ᠪᠠᠭᠰᠢ ᠮᠢᠨᠤ ᠦᠴᠢᠯ

ᠳᠤᠭᠤᠨᠤᠳᠤ ᠭᠡᠷ ᠤᠨ ᠬᠠᠳᠠᠪᠴᠢᠨ ᠳᠤ ᠪᠦᠳᠦᠷᠢᠭ᠍ᠰᠡᠨ

ᠳᠤᠭᠯᠠᠵᠤ ᠳᠤᠷᠨᠢᠭᠰᠠᠨ ᠠᠩᠭᠢᠷ ᠪᠠᠭ᠎ᠠ ᠨᠠᠰᠤ

ᠳᠤᠭᠤᠰᠤᠳᠤ ᠶᠢᠷᠳᠢᠠᠴᠤ ᠳᠤ ᠣᠬᠠᠭᠠᠨ ᠰᠠᠭᠤᠭ᠎ᠠ ᠦᠭᠡᠶ

ᠳᠤᠮᠤᠭᠠᠵᠢᠨ ᠪᠣᠢ᠌ᠵᠢᠭᠰᠠᠨ ᠭᠡᠨᠡᠨ ᠴᠠᠢ᠌ᠯᠭᠠᠨ ᠠᠭᠠᠯᠢ᠃

ᠳᠤᠮᠤᠵᠢᠭ᠎ᠠ ᠦᠭᠡᠶ ᠪᠠᠯᠴᠢᠷ ᠨᠠᠰᠤᠨ ᠳᠤ

ᠠᠪᠣ ᠡᠵᠢ ᠶᠢ ᠪᠠᠨ ᠭᠡᠴᠢᠨᠡᠨ ᠵᠤᠪᠠᠭᠠᠵᠤ ᠶᠠᠪᠣᠯ᠎ᠠ ᠪᠢ

ᠳᠤᠷᠭᠠᠨ ᠭᠡᠯᠡ ᠶᠢᠨ ᠭᠢᠯᠢ ᠳᠤ ᠣᠢ᠌ᠷᠠᠳᠤᠭ᠎ᠠ ᠦᠭᠡᠶ

ᠠᠴᠢᠳᠤ ᠪᠠᠭᠰᠢ ᠪᠠᠷ ᠭᠡᠴᠢᠨᠡᠨ ᠵᠠᠩᠨᠠᠭᠤᠯᠵᠤ ᠶᠠᠪᠣᠯ᠎ᠠ ᠪᠢ᠃

ᠪᠦᠮᠪᠦᠷᠭᠡᠨ ᠬᠤᠷᠸ᠎ᠠ ᠳᠤ ᠪᠢᠯᠢᠭ᠌ ᠰᠣᠢ᠌ᠵᠤ

ᠪᠠᠶ᠎ᠠ ᠦᠰᠴᠦ ᠪᠣᠳᠤᠯ ᠰᠠᠷᠠᠭᠤᠯᠵᠢᠬᠤ ᠳᠤ

ᠪᠠᠭᠠᠳᠤᠷᠯᠢᠭ ᠳᠤᠤᠯᠢ ᠡᠴᠡ ᠵᠤᠷᠢᠭ ᠡᠷᠴᠢᠯᠡᠵᠤ

ᠪᠢᠴᠢᠭ᠌ ᠤᠨ ᠳᠠᠯᠠᠢ ᠳᠤ ᠳᠠᠷᠪᠠᠭᠤᠯ ᠭᠡᠢ᠌ᠰᠭᠡᠭ᠍ᠰᠡᠨ ᠵᠠᠯᠠᠭᠤ ᠨᠠᠰᠤ᠃

ᠠᠢ᠌ᠯ ᠤᠨ ᠵᠤᠭᠤᠭ ᠭᠡᠷ ᠤᠨ ᠴᠠᠳᠢᠭ ᠲᠤ

ᠠᠢ᠌ᠬᠤᠪᠳᠤᠷ ᠣᠯᠠᠨ ᠰᠢᠨ᠎ᠠ ᠡᠭᠡ ᠬᠠᠭᠤᠷᠠᠢ ᠢᠯᠡᠷᠡᠭᠦ ᠳᠤ

ᠠᠩᠭᠢᠷᠬᠠᠨ ᠳᠠᠷᠢᠭᠢᠨ ᠳᠤ ᠶᠢᠷᠳᠢᠠᠴᠤ ᠭᠡᠢ᠌ᠵᠤ

ᠠᠶᠤᠮᠠᠷ ᠪᠣᠰᠤᠭ᠎ᠠ ᠡᠷ᠎ᠡ ᠪᠣᠯᠵᠤ ᠳᠤᠷᠨᠢᠯ᠎ᠠ᠃

ᠪᠣᠰᠤᠭ᠎ᠠ ᠴᠤᠭᠴᠠᠳᠤ ᠭᠡᠯᠡ ᠳᠡᠭᠡᠨ ᠲᠦᠰᠢᠵᠤ

ᠣᠶᠤᠳᠠᠨ ᠨᠡᠷᠡᠯᠡᠭ᠍ᠰᠡᠨ ᠬᠤᠩᠭ᠋ᠤᠷ ᠬᠤᠷᠢᠨ ᠨᠠᠰᠤ

