ᠠᠯᠳᠠᠨ ᠬᠠᠷᠢᠶᠠᠴᠠᠢ

ᠡᠵᠢ ᠶᠢᠨ ᠶᠢᠡᠨ ᠶᠠᠷᠢᠵᠤ ᠥᠭ᠍ᠳᠡᠭ᠌

ᠠᠯᠳᠠᠨ ᠬᠠᠷᠢᠶᠠᠴᠠᠢ ᠶᠢᠨ ᠦᠯᠢᠭᠡᠷ ᠡᠴᠠ

ᠢᠷᠡᠯᠦᠭᠡ ᠪᠢ ︕

ᠡᠭᠡᠳᠡᠩ ᠭᠤᠳᠤᠯ ᠤᠨ ᠶᠢᠡᠨ ᠬᠤᠩᠰᠢᠶᠠᠷ ᠢ ᠪᠠᠷᠠᠭᠳᠠᠨ ᠪᠠᠷᠠᠭᠳᠠᠳᠠᠯ᠎ᠠ

ᠡᠯᠡᠰᠤ ᠲᠡᠶ ᠱᠠᠩᠳᠠ ᠲᠡᠶ ᠭᠤᠪᠢ ᠪᠠᠨ

ᠳᠠᠭᠤᠴᠠᠯᠤᠭ᠎ᠠ ᠪᠢ ︕

ᠡᠷᠢᠭᠡᠳ ᠣᠯᠬᠤ ᠦᠭᠡᠶ ᠨᠢ ᠡ

ᠡᠵᠢ ᠶᠢ ᠪᠠᠨ᠃

ᠮᠥᠩᠭᠡ ᠶᠢᠨ ᠣᠰᠤᠨ ᠳᠤ ᠶᠠᠪᠣᠭᠰᠠᠨ

ᠰᠢᠪᠠᠭᠤ ᠶᠤᠮ ᠪᠣᠯᠬᠤᠷ ᠶᠢᠡᠷ ᠶᠢᠡᠨ ᠳᠠ

ᠮᠦᠷᠦᠭᠡᠳᠦᠯ ᠳᠤᠮᠳᠠᠭᠤᠷ ᠦᠷᠭᠦᠯᠵᠢᠯᠡᠵᠤ

ᠢᠷᠠᠵᠤ ᠯᠠ ᠶᠠᠪᠣᠭ᠎ᠠ ᠪᠣᠯ ᠦᠦ ᠳ᠋ᠠ

ᠰᠢᠤᠳᠠᠨ ᠭᠦᠷᠭᠦ ᠦᠭᠡᠶ ᠠᠯᠤᠰ ᠡᠴᠠ

ᠨᠢᠰᠦᠭᠡ ᠶᠤᠮ ᠪᠣᠯᠬᠤᠷ ᠶᠢᠡᠷ ᠶᠢᠡᠨ ᠳᠠ

ᠰᠢᠭᠤᠢ ᠮᠤᠳᠤᠨ ᠤ ᠮᠦᠴᠢᠷ ᠳᠡᠭᠡᠷ᠎ᠡ

ᠠᠮᠠᠷᠠᠵᠤ ᠯᠠ ᠰᠠᠭᠤᠭ᠎ᠠ ᠪᠣᠯ ᠦᠦ ᠳ᠋ᠠ

ᠬᠠᠳᠠ ᠰᠡᠮᠡᠯᠡᠭᠦ ᠰᠠᠯᠭᠢᠨ ᠳᠤ

ᠬᠠᠭᠠᠷᠠᠨ᠎ᠠ ᠡᠯᠡᠭ᠍ᠳᠡᠨ᠎ᠡ ᠭᠡᠭᠦᠨ᠎ᠡ

ᠬᠠᠯᠠᠭᠤᠨ ᠡᠯᠢᠭᠡᠨ ᠤ ᠳᠤᠤᠳᠠᠢ ᠪᠠᠨ

ᠬᠠᠮᠠᠭᠠᠯᠠᠵᠤ ᠯᠠ ᠶᠠᠪᠣᠭ᠎ᠠ ᠳ᠋ᠠ ᠭᠦᠭᠡᠷᠦᠭᠡᠢ᠂

ᠪᠢᠳᠡᠭᠡᠢ ᠰᠤᠴᠢᠭᠠᠭᠠᠴᠢ᠂ ᠭᠦᠮᠦᠰ ᠡ ︕

ᠡᠷᠡᠤ ᠶᠢᠨ ᠳᠤᠤᠷ᠎ᠠ ᠡᠴᠠ ᠨᠢ ᠣᠷᠭᠤᠵᠤ

ᠡᠷᠭᠡᠰ ᠥᠩᠭᠡᠢ᠌ᠭ᠍ᠰᠡᠨ ᠦᠷ᠎ᠡ ᠳᠤ ᠪᠠᠨ

ᠡᠷᠳᠡ ᠬᠠᠪᠣᠷ ᠤᠨ ᠢᠷᠭᠤᠢ ᠪᠠᠷ

ᠡᠷᠭᠢᠭᠡᠳ ᠯᠠ ᠢᠷᠡᠭᠡᠴᠢ ᠡ ︕ ᠡᠵᠢ ᠮᠢᠨᠢ

ᠴᠠᠢ ᠶᠢᠨ ᠪᠠᠯ ᠲᠡᠶ ᠳᠠᠭᠱᠠ ᠶᠢ ᠴᠢᠨᠢ

ᠦᠷᠤᠮ᠎ᠠ ᠪᠠᠷ ᠪᠦᠷᠢᠵᠤ ᠳᠠᠭᠤᠳᠠᠶ᠎ᠠ

