ᠳᠡᠭᠡᠳᠤ ᠮᠤᠩᠭ᠋ᠤᠯ ᠤᠨ ᠵᠠᠯᠠᠭᠤ ᠵᠤᠬᠢᠶᠠᠯᠴᠢ ᠊᠊᠊᠊᠊᠊᠊᠊᠊᠊᠊᠊᠊᠊᠊ ᠯ·ᠣᠳᠤᠨ
᠊᠊᠊᠊᠊᠊᠊᠊᠊᠊᠊᠊᠊᠊᠊ ᠰᠤᠷᠪᠣᠯᠵᠢᠯᠠᠭᠴᠢ᠄ ᠵᠢ᠊·ᠰᠤᠷᠤᠨ᠎ᠠ

2011 ᠣᠨ ᠤ 8 ᠰᠠᠷ᠎ᠠ ᠵᠢᠨ 4 ᠊ᠤ ᠣᠷᠤᠢ ᠦᠪᠣᠷ ᠮᠤᠩᠭ᠋ᠤᠯ ᠤᠨ ᠮᠤᠩᠭ᠋ᠤᠯ ᠷᠠᠳᠢᠤ᠋ ᠬᠤᠷᠢᠶᠠᠨ ᠡᠴᠡ 《ᠦᠳᠡᠰᠢ ᠶᠢᠨ ᠴᠢᠯᠦᠭᠡ》 ᠰᠢᠭᠤᠳ ᠨᠡᠪᠳᠡᠷᠡᠭᠦᠯᠭᠡ ᠶᠢᠨ ᠴᠢᠯᠦᠭᠡᠳᠤ ᠶᠠᠷᠢᠯᠴᠠᠭ᠎ᠠ ᠳᠤᠰᠬᠠᠢ ᠪᠣᠯᠤᠩ ᠳᠠᠭᠠᠨ ᠳᠡᠭᠡᠳᠤ ᠮᠤᠩᠭ᠋ᠤᠯ ᠤᠨ ᠵᠠᠯᠠᠭᠤ ᠢᠷᠠᠭᠤ ᠨᠠᠢ᠌ᠷᠠᠭᠴᠢ᠂ ᠳᠤᠭᠤᠵᠢᠰ ᠤᠨ ᠵᠤᠬᠢᠶᠠᠯᠴᠢ᠂ ᠣᠷᠠᠨ ᠵᠤᠬᠢᠶᠠᠯ ᠤᠨ ᠰᠢᠭᠦᠮᠵᠢᠯᠡᠭ᠍ᠴᠢ ᠯ·ᠣᠳᠤᠨ ᠤ ᠣᠢ᠌ᠯᠠᠰ ᠠᠮᠢᠳᠤᠷᠠᠯ ᠢ ᠰᠢᠭᠤᠳ ᠣᠳᠠᠰᠤ ᠪᠠᠷ ᠰᠤᠷᠪᠣᠯᠵᠢᠯᠠᠨ ᠮᠡᠳᠡᠭᠡᠯᠡᠪᠡ᠃ ᠪᠣᠳᠠᠳᠤ ᠶᠠᠪᠣᠴᠠ ᠶᠢ ᠳᠤᠤᠷ᠎ᠠ ᠳᠡᠮᠳᠡᠭᠯᠡᠨ ᠳᠢᠭᠯᠡᠯ᠎ᠡ᠂ ᠳᠠ ᠪᠦᠭᠦᠨ ᠳᠠᠭᠠᠯᠠᠨ ᠪᠣᠯᠭᠤᠭᠠᠨ᠎ᠠ ᠦᠦ ︖

ᠦᠳᠠᠰᠢ ᠶᠢᠨ ᠴᠢᠯᠦᠭᠡ ᠰᠢᠭᠤᠳ ᠨᠡᠪᠳᠡᠷᠡᠭᠦᠯᠭᠡ

ᠰᠤᠶᠤᠯ ᠣᠷᠠᠯᠢᠭ᠂ ᠵᠤᠭ᠎ᠠ ᠴᠡᠩᠭᠡᠭᠡᠨ ᠤ ᠦᠷᠭᠡᠨ ᠴᠢᠯᠦᠭᠡ ᠊᠊᠊᠊᠊᠊᠊᠊᠊᠊᠊᠊᠊᠊᠊

ᠰᠠᠢ᠌ᠨ ᠪᠠᠢ᠌ᠵᠠᠭᠠᠨ᠎ᠠ ᠦᠦ ︖ ᠡᠷᠭᠢᠮ ᠭᠦᠡᠳᠦᠳᠤ ᠰᠤᠨᠤᠰᠤᠭᠴᠢᠳ ᠡ᠂ ᠳᠠ ᠪᠦᠭᠦᠨ ᠳᠡᠭᠡᠨ ᠡᠨᠡ ᠦᠳᠡᠰᠢ ᠶᠢᠨ ᠰᠠᠢ᠌ᠬᠠᠨ ᠮᠠᠠᠳᠤ ᠶᠢ ᠭᠦᠷᠭᠡᠵᠤ ᠪᠠᠢ᠌ᠨ᠎ᠠ᠃ ᠪᠢ ᠨᠡᠪᠳᠡᠷᠡᠭᠦᠯᠭᠡ ᠶᠢᠨ ᠭᠦᠳᠦᠯᠦᠭ᠍ᠴᠢ ᠠᠯᠢᠮ᠎ᠠ᠂ ᠦᠨᠦᠳᠤᠷ ᠪᠣᠯ ᠬᠤᠶᠠᠷ ᠮᠢᠩᠭ᠎ᠠ ᠠᠷᠪᠠᠨ ᠨᠢᠭᠡᠨ ᠣᠨ ᠤ ᠨᠢ᠋ᠮᠠᠳᠤᠭᠠᠷ ᠰᠠᠷ᠎ᠠ ᠶᠢᠨ ᠳᠦᠷᠪᠠᠨ᠂ ᠭᠠᠷᠠᠭ ᠤᠨ ᠳᠦᠷᠪᠠᠨ᠃ 《ᠦᠳᠡᠰᠢ ᠶᠢᠨ ᠴᠢᠯᠦᠭᠡ》 ᠰᠢᠭᠤᠳ ᠨᠡᠪᠳᠡᠷᠡᠭᠦᠯᠭᠡ ᠶᠢᠨ ᠴᠢᠯᠦᠭᠡᠳᠤ ᠶᠠᠷᠢᠯᠴᠠᠯᠭ᠎ᠠ ᠳ᠋ᠤᠭᠠᠷ ᠶᠠᠪᠣᠭᠳᠠᠨ᠎ᠠ᠃ ᠡᠨᠡ ᠡᠭᠡᠯᠵᠢ ᠶᠢᠨ ᠨᠡᠪᠳᠡᠷᠡᠭᠦᠯᠭᠡ ᠶᠢᠨ ᠮᠠᠨᠢ ᠰᠢᠭᠤᠳ ᠣᠳᠠᠰᠤᠨ ᠤ ᠭᠦᠳᠦᠯᠦᠭ᠍ᠴᠢ ᠵᠢ᠊·ᠰᠤᠷᠤᠨ᠎ᠠ᠂ ᠭᠢᠨᠠᠭᠴᠢ ᠰᠠᠷᠠᠨ᠎ᠠ᠂ ᠶᠡᠷᠦᠩᠭᠡᠢ ᠭᠢᠨᠠᠭᠴᠢ ᠡᠯᠪᠠᠷᠢᠯᠳᠤ᠂ ᠰᠤᠨᠤᠰᠤᠭᠴᠢ ᠳᠠ ᠪᠦᠭᠦᠨ ᠮᠠᠨᠢ ᠡᠨᠡ ᠡᠭᠡᠯᠵᠢ ᠶᠢᠨ ᠶᠢᠡᠨ ᠨᠡᠪᠳᠡᠷᠡᠭᠦᠯᠭᠡ ᠳᠤ ᠠᠩᠬᠠᠷᠤᠯ ᠶᠢᠡᠨ ᠬᠠᠠᠳᠤᠭᠤᠯᠵᠤ᠂ ᠮᠠᠨ ᠤ ᠶᠠᠷᠢᠯᠴᠠᠯᠭᠠᠨ ᠳᠤ ᠢᠳᠠᠪᠭᠢᠳᠠᠢ ᠣᠷᠤᠯᠴᠠᠭᠠᠷᠠᠢ ︕

《ᠦᠳᠡᠰᠢ ᠶᠢᠨ ᠴᠢᠯᠦᠭᠡ》 ᠰᠢᠭᠤᠳ ᠨᠡᠪᠳᠡᠷᠡᠭᠦᠯᠭᠡ ᠶᠢᠨ ᠴᠢᠯᠦᠭᠡᠳᠤ ᠶᠠᠷᠢᠯᠴᠠᠭ᠎ᠠ ᠡᠨᠡ ᠳ᠋ᠤᠭᠠᠷ ᠶᠢᠡᠷ ᠪᠢᠳᠠ ᠳᠡᠭᠡᠳᠤ ᠮᠤᠩᠭ᠋ᠤᠯ ᠨᠤᠳᠤᠭᠳᠠᠢ ᠵᠤᠬᠢᠶᠠᠯᠴᠢ ᠯ·ᠣᠳᠤᠨ ᠲᠡᠶ ᠠᠯᠤᠰ ᠤᠨ ᠣᠳᠠᠰᠤ ᠪᠠᠷ ᠪᠣᠯᠵᠤᠵᠤ ᠶᠠᠷᠢᠯᠴᠠᠨ ᠵᠤᠭᠤᠭᠳᠠᠬᠤ ᠪᠠᠷ ᠪᠣᠯᠤᠯ᠎ᠠ᠃ ᠢᠩᠭᠡᠭᠡᠳ ᠶᠠᠷᠢᠯᠴᠠᠭ᠎ᠠ ᠡᠭᠢᠯᠡᠭᠦᠯᠭᠦ ᠡᠴᠡ ᠡᠮᠤᠨ᠎ᠡ ᠣᠷᠢᠳᠠᠪᠠᠷ ᠯ·ᠣᠳᠤᠨ ᠤ ᠨᠠᠮᠳᠠᠷ ᠳᠡᠦᠭᠡ ᠲᠡᠶ ᠳᠦᠭᠦᠮᠭᠡᠨ ᠳᠠᠨᠢᠯᠴᠠᠶ᠎ᠠ᠃

ᠯ·ᠣᠳᠤᠨ ᠬᠦᠬᠡ‍ᠨᠠᠭᠤᠷ ᠮᠤᠵᠢ ᠶᠢᠨ ᠬᠠᠢ᠌ᠰᠢ ᠵᠸᠤ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ ᠶᠢᠨ ᠪᠠᠭᠰᠢ᠂ ᠬᠠᠢ᠌ᠰᠢ ᠵᠸᠤ ᠶᠢᠨ ᠣᠷᠠᠨ ᠵᠤᠬᠢᠶᠠᠯᠴᠢᠳ ᠤᠨ ᠨᠡᠢ᠌ᠭᠡᠮᠯᠡᠭ᠌ ᠤᠨ ᠭᠡᠰᠢᠭᠦᠨ᠂ ᠬᠦᠬᠡ‍ᠨᠠᠭᠤᠷ ᠮᠤᠵᠢ ᠶᠢᠨ ᠬᠠᠢ᠌ᠰᠢ ᠵᠸᠤ ᠶᠢᠨ ᠣᠯᠠᠭᠠᠨ ᠰᠢᠶᠠᠨ ᠤ ᠰᠡᠷᠭᠡ ᠰᠤᠮᠤᠨ ᠤ ᠵᠢᠷ ᠤᠨ ᠨᠢᠭᠡ ᠮᠠᠯᠴᠢᠨ ᠤ ᠭᠡᠷ ᠲᠤ ᠳᠦᠷᠦᠭ᠍ᠰᠡᠨ᠃ 9 ᠨᠠᠰᠤᠨ ᠡᠴᠡ ᠡᠭᠢᠯᠡᠨ ᠪᠠᠭ᠎ᠠ ᠰᠤᠷᠭᠠᠭᠤᠯᠢ ᠶᠢᠨ ᠪᠣᠰᠤᠭ᠎ᠠ ᠶᠢ ᠠᠯᠬᠤᠵᠤ᠂ ᠡᠨ ᠡ ᠨᠢᠳᠤᠯᠠᠵᠤ ᠡᠭᠢᠯᠡᠭ᠍ᠰᠡᠨ ᠡᠴᠡ ᠠᠪᠣᠭᠠᠤᠨ ᠰᠤᠷᠭᠠᠭᠤᠯᠢ ᠰᠤᠶᠤᠯ ᠤᠨ ᠮᠦᠷ ᠢ ᠭᠦᠭᠡᠭᠡᠭ᠍ᠰᠡᠭᠡᠷ 1989 ᠣᠨ ᠳᠤ ᠪᠠᠭᠰᠢ ᠶᠢᠨ ᠰᠤᠷᠭᠠᠭᠤᠯᠢ ᠪᠠᠨ ᠳᠡᠭᠦᠰᠦᠭᠡᠳ ᠡᠭᠡ ᠭᠡᠯᠡᠨ ᠤ ᠪᠠᠨ ᠣᠭᠤᠷᠠᠭ ᠰᠢᠮ᠎ᠠ ᠪᠠᠷ ᠨᠤᠳᠤᠭ ᠣᠰᠤᠨ ᠤ ᠪᠠᠨ ᠦᠰᠪᠦᠷᠢ ᠬᠡᠦᠬᠡᠳ ᠤᠳ ᠢ ᠭᠦᠮᠦᠵᠢᠭᠦᠯᠭᠦ ᠠᠷᠠᠤᠨ ᠤᠨ ᠪᠠᠭᠰᠢ ᠶᠢᠨ ᠠᠯᠳᠠᠷ ᠭᠦᠡᠳᠤ ᠶᠢ ᠡᠭᠦᠷᠭᠡᠯᠡᠭ᠍ᠰᠡᠨ ᠪᠠᠢ᠌ᠨ᠎ᠠ᠃ ᠳᠠᠷᠠ ᠪᠠᠷ ᠪᠠᠭᠰᠢ ᠶᠢᠨ ᠰᠤᠷᠭᠠᠭᠤᠯᠢ ᠳᠤ ᠰᠤᠷᠤᠯᠴᠠᠵᠤ ᠪᠠᠢ᠌ᠭ᠎ᠠ ᠴᠠᠭ ᠡᠴᠡ ᠪᠠᠨ ᠡᠭᠢᠯᠡᠭᠡᠳ ᠵᠤᠬᠢᠶᠠᠯ ᠪᠦᠳᠦᠭᠡᠯ ᠣᠷᠤᠯᠳᠤᠵᠤ᠂ ᠬᠦᠬᠡ‍ᠨᠠᠭᠤᠷ ᠮᠤᠵᠢ ᠶᠢᠨ 《ᠴᠡᠴᠡᠭ᠍ᠳᠤ ᠴᠠᠢ᠌ᠳᠠᠮ》᠂ 《ᠴᠠᠢ᠌ᠳᠠᠮ ᠤᠨ ᠰᠤᠨᠢᠨ》 ᠵᠡᠷᠭᠡ ᠰᠡᠳᠭᠦᠯ ᠰᠤᠨᠢᠨ ᠳᠤ ᠣᠷᠠᠨ ᠪᠦᠳᠦᠭᠡᠯ ᠶᠢᠡᠨ ᠨᠡᠢ᠌ᠳᠡᠯᠡᠭᠦᠯᠵᠤ ᠪᠠᠢ᠌ᠭᠰᠠᠨ ᠡᠴᠡ ᠪᠠᠨ ᠦᠪᠣᠷ ᠮᠤᠩᠭ᠋ᠤᠯ᠂ ᠰᠢᠠᠵᠢᠶᠠᠩ ᠵᠡᠷᠭᠡ ᠭᠠᠵᠠᠷ ᠣᠷᠤᠨ ᠤ ᠡᠯ᠎ᠡ ᠰᠤᠨᠢᠨ ᠰᠡᠳᠭᠦᠯ ᠤᠳ ᠲᠤ ᠵᠤᠬᠢᠶᠠᠯ ᠪᠦᠳᠦᠭᠡᠯ ᠶᠢᠡᠨ ᠨᠡᠢ᠌ᠳᠡᠯᠡᠭᠦᠯᠦᠭ᠍ᠰᠡᠭᠡᠷ ᠢᠷᠠᠵᠠᠢ᠃ ᠯ·ᠣᠳᠤᠨ 2004 ᠣᠨ ᠳᠤ 《ᠨᠢᠳᠤᠨ ᠨᠠᠭᠤᠷ ᠤᠨ ᠳᠤᠯᠭᠢᠶᠠᠨ》 ᠭᠡᠮᠡᠭᠦ ᠥᠭᠦᠯᠯᠡᠭᠡ᠂ ᠨᠠᠢ᠌ᠷᠠᠭᠤᠯᠤᠯ ᠤᠨ ᠳᠡᠭᠦᠪᠦᠷᠢ ᠪᠠᠨ ᠦᠪᠣᠷ ᠮᠤᠩᠭ᠋ᠤᠯ ᠤᠨ ᠰᠤᠶᠤᠯ ᠤᠨ ᠭᠡᠪᠯᠡᠯ ᠤᠨ ᠬᠤᠷᠢᠶ᠎ᠠ ᠡᠴᠡ ᠭᠡᠪᠯᠡᠭᠦᠯᠦᠭ᠍ᠰᠡᠨ ᠪᠦᠭᠡᠳ ᠳᠡᠭᠦᠨ ᠤ 《ᠵᠠᠶᠠᠭᠠᠨ ᠤ ᠳᠡᠭ᠍ᠷᠢ》 ᠭᠡᠳᠡᠭ᠌ ᠷᠤᠮᠠᠨ ᠨᠢ ᠬᠦᠬᠡ‍ᠨᠠᠭᠤᠷ ᠳᠡᠭᠡᠳᠤ ᠮᠤᠩᠭ᠋ᠤᠯᠴᠤᠳ ᠤᠨ ᠳᠤᠮᠳᠠ ᠬᠠᠮᠤᠭ ᠤᠨ ᠠᠩᠬᠠᠨ ᠤ ᠮᠤᠩᠭ᠋ᠤᠯ ᠶᠢᠡᠷ ᠪᠢᠴᠢᠭ᠍ᠰᠡᠨ ᠷᠤᠮᠠᠨ ᠪᠣᠯᠤᠭᠰᠠᠨ ᠤ ᠬᠤᠪᠢ ᠳᠤ ᠮᠠᠰᠢ ᠶᠡᠭᠡ ᠨᠥᠯᠦᠭᠡ ᠳᠤᠰᠬᠠᠯ ᠲᠡᠶ ᠪᠠᠢ᠌ᠳᠠᠭ᠃ ᠯ·ᠣᠳᠤᠨ ᠣᠷᠠᠨ ᠪᠦᠳᠦᠭᠡᠯ ᠶᠢᠡᠷ ᠶᠢᠡᠨ ᠣᠯᠤᠰ᠂ ᠮᠤᠵᠢ᠂ ᠵᠸᠤ ᠶᠢᠨ ᠳᠠᠰ ᠤᠨ ᠱᠠᠩᠨᠠᠯ ᠭᠦᠭᠢᠭᠦᠯᠦᠯ ᠢ ᠣᠯᠠᠠᠳᠠ ᠳᠤᠰᠤᠭᠰᠠᠨ ᠪᠦᠭᠡᠳ ᠦᠪᠡᠷ ᠤᠨ ᠪᠠᠭᠰᠢ ᠶᠢᠨ ᠠᠵᠢᠯ ᠳᠠᠭᠠᠨ ᠴᠤ ᠣᠰᠤᠯᠳᠠᠯ ᠦᠭᠡᠶ ᠴᠢᠷᠮᠠᠢ᠌ᠵᠤ᠂ ᠣᠯᠠᠨ ᠰᠠᠢ᠌ᠬᠠᠨ ᠢᠷᠠᠭᠤ ᠠᠯᠳᠠᠷ ᠶᠢᠡᠷ ᠡᠩᠭᠡᠷ ᠶᠢᠡᠨ ᠮᠢᠯᠢᠶᠠᠯᠭᠠᠭᠰᠠᠭᠠᠷ ᠢᠷᠡᠭ᠍ᠰᠡᠨ ᠶᠤᠮ᠃ ᠳᠡᠢ᠌ᠡᠭᠦ ᠡᠨᠡ ᠴᠠᠭ ᠤᠨ ᠨᠡᠪᠳᠡᠷᠡᠭᠦᠯᠭᠡ ᠪᠠᠷ ᠪᠢᠳᠠ ᠳᠡᠭᠡᠳᠤ ᠮᠤᠩᠭ᠋ᠤᠯ ᠨᠤᠳᠤᠭᠳᠠᠢ ᠵᠤᠬᠢᠶᠠᠯᠴᠢ ᠯ·ᠣᠳᠤᠨ ᠢ ᠠᠯᠤᠰ ᠤᠨ ᠣᠳᠠᠰᠤ ᠪᠠᠷ ᠨᠡᠪᠳᠡᠷᠡᠭᠦᠯᠭᠡ ᠳᠡᠭᠡᠨ ᠣᠷᠢᠵᠤ᠂ ᠳᠡᠭᠦᠨ ᠤ ᠠᠵᠢᠯ ᠣᠢ᠌ᠯᠠᠰ᠂ ᠣᠷᠠᠨ ᠪᠦᠳᠦᠭᠡᠯ ᠤᠨ ᠳᠤᠬᠠᠢ ᠣᠢ᠌ᠯᠠᠭᠠᠬᠤ ᠪᠠᠷ ᠪᠣᠯᠵᠤᠯ᠎ᠠ᠃ ᠰᠤᠨᠤᠰᠤᠭᠴᠢ ᠳᠠ ᠪᠦᠭᠦᠨ ᠮᠠᠨ ᠤ ᠡᠨᠡ ᠡᠭᠡᠯᠵᠢ ᠶᠢᠨ ᠶᠠᠷᠢᠯᠴᠠᠯᠭᠠᠨ ᠳᠤ ᠠᠩᠬᠠᠷᠤᠯ ᠶᠢᠡᠨ ᠬᠠᠠᠳᠤᠭᠤᠯᠤᠨ᠎ᠠ ᠦᠦ ︖ ᠮᠠᠨ ᠤ ᠨᠡᠪᠳᠡᠷᠡᠭᠦᠯᠭᠡ ᠳᠤ ᠣᠷᠮ᠎ᠠ ᠬᠠᠢ᠌ᠷᠠᠯᠠᠵᠤ ᠣᠷᠤᠯᠴᠠᠭᠠᠷᠠᠢ ︕

ᠵᠨ᠂ ᠢᠩᠭᠡᠭᠡᠳ ᠣᠳᠤ ᠵᠤᠴᠢᠨ ᠯ·ᠣᠳᠤᠨ ᠤ ᠣᠳᠠᠰᠤ ᠶᠢ ᠵᠠᠯᠭᠠᠭᠤᠯᠵᠤ᠂ ᠡᠨᠡ ᠡᠭᠡᠯᠵᠢ ᠶᠢᠨ ᠶᠠᠷᠢᠯᠴᠠᠯᠭ᠎ᠠ ᠪᠠᠨ ᠡᠭᠢᠯᠡᠭᠦᠯᠦᠶ᠎ᠡ᠃

ᠰᠤᠷᠪᠣᠯᠵᠢᠯᠠᠭᠴᠢ ᠵᠢ᠊·ᠰᠤᠷᠤᠨ᠎ᠠ (ᠳᠤᠷᠤᠭᠰᠢ ᠰᠤ᠋ ᠭᠡᠮᠡᠨ ᠳᠦᠭᠦᠮᠴᠢᠯᠡᠨ᠎ᠡ)᠄ ᠰᠠᠢ᠌ᠨ ᠪᠠᠢ᠌ᠨ᠎ᠠ ᠦᠦ ︖ ᠳᠠ

ᠵᠤᠴᠢᠨ ᠯ·ᠣᠳᠤᠨ (ᠳᠤᠷᠤᠭᠰᠢ ᠣ ᠭᠡᠮᠡᠨ ᠳᠦᠭᠦᠮᠴᠢᠯᠡᠨ᠎ᠡ)᠄ ᠵᠠ ᠰᠠᠢ᠌ᠨ ᠰᠠᠢ᠌ᠨ᠂ ᠳᠠᠨᠠᠷ ᠰᠠᠢ᠌ᠨ

ᠰᠤ᠋᠄ ᠶᠠᠭᠤᠨ ᠤᠷᠢᠳ ᠳᠠᠨ ᠳᠤ ᠡᠨᠡ ᠦᠳᠡᠰᠢ ᠶᠢᠨ ᠰᠠᠢ᠌ᠬᠠᠨ ᠮᠠᠠᠳᠤ ᠢ ᠭᠦᠷᠭᠡᠶ᠎ᠡ

ᠣ᠄ ᠵᠠ ᠵᠠ᠂ ᠪᠠᠶᠠᠷᠯᠠᠯ᠎ᠠ

ᠰᠤ᠋᠄ ᠵᠠ ᠶᠠᠷᠤᠨᠢ ᠤᠢ᠌ᠷ᠎ᠡ ᠳᠤ ᠠᠵᠢᠯ ᠠᠯᠪᠠ ᠶᠡᠭᠡᠳᠡᠢ ᠪᠠᠢ᠌ᠨ᠎ᠠ ᠦᠦ ︖ ᠳᠠ

ᠣ᠄ ᠤᠢ᠌ᠷ᠎ᠡ ᠳᠤ ᠪᠠᠬᠠᠨ ᠭᠠᠢ᠌ᠭᠤᠢ᠂ ᠰᠤᠷᠭᠠᠭᠤᠯᠢ ᠴᠢᠯᠦᠭᠡ ᠳᠠᠯᠪᠢᠴᠢᠬᠠᠭᠰᠠᠨ ᠪᠣᠯᠬᠤ ᠪᠠᠷ ᠵᠥᠭᠡᠷ ᠭᠡᠷ ᠲᠡᠭᠡᠨ ᠪᠠᠭ᠎ᠠ ᠰᠠᠭ᠎ᠠ ᠶᠠᠭᠤᠮ᠎ᠠ ᠣᠷᠤᠯᠳᠤᠨ ᠰᠤᠯᠠ ᠰᠠᠭᠤᠵᠤ ᠪᠠᠢ᠌ᠨ᠎ᠠ᠃

ᠰᠤ᠋᠄ ᠳᠠ ᠣᠳᠤ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠰᠤᠷᠭᠠᠭᠤᠯᠢ ᠳᠤ ᠪᠠᠭᠰᠢᠯᠠᠵᠤ ᠪᠠᠢ᠌ᠨ᠎ᠠ ᠭᠡᠰᠡᠨ᠂ ᠳᠠᠢ᠌ᠮᠤ ᠡ ︖

ᠣ᠄ ᠳᠠᠢ᠌ᠮᠤ᠂ ᠮᠤᠩᠭ᠋ᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠢ᠌ᠨ᠎ᠠ᠃

ᠰᠤ᠋᠄ ᠳᠠ ᠪᠠᠭᠰᠢ ᠶᠢᠨ ᠠᠯᠪᠠᠨ ᠳᠤ ᠭᠠᠷᠤᠭᠠᠤᠨ ᠣᠯᠠᠨ ᠵᠢᠯ ᠪᠣᠯᠵᠤ ᠪᠠᠢ᠌ᠭ᠎ᠠ ᠪᠠᠢ᠌ᠬ᠎ᠠ ︖

ᠣ᠄ ᠳᠡᠭᠡᠵᠤ ᠭᠡᠯᠡᠵᠤ ᠪᠣᠯᠤᠨ᠎ᠡ᠂ ᠪᠢ ᠦᠨᠦᠳᠤᠷ ᠪᠣᠯᠬᠤ ᠳᠤ ᠪᠠᠭᠰᠢ ᠶᠢᠨ ᠠᠵᠢᠯ ᠭᠢᠭᠡᠳ ᠬᠤᠷᠢ ᠭᠠᠷᠤᠢ ᠵᠢᠯ ᠪᠣᠯᠵᠤ ᠪᠠᠢ᠌ᠨ᠎ᠠ᠃ ᠣᠤᠯ ᠨᠢ ᠪᠢ ᠮᠤᠩᠭ᠋ᠤᠯ ᠪᠠᠭ᠎ᠠ ᠰᠤᠷᠭᠠᠭᠤᠯᠢ ᠳᠤ ᠪᠠᠭᠰᠢᠯᠠᠵᠤ ᠪᠠᠢ᠌ᠭᠰᠠᠨ᠃ 2010 ᠣᠨ ᠳᠤ᠂ ᠮᠦᠨ ᠭᠡᠯᠡᠪᠠᠯ ᠨᠢᠳᠤᠨᠤᠨ ᠳᠡᠭᠡᠳᠤ ᠱᠠᠳᠤᠨ ᠡᠴᠡ ᠨᠠᠮ᠎ᠠ ᠶᠢ ᠮᠤᠩᠭ᠋ᠤᠯ ᠳᠤᠮᠳᠠᠳᠤ ᠰᠤᠷᠭᠠᠭᠤᠯᠢ ᠳᠤ ᠠᠵᠢᠯ ᠰᠢᠯᠵᠢᠭᠦᠯᠤᠨ ᠠᠪᠴᠢᠷᠠᠭᠰᠠᠨ ᠶᠤᠮ᠃

ᠰᠤ᠋᠄ ᠥ᠂ ᠳᠡᠭᠦᠨ ᠡᠴᠡ ᠬᠣᠢ᠌ᠰᠢ ᠣᠳᠤ ᠮᠤᠩᠭ᠋ᠤᠯ ᠳᠤᠮᠳᠠᠳᠤ ᠰᠤᠷᠭᠠᠭᠤᠯᠢ ᠳᠤ ᠪᠠᠭᠰᠢᠯᠠᠵᠤ ᠪᠠᠢ᠌ᠭ᠎ᠠ ᠶᠤᠮ ᠪᠠᠢ᠌ᠨ᠎ᠠ᠃ ᠥᠪᠠᠷᠳᠡᠭᠡᠨ ᠶᠠᠷᠤᠨᠢ ᠡᠨᠡ ᠣᠳᠠᠭᠠᠨ ᠵᠢᠯ ᠪᠠᠭᠰᠢᠯᠠᠬᠤ ᠶᠠᠪᠣᠴᠠ ᠳᠤᠮᠳᠠ ᠪᠠᠨ ᠠᠯᠢ ᠭᠢᠴᠢᠶᠠᠯ ᠮᠡᠷᠭᠡᠵᠢᠯ ᠢ ᠭᠤᠤᠯᠳᠠᠭᠤ ᠵᠢᠭᠠᠵᠤ ᠢᠷᠡᠭ᠍ᠰᠡᠨ ᠪᠣᠯ ︖

ᠣ᠄ ᠪᠢ ᠮᠦᠨ ᠪᠠᠭᠰᠢᠯᠠᠭᠰᠠᠨ ᠳᠠᠷᠠ ᠡᠳᠦᠷ ᠡᠴᠡ ᠪᠠᠨ ᠡᠭᠢᠯᠡᠨ ᠮᠤᠩᠭ᠋ᠤᠯ ᠭᠡᠯᠡᠨ ᠤ ᠭᠢᠴᠢᠶᠠᠯ ᠵᠢᠭᠠᠵᠤ ᠢᠷᠠᠵᠠᠢ᠃

ᠰᠤ᠋᠄ ᠳᠡᠭᠡᠪᠠᠯ ᠳᠠ ᠮᠤᠩᠭ᠋ᠤᠯ ᠭᠡᠯᠡᠨ ᠤ ᠭᠢᠴᠢᠶᠠᠯ ᠲᠡᠶ ᠪᠠᠨ ᠮᠠᠰᠢ ᠣᠷᠳᠤ ᠣᠳᠠᠭᠠᠨ ᠪᠠᠷᠢᠯᠳᠤᠯᠭ᠎ᠠ ᠲᠡᠶ ᠭᠦᠮᠤᠨ ᠶᠤᠮ ᠪᠠᠢ᠌ᠨ᠎ᠠ᠃ ᠦᠪᠡᠷ ᠶᠢᠡᠨ ᠬᠡᠦᠬᠡᠳ ᠤᠳ ᠲᠡᠭᠡᠨ ᠮᠤᠩᠭ᠋ᠤᠯ ᠭᠡᠯᠡᠨ ᠤ ᠭᠢᠴᠢᠶᠠᠯ ᠵᠢᠭᠠᠳᠠᠭ᠂ ᠳᠡᠭᠡᠭᠡᠳ ᠪᠠᠰᠠ ᠮᠤᠩᠭ᠋ᠤᠯ ᠣᠷᠠᠨ ᠵᠤᠬᠢᠶᠠᠯ ᠳᠤ ᠳᠤᠷ᠎ᠠ ᠪᠠᠬᠠᠳᠠᠢ ᠵᠤᠬᠢᠶᠠᠯᠴᠢ ᠭᠦᠮᠤᠨ ᠳᠠᠢ᠌ᠮᠤ ᠡ ︖

ᠣ᠄ ᠳᠡᠭᠡᠵᠤ ᠭᠡᠯᠡᠭᠦ ᠶᠤᠮ ᠪᠠ ᠭᠡᠳ ᠡᠪ ᠥᠭᠡᠢ᠌ᠷᠭᠡᠨ ᠢᠨᠢᠶᠡᠮᠰᠦᠭᠯᠡᠯ᠎ᠡ᠃

ᠰᠤ᠋᠄ ᠮᠦᠨ ᠲᠠᠭᠠᠨ ᠢᠨᠢᠶᠠᠵᠤ᠂ ᠪᠠᠭ᠎ᠠ ᠰᠤᠷᠭᠠᠭᠤᠯᠢ ᠳᠤ ᠳᠠ ᠣᠯᠠᠨ ᠵᠢᠯ ᠪᠠᠭᠰᠢᠯᠠᠭᠰᠠᠨ ᠶᠤᠮ ᠪᠠᠢ᠌ᠨ᠎ᠠ ︖

ᠣ᠄ ᠳᠠᠢ᠌ᠮᠤ᠂ ᠪᠠᠭ᠎ᠠ ᠰᠤᠷᠭᠠᠭᠤᠯᠢ ᠳᠤ ᠪᠢ ᠣᠯᠠᠨ ᠵᠢᠯ ᠪᠠᠭᠰᠢᠯᠠᠭᠰᠠᠨ ᠶᠤᠮ᠃

ᠰᠤ᠋᠄ ᠶᠠᠷᠤᠨᠢ ᠣᠯᠠᠭᠠᠨ ᠰᠢᠶᠠᠨ ᠳᠤ ᠳᠤᠰᠬᠠᠢ ᠮᠤᠩᠭ᠋ᠤᠯ ᠪᠠᠭ᠎ᠠ ᠰᠤᠷᠭᠠᠭᠤᠯᠢ ᠭᠡᠵᠤ ᠪᠠᠰᠠ ᠪᠠᠢ᠌ᠳᠠᠭ ᠶᠤᠮ ᠪᠠᠢ᠌ᠨ᠎ᠠ᠃ ᠳᠠᠢ᠌ᠮᠤ ᠡ ︖

ᠣ᠄ ᠪᠠᠢ᠌ᠨ᠎ᠠ ᠪᠠᠢ᠌ᠨ᠎ᠠ᠃ ᠣᠤᠯ ᠨᠢ ᠰᠤᠮᠤ ᠳᠤᠰᠬᠤᠨ ᠳᠡᠭᠡᠷ᠎ᠡ ᠪᠠᠨ ᠪᠦᠷ ᠮᠤᠩᠭ᠋ᠤᠯ ᠪᠠᠭ᠎ᠠ ᠰᠤᠷᠭᠠᠭᠤᠯᠢ ᠲᠡᠶ ᠪᠠᠢ᠌ᠭᠰᠠᠨ᠃ ᠣᠳᠤ ᠪᠦᠭᠦᠳᠡ ᠶᠢ ᠬᠠᠮᠳᠤᠷᠠᠭᠤᠯᠤᠭᠠᠤᠨ ᠰᠢᠶᠠᠨ ᠳᠡᠭᠡᠷ᠎ᠡ ᠪᠠᠨ ᠭᠠᠭᠴᠠᠬᠠᠨ ᠰᠤᠷᠭᠠᠭᠤᠯᠢ ᠪᠠᠢ᠌ᠭᠤᠯᠵᠠᠢ᠃ ᠮᠢᠨᠤ ᠣᠳᠤ ᠠᠵᠢᠯᠯᠠᠵᠤ ᠪᠠᠢ᠌ᠭ᠎ᠠ ᠰᠤᠷᠭᠠᠭᠤᠯᠢ᠂ ᠮᠠᠨ ᠤ ᠬᠠᠢ᠌ᠰᠢ ᠣᠷᠴᠢᠮ ᠳᠠᠭᠠᠨ ᠬᠠᠮᠤᠭ ᠤᠨ ᠡᠷᠳᠡ ᠪᠠᠢ᠌ᠭᠤᠯᠤᠭᠳᠠᠭᠰᠠᠨ ᠮᠤᠩᠭ᠋ᠤᠯ ᠳᠤᠮᠳᠠᠳᠤ ᠰᠤᠷᠭᠠᠭᠤᠯᠢ ᠪᠣᠯᠬᠤ ᠪᠠᠷ ᠪᠠᠷᠠᠬᠤ ᠦᠭᠡᠶ ᠴᠤᠯ ᠮᠤᠩᠭ᠋ᠤᠯ ᠰᠤᠷᠤᠭᠴᠢᠳ ᠲᠡᠶ ᠬᠤᠶᠠᠷᠬᠠᠨ ᠳᠤᠮᠳᠠᠳᠤ ᠰᠤᠷᠭᠠᠭᠤᠯᠢ ᠶᠢᠨ ᠨᠢᠭᠡ ᠨᠢ ᠶᠤᠮ᠃

ᠰᠤ᠋᠄ ᠭᠢᠷᠢ ᠣᠯᠠᠨ ᠰᠤᠷᠤᠭᠴᠢ ᠲᠡᠶ ᠶᠤᠮ ᠪᠣᠯ ᠡ ︖ ᠳᠠᠨ ᠤ ᠰᠤᠷᠭᠠᠭᠤᠯᠢ

ᠣ᠄ ᠰᠤᠷᠤᠭᠴᠢ ᠳᠠᠮᠠᠢ ᠠᠷᠪᠢᠨ ᠦᠭᠡᠶ᠂ ᠵᠢᠯ ᠡᠴᠡ ᠵᠢᠯ ᠬᠠᠰᠤᠭᠳᠠᠨ ᠴᠥᠭᠡᠷᠡᠵᠤ ᠯᠠ ᠪᠠᠢ᠌ᠨ᠎ᠠ᠃ ᠣᠳᠤ ᠮᠤᠤᠬᠠᠨ ᠭᠤᠷᠪᠠᠨ ᠵᠠᠭᠤ ᠣᠷᠴᠢᠮ ᠰᠤᠷᠤᠭᠴᠢ ᠲᠡᠶ ᠪᠠᠢ᠌ᠭ᠎ᠠ᠃

ᠰᠤ᠋᠄ ᠬᠠᠷᠠᠮᠰᠠᠯᠳᠠᠢ ᠯᠠ ᠣᠴᠢᠷ᠂ ᠳᠠ ᠳᠡᠭᠡᠭᠡᠳ ᠡᠭᠡ ᠮᠤᠩᠭ᠋ᠤᠯ ᠭᠡᠯᠡ ᠪᠠᠷ ᠶᠢᠡᠨ ᠣᠯᠠᠨ ᠵᠢᠯ ᠪᠠᠭᠰᠢᠯᠠᠭᠰᠠᠨ ᠤ ᠬᠤᠪᠢ ᠳᠤ ᠰᠠᠨᠠᠭ᠎ᠠ ᠰᠡᠳᠭᠢᠯ ᠳᠠᠨᠢ ᠦᠷᠭᠦᠯᠵᠢ ᠪᠠᠶᠠᠷ ᠪᠠᠶᠠᠰᠬᠤᠯᠠᠩ ᠲᠡᠶ ᠪᠠᠢ᠌ᠳᠠᠭ ᠪᠢᠯᠠ ᠦᠦ ︖

ᠣ᠄ ᠳᠠᠢ᠌ᠮᠤ ᠡ᠂ ᠮᠤᠩᠭ᠋ᠤᠯ ᠭᠡᠯᠡ ᠪᠠᠨ ᠴᠢᠳᠠᠨ ᠶᠠᠳᠠᠨ ᠰᠤᠷᠴᠤ ᠶᠠᠪᠣᠭ᠎ᠠ ᠬᠡᠦᠬᠡᠳ ᠳᠡᠭᠦᠤ ᠨᠡᠷ ᠲᠡᠭᠡᠨ ᠡᠭᠡ ᠭᠡᠯᠡ ᠪᠠᠷ ᠶᠢᠡᠨ ᠭᠢᠴᠢᠶᠡᠯᠯᠡᠭᠦ ᠰᠢᠭ᠌ ᠵᠢᠷᠭᠠᠯ ᠥᠭᠡᠷ᠎ᠡ ᠨᠠᠳᠠ ᠪᠠᠢ᠌ᠬᠤ ᠦᠭᠡᠶ᠃

ᠰᠤ᠋᠄ ᠵᠠ ᠵᠠ᠂ ᠪᠠᠶᠠᠰᠤᠯ ᠡᠴᠡ ᠥᠭᠡᠷ᠎ᠡ ᠳᠠᠨ ᠳᠤ ᠪᠠᠰᠠ ᠪᠠᠭᠰᠢ ᠪᠣᠯᠤᠭᠰᠠᠨ ᠤ ᠵᠤᠪᠠᠨᠢᠯ ᠪᠠᠢ᠌ᠳᠠᠭ ᠦᠦ ︖

ᠣ᠄ ᠪᠠᠢ᠌ᠬᠤ ᠦᠭᠡᠶ᠂ ᠪᠠᠭᠰᠢ ᠪᠣᠯᠬᠤ ᠨᠢ ᠮᠢᠨᠤ ᠨᠢᠭᠡ ᠨᠠᠰᠤᠨ ᠤ ᠬᠠᠮᠤᠭ ᠤᠨ ᠳᠡᠭᠡᠳᠤ ᠵᠢᠷᠭᠠᠯ ᠭᠡᠵᠤ ᠥᠵᠡᠳᠡᠭ᠌᠃

