ᠮᠢᠨᠦ ᠠᠪᠤ

ᠪᠢ ᠬᠠᠮᠢᠭ᠎ᠠ ᠡᠴᠠ ᠡᠨᠡ ᠪᠦᠮᠪᠦᠷᠴᠡᠭ᠌ ᠳᠡᠭᠡᠷ᠎ᠡ ᠢᠷᠡᠭ᠍ᠰᠡᠨ ᠶᠢᠡᠨ ᠦᠪᠡᠷ ᠶᠢᠡᠨ ᠴᠤ ᠮᠡᠳᠡᠭᠦ ᠦᠭᠡᠶ᠂ ᠪᠢ ᠵᠥᠪᠭᠡᠨ ᠦᠪᠡᠷ ᠤᠨ ᠲᠦᠷᠦᠵᠤ ᠥᠰᠦᠭ᠍ᠰᠡᠨ ᠮᠠᠢ᠌ᠵᠠᠭᠠᠷ ᠭᠡᠷ ᠶᠢᠡᠨ ᠯᠠ ᠮᠠᠳᠠᠨ᠎ᠡ᠂ ᠡᠨᠡ ᠭᠡᠷ ᠪᠣᠯ ᠨᠠᠳᠠᠳᠤ ᠬᠠᠮᠤᠭ ᠡᠴᠠ ᠬᠠᠯᠠᠭᠤᠨ ᠳᠤᠯᠠᠭᠠᠨ ᠰᠠᠨᠠᠭᠳᠠᠳᠠᠭ᠂ ᠰᠠᠤᠠᠭᠢᠯ ᠵᠢᠷᠦᠭᠡᠨ ᠡᠴᠡ ᠭᠡᠵᠢᠶᠡᠳᠡ ᠰᠠᠯᠵᠤ ᠪᠣᠯᠤᠰᠢ ᠦᠭᠡᠶ ᠠᠷᠭᠠᠮᠵᠢᠶ᠎ᠠ ᠯᠠ ᠪᠠᠢ᠌ᠭᠰᠠᠨ ᠶᠤᠮ ᠡ᠃ ᠡᠨᠡ ᠭᠡᠷ ᠲᠤ ᠨᠠᠮᠠᠶ᠋ᠢ ᠥᠰᠭᠡᠵᠤ ᠳᠦᠷᠦᠭᠦᠯᠦᠭ᠍ᠰᠡᠨ ᠠᠴᠢᠳᠠᠨ ᠪᠣᠭᠤᠷᠤᠯ ᠠᠪᠣ ᠡᠵᠢ ᠮᠢᠨᠢ ᠪᠠᠢ᠌ᠨ᠎ᠠ᠂ ᠠᠷᠤ ᠳᠤ ᠪᠠᠨ ᠨᠠᠮᠠᠶ᠋ᠢ ᠳᠠᠭᠠᠭᠤᠯᠵᠤ ᠭᠠᠷᠤᠭᠰᠠᠨ ᠭᠤᠷᠪᠠᠨ ᠡᠭᠡᠴᠢ ᠮᠢᠨᠢ ᠨᠢᠭᠡᠡᠳᠡ ᠳᠤᠭᠳᠠᠭᠠᠭᠰᠠᠨ ᠴᠤᠷ ᠤᠨ ᠭᠠᠭᠴᠠ ᠭᠠᠯ ᠭᠤᠯᠤᠮᠳᠠ ᠨᠢ ᠪᠣᠯᠬᠤ ᠶᠤᠮ ᠃ ᠢᠩᠭᠢᠭᠡᠤᠨ ᠯᠠ ᠪᠢ ᠭᠦᠮᠤᠨ ᠤ ᠣᠤᠯ ᠤᠨ ᠰᠡᠷᠡᠭᠦᠢ ᠪᠠᠷ ᠣᠭᠢᠯᠠᠵᠤ ᠡᠨᠡ ᠭᠡᠷ ᠲᠤ ᠳᠦᠷᠦᠭ᠍ᠰᠡᠨ ᠶᠤᠮ ᠂ ᠡᠨᠡ ᠳᠡᠨᠢᠭᠡᠷ ᠠᠭᠤᠳᠠᠮ ᠳᠠᠯ᠎ᠠ ᠶᠢᠨ ᠦᠷᠦᠴᠠᠨ ᠳᠤ᠂ ᠳᠠᠡᠭᠰᠤᠭ ᠰᠠᠢ᠌ᠬᠠᠨ ᠪᠠᠢ᠌ᠭᠠᠯᠢ ᠶᠢᠨ ᠣᠷᠴᠢᠨ ᠳᠤ᠂ ᠥᠷᠭᠦᠭᠡ ᠴᠠᠭᠠᠨ ᠮᠤᠩᠭ᠋ᠤᠯ ᠭᠡᠷ ᠲᠤ᠂ ᠮᠤᠩᠭ᠋ᠤᠯ ᠭᠦᠮᠤᠨ ᠤ ᠦᠷ᠎ᠡ ᠪᠣᠯᠵᠤ᠂ ᠭᠡᠭᠡᠷ᠎ᠡ ᠶᠢᠨ ᠰᠠᠯᠭᠢᠨ ᠳᠤ ᠢᠪᠠᠭᠡᠭ᠍ᠳᠡᠵᠤ ᠭᠦᠳᠡᠭᠡ ᠶᠢᠨ ᠨᠢᠭᠡᠨ ᠮᠠᠯᠴᠢᠨ ᠭᠡᠷ ᠲᠤ ᠳᠦᠷᠦᠭ᠍ᠰᠡᠨ ᠶᠤᠮ᠃ ᠢᠩᠭᠢᠭᠡᠤᠨ ᠯᠠ ᠪᠢ ᠶᠠᠭᠤ ᠴᠤ ᠦᠭᠡᠶ ᠡᠨᠡ ᠶ‍ᠢᠷᠳᠢᠠᠴᠤ ᠳᠤ ᠢᠷᠡᠭ᠍ᠰᠡᠨ ᠶᠤᠮ᠂ ᠶᠠᠭᠤ ᠪᠦᠭᠦᠨ ᠢ ᠡᠵᠢ ᠠᠪᠣ ᠮᠢᠨᠢ ᠨᠠᠳᠠᠳᠤ ᠰᠤᠶᠤᠷᠬᠠᠭᠰᠠᠨ᠂ ᠦᠨᠳᠦᠷ ᠳᠤᠮᠤ ᠪᠠᠶ᠎ᠠ ᠴᠤᠭᠴᠠᠰ ᠡᠴᠠ ᠦᠨᠦᠳᠤᠷ ᠤᠨ ᠰᠠᠢ᠌ᠨ ᠰᠠᠢ᠌ᠬᠠᠨ ᠵᠤᠯ ᠵᠢᠷᠭᠠᠯ ᠪᠦᠭᠦᠨ ᠢ ᠳᠠᠷᠠ ᠬᠤᠶᠠᠷ ᠯᠠ ᠢᠪᠠᠭᠡᠭ᠍ᠰᠡᠨ ᠶᠤᠰᠤᠳᠠᠢ᠃ ᠭᠦᠮᠤᠨ ᠤ ᠶ‍ᠢᠷᠳᠢᠠᠴᠤ ᠭᠡᠴᠢᠨᠡᠨ ᠶᠡᠭᠡᠮᠰᠦᠭ᠌ ᠪᠠᠢ᠌ᠭᠰᠠᠨ ᠴᠤ᠂ ᠪᠢ ᠵᠥᠪᠭᠡᠨ ᠥᠰᠭᠡᠵᠤ ᠳᠡᠵᠢᠭᠡᠭ᠍ᠰᠡᠨ ᠡᠵᠢ ᠠᠪᠣ ᠶᠢᠨ ᠶᠢᠡᠨ ᠭᠢᠵᠠᠭᠠᠷᠯᠠᠰᠢ ᠦᠭᠡᠶ ᠬᠠᠢ᠌ᠷ᠎ᠠ ᠡᠨᠡᠷᠢᠯ᠂ ᠭᠡᠮᠵᠢᠶᠡᠯᠡᠰᠢ ᠦᠭᠡᠶ ᠠᠴᠢ ᠭᠠᠪᠢᠶ᠎ᠠ᠂ ᠵᠣᠢ᠌ᠷᠠᠯᠠᠰᠢ ᠦᠭᠡᠶ ᠬᠠᠢ᠌ᠷ᠎ᠠ ᠡᠨᠡᠷᠢᠯ ᠢ ᠯᠠ ᠮᠠᠳᠠᠨ᠎ᠡ᠃

