ᠬᠠᠰᠢᠶᠠᠨ ᠤ ᠮᠢᠨᠢ ᠴᠡᠴᠡᠭ ᠵᠤᠯᠭᠠᠷᠠᠯ᠎ᠠ

ᠬᠠᠨᠢ ᠶᠢᠨ ᠶᠢᠡᠨ ᠪᠣᠳᠤᠯ ᠳᠤ ᠨᠢᠭᠡᠯᠡ ᠶᠡᠭᠡ ᠣᠢ᠌ᠤᠠᠬᠠᠷ ᠨᠠᠮᠠᠵᠤ

ᠬᠠᠰᠢᠶᠠᠨ ᠤ ᠮᠢᠨᠢ ᠴᠡᠴᠡᠭ᠌ ᠦᠵᠡᠳᠠᠯ᠎ᠠ ᠵᠤᠯᠭᠠᠷᠠᠴᠢᠬᠠᠯ᠎ᠠ

ᠬᠠᠪᠣᠷ ᠤᠨ ᠳᠤᠬᠠᠢ ᠣᠯᠠᠨ ᠣᠯᠠᠨ ᠮᠦᠷᠦᠭᠡᠳᠦᠯ ᠬᠠ‍‌ᠶ‍ᠢᠭᠯᠠᠨ

ᠬᠠᠯᠠᠭᠤᠬᠠᠨ ᠰᠠᠨᠠᠭᠳᠠᠬᠤ ᠡᠰᠢ ᠪᠠᠨ ᠳᠡᠪᠠᠷᠢᠭᠡᠳ ᠳᠤᠭᠵᠢᠷᠠᠯ᠎ᠠ

ᠬᠠᠷᠢᠨ ᠳᠡᠭᠡᠭᠦ ᠳᠤ ᠰᠠᠭᠤᠭᠰᠠᠨ ᠦᠷ᠎ᠡ ᠨᠢ ᠳᠤᠮᠪᠣᠢ᠌ᠴᠢᠭᠰᠠᠨ

ᠬᠠᠷᠠᠬᠤ ᠳᠤ ᠡᠶᠡᠯᠰᠡᠭ᠌ ᠰᠢᠵᠢᠷᠭᠡᠨ ᠪᠠᠷ᠎ᠠ ᠤᠢ᠌ᠷᠠᠳᠤᠨ᠎ᠠ ᠪᠢᠯᠠ᠃


ᠥᠯᠢᠶᠡᠭᠦ ᠰᠠᠯᠭᠢᠨ ᠳᠤ ᠦᠨᠦᠴᠢᠨ ᠭᠠᠭᠴᠠ ᠭᠤᠨᠢᠶᠠᠯ ᠠᠴᠢᠵᠤ

ᠥᠭᠦᠰᠢᠷᠡᠵᠤ ᠬᠤᠷᠪᠣᠢ᠌ᠬᠤ ᠶᠢᠨ ᠦᠷᠦᠪᠴᠢᠭᠡᠨ ᠳᠤᠭᠠᠴᠢᠯ ᠳᠡᠯᠭᠡᠨ

ᠦᠷ᠎ᠡ ᠶᠢᠨ ᠬᠤᠩᠭ᠋ᠤᠷ ᠨᠠᠪᠴᠢ ᠨᠠᠮᠠᠭ᠎ᠠ ᠪᠠᠨ ᠢᠯᠪᠢᠭ᠍ᠰᠡᠭᠡᠷ

ᠦᠴᠦᠭᠡᠳᠦᠷ ᠤᠨ ᠨᠠᠰᠤᠨ ᠡᠴᠡ ᠪᠠᠨ ᠬᠠᠢ᠌ᠷ᠎ᠠ ᠰᠢᠪᠠᠴᠢᠨ ᠠᠶᠠᠷᠯᠠᠬᠤ

ᠥᠩᠭᠡ ᠶᠢᠨ ᠰᠠᠢ᠌ᠬᠠᠨ ᠳᠡᠭ᠍ᠵᠢᠨ ᠳᠦᠷᠭᠦᠳᠤ ᠴᠡᠴᠡᠭ᠌ ᠮᠢᠨᠢ

ᠦᠯᠵᠡᠢ ᠮᠡᠡᠳᠦᠭᠡᠨ ᠳᠡᠯᠭᠡᠷᠡᠭᠦ ᠨᠠᠰᠤᠨ ᠤ ᠰᠤᠪᠢᠩ ᠮᠢᠨᠢ

ᠦᠷᠤ ᠵᠢᠷᠦᠭᠡᠨ ᠳᠤ ᠭᠣᠢ᠌ᠪᠠᠷᠬᠠᠨ ᠮᠦᠷᠦᠭᠡᠳᠦᠯ ᠬᠠᠳᠠᠭᠰᠠᠨ

ᠦᠨᠡᠨ ᠪᠣᠳᠠᠳᠠᠢ ᠭᠤᠸᠠᠯᠢᠭ ᠳᠦᠷᠭᠦ ᠴᠢᠨᠢ ᠮᠥᠩᠭᠡᠷᠡᠨ᠎ᠡ ᠪᠢᠯᠠ᠃

ᠰᠠᠪ ᠦᠭᠡᠶ ᠨᠢᠩᠵᠢᠨ ᠴᠠᠢ᠌ᠯᠭᠠᠨ ᠰᠠᠨᠠᠭ᠎ᠠ ︕

