ᠥᠡᠳᠦᠷᠯᠢᠭ᠌ ᠤᠨ ᠭᠤᠷᠪᠠᠨ ᠭᠡᠷᠡᠯ

ᠡᠪᠦᠭᠡᠨ ᠨᠠᠷᠠ


ᠡᠭᠦᠯᠡ ᠪᠠᠷ ᠥᠨᠦᠰᠦᠭ᠍ᠰᠡᠨ ᠴᠤ

ᠰᠠᠨᠠᠭ᠎ᠠ ᠪᠦᠷᠭᠦᠭ᠍ᠰᠢᠭᠦ ᠦᠭᠡᠶ

ᠣᠨᠢᠶᠠᠷ ᠶᠢᠡᠷ ᠰᠤᠭᠳᠤᠭᠠᠭᠰᠠᠨ ᠴᠤ

ᠭᠦᠯ ᠭᠡᠯᠳᠦᠷᠭᠢᠯᠡᠭᠦ ᠦᠭᠡᠶ

ᠰᠠᠯᠭᠢ ᠪᠠᠷ ᠠᠷᠭᠠᠳᠠᠭᠰᠠᠨ ᠴᠤ

ᠵᠥᠭ᠌ ᠶᠢᠡᠨ ᠠᠯᠳᠠᠬᠤ ᠦᠭᠡᠶ

ᠵᠢᠷᠦᠭᠡ ᠨᠢ ᠣᠯᠠᠭᠠᠨ

ᠢᠯᠴᠢ ᠪᠠᠷ ᠯᠤᠭᠰᠢᠨ᠎ᠠ

ᠴᠢᠨᠠᠷ ᠳᠦᠭᠦᠷᠡᠭ᠌

ᠭᠡᠷᠡᠯ ᠪᠠᠷ ᠠᠮᠢᠰᠬᠤᠨ᠎ᠠ


ᠳᠠᠩᠭᠢᠯ ᠰᠠᠷᠠ


ᠰᠡᠳᠭᠢᠯ ᠨᠢ

ᠰᠥ᠋ ᠰᠢᠭ᠌ ᠴᠠᠢ᠌ᠯᠵᠠᠭᠰᠠᠨ

ᠰᠦᠨᠢᠵᠢᠨ

ᠰᠥᠷᠦᠭ᠌ ᠤᠨ ᠶᠢᠡᠨ ᠳᠡᠷᠭᠡᠳᠡ

ᠰᠠᠢ᠌ᠬᠠᠨ ᠠᠮᠠᠷᠠᠭ ᠶᠢᠡᠨ

ᠰᠠᠷᠠᠪᠴᠢᠯᠠᠨ ᠰᠠᠷᠠᠪᠴᠢᠯᠠᠨ ᠭᠦᠯᠢᠶᠡᠭ᠍ᠰᠡᠨ

ᠳᠠᠩᠭᠢᠯ ᠰᠠᠷᠠ

ᠳᠠᠨᠢᠯᠬᠠᠨ ᠰᠠᠷᠠ

ᠮᠤᠩᠭ᠋ᠤᠯ ᠨᠤᠳᠤᠭ ᠤᠨ

ᠮᠥᠩᠭᠦᠨ ᠰᠠᠷᠠ


ᠣᠳᠤᠷ ᠤᠨ ᠰᠦᠨᠢ ᠶᠢᠨ ᠣᠳᠤᠳ


ᠨᠠᠷᠠᠨ ᠤ ᠭᠡᠷᠡᠯ ᠡᠴᠡ ᠢᠴᠢᠵᠤ

ᠨᠠᠭᠠᠳᠤ ᠪᠦᠮᠪᠦᠷᠴᠡᠭ᠌ ᠲᠤ ᠠᠨᠢᠪᠠᠯᠵᠠᠭᠰᠠᠨ

ᠨᠠᠮᠤᠷ ᠤᠨ ᠰᠦᠨᠢ ᠢᠯᠠᠭᠠᠬᠠᠷᠠᠵᠤ

ᠳᠡᠭ᠍ᠷᠢ ᠶᠢᠨ ᠭᠤᠤᠯ ᠳᠤ ᠰᠢᠬᠠᠯᠴᠠᠭᠰᠠᠨ

ᠣᠳᠤᠷ ᠤᠨ ᠰᠦᠨᠢ ᠶᠢᠨ ᠣᠳᠤᠳ

ᠣᠩᠭ᠋ᠤᠨ ᠳᠠᠯ ᠲᠡᠶ ᠠᠳᠤᠭᠤᠳ

ᠮᠤᠷᠢᠨ ᠬᠤᠭᠤᠷ ᠤᠨ ᠣᠳᠠᠰᠤᠨ ᠳᠡᠭᠡᠭᠦᠷ

ᠮᠦᠷ ᠶᠢᠡᠨ ᠡᠷᠢᠵᠤ ᠢᠠᠴᠠᠭᠠᠨᠠᠯᠳᠤᠨ᠎ᠠ


ᠵᠤᠬᠢᠶᠠᠭᠴᠢ ᠶᠢᠨ ᠬᠠᠶ‍ᠢᠭ ᠄ ᠭᠠᠬᠠᠢ᠌ᠳᠤ ᠳᠤᠮᠳᠠᠳᠤ ᠰᠤᠷᠭᠠᠭᠤᠯᠢ

ᠵᠤᠬᠢᠶᠠᠭᠴᠢ᠄ ᠭᠦᠭᠡ‍ᠠ᠋ᠭᠤᠯᠠ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 2348
ᠴᠠᠭ᠄ 2010 ᠤᠨ ᠤ 01 ᠰᠠᠷ᠎ᠠ ᠶᠢᠨ 02
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