ᠪᠣᠯᠪᠠᠷᠠᠢ ᠭᠡᠦᠭᠡᠨ ᠳᠤ ᠳᠤᠷᠠᠯᠠᠯ ᠬᠠᠢ᠌ᠭᠰᠠᠨ

ᠣᠶᠠᠩᠭ᠋ᠠᠷᠠᠵᠤ ᠠᠭᠤᠰᠤᠭᠰᠠᠨ ᠮᠢᠨᠤ ᠶᠡᠭᠡ ᠰᠤᠷᠭᠠᠭᠤᠯᠢ᠃

ᠢᠨᠠᠭ ᠳᠠᠨᠢᠬᠤ ᠦᠭᠡᠶ ᠠᠢ᠌ᠯ ᠪᠣᠯᠤᠭᠰᠠᠨ

ᠳᠤᠷᠭᠤᠨ ᠰᠠᠨᠠᠭᠰᠠᠨ ᠵᠡᠮᠳᠡᠭ᠌ ᠬᠠᠢ᠌ᠷ᠎ᠠ

ᠢᠳᠡᠭᠡᠯ ᠬᠠᠷᠢᠭᠤᠴᠠᠯᠭ᠎ᠠ ᠶᠢᠨ ᠣᠷᠳᠤ ᠠᠶᠠᠨ ᠳ᠋ᠤ

ᠳᠡᠷᠭᠡᠯᠰᠢᠵᠤ ᠲ᠋ᠦᠶᠡᠭᠠᠷᠠᠭᠰᠠᠨ ᠪᠦᠯᠢ ᠬᠠᠯᠠᠭᠤᠨ ᠠᠮᠢᠳᠤᠷᠠᠯ᠃

ᠠᠪᠣ ᠰᠠᠭᠤᠵᠤ ᠠᠷᠬᠠᠢ᠌ᠭᠰᠠᠨ ᠠᠷᠪᠠᠨ ᠵᠢᠯ ᠳᠤ

ᠠᠬᠤ ᠴᠤ ᠣᠯᠠᠨ ᠵᠣᠢ᠌ᠯ ᠢ ᠲᠦᠰᠤᠪᠯᠠᠵᠤ ᠢᠷᠠᠯ᠎ᠠ

ᠠᠷᠠᠤᠨ ᠤᠨ ᠪᠠᠭᠰᠢ ᠶᠢᠨ ᠳᠠᠷᠬᠠᠨ ᠣᠢ᠌ᠯᠠᠰ ᠲᠤ

ᠠᠯᠢᠪᠠ ᠣᠶᠤᠨ ᠶᠢᠡᠨ ᠰᠢᠪᠬᠠᠵᠤ ᠡᠷᠭᠦᠭ᠍ᠰᠡᠭᠡᠷ᠃

ᠵᠠᠭᠤᠨ ᠤ ᠪᠣᠱᠤᠭᠠᠨ ᠳᠤ ᠵᠠᠷᠯᠢᠭ ᠢ ᠭᠦᠯᠢᠶᠡᠭ᠍ᠰᠡᠨ

ᠵᠠᠯᠠᠭᠤ ᠪᠠᠭᠰᠢ ᠶᠢᠨ ᠰᠢᠠᠳᠠᠰᠤ ᠡᠷᠴᠢᠯᠡᠵᠤ ᠪᠠᠢ᠌ᠨ᠎ᠠ

ᠰᠤᠤᠳᠤ ᠦᠨᠳᠦᠰᠦᠳᠠᠨ ᠤ ᠰᠠᠷᠠᠭᠤᠯ ᠮᠠᠷᠭᠠᠰᠢ ᠳ᠋ᠤ

ᠰᠤᠳᠤᠨ ᠵᠠᠯᠭᠠᠮᠵᠢᠯᠠᠭᠴᠢ ᠶᠢ ᠮᠠᠷᠠᠢ᠌ᠨ ᠭᠦᠮᠦᠵᠢᠭᠦᠯᠵᠤ ᠪᠣᠢ᠃


2006.4.3

ᠵᠤᠬᠢᠶᠠᠭᠴᠢ᠄ ᠨᠤ᠋·ᠳᠡᠭ᠍ᠵᠢᠷᠡᠭᠦ
ᠢᠷᠡᠯᠲᠡ᠄ ᠠᠯᠳᠠᠷᠳᠤ ᠬᠠᠩᠭ᠋ᠠᠪᠠ
ᠬᠠᠷᠢᠶ᠎ᠠ᠄ ᠰᠢᠯᠦᠭ
ᠳᠠᠷᠤᠮ᠄ 3321
ᠴᠠᠭ᠄ 2005 ᠤᠨ ᠤ 08 ᠰᠠᠷ᠎ᠠ ᠶᠢᠨ 04
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