ᠭᠡᠪᠠᠴᠤ᠂ ᠡᠨᠡ ᠪᠦᠭᠦᠨ ᠢ ᠪᠢ ᠮᠡᠳᠡᠭᠡ ᠣᠷᠤᠭᠰᠠᠨ ᠤ ᠳᠠᠷᠠᠭ᠎ᠠ ᠰᠠᠶ‍ᠢ ᠠᠭᠠᠵᠢᠮ ᠠᠭᠠᠵᠢᠮ ᠶᠢᠡᠷ ᠠᠯᠬᠤᠮ ᠠᠯᠬᠤᠮ ᠶᠢᠡᠷ ᠣᠢ᠌ᠯᠠᠭᠠᠭᠰᠠᠨ ᠶᠤᠮ᠃ ᠡᠨᠡ ᠭᠦ ᠬᠠᠢ᠌ᠷ᠎ᠠ ᠶᠢ ᠭᠡᠨ ᠴᠤ ᠭᠡᠮᠵᠢᠶᠡᠯᠡᠵᠤ ᠳᠡᠢ᠌ᠯᠭᠦ ᠦᠭᠡᠶ᠃ ᠭᠦᠮᠤᠨ ᠭᠡᠵᠤ ᠢᠩᠭᠢᠭᠡᠤᠨ ᠯᠠ ᠭᠦᠮᠤᠨ ᠪᠣᠯᠴᠢᠬᠠᠬᠤ ᠶᠤᠮ ᠪᠠᠢ᠌ᠨ᠎ᠠ᠂ ᠭᠦᠮᠤᠨ ᠪᠣᠯᠴᠢᠬᠠᠭᠠᠤᠨ ᠯᠠ ᠭᠦᠮᠤᠨ ᠤ ᠠᠮᠢᠳᠤᠷᠠᠯ ᠢ ᠭᠦᠭᠡᠭᠡᠨ᠎ᠡ ᠭᠡᠵᠤ ᠪᠠᠰᠠ ᠨᠢᠭᠡᠨ ᠬᠠᠳᠠᠭᠤ ᠡᠴᠠ ᠬᠠᠳᠠᠭᠤ ᠰᠢᠯᠭᠠᠯᠳᠠ ᠪᠠᠢ᠌ᠭᠰᠠᠨ ᠢ ᠶᠠᠷᠤ ᠮᠡᠳᠡᠭ᠍ᠰᠡᠨ ᠦᠭᠡᠶ᠃ ᠭᠦᠮᠤᠨ ᠭᠡᠵᠤ ᠶᠠᠷᠤᠨᠢ ᠣᠯᠠᠭᠠᠨ ᠨᠢᠯᠬ᠎ᠠ ᠪᠠᠢ᠌ᠬᠤ ᠡᠴᠡ ᠡᠷ᠎ᠡ ᠶᠢᠨ ᠴᠡᠭᠡᠯ ᠭᠦᠷᠳᠡᠯ᠎ᠡ ᠪᠣᠳᠤᠯᠢᠶᠠᠠᠳᠠᠢ ᠣᠷᠴᠢᠨ ᠳᠤᠭᠤᠷᠢᠨ ᠳᠤ ᠪᠣᠯᠪᠠᠰᠤᠷᠠᠵᠤ ᠭᠠᠷᠴᠤ ᠢᠷᠡᠳᠡᠭ᠌ ᠨᠢ ᠣᠴᠢᠷᠳᠠᠢ᠃

ᠬᠡᠳᠦᠢ᠌ᠪᠡᠷ ᠡᠨᠡ ᠶ‍ᠢᠷᠳᠢᠠᠴᠤ ᠭᠡᠴᠢᠨᠡᠨ ᠪᠣᠳᠤᠯᠢᠶᠠᠠᠳᠠᠢ᠂ ᠶᠠᠳᠠᠷᠠᠭ᠎ᠠ ᠲᠡᠶ ᠪᠠᠢ᠌ᠭᠰᠠᠨ ᠪᠣᠯᠪᠠᠴᠤ ᠬᠠᠢ᠌ᠷ᠎ᠠ ᠪᠠᠢ᠌ᠳᠠᠭ ᠠᠮᠢᠳᠤᠷᠠᠯ ᠮᠢᠨᠢ ᠶᠠᠷᠤ ᠡᠴᠡ ᠨᠠᠳᠠᠳᠤ ᠭᠦᠢᠳᠡᠮᠰᠦᠭ᠌ ᠰᠠᠨᠠᠭᠳᠠᠭ᠎ᠠ ᠦᠭᠡᠶ᠂ ᠬᠠᠷᠢᠨ ᠡᠨᠡᠭᠦ ᠠᠮᠢᠳᠤᠷᠠᠯ ᠨᠠᠳᠠᠳᠤ ᠨᠢᠭᠡ ᠵᠣᠢ᠌ᠯ ᠤᠨ ᠭᠦᠰᠡᠯ ᠡᠷᠡᠮᠡᠯᠵᠡᠯ ᠢ ᠠᠪᠴᠢᠷᠠᠵᠤ᠂ ᠳᠡᠮᠡᠴᠡᠭᠦ ᠬᠠᠷᠠᠯᠳᠠ ᠶᠢ ᠪᠥᠷᠢᠳᠥᠬᠦᠯᠤᠨ᠂ ᠣᠶᠤᠨ ᠴᠢᠳᠠᠯ ᠢ ᠮᠢᠨᠢ ᠭᠡᠮᠵᠢᠭᠦ ᠹᠷᠤᠠᠲ ᠪᠣᠯᠵᠤ᠂ ᠭᠡᠵᠢᠶᠡᠳᠡ ᠳᠤᠩ ᠣᠯᠠᠨ ᠰᠠᠢ᠌ᠨ ᠰᠠᠢ᠌ᠬᠠᠨ ᠶᠠᠷᠤ ᠪᠣᠰᠤ ᠶᠢᠨ ᠥᠯᠢᠭᠡᠷ ᠤᠳ ᠢ ᠡᠭᠢᠯᠡᠭᠦᠯᠳᠡᠭ᠌ ᠪᠠᠢ᠌ᠵᠠᠢ᠃ ᠭᠦᠮᠤᠨ ᠡᠴᠡ ᠳᠤᠳᠠᠭᠤ ᠴᠤ ᠦᠭᠡᠶ ᠶᠠᠪᠣᠭ᠎ᠠ ᠨᠠᠳᠠᠳᠤ ᠬᠠᠮᠤᠭ ᠡᠴᠡ ᠶᠠᠷᠢᠶ᠎ᠠ ᠭᠡᠵᠤ ᠪᠣᠳᠤᠳᠠᠭ ᠨᠢ ᠮᠢᠨᠤ ᠠᠪᠣ ᠶᠤᠮ᠃ ᠮᠢᠨᠤ ᠠᠪᠣ ᠭᠡᠵᠤ ᠳᠣᠢ᠌ᠯ ᠤᠨ ᠡᠭᠡᠯ ᠶᠡᠷᠦᠮᠳᠡᠭ᠌ ᠮᠠᠯᠴᠢᠨ ᠭᠦᠮᠤᠨ ᠰᠠᠨ᠂ ᠮᠦᠨ ᠴᠤ ᠡᠭᠡᠯ ᠪᠣᠰᠤ ᠠᠭᠤᠤ ᠶᠡᠭᠡ ᠭᠦᠮᠤᠨ ᠶᠤᠮ᠂ ᠭᠡᠷᠪᠡ ᠠᠭᠤᠤ ᠶᠡᠭᠡ ᠬᠠᠢ᠌ᠷ᠎ᠠ ᠶᠢ ᠭᠡᠮᠵᠢᠶᠡᠯᠡᠳᠡᠭ᠌ ᠬᠠᠮᠤᠭ ᠤᠨ ᠶᠡᠭᠡ ᠨᠢᠭᠡᠴᠢ ᠪᠣᠯᠭᠠᠪᠠᠯ ᠪᠢ ᠳᠤᠷᠠᠳᠠᠶ᠎ᠠ ᠡᠨᠡᠭᠦ ᠥᠭᠡᠰ ᠶᠢᠡᠷ ᠠᠪᠣ ᠶᠢᠨ ᠶᠢᠡᠨ ᠦᠷ᠎ᠡ ᠭᠡᠦᠭᠡᠤᠨ ᠤᠨ ᠶᠢᠡᠨ ᠳᠦᠯᠦᠭᠡ ᠵᠢᠦᠡᠭᠦᠭ᠍ᠰᠡᠨ ᠠᠴᠢ ᠭᠠᠪᠢᠶ᠎ᠠ ᠶᠢ ᠨᠢ ᠢᠯᠦᠡᠭᠡᠨ᠎ᠡ᠂ ᠭᠡᠪᠠᠴᠤ ᠭᠡᠴᠢᠨᠡᠨ ᠭᠤᠶᠤ ᠰᠠᠢ᠌ᠬᠠᠨ ᠨᠠᠷᠠᠢ᠌ᠳᠤᠯ ᠪᠣᠯᠤᠭᠰᠠᠨ ᠴᠤ ᠬᠠᠢ᠌ᠷ᠎ᠠ ᠰᠠᠤᠠᠭᠢᠯ᠂ ᠠᠴᠢ ᠭᠠᠪᠢᠶ᠎ᠠ ᠶᠢ ᠨᠢ ᠬᠠᠷᠢᠭᠤᠯᠵᠤ ᠳᠡᠢ᠌ᠯᠭᠦ ᠦᠭᠡᠶ᠂ ᠵᠥᠪᠭᠡᠨ ᠰᠠᠤᠠᠭᠢᠯ ᠳᠤ ᠣᠷᠭᠢᠯᠳᠠᠭ ᠳᠠᠷᠠ ᠨᠢᠭᠡᠨ ᠵᠠᠭᠤᠷ᠎ᠠ ᠶᠢᠨ ᠳᠤᠭᠳᠤᠯᠤᠯ ᠢ ᠯᠠ ᠢᠯᠤᠨᠭᠡᠵᠤ ᠳᠠᠢ᠌ᠯᠤᠨ᠎ᠡ᠃

