ᠥᠪᠡᠷ ᠤᠨ ᠬᠢ ᠲᠠᠢ ᠪᠠᠨ ᠵᠤᠭᠤᠭᠳᠠᠭᠰᠠᠨ ᠲᠡᠮᠳᠡᠭᠯᠡᠯ

ᠣᠷᠴᠢ᠍ᠮ ᠠᠵᠢ᠍ᠯ ᠶᠠᠭᠠᠷᠠᠣ ᠲᠣᠯᠡ ᠣᠷᠳ᠋ᠣ ᠨᠢ᠍ᠬᠡ ᠶᠠᠭᠣᠮ᠎ᠠ ᠪᠢᠴᠢ᠍ᠶ᠎ᠠ ᠬᠡᠳ ᠶᠠᠷᠣᠨᠢ ᠪᠢᠴᠢ᠍ᠬᠦ ᠴᠢ᠍ᠯᠦᠬᠡ ᠭᠠᠷᠬᠣ ᠦᠭᠡᠶ ᠪᠠᠢ᠌ᠯ᠎ᠠ᠃ ᠬᠠᠷᠢ᠍ᠨ ᠪᠢᠴᠢ᠍ᠬᠦ ᠴᠢ᠍ᠯᠦᠬᠡ ᠦᠭᠡᠶ ᠪᠣᠯᠬᠣ ᠲᠣᠰᠣᠮ ᠣᠯᠠᠮ ᠪᠢᠴᠢ᠍ᠬᠦ ᠬᠡᠳ ᠪᠠᠢ᠌ᠳ᠋ᠠᠭ ᠨᠢ ᠴᠣᠬᠣᠮ ᠶᠠᠭᠣᠨ ᠤ ᠬᠢ ᠶᠤᠮ ᠳ᠋ᠠ᠃ ᠠᠭᠱᠠᠨ ᠵᠠᠭᠣᠷ᠎ᠠ ᠂ ᠺᠣᠮᠫᠢᠦ᠋ᠲ᠋ᠧᠷ ᠤᠨ ᠡᠮᠣᠨ᠎ᠠ ᠨᠠᠮᠪᠠᠭ᠎ᠠ ᠲᠡᠢ ᠰᠠᠭᠣᠴᠢ᠍ᠬᠠᠭᠠᠳ 《ᠲᠣᠱ ᠲᠣᠱ》 ᠲᠣᠶ‍ᠢ᠍ᠵᠦ ᠪᠢᠴᠢ᠍ᠬᠦ᠂ ᠪᠦᠷᠬᠡ ᠪᠠᠨ ᠰᠢ᠍ᠨᠡᠳᠬᠡᠬᠦ ᠂ ᠡᠰᠡᠬᠦᠯ᠎ᠠ ᠨᠠᠮ ᠪᠣᠳ᠋ᠣᠯᠭᠠᠰᠢ᠍ᠷᠠᠬᠣ ᠂ ᠰᠡᠳᠬᠢᠯ ᠶᠢᠡᠨ ᠲᠡᠯᠬᠡᠬᠦ ᠪᠣᠶ‍ᠣ ᠦᠩᠭᠡᠷᠡᠭ᠍ᠰᠡᠨ ᠤ ᠮᠠᠭᠣ ᠰᠠᠢ᠌ᠨ ᠶᠠᠪᠣᠳ᠋ᠡᠯ ᠤᠳ ᠢ ᠡᠷᠬᠢᠴᠠᠬᠦᠯᠬᠦ ᠨᠢ ᠶᠠᠭᠣᠳ᠋ᠠᠢ ᠵᠣᠯ ᠵᠢᠷᠭᠠᠯ ᠲᠡᠢ ᠶᠠᠪᠣᠳ᠋ᠡᠯ ᠪᠣᠯᠬᠣ ᠶᠢ ᠮᠡᠳ᠋ᠡᠷᠡᠯ᠎ᠠ᠃ 《ᠵᠠᠷᠣᠳ ᠤᠨ ᠠᠵᠢ᠍ᠯ ᠤᠨ ᠮᠡᠳ᠋ᠡᠬᠡᠯᠡᠯ》 ᠲᠡᠭᠡᠷ᠎ᠠ ᠨᠠᠢ᠌ᠳ᠋ᠡᠯᠡᠭ᠍ᠰᠡᠨ ᠬᠡᠳ᠋ᠣᠨ ᠬᠣᠪᠢ ᠮᠡᠳ᠋ᠡᠬᠡᠯᠡᠯ ᠮᠢ᠍ᠨᠢ ᠡᠷᠬᠢᠵᠦ ᠪᠣᠴᠠᠰᠢ ᠦᠭᠡᠶ ᠪᠠᠷ 2016 ᠣᠨ ᠢ ᠦᠰᠦᠭ᠌ ᠪᠢᠴᠢ᠍ᠭ᠌ ᠶᠢᠡᠷ ᠦᠯᠡᠳ᠋ᠡᠬᠡᠵᠦ ᠦᠭ᠍‍ᠬᠦ ᠳ᠋ᠥ᠂ ᠵᠣᠪᠡᠵᠦ ᠵᠦ᠋ᠳ᠋ᠡᠨ ᠪᠢᠴᠢ᠍ᠭ᠍ᠰᠡᠨ ᠲᠡᠳ᠋ᠡᠭᠡᠷ ᠨᠣᠢ᠌ᠷ ᠬᠣᠯᠵᠢ᠍ᠭᠰᠡᠨ ᠦᠳ᠋ᠡᠰᠢ ᠤᠳ ᠢ ᠵᠣᠬᠢᠶᠡᠯ ᠮᠢ᠍ᠨᠢ ᠲᠡᠨᠳ᠋ᠡ ᠰᠡᠮᠡᠬᠡᠷ ᠲᠡᠮᠳ᠋ᠡᠭᠯᠡᠴᠢ᠍ᠬᠡᠵᠡᠢ᠃ ᠣᠳ᠋ᠣ ᠪᠢ ᠂ ᠺᠣᠮᠫᠢᠦ᠋ᠲ᠋ᠧᠷ ᠤᠨ ᠡᠮᠣᠨ᠎ᠠ ᠠᠯᠢ ᠣᠯᠠᠨ ᠪᠣᠳ᠋ᠣᠯᠭᠠᠰᠢ᠍ᠷᠡᠯ ᠳ᠋ᠥ ᠠᠪᠳ᠋ᠠᠭᠳ᠋ᠡᠨ ᠰᠠᠭᠣᠬᠣ ᠳ᠋ᠥ᠂ ᠬᠠᠮᠣᠭ ᠡᠴᠡ ᠬᠡᠯᠡᠶ᠎ᠠ ᠬᠡᠰᠡᠨ ᠦᠬᠡ ᠪᠠᠨ ᠬᠡᠯᠡᠵᠦ ᠭᠠᠷᠬᠣ ᠦᠭᠡᠶ᠂ ᠬᠠᠮᠣᠭ ᠡᠴᠡ ᠢᠯᠡᠳᠬᠡᠶ᠎ᠠ ᠬᠡᠰᠡᠨ ᠰᠠᠨᠠᠭ᠎ᠠ ᠪᠠᠨ ᠶᠠᠭᠠᠬᠢᠬᠰᠡᠨ ᠴᠦ ᠢᠯᠡᠳᠬᠡᠵᠦ ᠲᠡᠢ᠌ᠯᠬᠦ ᠦᠭᠡᠶ ᠪᠣᠳ᠋ᠣᠯ ᠲᠠᠷᠴᠢ᠍ᠯᠭᠠᠨ᠎ᠠ᠃

ᠬᠠᠩᠰᠢ ᠦᠢ᠍ᠷᠠᠳᠤᠬᠣ ᠪᠡᠷ᠂ ᠬᠠᠷ᠎ᠠ ᠰᠠᠯᠬᠢ ᠬᠠᠶᠠ ᠣᠬᠠᠭᠠᠨ ᠦᠭᠡᠶ ᠦᠯᠢ᠍ᠶᠡᠬᠡᠳ ᠯᠡ ᠪᠠᠢ᠌ᠬᠣ ᠶᠤᠮ᠃ ᠲᠣᠯᠣᠭᠠᠢ ᠲᠦ᠋ᠷᠦᠬᠦᠦ ᠲᠦ᠋ᠨᠣᠷᠡᠬᠡᠳ᠂ ᠬᠠᠮᠢ᠍ᠭ᠎ᠠ ᠴᠦ ᠣᠴᠢ᠍ᠬᠣ ᠲᠣᠷ᠎ᠠ ᠦᠬᠡᠢ ᠶᠠᠭᠣ ᠴᠦ ᠬᠡᠯᠡᠬᠦ ᠲᠣᠷ᠎ᠠ ᠦᠭᠡᠶ᠂ ᠲᠣᠯᠠᠭᠠᠨ ᠡᠪᠣᠷ ᠲᠣᠳ᠋ᠣᠷ᠎ᠠ ᠪᠠᠨ ᠮᠠᠩᠰᠢ᠍ᠭᠣᠷᠡᠨ ᠨᠢ᠍ᠬᠡ ᠡᠳ᠋ᠣᠷ ᠢ ᠦᠩᠭᠡᠷᠡᠬᠦᠯᠬᠦ ᠶᠢ ᠰᠠᠨᠠᠨ᠎ᠠ᠃ ᠦᠳ᠋ᠡᠰᠢ ᠪᠦᠷᠣᠢ ᠦᠢ᠍ᠷᠠᠳ᠋ᠣᠬᠣ ᠪᠡᠷ ᠂ ᠡᠪᠡᠳᠴᠦ ᠬᠠᠪᠣᠳ᠋ᠣᠭᠰᠡᠨ ᠨᠢ᠍ᠳ᠋ᠣ ᠪᠡᠨ ᠨᠣᠬᠣᠯᠡᠨ᠂ ᠡᠪᠦᠳ᠋ᠦᠭ᠌ ᠲᠠᠪᠠᠭᠰᠡᠨ ᠣᠷᠳ᠋ᠣ ᠬᠦᠪᠣᠩ ᠲᠡᠢ ᠲᠡᠪᠡᠯ ᠶᠢᠡᠨ ᠡᠮᠦᠰᠦᠬᠡᠳ᠂ ᠵᠣᠵᠠᠭᠠᠨ ᠣᠷᠳ᠋ᠣ ᠬᠠᠷ᠎ᠠ ᠬᠡᠵᠢ᠍ᠬᠡ ᠪᠡᠨ ᠠᠷᠣ ᠳ᠋ᠥ ᠪᠠᠨ ᠰᠣᠯᠠ ᠲᠠᠯᠪᠢᠭᠠᠳ ᠲᠣᠯᠢ ᠶᠢᠨ ᠡᠮᠣᠨ᠎ᠠ ᠵᠣᠭᠰᠣᠬᠣ ᠳ᠋ᠥ᠂ ᠶᠠᠭ ᠲᠤᠯᠠᠭᠠᠨ ᠡᠬᠦᠷ ᠡᠴᠡ ᠪᠠᠨ ᠢᠳᠡᠰᠢ ᠡᠷᠢᠬᠦ ᠪᠡᠷ ᠭᠠᠷᠴᠤ ᠢᠷᠡᠭᠰᠡᠨ ᠬᠦᠷᠡᠩ ᠪᠠᠭᠠᠪᠠᠭᠠᠢ ᠬᠡᠮᠡᠷ ᠲᠦ᠋ᠷᠦᠭ᠍ᠳ᠋ᠡᠨ᠎ᠠ᠃ ᠰᠠᠭᠣᠭᠠᠯᠢ ᠲᠣᠭᠣᠷᠢ᠍ᠭ ᠤᠨ ᠠᠷᠣ ᠪᠡᠷ ᠪᠠᠢ᠌ᠭ᠎ᠠ 《ᠬᠠᠯᠠᠭᠣᠨ ᠾᠧᠯᠧ》ᠵᠢ ᠢᠳ᠋ᠡᠵᠦ ᠪᠠᠷᠠᠭᠠᠳ ᠂ ᠯᠠᠩᠬᠦᠢ ᠶᠢᠨ ᠡᠮᠣᠨ᠎ᠠ ᠳ᠋ᠥ ᠬᠦᠷᠴᠦ ᠨᠢ᠍ᠬᠡ ᠠᠶᠠᠭ᠎ᠠ ᠾᠧᠯᠧ ᠮᠦ᠋ᠩᠬᠦ ᠶᠢ ᠨᠢ ᠦᠭ᠍‍ᠬᠦ ᠳ᠋ᠥ᠂ ᠵᠠᠩᠭ᠋ᠣᠢ᠌ᠳ᠋ᠡ ᠨᠢ ᠨᠢ᠍ᠬᠡ ᠮᠦ᠋ᠩᠬᠦ ᠴᠦ ᠬᠢᠮᠳ᠋ᠠᠷᠠᠵᠦ ᠦᠭ᠍‍ᠬᠦᠭ᠍ᠰᠡᠨ ᠦᠭᠡᠶ ᠨᠢ ᠪᠠᠷᠣᠭ ᠮᠢ᠍ᠨᠤ ᠪᠢᠴᠢ᠍ᠭ᠍ᠰᠡᠨ ᠮᠡᠳ᠋ᠡᠬᠡᠯᠡᠯ ᠢ ᠲᠡᠢ᠌ᠮᠣ ᠰᠠᠨᠠᠭᠠᠨ ᠳ᠋ᠥ ᠪᠠᠨ ᠠᠪᠣᠭᠰᠡᠨ ᠦᠭᠡᠶ ᠪᠣᠯᠣᠯᠳ᠋ᠡᠢ᠃ ᠨᠢ᠍ᠳ᠋ᠣᠨᠣᠨ ᠵᠢᠯ᠂ ᠪᠢ ᠴᠢ᠍ᠨᠢ ᠰᠠᠢ᠌ᠨ ᠲᠣᠷ᠎ᠠ ᠡᠴᠡ ᠪᠠᠨ 《ᠬᠠᠯᠠᠭᠣᠨ ᠾᠧᠯᠧ》 ᠬᠣᠭᠣᠯᠡᠨ ᠬᠡᠷ ᠤᠨ ᠦᠷᠯᠦᠬᠡ ᠪᠦᠷᠢ ᠬᠣᠷᠢ᠍ᠨ ᠨᠡᠷᠡᠰ ᠣᠷᠴᠢ᠍ᠨ ᠲᠣᠭᠣᠷᠢ᠍ᠨ ᠤ ᠡᠷᠡᠬᠦᠯ ᠬᠠᠮᠠᠭᠠᠯᠡᠯ ᠤᠨ ᠠᠵᠢ᠍ᠯᠴᠢ᠍ᠳ ᠲᠣ ᠰᠦ᠋ᠢ᠍ᠳᠬᠡᠯ ᠠᠪᠬᠣ ᠦᠬᠡᠢ ᠪᠡᠷ ᠬᠠᠯᠠᠭᠣᠨ ᠾᠧᠯᠧ ᠬᠠᠩᠭ᠋ᠠᠵᠦ ᠪᠠᠢ᠌ᠭ᠎ᠠ ᠢᠳ᠋ᠡᠪᠬᠢ ᠬᠦᠴᠦᠨ ᠢ ᠲᠡᠮᠵᠢ᠍ᠭᠣᠯᠵᠦ ᠪᠠᠢ᠌ᠭ᠎ᠠ ᠨᠢ᠍ᠬᠦᠯᠡᠰᠦᠩᠬᠦᠢ ᠠᠵᠢ᠍ᠯᠯᠠᠭ᠎ᠠ ᠶᠢ ᠨᠢ ᠪᠢᠴᠢ᠍ᠵᠦ ᠨᠡᠪᠳ᠋ᠡᠷᠡᠬᠦᠯᠦᠭ᠍ᠰᠡᠨ ᠨᠡᠯᠢ᠍ᠶᠡᠳ ᠨᠡᠷ᠎ᠠ ᠨᠦ᠋ᠯᠦᠬᠡ ᠭᠠᠷᠭᠠᠭᠰᠡᠨ ᠪᠢᠯᠡ᠃ ᠵᠠᠩᠭ᠋ᠣᠢ᠌ᠳ᠋ᠡ ᠨᠢ᠂ ᠸᠡᠢ᠌ᠴᠠᠲ ᠲᠡᠭᠡᠷ᠎ᠠ 《ᠲᠠᠯᠠᠷᠬᠠᠵᠦ ᠪᠠᠢ᠌ᠨ᠎ᠠ》 ᠭᠡᠳ ᠬᠡᠳ᠋ᠣᠨ ᠦᠰᠦᠭ᠌ ᠪᠢᠴᠢ᠍ᠬᠡᠳ ᠯᠡ ᠪᠠᠢ᠌ᠭᠰᠡᠨ᠃ ᠬᠠᠷᠢ᠍ᠨ ᠦᠨᠣᠳ᠋ᠣᠷ ᠪᠢ ᠨᠢ᠍ᠬᠡ 《ᠬᠠᠯᠠᠭᠣᠨ ᠾᠧᠯᠧ》ᠵᠢ ᠨᠢ ᠢᠳ᠋ᠡᠬᠡᠳ ᠲᠣᠳ᠋ᠣᠷ᠎ᠠ ᠬᠠᠯᠠᠭᠣᠨ ᠪᠦᠯᠢ᠍ᠶᠡᠨ ᠰᠠᠨᠠᠭᠳ᠋ᠠᠭᠰᠡᠨ ᠪᠣᠯᠪᠠᠴᠦ᠂ ᠵᠠᠩᠭ᠋ᠣᠢ᠌ᠳ᠋ᠡ ᠨᠢ ᠨᠠᠳ᠋ᠠ ᠶᠢ ᠬᠠᠯᠳ᠋ᠣ ᠮᠦ᠋ᠯᠳ᠋ᠣ ᠨᠢ᠍ᠬᠡ ᠬᠠᠷᠠᠭᠠᠳ ᠬᠠᠭᠣᠷᠮᠠᠭ ᠲᠣᠭᠣᠢ ᠮᠦ᠋ᠰᠢ᠍ᠶᠡᠭ᠍ᠰᠡᠨ ᠶᠢᠡᠨ᠂ ᠬᠠᠰᠢ᠍ᠯᠡ ᠬᠣᠷᠢ᠍ᠶᠠᠬᠣ ᠶᠣᠰᠣᠳ᠋ᠡᠢ ᠮᠦ᠋ᠩᠬᠦ ᠪᠡᠨ ᠲᠣᠭ᠎ᠠ ᠶᠣᠰᠣᠭᠠᠷ ᠨᠢ ᠲᠣᠷ ᠬᠡᠳ᠋ᠡᠯ᠎ᠠ ᠬᠣᠷᠢ᠍ᠶᠡᠵᠡᠢ᠃ 《ᠵᠣᠬᠢᠶᠡᠯ》 ᠲᠡᠢ᠌ᠮᠣ ᠦᠨ᠎ᠠ ᠬᠦᠷᠬᠦ ᠦᠭᠡᠶ ᠪᠣᠯᠴᠢ᠍ᠬᠠᠭᠰᠡᠨ ᠬᠡᠵᠦ ᠤᠤ᠂ ᠪᠢ ᠪᠠᠰᠠ ᠲᠡᠳ᠋ᠡᠨᠡᠢ᠌ᠬᠢᠨ 《ᠬᠠᠯᠠᠭᠣᠨ ᠾᠧᠯᠧ》 ᠶᠢᠨ ᠵᠣᠭᠣᠰ ᠢ ᠦᠭ᠍ᠴᠦ ᠲᠡᠢ᠌ᠯᠬᠦ ᠦᠭᠡᠶ ᠬᠡᠮᠵᠢ᠍ᠶᠡᠨ ᠳ᠋ᠥ ᠬᠦᠷᠦᠭ᠍ᠰᠡᠨ ᠦᠬᠡᠢ ᠰᠢ᠍ᠳ᠋ᠡ᠃ ᠪᠢ ᠵᠠᠯᠭᠠᠭᠠᠳ ᠬᠠᠰ ᠯᠣᠣ ᠰᠠᠭᠣᠭᠠᠯᠢ ᠲᠣᠭᠣᠷᠢ᠍ᠭ ᠡᠴᠡ ᠵᠡᠬᠦᠨᠰᠢ ᠪᠠᠨ ᠬᠡᠰᠡᠭ᠌ ᠶᠠᠪᠣᠭᠠᠳ᠂ ᠲᠡᠬᠢᠨ ᠬᠦᠨᠳ᠋ᠡᠯᠡᠨ ᠵᠠᠮ ᠬᠡᠳ᠋ᠣᠯᠵᠦ᠂ ᠭᠠᠷᠣᠳ᠋ᠡᠢ ᠰᠠᠭᠣᠭᠠᠯᠢ ᠲᠣᠭᠣᠷᠢ᠍ᠭ ᠤᠨ ᠵᠡᠬᠦᠨᠳ᠋ᠡᠢ ᠰᠢ᠍ᠨᠡᠬᠡᠨ ᠲᠡᠪᠢᠰᠦᠭ᠍ᠰᠡᠨ ᠴᠡᠷᠳ᠋ᠡᠮᠡᠯ ᠵᠠᠮ ᠶᠢᠡᠷ ᠠᠯᠬᠣᠯ᠎ᠠ᠃ ᠴᠡᠷᠳ᠋ᠡᠮᠡᠯ ᠵᠠᠮ ᠤᠨ ᠬᠣᠶᠠᠷ ᠬᠦᠪᠡᠬᠡ ᠪᠠᠷ ᠬᠣᠰᠣ ᠮᠣᠳ᠋ᠣ ᠲᠡᠢ᠂ ᠬᠣᠶᠠᠷ ᠵᠠᠬ᠎ᠠ ᠪᠡᠷ ᠨᠢ ᠬᠠᠳ᠋ᠣᠵᠦ ᠬᠣᠷᠢ᠍ᠶᠠᠭᠰᠡᠨ ᠲᠠᠷᠢ᠍ᠶ᠎ᠠ ᠪᠠᠢ᠌ᠳ᠋ᠠᠭ ᠲᠣᠯᠡ ᠡᠨᠡ ᠬᠠᠪᠢ ᠪᠡᠷ ᠠᠯᠬᠣᠬᠣ ᠳ᠋ᠥ ᠶᠠᠭᠠᠬᠢᠬᠣ ᠶᠢᠨ ᠠᠷᠭ᠎ᠠ ᠦᠭᠡᠶ ᠬᠦᠳ᠋ᠡᠬᠡ ᠨᠣᠳ᠋ᠣᠭ ᠤᠨ ᠰᠢ᠍ᠷᠭᠠᠯ ᠵᠦ᠋ᠷᠢ᠍ᠭ᠌ ᠵᠠᠮ ᠢ ᠪᠣᠳ᠋ᠣᠭᠳ᠋ᠠᠭᠣᠯᠳ᠋ᠠᠭ᠃ ᠵᠡᠬᠦᠨ ᠡᠴᠡ ᠰᠠᠷᠡᠨ ᠮᠦ᠋ᠨᠴᠦ ᠡᠷᠳ᠋ᠡᠨ ᠤ ᠬᠢ ᠶᠤᠮ ᠰᠢ᠍ᠭ᠌ ᠲᠡᠷᠬᠡᠯᠬᠡᠨ ᠮᠡᠨᠳ᠋ᠣᠨ᠎ᠠ᠃ ᠮᠦ᠋ᠩᠬᠦᠨ ᠰᠠᠷᠡ ᠬᠢᠬᠡᠳ ᠲᠡᠨᠢ᠍ᠯᠬᠠᠨ ᠪᠠᠢ᠌ᠳ᠋ᠠᠭ ᠬᠡᠳ᠋ᠣᠨ ᠣᠳ᠋ᠣ ᠮᠠᠴᠢ᠍ᠳ ᠢ ᠬᠠᠷᠠᠭᠠᠳ᠂ ᠬᠦᠨ ᠨᠢ᠍ᠬᠡ ᠠᠮᠢ᠍ᠰᠬᠣᠯᠯᠠᠬᠣ ᠳ᠋ᠥ᠂ ᠰᠡᠳᠬᠢᠯ ᠲᠣᠳ᠋ᠣᠷ᠎ᠠ ᠠᠭᠣᠵᠢ᠍ᠷᠠᠭᠰᠡᠨ ᠬᠡᠵᠦ ᠡ᠂ ᠪᠡᠶ᠎ᠠ ᠴᠦ ᠲᠠᠭᠠᠭᠠᠳ ᠬᠦᠩᠭᠡᠷᠡᠴᠢ᠍ᠬᠡᠯ᠎ᠠ᠃

ᠪᠣᠬᠢᠷ ᠮᠠᠨᠠᠨ ᠦᠭᠡᠶ ᠵᠢᠵᠢ᠍ᠭ᠌ ᠪᠠᠯᠭᠠᠰᠣ ᠪᠠᠨ ᠪᠢ ᠦᠨᠡᠨ ᠳ᠋ᠥ ᠪᠠᠨ ᠮᠠᠰᠢ ᠲᠣᠭᠣᠳ᠋ᠠᠭ᠃ ᠬᠠᠷᠢ᠍ᠨ ᠵᠠᠷᠢ᠍ᠮ ᠳᠠᠭᠠᠨ ᠬᠦᠮᠦᠨ ᠵᠣᠨ ᠤ ᠬᠢ ᠡᠷᠢ᠍ᠶᠡᠨ ᠪᠠᠷᠠᠭᠠᠨ᠂ ᠢᠪᠴᠣᠣ ᠮᠠᠭᠣ ᠰᠠᠨᠠᠭ᠎ᠠ ᠲᠡᠢ ᠡᠰᠡᠬᠦᠯ᠎ᠠ ᠬᠡᠳ᠋ᠣᠷᠭᠡᠢ ᠲᠠᠭᠣ ᠱᠣᠣᠬᠢᠶᠡᠨ ᠲᠡᠢ᠂ ᠲᠡᠷᠬᠡ ᠣᠨᠣᠭ᠎ᠠ ᠵᠦ᠋ᠷᠢ᠍ᠯᠳ᠋ᠦᠬᠡᠳ ᠪᠠᠢ᠌ᠳ᠋ᠠᠭ ᠲᠣ ᠨᠢ ᠡᠯᠣᠢ ᠬᠣᠯᠣᠢ ᠰᠠᠨᠠᠭᠳ᠋ᠠᠳ᠋ᠠᠭ᠃ ᠵᠠᠮ ᠤᠨ ᠬᠠᠵᠠᠭᠣᠳ᠋ᠡᠬᠢ ᠮᠣᠳ᠋ᠣᠳ ᠮᠢ᠍ᠩᠭ᠋ᠠᠨ ᠮᠣᠳ᠋ᠣᠷ ᠲᠡᠢ ᠬᠣᠰᠣ ᠮᠣᠳ᠋ᠣᠳ ᠰᠢ᠍ᠳ᠋ᠥ ᠪᠡᠨ ᠢᠷᠵᠠᠢ᠌ᠯᠭᠠᠨ ᠰᠠᠪᠠᠷ ᠶᠢᠡᠨ ᠰᠠᠷᠪᠠᠢ᠌ᠯᠭᠠᠬᠣ ᠮᠡᠳ᠋ᠣ ᠬᠠᠷᠠᠭᠳ᠋ᠠᠪᠡᠴᠦ᠂ ᠲᠡᠷᠢ᠍ᠬᠦᠨ ᠡᠷᠬᠦᠬᠦ ᠳ᠋ᠥ ᠰᠠᠯᠠᠭ᠎ᠠ ᠨᠠᠮᠠᠭ᠎ᠠ ᠨᠢ ᠣᠭᠳ᠋ᠠᠷᠭᠣᠢ ᠶᠢ ᠮᠠᠰᠢ ᠣᠯᠡᠨ ᠬᠡᠰᠡᠭ᠌ ᠪᠣᠯᠭᠠᠨ ᠬᠡᠰᠡᠭᠯᠡᠵᠦ ᠣᠨᠴᠠ ᠶᠢᠨ ᠷᠢ᠍ᠳ᠋ᠢ ᠰᠢ᠍ᠳ᠋ᠢ ᠲᠡᠢ᠃ ᠡᠨᠡ ᠴᠡᠷᠳ᠋ᠡᠮᠡᠯ ᠵᠠᠮ ᠶᠢᠡᠷ ᠭᠠᠭᠴᠠᠭᠠᠷ ᠶᠢᠡᠨ ᠠᠯᠬᠣᠭ᠎ᠠ ᠠᠬᠢᠮᠠᠭ ᠨᠠᠰᠣᠨ ᠤ ᠡᠮᠡᠬᠡᠨ ᠡᠪᠣᠬᠡᠴᠣᠣᠯ᠂ ᠬᠣᠶᠠᠷ ᠭᠣᠷᠪᠡᠨ ᠪᠠᠭᠠᠯ ᠬᠦᠳ᠋ᠦᠯᠦᠭ᠍ᠰᠡᠨ ᠵᠠᠯᠠᠭᠣ ᠬᠡᠣᠬᠡᠨᠴᠣᠳ ᠡᠰᠡᠬᠦᠯ᠎ᠠ ᠰᠡᠳᠬᠢᠯ ᠲᠠᠭᠠᠷᠠᠭᠰᠡᠨ ᠡᠷ᠎ᠠ ᠡᠮ᠎ᠠ ᠤᠳ ᠬᠣᠣᠰ ᠬᠣᠣᠰ ᠶᠢᠡᠷ ᠶᠢᠡᠨ ᠪᠡᠶ᠎ᠠ ᠮᠠᠬᠠᠪᠣᠳ ᠶᠢᠡᠨ ᠪᠣᠯᠪᠠᠰᠣᠷᠠᠭᠣᠯᠵᠦ ᠪᠠᠢ᠌ᠭ᠎ᠠ ᠨᠢ ᠶᠠᠪᠣᠬᠣ ᠲᠣᠳ᠋ᠣᠮ ᠴᠦ᠋ᠬᠡᠷᠡᠯ᠎ᠠ᠃ ᠬᠡᠨᠡᠳᠳ᠋ᠡ ᠪᠡᠷ ᠶᠠᠪᠣᠵᠦ ᠪᠠᠢ᠌ᠭ᠎ᠠ ᠬᠡᠳ᠋ᠣ ᠲᠠᠭᠠᠷᠠᠯᠳ᠋ᠣᠭᠰᠡᠨ ᠴᠦ ᠲᠡᠳ᠋ᠡ ᠬᠡᠷ ᠲᠡᠬᠡᠨ ᠬᠠᠷᠢ᠍ᠬᠣ ᠪᠠᠴᠢ᠍ᠮ ᠶᠠᠪᠣᠳ᠋ᠡᠯ ᠲᠡᠢ ᠪᠣᠯᠴᠢ᠍ᠬᠠᠭᠰᠡᠨ ᠰᠢ᠍ᠭ ᠮᠠᠰᠢ ᠶᠠᠭᠠᠷᠡᠯᠳ᠋ᠡᠢ ᠰᠠᠨᠳ᠋ᠣᠷᠣ ᠠᠯᠬᠣᠵᠠᠭᠠᠨ᠎ᠠ᠃ ᠬᠠᠷᠢ᠍ᠨ ᠪᠢ ᠨᠠᠳ᠋ᠠᠳ᠋ᠣ ᠰᠢ᠍ᠭ ᠭᠠᠭᠴᠠᠭᠠᠷ ᠶᠢᠡᠨ ᠲᠡᠷᠢ᠍ᠬᠢᠨ ᠳ᠋ᠥ ᠪᠠᠨ ᠡᠯᠳ᠋ᠡᠪ ᠤᠨ ᠶᠠᠪᠣᠳ᠋ᠡᠯ ᠤᠳ ᠢ ᠪᠢᠰᠢ᠍ᠯᠭᠠᠵᠦ ᠠᠯᠭᠣᠷ ᠣᠳ᠋ᠠᠭᠠᠨ ᠠᠯᠬᠣᠬᠣ ᠨᠢ ᠪᠠᠷᠣᠭ ᠡᠨᠡᠬᠦ ᠶᠢ᠍ᠷᠳ᠋ᠢ᠍ᠨᠴᠦ ᠲᠡᠢ ᠣᠭᠳ᠋ᠣᠬᠠᠨ ᠴᠦ ᠵᠣᠬᠢᠴᠡᠯᠳ᠋ᠣᠬᠣ ᠦᠭᠡᠶ ᠬᠡᠮᠡᠷ ᠃

ᠲᠦ᠋ᠷᠦᠬᠦᠨ ᠪᠢ ᠸᠢᠴᠠᠲ ᠲᠡᠭᠡᠷ᠎ᠠ ᠰᠠᠢ᠌ᠨ ᠨᠠᠢ᠌ᠵᠠ ᠳᠠᠭᠠᠨ ᠦᠳ᠋ᠡᠰᠢ ᠪᠡᠷ ᠭᠠᠭᠴᠠᠭᠠᠷ ᠶᠢᠡᠨ ᠠᠯᠬᠣᠬᠣ ᠲᠣᠷᠡᠳ᠋ᠡᠢ᠃ ᠣᠴᠢ᠍ᠷ ᠨᠢ ᠦᠳ᠋ᠡᠰᠢ ᠨᠠᠳ᠋ᠠᠳ᠋ᠣ ᠨᠢ᠍ᠬᠡ ᠵᠦ᠋ᠢ᠍ᠯ ᠤᠨ ᠬᠠᠴᠢ᠍ᠨ ᠭᠠᠢ᠌ᠬᠠᠯᠳ᠋ᠡᠢ ᠦᠩᠭᠡ ᠪᠣᠳ᠋ᠣᠭ ᠨᠡᠮᠡᠷᠢ᠍ᠯᠡᠳ᠋ᠡᠭ᠌ ᠬᠡᠵᠦ ᠪᠢᠴᠢ᠍ᠯ᠎ᠠ᠃ ᠪᠢ ᠰᠠᠭᠣᠭᠠᠯᠢ ᠲᠣᠭᠣᠷᠢ᠍ᠭ ᠶᠢᠡᠷ ᠠᠯᠬᠣᠬᠣ ᠳ᠋ᠥ᠂ ᠲᠡᠳ᠋ᠡᠭᠡᠷ ᠳ᠋ᠧᠩ ᠤᠨ ᠬᠡᠷᠡᠯ ᠤᠳ ᠂ ᠨᠠᠮᠢ᠋ᠢ ᠬᠦᠮᠦᠨ ᠤ ᠠᠮᠢ᠍ᠳ᠋ᠣᠷᠡᠯ ᠤᠨ ᠬᠠᠯᠠᠭᠣᠨ ᠲᠣᠯᠠᠭᠠᠨ ᠢ ᠮᠡᠳ᠋ᠡᠷᠡᠬᠦᠯᠣᠨ᠂ ᠦᠷᠣ ᠵᠢᠷᠣᠬᠡᠨ ᠳ᠋ᠥ ᠪᠢᠴᠢ᠍ᠬᠠᠨ ᠵᠣᠯᠡ ᠪᠣᠯᠵᠦ ᠬᠡᠷᠡᠯᠳ᠋ᠦᠬᠦᠯᠣᠨ᠎ᠠ᠃ ᠦᠳ᠋ᠡᠰᠢ ᠠᠵᠢ᠍ᠯ ᠡᠴᠡ ᠪᠠᠨ ᠠᠮᠠᠷᠠᠭᠰᠡᠨ ᠤ ᠲᠠᠷᠠᠭ᠎ᠠ᠂ ᠶᠠᠪᠠᠭᠠᠨ ᠠᠯᠬᠣᠵᠦ ᠦᠨᠳ᠋ᠣᠷ ᠠᠰᠠᠷ ᠲᠠᠭᠳ᠋ᠣ ᠶᠢ ᠰᠢ᠍ᠷᠳ᠋ᠡᠬᠦ ᠳ᠋ᠥ᠂ ᠲᠡᠷᠭᠡ ᠣᠨᠣᠭ᠎ᠠ ᠨᠠᠭᠠᠰᠢ ᠴᠠᠭᠠᠰᠢ ᠵᠦ᠋ᠷᠢ᠍ᠯᠳ᠋ᠦᠬᠡᠳ᠂ ᠲᠠᠨᠢ᠍ᠯ ᠠᠳ᠋ᠠᠯ᠎ᠠ ᠪᠠᠨ ᠲᠠᠨᠢ᠍ᠯ ᠪᠢᠰᠢ ᠬᠦᠮᠦᠰ ᠤᠨ ᠪᠡᠶᠡᠷ ᠭᠣᠨᠢ᠍ᠭ ᠤᠨ ᠲᠣᠮᠳ᠋ᠡ ᠣᠨ ᠰᠠᠷ᠎ᠠ ᠤᠳ ᠴᠢ᠍ᠮᠡᠬᠡ ᠦᠭᠡᠶ ᠣᠷᠣᠰᠣᠨ ᠣᠳ᠋ᠣᠨ᠎ᠠ᠃ ᠠᠯᠢ ᠨᠢ ᠦᠨᠴᠦᠭ᠌ ᠪᠣᠯᠣᠩ ᠤᠨ ᠳ᠋ᠧᠩ ᠤᠨ ᠲᠣᠣᠷ᠎ᠠ ᠠᠯᠬᠣᠬᠣ ᠳ᠋ᠥ᠂ ᠶᠠᠭ ᠨᠢ᠍ᠬᠡ ᠰᠠᠶ‍ᠢ᠍ᠬᠠᠨ ᠬᠦᠮᠦᠨ ᠤ ᠣᠷᠴᠢ᠍ᠯᠠᠩ ᠳ᠋ᠥ ᠪᠠᠭᠣᠵᠦ ᠢᠷᠡᠭ᠍ᠰᠡᠨ ᠪᠢᠰᠢ᠍ᠯᠭᠠᠭᠴᠢ ᠬᠡᠮᠡᠷ᠂ ᠣᠯᠠᠭᠠᠨ ᠲᠣᠭᠣᠰᠣᠨ ᠤ ᠵᠠᠷᠢ᠍ᠮ ᠶᠠᠪᠣᠳ᠋ᠡᠯ ᠤᠳ ᠡᠰᠡᠬᠦᠯ᠎ᠠ ᠥᠩᠭᠡᠲᠥ ᠶᠢ᠍ᠷᠲᠢ᠍ᠨᠴᠥ  ᠶᠢᠨ ᠬᠠᠯᠠᠭᠣᠨ ᠬᠥᠢ᠍ᠲᠡᠨ ᠢ ᠵᠦ᠋ᠩ ᠰᠣᠪᠢᠩ ᠶᠢᠡᠷ ᠶᠢᠡᠨ ᠮᠡᠳ᠋ᠡᠷᠡᠵᠦ᠂ ᠦᠢ᠍ᠳᠬᠠᠷ ᠪᠣᠬᠢᠨᠢ᠍ᠳ᠋ᠣᠯ ᠲᠡᠢ ᠰᠡᠳᠬᠢᠯᠭᠡ ᠪᠡᠷ ᠲᠦ᠋ᠬᠦᠷᠴᠦ ᠵᠦ᠋ᠪᠬᠡᠨ ᠰᠡᠬᠦᠳ᠋ᠡᠷ ᠲᠡᠢ ᠪᠠᠨ ᠵᠣᠭᠣᠭᠳ᠋ᠣᠮᠡᠷ᠂ ᠡᠰᠡᠬᠦᠯ᠎ᠠ ᠬᠡᠨ ᠬᠦᠮᠦᠨ ᠤ ᠵᠠᠶᠠᠭ᠎ᠠ ᠲᠦ᠋ᠯᠬᠡ ᠶᠢ ᠨᠢ ᠪᠣᠳ᠋ᠣᠭᠠᠳ ᠦᠭ᠍‍ᠬᠦᠴᠢ᠍ᠮᠡᠬᠡᠷ ᠲᠦ᠋ᠷᠦᠭ᠍ᠳ᠋ᠡᠨ᠎ᠠ᠃

ᠲᠡᠢ᠌ᠮᠣ ᠡ᠂ ᠪᠢ ᠬᠠᠰᠢ᠍ᠯᠡ ᠪᠠᠭ᠎ᠠ ᠨᠠᠰᠣ ᠪᠠᠨ ᠰᠠᠨᠠᠭᠠᠯᠵᠠᠬᠣ ᠢᠯᠡᠬᠦᠦ ᠲᠣᠷᠡᠳ᠋ᠡᠢ᠃ ᠪᠠᠭ᠎ᠠ ᠳᠠᠭᠠᠨ ᠪᠢ ᠴᠢ᠍ᠨᠢ ᠬᠦᠬᠡᠷᠦᠬᠦᠨ ᠬᠦᠬᠡᠷᠦᠬᠦᠨ ᠵᠢᠷᠣᠭ ᠵᠢᠷᠣᠳ᠋ᠠᠭ᠂ 《ᠠᠶᠠᠭ᠎ᠠ ᠰᠢ᠍ᠨᠠᠭ᠎ᠠ》 ᠬᠡᠳ ᠠᠢ᠌ᠯ ᠬᠡᠷ ᠪᠣᠯᠵᠦ ᠨᠠᠭᠠᠳᠳ᠋ᠠᠭ᠂ ᠨᠠᠳ᠋ᠠᠳ᠋ᠣ ᠪᠠᠰᠠ ᠨᠢ᠍ᠬᠡ 《ᠬᠠᠷ᠎ᠠ》 ᠬᠡᠳ᠋ᠡᠭ᠌ ᠬᠠᠯᠳ᠋ᠠᠷ ᠬᠦᠯᠦᠬᠡ ᠲᠡᠢ ᠪᠠᠢ᠌ᠭᠰᠡᠨ᠁ ᠠᠯᠢ᠍ᠪᠡ ᠪᠦᠬᠦᠨ ᠪᠦᠷ ᠡᠷᠬᠢᠬᠡᠳ ᠬᠡᠣᠬᠡᠳ ᠨᠠᠰᠣᠨ ᠳ᠋ᠥ ᠮᠢ᠍ᠨᠢ ᠪᠣᠴᠠᠵᠦ ᠲᠡᠢ᠌ᠯᠳ᠋ᠡᠭ᠌ ᠶᠤᠮ ᠪᠣᠯ ᠶᠠᠭᠠᠬᠢᠭᠰᠡᠨ ᠰᠠᠢ᠌ᠬᠠᠨ ᠪᠣᠢ ᠳ᠋ᠠ᠃

ᠴᠡᠷᠳ᠋ᠡᠮᠡᠯ ᠵᠠᠮ ᠶᠢᠡᠷ ᠪᠠᠷᠠᠭᠣᠨᠰᠢ ᠮᠣᠷᠣᠢ᠌ᠬᠤ ᠳ᠋ᠥ᠂ ᠴᠠᠬᠢᠯᠭᠠᠨ ᠪᠠᠭᠠᠨ᠎ᠠ ᠲᠡᠭᠡᠷ᠎ᠠ ᠨᠢ ᠬᠡᠷᠡᠭ᠌ ᠲᠡᠢ ᠬᠡᠷᠡᠭ᠌ ᠦᠭᠡᠶ ᠵᠢᠵᠢ᠍ᠭ᠌ ᠵᠠᠷ ᠮᠡᠳ᠋ᠡᠬᠡ ᠪᠠᠷ ᠲᠦ᠋ᠬᠦᠷᠴᠦ ᠬᠠᠷᠠᠭᠠᠨ ᠳ᠋ᠥ ᠲᠠᠭᠠᠯᠠᠮᠵᠢ ᠦᠭᠡᠶ᠂ ᠡᠳ᠋ᠡᠬᠡᠷ ᠤᠨ ᠲᠣᠳ᠋ᠣᠷ᠎ᠠ ᠪᠦᠳ᠋ᠦᠬᠦᠨ ᠬᠠᠷ᠎ᠠ ᠲᠣᠰᠣᠨ ᠪᠢᠷ ᠶᠢᠡᠷ ᠡᠷᠢ᠍ᠶᠡᠴᠢ᠍ᠭ᠍ᠰᠡᠨ 《ᠢᠳ᠋ᠡᠬᠡᠮᠵᠢ᠍ᠳ᠋ᠣ ᠵᠢᠬᠡᠯᠡᠯᠬᠡ》 ᠬᠡᠳ᠋ᠡᠭ᠌ ᠦᠰᠦᠭ᠌ ᠬᠠᠮᠣᠭ ᠡᠴᠡ ᠨᠢ᠍ᠳ᠋ᠣᠨ ᠳ᠋ᠥ ᠢᠯᠡᠬᠡᠨ᠃ ᠡᠨᠡ ᠦᠶᠠᠰ᠂ ᠰᠠᠷ᠎ᠠ ᠶᠢᠨ ᠡᠬᠢᠨ ᠶᠢᠡᠷ᠂ ᠢᠮᠠᠭᠠᠳ᠋ᠣ ᠪᠠᠯᠭᠠᠰᠣᠨ ᠡᠴᠡ ᠪᠣᠴᠠᠵᠦ ᠢᠷᠡᠬᠦ ᠦᠶᠡᠰ ᠤᠨ ᠠᠶᠠᠨ ᠮᠢ᠍ᠨᠢ ᠡᠷᠬᠡ ᠦᠭᠡᠶ ᠲᠣᠷᠠᠰᠣᠭᠳ᠋ᠡᠯ᠎ᠠ᠃

《ᠲᠠᠬᠢᠭᠠᠳ ᠢᠮᠠᠭᠠᠳ᠋ᠣ ᠪᠠᠯᠭᠠᠰᠣᠨ ᠳ᠋ᠥ ᠢᠷᠡᠬᠦ ᠪᠣᠯᠣᠯᠴᠠᠭ᠎ᠠ ᠪᠠᠢ᠌ᠨ᠎ᠠ ᠤᠤ ︖》 ᠬᠡᠵᠦ ᠪᠢ ᠡᠵᠢ ᠡᠴᠡ ᠪᠠᠨ ᠠᠰᠠᠭᠣᠬᠣ ᠳ᠋ᠥ᠂ 《ᠬᠦᠢ᠂ ᠡᠨᠡ ᠴᠢ᠍ᠨᠢ ᠬᠠᠮᠣᠭ ᠰᠡᠬᠦᠯᠴᠢ ᠶᠢᠨ ᠣᠳ᠋ᠠᠭ᠎ᠠ ᠰᠢ᠍ᠣ᠃ ᠨᠠᠭᠠᠴᠦ ᠡᠵᠢ ᠴᠢ᠍ᠨᠢ ᠠᠯᠣᠰ ᠬᠣᠯᠡ ᠶᠢᠨ ᠬᠦᠷᠡᠯ ᠬᠣᠳ᠋ᠡ ᠳ᠋ᠥ ᠨᠡᠬᠦᠵᠦ ᠠᠮᠢ᠍ᠳ᠋ᠣᠷᠡᠪᠡᠯ᠂ ᠪᠢᠳ᠋ᠡ ᠡ᠊ᠨᠳ᠋ᠡ ᠶᠠᠭᠣ ᠬᠢᠬᠦ ᠪᠡᠷ ᠢᠷᠡᠬᠦ ᠪᠣᠢ》 ᠬᠡᠰᠡᠨ ᠦᠭᠡ ᠨᠠᠳ᠋ᠠᠳ᠋ᠣ ᠬᠦᠨ ᠰᠠᠭᠣᠭᠳ᠋ᠡᠯ ᠦᠯᠡᠳ᠋ᠡᠬᠡᠯ᠎ᠠ᠃ ᠨᠠᠭᠠᠴᠤ ᠬᠦᠷᠭᠡᠡ ᠡᠠᠪᠤ ᠵᠣᠭᠣᠰ ᠮᠦᠷᠦᠢ᠌ᠴᠡᠬᠦ ᠨᠠᠭᠠᠳ᠋ᠣᠮ ᠳ᠋ᠥ ᠰᠢ᠍ᠨᠣᠭᠰᠡᠨ ᠡᠴᠡ ᠪᠣᠯᠵᠦ ᠬᠦᠨᠳ᠋ᠣ ᠦᠷᠢ ᠳ᠋ᠥ ᠣᠨᠡᠵᠦ᠂ ᠨᠢ᠍ᠬᠡ ᠣᠳ᠋ᠠᠭ᠎ᠠ ᠠᠭᠣᠴᠢ᠍ᠯᠠᠵᠦ ᠦᠩᠭᠡᠷᠡᠭ᠍ᠰᠡᠨ ᠪᠣᠯᠪᠠᠴᠦ ᠠᠳ᠋ᠠᠯᠢ᠍ᠬᠠᠨ ᠠᠯᠳ᠋ᠠᠭ᠎ᠠ ᠶᠢ ᠪᠠᠰᠠ ᠯᠡ ᠭᠠᠷᠭᠠᠵᠦ᠂ ᠠᠶᠠᠨᠳ᠋ᠠᠭᠠᠨ ᠦᠷᠢ᠍ᠳ᠋ᠣᠵᠦ ᠪᠠᠢ᠌ᠭᠰᠡᠨ ᠤ ᠲᠡᠭᠡᠷ᠎ᠠ ᠪᠠᠰᠠ ᠦᠷᠢ᠍ᠳ᠋ᠣᠵᠦ᠂ ᠦᠷᠢ ᠰᠢ᠍ᠷᠢ ᠨᠢ ᠨᠡᠩ ᠠᠷᠪᠢᠨ ᠪᠣᠯᠵᠡᠢ᠃ ᠨᠠᠭᠠᠴᠦ ᠡᠵᠢ ᠠᠷᠭ᠎ᠠ ᠦᠭᠡᠶ ᠣᠷᠣᠭ ᠰᠠᠯᠵᠦ᠂ ᠭᠣᠴᠢ᠍ᠨ ᠵᠢᠯ ᠠᠮᠢ᠍ᠳ᠋ᠣᠷᠠᠭᠰᠡᠨ ᠢᠮᠠᠭᠠᠳ᠋ᠣ ᠪᠠᠯᠭᠠᠰᠣᠨ ᠳ᠋ᠥ ᠰᠠᠭᠣᠬᠣ ᠶᠢᠨ ᠠᠷᠭ᠎ᠠ ᠦᠭᠡᠶ ᠪᠣᠯᠬᠣ ᠳᠠᠭᠠᠨ ᠠᠷᠭ᠎ᠠ ᠦᠬᠡᠢ ᠠᠰᠠᠷ ᠶᠢᠡᠨ ᠬᠣᠳ᠋ᠠᠯᠳ᠋ᠣᠵᠦ ᠬᠦᠷᠡᠯ ᠬᠣᠳ᠋ᠡ ᠳ᠋ᠥ ᠠᠵᠢ᠍ᠯ ᠰᠢ᠍ᠯᠵᠢ᠍ᠭ᠍ᠰᠡᠨ ᠶᠤᠮ᠃ ᠰᠡᠬᠦᠯᠡᠷ ᠨᠢ ᠂ ᠪᠢ ᠨᠢ᠍ᠭᠣᠴᠠ ᠪᠠᠷ ᠨᠠᠭᠠᠴᠤ ᠬᠦᠷᠭᠡᠡ ᠡᠠᠪᠤ ᠶᠢᠨ ᠸᠢᠴᠠᠲ ᠶᠢ ᠨᠡᠮᠡᠵᠦ ᠨᠠᠭᠠᠴᠦ ᠡᠵᠢ ᠳ᠋ᠥ ᠣᠰᠣᠯ ᠪᠣᠷᠣᠭᠣ ᠬᠦᠯᠢ᠍ᠶᠡᠬᠦ ᠲᠣᠬᠠᠢ ᠵᠣᠭᠣᠭᠳ᠋ᠣᠵᠦ ᠦᠩᠭᠡᠷᠡᠭ᠍ᠰᠡᠨ ᠪᠣᠯᠪᠠᠴᠦ᠂ ᠣᠳ᠋ᠣ ᠶᠠᠭᠣ ᠬᠡᠯᠡᠭ᠍ᠰᠡᠨ ᠴᠦ ᠪᠦᠷ ᠣᠷᠣᠢ᠌ᠳ᠋ᠡᠵᠡᠢ᠃ ᠬᠣᠪᠢ ᠲᠠᠪᠢᠯᠠᠩ ᠬᠡᠳ᠋ᠡᠭ᠌ ᠴᠢ᠍ᠨᠢ ᠵᠠᠷᠢ᠍ᠮ ᠳᠠᠭᠠᠨ ᠬᠦᠮᠦᠨ ᠢ ᠬᠡᠴᠡᠬᠦᠦ ᠵᠣᠪᠠᠭᠠᠳ᠋ᠠᠭ ᠢ ᠪᠣᠷᠬᠠᠨ ᠲᠡᠭ᠍ᠷᠢ ᠴᠦ ᠠᠪᠣᠷᠠᠵᠦ ᠲᠡᠢ᠌ᠯᠬᠦ ᠦᠭᠡᠶ ᠶᠤᠮ᠃ ᠢᠮᠠᠭᠠᠳ᠋ᠣ ᠪᠠᠯᠭᠠᠰᠣᠨ ᠡᠴᠡ ᠢᠷᠡᠬᠦ ᠵᠠᠮ ᠳ᠋ᠥ ᠪᠢ ᠦᠪᠡᠷ ᠤᠨ ᠡᠷᠬᠡ ᠦᠭᠡᠶ ᠨᠢ᠍ᠯᠪᠣᠰᠣ ᠪᠦᠮᠪᠣᠷᠢ᠍ᠬᠦᠯᠣᠯ᠎ᠠ᠃ ᠨᠠᠭᠠᠴᠦ ᠡᠵᠢ ᠮᠢ᠍ᠨᠢ ᠡᠨᠡᠬᠦ ᠪᠠᠯᠭᠠᠰᠣᠨ ᠳ᠋ᠥ ᠭᠣᠴᠢ᠍ᠨ ᠵᠢᠯ ᠠᠮᠢ᠍ᠳ᠋ᠣᠷᠠᠭᠠᠳ ᠪᠠᠰᠠ ᠬᠦᠨ ᠵᠣᠵᠠᠭᠠᠨ ᠬᠠᠢ᠌ᠷ᠎ᠠ ᠰᠡᠳᠬᠢᠯᠬᠡ ᠲᠡᠢ ᠪᠣᠯᠣᠭᠰᠡᠨ ᠪᠠᠢ᠌ᠯᠬᠦᠢ ᠳ᠋ᠠ᠃ ᠮᠠᠷᠭᠠᠰᠢ ᠨᠢ ᠲᠡᠷᠡ ᠡᠨᠡ ᠬᠣᠳ᠋ᠡ ᠡᠴᠡ ᠠᠶᠠᠷᠯᠡᠵᠦ ᠬᠦᠷᠡᠯ ᠬᠣᠳ᠋ᠡ ᠶᠢ ᠴᠢᠭ᠍ᠯᠡᠬᠦ ᠵᠠᠮ ᠳᠠᠭᠠᠨ ᠪᠠᠰᠠ ᠨᠠᠳ᠋ᠠᠳ᠋ᠣ ᠰᠢ᠍ᠭ ᠡᠢ᠌ᠮᠦ ᠰᠠᠯᠵᠦ ᠶᠠᠳ᠋ᠠᠮ᠎ᠠ ᠰᠡᠳᠬᠢᠯᠬᠡ ᠪᠠᠢ᠌ᠳ᠋ᠠᠭ ᠪᠣᠯᠪᠡ ᠤᠤ ︖ ᠲᠦ᠋ᠬᠦᠬᠡ ᠦᠭᠡᠶ ᠨᠢ᠍ᠬᠡ ᠴᠠᠭ ᠤᠨ ᠬᠠᠯᠠᠭᠣᠷᠡᠯ ᠶᠢᠡᠷ ᠮᠦ᠋ᠷᠣᠢ ᠲᠡᠢ ᠨᠠᠭᠠᠳ᠋ᠣᠮ ᠳᠤ ᠰᠢ᠍ᠨᠣᠵᠦ ᠦᠷᠢ᠍ᠳ᠋ᠦᠭ᠍ᠰᠡᠨ ᠨᠠᠭᠠᠴᠤ ᠬᠦᠷᠭᠡᠡ ᠡᠠᠪᠤ ᠶᠢᠨ ᠠᠯᠳ᠋ᠠᠭ᠎ᠠ ᠶᠢ ᠡᠷ᠎ᠠ ᠬᠦᠮᠦᠨ ᠢ ᠶᠠᠭᠠᠬᠢᠨ᠎ᠠ  ᠬᠡᠵᠦ ᠦᠷᠣ ᠡᠪᠡᠳᠴᠦ ᠬᠡᠵᠦ ᠠᠭᠣᠴᠢ᠍ᠯᠡᠵᠦ ᠨᠢ᠍ᠬᠡ ᠦᠵᠡᠭ᠍ᠰᠡᠨ ᠴᠦ᠂ ᠪᠠᠰᠠ ᠠᠷᠣ ᠬᠡᠷ ᠪᠦᠰᠡᠬᠦᠢ ᠬᠡᠣᠬᠡᠳ ᠲᠥ ᠣᠰᠣᠯᠳ᠋ᠣᠵᠦ ᠶᠠᠪᠣᠭ᠎ᠠ ᠳ᠋ᠥ ᠨᠢ ᠨᠢ᠍ᠬᠡ ᠬᠣᠷᠣᠰᠴᠦ ᠦᠵᠡᠭ᠍ᠰᠡᠨ ᠪᠣᠯ ᠤᠤ᠃ ᠦᠬᠡᠢ ᠳ᠋ᠠ᠂ ᠶᠠᠷᠣᠨᠢ ᠲᠠᠬᠢᠭᠠᠳ ᠪᠢ ᠢᠮᠠᠭᠠᠳ᠋ᠣ ᠪᠠᠯᠭᠠᠰᠣᠨ ᠳ᠋ᠥ ᠢᠷᠡᠬᠦ ᠦᠭᠡᠶ ᠬᠡᠳ᠋ᠡᠭ᠌ ᠴᠢ᠍ᠨᠢ ᠬᠣᠳ᠋ᠡᠯ ᠡ᠁

ᠰᠡᠬᠦᠯᠡᠷ ᠪᠢ ᠨᠢ᠍ᠬᠡ ᠶᠠᠭᠣᠮ᠎ᠠ ᠣᠯᠵᠦ ᠬᠢᠶ᠎ᠠ ᠬᠡᠵᠦ ᠪᠣᠳ᠋ᠣᠯ᠎ᠠ᠃ ᠪᠢ ᠬᠡᠬᠡᠷ᠎ᠠ ᠲᠡᠯ᠎ᠠ ᠪᠡᠷ ᠵᠣᠭᠠᠴᠠᠬᠣ ᠲᠣᠷᠡᠳ᠋ᠡᠢ᠂ ᠲᠠᠩᠳ᠋ᠠ ᠯᠡ ᠰᠡᠬᠦᠳ᠋ᠡᠷ ᠲᠠᠳ᠋ᠠᠬᠣ ᠲᠣᠷᠡᠳ᠋ᠡᠢ᠃ ᠨᠢ᠍ᠭᠡ ᠭᠠᠵᠠᠷ ᠬᠦᠷᠪᠡᠯ ᠬᠡᠳ᠋ᠣᠨ ᠬᠣᠨᠣᠭ ᠶᠢᠡᠷ ᠮᠠᠢ᠌ᠬᠠᠨ ᠪᠣᠰᠬᠠᠵᠦ ᠬᠣᠨᠣᠵᠦ᠂ ᠪᠡᠶ᠎ᠠ ᠪᠡᠷ ᠶᠢᠡᠨ ᠦᠵᠡᠵᠦ ᠲᠣᠭᠣᠯᠣᠭᠰᠡᠨ ᠠᠶᠠᠨ ᠤ ᠲᠡᠮᠳ᠋ᠡᠭᠯᠡᠯ ᠶᠢᠡᠨ ᠪᠢᠴᠢ᠍ᠵᠦ᠂ ᠬᠠᠴᠢ᠍ᠨ ᠰᠣᠨᠢ᠍ᠨ ᠲᠣᠬᠢᠶᠡᠯᠳ᠋ᠣᠯ ᠶᠢᠡᠨ ᠪᠦᠷᠬᠡ ᠳ᠋ᠥ ᠪᠠᠨ ᠨᠠᠢ᠌ᠳ᠋ᠡᠯᠡᠨ ᠬᠣᠪᠢᠶᠠᠯᠴᠠᠵᠦ ᠨᠢ ᠶᠠᠭᠣᠳ᠋ᠠᠢ ᠰᠠᠢ᠌ᠬᠠᠨ ᠪᠣᠢ᠃ ᠲᠡᠭᠡ ᠶᠢᠨ ᠬᠠᠨ ᠪᠠᠯᠭᠠᠰᠣᠨ ᠳ᠋ᠥ ᠪᠠᠨ ᠲᠡᠬᠢᠭᠠᠳ ᠪᠠᠰᠠ ᠨᠢ᠍ᠬᠡ ᠵᠢᠵᠢ᠍ᠭ᠌ ᠴᠠᠢ ᠶᠢᠨ ᠦᠷᠦᠬᠡ ᠨᠡᠬᠡᠬᠡᠬᠦ ᠰᠠᠨᠠᠭ᠎ᠠ ᠲᠡᠢ᠃ ᠦᠳ᠋ᠡᠰᠢ ᠨᠢ ᠬᠣᠭᠣᠷ ᠤᠨ ᠦᠯᠢ᠍ᠬᠡᠷ ᠰᠣᠨᠣᠰᠬᠣ ᠡᠰᠡᠬᠦᠯ᠎ᠠ ᠮᠣᠷᠢ᠍ᠨ ᠬᠣᠭᠣᠷ᠂ ᠠᠶ᠎ᠠ ᠲᠠᠭᠣᠣ ᠲᠠᠭᠣᠯᠠᠬᠣ᠂ ᠪᠦᠵᠢ᠍ᠭ᠌ ᠪᠦᠵᠢ᠍ᠭ᠍ᠯᠡᠬᠦ ᠵᠡᠷᠬᠡ ᠠᠭᠣᠯᠭ᠎ᠠ ᠲᠣᠬᠢᠷᠠᠭᠣᠯᠣᠨ᠎ᠠ᠃ ᠡᠳ᠋ᠣᠷ ᠨᠢ ᠬᠡᠳ᠋ᠣᠨ ᠰᠢ᠍ᠯᠦᠭ᠌ ᠵᠣᠬᠢᠶᠡᠯ ᠣᠷᠣᠯᠳ᠋ᠣᠬᠣ ᠪᠠᠬᠠᠳ᠋ᠠᠢ ᠨᠠᠢ᠌ᠵᠠ ᠤᠳ ᠶᠢᠠᠨ ᠲᠠᠭᠣᠳ᠋ᠡᠨ ᠬᠠᠯᠠᠭᠣᠨ ᠴᠠᠢ ᠪᠠᠨ ᠴᠢ᠍ᠯᠠᠭᠡᠳ᠂ ᠰᠡᠳᠬᠢᠯ ᠶᠢᠡᠨ ᠲᠡᠪᠡᠳ᠋ᠡᠢ᠌ᠬᠠᠨ ᠲᠡᠯᠬᠡᠬᠦ ᠡᠰᠡᠬᠦᠯ᠎ᠠ ᠨᠣᠳ᠋ᠣᠭ ᠣᠰᠣᠨ ᠤ ᠦᠯᠢ᠍ᠬᠡᠷ ᠲᠡᠣᠭᠡ ᠶᠢ ᠵᠣᠭᠣᠭᠳ᠋ᠣᠬᠣ᠂ ᠵᠠᠷᠢ᠍ᠮ ᠬᠡᠷᠡᠭ᠌ ᠶᠡᠪᠣᠳ᠋ᠡᠯ᠂ ᠨᠠᠰᠣᠳ᠋ᠡᠨ ᠤ ᠬᠦᠮᠦᠨ ᠤ ᠲᠣᠬᠠᠢ ᠶᠠᠷᠢ᠍ᠯᠴᠠᠬᠣ ᠲᠡᠳ᠋ᠡᠨ ᠤ ᠮᠡᠳ᠋ᠡᠬᠦ ᠦᠯᠢ᠍ᠬᠡᠷ ᠢ ᠰᠢ᠍ᠩᠭᠡᠭᠡᠵᠦ ᠠᠪᠣᠨ᠎ᠠ᠁ ᠦᠳ᠋ᠡ ᠶᠢᠨ ᠬᠣᠢ᠌ᠨ᠎ᠠ ᠨᠢ ᠣᠷᠡᠨ ᠪᠢᠴᠢ᠍ᠯᠬᠡ ᠪᠢᠴᠢ᠍ᠵᠦ᠂ ᠨᠢ᠍ᠬᠡ ᠪᠣᠳ᠋ᠢ ᠪᠣᠷᠬᠠᠨ ᠤ ᠨᠣᠮ ᠬᠠᠭᠣᠯᠬᠣ᠂ ᠵᠣᠬᠢᠶᠡᠯ ᠪᠢᠴᠢ᠍ᠬᠦ᠂ ᠨᠣᠮ ᠣᠩᠰᠢ᠍ᠬᠣ᠂ ᠣᠶ‍ᠣᠳ᠋ᠡᠯ ᠣᠶ‍ᠣᠬᠣ᠂ ᠡᠰᠡᠬᠦᠯ᠎ᠠ ᠨᠢ᠍ᠬᠡ ᠬᠠᠭᠣᠳ᠋ᠡᠰᠣ ᠵᠢᠷᠣᠭ ᠵᠢᠷᠣᠬᠣ᠁ ᠨᠠᠮ ᠲᠡᠢ᠌ᠪᠣᠰᠢ᠍ᠷᠡᠨ ᠪᠠᠴᠢ᠍ᠮᠳ᠋ᠠᠬᠣ ᠦᠭᠡᠶ᠂ ᠰᠠᠨᠳ᠋ᠣᠷᠠᠬᠣ ᠦᠭᠡᠶ᠃ ᠪᠠᠰᠠ ᠨᠢ᠍ᠬᠡ ᠦᠨᠳ᠋ᠣᠰᠦᠳ᠋ᠡᠨ ᠤ ᠬᠣᠪᠴᠠᠰᠣ ᠵᠠᠰᠠᠯ ᠡᠳ᠋ᠯᠡᠯ ᠬᠡᠷᠡᠭ᠍ᠰᠡᠯ ᠤᠨ ᠵᠢᠵᠢ᠍ᠭ᠌ ᠲᠡᠯᠬᠡᠬᠦᠷ ᠡᠵᠡᠩᠨᠡᠵᠦ᠂ ᠦᠨ᠎ᠠ ᠬᠠᠩᠰᠢ ᠨᠢ ᠲᠡᠢ᠌ᠮᠣ ᠦᠨ᠎ᠠ ᠲᠡᠢ ᠪᠢᠰᠢ᠃ ᠣᠷᠣ ᠲᠡᠭᠡᠷ᠎ᠠ ᠪᠠᠨ ᠮᠠᠩᠰᠢ᠍ᠭᠣᠷᠠᠳ᠋ᠠᠭ ᠪᠦᠳ᠋ᠦᠬᠦᠨ ᠲᠠᠷᠭᠣᠨ ᠮᠣᠣᠷ ᠲᠡᠢ᠂ ᠪᠠᠰᠠ ᠨᠢ᠍ᠬᠡ ᠴᠦ᠋ᠬᠦᠷᠣᠮ ᠪᠦᠯᠳ᠋ᠡᠬᠡᠷ ᠨᠢ᠍ᠳ᠋ᠣ ᠲᠡᠢ ᠠᠯᠳ᠋ᠠᠨ ᠵᠢᠭᠠᠰᠣ ᠶᠢ ᠱᠣᠩᠪᠠᠭᠣᠯᠣᠨ᠂ ᠪᠠᠰᠠ ᠦᠬᠡ ᠲᠦ᠋ᠬᠦᠬᠡᠷᠳ᠋ᠡᠭ᠌ ᠬᠣᠶᠠᠷ ᠨᠣᠬᠠᠢ ᠲᠡᠵᠢ᠍ᠬᠡᠨ᠎ᠠ᠃ ᠡᠨᠡ ᠪᠣᠯ ᠮᠢ᠍ᠨᠤ ᠬᠦᠰᠡᠯ ᠬᠦᠬᠡᠬᠡᠴᠠᠯᠳ᠋ᠣᠯ᠂ ᠪᠢ ᠦᠰᠦᠭ᠌ ᠪᠢᠴᠢ᠍ᠭ᠌ ᠡᠴᠡ ᠰᠠᠯᠵᠦ ᠴᠢ᠍ᠳ᠋ᠠᠬᠣ ᠦᠭᠡᠶ᠃ ᠰᠡᠬᠦᠳ᠋ᠡᠷᠯᠡᠬᠦ ᠮᠠᠰᠢ᠍ᠨ ᠡᠴᠡ ᠰᠠᠯᠵᠦ ᠴᠢ᠍ᠳ᠋ᠠᠬᠣ ᠦᠭᠡᠶ᠂ ᠨᠡᠩ ᠡᠨᠡᠬᠦ ᠪᠢᠴᠢ᠍ᠵᠦ ᠨᠡᠢ᠌ᠳ᠋ᠡᠯᠡᠬᠦ ᠲᠣᠷᠡᠳ᠋ᠡᠢ ᠣᠷᠡᠨ ᠵᠣᠬᠢᠶᠠᠯ ᠤᠨ ᠰᠡᠳᠬᠢᠯᠬᠡ ᠪᠠᠨ ᠶᠠᠭᠠᠬᠢᠭᠰᠡᠨ ᠴᠦ ᠬᠠᠶᠠᠵᠦ ᠲᠦ᠋ᠪᠡᠭ᠍ᠳ᠋ᠡᠬᠦ ᠦᠭᠡᠶ ᠪᠠᠢ᠌ᠨ᠎ᠠ᠃ ᠪᠢᠷ ᠪᠠᠷᠢ᠍ᠭᠠᠳ ᠪᠢᠴᠢ᠍ᠬᠡᠳ ᠪᠠᠷᠠᠬᠣ ᠦᠭᠡᠶ ᠦᠬᠡ ᠦᠬᠦᠯᠡᠪᠣᠷᠢ ᠲᠡᠢ᠂ ᠦᠪᠡᠷ ᠤᠨ ᠶᠠᠪᠣᠳ᠋ᠡᠯ ᠶᠢᠡᠨ ᠪᠢᠴᠢ᠍ᠬᠡᠳ ᠯᠡ ᠪᠠᠢ᠌ᠳ᠋ᠠᠭ ᠢ ᠵᠠᠷᠢ᠍ᠮ ᠬᠦᠮᠦᠨ ᠦᠴᠦᠬᠡᠨ ᠴᠦ ᠦᠢ᠍ᠯᠠᠭᠠᠬᠣ ᠦᠭᠡᠶ ᠪᠠᠢ᠌ᠳ᠋ᠠᠭ ︔ ᠡᠢ᠌ᠮᠦᠷᠬᠦ ᠠᠮᠢ᠍ᠳ᠋ᠣᠷᠬᠣᠢ ᠶᠢᠨ ᠦᠵᠡᠯᠳ᠋ᠡ ᠶᠢ ᠬᠡᠨ ᠬᠦᠮᠦᠨ ᠴᠦ ᠪᠣᠳ᠋ᠣᠵᠦ ᠰᠡᠳᠬᠢᠵᠦ ᠲᠡᠢ᠌ᠯᠬᠦ ᠶᠠᠭᠣᠮ᠎ᠠ ᠴᠦ ᠪᠢᠰᠢ᠃ ᠮᠢ᠍ᠨᠤ ᠰᠠᠢ᠌ᠬᠠᠨ ᠬᠦᠰᠡᠯ ᠬᠦᠬᠡᠬᠡᠴᠠᠯᠳ᠋ᠣᠯ ᠯᠠᠪᠳ᠋ᠡᠢ ᠨᠢ᠍ᠬᠡ ᠡᠳ᠋ᠣᠷ ᠪᠡᠶᠡᠯᠡᠭ᠍ᠳ᠋ᠡᠨ᠎ᠠ ᠬᠡᠵᠦ ᠪᠠᠳ᠋ᠣ ᠢᠳ᠋ᠡᠬᠡᠯᠳ᠋ᠡᠢ ᠪᠠᠢ᠌ᠨ᠎ᠠ᠃

ᠨᠠᠳ᠋ᠠᠳ᠋ᠣ ᠮᠠᠰᠢ ᠣᠯᠡᠨ ᠰᠡᠳᠬᠢᠯ ᠤᠨ ᠦᠬᠡ ᠪᠣᠢ᠂ ᠶᠠᠷᠢ᠍ᠮᠡᠷ ᠪᠠᠢ᠌ᠨ᠎ᠠ᠃

ᠨᠠᠳ᠋ᠠᠳ᠋ᠣ ᠠᠯᠢ ᠣᠯᠡᠨ ᠦᠯᠢ᠍ᠬᠡᠷ ᠪᠣᠢ᠂ ᠬᠣᠪᠢᠶᠠᠯᠴᠠᠬᠣ ᠪᠠᠷ ᠪᠠᠢ᠌ᠨ᠎ᠠ᠃

ᠨᠠᠳ᠋ᠠᠳ᠋ᠣ ᠱᠠᠩᠳ᠋ᠠᠭᠣᠨ ᠭᠠᠰᠢ᠍ᠭᠣᠨ ᠲᠠᠷᠠᠰᠣ ᠪᠣᠢ᠂ ᠣᠣᠭᠣᠮᠠᠷ ᠯᠡ ᠪᠠᠢ᠌ᠨ᠎ᠠ᠃

ᠬᠡᠳ᠋ᠡᠯ᠎ᠠ ᠪᠢ ᠵᠦ᠋ᠪᠬᠡᠨ ᠦᠪᠡᠷ ᠤᠨ ᠨᠢ᠍ᠬᠡ ᠨᠠᠰᠣ ᠪᠠᠨ ᠨᠠᠮ ᠰᠡᠯᠡᠬᠦᠨ ᠦᠶ‍ᠦᠭ᠌ ᠲᠠᠪᠡᠳ᠋ᠡᠢ ᠠᠳ᠋ᠡᠯ᠎ᠠ ᠪᠠᠨ ᠬᠠᠷᠡᠮᠰᠡᠯ ᠦᠭᠡᠶ ᠪᠠᠢ᠌ᠬᠣ ᠶᠢ ᠬᠦᠰᠡᠨ᠎ᠠ᠃

2017 ᠂03 ᠂20 ᠊᠊᠊᠊᠊᠊ 21

ᠵᠤᠬᠢᠶᠠᠭᠴᠢ᠄ ᠳ·ᠤᠷᠠᠨᠰᠠᠨᠠᠭ᠎ᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 772
ᠴᠠᠭ᠄ 2017 ᠤᠨ ᠤ 03 ᠰᠠᠷ᠎ᠠ ᠶᠢᠨ 23
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠨᠠᠢ᠌ᠷᠠᠭᠤᠯᠤᠯ - ᠥᠪᠡᠷ ᠤᠨ ᠬᠢ ᠲᠠᠢ ᠪᠠᠨ ᠵᠤᠭᠤᠭᠳᠠᠭᠰᠠᠨ ᠲᠡᠮᠳᠡᠭᠯᠡᠯ