ᠡᠵᠢ ᠳᠡᠭᠡᠨ ᠪᠢ ᠬᠠᠢ᠌ᠷᠠᠳᠠᠢ

ᠭᠦᠪᠴᠢᠨ ᠳᠡᠯᠡᠭᠡᠢ ᠶᠢᠨ ᠡᠨᠡᠭᠡᠨ ᠵᠠᠢ ᠳᠤ

ᠭᠦᠯᠦᠰᠤ ᠭᠦᠴᠤ ᠪᠠᠨ ᠣᠷᠤᠰᠬᠠᠵᠤ ᠪᠠᠢ᠌ᠭᠠᠤᠨ

ᠭᠦᠯ ᠢ ᠮᠢᠨᠢ ᠳᠦᠷᠦᠭᠡᠨ ᠳᠤ ᠭᠢᠰᠭᠢᠭᠦᠯᠦᠭ᠍ᠰᠡᠨ

ᠭᠦᠭᠡᠷᠦᠭᠦᠢ ᠡᠵᠢ ᠳᠡᠭᠡᠨ ᠪᠢ ᠬᠠᠢ᠌ᠷᠠᠳᠠᠢ

ᠭᠠᠩᠭ᠋ᠠᠩ ᠪᠠᠢ᠌ᠭᠠᠯᠠᠢ ᠶᠢᠨ ᠡᠯᠢᠭᠡᠨ ᠳᠤ

ᠭᠠᠰᠢᠭᠤᠨ ᠵᠤᠪᠠᠯᠠᠩ ᠠᠮᠰᠠᠵᠤ ᠪᠠᠢ᠌ᠭᠰᠠᠨ ᠴᠤ

ᠭᠠᠷ ᠲᠤ ᠮᠢᠨᠢ ᠭᠠᠠᠵᠤᠭ᠎ᠠ ᠠᠳᠬᠤᠭᠤᠯᠤᠭᠰᠠᠨ

ᠭᠠᠪᠢᠶᠠᠳᠤ ᠡᠵᠢ ᠳᠡᠭᠡᠨ ᠪᠢ ᠬᠠᠢ᠌ᠷᠠᠳᠠᠢ

ᠡᠷᠡᠮᠳᠡᠭ᠌ ᠪᠣᠭᠤᠷᠤᠯ ᠬᠤᠷᠸ᠎ᠠ ᠶᠢᠨ

ᠡᠡᠭ‍ᠭᠦᠯ ᠳᠤᠩᠬᠤᠯ ᠵᠠᠮ ᠢ ᠳᠤᠭᠤᠯᠠᠵᠤ

ᠡᠷ᠎ᠡ ᠪᠡᠶ᠎ᠠ ᠶᠢ ᠮᠢᠨᠢ ᠥᠰᠭᠡᠭ᠍ᠰᠡᠨ

ᠡᠩᠬᠦᠷᠡᠢ ᠡᠵᠢ ᠳᠡᠭᠡᠨ ᠪᠢ ᠬᠠᠢ᠌ᠷᠠᠳᠠᠢ

ᠭᠦᠴᠢᠷ ᠪᠠᠷᠭᠡ ᠶᠢ ᠢᠯᠠᠨ ᠳᠠᠪᠠᠵᠤ

ᠭᠦᠢᠳᠡᠨ ᠬᠠᠯᠠᠭᠤᠨ ᠳᠤ ᠳᠠᠪᠳᠠᠭᠳᠠᠨ ᠪᠣᠯᠪᠠᠰᠤᠷᠠᠵᠤ

ᠭᠦᠮᠤᠨ ᠤ ᠳᠡᠭᠡᠳᠤ ᠪᠣᠯᠤᠭᠠᠷᠠᠢ ᠭᠡᠰᠡᠨ

ᠭᠦᠡᠳᠦᠳᠤ ᠡᠵᠢ ᠳᠡᠭᠡᠨ ᠪᠢ ᠬᠠᠢ᠌ᠷᠠᠳᠠᠢ

ᠬᠤᠯᠠ ᠶᠠᠪᠣᠵᠤ ᠰᠤᠷᠤᠯᠴᠠᠬᠤ ᠳᠤ

ᠬᠣᠢ᠌ᠨ᠎ᠠ ᠡᠴᠡ ᠰᠠᠴᠤᠯᠢ ᠪᠠᠨ ᠡᠷᠭᠦᠭᠡᠳ

