ᠶ‍ᠢᠰᠤᠨ ᠡᠷᠳᠡᠨᠢ ᠶᠢᠨ ᠣᠷᠤᠨ

ᠢᠪᠠᠭᠡᠯᠳᠤ ᠨᠠᠷᠠ ᠨᠢ ᠰᠠᠴᠤᠷᠠᠬᠤ ᠠᠯᠳᠠᠨ ᠡᠷᠳᠡᠨᠢ

ᠡᠯᠢᠭᠡᠨ ᠠᠭᠤᠯᠠᠰ ᠨᠢ ᠣᠷᠭᠢᠯ ᠮᠦᠩᠭᠦᠨ ᠡᠷᠳᠡᠨᠢ

ᠢᠯᠴᠢ ᠶᠢᠨ ᠣᠯᠠᠭᠠᠨ ᠭᠠᠯ ᠨᠢ ᠱᠢᠷᠤᠨ ᠡᠷᠳᠡᠨᠢ

ᠡᠵᠢ ᠶᠢᠨ ᠴᠠᠭᠠᠨ ᠰᠥ᠋ ᠨᠢ ᠰᠤᠪᠣᠤᠨ ᠡᠷᠳᠡᠨᠢ

ᠡᠩ ᠦᠭᠡᠶ ᠥᠷᠭᠡᠨ ᠳᠠᠯ᠎ᠠ ᠨᠢ ᠤᠭ᠍ᠶᠤ ᠡᠷᠳᠡᠨᠢ

ᠡᠷᠭᠡᠰ ᠨᠠᠭᠠᠳᠬᠤ ᠳᠡᠭ᠍ᠷᠢ ᠨᠢ ᠨᠤᠮᠢᠨ ᠡᠷᠳᠡᠨᠢ

ᠡᠯᠪᠠᠷᠢᠯ ᠤᠨ ᠴᠠᠭᠠᠨ ᠭᠡᠷ ᠨᠢ ᠳᠠᠨ᠎ᠠ ᠡᠷᠳᠡᠨᠢ

ᠡᠩᠭᠡ ᠦᠷ ᠤᠨ ᠳᠤᠶᠠᠭ᠎ᠠ ᠨᠢ ᠵᠠᠰ ᠡᠷᠳᠡᠨᠢ

ᠡᠭᠡ ᠣᠷᠤᠨ ᠮᠢᠨᠢ ᠶ‍ᠢᠰᠤᠨ ᠡᠷᠳᠡᠨᠢ

ᠡᠷᠭᠢᠭᠦ ᠶᠡᠭᠡ ᠳᠡᠯᠡᠭᠡᠢ ᠶᠢᠨ ᠠᠭᠤᠯᠠ ᠣᠰᠤᠨ ᠳᠤ ᠳᠡᠭ᠍ᠰᠢᠭᠡᠨ

ᠢᠯᠴᠢ ᠭᠡᠷᠡᠯ ᠤᠨ ᠭᠠᠢ᠌ᠬᠠᠮᠰᠢᠭ ᠮᠠᠠᠳᠤᠭᠰᠠᠨ ᠨᠠᠷᠠ ᠠᠯᠳᠠᠨ ᠪᠢᠯᠠ

ᠡᠩ ᠦᠭᠡᠶ ᠥᠷᠭᠡᠨ ᠳᠠᠯ᠎ᠠ ᠶᠢᠨ ᠰᠢᠮᠠᠳᠤ ᠭᠦᠷᠦᠰᠤᠨ ᠳᠤ ᠳᠦᠯᠵᠢᠵᠤ

ᠡᠷᠳᠡᠨᠢ ᠶᠢᠨ ᠳᠦᠷᠦᠭᠦᠤ ᠰᠤᠭᠰᠤᠷᠠᠭᠤᠯᠤᠭᠰᠠᠨ ᠠᠮᠤ ᠳᠠᠷᠢᠶ᠎ᠠ ᠠᠯᠳᠠᠨ ᠪᠢᠯᠠ

ᠡᠨᠡ ᠰᠠᠢ᠌ᠬᠠᠨ ᠮᠤᠩᠭ᠋ᠤᠯ ᠤᠨ ᠣᠳᠤᠮ ᠵᠠᠯᠭᠠᠭᠰᠠᠨ ᠳᠤᠯᠠ

ᠡᠩᠭᠦᠷᠡᠢ ᠬᠤᠤᠰ ᠠᠮᠠᠷᠠᠭ ᠤᠨ ᠳᠤᠷᠠᠰᠬᠠᠯ ᠤᠨ ᠪᠦᠭᠡᠵᠢ ᠠᠯᠳᠠᠨ ᠪᠢᠯᠠ

ᠡᠨᠡᠷᠢᠯᠳᠤ ᠲᠦᠷᠦ ᠶᠢᠨ ᠳᠠᠯᠪᠠᠭ᠎ᠠ ᠳᠤ ᠡᠭᠡᠨᠡᠭ᠍ᠳᠡ ᠥᠩᠭᠡᠯᠢᠭ᠌ ᠭᠢᠯᠠᠯᠵᠠᠭᠰᠠᠨ

