ᠬᠤᠷᠳᠤᠨ ᠠᠯᠠᠭ
(ᠰᠤᠷᠤᠭᠴᠢ ᠶᠢᠨ ᠵᠤᠬᠢᠶᠠᠯ)

ᠵᠤᠨ ᠤ ᠠᠮᠠᠷᠠᠯᠳᠠ ᠪᠣᠯᠤᠯ᠎ᠠ᠃ ᠪᠢ ᠭᠡᠷ ᠲᠡᠭᠡᠨ ᠬᠠᠷᠢᠬᠤ ᠳᠤ ᠠᠪᠣ ᠡᠵᠢ ᠵᠤᠰᠠᠯᠠᠩ ᠳᠠᠭᠠᠨ ᠨᠡᠭᠦᠭᠦ ᠪᠠᠷ ᠶᠠᠭᠠᠷᠠᠯᠳᠤᠵᠤ ᠪᠠᠢ᠌ᠪᠠ᠃ ᠠᠪᠣ ᠴᠤ ᠮᠦᠨ ᠮᠢᠨᠤ ᠠᠯᠠᠭ ᠮᠤᠷᠢ ᠶᠢ ᠪᠠᠷᠢᠴᠢᠬᠠᠭᠰᠠᠨ ᠪᠠᠢ᠌ᠯ᠎ᠠ᠃ ᠪᠢ ᠠᠪᠣ ᠳᠠᠭᠠᠨ ᠄ 《ᠮᠠᠷᠭᠠᠰᠢ ᠠᠯᠠᠭ ᠮᠤᠷᠢ ᠪᠠᠨ ᠣᠨᠤᠭᠠᠤᠨ ᠬᠤᠨᠢ ᠪᠠᠨ ᠭᠦᠭᠡᠭᠡᠭᠡᠳ ᠶᠠᠪᠣᠨ᠎ᠠ》 ᠭᠡᠵᠤ ᠭᠡᠯᠡᠪᠡ᠃ ᠠᠪᠣ ᠳᠤᠯᠤᠭᠠᠢ ᠳᠤᠭᠢᠨ ᠵᠦᠪᠰᠢᠶᠠᠷᠠᠪᠠ᠃ ᠮᠠᠷᠭᠠᠰᠢ ᠨᠢ ᠪᠢ ᠦᠷᠯᠦᠭᠡ ᠡᠷᠳᠡ ᠪᠣᠰᠴᠤ ᠮᠤᠷᠢ ᠣᠨᠤᠭᠠᠤᠨ ᠵᠤᠰᠠᠯᠠᠩ ᠳᠤ ᠪᠠᠨ ᠬᠤᠨᠢ ᠪᠠᠨ ᠭᠦᠭᠡᠭᠡᠵᠤ ᠶᠠᠪᠣᠪᠠ᠃ ᠠᠪᠣ ᠡᠵᠢ᠂ ᠥᠭᠡᠷ ᠳᠡᠷᠭᠡ ᠪᠠᠷ ᠶᠠᠭᠤᠮ᠎ᠠ ᠭᠡᠦᠮ᠎ᠡ ᠪᠠᠨ ᠠᠴᠢᠵᠤ ᠮᠢᠨᠤ ᠠᠷᠤ ᠡᠴᠠ ᠭᠡᠯᠢᠵᠡᠢ᠃ ᠦᠳᠡ ᠶᠢᠨ ᠬᠣᠢ᠌ᠨ᠎ᠠ ᠶᠢᠨ ᠨᠢᠭᠡ ᠴᠠᠭ ᠪᠣᠯᠬᠤ ᠳᠤ ᠪᠢ ᠬᠤᠨᠢ ᠪᠠᠨ ᠪᠠᠯᠴᠢᠭᠡᠨ ᠵᠤᠰᠠᠯᠠᠩ ᠳᠠᠭᠠᠨ ᠢᠷᠠᠯ᠎ᠠ᠃ ᠠᠪᠣ ᠡᠵᠢ ᠭᠡᠳᠥᠢᠨ ᠢᠷᠡᠴᠢᠭᠡᠭᠡᠳ ᠠᠷᠭᠢᠯ ᠰᠢᠷ᠎ᠠ ᠰᠦ᠋ ᠲᠡᠶ ᠴᠠᠢ ᠪᠠᠨ ᠴᠢᠨᠠᠴᠢᠬᠠᠭᠠᠤᠨ ᠨᠠᠮ᠎ᠠ ᠶᠢ ᠭᠦᠯᠢᠶᠡᠵᠤ ᠪᠠᠢ᠌ᠯ᠎ᠠ᠃ ᠪᠢ ᠱᠤᠩ ᠳᠤ ᠮᠤᠷᠢ ᠪᠠᠨ ᠣᠶᠠᠵᠤ ᠭᠡᠷ ᠲᠡᠭᠡᠨ ᠣᠷᠤᠮᠠᠭᠴᠠ ᠪᠠᠨ ᠴᠠᠢ ᠪᠠᠨ ᠣᠤᠭᠤᠪᠠ᠃