ᠰᠠᠠᠵᠢ ᠦᠭᠡᠶ ᠭᠡᠨᠡᠨ ᠬᠠᠩᠭ᠋ᠠᠯ ᠳᠠᠭᠠᠮᠠᠭᠯᠠᠯ ᠮᠢᠨᠢ

ᠬᠠᠰᠢᠶᠠᠨ ᠤ ᠴᠡᠴᠡᠭ᠌ ᠶᠢᠡᠨ ᠬᠠᠠᠳᠠᠯ᠎ᠠ ᠪᠠᠬᠠᠷᠬᠠᠬᠤ ᠴᠢᠯᠦᠭᠡ ᠦᠭᠡᠶ

ᠬᠠᠯᠠᠮᠰᠢᠭᠰᠠᠨ ᠣᠢ᠌ᠯᠠᠰ ᠤᠨ ᠭᠡᠢ᠌ᠮᠦᠷᠢ ᠴᠤᠭ ᠵᠢᠪᠬᠤᠭ᠎ᠠ ᠮᠢᠨᠢ

ᠨᠠᠮᠤᠷ ᠤᠨ ᠳᠡᠯᠡᠭᠡᠢ ᠳᠤ ᠡᠯᠪᠠᠭ᠌ ᠬᠤᠷᠢᠶᠠᠯᠳᠠ ᠪᠠᠷ ᠰᠥᠯᠡᠭ᠍ᠳᠡᠭᠦ

ᠨᠠᠯᠠᠭᠠᠷ ᠭᠦᠳᠡᠭᠡ ᠶᠢᠨ ᠡᠷᠡᠭᠦᠯ ᠪᠦᠳᠤᠨ ᠠᠮᠢᠰᠬᠤᠭ᠎ᠠ ᠪᠢᠯᠠ᠃

ᠴᠡᠴᠡᠭ᠌ ᠨᠢ ᠵᠤᠯᠭᠠᠷᠠᠭᠰᠠᠨ ᠨᠠᠮᠤᠷ ᠤᠨ ᠡᠨᠡ ᠳᠡᠯᠡᠭᠡᠢ ᠳᠤ

ᠴᠡᠴᠡᠭᠯᠡᠯ ᠰᠤᠷᠢᠭᠰᠠᠨ ᠨᠠᠰᠤᠨ ᠤ ᠳᠠᠭᠤᠤ ᠬᠠᠩᠭᠢᠨᠠᠨ᠎ᠠ᠃

ᠴᠡᠯᠡᠭᠡᠷᠭᠡᠨ ᠭᠦᠳᠡᠭᠡ ᠮᠢᠨᠢ ᠰᠢᠷᠭᠠᠯ ᠥᠩᠭᠡ ᠪᠠᠷ ᠬᠤᠴᠢᠭᠳᠠᠨ

ᠴᠡᠩᠭᠡᠯ ᠵᠢᠷᠭᠠᠯ ᠬᠠᠪᠣᠷ ᠤᠨ ᠣᠷᠠᠢ ᠪᠠᠷ ᠨᠠᠰᠢᠯᠠᠨ᠎ᠠ ᠪᠢᠯᠠ᠃

ᠴᠢᠩᠭᠢᠭᠦ ᠳᠤ ᠬᠠᠷᠢᠨ ᠭᠤᠨᠢᠷᠬᠠᠭ ᠪᠣᠳᠤᠯ ᠠᠷᠢᠯᠵᠤ

ᠴᠢᠯᠡᠭ᠍ᠰᠡᠨ ᠪᠠᠶ᠎ᠠ ᠠᠭᠤᠵᠢᠷᠠᠯ ᠵᠠᠢ᠌ᠳᠠᠯᠠᠨ ᠠᠮᠤᠷᠵᠢᠯ᠎ᠠ᠃


ᠵᠤᠬᠢᠶᠠᠭᠴᠢ ᠶᠢᠨ ᠬᠠ‍‌ᠶ‍ᠢᠭ ᠄ ᠨᠢ᠋ᠮᠠᠨ ᠬᠤᠰᠢᠭᠤᠨ ᠤ ᠣᠰᠤᠨ ᠤ ᠶᠠᠪᠣᠳᠠᠯ ᠤᠨ ᠳᠤᠪᠴᠢᠶ᠎ᠠ

ᠵᠤᠬᠢᠶᠠᠭᠴᠢ᠄ ᠰ·ᠠᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1271
ᠴᠠᠭ᠄ 2010 ᠤᠨ ᠤ 10 ᠰᠠᠷ᠎ᠠ ᠶᠢᠨ 13
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