ᠡᠷᠳᠡᠨᠢ ᠶᠢᠨ ᠰᠤᠶᠤᠮᠪᠣ ᠥᠰᠦᠭ᠌ ᠡᠯᠡᠭ᠍ᠳᠡᠰᠢ ᠦᠭᠡᠶ ᠠᠯᠳᠠᠨ ᠪᠢᠯᠠ

ᠠᠪᠣᠷᠠᠯ ᠤᠨ ᠭᠡᠭᠡᠨ ᠨᠠᠷᠠ ᠨᠢ ᠠᠯᠳᠠᠨ

ᠠᠴᠢᠳᠤ ᠲᠦᠷᠦ ᠶᠢᠨ ᠰᠦᠯᠳᠡ ᠨᠢ ᠠᠯᠳᠠᠨ

ᠠᠮᠠᠷᠠᠭ ᠬᠤᠤᠰ ᠤᠨ ᠳᠤᠷᠠᠰᠬᠠᠯ ᠨᠢ ᠠᠯᠳᠠᠨ

ᠮᠢᠨᠤ ᠡᠭᠡ ᠣᠷᠤᠨ ᠠᠯᠳᠠᠨ ᠡᠷᠳᠡᠨᠢ ᠶᠢᠨ ᠪᠢᠯᠠ

ᠰᠠᠪᠠ ᠪᠠᠨ ᠳᠦᠭᠦᠷᠡᠩ ᠮᠡᠯᠳᠡᠯᠵᠡᠭᠦ ᠣᠨᠤᠨ ᠭᠡᠷᠦᠯᠤᠨ ᠤ ᠣᠷᠤᠰᠬᠠᠯ

ᠰᠠᠷᠠ ᠲᠡᠶ ᠰᠦᠨᠢ ᠪᠠᠷ ᠠᠵᠢᠬᠤ ᠳᠤ ᠮᠦᠩᠭᠦᠨ ᠬᠡ ᠲᠡᠶ ᠪᠠᠢ᠌ᠪᠠ

ᠰᠠᠭᠠᠯᠢ ᠶᠢᠨ ᠶᠢᠠᠨ ᠳᠡᠭᠡᠵᠢ ᠶᠢ ᠡᠷᠭᠦᠵᠤ ᠠᠶᠠᠨ ᠳᠤ ᠭᠦᠤ ᠪᠠᠨ ᠥᠳᠡᠭ᠍ᠰᠡᠨ

ᠰᠠᠨᠠᠭ᠎ᠠ ᠨᠢ ᠰᠥ᠋ ᠡᠭᠡ ᠶᠢᠨ ᠰᠠᠴᠤᠯᠢ ᠶᠢᠨ ᠬᠠᠯᠪᠠᠭ᠎ᠠ ᠮᠦᠩᠭᠦᠨ ᠪᠠᠢ᠌ᠪᠠ

ᠰᠠᠢ᠌ᠨ ᠢᠷᠦᠭᠡᠯ ᠳᠤᠭᠳᠠᠭᠠᠵᠤ ᠬᠤᠶᠠᠷ ᠭᠠᠷ ᠲᠤ ᠪᠠᠨ ᠪᠠᠷᠢᠭᠰᠠᠨ

ᠰᠠᠢ᠌ᠬᠠᠨ ᠬᠤᠤᠰ ᠵᠠᠯᠠᠭᠤᠰ ᠤᠨ ᠬᠤᠷᠢᠮ ᠤᠨ ᠬᠤᠠᠳᠠᠭ᠎ᠠ ᠮᠦᠩᠭᠦᠨ ᠪᠠᠢ᠌ᠪᠠ

ᠰᠠᠭᠠᠳᠠᠵᠤ ᠠᠯᠤᠰ ᠲᠤ ᠰᠠᠭᠤᠭ᠎ᠠ ᠠᠪᠣ ᠳᠤ ᠪᠠᠨ ᠣᠴᠢᠵᠤ ᠵᠤᠯᠭᠠᠪᠠᠯ

ᠰᠠᠨᠠᠭᠰᠠᠨ ᠡᠴᠢᠭᠡ ᠶᠢᠨ ᠵᠡᠭᠡᠭ᠍ᠰᠡᠨ ᠡᠮᠡᠭᠡᠯ ᠮᠦᠩᠭᠦᠨ ᠪᠠᠢ᠌ᠪᠠ

ᠡᠴᠢᠭᠡ ᠶᠢᠨ ᠵᠡᠭᠡᠭ᠍ᠰᠡᠨ ᠡᠮᠡᠭᠡᠯ ᠨᠢ ᠮᠦᠩᠭᠦᠨ

ᠡᠵᠢ ᠶᠢᠨ ᠰᠠᠴᠤᠯᠢ ᠶᠢᠨ ᠬᠠᠯᠪᠠᠭ᠎ᠠ ᠨᠢ ᠮᠦᠩᠭᠦᠨ

ᠰᠠᠷᠠ ᠨᠠᠭᠠᠳᠤᠭᠰᠠᠨ ᠣᠰᠤ ᠨᠢ ᠮᠦᠩᠭᠦᠨ

ᠰᠠᠷᠬᠤᠤᠨ ᠮᠡᠯᠳᠡᠯᠵᠡᠭ᠍ᠰᠡᠨ ᠬᠤᠠᠳᠠᠭ᠎ᠠ ᠨᠢ ᠮᠦᠩᠭᠦᠨ

