ᠢᠷᠠᠯ ᠨᠢ ᠳᠤᠳᠤ ᠦᠭᠡᠶ ᠥᠭᠡ

《ᠠᠷᠢᠭᠢ ᠣᠤᠭᠤᠪᠠᠯ

ᠰᠢᠯᠦᠭ᠌ ᠰᠠᠢ᠌ᠬᠠᠨ ᠪᠢᠴᠢᠨ᠎ᠠ》 ᠭᠡᠰᠡᠨ

ᠢᠷᠠᠯ ᠨᠢ ᠳᠤᠳᠤ ᠦᠭᠡᠶ ᠥᠭᠡ

ᠠᠢ᠌ᠯ ᠤᠨ ᠪᠠᠭᠤᠴᠠᠨ ᠳᠤ ᠬᠠᠶᠠᠭᠳᠠᠭᠰᠠᠨ

ᠭᠠᠷ ᠴᠠᠭᠠᠰᠤ ᠮᠠᠳᠤ

ᠠᠷᠭᠠᠯ ᠤᠨ ᠣᠪᠣᠭ᠎ᠠ

ᠦᠨᠡᠰᠤᠨ ᠳᠠᠭᠠᠷᠴᠠᠭ᠁ ᠳᠠᠮᠵᠢᠨ

ᠥᠩᠭᠦᠷᠢᠳᠤᠨ᠎ᠡ ᠡ᠃

ᠠᠯᠠᠩ ᠵᠠᠩ ᠳᠠᠢ

ᠮᠠᠨ ᠤ ᠭᠢᠨ ᠤ ᠵᠠᠷᠢᠮ ᠨᠢ

ᠳᠡᠭᠦᠵᠤ ᠠᠪᠴᠢᠬᠠᠭᠠᠤᠨ

ᠠᠷᠢᠭᠤᠨ ᠴᠠᠪᠠᠷ

ᠬᠠᠷᠮᠠᠨ ᠣᠷᠤᠭᠤ ᠪᠠᠨ ᠴᠢᠭᠢᠨ᠎ᠠ ᠡ᠃

ᠠᠷᠢᠭᠢ ᠡᠷᠳᠡᠨᠢ ᠦᠦ⁈

ᠠᠮᠢ᠂ ᠠᠳᠠᠯ ᠡᠷᠳᠡᠨᠢ ᠦᠦ⁈

ᠠᠯᠢᠶ᠎ᠠ ᠨᠥᠭᠦᠤᠨ ᠮᠢᠨᠢ

ᠪᠣᠳᠤᠵᠤ ᠥᠵᠡᠭᠡᠷᠡᠢ︕

ᠠᠯᠢᠨ ᠢ ᠨᠢ ᠭᠦᠭᠡᠭᠡᠴᠡᠯᠳᠦᠭᠦ ᠪᠠᠨ

ᠪᠣᠯᠭᠤᠭᠠᠵᠤ ᠳᠤᠩᠭ᠋ᠠᠭᠠᠷᠠᠢ︕

ᠠᠯᠢᠪᠠ ᠣᠢ᠌ᠯᠠᠰ ᠶᠢᠡᠨ ᠪᠢᠳᠠ

ᠠᠷᠢᠭᠢ ᠪᠠᠷ ᠳᠠᠷᠤᠭᠤᠯᠵᠤ ᠪᠣᠯᠤᠨ᠎ᠠ ᠭᠡᠵᠢ ᠦᠦ⁈

ᠠᠯᠤᠰ ᠤᠨ ᠭᠦᠰᠡᠯᠡᠩ ᠶᠢᠡᠨ ᠮᠠᠨᠤᠰ

ᠠᠷᠢᠭᠢ ᠪᠠᠷ ᠪᠣᠰᠬᠠᠵᠤ ᠳᠠᠢ᠌ᠯᠤᠨ᠎ᠠ ᠭᠡᠵᠢ ᠦᠦ⁈

ᠠᠷᠢᠭᠢᠴᠢᠨ 《ᠰᠢᠯᠦᠭ᠍ᠴᠢᠳ》 ᠮᠢᠨᠢ

ᠠᠶᠤᠯᠢᠬᠠᠢ ᠳᠠᠭᠠᠨ 《ᠪᠠᠭᠳᠠᠭᠠᠮᠤ》 ︕

ᠠᠰᠢᠳᠠ ᠴᠡᠭᠡᠷᠯᠡᠮᠤ︕


1988.10.22 ᠳᠤ ᠪᠢᠴᠢᠭ᠍ᠰᠡᠨ ᠨᠡᠢ᠌ᠳᠡᠯᠡᠭᠦᠯᠦᠭᠡᠳᠦᠢ ᠰᠢᠯᠦᠭ᠌᠃

ᠵᠤᠬᠢᠶᠠᠭᠴᠢ ᠶᠢᠨ ᠬᠠᠶ‍ᠢᠭ ᠄ ᠬᠦᠬᠡᠬᠤᠲᠠ ᠶᠢᠨ ᠭᠢᠩᠭ᠋ᠠᠨ ᠵᠠᠮ ᠤᠨ ᠦᠨᠳᠦᠰᠦᠳᠠᠨ ᠤ ᠪᠠᠭ᠎ᠠ ᠰᠤᠷᠭᠠᠭᠤᠯᠢ

ᠵᠤᠬᠢᠶᠠᠭᠴᠢ᠄ ᠭᠦᠷᠵᠡᠪ
ᠬᠠᠷᠢᠶ᠎ᠠ᠄ ᠰᠢᠯᠦᠭ
ᠳᠠᠷᠤᠮ᠄ 1800
ᠴᠠᠭ᠄ 2009 ᠤᠨ ᠤ 12 ᠰᠠᠷ᠎ᠠ ᠶᠢᠨ 31