ᠳᠤᠩᠭ᠋ᠤᠷᠤᠤ ᠶ‍ᠢᠷᠳᠢᠠᠴᠤ ᠶᠢᠨ ᠳᠠᠳᠠᠯᠠᠭ᠎ᠠ

ᠴᠡᠭᠡᠯ ᠤᠨ ᠣᠰᠤᠨ ᠳ᠋ᠤ

ᠣᠳᠠ ᠨᠢ ᠨᠠᠮᠠᠭ᠎ᠠ ᠪᠠᠷ ᠶᠢᠡᠨ ᠦᠨᠳᠦᠰᠦᠯᠠᠵᠤ

ᠣᠷᠭᠤᠨ᠎ᠠ᠃

ᠪᠣᠯᠵᠤᠮᠤᠷ ᠨᠢ ᠵᠠᠮᠠᠭ ᠤᠨ ᠳᠤᠮᠳᠠᠭᠤᠷ

ᠨᠢᠰᠤᠨ᠎ᠡ᠃


ᠴᠦᠯ ᠤᠨ ᠡᠯᠡᠰᠤᠨ ᠳᠤ

ᠪᠣᠷᠭᠠᠰᠤ ᠨᠢ ᠦᠨᠳᠦᠰᠦ ᠪᠠᠷ ᠶᠢᠡᠨ ᠨᠠᠪᠴᠢᠯᠠᠵᠤ

ᠪᠠᠷᠪᠠᠢ᠌ᠨ᠎ᠡ᠃

ᠬᠤᠮᠠᠭ ᠨᠢ ᠨᠠᠪᠴᠢ ᠪᠠᠷ ᠨᠢ ᠨᠠᠭᠠᠳᠴᠤ

ᠭᠡᠢ᠌ᠰᠤᠨ᠎ᠡ᠃


ᠣᠷᠴᠢᠯᠠᠩ ᠵᠢᠮ᠎ᠠ ᠳ᠋ᠤ

ᠵᠤᠨ ᠨᠢ ᠨᠠᠷᠠ ᠡᠴᠠ ᠪᠠᠨ ᠬᠤᠯᠠᠳᠤᠭᠠᠤᠨ

ᠬᠠᠯᠠᠭᠤᠴᠠᠨ᠎ᠠ᠃

ᠡᠪᠦᠯ ᠨᠢ ᠨᠠᠷᠠ ᠡᠴᠠ ᠪᠠᠨ ᠤᠢ᠌ᠷᠠᠳᠤᠭᠠᠤᠨ

ᠭᠦᠯᠳᠡᠨ᠎ᠡ᠃


ᠣᠢ ᠶᠢᠨ ᠨᠠᠪᠴᠢᠰ

ᠬᠠᠪᠣᠷ ᠨᠢ ᠳᠡᠭ᠍ᠷᠢ ᠥᠭᠡᠳᠡ

ᠣᠷᠭᠤᠨ᠎ᠠ᠃

ᠨᠠᠮᠤᠷ ᠨᠢ ᠭᠠᠵᠠᠷ ᠣᠷᠤᠭᠤ

ᠣᠨᠠᠨ᠎ᠠ᠃


ᠮᠠᠩᠬᠠᠨ ᠨᠤᠳᠤᠭ ᠳᠤ

ᠪᠠᠯᠴᠢᠭᠡᠷ ᠨᠢ ᠳᠠᠷᠢᠶ᠎ᠠ ᠪᠠᠷ ᠶᠢᠡᠨ ᠭᠦᠷᠢᠶᠡᠯᠡᠭᠦᠯᠵᠤ

ᠳᠠᠴᠢᠷᠳᠠᠨ᠎ᠠ᠃

ᠳᠠᠷᠢᠶ᠎ᠠ ᠨᠢ ᠮᠠᠩᠬ᠎ᠠ ᠪᠠᠷ ᠶᠢᠡᠨ ᠬᠠᠰᠢᠶᠠᠯᠠᠭᠤᠯᠵᠤ

ᠭᠠᠩᠳᠠᠨ᠎ᠠ᠃


ᠮᠠᠯᠵᠢᠬᠤ ᠣᠷᠤᠨ ᠮᠢᠨᠢ

ᠮᠠᠯ ᠨᠢ ᠳᠤᠤᠷ ᠶᠢᠡᠷ ᠶᠢᠡᠨ ᠣᠶᠠᠭᠤᠯᠵᠤ

ᠪᠠᠯᠴᠢᠨ᠎ᠡ᠃

ᠳᠤᠤᠷ ᠨᠢ ᠮᠠᠯ ᠶᠢᠡᠷ ᠶᠢᠡᠨ ᠳᠡᠯᠡᠭᠦᠯᠵᠤ

ᠳᠠᠰᠤᠷᠠᠨ᠎ᠠ᠃