ᠮᠢᠨᠤ ᠡᠭᠡ ᠣᠷᠤᠨ ᠮᠥᠩᠭᠦᠨ ᠡᠷᠳᠡᠨᠢ ᠶᠢᠨ ᠪᠢᠯᠠ

ᠣᠯᠤᠰ ᠤᠨ ᠶᠢᠡᠨ ᠵᠠᠶᠠᠭ᠎ᠠ ᠶᠢ ᠲᠦᠰᠢᠵᠤ ᠬᠤᠪᠢᠰᠬᠠᠯᠴᠢ ᠠᠬ᠎ᠠ ᠨᠡᠷ ᠤᠨ

ᠣᠤᠬᠠᠢ᠌ᠯᠠᠨ ᠮᠠᠳᠤᠭᠤᠯᠤᠭᠰᠠᠨ ᠳᠤᠭ ᠱᠢᠷᠤ ᠠᠳᠠᠯᠢ ᠣᠯᠠᠭᠠᠨ

ᠣᠯᠠᠮᠵᠢ ᠡᠷᠳᠡᠨ ᠡᠴᠡ ᠳᠡᠭᠡᠳᠦᠯᠡᠭ᠍ᠰᠡᠨ ᠮᠤᠩᠭ᠋ᠤᠯ ᠭᠦᠮᠤᠨ ᠤ ᠭᠤᠯᠤᠮᠳᠠ

ᠣᠭᠠᠯᠵᠠ ᠲᠦᠯᠦ ᠭᠠᠯ ᠮᠢᠨᠢ ᠱᠢᠷᠤ ᠠᠳᠠᠯᠢ ᠣᠯᠠᠭᠠᠨ ᠪᠢᠯᠠ

ᠣᠳᠤᠮ ᠡᠴᠡ ᠪᠣᠶᠠᠨ ᠳᠡᠭᠦᠰ ᠥᠷᠭᠦᠭᠡ ᠴᠠᠭᠠᠨ ᠭᠡᠷ ᠤᠨ ᠮᠢᠨᠢ

ᠣᠢ ᠳᠤᠭᠤᠨᠤ ᠪᠦᠭᠦᠨ ᠶᠢᠡᠷ ᠶᠢᠡᠨ ᠱᠢᠷᠤ ᠠᠳᠠᠯᠢ ᠳᠤᠶᠠᠭᠠᠷᠠᠨ ᠪᠢᠯᠠ

ᠠᠭᠤᠯᠠ ᠣᠰᠤᠨ ᠤ ᠰᠠᠪᠠ ᠳᠤ ᠣᠷᠠᠨ ᠪᠠᠶ᠎ᠠ ᠪᠠᠨ ᠨᠠᠢ᠌ᠭᠤᠯᠤᠭᠰᠠᠨ

ᠣᠤᠠᠪᠠᠯ᠎ᠠ ᠴᠡᠴᠡᠭ᠌ ᠤᠨ ᠳᠡᠯᠪᠠᠭᠡ ᠱᠢᠷᠤ ᠠᠳᠠᠯᠢ ᠳᠦᠯᠳᠤᠨ ᠪᠢᠯᠠ

ᠬᠤᠷ᠎ᠠ ᠶᠢᠨ ᠴᠡᠴᠡᠭ᠌ ᠤᠨ ᠳᠡᠯᠪᠠᠭᠡ ᠱᠢᠷᠤᠨ

ᠬᠤᠪᠢᠰᠬᠠᠯ ᠤᠨ ᠣᠯᠠᠭᠠᠨ ᠳᠤᠭ ᠨᠢ ᠱᠢᠷᠤᠨ

ᠬᠤᠷᠴᠠ ᠣᠯᠠᠭᠠᠨ ᠨᠠᠷᠠ ᠨᠢ ᠱᠢᠷᠤᠨ

ᠬᠤᠷᠯᠤ ᠣᠯᠠᠭᠠᠨ ᠳᠤᠭᠤᠨᠤ ᠨᠢ ᠱᠢᠷᠤᠨ

ᠮᠢᠨᠤ ᠡᠭᠡ ᠣᠷᠤᠨ ᠱᠢᠷᠤᠨ ᠡᠷᠳᠡᠨᠢ ᠶᠢᠨ ᠪᠢᠯᠠ

ᠥᠷᠭᠡᠨ ᠳᠠᠯ᠎ᠠ ᠶᠢᠨ ᠡᠯᠢᠭᠡᠨ ᠳᠤ ᠴᠢᠳᠠᠮᠤᠨᠢᠯᠠᠩᠬᠠᠨ ᠪᠠᠭᠤᠭᠰᠠᠨ

ᠥᠷᠭᠦᠭᠡ ᠭᠡᠷ ᠤᠳ ᠮᠢᠨᠢ ᠳᠠᠨᠠᠨ ᠥᠩᠭᠡ ᠪᠠᠷ ᠴᠠᠪ ᠴᠠᠢ᠌ᠨ᠎ᠠ

ᠦᠴᠢᠨᠠᠨ ᠦᠶ᠎ᠡ ᠶᠢ ᠡᠯᠡᠭᠡᠭ᠍ᠰᠡᠨ ᠬᠠᠩᠭ᠋ᠠᠢ ᠪᠣᠭᠤᠷᠤᠯ ᠠᠭᠤᠯᠠᠰ ᠤᠨ

