ᠨᠤᠳᠤᠭ ᠤᠨ ᠮᠢᠨᠢ ᠳᠤᠷᠠᠰᠤᠯ

ᠳᠠᠪᠤᠨ ᠬᠤᠰᠢᠭᠤ ᠮᠠᠯ ᠰᠦᠷᠦᠭ᠌ ᠶᠢᠡᠨ

        ᠬᠤᠳᠠᠯᠠᠵᠤ ᠶᠠᠪᠣᠭᠰᠠᠨ

ᠳᠠᠷᠠᠭ ᠠᠢ᠌ᠷᠠᠭ ᠠᠷᠢᠭᠢ ᠴᠡᠭᠡ ᠪᠠᠨ

        ᠰᠦᠩᠨᠠᠵᠤ ᠶᠠᠪᠣᠭᠰᠠᠨ

ᠭᠡᠢ ᠬᠤᠷᠳᠤᠨ ᠠᠷᠠᠠᠵᠠᠯ ᠭᠦᠯᠦᠭ᠌ ᠢ

        ᠣᠨᠤᠵᠤ ᠶᠠᠪᠣᠭᠰᠠᠨ

ᠭᠡᠰᠢᠭ᠌ ᠭᠡᠢ ᠮᠤᠷᠢ ᠴᠤᠭ ᠰᠦᠯᠳᠡ ᠶᠢ

         ᠪᠠᠳᠠᠷᠠᠭᠠᠵᠤ ᠶᠠᠪᠣᠭᠰᠠᠨ

ᠮᠢᠨᠤ ᠨᠤᠳᠤᠭ ᠤᠨ ᠡᠷᠭᠢᠴᠡᠭᠦᠯᠦᠯ᠃


ᠠᠳᠤᠭᠤ ᠮᠠᠯ ᠤᠨ ᠠᠢ᠌ᠷᠠᠭ ᠴᠡᠭᠡ

         ᠣᠤᠭᠤᠵᠤ ᠶᠠᠪᠣᠭᠰᠠᠨ

ᠠᠮᠳᠠᠳᠠᠢ ᠰᠠᠢ᠌ᠬᠠᠨ ᠮᠢᠬ᠎ᠠ ᠥᠭᠡᠭᠦ ᠶᠢ

         ᠢᠳᠠᠵᠤ ᠶᠠᠪᠣᠭᠰᠠᠨ

ᠡᠡᠭ᠌ ᠲᠡᠶ ᠰᠠᠢ᠌ᠬᠠᠨ ᠮᠠᠩᠨᠤᠭ ᠳᠤᠷᠭ᠎ᠠ ᠶᠢ

         ᠡᠮᠦᠰᠴᠤ ᠶᠠᠪᠣᠭᠰᠠᠨ

ᠠᠯᠳᠠ ᠮᠥᠩᠭᠦᠨ ᠠᠷᠢᠭᠤᠨ ᠡᠷᠳᠡᠨᠢ ᠶᠢ

         ᠡᠳ᠋ᠯᠡᠵᠤ ᠶᠠᠪᠣᠭᠰᠠᠨ

ᠮᠢᠨᠤ ᠨᠤᠳᠤᠭ ᠤᠨ ᠵᠢᠷᠭᠠᠯ᠃


ᠴᠡᠩᠭᠡᠷ ᠭᠦᠭᠡ ᠳᠠᠠᠵᠢᠨ ᠳᠡᠭᠡᠷ᠎ᠡ

          ᠪᠠᠭᠤᠷᠢᠯᠠᠵᠤ ᠶᠠᠪᠣᠭᠰᠠᠨ

ᠴᠡᠭᠡᠨ ᠪᠣᠯᠠᠭ ᠤᠨ ᠣᠰᠤ ᠪᠠᠷ

          ᠣᠮᠳᠠᠯᠠᠵᠤ ᠶᠠᠪᠣᠭᠰᠠᠨ

ᠴᠠᠪᠠᠷ ᠳᠤᠩᠭ᠋ᠠᠯᠠᠭ ᠠᠭᠠᠷ ᠢ

          ᠠᠮᠢᠰᠬᠤᠵᠤ ᠶᠠᠪᠣᠭᠰᠠᠨ

ᠴᠡᠴᠡᠭ᠌ ᠬᠤᠸᠠᠷ ᠤᠨ ᠰᠠᠢ᠌ᠬᠠᠨ ᠢ

          ᠰᠤᠨᠢᠷᠬᠠᠵᠤ ᠶᠠᠪᠣᠭᠰᠠᠨ

ᠮᠢᠨᠤ ᠨᠤᠳᠤᠭ ᠤᠨ ᠦᠵᠠᠮᠵᠢ᠃


ᠠᠭᠳᠠ ᠭᠦᠯᠦᠭ᠌ ᠤᠨ ᠬᠤᠷᠳᠤᠨ ᠢ

          ᠴᠠᠯᠮᠠᠳᠠᠵᠤ ᠶᠠᠪᠣᠭᠰᠠᠨ

ᠠᠩ ᠭᠦᠷᠦᠭᠡᠰᠤᠨ ᠤᠨ ᠰᠠᠢ᠌ᠨ ᠢ

          ᠠᠩᠨᠠᠵᠤ ᠶᠠᠪᠣᠭᠰᠠᠨ

ᠠᠯᠳᠠᠨ ᠰᠢᠷᠭᠠᠯ ᠳᠠᠷᠢᠶ᠎ᠠ ᠲᠦᠮᠦᠰᠦ ᠪᠠᠨ

          ᠳᠠᠷᠢᠵᠤ ᠶᠠᠪᠣᠭᠰᠠᠨ

ᠠᠵᠤ ᠠᠮᠢᠳᠤᠷᠠᠯ ᠤᠨ ᠰᠠᠢ᠌ᠨ ᠰᠠᠢ᠌ᠬᠠᠨ ᠢ

          ᠡᠳ᠋ᠯᠡᠵᠤ ᠶᠠᠪᠣᠭᠰᠠᠨ

ᠮᠢᠨᠤ ᠨᠤᠳᠤᠭ ᠤᠨ ᠪᠣᠶᠠᠨ ᠵᠠᠪᠰᠢᠶᠠᠨ᠃


ᠢᠷᠠᠭᠤ ᠨᠠᠢ᠌ᠷᠠᠭ ᠤᠳᠬ᠎ᠠ ᠵᠤᠬᠢᠶᠠᠯ ᠢ

          ᠣᠶᠠᠩᠭ᠋ᠠᠯᠠᠵᠤ ᠶᠠᠪᠣᠭᠰᠠᠨ

ᠠᠭᠤᠯᠠ ᠭᠦᠳᠡᠭᠡ ᠠᠭᠤᠳᠠᠮ ᠳᠠᠯ᠎ᠠ ᠶᠢ

          ᠪᠠᠶᠠᠰᠬᠠᠵᠤ ᠶᠠᠪᠣᠭᠰᠠᠨ

ᠣᠷᠠᠨ ᠭᠡᠯᠡ ᠲᠡᠶ ᠭᠡᠭᠡᠷ᠎ᠡ ᠶᠢᠨ ᠰᠢᠪᠠᠭᠤᠳ ᠢ

          ᠴᠡᠩᠭᠡᠯᠳᠦᠭᠦᠯᠵᠤ ᠶᠠᠪᠣᠭᠰᠠᠨ

ᠣᠶᠠᠩᠭ᠋ᠠᠳᠤ ᠰᠠᠢ᠌ᠬᠠᠨ ᠣᠷᠳᠤ ᠶᠢᠨ ᠳᠠᠭᠤᠤ ᠪᠠᠨ

          ᠬᠠᠩᠭᠢᠨᠠᠭᠤᠯᠵᠤ ᠶᠠᠪᠣᠭᠰᠠᠨ

ᠮᠢᠨᠤ ᠨᠤᠳᠤᠭ ᠤᠨ ᠣᠷᠠᠨ ᠪᠦᠳᠦᠭᠡᠯ᠃


ᠱᠤᠩᠬᠤᠷ ᠤᠨ ᠠᠭᠤᠯᠠ ᠰᠢᠷᠠᠮᠦᠷᠠᠨ ᠭᠤᠤᠯ ᠢ ᠪᠠᠨ

          ᠳᠠᠭᠢᠵᠤ ᠶᠠᠪᠣᠭᠰᠠᠨ

