ᠳᠤᠷᠠᠯᠠᠭᠠᠤᠨ ᠪᠠᠢ᠌ᠨ᠎ᠠ

       ᠊᠊᠊᠊᠊᠊᠊᠊᠊᠊᠊᠊᠊᠊᠊ ᠳᠠᠭᠤᠨ ᠤ ᠥᠭᠡ


ᠬᠠᠵᠠᠭᠤ ᠪᠠᠷ ᠥᠩᠭᠡᠷᠡᠭᠦ ᠳᠡᠭᠡᠨ᠂ ᠴᠢ ᠨᠠᠮ᠎ᠠ ᠵᠢ

ᠬᠠᠷᠠᠭᠠᠤᠨ ᠪᠠᠢ᠌ᠬᠤ ᠶᠤᠮ᠂

ᠬᠠᠷᠠᠴᠠᠨ ᠤ ᠴᠢᠨᠢ ᠭᠡᠷᠡᠯ

ᠬᠠᠯᠠᠭᠤᠬᠠᠨ ᠰᠠᠨᠠᠭᠳᠠᠬᠤ ᠶᠤᠮ᠂

ᠬᠠᠶᠠ ᠬᠠᠶᠠ ᠴᠢ ᠨᠠᠮ᠎ᠠ ᠶᠢ ᠬᠠᠷᠠᠭᠠᠤᠨ

ᠮᠢᠰᠢᠶᠡᠭᠡᠳ ᠪᠠᠢ᠌ᠬᠤ ᠶᠤᠮ᠂

ᠬᠠᠷᠠᠭᠠᠤᠨ ᠯᠠ᠂ ᠰᠢᠷᠳᠡᠭᠡᠳ ᠯᠠ᠂

ᠮᠢᠰᠢᠶᠡᠭᠡᠳ᠂ ᠢᠨᠢᠶᠡᠭᠡᠳ᠂ ᠢᠷᠮᠡᠭᠡᠳ ᠪᠠᠢ᠌ᠬᠤ ᠶᠤᠮ᠂

      ᠲ᠋ᠤᠷᠠᠯᠠᠭᠠᠤᠨ ᠪᠠᠢ᠌ᠨ᠎ᠠ ᠦᠦ︖

      ᠬᠠᠢ᠌ᠷᠠᠯᠠᠭᠠᠤᠨ ᠪᠠᠢ᠌ᠨ᠎ᠠ ᠦᠦ︖

      ᠲ᠋ᠤᠷᠠᠨ ᠠᠯᠠᠭ ᠨᠢᠳᠤ ᠪᠠᠷ ᠶᠢᠡᠨ᠂ ᠴᠢ ᠨᠠᠮ᠎ᠠ ᠵᠢ

      ᠰᠢᠷᠳᠡᠭᠡᠳ ᠪᠠᠢ᠌ᠨ᠎ᠠ ᠦᠦ︖

ᠦᠪᠡᠷ ᠢ ᠴᠢᠨᠢ ᠪᠢ

ᠬᠠᠢ᠌ᠷᠠᠯᠠᠭᠠᠤᠨ ᠪᠠᠢ᠌ᠨ᠎ᠠ ᠳ᠋ᠠ ︕

ᠦᠷᠤ ᠵᠢᠷᠦᠭᠡ ᠮᠢᠨᠢ ᠴᠢᠮ᠎ᠠ ᠣᠷᠤᠭᠤ

ᠳᠡᠮᠤᠯᠡᠭᠡᠳ ᠪᠠᠢ᠌ᠨ᠎ᠠ ᠳ᠋ᠠ︕

ᠦᠵᠡᠨ ᠦᠵᠡᠨ

ᠪᠠᠶᠠᠰᠤᠭᠠᠤᠨ ᠪᠠᠢ᠌ᠬᠤ ᠶᠤᠮ᠂

ᠥᠭᠡᠢ᠌ᠯᠡᠨ᠂ ᠰᠠᠨᠠᠨ᠂ ᠳᠤᠷᠠᠰᠤᠨ᠂ ᠳᠠᠭᠤᠯᠠᠨ

ᠳᠤᠷᠠᠯᠠᠭᠠᠤᠨ ᠪᠠᠢ᠌ᠬᠤ ᠶᠤᠮ᠂

      ᠲ᠋ᠤᠷᠠᠯᠠᠭᠠᠤᠨ ᠪᠠᠢ᠌ᠨ᠎ᠠ ᠳ᠋ᠠ︕

      ᠬᠠᠢ᠌ᠷᠠᠯᠠᠭᠠᠤᠨ ᠪᠠᠢ᠌ᠨ᠎ᠠ ᠳ᠋ᠠ︕