ᠡᠪᠦᠭᠡᠨ ᠴᠠᠰᠤᠳᠤ ᠣᠷᠭᠢᠯ ᠳᠠᠨᠠᠨ ᠥᠩᠭᠡ ᠪᠠᠷ ᠴᠠᠭᠠᠷᠠᠨ᠎ᠠ

ᠦᠯᠵᠡᠢ᠌ᠳᠤ ᠢᠷᠦᠭᠡᠯ ᠪᠠᠯᠭᠡᠳᠡᠵᠤ ᠦᠨᠢᠷ ᠪᠣᠭᠤᠷᠤᠯ ᠡᠭᠡ ᠵᠢᠨ

ᠡᠷᠭᠦᠭ᠍ᠰᠡᠨ ᠰᠦᠨ ᠤ ᠳᠤᠰᠤᠯ ᠳᠠᠨᠠᠨ ᠥᠩᠭᠡ ᠪᠠᠷ ᠰᠠᠴᠤᠷᠠᠨ᠎ᠠ

ᠦᠨᠦᠳᠤᠷ ᠤᠨ ᠰᠠᠢ᠌ᠬᠠᠨ ᠦᠶ᠎ᠡ ᠶᠢᠨ ᠪᠠᠳᠤ ᠴᠠᠭᠠᠨ ᠬᠠᠷᠰᠢ ᠤᠳ

ᠦᠪᠯᠠᠵᠤ ᠬᠣᠢ᠌ᠴᠢ ᠳᠤ ᠪᠠᠨ ᠥᠯᠡᠳᠡᠭᠡᠭᠦ ᠳᠠᠨᠠᠨ ᠡᠷᠳᠡᠨᠢ ᠪᠠᠢ᠌ᠨ᠎ᠠ

ᠬᠠᠢ᠌ᠷ᠎ᠠ ᠶᠢᠨ ᠴᠠᠭᠠᠨ ᠰᠥ᠋ ᠨᠢ ᠳᠠᠨᠠᠨ

ᠬᠠᠨᠠᠳᠤ ᠴᠠᠭᠠᠨ ᠭᠡᠷ ᠨᠢ ᠳᠠᠨᠠᠨ

ᠭᠠᠩᠭ᠋ᠠᠢ ᠴᠠᠭᠠᠨ ᠣᠷᠭᠢᠯ ᠨᠢ ᠳᠠᠨᠠᠨ

ᠬᠠᠰ ᠤᠨ ᠴᠠᠭᠠᠨ ᠣᠷᠳᠤ ᠨᠢ ᠳᠠᠨᠠᠨ

ᠮᠢᠨᠤ ᠡᠭᠡ ᠣᠷᠤᠨ ᠳᠠᠨᠠᠨ ᠡᠷᠳᠡᠨᠢ ᠶᠢᠨ ᠪᠢᠯᠠ

ᠡᠭᠦᠯᠡ ᠦᠭᠡᠶ ᠰᠦᠨᠢ ᠶᠢᠨ ᠳᠡᠭ᠍ᠷᠢ ᠳᠤ ᠰᠦᠨ ᠵᠠᠭᠠᠳᠠᠰᠤ ᠳᠠᠳᠠᠭᠤᠯᠵᠤ

ᠦᠪᠴᠢ ᠳᠦᠭᠡᠭ᠍ᠰᠡᠨ ᠣᠳᠤᠳ ᠰᠤᠪᠣᠤᠨ ᠠᠳᠠᠯᠢ ᠭᠢᠯᠠᠯᠵᠠᠨ᠎ᠠ

ᠥᠶᠡᠯᠡᠭᠡ ᠳᠠᠳᠠᠭᠰᠠᠨ ᠳᠠᠯ᠎ᠠ ᠶᠢᠨ ᠡᠩᠭᠡᠷ ᠪᠠᠷ ᠳᠠᠷᠬᠠᠵᠤ ᠪᠠᠯᠴᠢᠭ᠍ᠰᠡᠨ

ᠦᠷᠡᠵᠢᠯᠳᠤ ᠬᠤᠨᠢᠨ ᠰᠥᠷᠦᠭ᠌ ᠮᠢᠨᠢ ᠰᠤᠪᠣᠤᠠᠷᠠᠩᠬᠠᠨ ᠨᠠᠯᠠᠢ᠌ᠨ᠎ᠠ

ᠦᠨᠦᠷᠳᠤ ᠳᠠᠩᠰᠤᠭ ᠡᠪᠠᠰᠤᠨ ᠤ ᠰᠢᠷᠭᠡᠭ᠌ ᠳᠤᠭᠠᠯᠠᠨ ᠪᠠᠭᠤᠭᠰᠠᠨ

ᠦᠣᠷ ᠤᠨ ᠠᠷᠢᠭᠤᠨ ᠰᠢᠭᠦᠳᠡᠷᠢ ᠰᠤᠪᠣᠤᠨ ᠤᠨ ᠳᠠᠯᠠᠢ ᠪᠠᠢ᠌ᠨ᠎ᠠ

ᠦᠷ᠎ᠡ ᠪᠣᠶᠠᠨ ᠳᠡᠭ᠍ᠷᠢ ᠰᠠᠭᠠᠯᠢᠴᠢᠨ ᠮᠤᠩᠭ᠋ᠤᠯ ᠭᠡᠦᠭᠡᠨ ᠤ

