ᠴᠡᠴᠡᠭᠯᠡᠵᠤ ᠣᠷᠭᠤᠭᠰᠠᠨ ᠨᠤᠳᠤᠭ ᠤᠨ ᠴᠢᠯᠠᠭᠤᠨ ᠣᠪᠣᠭ᠎ᠠ

ᠡᠷᠳᠡᠨ ᠤ ᠨᠢᠭᠡᠨ ᠪᠠᠭᠠᠳᠤᠷ ᠤᠨ ᠴᠢᠨᠳᠠᠷ ᠪᠠ ᠰᠠᠯᠠᠮ᠎ᠠ ᠶᠢ᠌ ᠳᠠᠷᠠᠯᠠᠵᠤ

ᠡᠯᠢᠭᠡᠨ ᠨᠤᠳᠤᠭ ᠤᠨ ᠦᠷᠤᠴᠠᠨ ᠳᠤ ᠵᠥᠭᠡᠯᠡᠨ ᠮᠦᠰᠢᠶᠠᠨ ᠳᠡᠯᠭᠡᠷᠡᠭ᠍ᠰᠡᠨ

ᠡᠷᠡᠮᠡᠭᠡᠢ ᠭᠦᠭᠡ ᠳᠡᠭ᠍ᠷᠢ ᠶᠢᠨ ᠰᠢᠳᠤ ᠪᠠ ᠴᠡᠴᠡᠭᠡᠢ ᠶᠢ᠌ ᠳᠤᠯᠳᠣᠢ᠌ᠳᠠᠵᠤ

ᠡᠷᠳᠡᠨᠢᠳᠤ ᠨᠤᠳᠤᠭ ᠤᠨ ᠠᠶᠤᠤᠯᠢᠬᠠᠢ ᠶᠢᠨ ᠭᠦᠦᠷᠨᠢᠯ ᠳᠦᠷᠢᠯᠠᠵᠤ ᠴᠡᠴᠡᠭᠯᠡᠭ᠍ᠰᠡᠨ


ᠣᠳᠤᠳ ᠤᠨ ᠣᠶᠠᠬᠠᠨ ᠰᠢᠪᠠᠨᠡᠭᠡ ᠭᠠᠵᠠᠷ ᠤᠨ ᠡᠭᠡᠯᠢ ᠳᠤ ᠪᠠᠨ ᠶᠠᠰᠤᠵᠢᠨ

ᠶᠠᠩᠭᠢᠨᠠᠮ᠎ᠠ ᠪᠠᠷᠠᠭᠠᠨ ᠰᠦᠨᠢ ᠵᠠᠮ ᠤᠨ ᠴᠠᠮᠬᠠᠭ ᠪᠣᠯᠵᠤ ᠢᠨᠢᠶᠠᠳᠤ ᠨᠢ ᠦᠯᠦ ᠳᠠᠰᠤᠷᠠᠨ

ᠠᠮᠢ ᠨᠠᠰᠤᠨ ᠤᠴᠠᠷᠴᠠᠭᠰᠠᠨ ᠭᠤᠸ᠎ᠠ ᠪᠦᠵᠢᠭ᠌ ᠳᠦᠭᠡᠷᠢᠯ ᠦᠭᠡᠶ ᠪᠣᠭᠤᠷᠤᠯ ᠦᠰᠤ ᠪᠠᠨ

ᠢᠯᠳᠠᠮᠬᠠᠨ ᠬᠠᠪᠣᠷ ᠤᠨ ᠰᠠᠯᠭᠢᠨ ᠳᠤ ᠰᠡᠳᠭᠢᠯ ᠳᠤ ᠬᠠᠯᠠᠭᠤᠬᠠᠨ ᠨᠠᠮᠢᠶᠠᠳᠠᠭᠤᠯᠤᠨ ᠭᠡᠢ᠌ᠰᠭᠡᠭ᠍ᠰᠡᠨ


ᠵᠠᠮ ᠢ ᠰᠡᠳᠭᠢᠯ ᠶᠢᠡᠷ ᠵᠢᠡᠨ ᠴᠡᠭᠡᠵᠢᠯᠡᠭᠦ ᠶᠤᠰᠤᠨ ᠢ ᠨᠤᠭᠤᠭᠠᠨ ᠳᠠᠯ᠎ᠠ ᠳᠤ ᠳᠤᠭᠳᠦᠯᠳᠡᠯ᠎ᠡ ᠪᠢᠴᠢᠭᠯᠡᠨ