ᠣᠷᠤᠢ ᠪᠣᠯᠬᠤ ᠳᠤ ᠠᠪᠣ ᠨᠢᠭᠡ ᠰᠤᠷᠠᠭ ᠰᠤᠨᠤᠰᠴᠠᠢ᠃ ᠳᠤᠯᠤᠭᠠᠨ ᠰᠠᠷ᠎ᠠ ᠶᠢᠨ ᠵᠢᠷᠭᠤᠭᠠᠨ ᠳᠤ ᠮᠠᠨ ᠤ ᠳᠠᠠᠳᠠᠭᠢ ᠶᠢᠨ 《ᠴᠠᠭᠠᠨ ᠣᠪᠣᠭ᠎ᠠ》 ᠪᠠᠨ ᠳᠠᠭᠢᠬᠤ ᠨᠠᠢ᠌ᠷ ᠭᠢᠨ᠎ᠡ᠃ ᠪᠢ ᠡᠨᠡ ᠰᠤᠷᠠᠭ ᠢ ᠰᠤᠨᠤᠰᠤᠭᠠᠤᠨ ᠳᠤᠩ ᠪᠠᠶᠠᠷᠯᠠᠪᠠ᠃ ᠣᠴᠢᠷ ᠨᠢ ᠣᠪᠣᠭᠠᠨ ᠨᠠᠢ᠌ᠷ ᠲᠤ ᠮᠤᠷᠢ ᠣᠷᠤᠯᠳᠤᠳᠠᠭ ᠶᠤᠮ᠃ ᠠᠪᠣ ᠳᠤ᠄ 《ᠠᠯᠠᠭ ᠮᠤᠷᠢ ᠶᠢ ᠮᠢᠨᠢ ᠬᠠᠭᠰᠠᠭᠠᠬᠤ ᠪᠣᠯᠪᠠᠤ》 ᠭᠡᠭᠦ ᠳᠤ ᠳᠤᠯᠤᠭᠠᠢ ᠳᠤᠭᠢᠨ ᠮᠠᠷᠭᠠᠰᠢ ᠨᠢ ᠠᠯᠠᠭ ᠮᠤᠷᠢ ᠪᠠᠨ ᠪᠠᠷᠢᠵᠤ ᠣᠶᠠᠯ᠎ᠠ᠃ ᠨᠢᠭᠡ ᠰᠠᠷ᠎ᠠ ᠥᠩᠭᠡᠷᠡᠪᠡ᠂ ᠠᠯᠠᠭ ᠮᠤᠷᠢ ᠴᠤ ᠨᠠᠮ᠎ᠠ ᠲᠡᠶ ᠰᠠᠢ᠌ᠬᠠᠨ ᠳᠠᠰᠪᠠ᠃ ᠳᠠᠷᠠ ᠡᠳᠦᠷ ᠪᠣᠰᠢᠭᠤᠬᠠᠨ ᠪᠣᠯᠤᠭᠠᠰᠠᠢ ᠭᠡᠳ ᠪᠢ ᠳᠡᠰᠭᠡᠯ ᠦᠭᠡᠶ ᠭᠦᠯᠢᠶᠡᠪᠡ᠃ ᠣᠪᠣᠭᠠᠨ ᠨᠠᠢ᠌ᠷ ᠤᠨ ᠡᠮᠤᠨ᠎ᠡ ᠣᠷᠤᠢ ᠪᠢ ᠴᠤ ᠡᠷᠳᠡ ᠣᠠᠳᠠᠪᠠ᠃ ᠳᠠᠷᠠᠭ᠎ᠠ ᠡᠳᠦᠷ ᠨᠢ ᠠᠪᠣ ᠪᠢᠳᠠ ᠬᠤᠶᠠᠷ ᠮᠤᠷᠢ ᠪᠠᠨ ᠣᠨᠤᠭᠠᠤᠨ 《ᠴᠠᠭᠠᠨ ᠣᠪᠣᠭ᠎ᠠ》 ᠵᠥᠭ᠌ ᠴᠢᠭᠯᠡᠪᠡ ᠣᠪᠣᠭᠠᠨ ᠨᠠᠢ᠌ᠷ ᠤᠨ ᠳᠠᠷᠠ ᠡᠳᠦᠷ ᠪᠢ ᠳᠤᠩ ᠰᠠᠠᠳᠤᠷᠪᠠ ᠁

ᠠᠪᠣ ᠣᠴᠢᠵᠤ ᠮᠤᠷᠢᠨ ᠤ ᠪᠠᠨ ᠨᠠᠷ᠎ᠠ ᠶᠢ ᠮᠡᠳᠡᠭᠦᠯᠪᠡ᠃ ᠪᠢ ᠮᠤᠷᠢ ᠪᠠᠨ ᠪᠠᠷᠢᠵᠤ᠂ ᠠᠪᠣ ᠮᠤᠷᠢ ᠪᠠᠨ ᠴᠢᠮᠡᠭᠯᠡᠵᠤ ᠡᠭᠢᠯᠡᠯ᠎ᠡ᠃ ᠣᠷᠤᠯᠳᠤᠭᠠᠨ ᠤ ᠮᠤᠷᠢᠳ ᠪᠠᠷᠢᠶᠠᠨ ᠤ ᠭᠠᠵᠠᠷ ᠲ᠋ᠤ ᠪᠠᠨ ᠣᠴᠢᠴᠢᠬᠠᠪᠠ᠃ ᠣᠷᠤᠯᠳᠤᠭᠠᠨ ᠡᠭᠢᠯᠡᠵᠤ᠂ ᠬᠣᠢ᠌ᠨ᠎ᠡ ᠬᠣᠢ᠌ᠨ᠎ᠡ ᠡᠴᠠ ᠪᠠᠨ ᠰᠤᠪᠣᠷᠠᠨ ᠳᠠᠪᠭᠢᠯᠳᠤᠯ᠎ᠠ᠃ ᠣᠷᠤᠯᠳᠤᠭᠠᠨ ᠤ ᠳᠤᠮᠳᠠ ᠪᠢ ᠳᠠᠰᠤᠷᠠᠵᠤ ᠭᠠᠷᠤᠭᠠᠤᠨ ᠣᠪᠣᠭ᠎ᠠ ᠤᠢ᠌ᠷᠠᠳᠬᠤ ᠪᠣᠯᠵᠤ ᠮᠤᠷᠢ ᠪᠠᠨ ᠨᠡᠮᠡᠭᠦᠯᠦᠭᠡᠳ ᠥᠵᠦᠭᠦᠷ ᠢ ᠨᠢ ᠠᠪᠣᠪᠠ᠃ ᠠᠪᠣ ᠪᠢᠳᠠ ᠬᠤᠶᠠᠷ ᠱᠠᠩᠨᠠᠯ ᠶᠢᠡᠨ ᠳᠤᠰᠴᠤ ᠠᠪᠣᠭᠠᠤᠨ ᠳᠤᠩ ᠪᠠᠶᠠᠷᠳᠠᠢ ᠭᠡᠷ ᠲᠡᠭᠡᠨ ᠬᠠᠷᠢᠭᠰᠠᠨ ᠶᠤᠮ᠃ ᠳᠠᠷᠠᠭ᠎ᠠ ᠡᠳᠦᠷ ᠨᠢ ᠮᠠᠨ ᠤ ᠳᠤ ᠬᠡᠦᠬᠡᠳ ᠤᠨ ᠦᠷᠪᠠᠭᠡ ᠭᠦᠡᠳᠡᠭᠡᠭᠦ ᠣᠷᠢᠯᠭ᠎ᠠ ᠣᠴᠢᠪᠠ᠃ ᠮᠦᠨ ᠮᠤᠷᠢᠳᠠᠢ ᠨᠠᠢ᠌ᠷ ᠭᠢᠨ᠎ᠡ᠃ ᠠᠪᠣ᠂ ᠵᠠᠯᠭᠠᠭᠠᠤᠨ ᠠᠯᠠᠭ ᠮᠤᠷᠢ ᠪᠠᠨ ᠣᠶᠠᠪᠠ᠃ ᠳᠠᠮᠠᠢ ᠣᠳᠠᠭᠰᠠᠨ ᠦᠭᠡᠶ ᠨᠠᠢ᠌ᠷ ᠤᠨ ᠡᠳᠦᠷ ᠪᠣᠯᠵᠤ᠂ ᠳᠠᠷᠠ ᠡᠳᠦᠷ ᠪᠢ ᠰᠠᠠᠳᠤᠷᠤᠭᠰᠠᠨ ᠦᠭᠡᠶ ᠳᠤᠯᠠ ᠮᠤᠷᠢ ᠴᠤ ᠭᠡᠢ ᠨᠢ ᠭᠦᠳᠡᠯᠦᠭ᠍ᠰᠡᠨ ᠦᠭᠡᠶ ᠶᠤᠮ᠃ ᠮᠤᠷᠢ ᠣᠷᠤᠯᠳᠤᠵᠤ ᠡᠭᠢᠯᠡᠪᠡ᠃ ᠪᠢ ᠳᠠᠳ᠋ᠯᠠᠵᠤ ᠢᠷᠠᠵᠠᠢ᠃ ᠳᠡᠢ᠌ᠡᠭᠦ ᠠᠯᠠᠭ ᠮᠤᠷᠢ ᠮᠢᠨᠢ 《ᠬᠤᠷᠳᠤᠨ ᠠᠯᠠᠭ》 ᠭᠡᠳᠡᠭ᠌ ᠴᠤᠯᠠ ᠣᠯᠪᠠ᠃