ᠦᠰᠦᠨ ᠤ ᠭᠤᠶᠤᠬᠠᠨ ᠳᠠᠷᠤᠭᠤᠯᠭ᠎ᠠ ᠰᠤᠪᠣᠤᠨ ᠤᠨ ᠬᠡ ᠲᠡᠶ ᠪᠠᠢ᠌ᠨ᠎ᠠ

ᠭᠦᠭᠡ ᠳᠡᠭ᠍ᠷᠢ ᠶᠢᠨ ᠣᠳᠤᠳ ᠰᠤᠪᠣᠳ ᠤᠨ

ᠭᠦᠳᠡᠭᠡ ᠳᠠᠯ᠎ᠠ ᠶᠢᠨ ᠰᠥᠷᠦᠭ᠌ ᠰᠤᠪᠣᠳ ᠤᠨ

ᠡᠩᠭᠡ ᠦᠷ ᠤᠨ ᠰᠢᠭᠦᠳᠡᠷᠢ ᠰᠤᠪᠣᠳ ᠤᠨ

ᠡᠭᠡᠯ ᠰᠠᠭᠠᠯᠢᠴᠢᠨ ᠤ ᠭᠤᠶᠤᠯ ᠰᠤᠪᠣᠳ ᠤᠨ

ᠮᠢᠨᠤ ᠡᠭᠡ ᠣᠷᠤᠨ ᠰᠤᠪᠣᠳ ᠤᠨ ᠡᠷᠳᠡᠨᠢ ᠶᠢᠨ ᠪᠢᠯᠠ

ᠡᠷ᠎ᠡ ᠪᠠᠶᠠᠨ ᠤ ᠭᠡᠢ᠌ᠮᠦᠷᠢ ᠰᠡᠷᠭᠦᠵᠤ ᠦᠷ ᠤᠨ ᠳᠠᠯ᠎ᠠ ᠳᠤ ᠳᠠᠪᠭᠢᠪᠠᠯ

ᠡᠩ ᠦᠭᠡᠶ ᠳᠡᠭ᠍ᠷᠢ ᠵᠡᠭᠦᠨ ᠡᠴᠡ ᠪᠠᠨ ᠵᠠᠰ ᠤᠨ ᠥᠩᠭᠡ ᠪᠠᠷ ᠬᠠᠶᠠᠭᠠᠷᠠᠯ᠎ᠠ

ᠡᠭᠡᠯᠢᠳᠤ ᠰᠥᠷᠦᠭ᠌ ᠶᠢᠡᠨ ᠬᠤᠷᠢᠶᠠᠵᠤ ᠦᠳᠡᠰᠢ ᠶᠢᠨ ᠬᠤᠳᠠᠨ ᠳᠤ ᠢᠷᠠᠪᠠᠯ

ᠡ᠊ᠨᠳᠡᠭᠢ ᠡᠭᠦᠯᠡᠰ ᠤᠨ ᠬᠤᠷᠮᠤᠢ ᠵᠠᠰ ᠡᠮᠵᠢᠶᠡᠷᠢ ᠳᠠᠳᠠᠯ᠎ᠠ

ᠡᠭ᠍ᠰᠢᠭ᠍ᠳᠤ ᠳᠠᠭᠤᠤ ᠪᠠᠨ ᠠᠶᠠᠯᠠᠵᠤ ᠠᠢ᠌ᠷᠠᠭ ᠶᠢᠡᠨ ᠠᠶᠠᠭᠠᠯᠠᠨ ᠰᠠᠭᠤᠪᠠᠯ

ᠢᠳᠡᠭᠡ ᠰᠥᠩᠨᠡᠭ᠍ᠰᠡᠨ ᠬᠤᠪᠢᠩ ᠵᠠᠰ ᠪᠦᠰᠡ ᠲᠡᠶ ᠪᠠᠢ᠌ᠯ᠎ᠠ

ᠡᠩᠭᠡ ᠶᠢᠨ ᠶᠡᠭᠡ ᠣᠷᠳᠤᠨ ᠤ ᠭᠠᠩ ᠨᠢᠷᠤᠭᠤ ᠬᠤᠯᠪᠣᠵᠤ

ᠡᠪ ᠤᠨ ᠭᠠᠩᠨᠠᠭᠤᠷ ᠳᠠᠯᠪᠢᠪᠠᠯ ᠵᠠᠰ ᠤᠨ ᠥᠩᠭᠡ ᠪᠠᠷ ᠰᠠᠴᠤᠷᠠᠯ᠎ᠠ

ᠰᠠᠭᠠᠯᠢ ᠶᠢᠨ ᠬᠤᠪᠢᠩ ᠤᠨ ᠪᠦᠰᠡ ᠨᠢ ᠵᠠᠰ

ᠰᠠᠢ᠌ᠨ ᠭᠠᠩᠨᠠᠭᠤᠷ ᠤᠨ ᠣᠴᠢ ᠨᠢ ᠵᠠᠰ

ᠣᠩᠭ᠋ᠤᠨ ᠦᠷ ᠤᠨ ᠳᠤᠶᠠᠭ᠎ᠠ ᠨᠢ ᠵᠠᠰ

