ᠳᠡᠯᠡᠭᠡᠢ ᠶᠢ ᠮᠢᠨᠤᠭᠢ ᠭᠡᠵᠤ

ᠳᠡᠯᠡᠭᠡᠢ ᠶᠢ ᠮᠢᠨᠤᠭᠢ ᠭᠡᠵᠤ

ᠨᠠᠷᠠᠨ ᠤ ᠳᠤᠤᠷ᠎ᠠ ᠳᠠᠨᠠᠢ᠌ᠳᠠᠯ᠎ᠠ ᠠᠮᠢᠰᠬᠤᠬᠤ ᠳ᠋ᠤ

ᠳᠠᠭᠵᠠᠨ ᠤ ᠴᠢᠨᠢ ᠠᠩᠭᠢᠯᠤᠮ᠎ᠠ

ᠳᠠᠯ᠎ᠠ ᠶᠢᠨ ᠰᠠᠷᠨᠠᠢ ᠶᠢᠨ ᠰᠠᠯᠭᠢ

ᠭᠦᠯᠦᠭ᠌ ᠳᠠᠪᠭᠢᠯᠳᠤᠭᠰᠠᠨ ᠭᠦᠳᠡᠭᠡ ᠶᠢᠨ ᠳᠡᠨᠢᠭᠦᠨ ᠳ᠋ᠤ

ᠬᠠᠷᠢᠶᠠᠴᠠᠢ ᠶᠢᠨ ᠵᠢᠭᠦᠷ ᠵᠡᠷᠭᠡᠯᠭᠡ ᠬᠠᠢ᠌ᠴᠢᠯᠠᠬᠤ ᠰᠢᠭ ᠵᠤᠭᠠᠳᠠᠢ

ᠬᠤᠤᠰ ᠬᠤᠤᠰ ᠶᠢᠡᠷ ᠭᠠᠯᠠᠭᠤᠳ ᠱᠤᠩᠪᠠᠬᠤ ᠳᠤᠯᠢᠨ ᠨᠠᠭᠤᠷ ᠳᠤ

ᠠᠷ ᠠᠷ ᠶᠢᠡᠨ ᠭᠦᠭᠡᠭᠡᠯᠴᠡᠨ ᠣᠰᠤ ᠮᠡᠯᠮᠡᠯᠵᠡᠭᠦ ᠮᠠᠳᠤ ᠠᠮᠢᠳᠤᠷᠠᠯ ᠭᠦᠰᠡᠯᠡᠩᠳᠡᠢ


ᠳᠡᠯᠡᠭᠡᠢ ᠶᠢ ᠮᠢᠨᠤᠭᠢ ᠭᠡᠵᠤ

ᠪᠦᠷᠦᠢ ᠶᠢᠨ ᠰᠢᠷᠭᠠᠯ ᠳᠤᠶᠠᠭᠠᠨ ᠳᠤᠮᠳᠠ ᠭᠦᠯᠢᠶᠡᠭᠦ ᠳ᠋ᠤ

ᠳᠤᠷᠣᠢ᠌ᠵᠤ ᠠᠢ᠌ᠰᠤᠢ ᠳᠠᠰᠤᠯᠬᠠᠨ ᠪᠠᠷ᠎ᠠ

ᠳᠤᠯᠤᠭᠠᠢ ᠳᠠᠪᠠᠨ ᠨᠠᠭᠠᠰᠢᠯᠠᠬᠤ ᠰᠤᠮᠤᠨ ᠵᠡᠭᠡᠷᠳᠡ ᠶᠢᠨ ᠬᠠᠳᠠᠷᠢᠭ᠎ᠠ

ᠳᠤᠭᠤᠰᠤᠨ ᠳᠤᠮᠳᠠᠭᠤᠷ ᠵᠢᠩ ᠤᠨ ᠳᠡᠮᠡᠭᠡᠳ ᠬᠤᠯᠠᠳᠤᠭᠰᠠᠨ ᠳᠠᠯ᠎ᠠ ᠪᠠᠷ

ᠳᠤᠯᠤᠩ ᠨᠦᠮᠤᠷᠤᠨ ᠬᠤᠳᠠ ᠪᠠᠷᠠᠳᠠᠬᠤ ᠬᠤᠨᠢᠳ ᠰᠢᠭ ᠠᠮᠤᠭᠤᠯᠠᠩ

ᠰᠦᠷᠦᠭ᠌ ᠰᠦᠷᠦᠭ᠌ ᠶᠢᠡᠷ ᠬᠤᠯᠠᠨ ᠳᠠᠪᠭᠢᠬᠤ ᠰᠢᠭ ᠡᠭᠦᠯᠡᠨ ᠵᠢᠷᠤᠭ ᠠᠮᠢᠯᠠᠵᠤ

