ᠪᠦᠰᠡᠭᠦᠢ᠌ᠴᠦᠦᠯ

ᠪᠦᠮᠪᠦᠷᠴᠡᠭ᠌ ᠤᠨ ᠨᠠᠷᠠ ᠵᠢ

ᠢᠨᠢᠶᠡᠩᠭᠡᠨ ᠳᠡᠪᠠᠷᠢᠭᠡ

ᠪᠦᠳᠤᠨ ᠬᠤᠷᠸ᠎ᠠ ᠵᠢ

ᠬᠤᠷᠮᠣᠢ᠌ᠯᠠᠩᠬᠠᠨ ᠪᠣᠰᠤᠭ᠎ᠠ

ᠪᠦᠰᠡᠳᠡᠢ ᠭᠦᠮᠤᠨ ᠤ

ᠭᠤᠯᠤᠮᠳᠠ ᠶᠢ ᠡᠷᠭᠦᠭᠡ

ᠪᠦᠪᠠᠢ ᠶᠢᠨ ᠳᠠᠭᠤᠤ ᠪᠠᠷ

ᠣᠳᠤᠳ ᠢ ᠳᠤᠭᠠᠯᠠᠭ᠎ᠠ

ᠪᠦᠰᠡᠭᠦᠢᠴᠦᠦᠯ ᠡ

ᠪᠦᠳᠤᠨ ᠬᠤᠷᠸ᠎ᠠ ᠶᠢᠨ

ᠵᠥᠭᠡᠯᠡᠨ ᠴᠠᠭᠠᠨ ᠠᠮᠢᠰᠬᠤᠯ ᠪᠣᠯ

ᠳᠠ ᠪᠢᠯᠠ︕

ᠪᠦᠮᠪᠤᠷᠬᠡᠨ ᠶ‍ᠢᠷᠳᠢᠠᠴᠤ ᠵᠢᠨ

ᠰᠦᠨ ᠴᠠᠭᠠᠨ ᠬᠠᠢ᠌ᠷ᠎ᠠ ᠪᠣᠯ

ᠳᠠ ᠪᠢᠯᠠ︕

ᠨᠠᠷᠠ ᠲᠡᠶ ᠪᠠᠢ᠌ᠭᠠᠯᠢ ᠳ᠋ᠠᠭᠠᠨ

ᠵᠤᠯ ᠢ ᠡᠷᠭᠦᠭ᠍ᠰᠡᠨ

ᠨᠠᠰᠤᠳᠠᠯ ᠨᠢᠯᠬ᠎ᠠ ᠳ᠋ᠠᠭᠠᠨ

ᠬᠠᠢ᠌ᠷ᠎ᠠ ᠶᠢ ᠳᠠᠮᠨᠠᠭᠰᠠᠨ

ᠨᠠᠢ᠌ᠷᠰᠠᠭ ᠰᠡᠳᠭᠢᠯ ᠵᠢᠠᠷ

ᠠᠮᠢᠳᠤᠷᠠᠯ ᠶᠢᠡᠨ ᠨᠤᠲ᠋ᠠᠯᠠᠭᠰᠠᠨ

ᠨᠠᠰᠤᠨ ᠳᠤᠷᠰᠢ

ᠳᠤᠷᠠᠰᠤᠯ ᠳᠤ ᠮᠥᠩᠭᠡᠷᠡᠭ᠍ᠰᠡᠨ

ᠪᠦᠰᠡᠭᠦᠢᠴᠦᠦᠯ ᠡ

ᠪᠦᠳᠤᠨ ᠬᠤᠷᠸ᠎ᠠ ᠶᠢᠨ

᠊ᠭ᠍‍ᠬᠢᠷ ᠦᠭᠡᠶ ᠦᠨᠡᠨ ᠠᠮᠢᠳᠤᠷᠠᠯ ᠪᠣᠯ

ᠳᠠ ᠪᠢᠯᠠ︕

ᠪᠦᠰᠡᠳᠡᠢ ᠭᠦᠮᠤᠨ ᠤ

ᠬᠠᠢ᠌ᠷ᠎ᠠ ᠶᠢᠨ ᠨᠤᠭᠤᠭᠠᠨ ᠳᠠᠭᠤᠤ ᠪᠣᠯ

ᠳᠠ ᠪᠢᠯᠠ︕


ᠵᠤᠬᠢᠶᠠᠭᠴᠢ ᠶᠢᠨ ᠬᠠᠶ‍ᠢᠭ᠄ ᠠᠷᠤ ᠬᠤᠷᠴᠢᠨ

ᠵᠤᠬᠢᠶᠠᠭᠴᠢ᠄ ᠰᠢ᠊·ᠪᠠᠶᠠᠠᠪᠣᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1415
ᠴᠠᠭ᠄ 2010 ᠤᠨ ᠤ 06 ᠰᠠᠷ᠎ᠠ ᠶᠢᠨ 29
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