ᠰᠤ᠋᠄ ᠳᠠᠨ ᠤ ᠨᠤᠳᠤᠭ ᠮᠦᠨ ᠡᠨᠡ ᠣᠯᠠᠭᠠᠨ ᠰᠢᠶᠠᠨ ᠳᠤ ᠪᠠᠢ᠌ᠳᠠᠭ ᠦᠦ ︖

ᠣ᠄ ᠮᠦᠨ ᠡ᠊ᠨᠳᠡ ᠪᠠᠢ᠌ᠨ᠎ᠠ᠂ ᠣᠯᠠᠭᠠᠨ ᠰᠢᠶᠠᠨ ᠤ ᠰᠡᠷᠭᠡ ᠰᠤᠮᠤᠨ ᠤ ᠪᠦᠯᠡᠩᠭᠡᠷ ᠳᠤᠰᠬᠤᠨ ᠭᠡᠵᠤ ᠪᠠᠢ᠌ᠭᠰᠠᠨ᠃

ᠰᠤ᠋᠄ ᠣᠳᠤ ᠴᠤ ᠮᠦᠨ ᠡᠨᠡ ᠨᠠᠷᠠᠢ᠌ᠳᠤᠯ ᠶᠢᠡᠷ ᠶᠢᠡᠨ ᠶᠠᠪᠣᠵᠤ ᠪᠠᠢ᠌ᠨ᠎ᠠ ᠦᠦ ︖

ᠣ᠄ ᠦᠭᠡᠶ᠂ ᠨᠢᠭᠡᠨᠲᠡ ᠥᠭᠡᠷᠡᠴᠢᠯᠡᠭ᠍ᠰᠡᠨ᠃ ᠣᠳᠤ ᠣᠯᠠᠭᠠᠨ ᠰᠢᠶᠠᠨ ᠤ ᠭᠦᠭᠡᠳ ᠪᠠᠯᠭᠠᠰᠤᠨ ᠤ ᠪᠦᠯᠡᠩᠭᠡᠷ ᠳᠤᠰᠬᠤᠨ ᠭᠡᠳᠡᠭ᠌ ᠪᠣᠯᠵᠠᠢ᠃

ᠰᠤ᠋᠄ ᠵᠠ ᠳᠠᠢ᠌ᠮᠤ ᠪᠠᠢ᠌ᠨ᠎ᠠ᠃ ᠳᠠ ᠳᠡᠭᠡᠭᠡᠳ ᠠᠪᠣ ᠡᠵᠢ ᠡᠴᠡ ᠪᠠᠨ ᠠᠬ᠎ᠠ ᠳᠡᠭᠦᠤ ᠭᠡᠳᠦᠭᠦᠯᠡ ᠶᠤᠮ ᠪᠣᠯ ︖ ᠪᠠᠰᠠ ᠳᠠᠨ ᠤ ᠳᠦᠷᠦᠭ᠍ᠰᠡᠨ ᠨᠤᠳᠤᠭ ᠪᠦᠯᠡᠩᠭᠡᠷ ᠭᠡᠵᠤ ᠶᠠᠮᠠᠷᠬᠠᠨ ᠰᠢᠭ ᠭᠠᠵᠠᠷ ᠪᠠᠢ᠌ᠭᠰᠠᠨ ᠪᠣᠯ ︖ ᠡᠨᠡ ᠳᠤᠬᠠᠢ ᠳᠠᠨ ᠤ ᠳᠦᠭᠦᠮᠭᠡᠨ ᠳᠠᠨᠢᠯᠴᠠᠭᠤᠯᠬᠤ ᠶᠢ ᠭᠦᠰᠡᠵᠤ ᠪᠠᠢ᠌ᠨ᠎ᠠ᠃

ᠣ᠄ ᠮᠠᠨᠤᠰ ᠠᠪᠣ ᠡᠵᠢ ᠡᠴᠡ ᠠᠬ᠎ᠠ ᠳᠡᠭᠦᠤ ᠨᠢ᠋ᠮᠠᠭᠤᠯᠠ ᠪᠠᠢ᠌ᠭᠰᠠᠨ᠃ ᠮᠢᠨᠤ ᠳᠦᠷᠤᠵᠤ ᠥᠰᠦᠭ᠍ᠰᠡᠨ ᠨᠤᠳᠤᠭ ᠊᠊᠊᠊᠊᠊᠊᠊᠊᠊᠊᠊᠊᠊᠊ ᠪᠦᠯᠡᠩᠭᠡᠷ ᠡᠯᠡᠰᠤ ᠶᠡᠭᠡ ᠲᠡᠶ ᠭᠤᠪᠢᠷᠬᠠᠭ ᠴᠠᠢ᠌ᠳᠠᠮ ᠨᠤᠳᠤᠭ ᠲᠠᠭᠠᠨ ᠪᠠᠭᠳᠠᠨ᠎ᠠ᠃ ᠨᠠᠮᠤᠷ ᠡᠪᠦᠯ ᠳᠡᠭᠡᠨ ᠭᠠᠩ ᠬᠠᠭᠤᠷᠠᠢ᠂ ᠬᠠᠪᠣᠷ ᠳᠠᠯ᠎ᠠ ᠪᠠᠨ ᠰᠠᠯᠭᠢ ᠰᠢᠭᠤᠷᠭ᠎ᠠ ᠶᠡᠭᠡ᠂ ᠵᠤᠨ ᠳᠠᠯ᠎ᠠ ᠪᠠᠨ ᠨᠠᠯᠢᠶᠠᠤᠨ ᠬᠠᠯᠠᠭᠤᠨ ᠪᠠᠢ᠌ᠳᠠᠭ᠃

ᠰᠤ᠋᠄ ᠡ᠊ᠨᠳᠡ ᠮᠤᠩᠭ᠋ᠤᠯᠴᠤᠳ ᠠᠷᠪᠢᠨ ᠰᠠᠭᠤᠷᠢᠰᠢᠵᠤ ᠪᠠᠢ᠌ᠨ᠎ᠠ ᠦᠦ ︖

ᠣ᠄ ᠪᠦᠭᠦ ᠳᠤᠰᠬᠤᠨ ᠶᠢᠡᠷ ᠶᠢᠡᠨ ᠪᠦᠷ ᠴᠤᠯ ᠮᠤᠩᠭ᠋ᠤᠯᠴᠤᠳ ᠶᠤᠮ᠃

ᠰᠤ᠋᠄ ᠵᠠ ᠵᠠ᠂ ᠳᠠ ᠠᠬ᠎ᠠ ᠳᠡᠭᠦᠤ ᠨᠢ᠋ᠮᠠᠭᠤᠯᠠ ᠭᠡᠰᠡᠨ᠂ ᠳᠠᠢ᠌ᠮᠤ ᠪᠠ ︖ ᠳᠠ ᠭᠡᠳᠦᠳᠦᠭᠡᠷ ᠨᠢ ᠶᠤᠮ ᠪᠣᠯ ︖

ᠣ᠄ ᠪᠢ ᠳᠤᠯᠤᠳᠤᠭᠠᠷ ᠨᠢ ᠶᠤᠮ᠂ ᠮᠢᠨᠤ ᠳᠡᠭᠡᠷ᠎ᠡ ᠭᠤᠷᠪᠠᠨ ᠠᠬ᠎ᠠ᠂ ᠭᠤᠷᠪᠠᠨ ᠡᠭᠡᠴᠢ ᠪᠠᠢ᠌ᠨ᠎ᠠ᠃

ᠰᠤ᠋᠄ ᠳᠠᠢ᠌ᠮᠤ ᠳᠠᠢ᠌ᠮᠤ᠂ ᠶᠠᠷᠤᠨᠢ ᠨᠢᠭᠡ ᠭᠦᠮᠤᠨ ᠤ ᠶᠠᠪᠣᠵᠤ ᠳᠤᠭᠤᠯᠬᠤ ᠵᠠᠮ ᠮᠦᠷ ᠲᠤ ᠦᠰᠴᠦ ᠳᠦᠷᠦᠭ᠍ᠰᠡᠨ ᠨᠤᠳᠤᠭ ᠡᠦᠰᠤ᠂ ᠥᠰᠭᠡᠵᠤ ᠪᠣᠢ᠌ᠵᠢᠭᠤᠯᠤᠭᠰᠠᠨ ᠠᠪᠣ ᠡᠵᠢ ᠵᠢᠴᠢ ᠠᠬ᠎ᠠ ᠳᠡᠭᠦᠤ ᠭᠡᠳ ᠣᠯᠠᠨ ᠵᠣᠢ᠌ᠯ ᠨᠥᠯᠦᠭᠡ ᠪᠣᠯᠳᠠᠭ ᠳᠠᠢ᠌ᠮᠤ ᠡ᠃ ᠳᠠᠨ ᠤ ᠦᠨᠦᠳᠤᠷ ᠤᠨ ᠡᠨᠡ ᠶᠠᠪᠣᠵᠤ ᠢᠷᠡᠭ᠍ᠰᠡᠨ ᠵᠠᠮ ᠮᠦᠷ ᠲᠤ ᠨᠤᠳᠤᠭ ᠣᠰᠤ᠂ ᠭᠡᠷ ᠣᠷᠤᠨ ᠮᠦᠨ ᠠᠳᠠᠯᠢᠬᠠᠨ ᠨᠥᠯᠦᠭᠡ ᠪᠣᠯᠤᠭᠰᠠᠨ ᠪᠠᠢ᠌ᠬ᠎ᠠ ︖

ᠣ᠄ ᠪᠣᠯᠤᠭᠰᠠᠨ ᠪᠣᠯᠤᠭᠰᠠᠨ᠂ ᠮᠢᠨᠤ ᠦᠰᠴᠦ ᠳᠦᠷᠦᠭ᠍ᠰᠡᠨ ᠨᠤᠳᠤᠭ ᠣᠰᠤ ᠨᠠᠳᠠ ᠨᠥᠯᠦᠭᠡ ᠪᠣᠯᠤᠭᠰᠠᠨ ᠶᠢᠡᠷ ᠪᠠᠷᠠᠬᠤ ᠦᠭᠡᠶ ᠨᠠᠩ ᠢᠯᠠᠩᠭ᠋ᠤᠶ᠎ᠠ ᠮᠢᠨᠤ ᠠᠪᠣ (ᠨᠢᠭᠡᠨᠲᠡ ᠨᠠᠰᠤ ᠪᠠᠷᠠᠭᠰᠠᠨ) ᠮᠢᠨᠤ ᠪᠠᠭ᠎ᠠ ᠳᠤ ᠨᠠᠳᠠ ᠠᠷᠪᠢᠨ ᠠᠷᠪᠢᠨ ᠰᠠᠢ᠌ᠬᠠᠨ ᠥᠯᠢᠭᠡᠷ ᠳᠤᠭᠤᠵᠢ ᠭᠡᠯᠡᠵᠤ ᠥᠭ᠍ᠳᠡᠭ᠌ ᠪᠠᠢ᠌ᠭᠰᠠᠨ᠃ ᠠᠪᠣ ᠶᠢᠨ ᠮᠢᠨᠢ ᠭᠡᠯᠡᠭ᠍ᠰᠡᠨ ᠳᠠᠷᠠ ᠣᠯᠠᠨ ᠥᠯᠢᠭᠡᠷ ᠤᠳ ᠮᠢᠨᠤ ᠨᠢᠯᠬ᠎ᠠ ᠣᠶᠤᠨ ᠢ ᠨᠡᠭᠡᠭᠡᠭ᠍ᠳᠡᠭᠦᠯᠵᠤ᠂ ᠪᠢᠯᠢᠭ᠌ ᠤᠨ ᠭᠠᠯ ᠢ ᠴᠠᠭᠢᠵᠤ ᠦᠭ‍ᠭᠦᠭ᠍ᠰᠡᠨ ᠮᠦᠷᠳᠡᠭᠡᠨ ᠣᠷᠠᠨ ᠪᠦᠳᠦᠭᠡᠯ ᠤᠨ ᠵᠠᠮ ᠳᠤ ᠣᠷᠤᠬᠤ ᠳᠤ ᠣᠷᠮ᠎ᠠ ᠬᠠᠢ᠌ᠷᠠᠯᠠᠭᠰᠠᠨ ᠭᠡᠵᠤ ᠪᠢ ᠢᠳᠡᠭᠡᠵᠤ ᠪᠠᠢ᠌ᠨ᠎ᠠ᠃

ᠰᠤ᠋ ᠄ ᠵᠠ᠂ ᠳᠡᠭᠡᠭᠡᠳ ᠠᠪᠣ ᠡᠴᠡ ᠭᠠᠳᠠᠨ᠎ᠠ ᠪᠠᠰᠠ ᠠᠬ᠎ᠠ ᠳᠡᠭᠦᠤ ᠳᠤᠳᠤᠷ᠎ᠠ ᠳᠠᠨ ᠳᠤ ᠨᠥᠯᠦᠭᠡ ᠪᠣᠯᠤᠭᠰᠠᠨ ᠭᠦᠮᠤᠨ ᠪᠠᠢ᠌ᠨ᠎ᠠ ᠦᠦ ︖

ᠣ᠄ ᠮᠦᠨ ᠪᠠᠢ᠌ᠨ᠎ᠠ᠃ ᠮᠢᠨᠤ ᠭᠤᠷᠪᠠᠨ ᠡᠭᠡᠴᠢ ᠪᠠᠭ᠎ᠠ ᠡᠴᠡ ᠪᠠᠨ ᠮᠠᠯ ᠬᠠᠷ᠎ᠠ ᠳᠠᠭᠠᠭᠠᠤᠨ ᠪᠢᠴᠢᠭ᠌ ᠰᠤᠶᠤᠯ ᠤᠨ ᠮᠦᠷ ᠭᠦᠭᠡᠭᠡᠵᠤ ᠴᠢᠳᠠᠭ᠎ᠠ ᠦᠭᠡᠶ᠃ ᠮᠢᠨᠤ ᠭᠤᠷᠪᠠᠨ ᠠᠬ᠎ᠠ ᠪᠦᠷ ᠪᠢᠴᠢᠭ᠌ ᠰᠤᠶᠤᠯ ᠤᠨ ᠮᠦᠷ ᠭᠦᠭᠡᠭᠡᠵᠤ ᠪᠠᠭᠰᠢ ᠶᠢᠨ ᠰᠤᠷᠭᠠᠭᠤᠯᠢ᠂ ᠶᠡᠭᠡ ᠰᠤᠷᠭᠠᠭᠤᠯᠢ ᠳᠤ ᠡᠮᠤᠨ᠎ᠡ ᠬᠣᠢ᠌ᠨ᠎ᠡ ᠰᠤᠷᠤᠯᠴᠠᠵᠤ ᠥᠩᠭᠡᠷᠡᠪᠡ᠃ ᠡᠭᠦᠨ ᠳᠤ ᠮᠢᠨᠤ ᠬᠤᠶᠠᠳᠤᠭᠠᠷ ᠠᠬ᠎ᠠ ᠯ·ᠥᠰᠦᠷᠦᠩᠭᠦᠢ (ᠳᠠᠨᠠᠷ ᠳᠠᠨᠢᠵᠤ ᠮᠠᠳᠠᠨ᠎ᠡ᠂ ᠳᠤᠰᠬᠠᠢ ᠳᠡᠭᠡᠳᠤ ᠮᠤᠩᠭ᠋ᠤᠯ ᠤᠨ ᠠᠷᠠᠤᠨ ᠤᠨ ᠠᠮᠠᠨ ᠵᠤᠬᠢᠶᠠᠯ᠂ ᠵᠠᠩ ᠣᠢ᠌ᠯᠠ ᠶᠢ ᠰᠤᠳᠤᠯᠵᠤ ᠪᠣᠢ) ᠨᠠᠮ᠎ᠠ ᠶᠢ ᠠᠵᠢᠯ ᠣᠢ᠌ᠯᠠᠰ ᠤᠨ ᠳᠠᠯ᠎ᠠ ᠪᠠᠷ ᠵᠢᠯᠤᠭᠤᠳᠴᠤ᠂ ᠠᠷᠭ᠎ᠠ ᠣᠬᠠᠭᠠᠨ ᠵᠢᠭᠠᠵᠤ ᠦᠭ‍ᠭᠦᠭ᠍ᠰᠡᠨ᠃

ᠰᠤ᠋᠄ ᠵᠦᠪ ᠵᠦᠪ᠂ ᠯ·ᠥᠰᠦᠷᠦᠩᠭᠦᠢ ᠪᠠᠭᠰᠢ ᠶᠢᠨ ᠳᠤᠬᠠᠢ ᠪᠢ ᠰᠤᠨᠤᠰᠴᠤ ᠪᠠᠢ᠌ᠭᠰᠠᠨ᠃ ᠠᠯᠢ ᠨᠤᠳᠤᠭ ᠲᠤ ᠴᠤ ᠭᠡᠰᠡᠨ ᠦᠪᠡᠷ ᠤᠨ ᠦᠨᠳᠦᠰᠦᠳᠠᠨ᠂ ᠭᠡᠯᠡ ᠰᠤᠶᠤᠯ ᠳᠠᠭᠠᠨ ᠬᠠᠢ᠌ᠷᠠᠳᠠᠢ ᠭᠦᠮᠤᠨ ᠪᠠᠢ᠌ᠳᠠᠭ᠃ ᠪᠢᠳᠠ ᠴᠤ ᠡᠳᠡᠭᠡᠷ ᠭᠦᠮᠦᠰ ᠢ ᠳᠤᠰ ᠨᠡᠪᠳᠡᠷᠡᠭᠦᠯᠭᠡ ᠪᠠᠷ ᠶᠢᠡᠨ ᠳᠠᠮᠵᠢᠨ ᠰᠤᠷᠪᠣᠯᠵᠢᠯᠠᠨ ᠳᠠᠨᠢᠯᠴᠠᠭᠤᠯᠬᠤ ᠳᠤᠷᠠᠳᠠᠢ᠃ ᠢᠩᠭᠢᠭᠦ ᠨᠢ ᠴᠤ ᠪᠢᠳᠠᠨ ᠤ ᠡᠭᠦᠷᠭᠡ ᠬᠠᠷᠢᠭᠤᠴᠠᠯᠭ᠎ᠠ ᠭᠡᠮᠡᠨ ᠦᠷᠭᠦᠯᠵᠢ ᠪᠣᠳᠤᠵᠤ ᠶᠠᠪᠣᠳᠠᠭ ᠶᠤᠮ ᠳ᠋ᠠ ᠭᠡᠳ ᠢᠨᠢᠶᠡᠮᠰᠦᠭᠯᠡᠨ᠎ᠡ᠃

ᠣ᠄ ᠶᠠᠭ ᠳᠠᠭᠠᠷᠠᠨ᠎ᠠ᠂ ᠪᠢ ᠪᠠᠰᠠ ᠡᠨᠡ ᠣᠷᠤᠢ ᠠᠯᠤᠰ ᠤᠨ ᠣᠳᠠᠰᠤ ᠪᠠᠷ ᠳᠠᠨᠠᠷ ᠤᠨ ᠰᠤᠷᠪᠣᠯᠵᠢᠯᠭ᠎ᠠ ᠶᠢ ᠭᠦᠯᠢᠶᠡᠭ᠍ᠰᠡᠨ ᠳᠡᠭᠡᠨ ᠰᠡᠳᠭᠢᠯ ᠮᠠᠰᠢ ᠦᠨᠳᠦᠷ ᠪᠠᠢ᠌ᠨ᠎ᠠ᠃ ᠳᠡᠭᠡᠭᠡᠳ ᠮᠤᠩᠭ᠋ᠤᠯ ᠰᠤᠶᠤᠯ ᠤᠨ ᠬᠠᠮᠢᠶᠠᠳᠠᠢ ᠰᠠᠢ᠌ᠬᠠᠨ ᠰᠠᠢ᠌ᠬᠠᠨ ᠰᠤᠷᠠᠭ ᠴᠢᠮᠡᠭᠡ ᠶᠢ ᠠᠭᠠᠷ ᠤᠨ ᠳᠤᠯᠭᠢᠶᠠᠨ ᠶᠢᠡᠷ ᠰᠠᠴᠤᠵᠤ᠂ ᠰᠤᠨᠤᠰᠤᠭᠴᠢ ᠲᠦᠮᠡᠨ ᠳᠡᠭᠡᠨ ᠣᠶᠤᠨ ᠤ ᠭᠦᠷᠳᠡᠭᠡᠯ ᠪᠣᠯᠭᠠᠨ ᠪᠠᠢ᠌ᠭ᠎ᠠ ᠳᠠᠨᠠᠷ ᠲᠤ ᠮᠦᠷᠭᠦᠨ ᠳᠠᠯᠠᠷᠬᠠᠵᠤ ᠪᠠᠢ᠌ᠨ᠎ᠠ᠃

ᠰᠤ᠋᠄ ᠵᠠ ᠪᠠᠶᠠᠷᠯᠠᠯ᠎ᠠ᠂ ᠪᠢᠳᠠ ᠶᠠᠷᠢᠯᠴᠠᠯᠭ᠎ᠠ ᠪᠠᠨ ᠦᠷᠭᠦᠯᠵᠢᠯᠡᠭᠦᠯᠦᠶ᠎ᠡ᠃ ᠳᠠ ᠦᠪᠡᠷ ᠤᠨ ᠪᠠᠭ᠎ᠠ ᠨᠠᠰᠤ ᠪᠠᠨ ᠶᠠᠭ ᠨᠤᠳᠤᠭ ᠲᠠᠭᠠᠨ ᠥᠩᠭᠡᠷᠡᠭᠦᠯᠦᠭ᠍ᠰᠡᠨ ᠦᠦ ︖

ᠣ᠄ ᠳᠠᠢ᠌ᠮᠤ ᠡ᠂ ᠪᠢ ᠪᠠᠭ᠎ᠠ ᠨᠠᠰᠤ ᠪᠠᠨ ᠪᠦᠷ ᠨᠤᠳᠤᠭ ᠲᠠᠭᠠᠨ ᠥᠩᠭᠡᠷᠡᠭᠦᠯᠵᠡᠢ᠃

ᠰᠤ᠋᠄ ᠳᠠ 9 ᠨᠠᠰᠤᠨ ᠡᠴᠡ ᠪᠠᠨ ᠡᠭᠢᠯᠡᠨ ᠪᠠᠭ᠎ᠠ ᠰᠤᠷᠭᠠᠭᠤᠯᠢ ᠳᠤ ᠰᠠᠭᠤᠯ᠎ᠠ ᠭᠡᠰᠡᠨ᠂ ᠳᠠᠷᠠ ᠦᠶᠡᠰ ᠳᠠᠨ ᠤ ᠳᠤᠰᠬᠤᠨ ᠳᠤ ᠪᠠᠰᠠ ᠪᠠᠭ᠎ᠠ ᠰᠤᠷᠭᠠᠭᠤᠯᠢ ᠪᠠᠢ᠌ᠭᠰᠠᠨ ᠶᠤᠮ ᠪᠠᠢ᠌ᠨ᠎ᠠ᠃

ᠣ᠄ ᠪᠠᠢ᠌ᠭᠰᠠᠨ ᠪᠠᠢ᠌ᠭᠰᠠᠨ᠃ ᠳᠠᠷᠤᠢ ᠪᠦᠯᠡᠩᠭᠡᠷ ᠤᠨ ᠪᠠᠭ᠎ᠠ ᠰᠤᠷᠭᠠᠭᠤᠯᠢ ᠭᠡᠵᠤ ᠪᠠᠢ᠌ᠵᠠᠢ᠃

ᠰᠤ᠋᠄ ᠳᠠᠷᠠ ᠦᠶ᠎ᠡ ᠳᠤ ᠪᠢᠴᠢᠭ᠌ ᠥᠵᠡᠳᠡᠭ᠌ ᠬᠡᠦᠬᠡᠳ ᠤᠳ ᠣᠯᠠᠨ ᠪᠠᠢ᠌ᠭᠰᠠᠨ ᠶᠤᠮ ᠪᠣᠯ ᠦᠦ ︖

ᠣ᠄ ᠮᠦᠨ ᠨᠠᠯᠢᠶᠠᠤᠨ ᠪᠠᠢ᠌ᠭᠰᠠᠨ᠂ ᠳᠠᠷᠠ ᠦᠶᠡᠰ ᠪᠦᠯᠡᠩᠭᠡᠷ ᠤᠨ ᠪᠠᠭ᠎ᠠ ᠰᠤᠷᠭᠠᠭᠤᠯᠢ ᠳᠤ ᠪᠢᠴᠢᠭ᠌ ᠦᠵᠡᠵᠤ ᠪᠠᠢ᠌ᠭᠰᠠᠨ ᠬᠡᠦᠬᠡᠳ ᠪᠠᠷᠤᠭ ᠵᠠᠭᠤ ᠭᠠᠷᠴᠤ ᠪᠠᠢ᠌ᠵᠠᠢ᠃ ᠳᠦᠷᠪᠠ ᠳᠠᠪᠤᠨ ᠵᠠᠭᠤᠨ ᠭᠦᠮᠤᠨ ᠠᠮᠠ ᠲᠡᠶ ᠳᠤᠰᠬᠤᠨ ᠳᠠᠭᠠᠨ ᠭᠡᠯᠡᠭᠦ ᠳᠤ ᠪᠠᠭ᠎ᠠ ᠦᠭᠡᠶ ᠳᠤᠭ᠎ᠠ ᠡ᠃

ᠰᠤ᠋᠄ ᠮᠦᠨ ᠮᠦᠨ᠂ ᠳᠠ ᠪᠠᠭ᠎ᠠ ᠰᠤᠷᠭᠠᠭᠤᠯᠢ ᠪᠠᠨ ᠳᠡᠭᠦᠰᠭᠡᠭᠡᠳ ᠬᠤᠵᠢᠮ ᠨᠢ ᠬᠠᠮᠢᠭᠠᠭᠤᠷ ᠶᠠᠪᠣᠵᠤ ᠪᠢᠴᠢᠭ᠌ ᠰᠤᠶᠤᠯ ᠤᠨ ᠮᠦᠷ ᠭᠦᠭᠡᠭᠡᠭ᠍ᠰᠡᠨ ᠶᠤᠮ ᠪᠣᠯ ︖

ᠣ᠄ ᠪᠢ ᠪᠠᠭ᠎ᠠ ᠰᠤᠷᠭᠠᠭᠤᠯᠢ ᠪᠠᠨ ᠳᠡᠭᠦᠰᠦᠭᠡᠳ ᠮᠦᠨ ᠣᠳᠤ ᠶᠢᠨ ᠪᠠᠭᠰᠢᠯᠠᠵᠤ ᠪᠠᠢ᠌ᠭ᠎ᠠ ᠡᠨᠡ ᠳᠤᠮᠳᠠᠳᠤ ᠰᠤᠷᠭᠠᠭᠤᠯᠢ ᠳᠤ ᠢᠷᠠᠵᠤ ᠰᠤᠷᠤᠯᠴᠠᠵᠠᠢ᠃ ᠡ᠊ᠨᠳᠡ ᠡᠴᠡ ᠪᠠᠨ ᠰᠢᠭᠤᠳ ᠪᠠᠭᠰᠢ ᠶᠢᠨ ᠰᠤᠷᠭᠠᠭᠤᠯᠢ ᠳᠤ ᠰᠢᠯᠭᠠᠭᠳᠠᠨ ᠣᠷᠤᠵᠤ ᠰᠤᠷᠤᠯᠴᠠᠭᠰᠠᠨ ᠪᠦᠭᠡᠳ ᠠᠵᠢᠯ ᠤᠨ ᠪᠠᠢ᠌ᠷᠢᠨ ᠳᠤ ᠭᠠᠷᠤᠭᠰᠠᠨ ᠣᠬᠠᠭᠠᠨ ᠲᠡᠶ᠃

ᠰᠤ᠋᠄ ᠵᠠ᠂ ᠰᠠᠶ‍ᠢ ᠶᠢᠨ ᠳᠠᠨ ᠤ ᠶᠠᠷᠢᠶᠠᠨ ᠡᠴᠡ ᠰᠤᠨᠤᠰᠤᠭᠴᠢᠳ ᠮᠠᠨᠢ ᠪᠠᠭ᠎ᠠ ᠦᠭᠡᠶ ᠵᠣᠢ᠌ᠯ ᠢ ᠣᠢ᠌ᠯᠠᠭᠠᠭᠰᠠᠨ ᠪᠠᠢ᠌ᠬ᠎ᠠ ᠭᠡᠮᠡᠨ ᠰᠠᠨᠠᠵᠤ ᠪᠠᠢ᠌ᠨ᠎ᠠ᠃ ᠴᠠᠰᠢ ᠨᠢ ᠪᠢᠳᠠ ᠳᠠᠨ ᠤ ᠣᠷᠠᠨ ᠪᠦᠳᠦᠭᠡᠯ ᠤᠨ ᠳᠤᠬᠠᠢ ᠲᠡᠶ ᠶᠠᠷᠢᠯᠴᠠᠯᠭ᠎ᠠ ᠪᠠᠨ ᠦᠷᠭᠦᠯᠵᠢᠯᠡᠭᠦᠯᠦᠶ᠎ᠡ᠃ ᠳᠠ ᠪᠣᠯ ᠵᠤᠬᠢᠶᠠᠯᠴᠢ ᠭᠦᠮᠤᠨ᠂ ᠨᠥᠭᠦᠭᠡ ᠳᠠᠯ᠎ᠠ ᠪᠠᠷ ᠪᠠᠭᠰᠢ ᠭᠦᠮᠤᠨ᠃ ᠪᠠᠭᠰᠢ ᠶᠢᠨ ᠠᠵᠢᠯ ᠤᠨ ᠳᠤᠬᠠᠢ ᠲᠡᠶ ᠳᠠ ᠨᠢᠭᠡᠨᠲᠡ ᠳᠡᠭᠡᠷ᠎ᠡ ᠶᠠᠷᠢᠭᠠᠤᠨ ᠥᠩᠭᠡᠷᠡᠭ᠍ᠰᠡᠨ᠃ ᠳᠡᠭᠡᠪᠠᠯ ᠳᠠ ᠭᠡᠵᠢᠶ᠎ᠡ ᠡᠴᠡ ᠡᠭᠢᠯᠡᠵᠤ ᠣᠷᠠᠨ ᠵᠤᠬᠢᠶᠠᠯ ᠣᠷᠤᠯᠳᠤᠭᠰᠠᠨ ᠶᠤᠮ ᠪᠣᠯ ᠭᠡᠵᠤ ᠶᠡᠭᠡ ᠰᠤᠨᠢᠷᠬᠠᠵᠤ ᠪᠠᠢ᠌ᠨ᠎ᠠ᠃

ᠣ᠄ ᠪᠢ ᠪᠠᠭ᠎ᠠ ᠳᠤᠮᠳᠠᠳᠤ ᠰᠤᠷᠭᠠᠭᠤᠯᠢ ᠳᠤ ᠪᠠᠢ᠌ᠬᠤ ᠳᠠᠭᠠᠨ ᠪᠠᠭ᠎ᠠ ᠰᠠᠭ᠎ᠠ ᠰᠢᠯᠦᠭ᠌ ᠵᠤᠬᠢᠶᠠᠯ ᠪᠢᠴᠢᠭᠡᠳ ᠠᠩᠭᠢ ᠶᠢᠨ ᠶᠢᠡᠨ ᠰᠠᠮᠪᠠᠷ᠎ᠠ ᠶᠢᠨ ᠰᠤᠨᠢᠨ᠂ ᠬᠠᠨ᠎ᠠ ᠶᠢᠨ ᠰᠤᠨᠢᠨ ᠳᠤ ᠨᠠᠢ᠌ᠳᠠᠯᠠᠵᠤ ᠪᠠᠢ᠌ᠭᠰᠠᠨ᠃ ᠪᠠᠭᠰᠢ ᠶᠢᠨ ᠰᠤᠷᠭᠠᠭᠤᠯᠢ ᠳᠤ ᠳᠠᠪᠰᠢᠨ ᠣᠷᠤᠭᠠᠤᠨ ᠮᠡᠳᠡᠯᠭᠡ ᠣᠬᠠᠭᠠᠨ ᠨᠡᠮᠡᠭ᠍ᠳᠡᠭᠦ ᠶᠢᠨ ᠬᠠᠷᠠᠭ᠎ᠠ ᠪᠠᠷ ᠪᠢᠴᠢᠭᠦ ᠴᠢᠳᠠᠪᠣᠷᠢ ᠴᠤ ᠵᠤᠭᠢᠬᠤ ᠭᠡᠮᠵᠢᠶ᠎ᠡ ᠪᠠᠷ ᠳᠡᠭᠡᠭ᠍ᠰᠢᠯᠡᠵᠤ᠂ 1987 ᠣᠨ ᠳᠤ 《ᠵᠡᠭᠦᠳᠤᠨ ᠳᠤᠳᠤᠷᠠᠭᠢ ᠡᠵᠢ ᠮᠢᠨᠢ》 ᠭᠡᠮᠡᠭᠦ ᠣᠬᠤᠷ ᠨᠠᠢ᠌ᠷᠠᠭᠤᠯᠤᠯ ᠶᠢᠡᠨ ᠨᠤᠳᠤᠭ ᠤᠨ ᠰᠤᠨᠢᠨ ᠳᠡᠭᠡᠷ᠎ᠡ ᠨᠡᠢ᠌ᠳᠡᠯᠡᠭᠦᠯᠦᠭ᠍ᠰᠡᠨ ᠡᠴᠡ ᠡᠭᠢᠯᠡᠭᠡᠳ ᠣᠷᠠᠨ ᠵᠤᠬᠢᠶᠠᠯ ᠤᠨ ᠵᠢᠩᠭᠢᠨᠢ ᠠᠶᠠᠨ ᠳᠠᠭᠠᠨ ᠣᠷᠤᠭᠰᠠᠨ ᠭᠡᠮᠡᠨ ᠦᠵᠡᠵᠤ ᠪᠠᠢ᠌ᠨ᠎ᠠ᠃

ᠰᠤ᠋᠄ ᠵᠠ ᠶᠠᠷᠤᠨᠢ ᠭᠦᠮᠤᠨ ᠤ ᠨᠢᠭᠡ ᠨᠠᠰᠤᠨ ᠳᠤ ᠬᠠᠮᠤᠭ ᠤᠨ ᠣᠯᠠᠨ ᠠᠩᠬᠠᠨ ᠨᠤᠭᠤᠳ ᠪᠠᠢ᠌ᠳᠠᠭ᠃ ᠳᠠᠷᠠ ᠨᠢ ᠭᠦᠮᠤᠨ ᠤ ᠰᠡᠳᠭᠢᠯ ᠳᠤ ᠬᠠᠮᠤᠭ ᠤᠨ ᠢᠯᠡᠭᠦᠤ ᠭᠦᠨ ᠰᠠᠭᠤᠭᠳᠠᠯ ᠳᠤᠷᠠᠰᠤᠮᠵᠢ ᠥᠯᠡᠳᠡᠭᠡᠳᠡᠭ᠌᠃ ᠳᠠᠢ᠌ᠮᠤ ᠡ ︖ ᠳᠠᠨ ᠤ ᠣᠷᠠᠨ ᠪᠦᠳᠦᠭᠡᠯ ᠤᠨ ᠬᠤᠪᠢ ᠳᠤ ᠡᠨᠡ 《ᠵᠡᠭᠦᠳᠤᠨ ᠳᠤᠳᠤᠷᠠᠭᠢ ᠡᠵᠢ ᠮᠢᠨᠢ》 ᠭᠡᠮᠡᠭᠦ ᠣᠬᠤᠷ ᠨᠠᠢ᠌ᠷᠠᠭᠤᠯᠤᠯ ᠳᠠᠨᠢ ᠬᠠᠮᠤᠭ ᠤᠨ ᠭᠦᠨ ᠳᠤᠷᠠᠳᠬᠠᠯ ᠲᠡᠶ ᠵᠣᠢ᠌ᠯ ᠪᠠᠢ᠌ᠬ᠎ᠠ ᠭᠡᠵᠤ ᠪᠣᠳᠤᠵᠤ ᠪᠠᠢ᠌ᠨ᠎ᠠ᠃

ᠣ᠄ ᠳᠠᠢ᠌ᠮᠤ ᠳᠠᠢ᠌ᠮᠤ᠂ ᠡᠨᠡ ᠨᠠᠢ᠌ᠷᠠᠭᠤᠯᠤᠯ ᠶᠢᠡᠨ ᠪᠢ ᠡᠷᠳᠡ ᠬᠠᠯᠢᠭᠰᠠᠨ ᠡᠵᠢ ᠪᠠᠨ ᠳᠤᠷᠠᠰᠤᠭᠠᠤᠨ ᠪᠢᠴᠢᠭ᠍ᠰᠡᠨ᠃ ᠳᠡᠭᠡᠭᠡᠳ ᠳᠤᠰ ᠨᠠᠢ᠌ᠷᠠᠭᠤᠯᠤᠯ᠂ ᠮᠢᠨᠤ ᠣᠷᠠᠨ ᠪᠦᠳᠦᠭᠡᠯ ᠤᠨ ᠠᠩᠬᠠᠨ ᠤ ᠠᠶᠠᠨ ᠤ ᠵᠠᠮ ᠢ ᠳᠠᠪᠢᠰᠴᠤ ᠦᠭ‍ᠭᠦᠭ᠍ᠰᠡᠨ ᠣᠴᠢᠷ ᠡᠴᠡ ᠪᠢ ᠡᠭᠦᠨ ᠵᠢᠠᠨ ᠬᠠᠮᠤᠭ ᠳᠤᠭᠤᠳᠠᠭ᠃

ᠰᠤ᠋᠄ ᠳᠠ ᠡᠭᠢᠯᠡᠵᠤ ᠣᠷᠠᠨ ᠪᠦᠳᠦᠭᠡᠯ ᠣᠷᠤᠯᠳᠤᠵᠤ ᠪᠠᠢ᠌ᠬᠤ ᠳᠠᠭᠠᠨ ᠰᠢᠯᠦᠭ᠌ ᠪᠣᠯᠤᠨ ᠨᠠᠢ᠌ᠷᠠᠭᠤᠯᠤᠯ ᠤᠨ ᠠᠯᠢ ᠶᠢ ᠨᠢ ᠢᠯᠡᠭᠦᠤ ᠪᠢᠴᠢᠳᠡᠭ᠌ ᠪᠠᠢ᠌ᠭᠰᠠᠨ ᠶᠤᠮ ᠪᠣᠯ ︖

ᠣ᠄ ᠪᠢ ᠰᠢᠯᠦᠭ᠌ ᠢᠯᠡᠭᠦᠤ ᠪᠢᠴᠢᠳᠡᠭ᠌ ᠪᠠᠢ᠌ᠭᠰᠠᠨ᠃ ᠪᠠᠭᠰᠢ ᠶᠢᠨ ᠳᠠᠰᠬᠠᠯ ᠢ ᠪᠦᠷ ᠰᠢᠯᠦᠭ᠌ ᠶᠢᠡᠷ ᠯᠠ ᠳᠦᠭᠦᠷᠭᠡᠳᠡᠭ᠌ ᠪᠠᠢ᠌ᠵᠠᠢ᠃ ᠬᠨ ᠬᠨ᠂

ᠰᠤ᠋᠄ ᠭᠢ ᠭᠢ᠂ ᠬᠠᠮᠤᠭ ᠤᠨ ᠠᠩᠬ᠎ᠠ ᠪᠢᠴᠢᠭ᠍ᠰᠡᠨ ᠰᠢᠯᠦᠭ᠌ ᠤᠨ ᠶᠢᠡᠨ ᠳᠤᠬᠠᠢ ᠴᠡᠭᠡᠵᠢᠯᠡᠵᠤ ᠪᠠᠢ᠌ᠨ᠎ᠠ ᠦᠦ ︖

ᠣ᠄ ᠬᠠᠢ ᠣᠳᠤ ᠶᠠᠮᠠᠷ᠂ ᠮᠠᠷᠳᠠᠭᠠᠤᠨ ᠭᠦᠭᠡᠭᠡᠴᠢᠭᠡᠵᠡᠢ᠃ ᠳᠠᠷᠠ ᠦᠶᠡᠰ ᠣᠬᠠᠮᠰᠠᠷ ᠡᠴᠡ ᠪᠠᠨ ᠨᠢᠭᠡ ᠶᠠᠠᠭᠤᠮ᠎ᠠ ᠪᠢᠴᠢᠪᠠᠯ ᠬᠠᠷᠢᠨ ᠭᠠᠢ᠌ᠬᠠᠮᠠᠷ ᠣᠴᠢᠷ᠃ ᠨᠠᠢ᠌ᠳᠠᠯᠠᠨ᠎ᠡ᠂ ᠬᠠᠳᠠᠭᠠᠯᠠᠨ᠎ᠠ ᠭᠡᠳ ᠪᠠᠢ᠌ᠬᠤ ᠦᠭᠡᠶ᠃ ᠪᠢᠴᠢᠭᠡᠳ ᠪᠠᠷᠠᠪᠠᠯ ᠬᠠᠶᠠᠴᠢᠬᠠᠭᠠᠤᠨ ᠭᠦᠶ‍ᠦᠵᠤ ᠪᠠᠢ᠌ᠭᠰᠠᠨ ᠴᠠᠭ ᠡ᠃

ᠰᠤ᠋᠄ ᠳᠠ ᠪᠠᠭ᠎ᠠ ᠡᠴᠡ ᠪᠠᠨ ᠡᠭᠢᠯᠡᠭᠡᠳ ᠣᠷᠠᠨ ᠵᠤᠬᠢᠶᠠᠯ ᠳᠤ ᠳᠤᠷ᠎ᠠ ᠪᠠᠬᠠᠳᠠᠢ ᠪᠠᠢ᠌ᠭᠰᠠᠨ ᠶᠤᠮ ᠪᠠᠢ᠌ᠨ᠎ᠠ᠃ ᠶᠠᠭᠠᠭᠢᠭᠠᠤᠨ ᠣᠷᠠᠨ ᠵᠤᠬᠢᠶᠠᠯ ᠳᠤ ᠡᠢ᠌ᠮᠤ ᠪᠠᠬᠠᠳᠠᠢ ᠪᠣᠯᠤᠭᠰᠠᠨ ᠶᠤᠮ ᠪᠣᠯ ᠡ ᠳᠠ ︖