ᠳᠠ ᠬᠠᠷᠠᠭᠠᠴᠢ ︕ ᠵᠢᠷᠠᠨ ᠤ ᠳᠠᠪᠠᠭ᠎ᠠ ᠵᠥᠭ᠌ ᠨᠢᠷᠤᠭᠤ ᠪᠠᠨ ᠡᠭᠦᠷᠴᠢᠭᠡᠭ᠍ᠰᠡᠨ ᠶᠠᠪᠣᠭ᠎ᠠ ᠳᠠᠷᠠ ᠨᠢᠭᠡᠨ ᠥᠷᠴᠢᠭᠡᠷ ᠬᠠᠷ᠎ᠠ ᠡᠪᠦᠭᠡᠨ ᠢ ᠥᠵᠡᠭᠡᠴᠢ ︕ ᠳᠠᠷᠠ ᠪᠣᠯ ᠮᠢᠨᠤ ᠠᠪᠣ᠂ ᠭᠦᠷᠦᠰᠦᠯᠢᠭ᠌ ᠬᠠᠷ᠎ᠠ ᠴᠢᠷᠠᠢ ᠲᠡᠶ᠂ ᠥᠳᠭᠡᠨ ᠬᠠᠷ᠎ᠠ ᠭᠦᠮᠦᠰᠭᠡ ᠲᠡᠶ᠂ ᠥᠷᠭᠡᠨ ᠬᠠᠨᠠᠭᠠᠷ ᠮᠠᠩᠨᠠᠢ ᠲᠡᠶ᠂ ᠮᠠᠩᠨᠠᠢ ᠳᠤ ᠪᠠᠨ ᠭᠦᠨ ᠭᠡᠭ᠍ᠴᠢ ᠭᠤᠷᠪᠠᠨ ᠠᠳᠤᠷᠢᠶ᠎ᠠ ᠲᠡᠶ᠂ ᠮᠦᠷᠤ ᠨᠢ ᠥᠷᠭᠡᠨ᠂ ᠴᠡᠭᠡᠵᠢ ᠠᠭᠤᠵᠢᠮ᠂ ᠶᠤᠰᠤᠳᠠᠢ ᠨᠢᠭᠡ ᠡᠷ᠎ᠡ ᠭᠦᠮᠤᠨ ᠤ ᠰᠢᠨᠵᠢ ᠶᠢ ᠪᠦᠷᠢᠨ ᠬᠠᠳᠠᠭᠠᠯᠠᠭᠰᠠᠨ ᠮᠤᠩᠭ᠋ᠤᠯ ᠭᠦᠮᠤᠨ ᠶᠤᠮ᠃

ᠨᠢᠭᠡ ᠨᠠᠰᠤᠨ ᠤ ᠪᠠᠨ ᠬᠠᠭᠠᠰ ᠢᠯᠡᠭᠦᠤ ᠵᠠᠮ ᠢ ᠡᠯᠡᠭᠡᠵᠤ ᠶᠠᠪᠣᠭ᠎ᠠ ᠱᠠᠬᠠᠢ ᠴᠤᠭᠤᠷᠤᠩᠬᠠᠢ ᠭᠦᠮᠤᠨ ᠪᠠᠢ᠌ᠨ᠎ᠠ ᠳ᠋ᠠ᠂ ᠵᠠᠮ ᠶᠢᠡᠷ ᠵᠦᠷᠢᠵᠤ ᠭᠠᠷᠬᠤ ᠭᠦᠮᠦᠰ ᠵᠠᠷᠢᠮ ᠨᠢ ᠳᠡᠭᠦᠨ ᠢ ᠳᠠᠨᠢᠨ᠎ᠠ᠂ ᠵᠠᠷᠢᠮ ᠨᠢ ᠳᠡᠭᠦᠨ ᠢ ᠳᠠᠨᠢᠬᠤ ᠴᠤ ᠦᠭᠡᠶ᠂ ᠳᠠᠨᠢᠬᠤ ᠭᠦᠮᠦᠰ ᠨᠢ ᠪᠦᠷ ᠮᠠᠳᠠᠨ᠎ᠡ᠂ ᠡᠨᠡ ᠭᠦᠮᠤᠨ ᠪᠣᠯ ᠨᠢᠭᠡ ᠨᠠᠰᠤ ᠪᠠᠷ ᠶᠠᠭᠤ ᠭᠢᠵᠤ ᠶᠠᠪᠣᠯ᠎ᠠ ᠂ ᠶᠠᠭᠤᠨ ᠤ ᠳᠦᠯᠦᠭᠡ ᠢᠩᠭᠢᠵᠤ ᠦᠳᠡᠯᠵᠤ ᠪᠢᠯᠠ ᠭᠡᠵᠤ᠂ ᠰᠠᠢ᠌ᠨ ᠪᠦᠭᠡᠴᠢᠨ ᠴᠤ ᠪᠠᠢ᠌ᠭᠰᠠᠨ ᠳ᠋ᠠ ᠭᠡᠵᠤ᠂ ᠨᠠᠷᠠᠳᠠᠢ ᠠᠳᠤᠭᠤᠴᠢᠨ ᠡᠨᠡ ᠪᠠᠢ᠌ᠵᠠᠢ ᠳ᠋ᠠ ᠭᠡᠵᠤ᠂ ᠣᠷᠤᠯᠳᠤᠭᠠᠨ ᠤ ᠮᠤᠷᠢ ᠰᠠᠢ᠌ᠬᠠᠨ ᠰᠣᠢ᠌ᠳᠠᠭ ᠶᠤᠮ ᠭᠡᠵᠤ᠂ ᠠᠪᠠ ᠴᠤ ᠰᠠᠢ᠌ᠨ ᠭᠢᠳᠡᠭ᠌ ᠭᠡᠵᠤ᠂ ᠠᠷᠢᠭᠢ ᠶᠢ ᠴᠤ ᠰᠠᠢ᠌ᠬᠠᠨ ᠣᠤᠭᠤᠳᠠᠭ ᠭᠡᠵᠤ ᠂ ᠭᠡᠴᠢᠨᠡᠨ ᠬᠤᠷᠢᠮ ᠤᠨ ᠮᠠᠩᠯᠠᠢ ᠪᠣᠯᠵᠤ ᠶᠠᠪᠣᠯ᠎ᠠ ᠭᠡᠵᠤ᠂ ᠭᠡᠴᠢᠨᠡᠨ ᠬᠤᠷᠢᠮ ᠳᠤ ᠵᠠᠭᠤᠴᠢ ᠶᠠᠪᠣᠯ᠎ᠠ ᠭᠡᠵᠤ᠂ ᠭᠡᠴᠢᠨᠡᠨ ᠰᠠᠢ᠌ᠨ ᠭᠦᠮᠤᠨ ᠪᠠᠢ᠌ᠯ᠎ᠠ ᠭᠡᠵᠤ᠂ ᠭᠡᠴᠢᠨᠡᠨ ᠭᠢᠯᠠᠷᠠᠵᠤ᠂ ᠨᠠᠷᠠᠳᠠᠢ ᠲᠦᠷᠦ ᠲᠡᠶ ᠪᠠᠢ᠌ᠯ᠎ᠠ ᠭᠡᠵᠤ ᠮᠡᠳᠡᠭᠦ ᠭᠦᠮᠤᠨ ᠨᠢ ᠢᠩᠭᠢᠵᠤ ᠪᠣᠳᠤᠬᠤ ᠡᠴᠠ ᠪᠢᠰᠢ ᠮᠡᠳᠡᠭᠦ ᠦᠭᠡᠶ ᠭᠦᠮᠤᠨ ᠨᠢ ᠳᠡᠭᠦᠨ ᠢ ᠵᠥᠪᠭᠡᠨ ᠭᠦᠳᠡᠭᠡ ᠶᠢᠨ ᠬᠠᠷ᠎ᠠ ᠮᠠᠯᠴᠢᠨ ᠭᠡᠵᠤ᠂ ᠰᠤᠶᠤᠯ ᠦᠭᠡᠶ ᠰᠤᠬᠤᠷ ᠪᠠᠯᠠᠢ ᠭᠡᠵᠤ ᠥᠵᠡᠭᠦ ᠮᠠᠭᠠᠤᠨ᠃