ᠬᠤᠵᠢᠮ ᠤᠨ ᠰᠠᠢ᠌ᠬᠠᠨ ᠢ ᠢᠷᠦᠭᠡᠳᠡᠭ᠌

ᠬᠤᠩᠭ᠋ᠤᠷ ᠡᠵᠢ ᠳᠡᠭᠡᠨ ᠪᠢ ᠬᠠᠢ᠌ᠷᠠᠳᠠᠢ

ᠪᠣᠳᠤᠯᠢᠶᠠᠨ ᠶᠡᠭᠡᠳᠡᠢ ᠠᠮᠢᠳᠤᠷᠠᠯ ᠳᠤᠮᠳᠠ

ᠪᠣᠷᠤᠭᠤ ᠶᠠᠪᠣᠳᠠᠯ ᠭᠠᠷᠭᠠᠭᠰᠠᠨ ᠴᠤ

ᠪᠣᠷᠤᠭᠤᠰᠢᠶᠠᠨ ᠵᠢᠮᠠᠯᠠᠵᠤ ᠬᠠᠷᠢᠶᠠᠳᠠᠭ ᠦᠭᠡᠶ

ᠪᠣᠭᠤᠷᠤᠯ ᠡᠵᠢ ᠳᠡᠭᠡᠨ ᠪᠢ ᠬᠠᠢ᠌ᠷᠠᠳᠠᠢ

ᠡᠳᠦᠷ ᠰᠦᠨᠢ ᠶᠢᠨ ᠡᠭᠡᠯᠵᠢᠶᠡᠨ ᠳᠤ᠂

ᠦᠷᠤ ᠵᠢᠷᠦᠭᠡᠨ ᠡᠴᠡ ᠮᠢᠨᠢ ᠣᠶᠠᠭᠠᠳᠠᠢ᠂

ᠦᠨᠢ ᠮᠥᠩᠭᠡ ᠶᠢᠨ ᠰᠢᠳᠦᠭᠡᠨ᠂

ᠦᠷᠯᠦᠭ᠌ ᠡᠵᠢ ᠳᠡᠭᠡᠨ ᠪᠢ ᠬᠠᠢ᠌ᠷᠠᠳᠠᠢ᠃


ᠵᠤᠬᠢᠶᠠᠭᠴᠢ ᠶᠢᠨ ᠬᠠᠶ‍ᠢᠭ᠄ ᠰᠢᠠᠵᠢᠶᠠᠩ ᠤᠨ ᠪᠠᠶᠠᠠᠭᠤᠤᠯ ᠵᠸᠤ ᠶᠢᠨ ᠾᠸᠵᠢᠩ ᠰᠢᠶᠠᠨ ᠤ ᠦᠯᠵᠠᠢ᠌ᠳᠤᠠ᠋ᠭᠤᠯᠠ ᠰᠤᠮᠤᠨ ᠤ ᠡᠷᠡᠭᠦᠯ ᠬᠠᠮᠠᠭᠠᠯᠠᠯ ᠤᠨ ᠬᠤᠷᠢᠶ᠎ᠠ

ᠵᠤᠬᠢᠶᠠᠭᠴᠢ᠄ ᠳᠤᠷᠤᠨᠠ‍ᠴᠡᠴᠡᠭ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2573
ᠴᠠᠭ᠄ 2010 ᠤᠨ ᠤ 07 ᠰᠠᠷ᠎ᠠ ᠶᠢᠨ 26
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