ᠣ᠄ ᠶᠠᠭᠠᠭᠢᠭᠠᠤᠨ ᠪᠠᠬᠠᠳᠠᠢ ᠪᠣᠯᠤᠭᠰᠠᠨ ᠶᠢᠡᠨ ᠪᠢ ᠦᠪᠡᠷ ᠶᠢᠡᠨ ᠪᠠᠰᠠ ᠰᠠᠢ᠌ᠨ ᠮᠡᠳᠡᠭᠦ ᠦᠭᠡᠶ ᠪᠠᠢ᠌ᠨ᠎ᠠ᠃ ᠪᠢᠴᠢᠭ᠍ᠰᠡᠭᠡᠷ ᠣᠷᠤᠯᠳᠤᠭᠰᠠᠭᠠᠷ ᠪᠠᠢ᠌ᠭᠠᠤᠨ ᠨᠢᠭᠡ ᠮᠡᠳᠡᠭᠦ ᠳᠤ ᠪᠠᠬᠠᠳᠠᠢ ᠬᠠᠢ᠌ᠷᠠᠳᠠᠢ ᠪᠣᠯᠴᠢᠭᠭᠰᠠᠨ ᠶᠠᠪᠣᠵᠤ ᠪᠠᠢ᠌ᠳᠠᠭ᠃

ᠰᠤ᠋᠄ ᠪᠠᠭ᠎ᠠ ᠪᠠᠢ᠌ᠬᠤ ᠳᠠᠭᠠᠨ ᠦᠪᠡᠷ ᠢ ᠪᠠᠨ ᠠᠯᠢ ᠨᠢᠭᠡᠨ ᠡᠳᠦᠷ ᠳᠤᠮᠤ ᠪᠣᠯᠤᠭᠠᠤᠨ ᠵᠤᠬᠢᠶᠠᠯᠴᠢ ᠪᠣᠯᠤᠨ᠎ᠡ ᠭᠡᠵᠤ ᠪᠣᠳᠤᠳᠠᠭ ᠪᠠᠢ᠌ᠪᠠ ᠦᠦ ︖

ᠣ᠄ ᠦᠭᠡᠶ ᠦᠭᠡᠶ᠂ ᠵᠥᠪᠭᠡᠨ ᠳᠤᠷ᠎ᠠ ᠰᠤᠨᠢᠷᠬᠠᠯ ᠡᠴᠡ ᠪᠠᠨ ᠪᠣᠯᠤᠭᠠᠤᠨ ᠰᠢᠯᠦᠭ᠌ ᠵᠤᠬᠢᠶᠠᠯ ᠣᠷᠤᠯᠳᠤᠳᠠᠭ ᠪᠠᠢ᠌ᠭᠰᠠᠨ ᠡᠴᠡ ᠪᠢᠰᠢ᠂ ᠬᠤᠵᠢᠮ ᠤᠨ ᠶᠢᠡᠨ ᠳᠤᠬᠠᠢ ᠲᠡᠶ ᠳᠠᠷᠠ ᠦᠶ᠎ᠡ ᠳᠤ ᠶᠠᠭᠤ ᠴᠤ ᠪᠣᠳᠤᠭ᠎ᠠ ᠦᠭᠡᠶ᠃

ᠰᠤ᠋᠄ ᠳᠠ ᠠᠩᠬ᠎ᠠ ᠣᠷᠠᠨ ᠪᠦᠳᠦᠭᠡᠯ ᠣᠷᠤᠯᠳᠤᠵᠤ ᠪᠠᠢ᠌ᠬᠤ ᠳᠠᠭᠠᠨ ᠶᠠᠮᠠᠷ ᠵᠤᠬᠢᠶᠠᠯ ᠢ ᠪᠠᠬᠠᠷᠬᠠᠨ ᠥᠵᠡᠳᠡᠭ᠌ ᠪᠠᠢ᠌ᠭᠰᠠᠨ ᠪᠣᠯ ︖ ᠪᠠᠰᠠ ᠠᠯᠢ ᠵᠤᠬᠢᠶᠠᠯᠴᠢ ᠶᠢ ᠢᠯᠡᠭᠦᠤ ᠪᠢᠰᠢᠷᠠᠨ ᠰᠢᠳᠦᠳᠡᠭ᠌ ᠪᠠᠢ᠌ᠭᠰᠠᠨ ᠪᠣᠯ ︖

ᠣ᠄ ᠪᠢ ᠥᠯᠢᠭᠡᠷ ᠤᠨ ᠨᠤᠮ ᠢ ᠣᠯᠳᠠᠭᠰᠠᠨ ᠭᠢᠷᠢ ᠪᠠᠷ ᠨᠢ ᠪᠠᠬᠠᠷᠬᠠᠨ ᠥᠵᠡᠳᠡᠭ᠌ ᠪᠠᠢ᠌ᠭᠰᠠᠨ᠃ ᠠᠩᠬ᠎ᠠ ᠳᠤᠮᠳᠠᠳᠤ ᠳᠤ ᠪᠠᠢ᠌ᠬᠤ ᠳᠠᠭᠠᠨ ᠴ·ᠯᠤᠳᠣᠢ᠌ᠳᠠᠮᠪᠠ ᠶᠢᠨ ᠪᠢᠴᠢᠭ᠍ᠰᠡᠨ 《ᠳᠤᠩᠭ᠋ᠠᠯᠠᠭ ᠳᠠᠮᠢᠷ》 ᠊ᠢ ᠭᠦᠮᠤᠨ ᠡᠴᠡ ᠵᠢᠭᠡᠯᠡᠨ ᠦᠵᠡᠵᠠᠢ᠃ ᠮᠢᠨᠤ ᠬᠤᠪᠢ ᠳᠤ ᠬᠠᠮᠤᠭ ᠤᠨ ᠰᠠᠢ᠌ᠬᠠᠨ ᠰᠠᠭᠤᠭᠳᠠᠯ ᠦᠭ‍ᠭᠦᠭ᠍ᠰᠡᠨ ᠵᠤᠬᠢᠶᠠᠯ ᠡᠨᠡ᠂ ᠮᠦᠨᠴᠤ ᠮᠢᠨᠤ ᠬᠠᠮᠤᠭ ᠤᠨ ᠪᠢᠰᠢᠷᠠᠨ ᠰᠢᠳᠦᠳᠡᠭ᠌ ᠵᠤᠬᠢᠶᠠᠯ ᠪᠣᠯᠤᠨ ᠵᠤᠬᠢᠶᠠᠯᠴᠢ ᠴᠤ ᠡᠨᠡ᠃ ᠣᠳᠤ ᠴᠤ ᠭᠡᠰᠡᠨ ᠣᠩᠰᠢᠭᠰᠠᠭᠠᠷ ᠪᠠᠢ᠌ᠨ᠎ᠠ᠂ ᠵᠠᠭᠤ ᠳᠠᠭᠢᠨ ᠣᠩᠰᠢᠭᠰᠠᠨ ᠴᠤ ᠬᠠᠯᠠᠰᠢᠷᠠᠮᠠᠷ ᠦᠭᠡᠶ ᠰᠠᠢ᠌ᠬᠠᠨ ᠨᠤᠮ ᠡ᠃

ᠰᠤ᠋᠄ ᠪᠠᠢ᠌ᠳᠠᠯ ᠡᠴᠡ ᠥᠵᠡᠭᠦ ᠳᠤ ᠪᠠᠭᠰᠢ ᠶᠢᠨ ᠰᠤᠷᠭᠠᠭᠤᠯᠢ ᠳᠤ ᠣᠷᠤᠭᠠᠤᠨ ᠳᠠ ᠣᠷᠠᠨ ᠵᠤᠬᠢᠶᠠᠯ ᠳᠤ ᠨᠠᠩ ᠢᠯᠡᠭᠦᠤ ᠣᠷᠮ᠎ᠠ ᠪᠠᠬᠠᠳᠠᠢ ᠪᠣᠯᠤᠭᠰᠠᠨ ᠶᠤᠮ ᠪᠠᠢ᠌ᠨ᠎ᠠ᠃ ᠳᠠᠢ᠌ᠮᠤ ᠡ ︖ ᠳᠡᠭᠡᠪᠠᠯ ᠳᠠᠨ ᠤ ᠠᠩᠭᠢ ᠳᠤ ᠪᠠᠰᠠ ᠳᠠᠨ ᠲᠡᠶ ᠠᠳᠠᠯᠢ ᠣᠷᠠᠨ ᠵᠤᠬᠢᠶᠠᠯ ᠳᠤ ᠳᠤᠷ᠎ᠠ ᠪᠠᠬᠠᠳᠠᠢ ᠬᠠᠮᠳᠤ ᠰᠤᠷᠤᠯᠭᠠᠳᠠᠨ ᠪᠠᠢ᠌ᠭᠰᠠᠨ ᠦᠦ ︖

ᠣ᠄ ᠪᠠᠢ᠌ᠭᠰᠠᠨ ᠪᠠᠢ᠌ᠭᠰᠠᠨ᠃ ᠨᠡᠷᠡᠡᠵᠥ᠋ᠭ᠌᠂ ᠳ᠋·ᠬᠠᠳᠠᠭᠤ᠂ ᠸ·ᠦᠯᠵᠡᠢ ᠭᠡᠳ ᠣᠷᠠᠨ ᠵᠤᠬᠢᠶᠠᠯ ᠳᠤ ᠳᠤᠷ᠎ᠠ ᠪᠠᠬᠠᠳᠠᠢ ᠮᠦᠷᠳᠡᠭᠡᠨ ᠠᠪᠢᠶᠠᠰᠯᠢᠭ ᠵᠠᠯᠠᠭᠤᠰ ᠪᠠᠢ᠌ᠵᠠᠢ᠃ ᠡᠳᠡᠨᠡᠷ ᠣᠳᠤ ᠴᠤ ᠭᠡᠳ ᠪᠢᠷ ᠶᠢᠡᠨ ᠳᠠᠯᠪᠢᠯ ᠦᠭᠡᠶ ᠵᠤᠬᠢᠶᠠᠯ ᠶᠠᠭᠤᠮ᠎ᠠ ᠣᠷᠤᠯᠳᠤᠵᠤ ᠪᠠᠢ᠌ᠬᠤ ᠪᠠᠷ ᠪᠠᠷᠠᠬᠤ ᠦᠭᠡᠶ ᠮᠦᠨ ᠵᠤᠭᠢᠬᠤ ᠠᠮᠵᠢᠯᠳᠠ ᠲᠡᠶ ᠶᠠᠪᠣᠵᠠᠭᠠᠵᠤ ᠪᠣᠢ᠃

ᠰᠤ᠋᠄ ᠵᠠ ᠵᠠ᠂ ᠣᠯᠠᠨ ᠰᠠᠢ᠌ᠬᠠᠨ ᠣᠢ᠌ᠯᠠᠰ ᠭᠦᠰᠡᠯ ᠨᠢᠭᠡᠳᠡᠢ ᠬᠠᠮᠳᠤ ᠰᠤᠷᠤᠯᠭᠠᠳᠠᠨ ᠲᠡᠶ ᠶᠤᠮ ᠪᠠᠢ᠌ᠨ᠎ᠠ᠃ ᠳᠠ ᠳᠡᠭᠡᠭᠡᠳ ᠠᠩᠬᠠᠨ ᠤ ᠪᠦᠳᠦᠭᠡᠯ ᠶᠢᠡᠨ ᠨᠡᠢ᠌ᠳᠡᠯᠡᠭᠦᠯᠦᠭ᠍ᠰᠡᠨ ᠡᠴᠡ ᠡᠭᠢᠯᠡᠵᠤ ᠪᠣᠳᠤᠪᠠᠯ ᠣᠷᠠᠨ ᠪᠦᠳᠦᠭᠡᠯ ᠣᠷᠤᠯᠳᠤᠭᠠᠤᠨ ᠨᠠᠯᠢᠶᠠᠤᠨ ᠣᠯᠠᠨ ᠵᠢᠯ ᠪᠣᠯᠴᠢᠬᠠᠭᠰᠠᠨ᠃ ᠣᠳᠤ ᠳᠠᠨ ᠢ ᠣᠷᠠᠨ ᠵᠤᠬᠢᠶᠠᠯ ᠤᠨ ᠳᠠᠯ᠎ᠠ ᠪᠠᠷ ᠨᠠᠯᠢᠶᠠᠤᠨ ᠰᠠᠭᠤᠷᠢ ᠲᠡᠶ᠂ ᠳᠤᠷᠰᠢᠯᠭ᠎ᠠ ᠲᠡᠶ ᠪᠣᠯᠤᠭᠰᠠᠨ ᠭᠡᠵᠤ ᠭᠡᠯᠡᠵᠤ ᠪᠣᠯᠤᠨ᠎ᠠ ᠪᠠ ︖

ᠣ᠄ ᠪᠢ ᠠᠩᠬᠠᠨ ᠤ ᠪᠦᠳᠦᠭᠡᠯ ᠶᠢᠡᠨ ᠨᠡᠢ᠌ᠳᠡᠯᠡᠭᠦᠯᠦᠭᠡᠳ ᠬᠤᠷᠢᠨ ᠭᠡᠳᠦᠢ ᠵᠢᠯ ᠪᠣᠯᠵᠤ ᠪᠠᠢ᠌ᠨ᠎ᠠ᠃ ᠶᠤᠰᠤᠨ ᠳᠠᠭᠠᠨ ᠪᠣᠯᠪᠠᠯ ᠵᠤᠭᠢᠬᠤ ᠠᠮᠵᠢᠯᠳᠠ ᠲᠡᠶ ᠭᠢᠯᠠᠷᠠᠵᠤ ᠪᠠᠢ᠌ᠪᠠᠯ ᠳᠠᠭᠠᠷᠠᠨ᠎ᠠ᠃ ᠭᠡᠳᠡᠯ᠎ᠡ ᠪᠢ ᠠᠵᠢᠯ ᠤᠨ ᠪᠠᠢ᠌ᠷᠢᠨ ᠳᠤ ᠭᠠᠷᠤᠭᠠᠤᠨ ᠭᠡᠳᠤᠨ ᠵᠢᠯ ᠢ ᠨᠠᠭᠠᠳᠤᠮ ᠨᠠᠢ᠌ᠷ ᠤᠨ ᠰᠢᠷᠡᠭᠡᠨ ᠳᠡᠭᠡᠷ᠎ᠡ ᠬᠤᠭᠤᠰᠤᠨ ᠦᠷᠡᠭ᠍ᠳᠡᠭᠦᠯᠵᠡᠢ᠃ ᠡᠭᠦᠨ ᠳᠡᠭᠡᠨ ᠪᠢ ᠳᠤᠩ ᠬᠠᠷᠠᠮᠰᠠᠵᠤ ᠪᠠᠢ᠌ᠨ᠎ᠠ᠃

ᠰᠤ᠋᠄ ᠶᠠᠷᠤᠨᠢ ᠭᠦᠮᠤᠨ ᠠᠮᠢᠳᠤᠷᠠᠯ ᠳᠤᠮᠳᠠ ᠪᠠᠨ ᠵᠠᠷᠢᠮ ᠦᠶ᠎ᠡ ᠳᠤ ᠪᠣᠳᠤᠯᠢᠬᠤ᠂ ᠪᠣᠷᠤᠭᠤ ᠰᠢ᠌ᠤᠠᠪᠣᠷᠢ ᠭᠠᠷᠭᠠᠬᠤ ᠶᠢ ᠪᠢᠳᠡᠭᠡᠢ ᠭᠡᠵᠤ ᠴᠢᠳᠡᠬᠤ ᠦᠭᠡᠶ᠃ ᠭᠡᠳᠡᠯ᠎ᠡ ᠳᠠ ᠪᠢᠷ ᠶᠢᠡᠨ ᠶᠠᠭ ᠬᠠᠶᠠᠭ᠎ᠠ ᠦᠭᠡᠶ᠂ ᠳᠠᠭᠢᠭᠠᠤᠨ ᠡᠭᠢᠯᠡᠵᠤ ᠪᠢᠴᠢᠭ᠍ᠰᠡᠨ᠃ ᠡᠨᠡ ᠯᠠ ᠣᠷᠮᠠᠨ ᠳᠤ ᠭᠦᠷᠦᠮᠡᠷ ᠣᠴᠢᠷ᠃

ᠣ᠄ ᠵᠠ᠂ ᠣᠷᠮ᠎ᠠ ᠬᠠᠢ᠌ᠷᠠᠯᠠᠭᠰᠠᠨ ᠳᠤ ᠪᠠᠶᠠᠷᠯᠠᠯ᠎ᠠ᠃ ᠭᠡᠷᠪᠡ ᠪᠢ ᠭᠡᠳᠤᠨ ᠵᠢᠯ ᠪᠢᠷ ᠶᠢᠡᠨ ᠬᠠᠶᠠᠭ᠎ᠠ ᠦᠭᠡᠶ ᠪᠣᠯ ᠣᠳᠤ ᠪᠦᠳᠦᠭᠡᠵᠤ ᠰᠠᠭᠤᠭ᠎ᠠ᠂ ᠢᠷᠡᠭᠡᠳᠦᠢ ᠳᠤ ᠪᠦᠳᠦᠭᠡᠭᠦ ᠭᠡᠵᠤ ᠪᠠᠢ᠌ᠭ᠎ᠠ ᠵᠣᠢ᠌ᠯ ᠶᠢᠡᠨ ᠨᠢᠭᠡ ᠵᠢᠯ ᠪᠣᠯᠪᠠᠴᠤ ᠡᠷᠳᠡ ᠪᠦᠳᠦᠭᠡᠭᠦ ᠪᠠᠢ᠌ᠭᠰᠠᠨ ᠳ᠋ᠠ᠃

ᠰᠤ᠋᠄ ᠭᠡᠳᠤᠨ ᠵᠢᠯ ᠪᠢᠷ ᠶᠢᠡᠨ ᠬᠠᠶᠠᠭᠰᠠᠨ ᠳᠠᠭᠠᠨ ᠶᠡᠭᠡ ᠬᠠᠷᠠᠮᠰᠠᠵᠤ ᠪᠠᠢ᠌ᠭ᠎ᠠ ᠶᠤᠮ ᠪᠠᠢ᠌ᠨ᠎ᠠ᠃ ᠳᠠᠭᠢᠵᠤ ᠳᠠ ᠪᠢᠷ ᠶᠢᠡᠨ ᠬᠠᠶᠠᠬᠤ ᠦᠭᠡᠶ ᠭᠡᠳᠡᠭ᠌ ᠲᠤ ᠪᠠᠰᠠ ᠢᠳᠡᠭᠡᠵᠤ ᠪᠠᠢ᠌ᠨ᠎ᠠ᠃ ᠳᠡᠭᠡᠪᠠᠯ ᠣᠷᠠᠨ ᠪᠦᠳᠦᠭᠡᠯ ᠳᠠᠨ ᠤ ᠠᠮᠢᠳᠤᠷᠠᠯ ᠳᠤ ᠶᠠᠭᠤ ᠥᠭ᠍ᠳᠡᠭ᠌ ᠪᠣᠯ ᠡ ︖

ᠣ᠄ ᠣᠷᠠᠨ ᠵᠤᠬᠢᠶᠠᠯ ᠨᠠᠳᠠ ᠢᠷᠠᠭᠤ ᠠᠯᠳᠠᠷ᠂ ᠨᠠᠷ᠎ᠠ ᠳᠦᠷᠤ ᠠᠪᠴᠢᠷᠠᠬᠤ ᠶᠢ ᠪᠢ ᠭᠦᠰᠡᠭᠦ ᠦᠭᠡᠶ᠃ ᠬᠠᠷᠢᠨ ᠡᠭᠡ ᠭᠡᠯᠡ ᠪᠠᠷ ᠶᠢᠡᠨ ᠦᠪᠡᠷ ᠤᠨ ᠪᠣᠳᠤᠯ ᠰᠠᠨᠠᠭ᠎ᠠ ᠪᠠᠨ ᠳᠡᠯᠭᠡᠵᠤ ᠭᠠᠷᠭᠠᠪᠠᠯ ᠨᠠᠩ ᠣᠯᠠᠨ ᠭᠦᠮᠦᠰ ᠢ ᠨᠥᠯᠦᠭᠡᠯᠡᠵᠤ᠂ ᠣᠷᠢᠶᠠᠯᠠᠵᠤ ᠭᠡᠯᠡ ᠰᠤᠶᠤᠯ ᠳᠤ ᠨᠢ ᠬᠠᠢ᠌ᠷᠠᠳᠠᠢ ᠪᠣᠯᠭᠠᠴᠢᠬᠠᠵᠤ ᠴᠢᠳᠠᠬᠤ ᠪᠣᠯᠪᠠᠤ ᠭᠡᠵᠤ ᠪᠣᠳᠤᠳᠠᠭ᠃

ᠰᠤ᠋᠄ ᠵᠠ᠂ ᠶᠠᠷᠤᠨᠢ ᠳᠠ ᠶᠠᠮᠠᠷ ᠰᠲ᠋ᠢᠯᠢ ᠪᠠᠷ ᠢᠯᠡᠭᠦᠤ ᠪᠢᠴᠢᠳᠡᠭ᠌ ᠶᠤᠮ ᠪᠣᠯ ︖

ᠣ᠄ ᠴᠢᠳᠠᠯ ᠣᠬᠠᠭᠠᠨ ᠭᠦᠢᠴᠡᠳᠡᠭ᠌ ᠶᠤᠮ ᠪᠣᠯ ᠠᠯᠢ ᠪᠠᠷ ᠨᠢ ᠴᠤ ᠪᠦᠷ ᠪᠢᠴᠢᠶ᠎ᠠ ᠭᠡᠵᠤ ᠰᠠᠨᠠᠳᠠᠭ᠃

ᠰᠤ᠋᠄ ᠣᠷᠠᠨ ᠪᠦᠳᠦᠭᠡᠯ ᠳᠤᠭᠤᠷᠪᠢᠬᠤ ᠣᠷᠮ᠎ᠠ ᠰᠡᠳᠬᠢᠯᠭᠡ ᠳᠠᠨ ᠳᠤ ᠬᠠᠮᠢᠭ᠎ᠠ ᠡᠴᠡ ᠢᠷᠡᠳᠡᠭ᠌ ᠶᠤᠮ ᠪᠣᠯ ᠡ ︖

ᠣ᠄ ᠳᠡᠭ᠍ᠷᠢᠯᠢᠭ᠌ ᠰᠤᠶᠤᠯ ᠤᠨ ᠮᠢᠨᠢ ᠵᠤᠵᠠᠭᠠᠨ ᠭᠦᠷᠦᠰᠤᠨ ᠡᠴᠡ ᠯᠠ ᠢᠷᠠᠵᠤ ᠪᠠᠢ᠌ᠨ᠎ᠠ ᠭᠡᠵᠤ ᠪᠣᠯᠤᠨ᠎ᠡ᠃

ᠰᠤ᠋᠄ ᠵᠠ ᠵᠠ᠂ ᠶᠠᠷᠢᠯᠴᠠᠯᠭ᠎ᠠ ᠪᠠᠨ ᠲᠦᠷ ᠵᠠᠪᠰᠠᠷᠯᠠᠭᠤᠯᠤᠶ᠎ᠠ᠃ ᠡ᠊ᠨᠳᠡ ᠨᠢᠭᠡ ᠰᠤᠨᠤᠰᠤᠭᠴᠢ ᠶᠢᠨ ᠢᠷᠡᠭᠦᠯᠦᠭ᠍ᠰᠡᠨ ᠣᠳᠠᠰᠤᠨ ᠤ ᠠᠭᠤᠯᠭ᠎ᠠ ᠶᠢ ᠳᠠᠨ ᠳᠤ ᠳᠠᠮᠵᠢᠭᠤᠯᠤᠶ᠎ᠠ᠃ ᠭᠢᠩᠭ᠋ᠠᠨ ᠠᠢ᠌ᠮᠠᠭ ᠤᠨ ᠱᠢᠷᠤᠠᠪᠠᠭᠠᠨ᠎ᠠ ᠣᠳᠠᠰᠤ ᠢᠷᠡᠭᠦᠯᠵᠤ ᠢᠩᠭᠢᠵᠤ ᠶᠠᠷᠢᠯ᠎ᠠ᠄ ᠷᠠᠳᠢᠤ᠋ ᠪᠠᠷ ᠠᠯᠤᠰ ᠬᠤᠯᠠ ᠬᠦᠬᠡ‍ᠨᠠᠭᠤᠷ ᠮᠤᠵᠢ ᠡᠴᠡ ᠦᠪᠡᠷ ᠤᠨ ᠠᠵᠢᠯ ᠣᠢ᠌ᠯᠠᠰ᠂ ᠣᠷᠠᠨ ᠪᠦᠳᠦᠭᠡᠯ ᠶᠢᠡᠷ ᠶᠠᠷᠢᠯᠴᠠᠯᠭ᠎ᠠ ᠥᠭ᠍ᠴᠤ ᠪᠠᠢ᠌ᠭ᠎ᠠ ᠵᠤᠴᠢᠨ ᠯ·ᠣᠳᠤᠨ ᠳᠤ ᠪᠠᠶᠠᠷ ᠭᠦᠷᠭᠡᠶ᠎ᠡ ︕ ᠮᠦᠨᠴᠤ ᠳᠡᠭᠦᠨ ᠤ ᠮᠤᠩᠭ᠋ᠤᠯ ᠦᠨᠳᠦᠰᠦᠳᠠᠨ ᠤ ᠪᠠᠨ ᠬᠣᠢ᠌ᠴᠢ ᠦᠶ᠎ᠡ ᠶᠢ ᠭᠦᠮᠦᠵᠢᠭᠦᠯᠤᠨ ᠪᠠᠭᠰᠢ ᠶᠢᠨ ᠠᠵᠢᠯ ᠳᠤ ᠵᠢᠳᠭᠦᠵᠤ ᠪᠠᠢ᠌ᠭ᠎ᠠ ᠨᠢ ᠪᠢᠰᠢᠷᠡᠭᠦᠰᠢᠳᠡᠢ᠃ ᠢᠩᠭᠡᠭᠡᠳ ᠯ·ᠣᠳᠤᠨ ᠳᠤ ᠣᠷᠠᠨ ᠪᠦᠳᠦᠭᠡᠯ ᠤᠨ ᠦᠨᠳᠦᠷ ᠠᠮᠵᠢᠯᠳᠠ ᠭᠦᠰᠡᠶ᠎ᠡ ᠭᠡᠰᠡᠨ ᠪᠠᠢ᠌ᠨ᠎ᠠ᠃

ᠣ᠄ ᠪᠠᠶᠠᠷᠯᠠᠯ᠎ᠠ᠃ ᠪᠠᠰᠠ ᠴᠤ ᠭᠦᠰᠡᠯ ᠢᠷᠦᠭᠡᠯ ᠶᠢᠡᠨ ᠳᠡᠪᠰᠢᠭᠦᠯᠵᠤ ᠪᠠᠢ᠌ᠭ᠎ᠠ ᠰᠤᠨᠤᠰᠤᠭᠴᠢ ᠱᠢᠷᠤᠠᠪᠠᠭᠠᠨ᠎ᠠ ᠳᠤ ᠳᠠᠯᠠᠷᠬᠠᠵᠤ ᠪᠠᠢ᠌ᠨ᠎ᠠ᠃

ᠰᠤ᠋᠄ ᠵᠠ ᠵᠠ᠂ ᠳᠠᠨ ᠤ ᠪᠠᠶᠠᠷ ᠳᠠᠯᠠᠷᠬᠠᠯ ᠤᠨ ᠥᠭᠡ ᠶᠢ ᠰᠤᠨᠤᠰᠤᠭᠴᠢ ᠮᠠᠨᠢ ᠠᠭᠠᠷ ᠤᠨ ᠠᠯᠳᠠᠨ ᠳᠤᠯᠭᠢᠶᠠᠨ ᠶᠢᠡᠷ ᠠᠯᠳᠠᠯ ᠦᠭᠡᠶ ᠰᠤᠨᠤᠰᠴᠤ ᠰᠠᠭᠤᠭ᠎ᠠ ᠭᠡᠳᠡᠭ᠌ ᠲᠤ ᠢᠳᠡᠭᠡᠵᠤ ᠪᠠᠢ᠌ᠨ᠎ᠠ᠃ ᠪᠢᠳᠠ ᠶᠠᠷᠢᠯᠴᠠᠯᠭ᠎ᠠ ᠪᠠᠨ ᠦᠷᠭᠦᠯᠵᠢᠯᠡᠭᠦᠯᠦᠶ᠎ᠡ᠃ ᠳᠠᠨ ᠳᠤ 《ᠨᠢᠳᠤᠨ ᠨᠠᠭᠤᠷ ᠤᠨ ᠳᠤᠯᠭᠢᠶᠠᠨ》 ᠭᠡᠮᠡᠭᠦ ᠨᠤᠮ ᠡᠴᠡ ᠭᠠᠳᠠᠨ᠎ᠠ ᠪᠠᠰᠠ 《ᠵᠠᠶᠠᠭᠠᠨ ᠤ ᠳᠡᠭ᠍ᠷᠢ》 ᠭᠡᠮᠡᠭᠦ ᠷᠤᠮᠠᠨ ᠪᠠᠢ᠌ᠳᠠᠭ᠃ ᠵᠠ ᠡᠨᠡ ᠷᠤᠮᠠᠨ ᠢ ᠬᠦᠬᠡ‍ᠨᠠᠭᠤᠷ ᠮᠤᠩᠭ᠋ᠤᠯᠴᠦᠳ ᠤᠨ ᠳᠤᠮᠳᠠ ᠬᠠᠮᠤᠭ ᠤᠨ ᠠᠩᠬᠠᠨ ᠤ ᠮᠤᠩᠭ᠋ᠤᠯ ᠶᠢᠡᠷ ᠪᠢᠴᠢᠭ᠍ᠳᠡᠭ᠍ᠰᠡᠨ ᠷᠤᠮᠠᠨ ᠭᠡᠵᠤ ᠭᠡᠯᠡᠵᠤ ᠪᠣᠯᠤᠨ᠎ᠡ᠃ ᠳᠡᠭᠡᠭᠡᠳ ᠡᠨᠡ ᠷᠤᠮᠠᠨ ᠳᠠᠨᠢ ᠰᠡᠳᠭᠦᠯ ᠳᠤ ᠨᠡᠢ᠌ᠳᠡᠯᠡᠭ᠍ᠳᠡᠭ᠍ᠰᠡᠨ ᠤ ᠳᠠᠷᠠᠭ᠎ᠠ ᠳᠡᠭᠡᠳᠤ ᠮᠤᠩᠭ᠋ᠤᠯᠴᠤᠳ ᠤᠨ ᠳᠤᠮᠳᠠ ᠮᠠᠰᠢ ᠶᠡᠭᠡ ᠨᠥᠯᠦᠭᠡ ᠳᠤᠰᠬᠠᠯ ᠲᠡᠶ ᠪᠠᠢ᠌ᠭᠰᠠᠨ ᠪᠠᠢ᠌ᠬ᠎ᠠ ᠡ᠃ ᠳᠡᠭᠡᠪᠠᠯ ᠳᠠ ᠡᠨᠡ 《ᠵᠠᠶᠠᠭᠠᠨ ᠤ ᠳᠡᠭ᠍ᠷᠢ》 ᠭᠡᠮᠡᠭᠦ ᠷᠤᠮᠠᠨ ᠶᠢᠡᠨ ᠭᠡᠵᠢᠶ᠎ᠡ ᠪᠢᠴᠢᠭ᠍ᠰᠡᠨ ᠪᠣᠯ ︖

ᠣ᠄ ᠳᠠᠢ᠌ᠮᠤ᠂ ᠬᠠᠮᠤᠭ ᠠᠩᠬᠠᠨ ᠤ ᠷᠤᠮᠠᠨ ᠭᠡᠮᠡᠨ ᠭᠡᠯᠡᠵᠤ ᠪᠣᠯᠤᠨ᠎ᠡ᠃ ᠰᠡᠳᠭᠦᠯ ᠳᠤ ᠨᠡᠢ᠌ᠳᠡᠯᠡᠭ᠍ᠳᠡᠭ᠍ᠰᠡᠨ ᠤ ᠳᠠᠷᠠᠭ᠎ᠠ ᠨᠠᠯᠢᠶᠠᠤᠨ ᠭᠡᠰᠡᠭ᠌ ᠣᠶᠤᠳᠠᠤᠨ ᠳᠤᠰ ᠷᠤᠮᠠᠨ ᠶᠢᠡᠷ ᠰᠠᠳᠤᠪ ᠠᠪᠤᠨ ᠳᠡᠭᠦᠰᠭᠦ ᠥᠭᠦᠯᠡᠯ ᠶᠢᠡᠨ ᠪᠢᠴᠢᠭ᠍ᠰᠡᠨ ᠪᠦᠭᠡᠳ ᠪᠦᠭᠦᠳᠡ ᠶᠢ ᠣᠯᠤᠭᠠᠤᠨ ᠣᠩᠰᠢᠵᠤ ᠴᠢᠳᠠᠭᠰᠠᠨ ᠦᠭᠡᠶ ᠣᠩᠰᠢᠭᠴᠢᠳ ᠡᠴᠡ ᠣᠳᠠᠰᠤ᠂ ᠵᠠᠭᠢᠶ᠎ᠠ ᠢᠷᠡᠭᠦᠯᠵᠤ ᠭᠡᠵᠢᠶ᠎ᠡ ᠳᠠᠪᠳᠠᠷ ᠪᠣᠯᠤᠭᠠᠤᠨ ᠭᠡᠪᠯᠡᠭ᠍ᠳᠡᠭᠦ ᠶᠢ ᠠᠰᠠᠭᠤᠵᠤ ᠪᠠᠢ᠌ᠭᠰᠠᠨ᠃ ᠡᠨᠡ ᠷᠤᠮᠠᠨ ᠶᠢᠡᠨ ᠪᠢ 2006 ᠣᠨ ᠤ ᠰᠡᠭᠦᠯᠴᠢ ᠡᠴᠡ ᠡᠭᠢᠯᠡᠨ ᠪᠢᠴᠢᠭᠡᠳ 2008 ᠣᠨ ᠤ ᠳᠡᠭᠡᠳᠤ ᠬᠠᠭᠠᠰ ᠵᠢᠯ ᠳᠤ ᠪᠢᠴᠢᠭᠡᠳ ᠪᠠᠷᠠᠵᠠᠢ᠃

ᠰᠤ᠋᠄ ᠡᠨᠡ 《ᠵᠠᠶᠠᠭᠠᠨ ᠤ ᠳᠡᠭ᠍ᠷᠢ》 ᠭᠡᠳᠡᠭ᠌ ᠷᠤᠮᠠᠨ ᠶᠢᠡᠨ ᠶᠠᠭᠤ ᠪᠠᠷ ᠰᠠᠳᠤᠪ ᠠᠪᠴᠤ ᠪᠢᠴᠢᠭ᠍ᠰᠡᠨ ᠶᠢᠡᠨ ᠶᠠᠷᠢᠭᠠᠤᠨ ᠦᠭ‍ᠭᠦᠨ᠎ᠡ ᠦᠦ ︖

ᠣ᠄ ᠡᠨᠡ ᠷᠤᠮᠠᠨ ᠶᠢᠡᠨ ᠪᠢ ᠣᠶᠤᠳᠠᠨ ᠤ ᠠᠮᠢᠳᠤᠷᠠᠯ᠂ ᠠᠮᠢ ᠠᠬᠤᠢ᠂ ᠨᠤᠳᠤᠭ ᠪᠠᠯᠴᠢᠭᠡᠷ ᠤᠨ ᠡᠪᠳᠡᠭ᠍ᠳᠡᠯ ᠶᠢᠡᠷ ᠰᠠᠳᠤᠪ ᠠᠪᠤᠨ ᠪᠢᠴᠢᠵᠠᠢ᠃

ᠰᠤ᠋ ᠄ ᠶᠠᠭᠠᠭᠢᠭᠠᠤᠨ ᠠᠮᠢ ᠠᠬᠤᠢ᠂ ᠨᠤᠳᠤᠭ ᠪᠠᠯᠴᠢᠭᠡᠷ ᠤᠨ ᠡᠪᠳᠡᠭ᠍ᠳᠡᠯ ᠶᠢᠡᠷ ᠰᠠᠳᠤᠪ ᠠᠪᠣᠭᠰᠠᠨ ᠶᠤᠮ ᠪᠣᠯ ︖

ᠣ᠄ ᠤᠢ᠌ᠷ᠎ᠡ ᠶᠢᠨ ᠵᠢᠯ ᠪᠣᠯᠵᠤ ᠢᠷᠡᠭᠡᠳ ᠠᠭᠤᠷᠬᠠᠢ ᠨᠡᠭᠡᠭᠡᠵᠤ᠂ ᠣᠢ᠌ᠯᠠᠳᠪᠣᠷᠢ ᠪᠠᠢ᠌ᠭᠤᠯᠵᠤ ᠪᠣᠢ ᠭᠡᠳ ᠡᠷᠡᠭᠦᠯ ᠪᠦᠳᠤᠨ ᠨᠤᠳᠤᠭ ᠪᠠᠯᠴᠢᠭᠡᠷ ᠢ ᠡᠵᠡᠯᠡᠨ ᠡᠪᠳᠡᠯᠡᠵᠤ ᠰᠠᠭᠤᠭ᠎ᠠ ᠳᠤ ᠴᠢᠭᠯᠡᠭᠦᠯᠤᠨ ᠳᠤᠰ ᠷᠤᠮᠠᠨ ᠶᠢᠡᠨ ᠪᠢᠴᠢᠵᠤ᠂ ᠭᠦᠮᠦᠰ ᠲᠤ ᠠᠮᠢ ᠠᠬᠤᠢ᠂ ᠪᠠᠢ᠌ᠭᠠᠯᠢ ᠣᠷᠴᠢᠨ ᠶᠢᠡᠨ ᠬᠠᠢ᠌ᠷᠠᠯᠠᠨ ᠬᠠᠮᠠᠭᠠᠯᠠᠬᠤ ᠶᠢ ᠰᠠᠨᠠᠭᠤᠯᠬᠤ ᠭᠡᠰᠡᠨ᠃

ᠰᠤ᠋᠄ ᠳᠠᠨ ᠤ ᠪᠣᠳᠤᠵᠤ ᠪᠠᠢ᠌ᠭ᠎ᠠ ᠪᠣᠳᠤᠯ᠂ ᠰᠠᠨᠠᠵᠤ ᠪᠠᠢ᠌ᠭ᠎ᠠ ᠭᠦᠰᠡᠯ ᠣᠷᠠᠨ ᠪᠦᠳᠦᠭᠡᠯ ᠶᠢᠡᠷ ᠳᠠᠮᠵᠢᠨ ᠣᠩᠰᠢᠭᠴᠢᠳ ᠣᠯᠠᠨ ᠤ ᠰᠡᠳᠭᠢᠯ ᠳᠤ ᠭᠦᠷᠳᠡᠭ᠌ ᠶᠤᠮ ᠪᠠᠢ᠌ᠨ᠎ᠠ᠃ ᠣᠷᠠᠨ ᠵᠤᠬᠢᠶᠠᠯ ᠶᠠᠷᠤᠨᠢ ᠳᠠᠨ ᠤ ᠰᠡᠳᠬᠢᠯᠭᠡ ᠶᠢᠨ ᠢᠯᠡᠷᠭᠡᠢ᠌ᠯᠡᠯ ᠪᠣᠯᠳᠠᠭ ᠪᠠᠢ᠌ᠬ᠎ᠠ᠃ ᠳᠠᠷᠠ ᠣᠤᠠᠬ᠎ᠠ ᠡᠴᠡ ᠦᠵᠡᠪᠠᠯ ᠣᠷᠠᠨ ᠪᠦᠳᠦᠭᠡᠯᠴᠢ ᠭᠦᠮᠤᠨ ᠪᠣᠰᠤᠳ ᠡᠴᠡ ᠢᠯᠡᠭᠦᠤ ᠵᠢᠷᠭᠠᠯᠳᠠᠢ ᠴᠤ ᠶᠤᠮ ᠪᠢᠯᠠ ᠭᠡᠮᠡᠨ ᠰᠠᠨᠠᠭᠳᠠᠵᠤ ᠪᠠᠢ᠌ᠨ᠎ᠠ᠃ ᠳᠠ ᠳᠤᠰ ᠷᠤᠮᠠᠨ ᠶᠢᠡᠨ ᠨᠤᠮ ᠪᠣᠯᠭᠠᠨ ᠭᠡᠪᠯᠡᠭᠦᠯᠭᠦ ᠪᠣᠳᠤᠯ ᠣᠷᠤᠭ᠎ᠠ ᠦᠭᠡᠶ ᠦᠦ ︖

ᠣ᠄ ᠣᠷᠤᠭᠰᠠᠨ᠂ ᠠᠩᠬᠠᠨ ᠳᠠᠭᠠᠨ ᠪᠢ ᠰᠢᠭᠤᠳ ᠨᠤᠮ ᠪᠣᠯᠭᠠᠨ ᠭᠡᠪᠯᠡᠭᠦᠯᠴᠢᠭᠦ ᠶᠤᠮ ᠪᠢᠯᠠ ᠦᠦ ᠭᠡᠵᠤ ᠪᠣᠳᠤᠭᠰᠠᠨ᠃ ᠭᠡᠪᠠᠴᠤ ᠨᠠᠷᠢᠨ ᠪᠣᠳᠤᠵᠤ ᠥᠵᠡᠭᠡᠳ ᠬᠠᠰᠢᠯᠠ ᠨᠡᠢ᠌ᠳᠡᠯᠡᠭᠦᠯᠵᠤ ᠪᠠᠢ᠌ᠭᠠᠤᠨ ᠪᠣᠯᠤᠶ᠎ᠠ ᠭᠡᠰᠡᠨ ᠰᠠᠨᠠᠭ᠎ᠠ ᠣᠷᠤᠯ᠎ᠠ᠃ ᠣᠴᠢᠷ ᠨᠢ ᠳᠡᠭᠡᠳᠤ ᠮᠤᠩᠭ᠋ᠤᠯ ᠤᠨ ᠬᠠᠮᠤᠭ ᠠᠩᠬᠠᠨ ᠤ ᠷᠤᠮᠠᠨ ᠪᠣᠯᠤᠭᠰᠠᠨ ᠤ ᠬᠤᠪᠢ ᠳᠤ ᠴᠢᠨᠠᠷ ᠢ ᠪᠠᠳᠤᠯᠠᠶ᠎ᠠ᠂ ᠰᠡᠳᠭᠦᠯ ᠳᠤ ᠨᠡᠢ᠌ᠳᠡᠯᠡᠭᠦᠯᠦᠭᠡᠳ ᠣᠩᠰᠢᠭᠴᠢᠳ ᠣᠯᠠᠨ ᠤ ᠰᠠᠨᠠᠯ ᠵᠥᠪᠯᠡᠯᠭᠡ ᠶᠢ ᠪᠠᠰᠠ ᠬᠤᠷᠢᠶᠠᠶ᠎ᠠ ᠭᠡᠵᠤ ᠪᠣᠳᠤᠭᠠᠤᠨ ᠳᠡᠪᠳᠡᠷᠯᠡᠭᠦ ᠪᠠᠨ ᠲᠦᠷ ᠬᠣᠢ᠌ᠰᠢᠯᠠᠭᠤᠯᠵᠠᠢ᠃