ᠵᠠ᠂ ᠭᠠᠳᠠᠨ᠎ᠠ ᠶᠢᠨ ᠭᠦᠮᠤᠨ ᠶᠠᠭᠤ ᠭᠡᠵᠤ ᠪᠣᠳᠤᠭᠰᠠᠨ ᠭᠡᠵᠤ ᠴᠤ ᠪᠣᠯᠤᠭ᠂ ᠪᠢ ᠠᠪᠣ ᠪᠠᠨ ᠣᠢ᠌ᠯᠠᠭᠠᠨ᠎ᠠ᠂ ᠮᠢᠨᠤ ᠠᠪᠣ ᠭᠡᠵᠤ ᠮᠦᠨ ᠴᠤ ᠨᠢᠭᠡᠨ ᠮᠠᠯᠴᠢᠨ ᠤ ᠭᠦᠤ᠂ ᠠᠢ᠌ᠯ ᠤᠨ ᠶᠡᠭᠡ ᠪᠣᠯᠤᠭᠰᠠᠨ ᠪᠣᠯᠬᠤᠷ ᠰᠤᠶᠤᠯ ᠮᠡᠳᠡᠯᠭᠡ ᠭᠡᠵᠤ ᠭᠦᠷᠳᠡᠭ᠍ᠰᠡᠨ ᠦᠭᠡᠶ᠂ ᠠᠯᠢ ᠪᠠᠭ᠎ᠠ ᠡᠴᠠ ᠪᠠᠨ ᠡᠪᠦᠭᠡ ᠶᠢ ᠮᠢᠨᠢ ᠳᠠᠭᠠᠵᠤ ᠠᠮᠢᠳᠤᠷᠠᠯ ᠤᠨ ᠭᠦᠴᠢᠷ ᠬᠠᠯᠠ ᠶᠢ ᠠᠮᠰᠠᠵᠤ ᠥᠰᠦᠭ᠍ᠰᠡᠨ ᠶᠤᠮ ᠡ᠂ ᠬᠤᠵᠢᠮ ᠨᠢ ᠡᠪᠦᠭᠡ ᠡᠮᠡᠭᠡ ᠡᠴᠠ ᠰᠤᠨᠤᠰᠬᠤ ᠳᠤ ᠠᠪᠣ ᠮᠢᠨᠢ ᠪᠠᠰᠠ ᠴᠤ ᠭᠡᠴᠡᠭᠦᠤ ᠠᠯᠢᠶ᠎ᠠ ᠯᠠ ᠪᠠᠢ᠌ᠭᠰᠠᠨ ᠭᠡᠵᠤ ᠱᠤᠭ ᠪᠣᠯᠭᠠᠵᠤ ᠶᠠᠷᠢᠳᠠᠭ ᠪᠠᠢ᠌ᠭᠰᠠᠨ᠃

ᠠᠪᠣ ᠮᠢᠨᠢ ᠮᠤᠷᠢᠨ ᠳᠤ ᠳᠣᠢ᠌ᠯ ᠡᠴᠠ ᠬᠠᠢ᠌ᠷᠠᠳᠠᠢ᠃ ᠠᠯᠢ ᠵᠠᠯᠠᠭᠤ ᠡᠴᠠ ᠪᠠᠨ ᠭᠠᠴᠠᠭᠠᠨ ᠤ ᠠᠳᠤᠭᠤ ᠪᠠᠨ ᠬᠠᠷᠢᠭᠤᠯᠵᠤ ᠢᠷᠡᠭ᠍ᠰᠡᠨ᠂ ᠮᠢᠨᠤ ᠮᠡᠳᠡᠭᠦ ᠪᠠᠷ ᠠᠪᠣ ᠮᠢᠨᠢ ᠠᠯᠢ ᠡᠷᠳᠡ ᠪᠠᠷᠤᠭ ᠬᠤᠷᠢᠮᠯᠠᠭᠰᠠᠨ ᠤ ᠭᠢᠨᠢ ᠳᠠᠷᠠ ᠦᠶ᠎ᠡ ᠪᠠᠷ ᠠᠳᠤᠭᠤ ᠰᠠᠢ᠌ᠨ ᠬᠠᠷᠢᠭᠤᠯᠳᠠᠭ ᠭᠡᠤᠨ ᠭᠠᠴᠠᠭᠠᠨ ᠡᠴᠠ ᠳᠡᠭᠦᠨ ᠳᠤ ᠨᠢ᠋ᠮᠠᠨ ᠮᠤᠷᠢᠨ ᠤ ᠱᠠᠩᠨᠠᠯ ᠭᠦᠷᠳᠡᠭᠡᠯ᠎ᠡ ᠭᠡᠵᠤ ᠭᠡᠯᠡᠳᠡᠭ᠌᠂ ( ᠰᠡᠭᠦᠯᠡᠷ ᠨᠢ ᠡᠵᠢ ᠨᠠᠳᠠᠳᠤ ᠭᠡᠯᠡᠭᠦ ᠨᠢ ᠳᠠᠷᠠ ᠮᠤᠷᠢ ᠨᠢ ᠨᠢ᠋ᠮᠠᠨ ᠰᠢᠷᠭᠠᠯ ᠮᠤᠷᠢ ᠪᠠᠢ᠌ᠭᠰᠠᠨ ᠭᠡᠨ᠎ᠡ ) ᠂ ᠠᠪᠣ ᠮᠢᠨᠢ ᠶᠠᠷᠤᠨᠢ ᠠᠬ᠎ᠠ ᠳᠡᠭᠦᠤ ᠳᠠᠨᠢᠯᠴᠠᠬᠤ ᠳᠤᠷᠠᠳᠠᠢ ᠭᠦᠮᠤᠨ᠂ ᠳᠡᠭᠦᠨ ᠤ ᠮᠤᠩᠭ᠋ᠤᠯ ᠢᠷᠭᠡᠨ ᠠᠬ᠎ᠠ ᠳᠡᠭᠦᠤ ᠳᠤᠩ ᠣᠯᠠᠨ ᠪᠠᠢ᠌ᠳᠠᠭ᠂ ᠣᠢ᠌ᠷ᠎ᠠ ᠬᠠᠪᠢ ᠶᠢᠨ ᠭᠠᠵᠠᠷ ᠤᠳ ᠶᠢᠡᠷ ᠳᠠᠨᠢᠬᠤ ᠦᠭᠡᠶ ᠭᠦᠮᠤᠨ ᠮᠡᠳᠡᠭᠦ ᠦᠭᠡᠶ ᠭᠠᠵᠠᠷ ᠭᠡᠵᠤ ᠪᠠᠢ᠌ᠳᠠᠭ ᠦᠭᠡᠶ᠂ ᠮᠦᠨ ᠴᠤ ᠠᠪᠣ ᠮᠢᠨᠢ ᠠᠢ᠌ᠯ ᠤᠨ ᠶᠡᠭᠡ ᠪᠠᠢ᠌ᠳᠠᠭ ᠡᠴᠠ ᠪᠣᠯᠪᠠᠤ ᠂ ᠳᠠᠷᠠ ᠭᠡᠵᠢᠶᠡᠳᠡ ᠭᠦᠮᠤᠨ ᠢ ᠵᠤᠬᠢᠶᠠᠨ ᠪᠠᠢ᠌ᠭᠤᠯᠬᠤ ᠂ ᠣᠳᠤᠷᠢᠤᠠᠬᠤ ᠳᠠᠯ᠎ᠠ ᠪᠠᠷ ᠳᠤᠩ ᠭᠠᠪᠰᠢᠭᠠᠢ ᠪᠠᠢ᠌ᠳᠠᠭ ᠶᠤᠮ᠂ ᠵᠠᠷᠢᠮ ᠭᠦᠮᠦᠰ ᠤᠨ ᠭᠡᠯᠡᠭᠦ ᠪᠠᠷ ᠳᠠᠷᠠ ᠦᠶ᠎ᠡ ᠳᠤ ᠮᠠᠨ ᠤ ᠭᠠᠴᠠᠭᠠᠨ ᠤ ᠪᠠᠷᠤᠭᠳᠠᠢ ᠵᠠᠯᠠᠭᠤᠴᠤᠳ ᠪᠦᠷ ᠠᠪᠣ ᠡᠴᠠ ᠮᠢᠨᠢ ᠰᠢᠷᠭᠢᠳᠡᠭ᠌ ᠭᠡᠳᠡᠭ᠌᠂ ᠣᠳᠤ ᠪᠣᠳᠤᠬᠤ ᠳᠤ ᠪᠦᠷ ᠳᠤᠩ ᠭᠦᠡᠳᠦᠦᠡᠭᠡᠳᠡᠭ᠌ ᠯᠠ ᠪᠠᠢ᠌ᠯᠭᠦᠢ᠂ ᠢᠩᠭᠢᠭᠡᠤᠨ ᠯᠠ ᠠᠪᠣ ᠮᠢᠨᠢ ᠮᠠᠨ ᠤ ᠭᠠᠴᠠᠭᠠᠨ ᠤ ᠪᠠᠨ ᠭᠠᠴᠠᠭᠠᠨ ᠳᠠᠷᠤᠭ᠎ᠠ ᠪᠣᠯᠴᠢᠬᠠᠭᠰᠠᠨ ᠪᠠᠢ᠌ᠨ᠎ᠠ᠃

ᠭᠡᠨ ᠤ ᠬᠠᠳᠤᠯᠠᠩ ᠪᠠᠯᠴᠢᠭᠡᠷ ᠬᠠᠮᠢᠭᠠᠭᠤᠷ ᠪᠠᠢ᠌ᠬᠤ ᠡᠰᠡᠭᠦ ᠶᠢ ᠪᠦᠷ ᠰᠠᠢ᠌ᠨ ᠣᠢ᠌ᠯᠠᠭᠠᠵᠤ ᠮᠡᠳᠡᠳᠡᠭ᠌᠂ ᠶᠠᠪᠣᠳᠠᠯ ᠣᠴᠢᠷ ᠢ ᠰᠢ᠌ᠦᠡᠪᠦᠷᠢᠯᠡᠭᠦ ᠳᠤ ᠪᠠᠨ ᠴᠤ ᠳᠤᠩ ᠡᠷᠡᠰ ᠳᠠᠰᠤᠷᠬᠠᠢ ᠪᠠᠢ᠌ᠳᠠᠭ ᠪᠢᠯᠠ᠃ ᠳᠠᠷᠠᠪᠠᠷ ᠠᠪᠣ ᠮᠢᠨᠢ ᠭᠠᠴᠠᠭᠠᠨ ᠳᠤ ᠪᠠᠨ ᠪᠠᠭ᠎ᠠ ᠪᠣᠰᠤ ᠴᠤ ᠵᠢᠦᠡᠭᠦᠭ᠍ᠰᠡᠨ ᠳ᠋ᠠ᠃

