ᠠᠭᠳᠠ ᠶᠢᠨ ᠳᠠᠯ᠎ᠠ

ᠬᠠᠩᠭ᠋ᠠᠯ ᠴᠡᠭᠡᠵᠢ ᠪᠠᠨ ᠢᠯᠠ ᠭᠠᠷᠭᠠᠨ

ᠬᠠᠩᠭ᠋ᠠᠢ ᠳᠠᠷᠠᠯᠠᠨ ᠳᠠᠯ᠎ᠠ ᠭᠡᠪᠳᠡᠭᠦ ᠳ᠋ᠤ

ᠪᠠᠢ᠌ᠭᠠᠯᠢ ᠭᠡᠦᠭᠡᠨ ᠤ ᠥᠨᠦᠰᠦᠭ᠍ᠰᠡᠨ ᠣᠷᠤᠮ

ᠪᠠᠳᠠᠷᠠᠬᠤ ᠰᠠᠷᠠᠯᠠᠩ ᠶᠢᠡᠷ ᠢᠯᠠ ᠬᠠᠷᠠᠭᠳᠠᠨ᠎ᠠ

ᠦᠣᠡᠭᠡᠨ ᠡᠪᠠᠰᠤᠨ ᠤ ᠦᠨᠦᠷ ᠲᠤ ᠬᠤᠷᠭᠤᠳᠠᠵᠤ

ᠠᠳᠤᠭᠤᠳ ᠬᠠᠮᠠᠷ ᠶᠢᠡᠨ ᠬᠦᠩᠭᠡᠨ ᠳᠤᠷᠭᠢᠬᠤ ᠳ᠋ᠤ

ᠭᠡᠳᠡᠭᠡ ᠨᠢ ᠭᠦᠷᠦᠭ᠍ᠰᠡᠨ ᠦᠷᠭᠡᠨ ᠳᠠᠯ᠎ᠠ

ᠭᠤᠯᠢᠶ᠎ᠠ ᠶᠢᠨ ᠳᠠᠭᠤᠨ ᠶᠢᠡᠷ ᠢᠨᠢᠶᠠᠳᠤ ᠠᠯᠳᠠᠨ᠎ᠠ

ᠨᠡᠭᠦᠳᠡᠯᠯᠡᠵᠤ ᠥᠩᠭᠡᠷᠡᠭᠦ ᠡᠭᠦᠯᠡᠨ ᠰᠡᠭᠦᠳᠡᠷ

ᠨᠢᠯᠪᠣᠰᠤᠨ ᠳᠤᠰᠤᠯ ᠰᠢᠭ ᠭᠠᠵᠠᠷ ᠳᠤᠰᠬᠤ ᠳ᠋ᠤ

ᠨᠠᠭᠠᠳᠴᠤ ᠪᠠᠢ᠌ᠬᠤ ᠪᠠᠨ ᠳᠠᠭ᠎ᠠ ᠰᠠᠷᠪᠠᠤᠨ

ᠨᠠᠳᠬᠤᠵᠤ ᠭᠠᠷᠤᠭᠠᠤᠨ ᠰᠠᠨᠠᠭᠠᠨ ᠳᠤ ᠣᠷᠤᠨ᠎ᠠ


ᠨᠠᠷᠠᠨ ᠡᠪᠦᠭᠡᠨ ᠳᠠᠯ᠎ᠠ ᠶᠢ ᠪᠠᠬᠠᠷᠬᠠᠵᠤ

᠊ᠭ᠍ᠷᠡᠳᠦ᠋ᠰ ᠶᠢᠡᠨ ᠨᠠᠮᠠᠵᠤ ᠳᠠᠭᠠᠵᠢᠩ ᠭᠢᠭᠦ ᠳ᠋ᠤ

ᠨᠠᠪᠴᠢᠨ ᠤ ᠳᠤᠤᠷ᠎ᠠ ᠪᠣᠷᠤ ᠴᠢᠯᠠᠭᠤᠳ

ᠬᠠᠯᠠᠭᠤᠨ ᠡᠴᠡ ᠵᠠᠢ᠌ᠳᠠᠵᠤ ᠰᠡᠭᠦᠳᠡᠷ ᠡᠷᠢᠨ᠎ᠡ


ᠬᠤᠨᠢᠴᠢᠨ ᠦᠬᠢᠨ ᠤ ᠣᠶᠠᠩᠭ᠋ᠠᠳᠤ ᠳᠠᠭᠤᠨ

ᠬᠤᠯᠠ ᠶᠢᠨ ᠬᠤᠯᠠ ᠡᠴᠡ ᠴᠤᠤᠷᠢᠶᠠᠯᠠᠵᠤ ᠢᠷᠡᠭᠦ ᠳ᠋ᠤ

ᠬᠤᠤᠰ ᠬᠤᠤᠰ ᠶᠢᠡᠷ ᠭᠡᠭᠡᠷ᠎ᠡ ᠶᠢᠨ ᠪᠣᠯᠵᠤᠮᠤᠷ

ᠬᠤᠷᠮᠤᠰᠳᠠ ᠶᠢᠨ ᠳᠠᠩᠨᠠᠢ ᠳᠤ ᠪᠦᠵᠢᠭ᠌ ᠬᠠᠪᠰᠤᠷᠭᠠᠨ᠎ᠠ


ᠡᠭᠦᠯᠡᠨ ᠴᠠᠭᠠᠨ ᠮᠤᠩᠭ᠋ᠤᠯ ᠭᠡᠷ ᠤᠳ

ᠡᠷᠭᠢᠮᠰᠦᠭ᠌ ᠰᠠᠢ᠌ᠬᠠᠨ ᠵᠠᠪᠢᠯᠠᠵᠤ ᠰᠠᠭᠤᠬᠤ ᠳ᠋ᠤ