ᠵᠡᠯᠡᠯᠡᠭᠦ ᠭᠠᠯᠠᠭᠤᠳ ᠤᠨ ᠵᠢᠭᠦᠷ ᠤᠨ ᠵᠡᠭᠦᠳᠤᠨ ᠰᠢᠩᠭᠡᠭ᠍ᠰᠡᠨ ᠮᠦᠷᠦᠭᠡᠳᠦᠯ ᠤᠨ ᠭᠤᠸ᠎ᠠ ᠣᠬᠠᠭᠠᠨ

ᠪᠠᠭᠠᠳᠤᠷ ᠤᠨ ᠵᠠᠮ ᠣᠵᠤᠭᠤᠷ ᠡᠴᠠ ᠪᠠᠢ᠌ᠭ᠎ᠠ ᠦᠭᠡᠶ ᠭᠡᠵᠤ ᠨᠡᠮᠦᠷ ᠤᠨ ᠰᠠᠯᠭᠢᠨ ᠳᠤ ᠭᠦᠭ᠍ᠵᠢᠮᠰᠢᠨ

ᠪᠠᠢ᠌ᠭᠠᠯᠢ ᠶᠢᠨ ᠳᠠᠷᠬᠠᠨ ᠰᠦᠷ ᠲᠤ ᠴᠢᠯᠢ᠌ᠳᠠᠯ᠎ᠠ ᠪᠠᠨ ᠷᠤᠮᠠᠠᠲ᠋ᠢᠭ ᠳᠡᠭ᠍ᠷᠢ ᠶᠢᠨ ᠬᠤᠷ᠎ᠠ ᠶᠢᠨ ᠰᠡᠳᠭᠢᠯ


ᠬᠤᠯᠠ ᠶᠡᠪᠦ ᠭᠡᠵᠤ ᠵᠡᠩᠭ᠋ᠠᠭᠰᠠᠨ ᠨᠤᠳᠤᠭ ᠤᠨ ᠮᠢᠨᠢ ᠳᠤᠯᠠᠭᠠᠨ ᠭᠠᠷ ᠤᠨ ᠠᠯᠭ᠎ᠠ

ᠴᠢᠨ᠋ᠸ᠎ᠠ ᠦᠯᠦ ᠳᠦᠭᠦᠭᠡᠷᠭᠦ ᠯᠠᠪᠳᠠᠭᠤᠨ ᠪᠢᠰᠢᠯᠭᠠᠭᠰᠠᠨ ᠬᠠᠩᠬᠤᠯᠤᠭᠤᠨ ᠭᠦᠨ ᠴᠢᠭᠢᠮᠠᠢ ᠣᠬᠠᠭᠠᠨ

ᠬᠤᠨ ᠤ ᠳᠡᠪᠳᠡᠷᠡᠭᠡᠨ ᠶᠢᠡᠷ ᠳᠠᠭᠤᠰᠬᠤ ᠦᠭᠡᠶ ᠥᠯᠢᠭᠡᠷ ᠤᠨ ᠨᠥᠮᠵᠦᠭ᠌ ᠡᠩᠭᠡᠷ

ᠴᠢ ᠪᠢ ᠭᠡᠵᠤ ᠳᠠᠨᠢᠷᠬᠠᠳᠠᠭ ᠮᠦᠷᠳᠡᠭᠡᠨ ᠢᠯᠠᠭᠠᠳᠠᠭ ᠦᠭᠡᠢ ᠤᠨᠳᠤᠷᠤᠮᠠᠯ ᠡᠬᠡᠯ ᠪᠣᠷᠤᠭᠵᠢᠭᠤᠨ ᠶᠤᠰᠤ ᠵᠦᠢ᠁ᠵᠤᠬᠢᠶᠠᠭᠴᠢ ᠶᠢᠨ ᠬᠠ‍‌ᠶᠢᠭ ᠄ ᠭᠢᠩᠭ᠋ᠠᠨ ᠤ ᠲ᠋ᠤᠮᠳᠠᠳᠤ ᠬᠤᠰᠢᠭᠤ

ᠵᠤᠬᠢᠶᠠᠭᠴᠢ᠄ ᠡᠷᠳᠡᠨᠢᠪᠠᠭᠠᠨ᠎ᠠ
ᠬᠠᠷᠢᠶ᠎ᠠ᠄ ᠰᠢᠯᠦᠭ
ᠳᠠᠷᠤᠮ᠄ 1927
ᠴᠠᠭ᠄ 2012 ᠤᠨ ᠤ 06 ᠰᠠᠷ᠎ᠠ ᠶᠢᠨ 18