ᠶᠠᠭᠤ ᠴᠤ ᠭᠡᠰᠡᠨ ᠭᠠᠪᠢᠶ᠎ᠠ ᠨᠢ ᠦᠭᠡᠶ ᠳᠤ ᠭᠠᠰᠢᠭᠤᠨ ᠨᠢ ᠪᠠᠢ᠌ᠨ᠎ᠠ ᠭᠡᠳᠡᠭ᠌ ᠶᠢᠡᠷ ᠠᠪᠣ ᠮᠢᠨᠢ ᠠᠷᠠᠤᠨ ᠤᠨ ᠠᠵᠢᠯ ᠢ ᠭᠢᠭᠡᠤᠨ ᠠᠷᠪᠠᠨ ᠳᠤᠯᠤᠭᠠᠨ ᠵᠢᠯ ᠪᠣᠯᠴᠢᠬᠠᠵᠠᠢ᠃ ᠡᠨᠡ ᠠᠷᠪᠠᠨ ᠳᠤᠯᠤᠭᠠᠨ ᠵᠢᠯ ᠳᠡᠭᠦᠨ ᠳᠤ ᠳᠤᠩ ᠶᠡᠭᠡ ᠨᠥᠯᠦᠭᠡ ᠠᠪᠴᠢᠷᠠᠭᠰᠠᠨ ᠭᠡᠵᠤ ᠪᠢ ᠪᠣᠳᠤᠨ᠎ᠠ᠂ ᠠᠷᠪᠠᠨ ᠳᠤᠯᠤᠭᠠᠨ ᠵᠢᠯ ᠣᠷᠳᠤ ᠭᠡᠪᠠᠯ ᠪᠠᠰᠠ ᠴᠤ ᠶᠡᠭᠡ ᠣᠷᠳᠤ ᠴᠠᠭ ᠮᠦᠴᠡ ᠪᠠᠢ᠌ᠬᠤ ᠶᠤᠰᠤᠳᠠᠢ᠂ ᠠᠯᠪᠠᠨ ᠤ ᠡᠯ᠎ᠡ ᠵᠣᠢ᠌ᠯ ᠤᠨ ᠣᠴᠢᠷ ᠡᠴᠠ ᠭᠠᠳᠠᠨ᠎ᠠ ᠠᠮᠢᠳᠤᠷᠠᠯ ᠤᠨ ᠳᠠᠷᠤᠭᠠᠰᠤ ᠴᠤ ᠳᠡᠭᠦᠨ ᠤ ᠮᠦᠷᠤ ᠳᠡᠭᠡᠷ᠎ᠡ ᠡᠳᠦᠷ ᠡᠴᠠ ᠡᠳᠦᠷ ᠭᠦᠡᠳᠦᠷᠡᠵᠤ ᠢᠷᠡᠭ᠍ᠰᠡᠨ ᠨᠢ ᠳᠠᠮᠵᠢᠭ ᠦᠭᠡᠶ᠂ ᠮᠠᠨ ᠤ ᠡᠭᠡᠴᠢ ᠳᠡᠭᠦᠤ ᠳᠠᠪᠣᠭᠤᠯᠠ ᠳᠡᠭᠦᠨ ᠳ᠋ᠤ ᠠᠪᠴᠤ ᠭᠡᠯᠡᠪᠠᠯ ᠳᠠᠢ᠌ᠮᠤ ᠴᠤ ᠭᠢᠯᠪᠠᠷ ᠶᠠᠪᠣᠳᠠᠯ ᠪᠢᠰᠢ ᠪᠠᠢ᠌ᠬ᠎ᠠ᠂ ᠥᠭᠡᠷ ᠮᠠᠯ ᠡᠴᠠ ᠪᠠᠨ ᠣᠯᠠᠨ ᠦᠷ᠎ᠡ ᠭᠡᠦᠭᠡᠤᠨ ᠲᠡᠶ ᠭᠦᠮᠤᠨ ᠳᠤ ᠠᠪᠴᠤ ᠭᠡᠯᠡᠪᠠᠯ ᠪᠦᠭᠦᠳᠡ ᠶᠢ ᠪᠢᠴᠢᠭ᠌ ᠰᠤᠶᠤᠯ ᠭᠦᠷᠳᠡᠭᠡᠨ᠎ᠡ ᠭᠡᠳᠡᠭ᠌ ᠭᠡᠴᠢᠨᠡᠨ ᠠᠮᠤᠷ ᠦᠭᠡᠶ ᠪᠢᠯᠠ ᠂ ᠦᠷᠢ ᠠᠪᠴᠠᠭ᠎ᠠ ᠭᠡᠵᠤ ᠮᠦᠨ ᠴᠤ ᠦᠰᠦᠨ ᠡᠴᠠ ᠨᠢ ᠣᠯᠠᠨ ᠪᠣᠯᠵᠤ ᠠᠷᠪᠢᠳᠤᠬᠤ ᠨᠢ ᠵᠠᠢ᠌ᠯᠠᠰᠢ ᠦᠭᠡᠶ ᠶᠠᠪᠣᠳᠠᠯ ᠪᠣᠯᠬᠤ ᠶᠤᠮ᠃

ᠡᠨᠡ ᠪᠣᠯ ᠮᠢᠨᠤ ᠵᠢᠪ ᠵᠢᠩᠭᠢᠨᠢ ᠭᠡᠯᠡᠶ᠎ᠡ ᠭᠡᠵᠤ ᠪᠠᠢ᠌ᠭ᠎ᠠ ᠠᠪᠣ ᠵᠢᠨ ᠳᠦᠷᠭᠦ᠂ ᠠᠭᠤᠤ ᠶᠡᠭᠡ ᠳᠦᠷᠭᠦ ︕ ᠳᠠᠷᠠ ᠬᠡᠳᠦᠢ᠌ᠪᠡᠷ ᠦᠪᠡᠷ ᠢ ᠪᠠᠨ ᠰᠤᠶᠤᠯ ᠤᠨ ᠪᠠᠯᠠᠢ ᠭᠡᠳᠡᠭ᠌ ᠪᠣᠯᠪᠠᠴᠤ᠂ ᠳᠡᠭᠦᠨ ᠳᠤ ᠠᠯᠤᠰ ᠭᠡᠳᠤ ᠶᠢᠨ ᠭᠦᠰᠡᠯ ᠡᠷᠡᠮᠡᠯᠵᠡᠯ ᠪᠠᠢ᠌ᠨ᠎ᠠ᠂ ᠡᠨᠡᠭᠦ ᠭᠦᠰᠡᠯᠡᠩ ᠪᠣᠯ ᠵᠥᠪᠭᠡᠨ ᠡᠭᠡᠴᠢ ᠳᠡᠭᠦᠤ ᠪᠢᠳᠠ ᠭᠡᠳᠤ ᠶᠢ ᠰᠤᠶᠤᠯ ᠮᠡᠳᠡᠯᠭᠡ ᠭᠦᠷᠳᠡᠭᠡᠭᠦ ᠭᠡᠵᠤ᠂ ᠦᠪᠡᠷ ᠲᠡᠶ ᠪᠠᠨ ᠠᠳᠠᠯᠢ ᠰᠤᠶᠤᠯ ᠦᠭᠡᠶ ᠪᠠᠯᠠᠢ ᠪᠣᠤ ᠪᠣᠯᠤᠭᠠᠰᠠᠢ ᠭᠡᠵᠤ ᠳᠡᠮᠡᠴᠡᠭᠡ ᠨᠢ ᠡᠨᠡ ᠪᠢᠯᠠ᠃