ᠡᠭᠦᠳᠡᠨ ᠤ ᠭᠢᠨᠢ ᠳᠡᠷᠭᠡᠳᠡ ᠬᠤᠳᠠᠴᠢ ᠨᠤᠬᠠᠤᠨ

ᠦᠳᠡ ᠶᠢᠨ ᠨᠣᠢ᠌ᠷ ᠶᠢᠡᠨ ᠰᠠᠯᠪᠢᠵᠤ ᠬᠠᠷᠠᠭᠳᠠᠨ᠎ᠡ


ᠪᠣᠷᠭᠠᠰᠤᠨ ᠭᠦᠯᠦᠭ᠌ ᠲᠡᠶ ᠢᠠᠵᠠᠭᠠᠨ ᠵᠢᠭᠠᠯ ᠤᠳ

《ᠪᠠᠢ᠌ᠯᠳᠤᠭᠠᠨ》 ᠭᠢᠭᠡᠳ ᠳᠠᠪᠭᠢᠯᠳᠤᠵᠤ ᠪᠠᠢ᠌ᠬᠤ ᠳ᠋ᠤ

ᠰᠠᠨᠠᠭ᠎ᠠ ᠴᠠᠢ᠌ᠯᠭᠠᠨ ᠮᠤᠩᠭ᠋ᠤᠯ ᠪᠦᠰᠡᠭᠦᠢᠳ

ᠰᠡᠭᠦᠳᠡᠷ ᠣᠷᠤᠭᠤ ᠬᠡᠦᠬᠡᠳ ᠶᠢᠡᠨ ᠳᠠᠯᠠᠯᠤᠨ᠎ᠠ᠃


ᠳᠠᠩᠰᠤᠭ ᠰᠠᠢ᠌ᠬᠠᠨ ᠮᠤᠩᠭ᠋ᠤᠯ ᠠᠮᠢᠳᠤᠷᠠᠯ

ᠳᠠᠯ᠎ᠠ ᠡᠴᠡ ᠰᠡᠮᠡᠭᠡᠷ ᠦᠨᠳᠠᠢ᠌ᠵᠤ ᠪᠣᠰᠬᠤ ᠳ᠋ᠤ

ᠳᠤᠭᠤᠰᠤ ᠦᠭᠡᠶ ᠰᠠᠢ᠌ᠬᠠᠨ ᠮᠤᠩᠭ᠋ᠤᠯ ᠵᠢᠷᠤᠭ

ᠳᠡᠯᠡᠭᠡᠢ ᠡᠮᠵᠢᠶᠡᠷᠢᠯᠡᠵᠤ ᠬᠠᠷᠠᠭ᠎ᠠ ᠪᠠᠶᠠᠰᠬᠠᠨ᠎ᠠ᠃

2003.9.9 〈ᠨᠤᠳᠤᠭ ᠬᠠᠢ᠌ᠯᠠᠰᠤᠨ᠎ᠠ〉


ᠵᠤᠬᠢᠶᠠᠭᠴᠢ ᠶᠢᠨ ᠬᠠᠶ‍ᠢᠭ᠄ ᠣᠯᠠᠭᠠᠠᠬᠠᠳᠠ ᠬᠤᠳᠠ ᠶᠢᠨ ᠬᠤᠧᠨ ᠰᠢᠶᠠ ᠠᠵᠢᠯ ᠮᠡᠷᠭᠡᠵᠢᠯ ᠤᠨ ᠰᠤᠷᠭᠠᠭᠤᠯᠢ

ᠵᠤᠬᠢᠶᠠᠭᠴᠢ᠄ ᠪᠠᠳᠤᠰᠠᠴᠠᠨ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠳᠠᠷᠤᠮ᠄ 1291
ᠴᠠᠭ᠄ 2010 ᠤᠨ ᠤ 09 ᠰᠠᠷ᠎ᠠ ᠶᠢᠨ 08
ᠪᠢᠴᠢᠭ᠍‍ᠯᠡᠭᠴᠢ᠄ ᠪᠦᠬᠡᠡᠷᠳᠡᠨᠢ
ᠨᠠᠢ᠌ᠷᠠᠭᠤᠯᠤᠭᠴᠢ᠄ ᠪᠦᠬᠡᠡᠷᠳᠡᠨᠢ
ᠲᠤᠰ ᠵᠤᠬᠢᠶᠠᠯ ᠢ ᠪᠦᠷᠭᠡ ᠳᠡᠭᠡᠨ ᠬᠠᠳᠠᠭᠠᠯᠠᠬᠤ
ᠰᠢᠭᠦᠮᠵᠢ ᠪᠢᠴᠢᠬᠦ
ᠨᠡᠪᠲᠡᠷᠡᠨ ᠤᠷᠤᠭᠠᠷᠠᠢ᠃
ᠨᠡᠪᠲᠡᠷᠡᠨ ᠤᠷᠤᠪᠠᠯ ᠰᠠᠶ‍ᠢ ᠰᠢᠭᠦᠮᠵᠢ ᠪᠢᠴᠢᠵᠦ ᠳᠡᠢ᠌ᠯᠦᠨ᠎ᠡ᠃

ᠪᠠᠢ᠌ᠷᠢ᠄ ᠮᠤᠩᠭ᠋ᠤᠯ ᠬᠡᠪ ᠰᠢᠯᠦᠭ - ᠠᠭᠳᠠ ᠶᠢᠨ ᠳᠠᠯ᠎ᠠ