ᠴᠠᠮᠴᠠᠨ ᠤ ᠳᠠᠨᠢ ᠰᠦᠨ ᠡᠩᠭᠡᠷ ᠲᠤ

ᠬᠠᠴᠠᠷ ᠶᠢᠡᠨ ᠨᠠᠭᠠᠵᠤ ᠳᠠᠭᠤᠳᠠᠶ᠎ᠠ

ᠰᠡᠭᠦᠵᠢ ᠶᠢᠨ ᠣᠪᠣᠭᠠᠨ ᠤ ᠴᠢᠯᠠᠭᠤᠨ ᠳᠤ

ᠰᠥ᠋ ᠳᠤᠰᠤᠭᠠᠵᠤ ᠳᠠᠭᠤᠳᠠᠶ᠎ᠠ

ᠰᠡᠭᠦᠳᠡᠷᠳᠤ ᠳᠠᠯ᠎ᠠ ᠶᠢᠨ ᠠᠳᠤᠷᠢᠶ᠎ᠠ ᠶᠢ

ᠳᠠᠭᠤᠤ ᠪᠠᠷ ᠳᠡᠨᠢ᠌ᠯᠭᠡᠵᠤ ᠳᠠᠭᠤᠳᠠᠶ᠎ᠠ

ᠦᠷ ᠤᠨ ᠴᠠᠭᠠᠨ ᠭᠡᠭᠡᠨ ᠡᠴᠠ

ᠳᠠᠯᠠᠯᠭ᠎ᠠ ᠠᠪᠴᠤ ᠳᠠᠭᠤᠳᠠᠶ᠎ᠠ

ᠦᠳᠡᠰᠢ ᠶᠢᠨ ᠳᠤᠭᠢᠭᠤᠷ ᠣᠳᠤᠨ ᠳᠤ

ᠦᠨᠡᠨ ᠶᠢᠡᠨ ᠦᠴᠢᠨ ᠳᠠᠭᠤᠳᠠᠶ᠎ᠠ

ᠦᠷ᠎ᠡ ᠳᠤ ᠪᠠᠨ ᠢᠷᠡᠭᠡᠴᠢ ᠡ᠂ ᠡᠵᠢ ᠮᠢᠨᠢ᠃

ᠡᠵᠢ ᠶᠢᠨ ᠶᠢᠡᠨ ᠶᠠᠷᠢᠵᠤ ᠪᠠᠢ᠌ᠭᠰᠠᠨ

ᠠᠯᠳᠠᠨ ᠬᠠᠷᠢᠶᠠᠴᠠᠢ ᠶᠢᠨ ᠦᠯᠢᠭᠡᠷ ᠲᠤ

ᠪᠣᠴᠠᠨᠠᠮ ᠪᠢ ︕

ᠡᠷᠳᠡᠨᠢ ᠣᠰᠤ ᠪᠠᠷ ᠣᠰᠤᠯᠠᠭᠰᠠᠨ

ᠠᠷᠴᠠ ᠮᠤᠳᠤᠳ ᠤᠨ ᠳᠡᠭᠡᠭᠦᠷ

ᠡᠯᠢᠩᠭᠡᠨ ᠬᠠᠯᠢᠩᠬᠠᠨ ᠨᠢᠰᠴᠤ ᠶᠠᠪᠣᠨᠠᠮ ᠪᠢ ︕

ᠡᠷᠢᠭᠡᠳ ᠣᠯᠤᠯ᠎ᠠ ᠳ᠋ᠠ᠂

ᠡᠵᠢ ᠶᠢ ᠪᠠᠨ᠃


    ᠴᠠᠭᠠᠭᠴᠢᠨ ᠳᠠᠤᠯᠠᠢ ᠵᠢᠯ ᠤᠨ ᠭᠤᠷᠪᠠᠨ ᠰᠠᠷ᠎ᠠ ᠶᠢᠨ ᠰᠢᠨ᠎ᠡ ᠶᠢᠨ ᠭᠤᠷᠪᠠᠨ ᠊᠊᠊᠊᠊᠊᠊᠊᠊᠊᠊᠊᠊᠊᠊ ᠨᠡᠭᠡᠭᠡᠭ᠍ᠰᠡᠨ ᠬᠠᠩᠰᠢᠨ᠎ᠠ


ᠵᠤᠬᠢᠶᠠᠭᠴᠢ ᠶᠢᠨ ᠬᠠ‍‌ᠶᠢᠭ ᠄ ᠪᠠᠷᠠᠭᠤᠨ ᠦᠵᠤᠮᠤᠴᠢᠨ

ᠵᠤᠬᠢᠶᠠᠭᠴᠢ᠄ ᠭᠤ᠋·ᠪᠠᠳᠤᠬᠤᠶᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1277
ᠴᠠᠭ᠄ 2012 ᠤᠨ ᠤ 12 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