      ᠲ᠋ᠤᠭᠳᠤᠯᠬᠤ ᠵᠢᠷᠦᠭᠡ ᠮᠢᠨᠢ᠂ ᠴᠢᠮ᠎ᠠ ᠣᠷᠤᠭᠤ

      ᠲ᠋ᠡᠮᠤᠯᠡᠭᠡᠳ ᠪᠠᠢ᠌ᠨ᠎ᠠ ᠳ᠋ᠠ︕

ᠦᠬᠢᠨ ᠴᠢ ᠮᠢᠨᠢ

ᠦᠨᠡᠨ ᠶᠢᠡᠨ ᠭᠡᠯᠡᠭᠡᠴᠢ

ᠦᠷᠤ ᠵᠢᠷᠦᠭᠡᠨ ᠤ ᠬᠠᠢ᠌ᠷ᠎ᠠ ᠪᠠᠨ

ᠴᠢᠮᠠᠳᠤ ᠪᠢ ᠰᠢᠪᠠᠨᠠᠶ᠎ᠠ︕

ᠥᠭᠡ ᠥᠭᠡᠨ ᠳᠡᠭᠡᠨ ᠣᠶᠠᠰᠵᠤ

ᠪᠠᠶ᠎ᠠ ᠪᠠᠶᠠᠨ ᠳᠡᠭᠡᠨ ᠠᠭᠤᠰᠤᠶ᠎ᠠ︕

ᠥᠶᠡᠷᠭᠡᠨ ᠳᠠᠰᠤᠯᠴᠠᠨ᠂ ᠦᠨᠦᠰᠤᠯᠴᠠᠨ᠂   ᠲ᠋ᠠᠪᠠᠷᠢᠯᠴᠠᠨ

ᠵᠢᠷᠭᠠᠭᠠᠤᠨ ᠪᠠᠢ᠌ᠶ᠎ᠠ︕

      ᠲ᠋ᠤᠷᠠᠯᠠᠭᠠᠤᠨ ᠪᠠᠢ᠌ᠨ᠎ᠠ ᠦᠦ︖

      ᠬᠠᠢ᠌ᠷᠠᠯᠠᠭᠠᠤᠨ ᠪᠠᠢ᠌ᠨ᠎ᠠ ᠦᠦ︖

      ᠲ᠋ᠤᠷᠠᠨ ᠠᠯᠠᠭ ᠨᠢᠳᠤ ᠪᠠᠷ ᠶᠢᠡᠨ᠂ ᠴᠢ ᠨᠠᠮ᠎ᠠ ᠵᠢ

      ᠰᠢᠷᠳᠡᠭᠡᠳ ᠪᠠᠢ᠌ᠨ᠎ᠠ ᠦᠦ︖


           2009.7.3


ᠵᠤᠬᠢᠶᠠᠭᠴᠢ ᠶᠢᠨ ᠬᠠ‍‌ᠶᠢᠭ ᠄ ᠰᠢᠯᠢ ᠶᠢᠨ ᠭᠤᠤᠯ ᠠᠢ᠌ᠮᠠᠭ ᠤᠨ ᠰᠢᠯᠤᠭᠤᠨ ᠭᠦᠭᠡ ᠬᠤᠰᠢᠭᠤ

ᠵᠤᠬᠢᠶᠠᠭᠴᠢ᠄ ᠵᠢᠯᠠᠮ·ᠮᠠᠠᠳᠤᠪᠠᠶᠠᠷ
ᠢᠷᠡᠯᠲᠡ᠄ ᠢᠷᠡᠭᠦᠯᠦᠭᠰᠡᠨ ᠡᠬᠡ ᠪᠢᠴᠢᠭ᠌
ᠬᠠᠷᠢᠶ᠎ᠠ᠄ ᠰᠢᠯᠦᠭ
ᠳᠠᠷᠤᠮ᠄ 1551
ᠴᠠᠭ᠄ 2011 ᠤᠨ ᠤ 01 ᠰᠠᠷ᠎ᠠ ᠶᠢᠨ 08
ᠨᠠᠢ᠌ᠷᠠᠭᠤᠯᠤᠭᠴᠢ᠄ ᠪᠦᠬᠡᠡᠷᠳᠡᠨᠢ
ᠰᠡᠳᠬᠢᠭᠳᠡᠯ ᠴᠣᠭᠯᠠᠭᠤᠯᠤᠯᠭ᠎ᠠ ᠤᠷᠮᠠᠰᠢᠭᠤᠯᠤᠯ ᠠᠯᠳᠠᠭ᠎ᠠ ᠲᠠᠢ
ᠨᠡᠪᠲᠡᠷᠡᠨ ᠤᠷᠤᠬᠤ