ᠨᠠᠮᠠᠶ᠋ᠢ ᠪᠠᠭ᠎ᠠ ᠰᠤᠷᠭᠠᠭᠤᠯᠢ ᠳᠤ ᠣᠷᠤᠬᠤ ᠳᠤ ᠨᠢᠭᠡ ᠭᠦᠮᠤᠨ ᠨᠠᠳᠠ ᠳᠤ ᠢᠩᠭᠢᠵᠤ ᠭᠡᠯᠡᠵᠤ ᠪᠠᠢ᠌ᠭᠰᠠᠨ ᠂ ᠭᠡᠯᠡᠭᠦ ᠳᠤ ᠪᠠᠨ ᠠᠪᠣ ᠶᠢᠨ ᠴᠢᠨᠢ ᠪᠠᠶᠠᠨ ᠡᠴᠠ ᠠᠯᠳᠠ ᠭᠠᠷᠴᠤ ᠪᠠᠢ᠌ᠨ᠎ᠠ ᠭᠡᠭᠦ ᠶᠤᠮ᠂ ᠪᠢ ᠭᠠᠢ᠌ᠬᠠᠳᠠᠭ ᠶᠤᠮ᠂ ᠳᠠᠢ᠌ᠮᠤ ᠡᠴᠠ ᠠᠪᠣ ᠶᠢ ᠣᠷᠤᠢ ᠬᠤᠪᠴᠠᠰᠤ ᠪᠠᠨ ᠳᠠᠢ᠌ᠯᠠᠬᠤ ᠶᠢᠨ ᠦᠶ᠎ᠡ ᠳᠤ ᠪᠢ ᠠᠵᠢᠭᠯᠠᠵᠤ ᠠᠵᠢᠭᠯᠠᠭᠠᠤᠨ ᠶᠠᠷᠤ ᠣᠯᠵᠤ ᠬᠠᠷᠠᠭᠰᠠᠨ ᠦᠭᠡᠶ ᠭᠦᠰᠡᠷᠳᠡᠭ᠍ᠰᠡᠨ ᠰᠢᠤᠬᠠᠨ ᠰᠠᠨᠠᠭᠳᠠᠭᠰᠠᠨ ᠂ ᠣᠳᠤ ᠪᠣᠳᠤᠬᠤ ᠳᠤ ᠭᠡᠴᠢᠨᠡᠨ ᠳᠡᠨᠡᠭ᠌ ᠪᠠᠢ᠌ᠵᠤ ᠪᠢᠯᠠ᠂ ᠠᠪᠣ ᠨᠠᠳᠠᠳᠤ ᠳᠠᠩᠳᠠ ᠪᠠᠨ ᠢᠩᠭᠢᠵᠤ ᠭᠡᠯᠡᠳᠡᠭ᠌ ᠂ ᠡᠭᠡᠴᠢ ᠨᠡᠷ ᠢ ᠭᠠᠷᠬᠤ ᠡᠴᠠ ᠡᠮᠤᠨ᠎ᠡ ᠶᠠᠷᠤ ᠨᠢ ᠦᠪᠡᠷ ᠶᠢᠡᠨ ᠭᠦᠤ ᠲᠡᠶ ᠪᠣᠯᠤᠶ᠎ᠠ ᠭᠡᠵᠤ ᠪᠣᠳᠤᠳᠠᠭ ᠭᠡᠨ᠎ᠡ᠂ ᠭᠡᠳᠡᠯ᠎ᠡ ᠳᠡᠷᠢᠭᠦᠨ ᠤ ᠭᠤᠷᠪᠠ ᠨᠢ ᠪᠦᠷ ᠭᠡᠦᠭᠡᠨ ᠪᠣᠯᠪᠠᠴᠤ ᠠᠪᠣ ᠶᠢᠨ ᠮᠢᠨᠢ ᠡᠨᠡᠭᠦ ᠭᠦᠰᠡᠯ ᠢ ᠰᠢᠠᠳᠠᠷᠭᠠᠵᠤ ᠴᠢᠳᠠᠭᠰᠠᠨ ᠦᠭᠡᠶ᠂ ᠳᠦᠷᠪᠠᠳᠦᠭᠡᠷ ᠪᠢ ᠳᠦᠩᠭᠡᠭᠡᠤᠨ ᠨᠢᠭᠡ ᠭᠦᠤ ᠪᠣᠯᠵᠤ ᠳᠦᠷᠦᠭ᠍ᠰᠡᠨ ᠯᠠ ᠪᠠᠢ᠌ᠨ᠎ᠠ᠃ ᠠᠪᠣ ᠮᠢᠨᠢ ᠯᠠᠪᠳᠠᠢ ᠳᠣᠢ᠌ᠯ ᠶᠢᠡᠷ ᠪᠠᠶᠠᠷᠯᠠᠭᠰᠠᠨ ᠪᠠᠢ᠌ᠯᠭᠦᠢ᠂ ᠭᠡᠪᠠᠴᠤ ᠳᠠᠷᠠ ᠶᠠᠷᠤ ᠨᠠᠳᠠ ᠶᠢ ᠶᠠᠷᠤ ᠡᠷᠭᠡᠯᠡᠭᠦᠯᠦᠭᠡ ᠦᠭᠡᠶ᠂ ᠬᠠᠷᠢᠨ ᠦᠬᠢᠨ ᠳᠡᠭᠦᠤ ᠮᠢᠨᠢ ᠳᠤᠩ ᠡᠷᠭᠡ ᠪᠠᠢ᠌ᠭᠰᠠᠨ᠂ ᠣᠳᠤ ᠮᠦᠨ ᠴᠤ ᠳᠠᠢ᠌ᠮᠤ ᠡᠷᠭᠡ ᠪᠢᠯᠠ᠃ ᠠᠪᠣ ᠪᠢᠳᠠ ᠬᠤᠶᠠᠷ ᠳᠤᠩ ᠥᠭᠡ ᠴᠥᠭᠡᠨ᠂ ᠶᠠᠷᠤ ᠶᠢᠨ ᠴᠠᠭ ᠲᠤ ᠠᠪᠣ ᠮᠢᠨᠢ ᠨᠠᠳᠠᠳᠠᠢ ᠪᠠᠷᠤᠭᠳᠠᠢ ᠳᠤ ᠥᠭᠡ ᠳᠠᠮᠠᠢ ᠶᠠᠷᠢᠬᠤ ᠦᠭᠡᠶ᠂ ᠪᠠᠷᠤᠭ ᠮᠢᠨᠤ ᠥᠭᠡ ᠴᠥᠭᠡᠨ ᠤ ᠶᠠᠪᠣᠳᠠᠯ ᠪᠠᠢ᠌ᠬ᠎ᠠ᠂ ᠭᠡᠪᠠᠴᠤ ᠠᠪᠣ ᠶᠠᠷᠤᠨᠢ ᠨᠠᠮᠠᠶ᠋ᠢ ᠴᠤᠭᠢᠳᠠᠭ ᠦᠭᠡᠶ᠂ ᠵᠥᠪᠭᠡᠨ ᠪᠣᠷᠤᠭᠤ ᠭᠡᠷᠡᠭ᠌ ᠭᠢᠭ᠍ᠰᠡᠭᠡᠷ ᠠᠭᠤᠷᠯᠠᠵᠤ ᠰᠢᠭᠦᠮᠵᠢᠯᠡᠳᠡᠭ᠌ ᠪᠠᠢ᠌ᠭᠰᠠᠨ᠂ ᠠᠪᠣ ᠳᠤ ᠪᠠᠨ ᠪᠢ ᠳᠣᠢ᠌ᠯ ᠶᠢᠡᠷ ᠬᠠᠢ᠌ᠷᠠᠳᠠᠢ᠃ ᠪᠢ ᠨᠢᠭᠡ ᠮᠠᠯᠴᠢᠨ ᠠᠪᠣ ᠲᠡᠶ ᠳᠤ ᠪᠠᠨ ᠣᠮᠤᠭᠰᠢᠨ᠎ᠠ ᠃

ᠳᠠᠪᠤᠨ ᠰᠤᠷᠤᠭᠴᠢ ᠶᠢ ᠰᠤᠷᠭᠠᠭᠤᠯᠢ ᠳᠤ ᠰᠠᠭᠤᠯᠭᠠᠨ᠎ᠠ ᠭᠡᠵᠤ ᠳᠠᠷ ᠶᠢᠡᠨ ᠪᠠᠷᠠᠭᠰᠠᠨ ᠠᠪᠣ ᠮᠢᠨᠢ ᠪᠠᠰᠠ ᠠᠵᠢᠯ ᠣᠯᠵᠤ ᠦᠭ‍ᠭᠦᠨ᠎ᠡ ᠭᠡᠵᠤ ᠮᠠᠨᠤᠰ ᠤᠨ ᠡᠮᠤᠨ᠎ᠡ ᠡᠴᠠ ᠭᠦᠶ‍ᠦᠭᠡᠤᠨ ᠯᠠ ᠪᠠᠢ᠌ᠳᠠᠭ ᠠᠪᠣ ᠮᠢᠨᠢ ᠭᠦᠶ‍ᠦᠭ᠍ᠰᠡᠭᠡᠷ ᠪᠠᠢ᠌ᠭᠠᠤᠨ ᠡᠪᠦᠭᠡᠷᠡᠴᠢᠭᠡᠯ᠎ᠡ᠃ ᠳᠠᠪᠢᠨ ᠨᠠᠰᠤ ᠵᠠᠷᠢᠮ ᠭᠦᠮᠤᠨ ᠳᠤ ᠠᠪᠴᠤ ᠭᠡᠯᠡᠪᠠᠯ ᠶᠡᠭᠡ ᠪᠢᠰᠢ᠂ ᠭᠡᠳᠡᠯ᠎ᠡ ᠠᠪᠣ ᠳᠤ ᠮᠢᠨᠢ ᠠᠪᠴᠤ ᠭᠡᠯᠡᠪᠠᠯ ᠡᠨᠡ ᠳᠠᠪᠢᠨ ᠨᠠᠰᠤ ᠪᠣᠯ ᠡᠩᠬᠦᠯ ᠳᠤᠩᠬᠤᠯ ᠂ ᠮᠤᠷᠤᠢ ᠰᠠᠷᠤᠢ ᠂ ᠶᠠᠳᠠᠷᠠᠭ᠎ᠠ ᠵᠥᠳᠡᠷᠡᠭᠡ ᠲᠡᠶ ᠨᠢᠭᠡ ᠣᠷᠳᠤ ᠭᠡᠭ᠍ᠴᠢ ᠳᠠᠮᠠᠴᠠᠯ ᠪᠣᠯᠬᠤ ᠶᠤᠮ᠂ ᠠᠪᠣ ᠮᠢᠨᠢ ᠶᠤᠰᠤᠳᠡᠢ ᠶᠠᠪᠣᠬᠤ ᠦᠭᠡᠶ ᠵᠠᠮ ᠢ ᠶᠠᠪᠣᠵᠤ᠂ ᠭᠦᠮᠦᠰ ᠤᠨ ᠥᠩᠭᠡᠷᠡᠭᠡᠭᠦ ᠦᠭᠡᠶ ᠣᠯᠠᠨ ᠶᠠᠭᠤᠮ᠎ᠠ ᠶᠢ ᠥᠩᠭᠡᠷᠡᠭᠡᠵᠤ᠂ ᠠᠮᠰᠠᠬᠤ ᠦᠭᠡᠶ ᠣᠯᠠᠨ ᠬᠠᠯᠠ ᠠᠮᠰᠠᠵᠤ ᠣᠳᠤ ᠶᠠᠭ ᠯᠠ ᠬᠠᠯᠠᠭᠳᠠᠭᠰᠠᠨ ᠴᠡᠷᠢᠭ᠌ ᠰᠢᠤᠬᠠᠨ ᠠᠭᠤᠵᠢᠷᠠᠬᠰᠡᠨ ᠪᠠᠢ᠌ᠬ᠎ᠠ᠃

