ᠮᠠᠷᠳᠠᠭᠳᠠᠰᠢ ᠦᠭᠡᠶ ᠨᠢᠭᠡᠨ ᠣᠴᠢᠷ

     ᠰᠢᠨ᠎ᠡ ᠵᠢᠯ ᠪᠣᠯᠬᠤ ᠤᠢ᠌ᠷᠠᠳᠤᠯ᠎ᠠ᠃

     ᠪᠢ ᠣᠯᠠᠭᠠᠠᠬᠠᠳᠠ ᠳᠤ ᠰᠠᠭᠤᠭ᠎ᠠ ᠨᠠᠭᠠᠴᠤ ᠡᠪᠦᠭᠡ᠂ ᠨᠠᠭᠠᠴᠤ ᠡᠮᠡᠭᠡ ᠶᠢᠨ ᠳᠤ ᠪᠠᠨ ᠰᠢᠨᠡᠯᠡᠭᠦ ᠪᠠᠷ ᠮᠤᠷᠳᠠᠯ᠎ᠠ᠃ ᠭᠠᠯᠳᠤ ᠳᠡᠷᠭᠡᠨ ᠳᠡᠭᠡᠷ᠎ᠡ ᠳᠤᠮᠳᠠᠳᠤ ᠬᠤᠰᠢᠭᠤᠨ ᠳᠤ ᠠᠵᠢᠯᠯᠠᠵᠤ ᠪᠠᠢ᠌ᠭ᠎ᠠ ᠨᠠᠭᠠᠴᠤ ᠠᠪᠣ ᠶᠢᠨ ᠦᠬᠢᠨ ᠳᠢᠩ ᠳᠢᠩ ᠲᠡᠶ ᠠᠭᠤᠯᠵᠠᠪᠠ᠃ ᠪᠢ ᠪᠠᠶᠠᠷᠯᠠᠬᠤ ᠳᠠᠭᠠᠨ᠄ 《ᠳᠢᠩ ᠳᠢᠩ ᠡ᠂ ᠰᠠᠢ᠌ᠨ ᠪᠠᠢ᠌ᠨᠠᠤ︕ ᠳᠠ ᠪᠠᠰᠠ ᠣᠯᠠᠭᠠᠠᠬᠠᠳᠠ ᠳᠤ ᠣᠴᠢᠬᠤ ᠪᠠᠷ ᠶᠠᠪᠣᠭ᠎ᠠ ᠦᠦ︖》  ᠭᠡᠭᠦ ᠳᠤ ᠳᠠᠷᠠ ᠬᠠᠪᠣᠷ ᠤᠨ ᠴᠡᠴᠡᠭ᠌ ᠰᠢᠭ᠌ ᠵᠤᠤᠮᠠᠯᠵᠠᠨ ᠮᠥᠰᠢᠶᠡᠭᠡᠳ᠄ 《ᠳᠠᠢ᠌ᠮᠤ ᠡ᠂ ᠪᠢ ᠪᠠᠰᠠ ᠡᠪᠦᠭᠡ ᠡᠮᠡᠭᠡ ᠶᠢᠨ ᠳᠤ ᠣᠴᠢᠵᠤ ᠰᠢᠨᠠᠯᠠᠨ᠎ᠡ᠂ ᠣᠳᠤ ᠬᠤᠶᠠᠭᠤᠯᠠ ᠬᠠᠨᠢ ᠲᠡᠶ ᠭᠡᠳᠦᠢ ᠰᠠᠢ᠌ᠬᠠᠨ ᠪᠣᠢ︕》  ᠭᠡᠵᠤ ᠰᠠᠨᠠᠵᠤ ᠪᠣᠳᠤᠭᠰᠠᠨ ᠶᠢᠡᠨ ᠵᠤᠭᠤᠭᠳᠠᠭᠰᠠᠭᠠᠷ ᠣᠳᠠᠭᠰᠠᠨ ᠴᠤ ᠦᠭᠡᠶ ᠨᠠᠭᠠᠴᠤ ᠡᠪᠦᠭᠡ᠂ ᠨᠠᠭᠠᠴᠤ ᠡᠮᠡᠭᠡ ᠶᠢᠨ ᠳᠤ ᠭᠦᠷᠦᠭ᠍ᠰᠡᠨ ᠪᠠᠢ᠌ᠨ᠎ᠠ᠃

