ᠳ᠋ᠠᠰᠢ ᠶᠢᠨ ᠨᠠᠭᠤᠷ

ᠬᠤᠯᠠ ᠡᠴᠡ ᠬᠠᠷᠠᠬᠤ ᠳᠤ ᠳ᠋ᠠᠰᠢ ᠶᠢᠨ ᠨᠠᠭᠤᠷ

ᠬᠤᠧᠨ ᠮᠠᠷᠠᠯ ᠤᠨ ᠨᠢᠳᠤ ᠰᠢᠭ᠌ ᠳᠤᠷᠮᠤᠯᠵᠠᠨ᠎ᠠ

ᠬᠤᠯᠤᠰᠤ ᠵᠡᠭᠡᠰᠤ ᠨᠢ ᠭᠠᠩᠬᠤᠬᠤᠯᠠᠷ

ᠭᠦᠮᠤᠨ ᠤ ᠨᠢᠳᠤᠨ ᠰᠤᠷᠮᠤᠤᠰᠤ ᠰᠢᠭ ᠠᠨᠢᠪᠠᠯᠵᠠᠨ᠎ᠠ᠃


ᠲ᠋ᠠᠩᠭᠢᠯ ᠭᠠᠯᠪᠢᠷ ᠲᠡᠶ ᠳ᠋ᠠᠰᠢ ᠶᠢᠨ ᠨᠠᠭᠤᠷ

ᠳᠠᠯ᠎ᠠ ᠳᠤ ᠣᠨᠠᠭᠰᠠᠨ ᠰᠠᠷᠠ ᠰᠢᠭ ᠳᠡᠷᠭᠡᠯᠰᠢᠨ᠎ᠡ

ᠭᠦᠷᠦᠭᠡᠳ ᠳᠦᠭᠦᠭᠦ ᠳᠤ ᠳ᠋ᠠᠰᠢ ᠶᠢᠨ ᠨᠠᠭᠤᠷ

ᠭᠦᠨᠦᠭ᠌ ᠲᠤ ᠪᠢᠯᠬᠠᠭᠰᠠᠨ ᠰᠥ᠋ ᠰᠢᠭ᠌ ᠴᠠᠯᠭᠢᠯᠤᠨ᠎ᠠ᠃

                  

ᠭᠠᠵᠠᠷᠯᠠᠭᠰᠠᠨ ᠬᠤᠶᠠᠷ ᠵᠠᠭᠠᠯ ᠤᠨ

ᠴᠢᠳᠤᠷᠯᠠᠵᠤ ᠳᠠᠰᠤᠭᠰᠠᠨ ᠨᠠᠭᠤᠷ

ᠭᠠᠯᠠᠭᠤ ᠨᠤᠭᠤᠰᠤ ᠰᠢᠪᠠᠭᠤᠳ ᠤᠨ

ᠭᠠᠩᠭ᠋ᠠᠨᠠᠵᠤ ᠴᠡᠩᠭᠡᠭ᠍ᠰᠡᠨ ᠣᠷᠤᠨ᠃

                  

ᠠᠷᠪᠠᠨ ᠭᠤᠷᠪᠠᠳᠤᠭᠠᠷ ᠵᠠᠭᠤᠨ ᠤ

ᠨᠢᠭᠡᠯᠭᠡᠨ ᠳᠤᠰᠤᠯ ᠳᠠᠩᠭ᠋ᠠᠷᠢᠭ

ᠠᠽᠢᠶ᠎ᠠ ᠶᠢᠨ ᠡᠯᠢᠭᠡᠨ ᠡᠴᠡ ᠣᠷᠤᠰᠤᠭᠰᠠᠨ

ᠠᠭᠤᠤ ᠨᠢᠭᠡᠨ ᠠᠮᠢ᠃

                    

ᠪᠦᠷᠳᠡ ᠴᠢᠨ᠋ᠸ᠎ᠠ ᠶᠢᠨ ᠨᠢᠳᠤᠨ ᠳ᠋ᠠᠭᠢ

ᠨᠢᠭᠡᠯᠭᠡᠨ ᠳᠤᠰᠤᠯ ᠨᠢᠯᠪᠣᠰᠤ

ᠪᠦᠭᠦᠰᠢ ᠦᠭᠡᠶ ᠨᠤᠳᠤᠭ ᠤᠨ ᠮᠢᠨᠢ

ᠮᠥᠭᠦᠰᠢ ᠦᠭᠡᠶ ᠳᠤᠮᠤᠭ᠃


ᠵᠤᠬᠢᠶᠠᠭᠴᠢ ᠶᠢᠨ ᠬᠠ‍‌ᠶᠢᠭ ᠄ ᠵᠠᠷᠤᠳ ᠬᠤᠰᠢᠭᠤᠨ ᠤ ᠪᠠᠶᠠᠠᠮᠠᠩᠬ᠎ᠠ ᠰᠤᠷᠭᠠᠭᠤᠯᠢ

ᠵᠤᠬᠢᠶᠠᠭᠴᠢ᠄ ᠳᠢᠶ‍ᠧ ᠮᠢᠩ
ᠬᠠᠷᠢᠶ᠎ᠠ᠄ ᠰᠢᠯᠦᠭ
ᠳᠠᠷᠤᠮ᠄ 1923
ᠴᠠᠭ᠄ 2013 ᠤᠨ ᠤ 11 ᠰᠠᠷ᠎ᠠ ᠶᠢᠨ 29