ᠨᠠᠮᠤᠷ ᠢᠷᠠᠵᠤ ᠭᠠᠯᠠᠭᠤᠳ ᠪᠣᠴᠠᠬᠤ ᠣᠯᠠᠷᠢᠯ ᠤᠨ ᠱᠤᠩᠰᠢᠭ᠎ᠠ ᠨᠠᠰᠤ ᠶᠢ ᠨᠢ ᠵᠥᠭᠡᠭᠡᠭ᠍ᠰᠡᠭᠡᠷ ᠡᠪᠦᠭᠡᠨ ᠪᠣᠯᠭᠠᠵᠠᠢ᠂ ᠨᠠᠰᠤᠨ ᠤ ᠪᠠᠨ ᠵᠢᠷᠭᠠᠯ ᠢ ᠡᠳ᠋ᠯᠡᠭᠦ ᠴᠠᠭ ᠭᠦᠷᠦᠭᠡᠤᠨ ᠢᠷᠡᠭᠦ ᠳᠤ ᠨᠠᠢ᠌ᠷ ᠬᠠᠶᠠᠳᠠᠭ ᠦᠭᠡᠶ ᠡᠪᠠᠦᠡᠴᠢᠨ ᠡᠮᠭᠡᠭ᠌ ᠠᠪᠣ ᠶᠢ ᠮᠢᠨᠢ ᠵᠠᠯᠭᠢᠬᠤ ᠰᠢᠤᠬᠠᠨ ᠳᠠᠭᠠᠷᠢᠭᠠᠤᠨ ᠢᠷᠡᠴᠢᠭᠡᠯ᠎ᠡ ᠂ ᠪᠠᠭᠡᠵᠢᠩ ᠤᠨ ᠰᠢᠶ‍ᠧ ᠡᡁᠧ ᠶᠡᠭᠡ ᠡᠮᠨᠡᠯᠭᠡ ᠶᠢᠨ ᠬᠤᠷᠢᠶᠠᠨ ᠤ ᠣᠷᠳᠤ ᠡᠴᠠ ᠣᠷᠳᠤ ᠭᠤᠳᠤᠮᠵᠢ ᠳᠤ ᠶᠠᠪᠣᠭᠰᠠᠨ ᠳᠠᠷᠠ ᠨᠢᠭᠡ ᠮᠦᠴᠡ ᠨᠠᠳᠠᠳᠤ ᠳᠣᠢ᠌ᠯ ᠤᠨ ᠵᠤᠪᠠᠭᠤᠷᠢ ᠳᠠᠢ ᠰᠠᠨᠠᠭᠳᠠᠭᠰᠠᠨ ᠪᠢᠯᠠ ᠂ ᠪᠢ ᠡᠨᠡ ᠨᠠᠰᠤᠨ ᠳᠤ ᠪᠠᠨ ᠮᠠᠷᠳᠠᠵᠤ ᠴᠢᠳᠠᠬᠤ ᠦᠭᠡᠶ᠃ ᠮᠠᠰᠠ ᠵᠠᠰᠠᠯ ᠤᠨ ᠡᠮᠴᠢ ᠶᠢ ᠳᠠᠭᠠᠭᠠᠤᠨ ᠭᠤᠳᠤᠮᠵᠢ ᠵᠢᠨ ᠭᠦᠡᠳᠡᠢ ᠳᠤ ᠠᠪᠣ ᠶᠢᠨ ᠭᠦᠯ ᠤᠨ ᠴᠢᠮᠡᠭᠡ ᠵᠢᠷᠦᠭᠡᠨ ᠴᠤᠭᠢᠯᠭ᠎ᠠ ᠲᠡᠶ ᠮᠢᠨᠢ ᠵᠤᠭᠢᠴᠠᠵᠤ ᠂ ᠠᠪᠣ ᠶᠢᠨ ᠠᠯᠬᠤᠮ ᠪᠦᠷᠢ ᠮᠢᠨᠤ ᠵᠢᠷᠦᠭᠡ ᠶᠢ ᠭᠡᠴᠡᠭᠦᠤ ᠰᠢᠮᠰᠢᠷᠡᠭᠦᠯᠵᠤ ᠪᠢᠯᠠ᠃ ᠠᠷᠭ᠎ᠠ ᠦᠭᠡᠶ ᠬᠠᠵᠠᠭᠤᠰᠢ ᠪᠠᠨ ᠠᠪᠣ ᠶᠢᠨ ᠴᠢᠷᠠᠢ ᠶᠢ ᠰᠢᠷᠳᠡᠭᠦ ᠳᠤ ᠴᠢᠷᠠᠢ ᠳ᠋ᠤᠨᠢ ᠨᠢᠭᠡ ᠵᠣᠢ᠌ᠯ ᠤᠨ ᠥᠪᠠᠷᠳᠡᠭᠡᠨ ᠡᠭᠦᠰᠦᠭ᠍ᠰᠡᠨ ᠰᠡᠵᠢᠭᠯᠡᠯ ᠳᠠᠭᠠᠮᠠᠬᠯᠡᠯ ᠤᠨ ᠪᠠᠢ᠌ᠳᠠᠯ ᠢᠯᠠᠷᠠᠵᠤ᠂ ᠦᠪᠡᠷ ᠶᠢᠡᠨ ᠴᠤᠬᠤᠮ ᠶᠠᠮᠠᠷᠬᠠᠨ ᠡᠪᠠᠦᠡᠴᠢᠨ ᠣᠯᠤᠭᠰᠠᠨ ᠶᠢᠡᠨ ᠮᠡᠳᠡᠬᠡᠳᠥᠢ ᠳᠡᠭᠦᠨ ᠢ ᠥᠵᠡᠭᠡᠤᠨ ᠰᠠᠤᠠᠭᠢᠯ ᠮᠢᠨᠢ ᠡᠮᠳᠡᠷᠡᠭᠦ ᠪᠦᠭᠡᠤᠨ ᠨᠢᠯᠪᠣᠰᠤ ᠮᠢᠨᠢ ᠴᠤ ᠨᠢᠳᠤᠨ ᠳᠤ ᠵᠠᠢ᠌ᠷᠳᠠᠵᠤ᠂ ᠣᠨᠠᠭᠠᠵᠤ ᠳᠡᠢ᠌ᠯᠭᠦ ᠦᠭᠡᠶ ᠵᠢᠷᠦᠭᠡᠨ ᠳᠤ ᠯᠠ ᠣᠷᠤᠰᠤᠭᠰᠠᠨ ᠭᠡᠵᠤ ᠪᠢ ᠪᠣᠳᠤᠨ᠎ᠠ ᠃

