ᠮᠢᠨᠤ ᠢᠳᠡᠭᠡᠯ

ᠡᠭᠡ ᠨᠤᠳᠤᠭ ᠤᠨ ᠶᠢᠡᠨ ᠠᠯᠳᠠᠨ ᠰᠢᠷᠤᠢ ᠳ᠋ᠤ

ᠡᠷᠳᠡᠮ ᠡᠪᠦᠷᠯᠡᠵᠤ ᠶᠠᠪᠣᠯ᠎ᠠ ᠪᠢ᠂

ᠡᠵᠢ ᠠᠪᠣ ᠶᠢᠨ ᠶᠢᠡᠨ ᠨᠠᠠᠳᠢᠨ ᠰᠤᠷᠭᠠᠯ ᠳ᠋ᠤ

ᠡᠷᠭᠡ ᠳᠤᠷᠠᠪᠠᠷ ᠦᠰᠤᠯ᠎ᠠ ᠪᠢ᠃   

      ᠮᠤᠩᠭ᠋ᠤᠯᠵᠢᠨ ᠭᠤᠸ᠎ᠠ ᠶᠢᠨ ᠵᠠᠩ ᠴᠢᠨᠠᠷ ᠢ

      ᠮᠥᠩᠭᠡ ᠬᠠᠳᠠᠭᠠᠯᠠᠵᠤ ᠶᠠᠪᠣᠯ᠎ᠠ ᠪᠢ

      ᠮᠤᠷᠢᠳᠠᠨ ᠦᠨᠳᠦᠰᠦᠳᠠᠨ ᠤ ᠪᠠᠨ ᠰᠤᠶᠤᠯ ᠳᠡᠦᠭᠡ ᠵᠢ

      ᠮᠦᠨ ᠴᠤ ᠨᠠᠠᠳᠢᠩᠨᠠᠵᠤ ᠳᠤᠷᠨᠢᠯ᠎ᠠ ᠪᠢ

ᠵᠢᠩᠭ᠋ᠠᠷ ᠤᠨ ᠨᠤᠳᠤᠭ ᠬᠤᠪᠣᠭᠰᠠᠢ᠌ᠷᠢ ᠳᠤ

ᠵᠠᠩ ᠰᠠᠢ᠌ᠬᠠᠨ ᠦᠰᠤᠯ᠎ᠠ ᠪᠢ

ᠡᠭᠡ ᠶᠢᠨ ᠭᠡᠯᠡ ᠪᠠᠷ ᠡᠷᠳᠡᠮ ᠰᠤᠷᠤᠭᠰᠠᠭᠠᠷ

ᠡᠨᠡ ᠵᠡᠷᠭᠡ ᠳᠤ ᠭᠦᠷᠦᠯ᠎ᠡ ᠪᠢ

       ᠠᠷᠤ ᠨᠤᠳᠤᠭ ᠡᠴᠠ ᠪᠠᠨ ᠰᠠᠯᠵᠤ

       ᠠᠯᠤᠰ ᠤᠨ ᠱᠠᠭᠠᠵᠠᠭᠠᠢ᠌ᠳᠤ ᠳᠤ ᠭᠦᠷᠦᠯ᠎ᠡ᠂

       ᠠᠮᠠᠷᠠᠭ ᠬᠤᠩᠭ᠋ᠤᠷ ᠡᠴᠠ ᠪᠠᠨ ᠠᠶᠠᠷᠯᠠᠵᠤ

       ᠠᠵᠢᠯ ᠤᠨ ᠬᠤᠪᠢᠶᠠᠷᠢ ᠪᠠᠷ ᠢᠷᠠᠯ᠎ᠠ᠃

ᠠᠩᠬᠠᠨ ᠤ ᠠᠵᠢᠯ ᠤᠨ ᠪᠠᠢ᠌ᠷᠢ ᠪᠠᠷ

ᠭᠦᠮᠤᠨ ᠤ ᠭᠠᠵᠠᠷ ᠲᠤ ᠭᠦᠷᠦᠭ᠍ᠰᠡᠨ ᠪᠢ

ᠠᠷᠠᠢ ᠳᠦᠷᠪᠠ ᠬᠤᠨᠤᠯ ᠦᠭᠡᠶ ᠪᠠᠷ

ᠭᠦᠴᠢᠷ ᠲᠤ ᠳᠤᠯᠭᠠᠷᠠᠵᠤ ᠪᠠᠢ᠌ᠯ᠎ᠠ ᠪᠢ᠂