ᠣᠷᠤᠢ ᠶᠢᠨ ᠠᠭᠤᠯᠠᠰ ᠤᠨ ᠬᠠᠶᠠᠭ᠎ᠠ ᠨᠢ ᠵᠠᠰ

ᠮᠢᠨᠤ ᠡᠭᠡ ᠣᠷᠤᠨ ᠵᠠᠰ ᠡᠷᠳᠡᠨᠢ ᠶᠢᠨ ᠪᠢᠯᠠ

ᠣᠬᠠᠭᠠᠨ ᠰᠠᠨᠠᠭ᠎ᠠ ᠴᠡᠯᠮᠡᠭᠦ ᠠᠭᠤᠯᠠᠰ ᠤᠨ ᠶᠢᠡᠨ ᠭᠢᠷ᠎ᠠ ᠳᠤ ᠭᠠᠷᠪᠠᠯ

ᠣᠷᠭᠤᠭ᠎ᠠ ᠰᠤᠮᠤ ᠰᠢᠭ ᠭᠠᠴᠤᠷ᠎ᠠ ᠤᠭ᠍ᠶᠤ ᠨᠤᠭᠤᠭᠠᠨ ᠪᠠᠢ᠌ᠪᠠ

ᠠᠭᠤᠳᠠᠮ ᠳᠠᠯ᠎ᠠ ᠳᠤ ᠪᠠᠨ ᠢᠷᠡᠭᠡᠳ ᠳᠦᠷᠦᠭᠡ ᠮᠤᠯᠳᠤᠯᠤᠨ ᠪᠠᠭᠤᠪᠠᠯ

ᠣᠷᠢᠬᠠᠨ ᠨᠠᠮᠤᠷ ᠤᠨ ᠭᠠᠩᠭ᠎ᠠ ᠨᠢ ᠤᠭ᠍ᠶᠤ ᠨᠤᠭᠤᠭᠠᠨ ᠪᠠᠢ᠌ᠪᠠ

ᠣᠷᠠᠨ ᠪᠢᠠᠳᠤᠷᠢᠶ᠎ᠠ ᠳᠠᠳᠠᠬᠤ ᠨᠠᠭᠤᠷ ᠶᠢᠡᠨ ᠭᠦᠪᠠᠭᠡᠯᠡᠨ ᠠᠯᠬᠤᠪᠠᠯ

ᠣᠰᠤᠨ ᠤ ᠴᠡᠭᠡᠯ ᠳᠤ ᠵᠠᠮᠠᠭ ᠨᠢ ᠤᠭ᠍ᠶᠤ ᠨᠤᠭᠤᠭᠠᠨ ᠪᠠᠢ᠌ᠪᠠ

ᠣᠨᠠᠭᠠᠨ ᠭᠦᠯᠦᠭ᠌ ᠶᠢᠡᠨ ᠬᠠᠠᠳᠠᠢ᠌ᠷᠴᠤ ᠡᠮᠡᠭᠡᠯ ᠤᠨ ᠳᠦᠷᠦᠭᠡ ᠠᠪᠣᠪᠠᠯ

ᠣᠭᠠᠯᠵᠠ ᠰᠢᠷᠯᠡᠭ᠍ᠰᠡᠨ ᠭᠦᠯᠢᠮ ᠨᠢ ᠤᠭ᠍ᠶᠤ ᠨᠤᠭᠤᠭᠠᠨ ᠪᠠᠢ᠌ᠪᠠ

ᠣᠰᠤᠨ ᠤ ᠵᠥᠭᠡᠯᠡᠨ ᠨᠠᠮᠤᠭ ᠨᠢ ᠤᠭ᠍ᠶᠤ

ᠣᠭᠠᠯᠵᠠ ᠰᠢᠷᠯᠡᠭ᠍ᠰᠡᠨ ᠭᠦᠯᠢᠮ ᠨᠢ ᠤᠭ᠍ᠶᠤ

ᠣᠷᠢᠬᠠᠨ ᠨᠠᠮᠤᠷ ᠤᠨ ᠭᠠᠩᠭ᠎ᠠ ᠨᠢ ᠤᠭ᠍ᠶᠤ

ᠠᠭᠤᠯᠠᠰ ᠤᠨ ᠰᠠᠢ᠌ᠬᠠᠨ ᠭᠠᠴᠤᠷ᠎ᠠ ᠨᠢ ᠤᠭ᠍ᠶᠤ

ᠮᠢᠨᠤ ᠡᠭᠡ ᠣᠷᠤᠨ ᠤᠭ᠍ᠶᠤ ᠡᠷᠳᠡᠨᠢ ᠶᠢᠨ ᠪᠢᠯᠠ

ᠭᠦᠤ ᠮᠢᠨᠤ ᠵᠠᠶᠠᠭᠠᠨ ᠳᠤ ᠡᠭᠡ ᠶᠢᠨ ᠰᠥ᠋ ᠰᠢᠭ᠌ ᠠᠷᠢᠭᠤᠬᠠᠨ

ᠭᠦᠰᠡᠯ ᠤᠨ ᠰᠠᠢ᠌ᠬᠠᠨ ᠳᠡᠭ᠍ᠷᠢ ᠨᠤᠮᠢᠨ ᠴᠡᠩᠭᠡᠷ ᠶᠤᠮ