ᠡᠮᠨᠡᠯᠭᠡ ᠶᠢᠨ ᠬᠤᠷᠢᠶᠠᠨ ᠳ᠋ᠠᠭᠢ ᠨᠢᠭᠡ ᠰᠠᠷ᠎ᠠ ᠳᠤ ᠨᠠᠳᠠ ᠳᠤ ᠳᠤᠩ ᠣᠯᠠᠨ ᠶᠠᠪᠣᠳᠠᠯ ᠢ ᠪᠣᠳᠤᠭᠳᠤᠭᠤᠯᠤᠭᠰᠠᠨ ᠃ ᠳᠠᠷᠠ ᠦᠶ᠎ᠡ ᠳᠤ ᠨᠠᠳᠠᠳᠤ ᠶᠠᠭᠤ ᠪᠦᠭᠦᠨ ᠪᠦᠷ ᠣᠷᠣᠢ᠌ᠳᠠᠭᠰᠠᠨ ᠰᠢᠤᠬᠠᠨ ᠰᠠᠨᠠᠭᠳᠠᠵᠤ ᠂ ᠭᠤᠮᠤᠳᠠᠯ ᠬᠠᠷᠠᠮᠰᠠᠯ ᠰᠠᠤᠠᠭᠢᠯ ᠳᠤ ᠮᠢᠨᠢ ᠦᠶᠡᠷ ᠪᠣᠯᠵᠤ᠂ ᠥᠩᠭᠡᠷᠡᠭ᠍ᠰᠡᠨ ᠤ ᠭᠦᠩᠭᠡᠨ ᠬᠠᠭᠤᠮᠠᠭᠠᠢ ᠵᠠᠩ ᠵᠠᠩᠰᠢᠯ ᠳᠤ ᠪᠠᠨ ᠰᠠᠤᠠᠭᠢᠯ ᠠᠯᠭᠠᠰᠴᠤ᠂ ᠬᠤᠶᠠᠷ ᠪᠣᠭᠤᠷᠤᠯ ᠳᠤ ᠪᠠᠨ ᠦᠷ᠎ᠡ ᠪᠣᠯᠤᠭᠰᠠᠨ ᠭᠢᠷᠢ ᠭᠡᠮ ᠳᠤ ᠳᠡᠡᠭᠴᠡᠭᠦ ᠦᠭᠡᠶ ᠪᠠᠨ ᠮᠠᠳᠠᠷᠠᠵᠤ᠂ ᠮᠠᠰᠠ ᠵᠠᠰᠠᠯ ᠤᠨ ᠦᠷ᠎ᠡ ᠳ᠋ᠦ᠋ᠩ ᠯᠠ ᠨᠠᠳᠠᠳᠤ ᠬᠠᠮᠤᠭ ᠤᠨ ᠶᠡᠭᠡ ᠭᠦᠰᠡᠯ ᠪᠣᠯᠵᠤ᠂ ᠭᠡᠴᠢᠨᠡᠨ ᠭᠦᠴᠤ ᠵᠠᠷᠤᠴᠠᠭᠤᠯᠤᠭᠰᠠᠨ ᠴᠤ ᠭᠡᠴᠢᠨᠡᠨ ᠥᠷᠡᠭ᠍ᠳᠡᠯ ᠭᠠᠷᠭᠠᠭᠰᠠᠨ ᠴᠤ ᠠᠪᠣ ᠮᠢᠨᠢ ᠠᠮᠢᠳᠤ ᠪᠠᠢ᠌ᠪᠠᠯ ᠠᠮᠢᠳᠤᠷᠠᠯ ᠳᠤ ᠮᠢᠨᠢ ᠶᠠᠭᠤ ᠴᠤ ᠳᠤᠳᠠᠭᠤ ᠦᠭᠡᠶ ᠭᠡᠵᠤ ᠪᠢ ᠪᠣᠳᠤᠬᠤ ᠶᠤᠮ ᠡ ᠂ ᠦᠭᠡᠶ ᠪᠣᠯ ᠠᠴᠢ ᠭᠠᠪᠢᠶ᠎ᠠ ᠴᠢᠨᠢ ᠨᠠᠳᠠᠳᠤ ᠬᠠᠷᠢᠭᠤᠯᠵᠤ ᠪᠠᠷᠠᠰᠢ ᠦᠭᠡᠶ ᠦᠷᠢ ᠪᠣᠯᠵᠤ ᠬᠤᠴᠤᠷᠬᠤ ᠡᠴᠠ ᠭᠦᠤ ᠴᠢᠨᠢ ᠪᠢ ᠠᠶᠤᠨ᠎ᠠ᠃ ᠳᠠ ᠮᠢᠨᠢ ᠪᠠᠢ᠌ᠬᠤ ᠦᠭᠡᠶ ᠪᠣᠯ ᠪᠢ ᠣᠯᠠᠭᠠᠨ ᠳᠤᠭᠤᠰᠤᠳᠤ ᠣᠢ᠌ᠤᠠᠬᠠᠷᠳᠤ ᠶ‍ᠢᠷᠳᠢᠠᠴᠤ ᠳᠤ ᠦᠨᠦᠴᠢᠷᠠᠵᠤ ᠬᠤᠴᠤᠷᠬᠤ ᠡᠴᠠ ᠪᠠᠨ ᠪᠢ ᠨᠠᠩ ᠴᠤ ᠠᠶᠤᠨ᠎ᠠ᠂ ᠠᠪᠣ ᠮᠢᠨᠢ ᠪᠢ ᠴᠢᠨᠤ ᠳᠦᠯᠦᠭᠡ ᠶᠠᠭᠤ ᠴᠤ ᠭᠢᠵᠤ ᠳᠡᠢ᠌ᠯᠭᠦ ᠦᠭᠡᠶ᠂ ᠪᠢ ᠵᠥᠪᠭᠡᠨ ᠮᠥᠩᠭᠡ ᠭᠦᠭᠡ ᠳᠡᠭ᠍ᠷᠢ ᠳᠤ ᠪᠠᠨ ᠳᠠᠭᠠᠤᠠᠬᠠᠵᠤ ᠳᠠᠨ ᠤ ᠪᠣᠶᠠᠨ ᠵᠠᠶᠠᠭ᠎ᠠ ᠳᠤ ᠴᠢᠨᠢ ᠮᠥᠷᠭᠦᠵᠤ ᠰᠥᠭᠦᠷᠡᠨᠡᠮ ︕ ᠪᠢ ᠦᠨᠡᠨ ᠰᠠᠤᠠᠭᠢᠯ ᠤᠨ ᠵᠢᠷᠦᠭᠡᠨ ᠥᠭᠡ ᠪᠠᠨ ᠳᠤᠯᠢᠳᠠᠵᠤ᠂ ᠥᠴᠦᠭᠡᠨ ᠳᠠᠳᠤᠢ ᠨᠠᠢ᠌ᠷᠠᠭ ᠤᠨ ᠠᠪᠢᠶᠠᠰ ᠶᠢᠡᠷ ᠶᠢᠡᠨ ᠦᠷᠦᠰᠢᠶᠠᠯᠳᠤ ᠠᠪᠣ ᠳᠠᠨ ᠳᠤ ᠪᠠᠨ ᠦᠷ᠎ᠡ ᠪᠣᠯᠤᠭᠰᠠᠨ ᠮᠢᠨᠤ ᠮᠢᠩᠭ᠋ᠠᠨ ᠮᠢᠩᠭ᠋ᠠᠨ ᠣᠰᠤᠯ ᠪᠣᠷᠤᠭᠤ᠂ ᠳᠠᠨ ᠤ ᠥᠯᠢᠦᠡᠭᠡᠵᠤ ᠳᠠᠢ᠌ᠯᠤᠰᠢ ᠦᠭᠡᠶ ᠠᠴᠢ ᠭᠠᠪᠢᠶ᠎ᠠ᠂ ᠥᠩᠭᠡᠷᠡᠭ᠍ᠰᠡᠨ ᠤ ᠰᠠᠢ᠌ᠨ ᠰᠠᠢ᠌ᠬᠠᠨ ᠢ ᠴᠢᠨᠢ ᠦᠷᠦᠴᠠ ᠵᠢᠷᠦᠭᠡᠨ ᠳᠡᠬᠡᠨ ᠳᠡᠭᠠᠯᠡᠨ ᠳᠡᠯᠡᠷᠬᠠᠵᠤ᠂ ᠡᠪᠦᠭᠡᠨ ᠪᠣᠭᠤᠷᠤᠯ ᠠᠪᠣ ᠳᠠᠨ ᠤ ᠪᠠᠶ᠎ᠠ ᠰᠠᠤᠠᠭᠢᠯ ᠤᠨ ᠴᠢᠨᠢ ᠡᠷᠡᠭᠦᠯ ᠡᠩᠭᠡ ᠪᠠᠢ᠌ᠬᠤ ᠶᠢ ᠳᠡᠬᠡᠳᠤ ᠳᠡᠭᠷᠢ ᠳᠤ ᠰᠡᠳᠬᠢᠴᠢᠯᠡᠨ ᠳᠠᠭᠠᠤᠠᠬᠠᠶ᠎ᠠ ︕


ᠵᠤᠬᠢᠶᠠᠭᠴᠢ ᠶᠢᠨ ᠬᠠ‍ᠶ‍ᠢᠭ᠄ ᠤᠯᠠᠭᠠᠨᠬᠠᠳᠠ ᠬᠤᠲᠠ ᠶᠢᠨ ᠬᠡᠰᠢᠭᠲᠡᠨ ᠬᠤᠰᠢᠭᠤᠨ ᠤ ᠴᠤᠭ ᠺᠤᠮᠫᠢᠦ᠋ᠲ᠋ᠧᠷ


ᠵᠤᠬᠢᠶᠠᠭᠴᠢ᠄ ᠴᠤᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 4020
ᠴᠠᠭ᠄ 2009 ᠤᠨ ᠤ 12 ᠰᠠᠷ᠎ᠠ ᠶᠢᠨ 27
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠨᠠᠢ᠌ᠷᠠᠭᠤᠯᠤᠯ - ᠮᠢᠨᠦ ᠠᠪᠤ