ᠠᠯᠠᠭ ᠮᠤᠷᠢᠨ ᠤ ᠣᠯᠠᠨ ᠣᠳᠠᠭ᠎ᠠ ᠳᠡᠷᠢᠭᠦᠯᠡᠭ᠍ᠰᠡᠨ ᠰᠤᠷᠠᠭ ᠢ ᠰᠤᠨᠤᠰᠤᠭᠰᠠᠨ ᠭᠦᠮᠤᠨ ᠪᠦᠭᠦᠨ 《ᠬᠤᠷᠳᠤᠨ ᠠᠯᠠᠭ》 ᠊ᠢ ᠮᠢᠨᠢ ᠰᠢᠠᠵᠢᠵᠤ ᠪᠠᠬᠠᠷᠬᠠᠨ ᠱᠤᠭᠤᠬᠤᠷᠬᠠᠨ᠎ᠠ᠃ ᠪᠢ ᠴᠤ ᠬᠤᠷᠳᠤᠨ ᠠᠯᠠᠭ ᠤᠨ ᠶᠢᠡᠨ ᠬᠠᠵᠠᠭᠤ ᠳᠤ ᠣᠮᠤᠭᠰᠢᠨ ᠵᠤᠭᠰᠤᠨ᠎ᠠ᠃


ᠪᠠᠭᠰᠢ ᠶᠢᠨ ᠴᠤᠬᠤᠯᠠᠪᠣᠷᠢ᠄

ᠳᠤᠰ ᠵᠤᠬᠢᠶᠠᠯ ᠪᠣᠯ ᠭᠦᠳᠡᠭᠡ ᠮᠠᠯᠵᠢᠬᠤ ᠣᠷᠤᠨ ᠤ ᠠᠮᠢᠳᠤᠷᠠᠯ ᠢ ᠳᠤᠰᠬᠠᠭᠰᠠᠨ ᠪᠦᠳᠦᠭᠡᠯ ᠪᠣᠯᠵᠠᠢ᠃ ᠭᠡᠯᠡ ᠭᠡᠯᠡᠯᠭᠡ ᠨᠢ ᠪᠣᠷᠤᠭᠵᠢᠭᠤᠨ ᠣᠨᠤᠪᠴᠢᠳᠠᠢ ᠣᠷᠤᠰᠤᠮ᠎ᠠ᠃ ᠣᠩᠰᠢᠭᠴᠢᠳ ᠤᠨ ᠶᠢᠡᠨ ᠰᠡᠳᠬᠢᠯᠭᠡ ᠶᠢ ᠭᠦᠳᠡᠯᠭᠡᠵᠤ ᠴᠢᠳᠠᠪᠠ᠃ ᠣᠳᠤ ᠡᠢ᠌ᠮᠦᠷᠭᠦ ᠪᠣᠷᠤᠭᠵᠢᠭᠤᠨ ᠭᠡᠯᠡ ᠭᠡᠯᠡᠯᠭᠡ ᠲᠡᠶ ᠬᠡᠦᠬᠡᠳ ᠳᠤᠩ ᠴᠥᠭᠡᠨ ᠪᠣᠯᠵᠠᠢ᠃

ᠵᠢᠯᠤᠭᠤᠳᠤᠭᠰᠠᠨ ᠪᠠᠭᠰᠢ᠄ ᠡᠡᠯᠳᠡᠡᠭᠡᠷᠡᠯ

2011.11.28


ᠵᠤᠬᠢᠶᠠᠭᠴᠢ ᠶᠢᠨ ᠬᠠ‍‌ᠶᠢᠭ ᠄ ᠣᠯᠠᠭᠠᠠᠴᠠᠪ ᠬᠤᠳᠠ ᠶᠢᠨ ᠳᠦᠷᠪᠠᠤᠨ ᠬᠤᠰᠢᠭᠤᠨ ᠤ ᠮᠤᠩᠭ᠋ᠤᠯ ᠭᠦᠰᠡᠯ ᠪᠠᠭ᠎ᠠ ᠰᠤᠷᠭᠠᠭᠤᠯᠢ

ᠵᠤᠬᠢᠶᠠᠭᠴᠢ᠄ ᠣᠷᠠᠠᠪᠠᠳᠤ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 1651
ᠴᠠᠭ᠄ 2011 ᠤᠨ ᠤ 12 ᠰᠠᠷ᠎ᠠ ᠶᠢᠨ 05
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