠨ ᠮᠠᠨ ᠢ ᠶᠠᠭᠠᠭᠢᠵᠤ ᠪᠠᠷᠢᠵᠤ ᠣᠨᠤᠬᠤ ᠪᠢᠯᠠ ︖ ᠠᠷᠪᠠᠨ ᠲᠦᠮᠡᠨ ᠴᠡᠷᠢᠭ᠌ ᠤᠨ ᠠᠪᠠ ᠪᠠᠷ ᠪᠠᠷᠢᠵᠤ ᠡᠰᠡ ᠴᠢᠳᠠᠭᠰᠠᠨ ᠵᠠᠭᠠᠯ ᠤᠳ ᠢ ᠠᠯᠪᠠᠳᠤ ᠭᠦᠮᠤᠨ ᠶᠠᠭᠠᠭᠢᠵᠤ ᠪᠠᠷᠢᠵᠤ ᠣᠨᠤᠬᠤ ᠪᠣᠢ ︖ ᠣᠯᠠᠨ ᠶᠡᠭᠡ ᠠᠪᠠ ᠪᠠᠷ ᠪᠠᠷᠢᠵᠤ ᠴᠢᠳᠠᠭᠰᠠᠨ ᠦᠭᠡᠶ ᠵᠠᠭᠠᠯ ᠤᠳ ᠢ ᠣᠭᠤᠷᠴᠠᠭ ᠭᠦᠮᠤᠨ ᠶᠠᠭᠠᠭᠢᠵᠤ ᠪᠠᠷᠢᠵᠤ ᠣᠨᠤᠵᠤ ᠴᠢᠳᠠᠬᠤ ᠪᠢᠯᠠ ︖ ᠡᠪᠠᠰᠤ ᠶᠢ ᠡᠷᠡᠤ ᠪᠠᠷ ᠠᠳᠠᠯᠢᠬᠠᠨ ᠢᠳᠠᠵᠤ᠂ ᠣᠰᠤ ᠶᠢ ᠣᠷᠤᠭᠤᠯ ᠶᠢᠡᠷ ᠠᠳᠠᠯᠢᠬᠠᠨ ᠣᠤᠭᠤᠵᠤ ᠪᠠᠢ᠌ᠭᠠᠤᠨ ᠭᠡᠨ ᠨᠢ ᠳᠠᠷᠭᠤᠯᠠᠵᠤ ᠭᠡᠨ ᠨᠢ ᠳᠠᠷᠭᠤᠯᠠᠭᠰᠠᠨ ᠦᠭᠡᠶ ᠶᠢ ᠭᠡᠨ ᠮᠡᠳᠡᠭᠦ ᠳ᠋ᠤᠤ ︕》 ᠭᠡᠳ ᠭᠤᠳᠤᠯᠢ ᠬᠠᠷᠪᠣᠬᠤ ᠳᠠᠳᠤᠢ ᠭᠠᠵᠠᠷ ᠰᠢᠭᠦᠷᠡᠨ ᠪᠠᠢ᠌ᠪᠠ᠃

ᠬᠠᠭᠠᠨ ᠡᠵᠡᠨ ᠵᠠᠷᠯᠢᠭ ᠪᠣᠯᠵᠤ᠄ 《ᠬᠤᠶᠠᠷ ᠵᠠᠭᠠᠯ ᠢ ᠮᠢᠨᠤ ᠪᠠᠷᠢᠵᠤ ᠡᠮᠡᠭᠡᠯ ᠳᠤᠬᠤ ︕》 ᠭᠡᠭᠦᠯᠡᠷ ᠶᠡᠭᠡ ᠵᠠᠭᠠᠯ ᠠᠨᠤ ᠭᠡᠯᠡᠪᠡ᠄ 《ᠬᠠᠭᠠᠨ ᠡᠵᠡᠨ ᠪᠢᠳᠠ ᠬᠤᠶᠠᠷ ᠢ ᠪᠠᠷᠢᠵᠤ ᠶᠠᠭᠠᠭᠢᠨᠠᠮ ︖》 ᠭᠡᠳ ᠵᠤᠭᠰᠤᠵᠤ ᠪᠠᠢ᠌ᠪᠠ᠃ ᠪᠠᠭ᠎ᠠ ᠵᠠᠭᠠᠯ ᠭᠡᠯᠡᠪᠡ᠄ 《ᠬᠠᠭᠠᠨ ᠡᠵᠡᠨ ᠮᠢᠨᠤ ᠮᠠᠨ ᠢ ᠰᠠᠨᠠᠬᠤᠯ᠎ᠠ ᠨᠢ᠋ᠮᠠᠨ ᠵᠢᠯ ᠬᠤᠷᠠᠯᠠᠭᠤᠯ᠂ ᠨᠢ᠋ᠮᠠᠨ ᠰᠠᠷ᠎ᠠ ᠬᠠᠭᠰᠠᠭ᠎ᠠ ︕ ᠡᠰᠡᠪᠠᠯ ᠭᠤᠷᠪᠠᠨ ᠵᠢᠯ ᠬᠠᠭᠰᠠᠭᠤᠨ ︕》 ᠭᠡᠪᠡ᠃

ᠳᠠᠳᠤᠢ ᠬᠠᠭᠠᠨ ᠡᠵᠡᠨ ᠶᠡᠭᠡ ᠭᠡᠩᠭᠡᠷᠭᠡ ᠪᠠᠨ ᠳᠠᠯᠠᠳᠴᠤ ᠶᠡᠭᠡ ᠲᠦᠮᠡᠨ ᠣᠯᠤᠰ ᠶᠢᠡᠨ ᠬᠤᠷᠠᠭᠤᠯᠪᠠ᠂ ᠪᠠᠭ᠎ᠠ ᠭᠡᠩᠭᠡᠷᠭᠡ ᠪᠠᠨ ᠳᠠᠯᠠᠳᠴᠤ ᠪᠠᠭ᠎ᠠ ᠲᠦᠮᠡᠨ ᠣᠯᠤᠰ ᠶᠢᠡᠨ ᠬᠤᠷᠠᠭᠤᠯᠪᠠ᠃ ᠬᠤᠯᠠ ᠭᠠᠵᠠᠷ ᠶᠠᠪᠣᠭᠰᠠᠨ ᠬᠤᠶᠠᠷ ᠵᠠᠭᠠᠯ ᠮᠢᠨᠤ ᠬᠠᠷᠢᠵᠤ ᠢᠷᠠᠪᠠ᠂ ᠬᠤᠳᠠᠯᠠ ᠶ‍ᠢᠰᠤᠨ ᠭᠦᠰᠡᠯ ᠮᠢᠨᠤ ᠬᠠᠨᠤᠯ᠎ᠠ ᠭᠡᠵᠤ ᠨᠤᠶᠠᠤᠨ ᠶᠡᠭᠡᠰ ᠲᠡᠭᠡᠨ ᠭᠤᠷᠪᠠᠨ ᠡᠳᠦᠷ ᠤᠨ ᠨᠠᠢ᠌ᠷ ᠳᠠᠯᠪᠢᠪᠠ᠃ ᠶᠡᠭᠡ ᠵᠠᠭᠠᠯ ᠢ ᠰᠠᠳᠠᠷᠯᠠᠵᠤ ᠣᠩᠭ᠋ᠤᠯᠠᠪᠠ᠃ ᠨᠠᠭᠤᠷ ᠳᠠᠯᠠᠢ ᠮᠠᠳᠤ ᠨᠠᠢ᠌ᠷ ᠭᠢᠵᠤ ᠪᠠᠢ᠌ᠭᠠᠤᠨ ᠬᠠᠭᠠᠨ ᠡᠵᠡᠨ ᠬᠤᠶᠠᠷ ᠵᠠᠭᠠᠯ ᠶᠢᠡᠨ ᠬᠠᠢ᠌ᠷᠠᠯᠠᠪᠠ᠃ ᠨᠢ᠋ᠮᠠᠨ ᠵᠢᠯ ᠬᠤᠷᠠᠯᠠᠭᠤᠯᠵᠤ ᠨᠢ᠋ᠮᠠᠨ ᠰᠠᠷ᠎ᠠ ᠬᠠᠭᠰᠠᠭᠠᠭᠠᠤᠨ ᠨᠠᠮᠤᠷ ᠤᠨ ᠳᠡᠷᠢᠭᠦᠨ ᠰᠠᠷ᠎ᠠ ᠳᠤᠷ ᠠᠪᠠ ᠳᠤᠷ ᠮᠤᠷᠳᠠᠵᠤ᠂ ᠠᠯᠳᠠᠢ ᠬᠠᠨ᠂ ᠭᠦᠭᠡᠢ ᠬᠠᠨ ᠳᠤ ᠠᠪᠠ ᠳᠠᠯᠪᠢᠪᠠ᠃ ᠠᠷᠤ ᠦᠪᠣᠷ ᠦᠭᠡᠶ ᠠᠷᠭᠠᠯᠢ ᠣᠭᠠᠯᠵᠠ ᠶᠢ ᠭᠦᠢᠴᠡᠨ ᠣᠨᠠᠭᠠᠪᠠ᠃ ᠠᠷᠪᠠᠨ ᠲᠦᠮᠡᠨ ᠭᠦᠮᠤᠨ ᠭᠠᠢ᠌ᠬᠠᠨ ᠮᠠᠭᠳᠠᠪᠠ᠂ ᠠᠯᠢᠪᠠ ᠠᠪᠠᠴᠢᠨ ᠳᠤ ᠭᠠᠢ᠌ᠬᠠᠯ ᠪᠣᠯᠪᠠ᠃ ᠠᠴᠢᠳᠤ ᠡᠵᠡᠨ ᠬᠠᠭᠠᠨ ᠤ ᠬᠤᠶᠠᠷ ᠵᠠᠭᠠᠯ ᠤᠨ ᠨᠠᠷ᠎ᠠ ᠠᠯᠳᠠᠷ ᠳᠠᠭᠤᠷᠢᠰᠴᠤ ᠳᠡᠯᠭᠡᠷᠡᠪᠡ᠃

ᠵᠠ᠂ ᠢᠩᠭᠢᠭᠡᠳ ᠴᠢᠩᠭᠢᠰ ᠬᠠᠭᠠᠨ ᠤ ᠡᠷ᠎ᠡ ᠬᠤᠶᠠᠷ ᠵᠠᠭᠠᠯ ᠤᠨ ᠳᠤᠭᠤᠵᠢ ᠣᠷᠤᠰᠢᠵᠤ ᠡᠵᠡᠨ ᠪᠣᠭᠳᠠ ᠶᠢᠨ ᠬᠤᠶᠠᠷ ᠵᠠᠭᠠᠯ ᠭᠡᠮᠡᠭᠦ ᠭᠦᠷᠤ ᠳᠠᠭᠤᠤ ᠵᠤᠬᠢᠶᠠᠭᠳᠠᠨ ᠣᠷᠳᠤᠰ ᠨᠤᠳᠤᠭ ᠲᠤ ᠦᠨᠦ ᠪᠣᠯᠳᠠᠯ᠎ᠠ ᠣᠯᠠᠮᠵᠢᠯᠠᠭᠳᠠᠨ ᠳᠠᠭᠤᠯᠠᠭᠰᠠᠭᠠᠷ ᠪᠠᠢ᠌ᠨ᠎ᠠ ︕ ᠣᠮ ᠰᠠᠢ᠌ᠨ ᠠᠮᠤᠭᠤᠯᠠᠩ ᠪᠣᠯᠳᠤᠭᠠᠢ ︕


ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 1985
ᠴᠠᠭ᠄ 2010 ᠤᠨ ᠤ 05 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