ᠰᠤ᠋᠄ ᠵᠠ ᠳᠠᠢ᠌ᠮᠤ ᠪᠠᠢ᠌ᠨ᠎ᠠ᠃ ᠳᠠ ᠶᠠᠷᠤᠨᠢ ᠣᠷᠠᠨ ᠪᠦᠳᠦᠭᠡᠯ ᠤᠨ ᠵᠠᠮ ᠶᠢᠡᠷ ᠡᠳᠦᠢ ᠣᠯᠠᠨ ᠵᠢᠯ ᠵᠠᠮᠨᠠᠵᠤ ᠢᠷᠡᠭᠦ ᠳᠡᠭᠡᠨ ᠪᠠᠰᠠ ᠱᠠᠩᠨᠠᠯ ᠭᠦᠭᠢᠭᠦᠯᠦᠯ ᠨᠠᠯᠢᠶᠠᠤᠨ ᠭᠦᠷᠳᠡᠭ᠍ᠰᠡᠨ ᠪᠠᠢ᠌ᠬ᠎ᠠ ︖

ᠣ᠄ ᠪᠠᠢ᠌ᠬᠤ ᠨᠢ ᠴᠤ ᠪᠠᠢ᠌ᠨ᠎ᠠ᠃ ᠭᠡᠪᠠᠴᠤ ᠮᠢᠨᠤ ᠬᠤᠪᠢ ᠳᠤ ᠣᠩᠰᠢᠭᠴᠢᠳ ᠡᠴᠡ ᠣᠯᠭᠤᠭᠰᠠᠨ ᠱᠠᠩᠨᠠᠯ᠂ ᠮᠦᠨ ᠭᠡᠯᠡᠪᠠᠯ ᠳᠠᠮᠠᠭ᠎ᠠ ᠲᠡᠶ ᠱᠠᠩᠨᠠᠯ ᠡᠴᠡ ᠨᠢ ᠳᠠᠮᠠᠭ᠎ᠠ ᠦᠭᠡᠶ ᠱᠠᠩᠨᠠᠯ ᠰᠠ‍‌ᠶᠢ ᠬᠠᠮᠤᠭ ᠤᠨ ᠳᠡᠭᠡᠳᠤ ᠱᠠᠩᠨᠠᠯ ᠭᠡᠵᠤ ᠥᠵᠡᠳᠡᠭ᠌᠃ ᠬᠨ ᠬᠨ᠁

ᠰᠤ᠋᠄ ᠭᠢ ᠭᠢ᠁ ᠣᠩᠰᠢᠭᠴᠢᠳ ᠤᠨ ᠭᠦᠷᠢᠶᠡᠯᠡᠯ ᠢ ᠳᠠ ᠰᠡᠳᠭᠢᠯ ᠳᠡᠭᠡᠨ ᠬᠠᠮᠤᠭ ᠤᠨ ᠦᠨᠳᠦᠷ ᠪᠠᠢ᠌ᠷᠢᠨ ᠳᠤ ᠳᠠᠯᠪᠢᠳᠠᠭ ᠶᠤᠮ ᠪᠠᠢ᠌ᠨ᠎ᠠ᠃ ᠳᠠᠷᠠ ᠳᠠᠮᠠᠭ᠎ᠠ ᠲᠡᠶ ᠱᠠᠩᠨᠠᠯ ᠡᠴᠡ ᠨᠢ ᠳᠠᠮᠠᠭ᠎ᠠ ᠦᠭᠡᠶ ᠱᠠᠩᠨᠠᠯ ᠨᠢ ᠨᠠᠩ ᠭᠦᠡᠳᠤ᠃ ᠳᠠᠢ᠌ᠮᠤ ᠪᠠ ︖

ᠣ᠄ ᠳᠠᠢ᠌ᠮᠤ ᠳᠠᠢ᠌ᠮᠤ᠂ 《ᠨᠢᠳᠤᠨ ᠨᠠᠭᠤᠷ ᠤᠨ ᠳᠤᠯᠭᠢᠶᠠᠨ》 ᠭᠡᠪᠯᠡᠭ᠍ᠳᠡᠭᠡᠳ ᠳᠤᠰᠬᠠᠢ ᠰᠢᠭᠦᠮᠵᠢ ᠪᠠᠷ ᠥᠨᠡᠯᠡᠭ᠍ᠳᠡᠵᠤ᠂ ᠪᠠᠰᠠ ᠭᠡᠰᠡᠭ᠌ ᠣᠩᠰᠢᠭᠴᠢᠳ ᠵᠤᠬᠢᠶᠠᠯ ᠳᠤᠳᠤᠷ᠎ᠠ ᠪᠦᠳᠦᠭᠡᠭ᠍ᠰᠡᠨ ᠳᠦᠷᠢ ᠶᠢ ᠭᠡᠨ ᠭᠡᠨ ᠤ ᠳᠦᠷᠢ ᠪᠠᠢ᠌ᠨ᠎ᠠ ᠭᠡᠳ ᠭᠡᠯᠡᠵᠤ ᠪᠠᠢ᠌ᠭᠰᠠᠨ᠃ 《ᠵᠠᠶᠠᠭᠠᠨ ᠤ ᠳᠡᠭ᠍ᠷᠢ》 ᠷᠤᠮᠠᠨ ᠪᠢᠴᠢᠭ᠍ᠳᠡᠭᠡᠳ ᠨᠠᠳᠠ ᠣᠯᠠᠨ ᠣᠳᠠᠰᠤ ᠵᠠᠭᠢᠶ᠎ᠠ ᠢᠷᠡᠭ᠍ᠰᠡᠨ᠃ 《ᠪᠢ ᠮᠤᠩᠭ᠋ᠤᠯ ᠪᠢᠴᠢᠭ᠌ ᠶᠢᠡᠨ ᠰᠤᠷᠤᠨ᠎ᠠ》᠂ 《ᠭᠡᠭᠡᠷ᠎ᠡ ᠡᠴᠡ ᠳᠡᠭᠦᠭ᠍ᠰᠡᠨ ᠨᠠᠢ᠌ᠷᠠᠭ ᠤᠨ ᠴᠦᠷᠭᠦᠯᠡᠭᠡ》 ᠵᠡᠷᠭᠡ ᠰᠢᠯᠦᠭ᠌ ᠨᠡᠢ᠌ᠳᠡᠯᠡᠭ᠍ᠳᠡᠭᠦ ᠳᠤ ᠣᠩᠰᠢᠭᠴᠢᠳ ᠡᠴᠡ ᠪᠠᠶᠠᠷ ᠭᠦᠷᠭᠡᠵᠤ᠂ ᠳᠤᠰᠬᠠᠢ ᠰᠢᠭᠦᠮᠵᠢ ᠪᠠᠷ ᠦᠨᠡᠯᠠᠵᠤ ᠦᠷᠳᠡᠭᠯᠡᠭ᠍ᠰᠡᠨ᠃ ᠪᠢᠴᠢᠭ᠍ᠰᠡᠨ ᠵᠤᠬᠢᠶᠠᠯ ᠮᠢᠨᠢ ᠣᠩᠰᠢᠭᠴᠢᠳ ᠤᠨ ᠰᠡᠳᠭᠢᠯ ᠳᠤ ᠭᠦᠷᠴᠤ ᠪᠠᠢ᠌ᠨ᠎ᠠ ᠦᠦ ᠦᠭᠡᠶ ᠦᠦ ᠭᠡᠳᠡᠭ᠌ ᠲᠤ ᠪᠢ ᠬᠠᠮᠤᠭ ᠰᠠᠨᠠᠭ᠎ᠠ ᠳᠠᠯᠪᠢᠨ ᠠᠩᠬᠠᠷᠳᠠᠭ ᠶᠤᠮ᠃

ᠰᠤ᠋᠄ ᠵᠠ ᠶᠠᠷᠤᠨᠢ ᠮᠢᠨᠤ ᠣᠢ᠌ᠯᠠᠭᠠᠭᠰᠠᠨ ᠶᠢᠡᠷ ᠣᠷᠴᠢᠮᠠᠭᠨ ᠳᠠ 《ᠯᠤ ᠰᠢᠶᠦ᠋ᠨ ᠨᠠᠷᠠᠮᠵᠢᠳᠤ》 ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ ᠳᠤ ᠰᠤᠷᠤᠯᠴᠠᠯ᠎ᠠ ᠭᠡᠰᠡᠨ᠃ ᠳᠠᠢ᠌ᠮᠤ ᠦᠦ ︖

ᠣ᠄ ᠳᠠᠢ᠌ᠮᠤ᠂ ᠰᠤᠷᠤᠯᠴᠠᠵᠤ ᠪᠣᠢ ᠭᠡᠳ ᠨᠢᠭᠡ ᠬᠠᠪᠣᠷ ᠪᠠᠭᠡᠵᠢᠩ ᠳᠤ ᠭᠡᠪᠳᠡᠭ᠍ᠰᠡᠨ᠃ ᠬᠨ ᠬᠨ᠁

ᠰᠤ᠋᠄ ᠶᠠᠮᠠᠷ ᠬᠤᠪᠢ ᠲᠤᠬᠢᠶᠠᠯ ᠶᠢᠡᠷ ᠳᠠ ᠳᠠᠠᠳᠠ ᠣᠴᠢᠵᠤ ᠰᠤᠷᠤᠯᠴᠠᠭᠰᠠᠨ ᠶᠤᠮ ᠪᠣᠯ ᠡ ︖

ᠣ᠄ ᠮᠤᠩᠭ᠋ᠤᠯ ᠶᠢᠡᠷ ᠶᠢᠡᠨ ᠪᠢᠴᠢᠭ᠌ ᠰᠤᠶᠤᠯ ᠤᠨ ᠮᠦᠷ ᠭᠦᠭᠡᠭᠡᠵᠤ᠂ ᠮᠤᠩᠭ᠋ᠤᠯ ᠶᠢᠡᠷ ᠶᠢᠡᠨ ᠵᠤᠬᠢᠶᠠᠯ ᠪᠦᠳᠦᠭᠡᠯ ᠣᠷᠤᠯᠳᠤᠳᠠᠭ ᠪᠠᠢ᠌ᠭᠰᠠᠨ ᠡᠴᠡ ᠠᠮᠠᠷᠬᠠᠨ ᠣᠯᠳᠠᠳᠠᠭ ᠦᠭᠡᠶ ᠠᠵᠠ ᠪᠣᠶᠠᠨ ᠳᠤ ᠨᠢ ᠪᠢ ᠳᠠᠭᠠᠷᠠᠭᠰᠠᠨ ᠭᠡᠮᠡᠨ ᠪᠣᠳᠤᠵᠤ ᠪᠠᠢ᠌ᠨ᠎ᠠ᠃

ᠰᠤ᠋᠄ 《ᠯᠤ ᠰᠢᠶᠦ᠋ᠨ ᠨᠠᠷᠠᠮᠵᠢᠳᠤ》 ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ ᠭᠡᠵᠤ ᠮᠠᠨ ᠤ ᠣᠯᠤᠰ ᠤᠨ ᠬᠠᠮᠤᠭ ᠤᠨ ᠦᠨᠳᠦᠷ ᠣᠤᠠᠬ᠎ᠠ ᠵᠤᠬᠢᠶᠠᠯ ᠤᠨ ᠰᠤᠷᠭᠠᠭᠤᠯᠢ ᠭᠡᠵᠤ ᠪᠣᠯᠤᠨ᠎ᠡ᠃ ᠳᠠᠠᠳᠠ ᠰᠤᠷᠤᠯᠴᠠᠭᠰᠠᠨ ᠤ ᠬᠤᠪᠢ ᠳᠤ ᠳᠠᠨ ᠳᠤ ᠪᠣᠳᠤᠯ ᠰᠡᠳᠭᠢᠭ᠍ᠳᠡᠯ ᠣᠯᠠᠨ ᠪᠠᠢ᠌ᠬ᠎ᠠ ︖

ᠣ᠄ ᠳᠠᠢ᠌ᠮᠤ᠂ ᠭᠡᠳᠥᠢᠪᠠᠷ ᠴᠠᠭ ᠨᠢ ᠶᠠᠯᠢᠮ ᠦᠭᠡᠶ ᠣᠬᠤᠷᠬᠠᠨ ᠴᠤ ᠳᠠᠷᠠ ᠰᠤᠷᠭᠠᠭᠤᠯᠢ ᠳᠤ ᠰᠤᠷᠤᠯᠴᠠᠭᠠᠤᠨ ᠦᠵᠡᠯ ᠪᠣᠳᠤᠯ᠂ ᠳᠠᠨᠢᠯᠳᠠ ᠶᠢᠨ ᠬᠤᠪᠢ ᠳᠤ ᠵᠤᠭᠢᠬᠤ ᠬᠤᠪᠢᠷᠠᠯᠳᠠ ᠭᠠᠷᠤᠯ᠎ᠠ᠃ ᠣᠯᠤᠰ ᠲᠤ ᠪᠠᠨ ᠨᠠᠷᠠᠳᠠᠢ ᠡᠷᠳᠡᠮᠳᠡᠨ ᠪᠠᠭᠰᠢ ᠨᠡᠷ ᠤᠨ ᠭᠢᠴᠢᠶᠠᠯ ᠳᠠᠢ᠌ᠯᠤᠨ ᠢ ᠰᠤᠨᠤᠰᠤᠭᠰᠠᠨ ᠶᠢᠡᠷ ᠪᠠᠷᠠᠬᠤ ᠦᠭᠡᠶ ᠣᠯᠠᠨ ᠰᠠᠢ᠌ᠬᠠᠨ ᠣᠷᠠᠨ ᠵᠤᠬᠢᠶᠠᠯ ᠤᠨ ᠨᠠᠢ᠌ᠵᠠ ᠲᠡᠶ ᠪᠣᠯᠤᠭᠰᠠᠨ᠃ ᠭᠢᠳᠠᠤᠨ ᠤᠨ ᠣᠳᠤ ᠦᠶ᠎ᠡ ᠶᠢᠨ ᠣᠷᠠᠨ ᠵᠤᠬᠢᠶᠠᠯ ᠲᠡᠶ ᠳᠠᠨᠢᠯᠴᠠᠵᠤ᠂ ᠪᠠᠰᠠ ᠳᠡᠯᠡᠭᠡᠢ ᠶᠢᠨ ᠰᠤᠩᠭ᠋ᠤᠳᠠᠭ ᠰᠢᠯᠢᠳᠡᠭ᠌ ᠪᠦᠳᠦᠭᠡᠯ ᠡᠴᠡ ᠰᠢᠮ᠎ᠠ ᠭᠦᠷᠳᠡᠵᠡᠢ᠃ ᠶᠠᠭᠤ ᠴᠤ ᠭᠡᠰᠡᠨ ᠭᠠᠠᠵᠤᠭ᠎ᠠ ᠬᠤᠭᠤᠰᠤᠨ ᠪᠣᠴᠠᠭᠰᠠᠨ ᠦᠭᠡᠶ ᠳᠤ ᠪᠠᠨ ᠣᠯᠵᠠᠷᠬᠠᠵᠤ ᠪᠠᠢ᠌ᠨ᠎ᠠ᠃

ᠰᠤ᠋᠄ ᠳᠡᠯᠡᠭᠡᠢ ᠶᠢᠨ᠂ ᠭᠢᠳᠠᠤᠨ ᠤᠨ ᠳᠠᠷᠠ ᠦᠨᠳᠦᠷ ᠲᠦᠪᠰᠢᠨ ᠤ ᠣᠷᠠᠨ ᠪᠦᠳᠦᠭᠡᠯ᠂ ᠣᠷᠠᠨ ᠵᠤᠬᠢᠶᠠᠯᠴᠢᠳ ᠲᠡᠶ ᠳᠠᠨᠢᠯᠴᠠᠬᠤ ᠶᠢᠨ ᠬᠠᠮᠤᠭ ᠤᠨ ᠨᠢᠭᠡᠨ ᠭᠤᠤᠯ ᠵᠤᠷᠢᠯᠭ᠎ᠠ ᠪᠣᠯ ᠦᠪᠡᠷ ᠢ ᠪᠠᠨ ᠨᠠᠩ ᠢᠯᠡᠭᠦᠤ ᠳᠠᠨᠢᠬᠤ᠂ ᠦᠪᠡᠷ ᠢ ᠪᠠᠨ ᠳᠠᠪᠠᠬᠤ ᠳᠡᠭᠡᠷ᠎ᠡ ᠪᠠᠢ᠌ᠨ᠎ᠠ᠃ ᠳᠠᠢ᠌ᠮᠤ ᠡ ︖

ᠣ᠄ ᠳᠠᠢ᠌ᠮᠤ᠂ ᠭᠠᠳᠠᠭᠰᠢ ᠭᠠᠷᠴᠤ ᠨᠢᠳᠤ ᠨᠡᠭᠡᠭᠡᠭᠦ ᠦᠭᠡᠶ ᠶᠤᠮ ᠪᠣᠯ ᠭᠦᠮᠤᠨ ᠦᠪᠡᠷ ᠢ ᠪᠠᠨ ᠥᠭᠡᠷᠡᠴᠢᠯᠡᠨ᠎ᠡ ᠭᠡᠳᠡᠭ᠌ ᠬᠤᠳᠠᠯ ᠶᠤᠮ᠃

ᠰᠤ᠋᠄ ᠵᠠ ᠵᠠ᠂ ᠳᠠᠨ ᠤ ᠭᠠᠷ ᠡᠴᠡ ᠰᠠᠢ᠌ᠬᠠᠨ ᠪᠦᠳᠦᠭᠡᠯ ᠭᠠᠷᠤᠨ᠎ᠠ ᠭᠡᠳᠡᠭ᠌ ᠲᠤ ᠢᠳᠡᠭᠡᠨ᠎ᠡ᠃ ᠳᠡᠭᠡᠳᠤ ᠮᠤᠩᠭ᠋ᠤᠯ ᠤᠨ ᠣᠷᠠᠨ ᠵᠤᠬᠢᠶᠠᠯ ᠤᠨ ᠳᠤᠬᠠᠢ ᠳᠠ ᠶᠠᠭᠤ ᠪᠣᠳᠤᠳᠠᠭ ᠪᠣᠢ ︖ ᠣᠠᠴᠠᠭᠠᠢ᠌ᠯᠠᠨ ᠵᠠᠯᠠᠭᠤ ᠨᠢᠭᠡᠨ ᠦᠶ᠎ᠡ ᠶᠢᠨ ᠣᠷᠠᠨ ᠪᠦᠳᠦᠭᠡᠯᠴᠢᠳ ᠤᠨ ᠳᠤᠬᠠᠢ ᠵᠢᠭᠠᠬᠠᠨ ᠶᠠᠷᠢᠭᠠᠤᠨ ᠦᠭ‍ᠭᠦᠨ᠎ᠡ ᠦᠦ ︖