     ᠪᠢᠳᠠ ᠳᠠᠠᠳᠠ ᠭᠦᠷᠦᠭ᠍ᠰᠡᠨ ᠤ ᠬᠤᠶᠠᠳᠤᠭᠠᠷ ᠡᠳᠦᠷ ᠨᠢ ᠴᠡᠴᠡᠷᠯᠢᠭ᠌ ᠶᠢᠡᠷ ᠵᠤᠭᠠᠴᠠᠪᠠ᠃ ᠡᠪᠦᠯ ᠴᠠᠭ ᠤᠨ ᠴᠡᠴᠡᠷᠯᠢᠭ᠌ ᠨᠢ ᠭᠡᠳᠥᠢᠪᠠᠷ ᠥᠩᠭᠡ ᠶᠢᠨ ᠴᠡᠴᠡᠭ᠌ ᠠᠯᠠᠭᠯᠠᠵᠤ᠂ ᠡᠪᠠᠰᠤ ᠣᠷᠭᠤᠮᠠᠯ ᠨᠤᠭᠤᠭᠠᠷᠠᠨ ᠬᠠᠷᠠᠭᠳᠠᠬᠤ ᠦᠭᠡᠶ ᠪᠣᠯᠪᠠᠴᠤ ᠣᠯᠠᠷᠢᠯ ᠤᠨ ᠰᠠᠢ᠌ᠬᠠᠨ ᠢ ᠢᠯᠡᠷᠡᠭᠦᠯᠦᠭ᠍ᠰᠡᠨ ᠪᠠᠰᠠ ᠨᠢᠭᠡᠨ ᠡᠳᠡᠭᠡᠳ ᠣᠠᠴᠠᠯᠢᠭ ᠲᠡᠶ ᠰᠢᠤ︕ ᠮᠠᠨᠤᠰ ᠠᠮᠢᠳᠠᠨ ᠤ ᠭᠦᠷᠢᠶᠡᠯᠡᠩ ᠶᠢᠡᠷ ᠳᠤᠭᠤᠷᠢᠵᠤ᠂ ᠣᠯᠠᠨ ᠣᠯᠠᠨ ᠠᠮᠢᠳᠠᠨ ᠢ ᠥᠵᠡᠭ᠍ᠰᠡᠨ ᠮᠦᠷᠳᠡᠭᠡᠨ ᠭᠤᠤᠯ ᠤᠨ ᠮᠦᠰᠤᠨ ᠳᠤ ᠭᠦᠷᠴᠤ ᠮᠦᠰᠤ ᠳᠠᠰᠢᠨ ᠨᠠᠭᠠᠳᠤᠵᠠᠢ᠃