ᠳᠠᠭᠤ ᠳᠠᠭᠤ ᠪᠠᠨ ᠠᠪᠣᠯᠴᠠᠨ ᠰᠢᠪᠠᠭᠤᠳ ᠡᠭᠦᠷ ᠶᠢᠡᠨ ᠵᠤᠷᠢᠬᠤ ᠮᠠᠳᠤ ᠠᠮᠢᠳᠤᠷᠠᠯ ᠵᠢᠷᠭᠠᠯᠳᠠᠢ


ᠳᠡᠯᠡᠭᠡᠢ ᠶᠢ ᠮᠢᠨᠤᠭᠢ ᠭᠡᠵᠤ

ᠠᠯᠠᠭᠠᠨ ᠡᠴᠠ ᠴᠢᠨᠢ ᠳᠤᠰᠬᠤ ᠳ᠋ᠤ

ᠬᠠᠷᠠᠴᠠᠨ ᠤ ᠴᠢᠨᠢ ᠵᠤᠷᠢᠮᠠᠭ

ᠬᠤᠷᠤᠭᠤᠨ ᠤ ᠮᠢᠨᠢ ᠪᠦᠭᠡᠵᠢ ᠰᠢᠭ᠌ ᠬᠠᠭᠤᠴᠢᠷᠠᠬᠤ ᠳᠤᠳᠤᠮ ᠭᠡᠷᠡᠯ ᠳᠠᠢ

ᠵᠤᠪᠭᠢᠨ ᠤ ᠦᠷᠴᠢᠯᠡᠭᠡ ᠵᠤᠨ ᠡᠴᠠ ᠵᠤᠨ ᠵᠤᠷᠠᠢ᠌ᠬᠤ ᠨᠢ ᠬᠠᠢ᠌ᠷ᠎ᠠ ᠶᠢᠨ ᠳᠠᠮᠠᠭ᠎ᠠ

ᠰᠠᠠᠴᠢᠭ ᠤᠨ ᠪᠣᠭᠤᠷᠤᠯ ᠡᠪᠦᠯ ᠡᠪᠦᠯ ᠤᠨ ᠴᠠᠰᠤᠨ ᠤ ᠥᠩᠭᠡ ᠲᠡᠶ ᠨᠢ ᠮᠦᠷᠦᠭᠡᠳᠦᠯ ᠤᠨ ᠳᠤᠭ᠎ᠠ

ᠭᠦᠰᠡᠭᠦ ᠶᠢᠨ ᠳᠤᠭᠠᠯᠠᠩ ᠶᠢᠡᠷ ᠣᠶᠠᠭᠠᠨ ᠳᠡᠭᠡᠷ᠎ᠡ ᠠᠠᠳᠠ ᠤᠳ ᠪᠠᠭᠤᠬᠤ ᠰᠢᠭ

ᠭᠦᠤ ᠪᠠᠨ ᠬᠠᠷᠢᠵᠤ ᠢᠷᠡᠭᠦ ᠶᠢ ᠬᠤᠶᠠᠭᠤᠯᠠ ᠪᠠᠨ ᠭᠦᠯᠢᠶᠡᠭᠦ ᠠᠮᠢᠳᠤᠷᠠᠯ ᠰᠢᠯᠦᠭ᠌ ᠳᠠᠢ


ᠵᠤᠬᠢᠶᠠᠭᠴᠢ ᠶᠢᠨ ᠬᠠ‍‌ᠶᠢᠭ ᠄ ᠣᠯᠠᠭᠠᠠᠬᠠᠳᠠ ᠬᠤᠳᠠ ᠶᠢᠨ ᠪᠠᠭᠠᠷᠢᠨ ᠪᠠᠷᠠᠭᠤᠨ ᠬᠤᠰᠢᠭᠤ

ᠵᠤᠬᠢᠶᠠᠭᠴᠢ᠄ ᠰ·ᠮᠥᠩᠭᠡᠨᠡᠷᠡᠰᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1802
ᠴᠠᠭ᠄ 2013 ᠤᠨ ᠤ 07 ᠰᠠᠷ᠎ᠠ ᠶᠢᠨ 15
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