ᠭᠦᠯᠦᠭ᠌ ᠮᠤᠷᠢᠨ ᠭᠦᠶ‍ᠦᠭᠦ ᠬᠠᠪᠣᠷ ᠤᠨ ᠨᠠᠯᠠᠭᠠᠷ ᠡᠳᠦᠷ

ᠭᠦᠷᠢᠶᠡᠯᠡᠭ᠍ᠰᠡᠨ ᠳᠠᠯ᠎ᠠ ᠶᠢᠨ ᠵᠡᠷᠭᠡᠯᠭᠡ ᠨᠤᠮᠢᠨ ᠴᠡᠩᠭᠡᠷ ᠶᠤᠮ

ᠭᠦᠢᠳᠡᠨ ᠡᠪᠦᠯ ᠢ ᠬᠠᠯᠠᠭᠰᠠᠨ ᠳᠤᠯᠠᠭᠠᠨ ᠴᠠᠭ ᠤᠨ ᠪᠠᠯᠭᠡᠳᠡᠯ

ᠭᠦᠦᠰᠢ ᠳᠤ ᠣᠷᠭᠤᠭᠰᠠᠨ ᠢᠷᠭᠤᠢ ᠨᠤᠮᠢᠨ ᠴᠡᠩᠭᠡᠷ ᠶᠤᠮ

ᠭᠦᠮᠤᠨ ᠤ ᠳᠡᠭᠡᠳᠤ ᠠᠪᠣ ᠳᠤ ᠪᠠᠨ ᠰᠢᠨ᠎ᠡ ᠶᠢᠨ ᠨᠢᠭᠡᠨ ᠳᠤ ᠵᠤᠯᠭᠠᠬᠤ ᠳᠤ ᠪᠠᠨ

ᠭᠦᠡᠳᠡᠯᠡᠨ ᠪᠠᠷᠢᠭᠰᠠᠨ ᠬᠠᠳᠠᠭ ᠨᠤᠮᠢᠨ ᠴᠡᠩᠭᠡᠷ ᠶᠤᠮ

ᠡᠷᠭᠡᠰ ᠤᠨ ᠴᠡᠩᠭᠡᠷ ᠵᠡᠷᠭᠡᠯᠭᠡᠨ ᠨᠢ ᠨᠤᠮᠢᠨ

ᠢᠯᠢᠪ ᠤᠨ ᠴᠡᠩᠭᠡᠷ ᠴᠡᠴᠡᠭ᠌ ᠨᠢ ᠨᠤᠮᠢᠨ

ᠡᠭᠡ ᠶᠢᠨ ᠴᠡᠩᠭᠡᠷ ᠴᠡᠴᠡᠭ᠌ ᠨᠢ ᠨᠤᠮᠢᠨ

ᠡᠩᠭᠡ ᠶᠢᠨ ᠴᠡᠩᠭᠡᠷ ᠬᠠᠳᠠᠭ ᠨᠢ ᠨᠤᠮᠢᠨ

ᠮᠢᠨᠤ ᠡᠭᠡ ᠣᠷᠤᠨ ᠨᠤᠮᠢᠨ ᠡᠷᠳᠡᠨᠢ ᠶᠢᠨ ᠪᠢᠯᠠ

ᠡᠷᠮᠡᠭ᠌ ᠭᠦᠯᠦᠭ᠌ ᠤᠨ ᠮᠤᠷᠢ ᠮᠢᠨᠢ ᠬᠠᠵᠠᠭᠠᠷ ᠳᠠᠷᠤᠨ ᠬᠠᠳᠠᠷᠢᠬᠤ ᠳ᠋ᠤ

ᠡᠭᠡᠰᠢᠭ᠌ ᠳᠠᠳᠠᠬᠤ ᠠᠮᠠᠭᠠᠢ ᠵᠤᠤᠵᠠᠢ ᠨᠢ ᠭᠠᠩ ᠪᠢᠯᠠ

ᠢᠯᠴᠢ ᠭᠡᠷᠡᠯ ᠥᠷᠳᠡᠭᠡᠯᠡᠭ᠍ᠰᠡᠨ ᠠᠪᠣᠷᠭᠤ ᠶᠡᠭᠡ ᠠᠯᠬᠤᠭ᠎ᠠ

ᠡᠷᠴᠢᠮ ᠤᠨ ᠪᠠᠭᠠᠨ᠎ᠠ ᠳᠤ ᠪᠠᠭᠢᠯᠡᠭ᠍ᠰᠡᠨ ᠵᠢᠷᠭᠤᠭᠠᠨ ᠣᠳᠠᠰᠤ ᠭᠠᠩ ᠪᠢᠯᠠ

ᠡᠭᠡ ᠰᠠᠢ᠌ᠬᠠᠨ ᠣᠷᠤᠨ ᠤ ᠪᠠᠨ ᠳᠠᠷᠬᠠᠨ ᠬᠠᠷᠠᠭᠤᠯ

ᠡᠷ᠎ᠡ ᠴᠡᠷᠢᠭ᠌ ᠤᠨ ᠵᠡᠪᠰᠡᠭ᠌ ᠡᠮᠳᠡᠷᠡᠰᠢ ᠦᠭᠡᠶ ᠢᠯᠳᠤ ᠨᠢ ᠭᠠᠩ ᠪᠢᠯᠠ