       ᠮᠤᠩᠭ᠋ᠤᠯ ᠶᠤᠰᠤᠨ ᠳᠠᠭᠠᠨ ᠶᠠᠪᠠᠭᠠᠷᠠᠭᠰᠠᠨ

       ᠮᠤᠠᠳᠠᠭ ᠭᠠᠵᠠᠷ ᠭᠡᠵᠤ ᠭᠤᠯᠤᠭᠰᠠᠨ ᠦᠭᠡᠶ ᠪᠢ᠂

       ᠮᠤᠷᠢᠨ ᠳᠡᠮᠡᠭᠡᠨ ᠳᠡᠭᠡᠨ ᠭᠡᠭᠡᠳᠡᠷᠡᠭ᠍ᠰᠡᠨ

       ᠮᠤᠵᠢᠭᠠᠢ ᠨᠤᠳᠤᠭ ᠭᠡᠵᠤ ᠵᠢᠭ᠍ᠰᠢᠭ᠍ᠰᠡᠨ ᠦᠭᠡᠶ ᠪᠢ

ᠠᠯᠳᠠᠨ ᠳᠠᠷᠢᠶᠠᠯᠠᠩ ᠤᠨ ᠣᠷᠤᠨ ᠭᠡᠵᠤ

ᠠᠷᠭ᠎ᠠ ᠦᠭᠡᠶ ᠠᠵᠢᠯᠠᠯᠵᠤ ᠪᠠᠢ᠌ᠯ᠎ᠠ ᠪᠢ᠂

ᠠᠶᠤᠮᠠᠷ ᠬᠠᠯᠠᠭᠤᠬᠠᠨ ᠨᠤᠳᠤᠭ ᠭᠡᠵᠤ

ᠠᠵᠢᠯ ᠶᠢᠡᠨ ᠦᠷᠨᠢᠭᠦᠯᠭᠦ ᠪᠠᠷ ᠪᠡᠯᠡᠳᠭᠡᠯ᠎ᠡ ᠪᠢ

       ᠠᠬ᠎ᠠ ᠳᠡᠭᠦᠦᠰ ᠤᠨ ᠢᠳᠬᠠᠯ ᠵᠢᠠᠷ

       ᠠᠮᠳᠠᠷᠬᠠᠨ ᠠᠵᠢᠯᠯᠠᠬᠤ ᠪᠠᠷ ᠵᠤᠷᠢᠭᠵᠢᠯ᠎ᠠ ᠪᠢ

       ᠠᠠᠳᠠ ᠨᠠᠢ᠌ᠵᠢᠰ ᠤᠨ ᠶᠢᠡᠨ ᠨᠠᠢ᠌ᠳᠠᠯᠭ᠎ᠠ ᠪᠠᠷ

       ᠠᠮᠵᠢᠵᠤ ᠴᠢᠷᠮᠠᠢ᠌ᠬᠤ ᠪᠠᠷ ᠪᠣᠰᠤᠯ᠎ᠠ ᠪᠢ

ᠡᠷᠭᠡ ᠪᠠᠷᠭᠡ ᠬᠤᠶᠠᠷ ᠤᠨ

ᠦᠨᠡᠨ ᠣᠬᠠᠭ᠎ᠠ ᠶᠢ ᠮᠠᠳᠠᠯ᠎ᠠ ᠪᠢ

ᠡᠢ᠌ᠮᠤ ᠪᠠᠭᠠᠬᠠᠨ ᠨᠠᠰᠤᠨ ᠳ᠋ᠠᠭᠠᠨ

ᠦᠷᠭᠦᠯᠵᠢᠯᠡᠨ ᠳᠡᠮᠡᠴᠡᠭᠦ ᠪᠠᠷ ᠰᠢᠭᠤᠳᠤᠯ᠎ᠠ ᠪᠢ


ᠵᠤᠬᠢᠶᠠᠭᠴᠢ ᠶᠢᠨ ᠬᠠ‍‌ᠶᠢᠭ ᠄ ᠰᠢᠠᠵᠢᠶᠠᠩ ᠬᠤᠪᠣᠭᠰᠠᠢ᠌ᠷᠢ

ᠵᠤᠬᠢᠶᠠᠭᠴᠢ᠄ ᠳᠡᠷᠢᠰᠦ᠋ᠷᠦᠡᠭ᠌
ᠬᠠᠷᠢᠶ᠎ᠠ᠄ ᠰᠢᠯᠦᠭ
ᠳᠠᠷᠤᠮ᠄ 2533
ᠴᠠᠭ᠄ 2013 ᠤᠨ ᠤ 08 ᠰᠠᠷ᠎ᠠ ᠶᠢᠨ 27