ᠬᠤᠨᠢ ᠶᠢᠨ ᠮᠠᠨᠠᠭᠠᠨ ᠳ᠋ᠤ

ᠨᠤᠬᠠᠢ ᠨᠢ ᠡᠵᠡᠨ ᠶᠢᠡᠷ ᠶᠢᠡᠨ ᠳᠠᠭᠤᠳᠠᠭᠤᠯᠵᠤ ᠪᠣᠷᠭᠤᠭᠠᠨ᠎ᠠ᠃

ᠬᠤᠨᠢ ᠨᠢ ᠨᠤᠬᠠᠢ ᠳᠠᠭᠠᠨ ᠢᠳᠡᠭᠡᠵᠤ

ᠢᠳᠡᠭ᠍ᠳᠡᠨ᠎ᠡ᠃


ᠬᠤᠨᠢ ᠢᠮᠠᠭᠠᠤᠨ ᠤᠨ

ᠪᠠᠶ᠎ᠠ ᠨᠢ ᠪᠠᠯᠴᠢᠭᠡᠷ ᠰᠠᠨᠠᠵᠤ

ᠦᠰᠦᠨ᠎ᠡ᠃

ᠮᠢᠬ᠎ᠠ ᠨᠢ ᠳᠤᠭᠤᠭᠠᠨ ᠵᠥᠭ᠌

ᠳᠠᠷᠭᠤᠯᠠᠨ᠎ᠠ᠃


ᠳᠡᠦᠭᠡ ᠶᠢᠨ ᠦᠨᠡᠨ ᠳ᠋ᠤ

ᠦᠴᠦᠭᠡᠳᠦᠷ ᠨᠢ ᠦᠨᠦᠳᠤᠷ ᠶᠢᠡᠷ ᠶᠢᠡᠨ ᠰᠢᠯᠭᠠᠭᠤᠯᠵᠤ

ᠪᠣᠷᠤᠭᠤᠳᠠᠨ᠎ᠠ᠃

ᠦᠨᠦᠳᠤᠷ ᠨᠢ ᠮᠠᠷᠭᠠᠰᠢ ᠶᠢᠨ ᠲᠦᠯᠦᠭᠡ ᠪᠠᠨ

ᠪᠣᠷᠤᠭᠤᠳᠠᠨ᠎ᠠ᠃


ᠴᠦᠪ ᠤᠨ ᠴᠠᠭ ᠳᠤ

ᠨᠤᠮᠤ ᠨᠢ ᠰᠤᠮᠤ ᠪᠠᠷ ᠶᠢᠡᠨ ᠳᠡᠯᠡᠭᠦᠯᠵᠤ

ᠬᠠᠷᠪᠣᠨ᠎ᠠ᠃

ᠰᠤᠮᠤ ᠨᠢ ᠨᠤᠮᠤ ᠪᠠᠨ ᠬᠤᠭᠤᠯᠵᠤ

ᠱᠤᠤᠭᠢᠨ᠎ᠠ᠃


ᠡᠪ ᠤᠨ ᠡᠷᠡᠨ ᠳ᠋ᠤ

ᠫᠣᠤ ᠨᠢ ᠳᠠᠭᠤᠤ ᠳᠠᠭᠠᠨ ᠬᠤᠷᠢᠶᠠᠭᠳᠠᠵᠤ

ᠵᠢᠪᠠᠷᠠᠨ᠎ᠡ᠃

ᠳᠠᠭᠤᠤ ᠨᠢ ᠴᠤᠤ ᠳᠠᠭᠠᠨ ᠨᠠᠢ᠌ᠳᠠᠵᠤ

ᠳᠠᠷᠬᠠᠭᠳᠠᠨ᠎ᠠ᠃


ᠢᠨᠠᠭ ᠳᠤᠷᠠᠯᠠᠯ ᠳ᠋ᠤ

ᠬᠠᠢ᠌ᠷ᠎ᠠ ᠨᠢ ᠠᠮᠢᠳᠤᠷᠠᠯ ᠶᠢᠡᠷ ᠶᠢᠡᠨ ᠳᠤᠭᠯᠠᠭᠤᠯᠵᠤ

ᠣᠠᠳᠠᠷᠠᠨ᠎ᠠ᠃

ᠠᠮᠢᠳᠤᠷᠠᠯ ᠨᠢ ᠬᠠᠢ᠌ᠷ᠎ᠠ ᠳᠠᠭᠠᠨ ᠮᠡᠭᠡᠯᠡᠭ᠍ᠳᠡᠵᠤ

ᠵᠠᠳᠠᠷᠠᠨ᠎ᠠ᠃


ᠭᠦᠮᠤᠨ ᠳᠦᠷᠤᠯᠭᠢᠳᠠᠨ ᠳ᠋ᠤ

ᠨᠠᠰᠤ ᠨᠢ ᠥᠭᠦᠯ ᠶᠢᠡᠨ ᠤᠢ᠌ᠷᠠᠳᠤᠭᠤᠯᠵᠤ