ᠣ᠄ ᠪᠠᠶᠠᠷᠯᠠᠯ᠎ᠠ᠂ ᠳᠡᠭᠡᠳᠤ ᠮᠤᠩᠭ᠋ᠤᠯ ᠤᠨ ᠣᠷᠠᠨ ᠵᠤᠬᠢᠶᠠᠯ ᠵᠤᠭᠢᠬᠤ ᠠᠮᠵᠢᠯᠳᠠ ᠲᠡᠶ ᠭᠦᠭ᠍ᠵᠢᠨ ᠦᠷᠨᠢᠵᠤ ᠪᠣᠢ᠃ ᠬᠣᠢ᠌ᠰᠢᠳᠠ ᠴᠤ ᠳᠠᠰᠤᠷᠠᠯ ᠦᠭᠡᠶ ᠭᠦᠭ᠍ᠵᠢᠨ ᠪᠣᠵᠠᠭᠠᠢ᠌ᠷᠠᠵᠤ ᠨᠠᠢ᠌ᠳᠠ ᠮᠤᠩᠭ᠋ᠤᠯ ᠤᠨ ᠣᠷᠠᠨ ᠵᠤᠬᠢᠶᠠᠯ ᠤᠨ ᠭᠦᠭ᠍ᠵᠢᠯᠳᠡ ᠲᠡᠶ ᠠᠯᠬᠤᠭ᠎ᠠ ᠨᠡᠢ᠌ᠯᠡᠭᠦᠯᠵᠤ ᠴᠢᠳᠠᠨ᠎ᠠ ᠭᠡᠳᠡᠭ᠌ ᠲᠤ ᠢᠳᠡᠭᠡᠵᠤ ᠶᠠᠪᠣᠳᠠᠭ᠃ ᠦᠨᠦᠳᠤᠷ ᠳᠡᠭᠡᠳᠤ ᠮᠤᠩᠭ᠋ᠤᠯ ᠤᠨ ᠣᠷᠠᠨ ᠵᠤᠬᠢᠶᠠᠯ ᠤᠨ ᠳᠠᠪᠴᠠᠩ ᠳᠡᠭᠡᠷ᠎ᠡ ᠨᠢᠭᠡ ᠭᠡᠰᠡᠭ᠌ ᠢᠳᠠᠷ ᠵᠠᠯᠠᠭᠤ ᠵᠤᠬᠢᠶᠠᠯᠴᠢᠳ ᠣᠷᠤᠨ ᠨᠤᠳᠤᠭ ᠤᠨ ᠦᠨᠦᠷ ᠠᠮᠳᠠᠳᠠᠢ ᠣᠷᠠᠨ ᠪᠦᠳᠦᠭᠡᠯ ᠶᠢᠡᠷ ᠶᠢᠡᠨ ᠥᠭᠡᠷ᠎ᠡ ᠪᠣᠰᠤᠳ ᠲᠤ ᠮᠡᠳᠡᠷᠡᠭ᠍ᠳᠡᠵᠤ ᠪᠠᠢ᠌ᠭ᠎ᠠ᠃ ᠨᠠᠩ ᠪᠠᠶᠠᠷᠯᠠᠭᠤᠰᠢᠳᠠᠢ ᠨᠢ ᠤᠢ᠌ᠷ᠎ᠡ ᠶᠢᠨ ᠬᠤᠶᠠᠷ ᠵᠢᠯ ᠳᠡᠭᠡᠳᠤ ᠮᠤᠩᠭ᠋ᠤᠯ ᠤᠨ ᠣᠷᠠᠨ ᠵᠤᠬᠢᠶᠠᠯ ᠭᠠᠳᠠᠭᠠᠳᠤ ᠳᠤᠳᠤᠭᠠᠳᠤ ᠶᠢᠨ ᠡᠷᠳᠡᠮᠳᠡᠳ ᠤᠨ ᠬᠠᠷᠠᠭᠠᠨ ᠳᠤ ᠣᠷᠤᠵᠤ ᠠᠩᠬᠠᠷᠤᠯ ᠢ ᠳᠠᠳᠠᠭᠰᠠᠨ ᠶᠢᠡᠷ ᠪᠠᠷᠠᠬᠤ ᠦᠭᠡᠶ ᠮᠥ᠊·ᠠᠰᠬ᠎ᠠ᠂ ᠡ᠊·ᠭᠦᠳᠡᠭᠡ᠂ ᠤᠳᠦᠡᠭᠦ᠋ᠤ᠂ ᠰᠢᠨᠠᠪᠣᠳᠤᠯ ᠵᠡᠷᠭᠡ ᠭᠠᠯ ᠵᠠᠯᠠᠭᠤ ᠣᠷᠠᠨ ᠪᠦᠳᠦᠭᠡᠯᠴᠢᠳ ᠭᠠᠷᠴᠤ ᠢᠷᠡᠭᠡᠳ ᠳᠡᠭᠡᠳᠤ ᠮᠤᠩᠭ᠋ᠤᠯ ᠤᠨ ᠣᠷᠠᠨ ᠵᠤᠬᠢᠶᠠᠯ ᠤᠨ ᠢᠷᠡᠭᠡᠳᠦᠢ ᠳᠤ ᠢᠳᠡᠭᠡᠯ ᠤᠨ ᠭᠦᠴᠤᠨ ᠨᠠᠮᠠᠵᠤ ᠪᠣᠢ᠃

ᠰᠤ᠋᠄ ᠳᠠᠢ᠌ᠮᠤ ᠪᠠᠢ᠌ᠨ᠎ᠠ᠃ ᠳᠠ ᠪᠠᠭᠡᠵᠢᠩ ᠳᠤ 《ᠯᠤ ᠰᠢᠶᠦ᠋ᠨ ᠨᠠᠷᠠᠮᠵᠢᠳᠤ》 ᠣᠤᠠᠬ᠎ᠠ ᠵᠤᠬᠢᠶᠠᠯ ᠤᠨ ᠳᠡᠭᠡᠳᠤ ᠰᠤᠷᠭᠠᠭᠤᠯᠢ ᠳ᠋ᠤ ᠰᠤᠷᠤᠯᠴᠠᠵᠤ ᠪᠠᠢ᠌ᠬᠤ ᠬᠤᠭᠤᠴᠠᠭᠠᠨ ᠳᠠᠭᠠᠨ 《ᠪᠣᠷᠴᠠ ᠵᠠᠵᠢᠯᠬᠤ ᠶᠢᠨ ᠠᠭᠱᠠᠨ ᠳᠤ》 ᠳ᠋ᠤ ᠭᠡᠰᠡᠨ ᠰᠢᠯᠦᠭ᠌ ᠪᠢᠴᠢᠭ᠍ᠰᠡᠨ ᠪᠠᠢ᠌ᠬ᠎ᠠ᠃ ᠳᠡᠭᠡᠭᠡᠳ ᠡᠨᠡ ᠵᠢᠯ ᠤᠨ 《ᠦᠨᠢᠷ ᠴᠡᠴᠡᠭ᠌》 ᠰᠡᠳᠭᠦᠯ ᠤᠨ ᠳᠤᠯᠤᠳᠤᠭᠠᠷ ᠬᠤᠭᠤᠴᠠᠭᠠᠨ ᠳᠡᠭᠡᠷ᠎ᠡ ᠨᠡᠢ᠌ᠳᠡᠯᠡᠭ᠍ᠳᠡᠵᠡᠢ᠃ ᠳᠤᠰ ᠰᠢᠯᠦᠭ᠌ ᠶᠢᠡᠨ ᠳᠠ ᠶᠠᠮᠠᠷ ᠪᠠᠢ᠌ᠳᠠᠯ ᠳᠤᠤᠷ᠎ᠠ ᠶᠠᠭᠤ ᠪᠣᠳᠤᠭᠠᠤᠨ ᠪᠢᠴᠢᠭ᠍ᠰᠡᠨ ᠪᠣᠯ ᠡ ︖ ᠣᠢ᠌ᠯᠠᠭᠠᠮᠠᠷ ᠪᠠᠢ᠌ᠨ᠎ᠠ᠃

ᠣ᠄ ᠪᠢ ᠪᠠᠭᠡᠵᠢᠩ ᠳᠤ ᠭᠦᠷᠦᠭᠡᠳ ᠰᠤᠷᠤᠯᠴᠠᠵᠤ ᠪᠠᠢ᠌ᠬᠤ ᠳᠤ ᠮᠠᠨ ᠤ ᠪᠦᠰᠡᠭᠦᠢ ᠠᠷᠤ ᠡᠴᠡ ᠨᠢᠭᠡ ᠭᠡᠰᠡᠭ᠌ ᠪᠣᠷᠴᠠ ᠬᠠᠳᠠᠭᠠᠭᠠᠤᠨ ᠰᠢᠤᠳᠠᠨ ᠶᠢᠡᠷ ᠢᠷᠡᠭᠦᠯᠦᠭ᠍ᠰᠡᠨ ᠶᠤᠮ᠃ ᠬᠠᠷᠢ ᠬᠤᠯᠠ ᠮᠢᠬ᠎ᠠ ᠱᠦᠯᠦ᠂ ᠭᠡᠷ ᠤᠨ ᠬᠤᠭᠤᠯᠠ ᠪᠠᠨ ᠥᠭᠡᠢ᠌ᠯᠡᠭᠡᠳ ᠰᠠᠭᠤᠵᠤ ᠪᠠᠢ᠌ᠬᠤ ᠳᠤ ᠡᠢ᠌ᠮᠤ ᠰᠠᠢ᠌ᠬᠠᠨ ᠪᠣᠷᠴᠠ ᠢᠷᠡᠭᠦᠯᠡᠷ ᠳᠠᠷᠠ ᠪᠠᠶᠠᠷᠯᠠᠭᠰᠠᠨ ᠭᠡᠳᠡᠭ᠌ ᠭᠡᠯᠡᠭᠦ ᠶᠢᠨ ᠠᠷᠭ᠎ᠠ ᠪᠠᠢ᠌ᠬᠤ ᠦᠭᠡᠶ᠃ ᠪᠠᠢ᠌ᠷᠢᠨ ᠳᠤ ᠪᠣᠷᠴᠠ ᠪᠠᠨ ᠢᠳᠠᠵᠤ ᠪᠠᠢ᠌ᠬᠤ ᠳᠤ ᠮᠢᠨᠤ ᠰᠡᠳᠭᠢᠯ ᠳᠤ ᠭᠡᠨᠡᠳᠲᠡ ᠳᠤᠰ ᠰᠢᠯᠦᠭ᠌ ᠣᠷᠤᠵᠤ ᠢᠷᠡᠭ᠍ᠰᠡᠨ᠃ ᠳᠡᠭᠡᠭᠡᠳ ᠪᠣᠷᠴᠠ ᠪᠠᠨ ᠵᠠᠵᠢᠯᠤᠭᠰᠠᠭᠠᠷ ᠪᠠᠢ᠌ᠵᠤ ᠡᠨᠡ ᠰᠢᠯᠦᠭ᠌ ᠵᠢᠡᠨ ᠪᠢᠴᠢᠭ᠍ᠰᠡᠨ ᠡ᠃

ᠰᠤ᠋᠄ ᠵᠠ ᠳᠠᠷᠠ ᠲᠦᠮᠡᠨ ᠳᠦᠵᠢᠭᠢᠨᠠᠵᠤ ᠪᠣᠮ ᠪᠦᠵᠢᠭᠢᠨᠡᠭ᠍ᠰᠡᠨ ᠪᠠᠭᠡᠵᠢᠩ ᠳᠤ ᠪᠠᠢ᠌ᠷᠢᠨ ᠳᠤ ᠪᠠᠨ ᠳᠠ ᠭᠠᠭᠴᠠᠭᠠᠷ ᠭᠡᠷ ᠤᠨ ᠪᠣᠷᠴᠠ ᠪᠠᠨ ᠵᠠᠵᠢᠯᠵᠤ ᠰᠠᠭᠤᠬᠤ ᠵᠠᠭᠤᠷ᠎ᠠ ᠪᠠᠨ ᠣᠯᠠᠨ ᠶᠠᠭᠤᠮ᠎ᠠ ᠪᠣᠳᠤᠭᠠᠤᠨ ᠠᠮᠵᠢᠭᠰᠠᠨ ᠶᠤᠮ ᠪᠠᠢ᠌ᠨ᠎ᠠ᠃ ᠳᠡᠭᠡᠭᠡᠳ ᠳᠤᠰ ᠰᠢᠯᠦᠭ᠌ ᠶᠢᠡᠨ ᠳᠠ ᠡ᠊ᠨᠳᠡ ᠣᠶᠠᠩᠭ᠋ᠠᠯᠠᠵᠤ ᠰᠤᠨᠤᠰᠤᠭᠴᠢᠳ ᠲᠡᠶ ᠪᠠᠨ ᠬᠤᠪᠢᠶᠠᠯᠴᠢᠨ᠎ᠠ ᠦᠦ ︖

ᠣ᠄ ᠵᠠ ᠳᠡᠭᠡᠶ᠎ᠡ᠃ ᠳᠠᠰᠢᠷᠠᠮ ᠶᠢᠡᠷ ᠭᠦᠡᠳᠦᠳᠤ ᠰᠤᠨᠤᠰᠤᠭᠴᠢᠳ ᠲᠤ ᠪᠠᠨ ᠠᠵᠠ ᠵᠢᠷᠭᠠᠯ᠂ ᠰᠠᠢ᠌ᠨ ᠰᠠᠢ᠌ᠬᠠᠨ ᠢ ᠭᠦᠰᠡᠶ᠎ᠡ ︕ (ᠵᠤᠬᠢᠶᠠᠯᠴᠢ ᠳᠤᠰ ᠰᠢᠯᠦᠭ᠌ ᠶᠢᠡᠨ ᠣᠶᠠᠩᠭ᠋ᠠᠯᠠᠵᠤ ᠣᠯᠠᠨ ᠰᠤᠨᠤᠰᠤᠭᠴᠢᠳ ᠤᠨ ᠰᠤᠨᠤᠷ ᠲᠤ ᠭᠦᠷᠭᠡᠯ᠎ᠡ)

ᠰᠤ᠋᠄ ᠥᠨᠡᠭᠡᠷ ᠴᠤ ᠭᠡᠷ ᠤᠨ ᠠᠮᠳᠠ ᠲᠡᠶ ᠪᠣᠷᠴᠠ ᠵᠠᠵᠢᠯᠤᠭᠰᠠᠨ ᠶᠤᠮ ᠪᠠᠢ᠌ᠨ᠎ᠠ᠃ ᠠᠪᠣ ᠡᠵᠢ᠂ ᠨᠤᠳᠤᠭ ᠣᠰᠤ᠂ ᠬᠠᠨᠢ ᠨᠥᠭᠦᠷ᠂ ᠡᠯᠢᠭᠡᠨ ᠰᠠᠳᠤᠨ᠂ ᠠᠷᠠᠤᠨ ᠤᠨ ᠳᠠᠭᠤᠤ ᠳᠤ ᠭᠦᠷᠳᠡᠯ᠎ᠡ ᠪᠦᠭᠦᠨ ᠶᠢᠡᠷ ᠶᠢᠡᠨ ᠳᠠᠨ ᠤ ᠪᠣᠳᠤᠯ ᠰᠡᠳᠭᠢᠯ ᠳᠤ ᠴᠠᠭᠢᠯᠤᠨ ᠪᠠᠭᠤᠵᠠᠢ᠃ ᠨᠤᠳᠤᠭ ᠭᠡᠭ᠍ᠴᠢ ᠶᠠᠭᠤ ᠪᠦᠭᠦᠨ ᠢ ᠭᠡᠯᠭᠢᠨ ᠬᠤᠯᠪᠣᠳᠠᠭ ᠰᠢᠵᠢᠮ ᠭᠡᠵᠤ ᠪᠣᠯᠤᠨ᠎ᠡ᠃ ᠵᠠ ᠳᠡᠭᠡᠭᠡᠳ ᠦᠨᠦ ᠦᠳᠡᠰᠢ ᠳᠠ ᠮᠠᠨ ᠤ ᠨᠡᠪᠳᠡᠷᠡᠭᠦᠯᠭᠡ ᠳᠤ ᠣᠷᠤᠯᠴᠠᠵᠤ ᠰᠠᠢ᠌ᠬᠠᠨ ᠶᠠᠷᠢᠯᠴᠠᠯᠭ᠎ᠠ ᠦᠭ‍ᠭᠦᠭ᠍ᠰᠡᠨ ᠳᠤ ᠳᠠᠯᠠᠷᠬᠠᠵᠤ ᠪᠠᠢ᠌ᠨ᠎ᠠ᠃ ᠬᠠᠷᠢᠨ ᠨᠡᠪᠳᠡᠷᠡᠭᠦᠯᠭᠡ ᠶᠢᠨ ᠳᠡᠭᠦᠰᠭᠡᠯ ᠳᠤ ᠳᠠ ᠣᠷᠠᠨ ᠪᠦᠳᠦᠭᠡᠯ ᠤᠨ ᠳᠠᠯ᠎ᠠ ᠪᠠᠷ ᠭᠢ ᠲᠦᠰᠤᠪ ᠲᠦᠯᠦᠪᠯᠡᠯᠭᠡ᠂ ᠭᠦᠰᠡᠯ ᠡᠷᠡᠮᠡᠯᠵᠢᠯᠡᠯ ᠶᠢᠡᠨ ᠪᠢᠳᠠᠨ ᠲᠡᠶ ᠳᠦᠭᠦᠮ ᠬᠤᠪᠢᠶᠠᠯᠴᠠᠵᠤ ᠪᠣᠯᠤᠨ᠎ᠡ ᠦᠦ ︖

ᠣ᠄ ᠬᠣᠢ᠌ᠰᠢᠳᠠ ᠪᠢ ᠮᠦᠨ ᠪᠢᠷ ᠶᠢᠡᠨ ᠳᠠᠯᠪᠢᠯ ᠦᠭᠡᠶ ᠣᠷᠠᠨ ᠪᠦᠳᠦᠭᠡᠯ ᠶᠢᠡᠨ ᠣᠷᠤᠯᠳᠤᠨ᠎ᠠ᠃ ᠳᠡᠭᠡᠭᠦ ᠳᠡᠭᠡᠨ ᠢᠷᠠᠭᠤ ᠨᠠᠢ᠌ᠷᠠᠭ᠂ ᠳᠤᠭᠤᠵᠢᠰ᠂ ᠨᠠᠢ᠌ᠷᠠᠭᠤᠯᠤᠯ᠂ ᠣᠷᠠᠨ ᠵᠤᠬᠢᠶᠠᠯ ᠤᠨ ᠰᠢᠭᠦᠮᠵᠢ ᠪᠠᠨ ᠵᠠᠯᠭᠠᠨ ᠪᠢᠴᠢᠨ᠎ᠡ᠃ ᠡᠨᠡ ᠰᠠᠢ᠌ᠬᠠᠨ ᠳᠡᠭ᠍ᠷᠢᠯᠢᠭ᠌ ᠰᠤᠶᠤᠯ ᠮᠢᠨᠢ ᠪᠠᠢ᠌ᠭᠰᠠᠨ ᠴᠠᠭ ᠲᠤ ᠮᠢᠨᠤ ᠪᠣᠳᠤᠵᠤ ᠪᠠᠢ᠌ᠭ᠎ᠠ ᠪᠣᠳᠤᠯ᠂ ᠰᠠᠨᠠᠵᠤ ᠪᠠᠢ᠌ᠭ᠎ᠠ ᠭᠦᠰᠡᠯ ᠪᠠᠶᠡᠯᠡᠭ᠍ᠳᠡᠨ᠎ᠡ ᠭᠡᠳᠡᠭ᠌ ᠲᠤ ᠮᠦᠨ ᠢᠳᠡᠭᠡᠵᠤ ᠪᠠᠢ᠌ᠨ᠎ᠠ᠃ ᠢᠳᠡᠭᠡᠯ ᠴᠤ ᠪᠠᠢ᠌ᠨ᠎ᠠ᠃

ᠰᠤ᠋᠄ ᠵᠠ᠂ ᠦᠨᠦᠳᠤᠷ ᠳᠠ ᠠᠯᠤᠰ ᠤᠨ ᠣᠳᠠᠰᠤ ᠪᠠᠷ ᠳᠠᠷᠠ ᠬᠤᠯᠠ ᠡᠴᠡ ᠪᠢᠳᠠᠨ ᠤ ᠰᠤᠷᠪᠣᠯᠵᠢᠯᠭ᠎ᠠ ᠶᠢ ᠭᠦᠯᠢᠶᠡᠵᠤ᠂ ᠰᠠᠢ᠌ᠬᠠᠨ ᠶᠠᠷᠢᠯᠴᠠᠯᠭ᠎ᠠ ᠶᠢ ᠮᠠᠨ ᠤ ᠰᠤᠨᠤᠰᠤᠭᠴᠢ ᠣᠯᠠᠨ ᠳᠤ ᠭᠦᠷᠭᠡᠭ᠍ᠰᠡᠨ ᠳᠤ ᠪᠠᠶᠠᠷᠯᠠᠵᠤ ᠪᠠᠢ᠌ᠨ᠎ᠠ᠂ ᠳᠠᠨ ᠳᠤ ᠣᠷᠠᠨ ᠪᠦᠳᠦᠭᠡᠯ ᠤᠨ ᠦᠨᠳᠦᠷ ᠠᠮᠵᠢᠯᠳᠠ ᠭᠦᠰᠡᠭᠦ ᠶᠢᠨ ᠬᠠᠮᠳᠤ ᠪᠠᠰᠠ ᠠᠵᠠ ᠵᠢᠷᠭᠠᠯ᠂ ᠰᠠᠢ᠌ᠨ ᠰᠠᠢ᠌ᠬᠠᠨ ᠭᠦᠰᠡᠶ᠎ᠡ ︕

ᠣ᠄ ᠪᠠᠶᠠᠷᠯᠠᠯ᠎ᠠ᠂ ᠨᠠᠳᠠ ᠡᠢ᠌ᠮᠤ ᠰᠠᠢ᠌ᠬᠠᠨ ᠠᠵᠠ ᠵᠠᠪᠰᠢᠶᠠᠨ ᠣᠯᠭᠤᠭᠰᠠᠨ ᠳᠠ ᠨᠠᠢ᠌ᠳᠠ ᠳᠡᠭᠡᠨ ᠪᠠᠰᠠ ᠳᠠᠯᠠᠷᠬᠠᠵᠤ ᠪᠠᠢ᠌ᠨ᠎ᠠ ︕

ᠰᠤ᠋᠄ ᠵᠠ᠂ ᠪᠠᠶᠠᠷᠳᠠᠢ ︕

ᠣ᠄ ᠪᠠᠶᠠᠷᠳᠠᠢ ︕


ᠵᠤᠬᠢᠶᠠᠭᠴᠢ ᠶᠢᠨ ᠬᠠ‍‌ᠶᠢᠭ ᠄ ᠬᠦᠬᠡ‍ᠨᠠᠭᠤᠷ ᠮᠤᠵᠢ ᠶᠢᠨ ᠣᠯᠠᠭᠠᠨ ᠰᠢᠶᠠᠨ ᠤ ᠮᠤᠩᠭ᠋ᠤᠯ ᠳᠤᠮᠳᠠᠳᠤ ᠰᠤᠷᠭᠠᠭᠤᠯᠢ

ᠵᠤᠬᠢᠶᠠᠭᠴᠢ᠄ ᠯ·ᠣᠳᠤᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠶᠤᠯ ᠣᠷᠠᠯᠢᠭ
ᠳᠠᠷᠤᠮ᠄ 2238
ᠴᠠᠭ᠄ 2011 ᠤᠨ ᠤ 10 ᠰᠠᠷ᠎ᠠ ᠶᠢᠨ 12
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