ᠬᠠᠩᠭ᠋ᠠᠢ ᠭᠤᠪᠢ ᠶᠢᠨ ᠬᠠᠮᠤᠭ ᠪᠠᠶᠠᠯᠢᠭ ᠶᠢᠡᠨ

          ᠰᠠᠭᠢᠵᠤ ᠶᠠᠪᠣᠭᠰᠠᠨ

ᠬᠠᠨᠠᠭᠠᠷ ᠳᠠᠯ᠎ᠠ ᠬᠤᠷᠴᠢᠨ ᠨᠤᠳᠤᠭ ᠶᠢᠡᠨ

          ᠬᠠᠮᠠᠭᠠᠯᠠᠵᠤ ᠶᠠᠪᠣᠭᠰᠠᠨ

ᠮᠢᠨᠤ ᠨᠤᠳᠤᠭ ᠤᠨ ᠵᠤᠷᠢᠭ ᠡᠷᠴᠢ᠃


ᠠᠯᠳᠠᠨ ᠳᠡᠯᠡᠭᠡᠢ ᠶᠢᠨ ᠦᠷᠤ ᠶᠢ

          ᠠᠶᠠᠯᠠᠵᠤ ᠳᠠᠪᠭᠢᠭᠰᠠᠨ

ᠠᠮᠢ ᠨᠠᠰᠤᠨ ᠤ ᠠᠶᠤᠮᠰᠢᠭᠳᠤ ᠪᠠᠷᠳᠠᠭ᠎ᠠ ᠶᠢ

          ᠳᠠᠪᠠᠵᠤ ᠶᠠᠪᠣᠭᠰᠠᠨ

ᠭᠠᠳᠠ ᠮᠠᠢ᠌ᠷᠠᠨ ᠤ ᠵᠤᠷᠢᠭ ᠢ

          ᠵᠤᠷᠢᠵᠤ ᠶᠠᠪᠣᠭᠰᠠᠨ

ᠭᠠᠷᠮᠠᠭᠠᠢ ᠳᠠᠢ᠌ᠴᠢᠨ ᠠᠯᠳᠠᠷ ᠴᠤᠯᠠ ᠶᠢ ᠨᠢ

          ᠳᠠᠨᠢᠭᠤᠯᠵᠤ ᠶᠠᠪᠣᠭᠰᠠᠨ

ᠮᠢᠨᠤ ᠨᠤᠳᠤᠭ ᠤᠨ ᠮᠥᠩᠭᠡ ᠳᠤᠷᠠᠰᠤᠯ᠁


ᠵᠤᠬᠢᠶᠠᠭᠴᠢ ᠶᠢᠨ ᠬᠠᠶᠠᠭ ᠄ ᠳᠦᠡᠭᠯᠢᠶ‍ᠦᠤ ᠮᠤᠩᠭ᠋ᠤᠯ ᠳᠤᠮᠳᠠᠳᠤ ᠰᠤᠷᠭᠠᠭᠤᠯᠢ ᠶᠢᠨ ᠮᠤᠩᠭ᠋ᠤᠯ ᠭᠡᠯᠡᠨ ᠤ ᠳᠤᠭᠣᠢ᠌ᠯᠠᠩ




ᠵᠤᠬᠢᠶᠠᠭᠴᠢ᠄ ᠪᠠ᠊·ᠤᠳᠽᠠᠷ
ᠢᠷᠡᠯᠲᠡ᠄ ᠡᠭᠡ ᠪᠢᠴᠢᠭ᠌ ᠤᠨ ᠰᠢᠰᠲ᠋ᠸᠮ ᠶᠢᠡᠷ ᠢᠷᠡᠭᠦᠯᠦᠭ᠍ᠰᠡᠨ
ᠬᠠᠷᠢᠶ᠎ᠠ᠄ ᠰᠢᠯᠦᠭ
ᠳᠠᠷᠤᠮ᠄ 1550
ᠴᠠᠭ᠄ 2014 ᠤᠨ ᠤ 03 ᠰᠠᠷ᠎ᠠ ᠶᠢᠨ 11
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