ᠬᠠᠢ᠌ᠷ᠎ᠠ ᠶᠢᠨ ᠨᠤᠭᠤᠭᠠᠨ ᠳᠠᠯ᠎ᠠ ᠰᠠᠢ᠌ᠷ ᠤᠨ ᠪᠣᠷᠵᠠᠩ ᠳᠠᠳᠠᠨ᠎ᠠ

᠊᠊᠊᠊᠊᠊᠊᠊᠊᠊᠊᠊᠊᠊᠊᠊᠊᠊᠊᠊᠊᠊᠊᠊᠊ ᠫᠣᠤ ᠶᠢᠨ ᠳᠠᠭᠤᠨ ᠶᠢᠡᠷ ᠰᠢᠪᠠᠭᠤ ᠪᠣᠳᠠᠷᠠᠭᠠᠤᠨ᠂

ᠣᠢ ᠶᠢᠨ ᠭᠦᠨ ᠶᠢᠡᠷ ᠬᠤᠷᠤᠬᠠᠢ ᠱᠥᠯᠭᠦᠷᠡᠨ᠎ᠡ

ᠬᠠᠢ᠌ᠷ᠎ᠠ ᠶᠢᠨ ᠨᠤᠭᠤᠭᠠᠨ ᠳᠠᠯ᠎ᠠ

ᠰᠠᠢ᠌ᠷ ᠤᠨ ᠪᠣᠷᠵᠠᠩ ᠳᠠᠳᠠᠨ᠎ᠠ

ᠬᠠᠷᠠᠩᠭ᠋ᠤᠢ ᠨᠤᠭᠤᠭᠠᠨ ᠬᠤᠷᠤᠬᠠᠢ ᠶᠢᠨ

ᠰᠢᠷᠠᠩᠭ᠋ᠤᠢ ᠭᠤᠨᠢᠭ ᠳᠠᠪᠠᠷᠢᠵᠤ

ᠬᠠᠢ᠌ᠯᠠᠰᠤ ᠥᠭᠡᠳᠡ ᠪᠠᠨ ᠳᠦᠭ᠍ᠰᠢᠨ

ᠮᠠᠢ᠌ᠯᠠᠰᠤ ᠳᠤᠭᠤᠭᠰᠢ ᠪᠠᠨ ᠮᠡᠭ᠍ᠰᠢᠨ᠎ᠡ

ᠫᠣᠤ ᠶᠢᠨ ᠳᠠᠭᠤᠨ ᠶᠢᠡᠷ ᠳᠦᠷᠪᠠᠭᠦ

ᠣᠢ ᠶᠢᠨ ᠴᠠᠪᠠᠷᠴᠢ ᠰᠢᠪᠠᠭᠤᠳ

ᠰᠤᠭᠤ ᠶᠢᠨ ᠣᠷᠭᠤᠭ᠎ᠠ ᠬᠠᠨᠢ ᠡᠴᠡ

ᠡᠮᠭᠡᠨᠢᠨ ᠡᠮᠭᠡᠨᠢᠨ ᠬᠤᠯᠠᠳᠠᠭᠰᠠᠨ ᠶᠤᠮ ᠡ

ᠮᠠᠠᠳᠠᠷᠠᠸ᠎ᠠ ᠴᠠᠭᠠᠨ ᠡᠭᠦᠯᠡ ᠲᠡᠶ

ᠮᠤᠩᠭ᠋ᠤᠯ ᠤᠨ ᠰᠠᠷᠠᠭᠤᠯ ᠡ᠊ᠨᠳᠡᠭᠦᠷᠡᠯ ᠳᠤ

ᠭᠢᠷᠠᠭᠤ ᠴᠠᠰᠤ ᠯᠠ ᠣᠳᠤᠬᠠᠨ

ᠬᠠᠮᠤᠭ ᠤᠨ ᠳᠠᠷᠬᠠᠨ ᠴᠠᠭᠠᠳᠬᠠᠯ ᠦᠦ

ᠬᠠᠢ᠌ᠷ᠎ᠠ ᠶᠢᠨ ᠨᠤᠭᠤᠭᠠᠨ ᠳᠠᠯ᠎ᠠ

ᠰᠠᠢ᠌ᠷ ᠤᠨ ᠪᠣᠷᠵᠠᠩ ᠳᠠᠳᠠᠨ᠎ᠠ


ᠳᠦᠯᠡᠢ ᠳᠤᠰᠤᠨ᠎ᠠ


᠊᠊᠊᠊᠊᠊᠊᠊᠊᠊᠊᠊᠊᠊᠊᠊᠊᠊᠊᠊᠊᠊᠊᠊᠊᠊ ᠨᠤᠳᠤᠭ ᠡ ᠭᠡᠳ ᠭᠦᠷᠭᠦ ᠳᠤ᠂

ᠨᠤᠷ᠎ᠠ ᠮᠠᠩᠬ᠎ᠠ ᠳᠤᠰᠤᠯ᠎ᠠ

ᠡᠷᠢᠭᠡᠳ ᠣᠭᠢᠯᠠᠳᠠᠭ ᠡᠵᠢ ᠡ ᠭᠡᠭᠦ ᠨᠠᠰᠤ

ᠡᠪᠠᠰᠤ ᠶᠢ ᠢᠷᠠᠬᠤ ᠳᠤ ᠮᠥᠮᠥ ᠡ ᠭᠡᠳ ᠪᠣᠰᠤᠮᠠᠷ

ᠡᠷᠭᠢᠴᠡᠭᠦᠯᠦᠯ ᠤᠨ ᠰᠠᠢ᠌ᠬᠠᠨ ᠳ᠋ᠠᠭᠢ ᠨᠤᠳᠤᠭ ᠭᠡᠰᠡᠨ ᠪᠣᠳᠤᠯ

ᠡᠪᠴᠢᠭᠦᠨ ᠳᠤ ᠭᠡᠵᠢᠶᠡᠳᠡ ᠡᠮᠧ ᠪᠠᠨ ᠭᠦᠭᠦᠵᠤ ᠶᠠᠪᠣᠨ᠎ᠠ

ᠡᠵᠡᠨ ᠰᠠᠭᠤᠵᠤ ᠴᠢᠳᠠᠭᠰᠠᠨ ᠦᠭᠡᠶ ᠣᠴᠢᠷ

ᠡᠯᠡᠰᠤ ᠪᠣᠯᠤᠭᠠᠤᠨ ᠳᠦᠯᠡᠢ ᠳᠤᠰᠤᠨ᠎ᠠ

ᠰᠡᠭᠡᠷᠡᠭᠦ ᠳᠤ ᠪᠢᠳᠠᠨ ᠳᠤ ᠣᠮᠤᠭ ᠥᠭ᠍ᠴᠤ ᠪᠠᠢ᠌ᠯ᠎ᠠ

ᠰᠡᠭᠡᠭᠡᠷᠡᠭᠦ ᠳᠤ ᠣᠳᠤ ᠭᠤᠨᠢᠭ ᠳᠡᠪᠠᠷᠢᠭᠦ ᠪᠣᠯᠤᠯ᠎ᠠ

ᠭᠦᠩᠭᠡᠨ ᠰᠠᠯᠭᠢᠨ ᠤ ᠭᠦᠯᠦᠭ᠌ ᠢ ᠭᠦᠷᠳᠡᠯ᠎ᠡ ᠴᠤᠴᠠᠭᠠᠮᠠᠷ

ᠭᠦᠭᠡ ᠳᠡᠦᠭᠡ ᠶᠢ ᠭᠦᠡᠳᠡᠯᠡᠨ ᠣᠷᠤᠰᠬᠠᠭᠰᠠᠨ ᠨᠤᠳᠤᠭ ᠪᠢᠯᠠ

ᠡᠵᠡᠨ ᠰᠠᠭᠤᠵᠤ ᠴᠢᠳᠠᠭᠰᠠᠨ ᠦᠭᠡᠶ ᠣᠴᠢᠷ

ᠡᠯᠡᠰᠤ ᠪᠣᠯᠤᠭᠠᠤᠨ ᠳᠦᠯᠡᠢ ᠳᠤᠰᠤᠨ᠎ᠠ


ᠵᠤᠯᠠ ᠠᠰᠠᠨ᠎ᠠ


᠊᠊᠊᠊᠊᠊᠊᠊᠊᠊᠊᠊᠊᠊᠊᠊᠊᠊᠊᠊᠊᠊᠊᠊᠊ ᠣᠯᠠᠢ᠌ᠯᠭᠠᠵᠤ ᠳᠠᠯᠠᠭᠰᠠᠨ ᠴᠠᠭᠠᠨ ᠣᠰᠤᠯ

ᠣᠷᠭᠤᠭᠤᠯᠵᠤ ᠠᠪᠣᠷᠠᠬᠤ ᠨᠤᠭᠤᠭᠠᠨ ᠭᠦᠰᠡᠯ

ᠰᠠᠷᠭᠢᠨᠠᠭ ᠶᠢᠡᠨ ᠭᠦᠪᠢᠭᠦ ᠳᠡᠭ᠍ᠷᠢ ᠶᠢᠨ ᠡᠰᠡᠷᠭᠦ

ᠰᠠᠯᠭᠢ ᠶᠢ ᠨᠢ ᠳᠠᠷᠤᠬᠤ ᠮᠦᠴᠢᠷ ᠪᠣᠰᠤᠯᠴᠠᠨ

ᠰᠠᠮᠤᠷᠤᠭᠠᠤᠨ ᠶᠠᠪᠣᠬᠤ ᠡᠯᠡᠰᠤ ᠶᠢ ᠳᠠᠷᠤᠩᠭ᠋ᠣᠢ᠌ᠯᠠᠵᠤ

ᠰᠠᠷᠠᠯᠠᠩ ᠨᠠᠢ᠌ᠭᠤᠬᠤ ᠦᠭᠡᠶ ᠲᠦᠷᠦ ᠪᠠᠢ᠌ᠭᠤᠯᠪᠠ

ᠨᠤᠭᠤᠭᠠᠨ ᠲᠦᠷᠦ ᠶᠢᠨ ᠰᠠᠷᠠᠪᠴᠢᠨ ᠳᠤᠤᠷ᠎ᠠ

ᠴᠠᠭᠠᠨ ᠳᠡᠦᠭᠡ ᠶᠢ ᠨᠢ ᠣᠩᠰᠢᠨ ᠰᠠᠭᠤᠬᠤ ᠳᠤ

ᠨᠤᠷᠠᠭᠠᠭᠳᠠᠵᠤ ᠶᠠᠪᠣᠭᠰᠠᠨ ᠣᠯᠠ ᠳᠡᠭᠡᠷ᠎ᠡ

ᠴᠢᠯᠦᠭᠡᠯᠡᠭ᠍ᠳᠡᠵᠤ ᠭᠠᠷᠬᠤ ᠵᠤᠯᠠ ᠠᠰᠠᠨ᠎ᠠ

ᠵᠤᠬᠢᠶᠠᠭᠴᠢ᠄ ᠭᠠᠳᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 2212
ᠴᠠᠭ᠄ 2009 ᠤᠨ ᠤ 03 ᠰᠠᠷ᠎ᠠ ᠶᠢᠨ 28
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