     《ᠣᠤᠭᠤᠵᠤ ᠢᠳᠡᠭᠦ ᠳᠡᠭᠡᠨ ᠣᠷᠭ᠎ᠠ ᠶᠢᠨ ᠮᠤᠷᠢ᠂ ᠣᠷᠤᠭᠰᠢ ᠭᠢᠰᠭᠢᠭᠦ ᠳᠡᠭᠡᠨ ᠣᠷᠭᠤᠭ᠎ᠠ ᠬᠠᠳᠡ》  ᠭᠡᠳᠡᠭ᠌ ᠶᠢᠡᠷ ᠠᠵᠢᠯ ᠳᠠᠭᠠᠨ ᠮᠠᠭᠤ ᠪᠣᠯᠪᠠᠴᠤ ᠠᠯᠢᠶᠠᠷᠬᠠᠵᠤ ᠨᠠᠭᠠᠳᠬᠤ ᠳᠠᠭᠠᠨ ᠴᠠᠭᠠᠷᠠᠭᠰᠠᠨ ᠪᠢ ᠴᠢᠨᠢ ᠮᠠᠷᠭᠠᠰᠢ ᠨᠢ ᠠᠭᠤᠯᠠ ᠮᠠᠴᠤᠭᠰᠠᠨ ᠪᠠᠢ᠌ᠨ᠎ᠠ᠃ ᠠᠭᠤᠯᠠ ᠮᠠᠴᠤᠬᠤ ᠳᠤ ᠳᠤᠩ ᠭᠦᠴᠢᠷᠳᠡᠢ᠂ ᠪᠢᠳᠠ ᠳᠡᠩᠭᠡᠭᠡ ᠴᠢᠳᠠᠯ ᠶᠢᠡᠨ ᠪᠠᠷᠠᠵᠤ ᠪᠠᠢ᠌ᠭᠠᠤᠨ ᠰᠠ‍‌ᠶᠢ ᠠᠭᠤᠯᠠᠨ ᠣᠷᠤᠢ ᠳᠤ ᠭᠠᠷᠤᠯ᠎ᠠ᠃ ᠳᠢᠩ ᠳᠢᠩ ᠠᠭᠤᠯᠠᠨ ᠣᠷᠤᠢ ᠳᠤ ᠭᠦᠷᠦᠮᠡᠭ᠍ᠴᠡ᠄ 《ᠣᠷᠭᠢᠯ ᠳᠤ ᠭᠠᠷᠬᠤ ᠣᠮᠤᠭ ᠵᠤᠷᠢᠭ ᠪᠠᠢ᠌ᠪᠠᠯ ᠣᠷᠴᠢᠯᠠᠩ ᠳᠡᠯᠡᠭᠡᠢ ᠳᠤ ᠪᠠᠷᠭᠡ ᠶᠠᠪᠣᠳᠠᠯ ᠠᠯᠠᠭ᠎ᠠ︕》  ᠭᠡᠵᠤ ᠦᠨᠳᠦᠷ ᠳᠠᠭᠤᠨ ᠶᠢᠡᠷ ᠭᠠᠷ ᠡᠷᠭᠢᠭᠦᠯᠤᠨ ᠬᠠᠰᠭᠢᠷᠤᠭᠰᠠᠨ ᠨᠢ ᠣᠳᠤ ᠴᠤ ᠭᠡᠰᠡᠨ ᠮᠢᠨᠤ ᠢᠨᠢᠶᠠᠳᠤ ᠶᠢ ᠭᠦᠷᠭᠡᠨ᠎ᠡ᠃

    ᠡᠨᠡ ᠪᠣᠯ ᠮᠢᠨᠤ ᠪᠠᠭ᠎ᠠ ᠨᠠᠰᠤᠨ ᠳ᠋ᠠᠭᠢ ᠭᠡᠵᠢᠶᠡᠳᠡ ᠮᠠᠷᠳᠠᠭᠳᠠᠰᠢ ᠦᠭᠡᠶ ᠨᠢᠭᠡᠨ ᠣᠴᠢᠷ ᠶᠤᠮ᠃


                      ᠵᠢᠯᠤᠭᠤᠳᠤᠭᠰᠠᠨ ᠪᠠᠭᠰᠢ᠄ ᠳᠠᠪᠬᠤᠷᠪᠠᠶᠠᠷ


ᠵᠤᠬᠢᠶᠠᠭᠴᠢ ᠶᠢᠨ ᠬᠠ‍‌ᠶᠢᠭ ᠄ ᠨᠢ᠋ᠮᠠᠨ ᠬᠤᠰᠢᠭᠤᠨ ᠤ ᠬᠤᠩᠬᠤᠷᠳᠠᠯ᠎ᠠ ᠭᠤᠤᠯ ᠪᠠᠭ᠎ᠠ ᠰᠤᠷᠭᠠᠭᠤᠯᠢ

ᠵᠤᠬᠢᠶᠠᠭᠴᠢ᠄ ᠯᠢᠶᠠᠩ ᠵᠤᠤ ᠰᠢᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠤᠷᠤᠭᠴᠢ ᠶᠢᠨ ᠳᠠᠪᠴᠠᠩ
ᠳᠠᠷᠤᠮ᠄ 2166
ᠴᠠᠭ᠄ 2011 ᠤᠨ ᠤ 05 ᠰᠠᠷ᠎ᠠ ᠶᠢᠨ 20
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