ᠦᠰᠦᠨ᠎ᠠ᠃

ᠦᠰᠦ ᠨᠢ ᠨᠠᠰᠤ ᠪᠠᠨ ᠥᠰᠭᠡᠵᠤ

ᠬᠤᠷᠤᠭᠳᠠᠨ᠎ᠠ᠃


ᠡᠷᠢᠶᠡᠨ ᠬᠤᠷᠸ᠎ᠠ ᠳ᠋ᠤ

ᠡᠷᠭᠡ ᠨᠢ ᠡᠳ᠋ ᠶᠢᠡᠷ ᠴᠠᠳᠴᠤ

ᠳᠠᠩᠭ᠋ᠠᠢ᠌ᠨ᠎ᠠ᠃

ᠡᠳ᠋ ᠨᠢ ᠡᠷᠭᠡ ᠪᠠᠨ ᠡᠷᠡᠮᠰᠢᠵᠤ

ᠡᠷᠳᠥᠢᠨ᠎ᠡ᠃


ᠨᠢᠭᠤᠴᠠ ᠳᠤᠪᠴᠢᠶᠠᠨ ᠳ᠋ᠤ

ᠳᠡᠦᠭᠡ ᠨᠢ ᠢᠯᠠ ᠪᠣᠯᠵᠤ

ᠪᠢᠴᠢᠭ᠍ᠳᠡᠨ᠎ᠡ᠃

ᠨᠠᠷ᠎ᠠ ᠨᠢ ᠨᠢᠭᠤᠴᠠ ᠪᠣᠯᠵᠤ

ᠣᠩᠰᠢᠭᠳᠠᠨ᠎ᠠ᠃


ᠴᠠᠭ ᠤᠨ ᠣᠷᠤᠰᠬᠠᠯ ᠳ᠋ᠤ

ᠴᠢ᠂ ᠨᠠᠮ᠎ᠠ ᠪᠠᠷ ᠮᠦᠷᠦᠭᠡᠳᠦᠭᠦᠯᠵᠤ

ᠮᠠᠷᠳᠠᠭᠳᠠᠨ᠎ᠠ᠃

ᠪᠢ᠂ ᠴᠢᠮ᠎ᠠ ᠶᠢ ᠮᠠᠷᠳᠠᠵᠤ

ᠰᠠᠨᠠᠨ᠎ᠠ᠃


ᠢᠷᠠᠭᠤ ᠨᠠᠢ᠌ᠷᠠᠭ ᠳᠤ

ᠪᠢ᠂ ᠰᠢᠯᠦᠭ᠌ ᠲᠡᠭᠡᠨ ᠵᠠᠷᠤᠭᠳᠠᠵᠤ

ᠵᠦᠳᠠᠷᠠᠨ᠎ᠡ᠃

ᠰᠢᠯᠦᠭ᠌ ᠮᠢᠨᠢ᠂ ᠨᠠᠳᠠ ᠶᠢ ᠪᠢᠴᠢᠵᠤ

ᠶᠠᠭᠠᠷᠠᠨ᠎ᠠ ᠁


ᠵᠤᠬᠢᠶᠠᠭᠴᠢ ᠶᠢᠨ ᠬᠠᠶ‍ᠢᠭ ᠄ ᠲᠦᠩᠯᠢᠶᠤᠤ ᠬᠤᠳᠠ ᠬᠣᠢ᠌ᠳᠤ ᠬᠤᠰᠢᠭᠤ ᠮᠤᠳᠤᠳᠤ ᠰᠤᠷᠭᠠᠭᠤᠯᠢ

ᠵᠤᠬᠢᠶᠠᠭᠴᠢ᠄ ᠪᠣᠷᠵᠢᠭᠢᠨ·ᠪᠦᠷᠢᠨ‍ᠲᠤᠩᠭᠠᠯᠠᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1523
ᠴᠠᠭ᠄ 2010 ᠤᠨ ᠤ 09 ᠰᠠᠷ᠎ᠠ ᠶᠢᠨ 17
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