《ᠦᠨᠡᠨ ᠶᠢᠡᠷ ᠶᠠᠪᠣᠪᠠᠯ ᠥᠭᠡᠷ ᠳᠡᠷᠭᠡ ᠪᠠᠷ ᠳᠠᠤᠯᠠᠢ ᠶᠢ ᠭᠦᠭᠡᠭᠡᠵᠤ ᠭᠦᠢᠴᠡᠨ᠎ᠡ》 ᠭᠡᠭᠦ ᠥᠭᠡᠨ ᠤ ᠣᠤᠠᠬ᠎ᠠ ᠶᠢ ᠰᠢᠡᠵᠢᠭᠦ ᠨᠢ

ᠮᠠᠨ ᠤ ᠮᠤᠩᠭ᠋ᠤᠯᠴᠤᠳ ᠣᠭ ᠢᠵᠠᠭᠤᠷ ᠡᠴᠡ ᠪᠠᠨ ᠠᠪᠣᠭᠠᠤᠨ ᠭᠦᠮᠤᠨ ᠴᠢᠨᠠᠷ ᠢ ᠲᠤᠢ᠌ᠯ ᠶᠢᠡᠷ ᠭᠦᠡᠳᠦᠳᠭᠡᠨ ᠦᠵᠡᠵᠤ ᠰᠤᠶᠤᠯ ᠪᠣᠯᠪᠠᠰᠤᠷᠠᠯ ᠢ ᠡᠵᠡᠮᠰᠢᠭᠦ ᠳᠤ ᠣᠷᠢᠳᠠᠪᠠᠷ ᠭᠦᠮᠤᠨ ᠪᠣᠯᠬᠤ ᠶᠢ ᠭᠢᠴᠢᠶᠡᠳᠡᠭ᠌ ᠨᠢ ᠣᠳᠤ ᠶᠢᠨ 《ᠭᠦᠮᠤᠨ ᠶᠢᠡᠷ ᠦᠨᠳᠦᠰᠦ ᠪᠣᠯᠭᠠᠬᠤ》 ᠰᠤᠷᠭᠠᠨ ᠭᠦᠮᠦᠵᠢᠯ ᠢ ᠠᠯᠢ ᠭᠡᠵᠢᠶᠡᠨᠡᠢ ᠡᠴᠡ ᠠᠩᠬᠠᠷᠤᠭᠰᠠᠨ ᠨᠢ ᠢᠯᠡᠭᠡᠨ ᠮᠡᠳᠡᠭ᠍ᠳᠡᠵᠤ ᠪᠠᠢ᠌ᠨ᠎ᠠ᠃ ᠬᠡᠦᠬᠡᠳ ᠶᠢᠡᠨ ᠭᠤᠤᠯᠴᠢ᠂ ᠦᠨᠡᠠᠴᠢ ᠰᠢᠳᠤᠷᠭᠤ ᠭᠦᠮᠤᠨ ᠪᠣᠯᠬᠤ ᠶᠢ ᠭᠢᠴᠢᠶᠠᠵᠤ 《ᠦᠨᠡᠨ ᠶᠢᠡᠷ ᠶᠠᠪᠣᠪᠠᠯ ᠥᠭᠡᠷ ᠳᠡᠷᠭᠡ ᠪᠠᠷ ᠳᠠᠤᠯᠠᠢ ᠶᠢ ᠭᠦᠭᠡᠭᠡᠵᠤ ᠭᠦᠢᠴᠡᠨ᠎ᠡ》 ᠭᠡᠵᠤ ᠰᠤᠷᠭᠠᠳᠠᠭ ᠨᠢ ᠬᠡᠦᠬᠡᠳ ᠪᠠᠭᠠᠴᠤᠳ ᠲᠤ ᠭᠦᠮᠤᠨ ᠪᠣᠯᠤᠨ ᠭᠦᠮᠦᠵᠢᠭ᠍ᠳᠡᠭᠦ ᠶᠢᠨ ᠦᠨᠳᠦᠰᠦᠨ ᠵᠦᠢ ᠶᠤᠰᠤ ᠶᠢ ᠵᠢᠭᠠᠵᠤ᠂ ᠭᠦᠮᠤᠨ ᠨᠡᠢ᠌ᠭᠡᠮ ᠤᠨ ᠪᠣᠯᠪᠠᠰᠤᠨ ᠶᠤᠰᠤ ᠮᠤᠷᠠᠯ ᠪᠣᠯᠤᠨ ᠡᠷᠭᠢᠮ ᠳᠡᠭᠡᠳᠤ ᠵᠠᠩ ᠵᠠᠩᠰᠢᠯ ᠤᠨ ᠭᠦᠮᠦᠵᠢᠯ ᠢ ᠭᠦᠷᠳᠡᠭᠡᠭᠦ ᠣᠨᠤᠯ ᠤᠨ ᠰᠠᠭᠤᠷᠢ ᠶᠢ ᠳᠠᠯᠪᠢᠭᠰᠠᠨ ᠭᠡᠵᠤ ᠭᠡᠯᠡᠵᠤ ᠪᠣᠯᠬᠤ ᠶᠤᠮ᠃ ᠡᠨᠡ ᠨᠢ ᠮᠦᠨᠴᠤ ᠭᠦᠮᠤᠨ ᠢ ᠰᠠᠢ᠌ᠨ ᠤ ᠮᠦᠷ ᠶᠢᠡᠷ ᠭᠦᠳᠦᠯᠭᠦ ᠰᠢᠷ᠎ᠠ ᠶᠢᠨ ᠱᠠᠰᠢᠨ ᠤ ᠭᠤᠤᠯ ᠵᠤᠷᠢᠭ ᠰᠠᠨᠠᠭ᠎ᠠ ᠡᠴᠡ ᠦᠨᠳᠦᠰᠦᠯᠠᠵᠤ ᠴᠤᠭᠴᠠᠯᠠᠭᠳᠠᠭᠰᠠᠨ ᠶᠤᠰᠤ ᠰᠤᠷᠳᠠᠬᠤᠨ ᠤ ᠰᠠᠭᠢᠯᠭ᠎ᠠ ᠳᠦᠷᠢᠮ ᠪᠣᠯᠤᠭᠠᠤᠨ ᠭᠦᠮᠦᠰ ᠤᠨ ᠣᠶᠤᠨ ᠰᠠᠨᠠᠭ᠎ᠠ ᠶᠢ ᠨᠤᠶᠠᠷᠬᠠᠨ ᠳᠠᠩᠴᠤ ᠣᠷᠳᠤ ᠳᠡᠦᠭᠡᠨ ᠬᠤᠭᠤᠴᠠᠭ᠎ᠠ ᠶᠢ ᠥᠩᠭᠡᠷᠡᠭᠦᠯᠪᠡ᠃ 《ᠴᠢᠩᠭᠢᠰ ᠤᠨ ᠶᠡᠭᠡ ᠵᠠᠰᠠᠭ》 ᠊ᠢ ᠣᠳᠤᠭᠢ ᠨᠡᠢ᠌ᠭᠡᠮ ᠤᠨ ᠪᠠᠢ᠌ᠭᠤᠯᠤᠯ ᠳᠤ ᠭᠡᠷᠡᠭ᠍ᠵᠢᠭᠦᠯᠵᠤ ᠪᠣᠯᠬᠤ ᠦᠭᠡᠶ ᠲᠡᠶ ᠠᠳᠠᠯᠢ ᠪᠠᠷ᠂ ᠶᠠᠮᠠᠷᠪᠠ ᠣᠨᠤᠯ 《ᠪᠠᠳᠤᠶᠤᠰᠤ》 ᠨᠢ ᠪᠦᠷ ᠳᠤᠬᠠᠢ ᠶᠢᠨ ᠨᠡᠢ᠌ᠭᠡᠮ ᠤᠨ ᠠᠭᠤᠷ ᠠᠮᠢᠰᠬᠤᠯ ᠪᠣᠯᠤᠨ ᠶ‍ᠢᠷᠳᠢᠠᠴᠤ ᠶᠢᠨ ᠦᠵᠡᠯᠳᠠ ᠶᠢᠨ ᠭᠢᠵᠠᠭᠠᠷ ᠲᠡᠶ ᠨᠥᠭᠦᠴᠡᠯ ᠳᠤ ᠪᠦᠳᠦᠵᠤ ᠮᠡᠡᠳᠦᠯᠡᠭ᠍ᠰᠡᠨ ᠠᠭᠠᠤᠨ ᠳᠤᠬᠠᠢ ᠶᠢᠨ ᠴᠠᠭ ᠦᠶ᠎ᠡ ᠳᠡᠭᠡᠨ ᠮᠠᠰᠢ ᠢᠳᠠᠪᠭᠢᠳᠠᠢ ᠳᠠᠯ᠎ᠠ ᠶᠢᠨ ᠨᠥᠯᠦᠭᠡ ᠥᠵᠡᠭᠦᠯᠵᠤ ᠪᠠᠢ᠌ᠭᠰᠠᠨ ᠢ ᠡ᠊ᠨᠳᠡ ᠭᠦᠢᠴᠡᠳ ᠥᠨᠡᠯᠡᠭᠦ ᠦᠭᠡᠶ ᠪᠠᠢ᠌ᠵᠤ ᠪᠣᠯᠬᠤ ᠦᠭᠡᠶ᠃

ᠬᠠᠭᠤᠴᠢᠨ ᠶᠠᠭᠤᠮ᠎ᠠ ᠣᠯᠠ ᠪᠣᠯᠵᠤ ᠰᠢᠨ᠎ᠠ ᠶᠠᠭᠤᠮ᠎ᠠ ᠵᠤᠯᠠ ᠪᠣᠯᠳᠠᠭ ᠶᠤᠰᠤ ᠪᠠᠷ᠂ ᠡᠨᠡᠭᠦ ᠶᠤᠰᠤ ᠰᠤᠷᠳᠠᠬᠤᠨ ᠤ ᠬᠠᠮᠤᠭ 《ᠵᠦᠪ ᠣᠨᠤᠪᠴᠢᠳᠠᠢ ᠳᠤᠮᠢᠶᠠᠯᠠᠯ》 ᠨᠢ ᠳᠡᠭᠦᠨ ᠤ ᠰᠠᠳᠭᠢᠴᠠ ᠶᠢᠨ ᠭᠢᠵᠠᠭᠠᠷᠯᠠᠯ ᠪᠣᠯᠤᠨ ᠠᠮᠢᠳᠤᠷᠠᠯ ᠳᠤ ᠬᠠᠠᠳᠤᠬᠤ ᠨᠠᠵᠠᠭᠠᠢ ᠣᠪᠣᠷ ᠶᠢᠡᠨ ᠠᠷᠠᠤᠨ ᠲᠦᠮᠡᠨ ᠳᠤ ᠳᠠᠨᠢᠭᠳᠠᠬᠤ ᠪᠣᠯᠤᠭᠰᠠᠨ ᠪᠠᠢ᠌ᠨ᠎ᠠ᠃ ᠪᠣᠳᠠᠳᠠᠢ ᠵᠢᠱᠢᠶ᠎ᠠ ᠳᠠᠳᠠᠬᠤ ᠳᠤ᠂ ᠪᠢᠳᠠ ᠴᠦᠩᠴᠢᠩ ᠤᠨ ᠬᠠᠷ᠎ᠠ ᠪᠦᠯᠦᠭ᠍ᠳᠡᠳ ᠤᠨ ᠭᠡᠷᠴᠡᠭᠡᠢ᠌ᠯᠡᠯ ᠪᠣᠯᠤᠨ ᠣᠯᠠᠭᠠᠠᠬᠠᠳᠠ ᠬᠤᠳᠠ ᠶᠢᠨ ᠬᠠᠮᠤᠭ ᠳᠤᠮᠤ ᠱᠠᠮᠰᠢᠭᠴᠢ ᠰᠢᠤᠢ ᠭᠦᠸᠧ ᠶᠤᠸᠠᠨ ᠤ ᠲᠦᠪ ᠪᠣᠰᠤ ᠣᠢ᠌ᠯᠠ ᠠᠵᠢᠯᠯᠠᠭ᠎ᠠ ᠶᠢ ᠬᠠᠷᠠᠭᠠᠤᠨ 《ᠥᠭᠡᠷ ᠳᠡᠷᠭᠡ ᠪᠠᠷ ᠳᠠᠤᠯᠠᠢ ᠭᠦᠢᠴᠡᠨ᠎ᠡ》 ᠭᠡᠵᠤ ᠡᠰᠡᠷᠭᠦᠴᠡᠭᠦ ᠦᠭᠡᠶ ᠬᠠᠷᠠᠵᠤ ᠰᠠᠭᠤᠭᠠᠤᠨ ᠪᠣᠯᠤᠨ᠎ᠠ ᠭᠡᠵᠢ ᠦᠦ ︖ ᠣᠷᠤᠨ ᠨᠤᠳᠤᠭ ᠤᠨ ᠬᠠᠷᠭᠢᠰᠴᠤᠤᠯ ᠴᠢᠮ᠎ᠠ ᠳᠤ ᠶᠠᠯᠠᠳᠤ ᠭᠡᠷᠡᠭ᠌ ᠶᠢᠡᠨ ᠨᠥᠮᠦᠷᠡᠭᠦᠯᠦᠭ᠍ᠰᠡᠨ ᠦᠶ᠎ᠡ ᠳᠤ᠂ ᠭᠢᠯᠢᠰ ᠶᠢᠡᠨ ᠴᠠᠭᠠᠳᠬᠠᠬᠤ ᠢᠳᠠᠪᠭᠢᠳᠠᠢ ᠠᠷᠭ᠎ᠠ ᠭᠡᠮᠵᠢᠶ᠎ᠡ ᠠᠪᠬᠤ ᠦᠭᠡᠶ ᠪᠠᠷ 《ᠳᠠᠤᠯᠠᠢ ᠭᠦᠢᠴᠡᠭᠦ》 ᠵᠢ ᠭᠦᠯᠢᠶᠡᠵᠤ ᠰᠠᠭᠤᠭᠠᠤᠨ ᠪᠣᠯᠤᠨ᠎ᠠ ᠭᠡᠵᠢ ᠦᠦ ︖ ᠴᠠᠭ ᠦᠶ᠎ᠡ ᠳᠠᠪᠰᠢᠵᠤ ᠨᠡᠢ᠌ᠭᠡᠮ ᠣᠷᠤᠭᠰᠢᠯᠠᠵᠤ ᠪᠠᠢ᠌ᠬᠤ ᠳᠤ ᠢᠳᠠᠪᠭᠢᠳᠠᠢ ᠠᠮᠢᠳᠤᠷᠠᠯ ᠤᠨ ᠣᠪᠣᠷ ᠠᠪᠬᠤ ᠦᠭᠡᠶ ᠪᠠᠷ ᠬᠤᠪᠢ ᠵᠠᠶᠠᠭᠠᠨ ᠤ ᠳᠤᠭᠢᠷᠠᠭᠤᠯᠤᠯᠭ᠎ᠠ ᠶᠢ ᠭᠦᠯᠢᠶᠡᠵᠤ ᠰᠠᠭᠤᠳᠠᠭ ᠲᠤ ᠭᠦᠷᠪᠠᠯ ᠦᠨᠡᠩᠬᠦ ᠴᠠᠭ ᠦᠶ᠎ᠡ ᠶᠢᠨ ᠰᠢᠭᠠᠷᠤ ᠪᠣᠯᠵᠤ ᠣᠷᠭᠢᠭᠳᠠᠬᠤ ᠳᠤ ᠭᠦᠷᠦᠨ᠎ᠡ᠃ ᠳᠡᠭᠡᠭᠦ ᠪᠠᠷ ᠪᠢᠳᠠ ᠵᠥᠪᠭᠡᠨ 《ᠥᠭᠡᠷ ᠳᠡᠷᠭᠡ ᠪᠠᠷ ᠳᠠᠤᠯᠠᠢ ᠭᠦᠭᠡᠭᠡᠳ》 ᠪᠠᠢ᠌ᠵᠤ ᠪᠣᠯᠬᠤ ᠦᠭᠡᠶ᠂ ᠨᠥᠭᠦᠴᠡᠯ ᠭᠦᠷᠭᠦ ᠳᠤ ᠯᠠ ᠭᠦᠷᠪᠠᠯ ᠮᠤᠷᠢ ᠪᠣᠶᠤ ᠮᠤᠲ᠋ᠸᠷ ᠶᠢᠡᠷ ᠭᠦᠭᠡᠭᠡᠭᠦ ᠶᠢ ᠭᠡᠨ ᠪᠠᠢ᠌ᠭ ᠭᠡᠭᠦ ᠶᠤᠮ ᠪᠣᠢ ︕ ᠮᠠᠨ ᠳᠤ ᠣᠳᠤ ᠢᠳᠠᠪᠭᠢᠳᠠᠢ ᠠᠮᠢᠳᠤᠷᠠᠯ ᠳᠠᠮᠠᠴᠠᠯ ᠤᠨ ᠣᠪᠣᠷ ᠶᠡᠭᠡᠭᠡᠨ ᠳᠤᠳᠠᠭᠳᠠᠵᠤ ᠪᠠᠢ᠌ᠨ᠎ᠠ ᠰᠢᠤ ︕

ᠪᠠᠭᠠᠴᠤᠳ ᠬᠡᠦᠬᠡᠳ ᠲᠤ ᠵᠥᠪᠭᠡᠨ ᠣᠯᠠᠨ ᠨᠠᠢ᠌ᠳᠠ ᠶᠢᠨ ᠶᠤᠰᠤ ᠳᠢᠭ᠍ᠯᠢᠮ ᠡᠮᠭᠢ ᠵᠢᠷᠤᠮ ᠢ ᠣᠢ᠌ᠯᠠᠭᠠᠨ ᠳᠠᠭᠠᠬᠤ᠂ ᠣᠯᠤᠰ ᠭᠡᠷ ᠤᠨ ᠬᠠᠤᠯᠢ ᠴᠠᠭᠠᠵᠠ᠂ ᠳᠦᠷᠢᠮ ᠳᠤᠭᠳᠠᠭᠠᠯ ᠢ ᠳᠠᠨᠢᠵᠤ ᠰᠠᠭᠢᠬᠤ ᠮᠠᠳᠤ ᠶᠢᠨ 《ᠢᠩᠭᠢᠵᠤ ᠪᠣᠯᠬᠤ ᠦᠭᠡᠶ᠂ ᠳᠡᠭᠡᠵᠤ ᠪᠣᠯᠬᠤ ᠦᠭᠡᠶ》 ᠭᠡᠰᠡᠨ 《ᠪᠣᠯᠬᠤ ᠦᠭᠡᠶ》 ᠵᠢᠨ ᠳᠠᠩ ᠴᠤᠯᠭᠤᠢ ᠭᠦᠮᠦᠵᠢᠯ ᠭᠦᠷᠳᠡᠭᠡᠭᠦ ᠶᠢᠨ ᠡᠴᠦᠰ ᠤᠨ ᠳ᠋ᠦ᠋ᠩ ᠨᠢ ᠬᠡᠦᠬᠡᠳ ᠢ ᠵᠢᠷᠦᠭᠡ ᠪᠠᠭ᠎ᠠ ᠪᠣᠯᠭᠠᠵᠤ ᠣᠴᠢᠷ ᠶᠠᠪᠣᠳᠠᠯ ᠪᠦᠭᠦᠨ ᠡᠴᠡ ᠠᠶᠤᠵᠤ ᠡᠮᠢᠶᠡᠳᠡᠭ᠌ ᠪᠣᠯᠭᠠᠵᠤ᠂ ᠨᠡᠢ᠌ᠭᠡᠮ ᠤᠨ ᠭᠦᠭ᠍ᠵᠢᠯᠳᠡ ᠶᠢᠨ ᠦᠷᠢᠰᠦᠯᠳᠦᠭᠡᠨ ᠳᠤ ᠦᠪᠡᠷ ᠢ ᠪᠠᠨ ᠢᠯᠡᠷᠡᠭᠦᠯᠭᠦ ᠵᠤᠷᠢᠭ ᠭᠦᠷᠭᠦ ᠦᠭᠡᠶ ᠪᠣᠶᠤ ᠪᠠᠶ᠎ᠠ ᠪᠠᠨ ᠭᠤᠯᠤᠬᠤ᠂ ᠢᠳᠡᠭᠡᠯ ᠠᠯᠳᠠᠬᠤ᠂ ᠵᠤᠭᠢᠴᠠᠬᠤ ᠴᠢᠳᠠᠪᠣᠷᠢ ᠪᠠ ᠪᠠᠶ᠎ᠠ ᠪᠠᠨ ᠳᠠᠭᠠᠭᠠᠬᠤ ᠴᠢᠳᠠᠪᠣᠷᠢ ᠪᠠᠷ ᠳᠤᠷᠤᠢ ᠵᠡᠷᠭᠡ ᠡᠴᠡ ᠠᠮᠠᠷᠬᠠᠨ ᠢᠯᠠᠭᠳᠠᠯ ᠳᠤ ᠣᠴᠠᠷᠠᠬᠤ᠂ ᠡᠰᠡᠭᠦᠯ᠎ᠡ ᠬᠠᠵᠠᠭᠠᠢ ᠪᠣᠷᠤᠭᠤ ᠵᠠᠮ ᠶᠢᠡᠷ ᠶᠠᠪᠣᠬᠤ ᠶᠠᠪᠣᠳᠠᠯ ᠴᠤ ᠭᠠᠷᠳᠠᠭ᠃

ᠣᠳᠤ ᠶᠢᠨ ᠨᠡᠢ᠌ᠭᠡᠮ ᠳᠤ 《ᠦᠨᠡᠨ ᠶᠢᠡᠷ ᠶᠠᠪᠣᠪᠠᠯ ᠥᠭᠡᠷ ᠳᠡᠷᠭᠡ ᠳᠠᠤᠯᠠᠢ ᠶᠢ ᠭᠦᠭᠡᠭᠡᠵᠤ ᠭᠦᠢᠴᠡᠨ᠎ᠡ》 ᠭᠡᠳᠡᠭ᠌ ᠭᠡᠪᠰᠢᠮᠡᠯ ᠥᠭᠡ ᠪᠠᠷ ᠨᠤᠷᠱᠤᠵᠤ ᠰᠤᠷᠭᠠᠬᠤ ᠨᠢ ᠴᠠᠭ ᠤᠨ ᠪᠠᠢ᠌ᠳᠠᠯ ᠢ ᠨᠢᠭᠡᠨᠲᠡ ᠳᠠᠭᠠᠵᠤ ᠠᠮᠵᠢᠬᠤ ᠦᠭᠡᠶ ᠪᠣᠯᠵᠠᠢ᠃ ᠶᠠᠭᠤᠨ ᠳᠤ ᠭᠡᠪᠠᠯ 《ᠦᠨᠡᠨ ᠶᠢᠡᠷ ᠶᠠᠪᠣᠪᠠᠯ ᠥᠭᠡᠷ ᠳᠡᠷᠭᠡ ᠳᠠᠤᠯᠠᠢ ᠶᠢ ᠭᠦᠭᠡᠭᠡᠵᠤ ᠭᠦᠢᠴᠡᠨ᠎ᠡ》 ᠭᠡᠳᠡᠭ᠌ ᠥᠭᠡ ᠶᠢᠨ ᠥᠯᠢᠭᠡᠷ ᠤᠨ ᠢᠷᠠᠯᠳᠠ ᠶᠢ ᠨᠢ ᠮᠡᠳᠡᠴᠢᠭᠡᠪᠠᠯ ᠮᠠᠨ ᠤ ᠮᠤᠩᠭ᠋ᠤᠯᠴᠤᠳ ᠠᠷᠠᠢ ᠶᠠᠭᠤᠮ᠎ᠠ ᠪᠣᠯᠭᠠᠨ ᠳᠡᠭᠡᠷ᠎ᠡ ᠡᠨᠡ ᠥᠭᠡ ᠶᠢ ᠳᠤᠬᠤᠵᠤ ᠭᠡᠷᠡᠭᠯᠡᠭᠦ ᠦᠭᠡᠶ ᠪᠣᠯᠴᠢᠬᠤ ᠶᠤᠮ᠃

ᠣᠭ ᠥᠯᠢᠭᠡᠷ ᠨᠢ ᠡᠢ᠌ᠮᠤ ᠪᠠᠢ᠌ᠨ᠎ᠠ᠃ ᠣᠷᠢᠳᠤ ᠳᠤ ᠨᠢᠭᠡᠨ ᠥᠭᠡᠷ ᠳᠡᠷᠭᠡ ᠲᠡᠶ ᠭᠦᠮᠤᠨ ᠪᠣᠯᠤᠨ ᠮᠤᠷᠢ ᠲᠡᠶ ᠭᠦᠮᠤᠨ ᠬᠤᠶᠠᠷ ᠵᠠᠮ ᠳᠠᠭᠠᠷᠠᠵᠤ ᠭᠡᠨ᠎ᠡ᠃ ᠵᠠᠮ ᠤᠨ ᠬᠠᠵᠠᠭᠤ ᠡᠴᠡ ᠨᠢᠭᠡ ᠳᠠᠤᠯᠠᠢ ᠪᠣᠰᠤᠭᠠᠤᠨ ᠭᠠᠷᠳᠠᠯ᠎ᠠ᠂ ᠮᠤᠷᠢ ᠲᠡᠶ ᠭᠦᠮᠤᠨ ᠨᠢ ᠮᠤᠷᠢ ᠪᠠᠷ ᠶᠢᠡᠨ᠂ ᠳᠡᠷᠭᠡ ᠲᠡᠶ ᠭᠦᠮᠤᠨ ᠨᠢ ᠶᠠᠪᠠᠭᠠᠨ ᠶᠢᠡᠷ ᠬᠠᠰᠢᠭᠠᠤᠨ ᠳᠠᠭᠤᠵᠤ ᠭᠡᠨ᠎ᠡ᠃ ᠴᠢᠩᠭᠢᠭᠦ ᠳᠤ ᠮᠤᠷᠢ ᠲᠡᠶ ᠭᠦᠮᠤᠨ ᠨᠢ ᠳᠠᠤᠯᠠᠢ ᠶᠢ ᠬᠠᠷᠠᠮᠯᠠᠭᠠᠤᠨ ᠭᠠᠳᠠᠭᠰᠢ ᠪᠠᠨ ᠬᠠᠰᠢᠭᠠᠤᠨ ᠳᠠᠭᠤᠭᠠᠤᠨ ᠶᠠᠪᠣᠴᠢᠵᠠᠢ᠃ ᠳᠡᠷᠭᠡ ᠲᠡᠶ ᠭᠦᠮᠤᠨ ᠨᠢ ᠳᠡᠷᠭᠡ ᠪᠠᠨ ᠭᠦᠭᠡᠭᠡᠳ ᠵᠠᠮ ᠶᠢᠡᠷ ᠶᠠᠪᠣᠵᠤ ᠪᠠᠢ᠌ᠳᠠᠯ᠎ᠠ ᠦᠨᠦ ᠳᠠᠤᠯᠠᠢ ᠨᠢ ᠡᠮᠦᠨᠡᠳᠡᠢ ᠨᠢ ᠭᠦᠶ‍ᠦᠵᠤ ᠢᠷᠡᠭᠡᠳ ᠭᠦᠰᠢᠭᠡᠳ ᠣᠨᠠᠴᠢᠵᠠᠢ ᠭᠡᠨ᠎ᠡ᠃ ᠮᠤᠷᠢ ᠲᠡᠶ ᠭᠦᠮᠤᠨ ᠢᠷᠡᠭᠡᠳ ᠄

《ᠥᠭᠡᠷ ᠳᠡᠷᠭᠡ ᠲᠡᠶ ᠴᠢᠮ᠎ᠠ ᠳᠤ ᠳᠠᠤᠯᠠᠢ ᠪᠠᠨ ᠠᠯᠳᠠᠴᠢᠬᠠᠯ᠎ᠠ》 ᠭᠡᠭᠦᠯᠡᠷ ᠥᠭᠡᠷ ᠳᠡᠷᠭᠡ ᠲᠡᠶ ᠭᠦᠮᠤᠨ ᠨᠢ ᠄

《ᠦᠨᠡᠨ ᠶᠢᠡᠷ ᠶᠠᠪᠣᠪᠠᠯ ᠥᠭᠡᠷ ᠳᠡᠷᠭᠡ ᠳᠠᠤᠯᠠᠢ ᠶᠢ ᠭᠦᠢᠴᠡᠭᠦ ᠶᠤᠮ ᠰᠢᠤ ︕》 ᠭᠡᠵᠤ ᠭᠡᠨ᠎ᠡ᠃

ᠲ᠋ᠤᠰ ᠥᠯᠢᠭᠡᠷ ᠳ᠋ᠠᠭᠢ ᠥᠭᠡᠷ ᠳᠡᠷᠭᠡ ᠲᠡᠶ ᠭᠦᠮᠤᠨ ᠳᠠᠤᠯᠠᠢ ᠶᠢ ᠣᠯᠤᠭᠰᠠᠨ ᠨᠢ ᠦᠨᠡᠨ ᠶᠢᠡᠷ ᠶᠠᠪᠣᠪᠠᠯ ᠵᠠᠪᠠᠯ ᠳᠠᠤᠯᠠᠢ ᠣᠯᠤᠨ᠎ᠠ ᠭᠡᠰᠡᠨ ᠵᠢᠮ᠎ᠠ ᠶᠤᠰᠤ ᠪᠢᠰᠢ᠂ ᠬᠠᠷᠢᠨ ᠲᠤᠬᠢᠶᠠᠯᠳᠤᠮᠵᠢ ᠳᠠᠳᠤᠢ ᠭᠡᠳᠡᠭ᠌ ᠢ ᠭᠦᠮᠦᠰ ᠠᠩᠬᠠᠷᠪᠠᠯ ᠳᠠᠭᠠᠷᠠᠨ᠎ᠠ᠃ ᠭᠡᠭᠦ ᠳᠡᠭᠡᠨ ᠭᠡᠴᠢᠨᠡᠨ ᠭᠠᠯᠪᠠ ᠳᠤ ᠨᠢᠭᠡ ᠯᠠ ᠣᠳᠠᠭ᠎ᠠ ᠭᠠᠷᠴᠤ ᠥᠩᠭᠡᠷᠡᠭ᠍ᠰᠡᠨ ᠰᠤᠨᠢᠬᠠᠨ ᠲᠤᠬᠢᠶᠠᠯ ᠭᠡᠳᠡᠭ᠌ ᠢ ᠮᠡᠳᠡᠭᠦ ᠭᠡᠷᠡᠭ᠍ᠳᠡᠢ᠃ ᠳᠤᠰ ᠥᠯᠢᠭᠡᠷ ᠲᠤ ᠮᠤᠷᠢ ᠲᠡᠶ ᠭᠦᠮᠤᠨ ᠮᠤᠷᠢᠨ ᠳᠠᠭᠠᠨ ᠡᠷᠳᠦᠵᠤ ᠳᠠᠤᠯᠠᠢ ᠶᠢ ᠥᠭᠡᠷ᠎ᠡ ᠳᠠᠰᠢ ᠳᠠᠭᠤᠬᠤ ᠨᠢ ᠭᠠᠵᠢᠭᠤ ᠪᠣᠳᠤᠯ᠂ ᠬᠤᠪᠳᠤᠭ ᠰᠠᠨᠠᠭ᠎ᠠ᠂ ᠡᠶ᠎ᠡ ᠵᠤᠭᠢᠴᠠᠯ ᠳᠤ ᠳᠤᠰᠠ ᠦᠭᠡᠶ ᠭᠡᠳᠡᠭ᠌ ᠪᠣᠯᠪᠠᠴᠤ ᠦᠨᠡᠨ ᠳᠡᠭᠡᠨ ᠦᠷᠢᠰᠦᠯᠳᠦᠭᠡᠨ ᠵᠠᠷᠯᠠᠵᠤ ᠠᠰᠠᠭᠤᠳᠠᠯ ᠢ ᠰᠢ᠌ᠳᠪᠦᠷᠢᠯᠡᠭᠦ ᠳᠤ ᠳᠠᠷᠢᠭᠢ ᠳᠤᠯᠤᠭᠠᠢ ᠪᠠᠨ ᠭᠡᠷᠡᠭᠯᠡᠭ᠍ᠰᠡᠨ ᠵᠢᠱᠢᠶ᠎ᠠ ᠪᠣᠯᠤᠨ᠎ᠠ᠃ ᠳᠠᠤᠯᠠᠢ ᠥᠭᠡᠷ ᠳᠡᠷᠭᠡ ᠲᠡᠶ ᠭᠦᠮᠤᠨ ᠤ ᠡᠮᠦᠨ᠎ᠡ ᠢᠷᠠᠵᠤ ᠭᠦᠰᠢᠵᠤ ᠣᠨᠠᠭᠰᠠᠨ ᠨᠢ ᠮᠤᠷᠢ ᠲᠡᠶ ᠭᠦᠮᠤᠨ ᠤ ᠥᠭᠦᠳᠡᠯ᠎ᠡ ᠨᠢ ᠳᠠᠭᠤᠭᠰᠠᠨ ᠦᠷ᠎ᠡ ᠪᠦᠳᠦᠭᠡᠯ ᠪᠣᠯᠬᠤ ᠡᠴᠡ ᠪᠢᠰᠢ᠂ ᠥᠭᠡᠷ ᠳᠡᠷᠭᠡ ᠭᠦᠭᠡᠭᠡᠭ᠍ᠰᠡᠨ ᠭᠦᠮᠤᠨ ᠤ ᠦᠪᠡᠷ ᠤᠨ ᠭᠦᠴᠤ ᠭᠦᠯᠦᠰᠤ᠂ ᠳᠠᠷᠢᠭᠢ ᠳᠤᠯᠤᠭᠠᠢ ᠪᠠᠨ ᠰᠢᠪᠬᠠᠵᠤ ᠣᠬᠠᠭᠠᠨ ᠠᠷᠭ᠎ᠠ ᠪᠠᠷ ᠣᠯᠵᠤ ᠢᠷᠡᠭ᠍ᠰᠡᠨ ᠣᠯᠵᠠ ᠣᠭᠳᠤ ᠪᠢᠰᠢ ᠶᠤᠮ᠃

ᠡᠨᠡ ᠨᠢ ᠥᠭᠡᠷ ᠳᠡᠷᠭᠡ ᠲᠡᠶ ᠭᠦᠮᠤᠨ ᠳᠤ ᠠᠪᠴᠤ ᠭᠡᠯᠡᠪᠠᠯ᠂ ᠶᠠᠭ ᠯᠠ 《ᠳᠡᠭ᠍ᠷᠢ ᠡᠴᠡ ᠱᠠᠯᠪᠢᠩ ᠪᠠᠭᠤᠵᠤ ᠢᠷᠡᠭᠡᠳ ᠠᠮᠠᠨ ᠳ᠋ᠤᠨᠢ ᠣᠷᠤᠭᠰᠠᠨ》 ᠰᠠᠢ᠌ᠬᠠᠨ ᠭᠡᠷᠡᠭ᠌ ᠪᠣᠯᠴᠢᠵᠠᠢ᠃ ᠭᠡᠳᠡᠯ᠎ᠡ ᠪᠣᠳᠠᠳᠤ ᠠᠮᠢᠳᠤᠷᠠᠯ ᠳᠤᠮᠳᠠ ᠥᠨᠡᠩᠭᠦ ᠳᠡᠭ᠍ᠷᠢ ᠡᠴᠡ ᠱᠠᠯᠪᠢᠩ ᠪᠠᠭᠤᠵᠤ ᠢᠷᠡᠭ᠍ᠰᠡᠨ ᠢ ᠭᠡᠨ ᠣᠯᠵᠤ ᠦᠵᠡᠪᠠ ︖ ︕ ᠡᠢ᠌ᠮᠤ ᠡᠴᠡ ᠳᠠᠤᠯᠠᠢ ᠪᠣᠯ ᠮᠤᠷᠢ ᠲᠡᠶ ᠭᠦᠮᠤᠨ ᠤ ᠦᠷ᠎ᠡ ᠪᠦᠳᠦᠭᠡᠯ ᠪᠣᠯᠤᠨ᠎ᠠ᠂ ᠥᠭᠡᠷ᠎ᠡ ᠪᠠᠷ ᠭᠡᠯᠡᠪᠠᠯ ᠥᠭᠡᠷ ᠳᠡᠷᠭᠡ ᠲᠡᠶ ᠭᠦᠮᠤᠨ ᠪᠣᠰᠤᠳ ᠤᠨ ᠭᠦᠴᠤ ᠭᠦᠯᠦᠰᠤ ᠪᠠᠨ ᠣᠷᠤᠰᠬᠠᠵᠤ ᠭᠦᠳᠡᠯᠮᠦᠷᠢ ᠪᠠᠷ ᠶᠢᠡᠨ ᠰᠤᠯᠢᠵᠤ ᠢᠷᠡᠭ᠍ᠰᠡᠨ ᠣᠯᠵᠠ ᠠᠰᠢᠭ ᠢ ᠵᠠᠪᠰᠢᠶᠠᠨ ᠶᠢᠡᠷ ᠪᠣᠯᠬᠠᠢ᠌ᠯᠠᠵᠤ ᠣᠯᠤᠭᠰᠠᠨ ᠳᠠᠳᠤᠢ᠃ ᠥᠭᠡᠷ ᠳᠡᠷᠭᠡ ᠲᠡᠶ ᠭᠦᠮᠤᠨ ᠦᠨᠡᠩᠬᠦ ᠦᠨᠡᠨ ᠶᠢᠡᠷ ᠶᠠᠪᠣᠭᠰᠠᠨ ᠳᠤ ᠭᠦᠷᠪᠠᠯ 《ᠡᠨᠡ ᠳᠠᠤᠯᠠᠢ ᠪᠣᠯ ᠳᠠᠨ ᠤ ᠮᠤᠷᠢ ᠪᠠᠷ ᠪᠠᠨ ᠳᠠᠭᠤᠵᠤ ᠪᠠᠢ᠌ᠭᠠᠤᠨ ᠮᠤᠬᠤᠭᠠᠭᠰᠠᠨ᠂ ᠭᠦᠰᠢᠵᠤ ᠥᠭᠦᠭᠦ ᠳᠡᠭᠡᠷ᠎ᠡ ᠭᠦᠷᠭᠡᠭ᠍ᠰᠡᠨ ᠠᠩ ᠤᠨ ᠭᠡᠰᠢᠭ᠌ ᠳᠤᠯᠠ ᠳᠠ ᠠᠪᠣᠪᠠᠯ ᠳᠠᠭᠠᠷᠠᠨ᠎ᠠ》 ᠭᠡᠳ ᠦᠭ‍ᠭᠦᠭ᠍ᠰᠡᠨ ᠪᠣᠯ ᠳᠠᠭᠠᠷᠠᠬᠤ ᠪᠠᠢ᠌ᠭᠰᠠᠨ᠂ ᠭᠡᠳᠡᠯ᠎ᠡ ᠳᠠᠷᠠ ᠳᠡᠭᠡᠵᠤ ᠭᠢᠭ᠍ᠰᠡᠨ ᠦᠭᠡᠶ᠃ ᠡᠨᠡ ᠨᠢ ᠶᠠᠭ ᠪᠣᠰᠤᠳ ᠤᠨ ᠪᠦᠳᠦᠭᠡᠯ ᠢ ᠣᠯᠵᠠᠷᠬᠠᠭᠠᠤᠨ᠂ ᠰᠡᠳᠭᠢᠯ ᠬᠠᠨᠤᠬᠤ᠂ ᠪᠣᠯᠠᠬᠠᠢ᠌ᠯᠠᠬᠤ᠂ ᠡᠵᠡᠷᠭᠡᠭᠦ ᠰᠠᠨᠠᠭ᠎ᠠ ᠠᠬᠤᠭᠤᠯᠤᠭᠳᠠᠵᠤ ᠪᠠᠢ᠌ᠬᠤ ᠪᠢᠰᠢ ᠦᠦ ︕

ᠡᠭᠦᠨ ᠤ ᠡᠰᠡᠷᠭᠦ ᠳᠠᠯ᠎ᠠ ᠡᠴᠡ ᠪᠠᠰᠠ ᠨᠢᠭᠡᠨ ᠶᠤᠰᠤ ᠶᠢ ᠣᠯᠵᠤ ᠬᠠᠷᠠᠪᠠᠯ ᠳᠠᠭᠠᠷᠠᠨ᠎ᠠ᠃ ᠳᠠᠷᠤᠢ ᠮᠤᠷᠢ ᠲᠡᠶ ᠭᠦᠮᠤᠨ ᠢᠷᠡᠭᠡᠳ ᠥᠭᠡᠷ ᠳᠡᠷᠭᠡ ᠲᠡᠶ ᠭᠦᠮᠤᠨ ᠳᠤ 《ᠳᠠᠳᠯᠢ ᠪᠠᠨ ᠳᠠᠨ ᠳᠤ ᠠᠯᠳᠠᠴᠢᠬᠠᠯ᠎ᠠ》 ᠭᠡᠵᠤ ᠭᠡᠯᠡᠭ᠍ᠰᠡᠨ ᠡᠴᠡ ᠥᠵᠡᠭᠦ ᠳᠤ ᠮᠤᠷᠢ ᠲᠡᠶ ᠭᠦᠮᠤᠨ ᠪᠣᠯ 《ᠨᠠᠢ᠌ᠷ ᠳᠠᠯᠪᠢᠳᠠᠭ᠂ ᠪᠠᠭᠳᠠᠭᠠᠮᠵᠢ ᠶᠡᠭᠡ ᠲᠡᠶ᠂ ᠠᠰᠠᠭᠤᠳᠠᠯ ᠢ ᠡᠶᠡᠳᠡᠭᠦᠯᠤᠨ ᠰᠢ᠌ᠳᠪᠦᠷᠢᠯᠡᠳᠡᠭ᠌ ᠭᠦᠮᠤᠨ》 ᠭᠡᠵᠤ ᠦᠵᠡᠵᠤ ᠪᠣᠯᠤᠨ᠎ᠠ᠃ ᠭᠡᠷᠪᠡ ᠶᠤᠰᠤ ᠭᠡᠯᠡᠭᠦ ᠦᠭᠡᠶ ᠳᠡᠭᠡᠷᠡᠩᠭᠦᠢ ᠭᠦᠮᠤᠨ ᠪᠣᠯᠤᠭᠰᠠᠨ ᠪᠣᠯ 《ᠮᠢᠨᠤ ᠳᠠᠭᠤᠵᠤ ᠪᠠᠢ᠌ᠭᠰᠠᠭᠠᠷ ᠭᠦᠰᠢᠭᠡᠵᠤ ᠠᠯᠠᠭᠰᠠᠨ ᠳᠠᠤᠯᠠᠢ᠂ ᠳᠠ ᠠᠪᠬᠤ ᠶᠤᠰᠤ ᠦᠭᠡᠶ》 ᠭᠡᠵᠤ ᠮᠠᠷᠭᠤᠬᠤ ᠮᠠᠭᠠᠤᠨ᠃ ᠳᠤᠰ ᠥᠯᠢᠭᠡᠷ ᠢ ᠵᠠᠳᠠᠯᠪᠠᠯ 《ᠦᠨᠡᠨ ᠶᠢᠡᠷ ᠶᠠᠪᠣᠪᠠᠯ ᠥᠭᠡᠷ ᠳᠡᠷᠭᠡ ᠳᠠᠤᠯᠠᠢ ᠶᠢ ᠭᠦᠭᠡᠭᠡᠵᠤ ᠭᠦᠢᠴᠡᠨ᠎ᠡ》 ᠭᠡᠳ ᠨᠢᠳᠤ ᠪᠠᠨ ᠠᠨᠢᠭᠠᠤᠨ᠂ ᠦᠪᠡᠷ ᠶᠢᠡᠨ ᠠᠷᠭ᠎ᠠ ᠣᠬᠠᠭᠠᠨ ᠭᠠᠷᠭᠠᠬᠤ ᠦᠭᠡᠶ᠂ ᠣᠷᠤᠭᠰᠢ ᠳᠠᠪᠰᠢᠬᠤ ᠶᠢ ᠰᠡᠳᠭᠢᠭᠦ ᠦᠭᠡᠶ᠂ ᠦᠶ᠎ᠡ ᠶᠢᠨ ᠦᠶ᠎ᠡ ᠥᠭᠡᠷ ᠳᠡᠷᠭᠡ ᠪᠠᠨ ᠭᠦᠭᠡᠭᠡᠳ ᠶᠠᠪᠣᠬᠤ ᠳᠤ ᠭᠦᠷᠪᠠᠯ ᠠᠯᠢ ᠭᠠᠯᠪᠠ ᠳᠤ ᠳᠠᠤᠯᠠᠢ ᠢᠷᠠᠵᠤ ᠡᠮᠦᠨ᠎ᠡ ᠨᠢ ᠭᠦᠰᠢᠵᠤ ᠣᠨᠠᠵᠤ ᠥᠭᠦᠭᠦ ᠶᠢ ᠭᠦᠯᠢᠶᠡᠭᠦ ᠪᠣᠢ᠃