ᠡᠷᠭᠢᠮ ᠠᠯᠳᠠᠷ ᠶᠢᠡᠨ ᠪᠠᠳᠠᠷᠠᠭᠤᠯᠤᠭᠰᠠᠨ ᠨᠢ ᠦᠨᠢᠷ ᠥᠭᠡᠳᠡᠷᠡᠭ᠌ ᠲᠦᠮᠡᠨ

ᠡᠷᠡᠯᠭᠡᠭ᠌ ᠮᠤᠩᠭ᠋ᠤᠯ ᠤᠨ ᠠᠷᠠᠤᠨ ᠤᠨ ᠡᠪ ᠨᠢ ᠭᠠᠩ ᠪᠢᠯᠠ

ᠣᠷᠠᠨ ᠬᠠᠵᠠᠭᠠᠷ ᠤᠨ ᠠᠮᠠᠭᠠᠢ ᠨᠢ ᠭᠠᠩ

ᠣᠰᠬᠠᠯ ᠭᠡᠷᠡᠯ ᠤᠨ ᠣᠳᠠᠰᠤ ᠨᠢ ᠭᠠᠩ

ᠡᠷ᠎ᠡ ᠴᠡᠷᠢᠭ᠌ ᠤᠨ ᠵᠡᠪᠰᠡᠭ᠌ ᠨᠢ ᠭᠠᠩ

ᠡᠷᠭᠡᠳᠤ ᠠᠷᠠᠤᠨ ᠤᠨ ᠡᠪ ᠨᠢ ᠭᠠᠩ

ᠮᠢᠨᠤ ᠡᠭᠡ ᠣᠷᠤᠨ ᠭᠠᠩ ᠡᠷᠳᠡᠨᠢ ᠶᠢᠨ ᠪᠢᠯᠠ

ᠮᠡᠷᠭᠡᠳ ᠰᠡᠴᠡᠯᠡᠭ᠍ᠰᠡᠨ ᠳᠠᠯᠠᠢ ᠭᠦᠢᠭᠡᠨ ᠶᠡᠭᠡ ᠰᠤᠳᠤᠷ ᠢ

ᠮᠢᠨᠤ ᠠᠷᠠᠤᠨ ᠲᠦᠮᠡᠨ ᠶ‍ᠢᠰᠤᠨ ᠡᠷᠳᠡᠨᠢ ᠪᠠᠷ ᠪᠢᠴᠢᠳᠡᠭ᠌ ᠪᠢᠯᠠ

ᠮᠥᠩᠭᠡ ᠪᠣᠰᠤ ᠶᠢ ᠳᠠᠭᠠᠭᠰᠠᠨ ᠠᠴᠢᠳᠤ ᠪᠣᠭᠤᠷᠤᠯ ᠶᠢᠡᠨ ᠭᠦᠡᠳᠦᠯᠡᠵᠤ

ᠮᠥᠭᠦᠯ ᠦᠭᠡᠶ ᠭᠦᠰᠡᠯ ᠤᠨ ᠳᠡᠭᠡᠳᠤ ᠳᠤ ᠪᠠᠨ ᠭᠦᠷᠴᠤ

ᠮᠢᠨᠤ ᠠᠷᠠᠤᠨ ᠲᠦᠮᠡᠨ ᠶ‍ᠢᠰᠤᠨ ᠭᠦᠰᠡᠯ ᠪᠦᠷᠢᠳᠦᠭᠦ ᠪᠢᠯᠠ


ᠺᠢᠷᠢᠯ ᠥᠰᠦᠭ᠌ ᠡᠴᠡ ᠪᠦᠷᠢᠡᠳᠡᠯᠭᠡᠷ ᠭᠦᠷᠪᠠᠭᠦᠯᠪᠡ᠃

ᠬᠠᠶ‍ᠢᠭ ᠄ ᠭᠦᠪᠠᠭᠡᠳᠤ ᠰᠢᠷ᠎ᠠ

ᠵᠤᠬᠢᠶᠠᠭᠴᠢ᠄ ᠫᠣᠩᠴᠤᠭ ᠤᠨ ᠪᠠᠳᠠᠷᠴᠢ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1927
ᠴᠠᠭ᠄ 2010 ᠤᠨ ᠤ 02 ᠰᠠᠷ᠎ᠠ ᠶᠢᠨ 06
ᠨᠠᠢ᠌ᠷᠠᠭᠤᠯᠤᠭᠴᠢ᠄ ᠪᠦᠬᠡᠡᠷᠳᠡᠨᠢ
ᠭᠡᠰᠢᠭᠦᠨ ᠤ ᠰᠢᠰᠲ᠋ᠸᠮ ᠢ ᠦᠢᠯᠡᠳᠦᠭᠡᠳᠦᠢ ᠪᠠᠢ᠌ᠭᠰᠠᠭᠠᠷ᠁