ᠦᠵᠦᠮᠤᠴᠢᠨ ᠣᠨᠢᠰᠤᠭ᠎ᠠ (ᠵᠢᠷᠭᠤᠭ᠎ᠠ)

91. ᠡᠵᠢ ᠶᠢᠨ ᠦᠭ‍ᠭᠦᠭ᠍ᠰᠡᠨ ᠳᠤᠷᠭ᠎ᠠ ᠵᠢ

ᠡᠪᠭᠡᠭᠡᠳ ᠪᠠᠷᠠᠬᠤ ᠥᠭᠡᠢ

ᠠᠪᠣ ᠶᠢᠨ ᠦᠭ‍ᠭᠦᠭ᠍ᠰᠡᠨ ᠬᠤᠨᠢ ᠵᠢ

ᠲ᠋ᠤᠭᠠᠯᠠᠭᠠᠤᠨ ᠪᠠᠷᠠᠬᠤ ᠥᠭᠡᠢ

(ᠳᠡᠭ᠍ᠷᠢ᠂ ᠣᠳᠤ)

92. ᠲ᠋ᠤᠪᠣ ᠶᠢ ᠳᠤᠭᠤᠷᠢᠭᠰᠠᠨ

ᠲ᠋ᠤᠯᠤᠭᠠᠨ ᠨᠥᠭᠡ

(ᠬᠤᠶᠠᠷ ᠨᠢᠳᠤ᠂ ᠬᠤᠶᠠᠷ ᠴᠢᠭᠢ᠂ ᠬᠠᠮᠠᠷ ᠤᠨ ᠬᠤᠶᠠᠷ ᠨᠥᠭᠡ᠂ ᠠᠮᠠ)

93. ᠬᠠᠮᠪᠣ ᠳᠤᠷᠭᠠᠨ ᠳᠠᠪᠠᠯ ᠳᠠᠢ

ᠬᠠᠯᠠᠭᠤᠨ ᠭᠠᠯ ᠤᠨ ᠢᠯᠴᠢ ᠳᠠᠢ

(ᠢᠯᠢᠭᠦᠷ)

94. ᠳᠠᠷᠠ ᠡᠮᠤᠨ᠎ᠡ᠂ ᠳᠡᠮᠡᠭᠡ ᠰᠢᠭ᠌

ᠳᠡᠭ᠍ᠷᠢ ᠶᠢᠨ ᠨᠠᠭᠠᠨ᠎ᠠ ᠢᠮᠠᠭ᠎ᠠ ᠰᠢᠭ

ᠨᠠᠷᠠᠨ ᠳᠤᠤᠷ᠎ᠠ ᠨᠠᠭᠠᠳᠤᠮ ᠰᠢᠭ

ᠨᠠᠭᠠᠴᠤ ᠶᠢᠨ ᠬᠤᠩᠭ᠋ᠤᠷ ᠰᠢᠪᠠᠭᠤ ᠰᠢᠭ

(ᠵᠡᠷᠭᠡᠯᠭᠡᠨ)

95. ᠭᠦᠮᠤᠨ ᠦᠵᠡᠪᠠᠯ ᠭᠦᠦᠭᠦᠷᠳᠦᠨ᠎ᠡ

ᠭᠦᠵᠦᠭᠦᠤ ᠰᠡᠭᠡᠷ ᠨᠢ ᠭᠦᠳᠦᠯᠵᠡᠨ᠎ᠡ

ᠪᠠᠬᠠᠨ ᠪᠠᠬᠠᠨ ᠪᠠᠷᠠᠯᠠᠭᠠᠤᠨ

ᠪᠠᠷᠠᠭᠤᠨ ᠭᠦᠯ ᠨᠢ ᠳᠡᠭᠡᠯᠵᠡᠨ᠎ᠡ

(ᠳᠤᠭᠤᠷᠤᠤ)

96. ᠣᠷᠳᠤ ᠡᠴᠡ ᠣᠷᠳᠤ

ᠦᠨᠳᠦᠷ ᠡᠴᠡ ᠦᠨᠳᠦᠷ

(ᠵᠠᠮ)

97. ᠥᠭᠡᠭᠦᠨ ᠳᠡᠭᠡᠭᠦᠷ ᠭᠦᠶ‍ᠦᠳᠡᠭ᠌ ᠦᠭᠡᠶ ᠴᠢᠤᠵᠢᠶᠠᠩ

ᠥᠩᠭᠡᠳᠡᠢ ᠳᠤᠷᠭᠠᠨ ᠳᠡᠭᠡᠭᠦᠷ ᠭᠦᠶ‍ᠦᠳᠡᠭ᠌ ᠴᠢᠤᠵᠢᠶᠠᠩ

ᠳᠤᠰᠤᠨ ᠳᠡᠭᠡᠷ ᠭᠦᠶ‍ᠦᠳᠡᠭ᠌ ᠦᠭᠡᠶ ᠴᠢᠤᠵᠢᠶᠠᠩ

ᠳᠤᠷᠭᠠᠨ ᠳᠡᠭᠡᠭᠦᠷ ᠭᠦᠶ‍ᠦᠳᠡᠭ᠌ ᠴᠢᠤᠵᠢᠶᠠᠩ

(ᠢᠯᠢᠭᠦᠷ)

98. ᠦᠶ᠎ᠡ ᠦᠶ᠎ᠡ ᠳᠠᠪᠠᠯ ᠳᠠᠢ

ᠥᠨᠡᠭᠡᠨ ᠰᠢᠷ᠎ᠠ ᠮᠠᠯᠠᠭᠠᠢ ᠳᠠᠢ

(ᠬᠤᠯᠤᠰᠤ)

99. ᠪᠠᠷᠠᠭᠤᠨ ᠬᠣᠢ᠌ᠨ᠎ᠠ ᠡᠴᠡ ᠢᠷᠡᠭ᠍ᠰᠡᠨ

ᠪᠠᠳᠮ᠎ᠠ ᠰᠤᠰᠠᠢ ᠭᠡᠦᠭᠡᠨ

ᠠᠷᠪᠠᠨ ᠬᠤᠶᠠᠷ ᠳᠠᠭᠠᠪᠣᠷᠢ ᠳᠠᠢ

ᠠᠷᠢᠭᠤᠨ ᠮᠦᠩᠭᠦᠨ ᠬᠠᠯᠪᠠᠭ᠎ᠠ ᠳᠠᠢ

(ᠮᠠᠯ ᠤᠨ ᠡᠪᠴᠢᠭᠦᠤ)

100. ᠪᠠᠷᠠᠭᠤᠨ ᠭᠠᠵᠠᠷ ᠨᠤᠳᠤᠭ ᠳᠠᠢ

ᠪᠠᠠᠰᠠᠷ ᠰᠠᠠᠰᠠᠷ ᠮᠠᠯᠠᠭᠠᠢ ᠳᠠᠢ

ᠭᠠᠤᠯᠢᠨ ᠬᠤᠶᠠᠷ ᠪᠦᠷᠦᠶ᠎ᠡ ᠳᠠᠢ

ᠭᠤᠷᠪᠠᠨ ᠰᠠᠷ᠎ᠠ ᠶᠢᠨ ᠬᠤᠷᠠᠯ ᠳᠠᠢ

(ᠰᠢᠮᠠᠭᠤᠯ)


ᠵᠤᠬᠢᠶᠠᠭᠴᠢ ᠶᠢᠨ ᠬᠠᠶ‍ᠢᠭ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1691
ᠴᠠᠭ᠄ 2010 ᠤᠨ ᠤ 09 ᠰᠠᠷ᠎ᠠ ᠶᠢᠨ 13
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