ᠮᠤᠩᠭ᠋ᠤᠯᠴᠤᠳ ᠮᠢᠨᠢ ᠡ᠂ ᠦᠪᠡᠷᠰᠠᠤᠨ ᠶᠢᠡᠨ ᠭᠦᠳᠡᠯᠦᠯᠴᠡᠵᠤ ᠠᠷᠭ᠎ᠠ ᠣᠬᠠᠭᠠᠨ ᠭᠠᠷᠭᠠᠵᠤ ᠦᠪᠡᠷ ᠢ ᠪᠠᠨ ᠥᠭᠡᠳᠡᠯᠡᠭᠦᠯᠭᠦ ᠶᠢ ᠰᠡᠳᠭᠢᠭᠦ ᠨᠢ ᠴᠢᠬᠤᠯᠠ᠃ ᠪᠢᠳᠡᠭᠡᠢ ᠭᠠᠯᠪᠠ ᠳᠤ ᠭᠠᠭᠴᠠᠬᠠᠨ ᠳᠠᠭᠠᠷᠠᠬᠤ ᠲᠤᠬᠢᠶᠠᠯ ᠢ ᠭᠦᠯᠢᠶᠡᠭᠡᠳ ᠭᠠᠷ ᠳᠤᠭᠳᠣᠢ᠌ᠯᠠᠵᠤ ᠰᠠᠭᠤᠭᠠᠤᠨ ᠪᠣᠰᠤᠳ ᠤᠨ ᠣᠴᠢᠵᠤ ᠭᠢᠵᠤ ᠪᠦᠳᠦᠭᠡᠭ᠍ᠰᠡᠨ ᠪᠠᠯᠠᠨ ᠦᠷ᠎ᠡ ᠪᠦᠳᠦᠭᠡᠯ ᠢ ᠭᠦᠯᠢᠶᠡᠭᠡᠳ ᠪᠠᠢ ︕ ᠭᠡᠵᠤ ᠰᠠᠨᠠᠭᠤᠯᠤᠶ᠎ᠠ᠃

ᠬᠡᠦᠬᠡᠳ ᠶᠢᠡᠨ ᠦᠨᠡᠨ ᠶᠢᠡᠷ ᠶᠠᠪᠣᠬᠤ ᠶᠢ ᠰᠤᠷᠭᠠᠬᠤ ᠨᠢ ᠳᠠᠭᠠᠷᠠᠨ᠎ᠠ᠃ ᠭᠡᠳᠡᠯ᠎ᠡ ᠣᠨᠢ ᠳ᠋ᠤᠨᠢ ᠳᠠᠭᠠᠷᠠᠭᠤᠯᠵᠤ ᠣᠨᠤᠪᠴᠢᠳᠠᠢ ᠶᠤᠰᠤ ᠪᠠᠷ ᠭᠡᠯᠡᠵᠤ ᠰᠤᠷᠭᠠᠬᠤ ᠶᠢᠨ ᠳᠠᠭᠠᠤ ᠭᠢᠵᠤ ᠥᠵᠡᠭᠦᠯᠭᠦ ᠨᠢ ᠵᠠᠩᠭᠢᠯᠭ᠎ᠠ ᠪᠣᠯᠤᠨ᠎ᠠ᠃

ᠣᠳᠤ ᠶᠢᠨ ᠶ‍ᠢᠷᠳᠢᠠᠴᠤ ᠭᠡᠳᠡᠭ᠌ ᠴᠢᠨᠢ ᠰᠢᠷᠦᠭᠦᠨ ᠦᠷᠢᠰᠦᠯᠳᠦᠭᠡᠨ ᠶᠢᠡᠷ ᠪᠢᠯᠬᠠᠭᠰᠠᠨ ᠶ‍ᠢᠷᠳᠢᠠᠴᠤ ᠪᠠᠢ᠌ᠭ᠎ᠠ ᠶᠤᠮ᠃ ᠬᠡᠦᠬᠡᠳ ᠶᠢᠡᠨ ᠦᠷᠢᠰᠦᠯᠳᠦᠭᠡᠨ ᠳᠤ ᠦᠪᠡᠷ ᠤᠨ ᠵᠤᠭᠢᠴᠠᠯ ᠶᠢᠡᠨ ᠣᠯᠬᠤ ᠬᠠᠳᠠᠭᠤ ᠪᠠᠷᠭᠡ ᠶᠢ ᠳᠤᠭᠤᠯᠬᠤ ᠰᠦᠰᠦ ᠵᠤᠷᠢᠭ ᠠᠷᠭ᠎ᠠ ᠣᠬᠠᠭᠠᠨ ᠢ ᠵᠢᠭᠠᠵᠤ᠂ ᠬᠡᠦᠬᠡᠳ ᠶᠢᠡᠨ ᠬᠤᠵᠢᠮ ᠤᠨ ᠠᠮᠢᠳᠤᠷᠠᠯ ᠳ᠋ᠤᠨᠢ ᠨᠢᠷᠤᠭᠤ ᠭᠡᠳᠡᠭᠡᠷ ᠨᠢᠭᠤᠷ ᠪᠠᠷᠳᠠᠮ ᠬᠠᠠᠳᠤᠬᠤ ᠪᠣᠯᠭᠠᠵᠤ ᠰᠤᠷᠭ᠎ᠠ ︕


ᠵᠤᠬᠢᠶᠠᠭᠴᠢ᠄ ᠽᠠᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠪᠠᠭᠰᠢ ᠶᠢᠨ ᠬᠠᠨᠢ
ᠳᠠᠷᠤᠮ᠄ 2250
ᠴᠠᠭ᠄ 2010 ᠤᠨ ᠤ 12 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